10 ᠵᠢᠯ ᠠᠯᠤᠰᠯᠠᠭᠠᠳ ᠳᠠᠬᠢᠨᠲᠠ ᠬᠤᠷᠠᠯᠳᠤᠭᠰᠠᠨ ᠲᠥᠪ᠎ᠦᠨ ᠬᠤᠳᠠ᠎ᠶᠢᠨ ᠠᠵᠢᠯ᠎ᠤᠨ ᠬᠤᠷᠠᠯᠳᠤᠭᠠᠨ ᠨᠢ ᠴᠠᠭ ᠬᠤᠭᠤᠴᠠᠭ᠎ᠠ ᠬᠤᠷᠠᠭᠤᠯᠤᠭᠰᠠᠨ ᠲᠡᠦᠬᠡ᠎ᠶᠢᠨ ᠰᠢᠨ᠎ᠡ ᠣᠷᠣᠨ ᠪᠠᠢᠷᠢ᠎ᠶᠢ ᠲᠣᠭᠲᠠᠭᠠᠭᠰᠠᠨ ᠪᠠᠢᠨ᠎ᠠ᠄
《ᠮᠠᠨ᠎ᠤ ᠤᠯᠤᠰ᠎ᠤᠨ ᠬᠣᠲᠠ ᠪᠠᠯᠭᠠᠰᠤᠵᠢᠯᠲᠠ ᠲᠦᠷᠭᠡᠨ ᠨᠡᠮᠡᠭᠳᠡᠯ᠎ᠦᠨ ᠬᠤᠭᠤᠴᠠᠭᠠᠨ᠎ᠠᠴᠠ ᠲᠣᠭᠲᠠᠭᠤᠨ ᠬᠥᠭᠵᠢᠯᠲᠡ᠎ᠶᠢᠨ ᠬᠤᠭᠤᠴᠠᠭᠠᠨ᠎ᠳᠤ ᠰᠢᠯᠵᠢᠵᠦ ᠂ ᠬᠣᠲᠠ᠎ᠶᠢᠨ ᠬᠥᠭᠵᠢᠯᠲᠡ ᠶᠠᠭ ᠶᠡᠬᠡ ᠬᠡᠪᠴᠢᠶᠡᠵᠢᠯ ᠲᠡᠢ᠎ᠪᠡᠷ ᠨᠡᠮᠡᠭᠳᠡᠨ ᠥᠷᠭᠡᠵᠢᠬᠦ ᠱᠠᠲᠤᠨ᠎ᠠᠴᠠ ᠬᠠᠳᠠᠭᠠᠯᠠᠭᠳᠠᠴᠠ ᠲᠠᠢ᠎ᠪᠠᠷ ᠴᠢᠨᠠᠷ᠎ᠢᠶᠠᠨ ᠳᠡᠭᠡᠭᠰᠢᠯᠡᠭᠦᠯᠦᠨ ᠦᠷ᠎ᠡ ᠠᠰᠢᠭ᠋᠎ᠢᠶᠠᠨ ᠨᠡᠮᠡᠭᠳᠡᠭᠦᠯᠬᠦ᠎ᠪᠡᠷ ᠭᠣᠣᠯ ᠪᠣᠯᠭᠠᠬᠤ ᠱᠠᠲᠤᠨ᠎ᠳᠤ ᠰᠢᠯᠵᠢᠵᠦ ᠪᠠᠢᠨ᠎ᠠ》᠃
《ᠬᠥᠭᠵᠢᠯ ᠪᠠᠭᠤᠷᠠᠯ᠎ᠤᠨ ᠶᠣᠰᠣᠨᠢ ᠠᠵᠢᠭᠯᠠᠨ᠂ ᠬᠣᠷᠸ᠎ᠠ ᠨᠡᠢᠭᠡᠮ᠎ᠦᠨ ᠪᠠᠢᠳᠠᠯ᠎ᠢ ᠬᠢᠨᠠᠮᠤᠢ》 ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠡᠪ ᠬᠠᠮᠲᠤᠴᠤᠳ᠂ ᠴᠠᠭ ᠦᠶ᠎ᠡ ᠪᠠ ᠬᠠᠨᠳᠤᠰᠢ ᠪᠠᠢᠳᠠᠯ᠎ᠳᠤ ᠣᠨᠣᠪᠴᠢᠲᠠᠢ ᠮᠠᠭᠠᠳᠯᠠᠯᠲᠠ ᠬᠢᠬᠦ ᠪᠠ ᠲᠡᠭᠦᠨ᠎ᠢ ᠭᠦᠨᠵᠡᠭᠡᠢ ᠡᠵᠡᠮᠳᠡᠬᠦ᠎ᠶᠢ ᠣᠨᠴᠠᠭᠠᠢ ᠴᠢᠬᠤᠯᠠᠴᠢᠯᠠᠳᠠᠭ᠃
ᠣᠳᠣᠬᠢᠴᠢᠯᠠᠭᠰᠠᠨ ᠠᠷᠠᠳ᠎ᠤᠨ ᠬᠤᠳᠠ᠎ᠶᠢ ᠪᠦᠲᠦᠭᠡᠨ ᠪᠠᠶ᠋ᠢᠭᠤᠯᠬᠤ᠎ᠳᠤ 《ᠬᠤᠳᠠ᠎ᠶᠢᠨ ᠠᠭᠤᠯᠤᠭᠳᠠᠬᠤᠨ ᠲᠠᠢ ᠬᠥᠭᠵᠢᠯᠲᠡ᠎ᠶᠢ ᠪᠠᠷᠢᠮᠲᠠᠯᠠᠬᠤ᠎ᠪᠠᠷ ᠭᠣᠣᠯ ᠰᠢᠵᠢᠮ ᠪᠣᠯᠭᠠᠨ᠎ᠠ》᠃ ᠶᠡᠷᠦᠩᠬᠡᠢ ᠱᠦᠵᠢ ᠰᠢ ᠵᠢᠨ ᠫᠢᠩ ᠲᠥᠯᠥᠪᠯᠡᠨ ᠪᠠᠢᠷᠢᠯᠠᠭᠤᠯᠵᠤ ᠵᠢᠭᠠᠨ ᠵᠢᠯᠣᠭᠣᠳᠤᠭᠰᠠᠨ᠎ᠢᠶᠠᠷ ᠪᠠᠷᠠᠬᠤ ᠦᠭᠡᠢ᠂ ᠬᠤᠪᠢᠰᠤᠩᠭᠤᠢ᠎ᠪᠠᠷ ᠠᠷᠭ᠎ᠠ ᠪᠣᠳᠣᠯᠭ᠎ᠠ ᠬᠡᠷᠡᠭᠵᠢᠭᠦᠯᠵᠦ᠄ 《ᠠᠵᠤ ᠦᠢᠯᠡᠳᠪᠦᠷᠢᠵᠢᠯᠲᠡ᠎ᠶᠢᠨ ᠵᠠᠮ᠎ᠢᠶᠠᠷ ᠥᠷᠥᠨᠡᠳᠠᠬᠢᠨ᠎ᠤ ᠬᠢᠨ ᠬᠡᠳᠦᠨ ᠵᠠᠭᠤᠨ ᠵᠢᠯ ᠶᠠᠪᠤᠵᠠᠢ᠂ ᠭᠡᠲᠡᠯ᠎ᠡ ᠪᠢᠳᠡ ᠬᠡᠳᠦᠨ ᠠᠷᠪᠠᠨ ᠵᠢᠯ ᠯᠡ ᠪᠣᠯᠵᠤ ᠪᠠᠢᠨ᠎ᠠ᠃ ᠭᠦᠨᠵᠡᠭᠡᠢ ᠳᠡᠰ ᠳᠠᠪᠬᠤᠷᠭ᠎ᠠ᠎ᠠᠴᠠ ᠨᠢ ᠦᠵᠡᠪᠡᠯ᠂ ᠮᠠᠨ᠎ᠤ ᠠᠵᠤ ᠦᠢᠯᠡᠳᠪᠦᠷᠢᠵᠢᠯᠲᠡ᠎ᠶᠢᠨ ᠳᠤᠲᠠᠭᠤᠳᠠᠯ ᠪᠠᠰᠠ ᠮᠠᠰᠢ ᠤᠯᠠᠨ ᠪᠠᠢᠨ᠎ᠠ᠂ ᠴᠠᠭ ᠵᠠᠷᠤᠴᠠᠭᠤᠯᠵᠤ ᠪᠠᠢᠭᠠᠳ ᠨᠥᠬᠥᠪᠦᠷᠢᠯᠡᠬᠦ ᠬᠡᠷᠡᠭᠲᠡᠢ᠃ ᠬᠤᠳᠠ ᠪᠠᠯᠭᠠᠰᠤᠴᠢᠯᠠᠬᠤ ᠶᠠᠪᠤᠳᠠᠯ ᠴᠤ᠌ ᠡᠢᠮᠦ ᠪᠠᠢᠳᠠᠭ᠂ ᠭᠠᠳᠠᠨᠠᠬᠢ᠎ᠶᠢ ᠨᠢ ᠭᠢᠯᠠᠨᠴᠠᠭ ᠳᠣᠲᠣᠨᠠᠬᠢ᠎ᠶᠢ ᠨᠢ ᠫᠠᠯᠠᠨᠴᠠᠭ ᠪᠠᠢᠯᠭᠠᠵᠤ ᠪᠣᠯᠬᠤ ᠦᠭᠡᠢ᠂ ᠪᠠᠷᠢᠨ ᠳᠣᠣᠷ᠎ᠠ᠎ᠪᠠᠨ ᠪᠦᠲᠦᠭᠡᠵᠦ ᠳᠠᠷᠤᠢ ᠲᠦᠷᠭᠡᠨ ᠠᠮᠵᠢᠯᠲᠠ ᠣᠯᠬᠤ᠎ᠪᠠᠷ ᠶᠠᠭᠠᠷᠠᠵᠤ ᠪᠣᠯᠬᠤ ᠦᠭᠡᠢ᠃ ᠵᠠᠷᠢᠮ ᠠᠵᠢᠯ ᠶᠠᠪᠤᠳᠠᠯ᠎ᠳᠤ ᠪᠡᠷᠬᠡ ᠰᠡᠳᠦᠪ᠎ᠢ ᠰᠢᠢᠳᠪᠦᠷᠢᠯᠡᠬᠦ ᠳᠠᠢᠯᠠᠯᠳᠤᠭᠠᠨ ᠬᠢᠵᠦ᠂ ᠵᠠᠷᠢᠮ ᠠᠵᠢᠯ ᠶᠠᠪᠤᠳᠠᠯ᠎ᠳᠤ ᠤᠷᠳᠤ ᠬᠤᠭᠤᠴᠠᠭ᠎ᠠ᠎ᠪᠠᠷ ᠬᠦᠴᠦ ᠣᠷᠣᠭᠤᠯᠬᠤ ᠬᠡᠷᠡᠭᠲᠡᠢ᠃》 ᠭᠡᠪᠡ᠃