ᠲᠡᠷᠢᠭᠦᠨ ᠨᠢᠭᠤᠷ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠨᠢᠨ ᠮᠡᠳᠡᠭᠡ   -   ᠵᠠᠮ ᠬᠠᠷᠢᠯᠴᠠᠭᠠᠨ᠎ᠤ ᠴᠢᠬᠤᠯᠠ ᠮᠡᠳᠡᠭᠡ
《ᠮᠢᠨᠦ ᠨᠡᠢ᠌ᠲᠡ ᠵᠢᠨ ᠮᠠᠰᠢᠨ ᠲᠡᠷᠭᠡ ᠮᠢᠨᠦ ᠬᠤᠳᠠ》 ᠥᠪᠥᠷ ᠮᠣᠩᠭᠣᠯ᠎ᠤᠨ ᠬᠤᠳᠠ ᠵᠢᠨ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠬᠥᠬᠡᠬᠣᠲᠠ᠎ᠳᠤ ᠡᠬᠢᠯᠡᠪᠡ
ᠨᠡᠶ᠋ᠢᠲᠡᠯᠡᠭᠰᠡᠨ ᠴᠠᠭ᠄ 2025-11-05

11 ᠳ᠋ᠦ᠍ᠭᠡᠷ ᠰᠠᠷ᠎ᠠ ᠵᠢᠨ 3᠎ᠤ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠠᠴᠠ ᠭᠣᠤᠯᠯᠠᠨ ᠡᠷᠭᠢᠯᠡᠵᠦ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠦᠢᠯᠡᠰ᠎ᠤᠨ ᠬᠥᠭᠵᠢᠯᠲᠡ ᠵᠢᠨ ᠲᠥᠪ᠎ᠠᠴᠠ ᠳᠠᠭ᠋ᠠᠭ᠋ᠠᠨ ᠡᠷᠭᠢᠯᠡᠭᠰᠡᠨ 《ᠮᠢᠨᠦ ᠨᠡᠢ᠌ᠲᠡ ᠵᠢᠨ ᠮᠠᠰᠢᠨ ᠲᠡᠷᠭᠡ ᠮᠢᠨᠦ ᠬᠣᠲᠠ》 ᠭᠡᠬᠦ ᠥᠪᠥᠷ ᠮᠣᠩᠭᠣᠯ᠎ᠤᠨ ᠬᠣᠲᠠ ᠵᠢᠨ ᠭᠣᠤᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠬᠥᠬᠡᠬᠣᠲᠠ᠎ᠳᠤ ᠡᠬᠢᠯᠡᠪᠡ᠃ ᠲᠥᠪ᠎ᠤᠨ ᠪᠠ ᠣᠷᠣᠨ ᠨᠤᠲᠤᠭ᠎ᠤᠨ 20 ᠭᠠᠷᠤᠢ ᠵᠠᠭᠤᠴᠢᠯᠠᠭᠤᠷ᠎ᠤᠨ ᠰᠤᠷᠪᠤᠯᠵᠢᠯᠠᠭᠴᠢ ᠠᠵᠢᠯᠯᠠᠭ᠎ᠠ᠎ᠳᠤ ᠣᠷᠣᠯᠴᠠᠪᠠ᠃

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠭᠡᠰᠢᠭᠦᠨ᠂ ᠲᠢᠩᠬᠢᠮ᠎ᠤᠨ ᠳᠡᠳ᠋ ᠳᠠᠷᠤᠭ᠎ᠠ ᠵᠠᠩ ᠬᠣᠩ ᠸᠧᠶ ᠠᠵᠢᠯᠯᠠᠭ᠎ᠠ᠎ᠳᠤ ᠣᠷᠣᠯᠴᠠᠬᠤ ᠵᠢᠨ ᠬᠠᠮᠲᠤ ᠢᠯᠡᠷᠬᠡᠢ᠌ᠯᠡᠭᠰᠡᠨ᠎ᠨᠢ᠂ ᠲᠣᠰ ᠤᠳᠠᠭ᠋ᠠᠨ᠎ᠤ ᠭᠣᠤᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ᠎ᠪᠠᠷ ᠳᠠᠮᠵᠢᠭᠤᠯᠤᠨ᠂ ᠥᠪᠥᠷ ᠮᠣᠩᠭᠣᠯ᠎ᠤᠨ ᠬᠣᠲᠠ ᠵᠢᠨ ᠣᠯᠠᠨ ᠨᠡᠢ᠌ᠲᠡ ᠵᠢᠨ ᠵᠠᠮ ᠬᠠᠷᠢᠯᠴᠠᠭ᠋ᠠᠨ᠎ᠤ ᠬᠥᠭᠵᠢᠯᠲᠡ ᠵᠢᠨ ᠬᠢᠯᠠᠰ ᠴᠡᠭ᠂ ᠣᠨᠴᠠᠯᠢᠭ᠎ᠢ ᠠᠭᠤᠳᠠᠯᠤᠨ ᠭᠠᠷᠭ᠋ᠠᠵᠤ᠂ ᠤᠯᠠᠮᠵᠢᠯᠠᠨ ᠲᠠᠷᠬᠠᠭ᠋ᠠᠵᠤ᠂ ᠨᠠᠩ ᠣᠯᠠᠨ ᠬᠥᠮᠦᠨ ᠵᠶ᠋ᠡᠷ ᠣᠯᠠᠨ ᠨᠡᠢ᠌ᠲᠡ ᠵᠢᠨ ᠵᠠᠮ ᠬᠠᠷᠢᠯᠴᠠᠭ᠎ᠠ ᠵᠢ ᠰᠣᠩᠭᠣᠭᠤᠯᠵᠤ᠂ ᠣᠯᠠᠨ ᠨᠡᠢ᠌ᠲᠡ ᠵᠢᠨ ᠵᠠᠮ ᠬᠠᠷᠢᠯᠴᠠᠭ᠎ᠠ ᠵᠢ ᠬᠠᠯᠠᠮᠵᠢᠯᠠᠭᠤᠯᠵᠤ᠂ ᠣᠯᠠᠨ ᠨᠡᠢ᠌ᠲᠡ ᠵᠢᠨ ᠵᠠᠮ ᠬᠠᠷᠢᠯᠴᠠᠭ᠎ᠠ ᠵᠢ ᠳᠡᠮᠵᠢᠭᠦᠯᠵᠦ᠂ 《ᠮᠢᠨᠦ ᠨᠡᠢ᠌ᠲᠡ ᠵᠢᠨ ᠮᠠᠰᠢᠨ ᠲᠡᠷᠭᠡ》 ᠵᠢ 《ᠮᠢᠨᠦ ᠬᠣᠲᠠ》᠎ᠳᠤ ᠨᠠᠩ ᠰᠠᠢ᠌ᠨ ᠦᠢᠯᠡᠴᠢᠯᠡᠭᠦᠯᠵᠦ᠂ ᠪᠣᠬᠢᠷᠲᠤᠯ ᠥᠬᠡᠶ ᠶᠠᠪᠤᠵᠤ ᠰᠠᠭᠤᠬᠤ᠂ ᠪᠣᠯᠪᠠᠰᠤᠨ ᠵᠶ᠋ᠠᠷ ᠶᠠᠪᠤᠵᠤ ᠰᠠᠭᠤᠬᠤ ᠰᠠᠢ᠌ᠨ ᠰᠠᠢ᠌ᠬᠠᠨ ᠠᠭᠤᠷ ᠠᠮᠢᠰᠬᠤᠯ᠎ᠢ ᠭᠠᠷ ᠬᠣᠯᠪᠣᠨ ᠪᠣᠶ ᠪᠣᠯᠭ᠋ᠠᠨ᠎ᠠ ᠭᠡᠵᠡᠶ᠃ ᠬᠥᠬᠡᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠨᠠᠮ᠎ᠤᠨ ᠤᠳᠤᠷᠢᠳᠬᠤ ᠳᠤᠭᠤᠢ᠌ᠯᠠᠩ᠎ᠤᠨ ᠭᠡᠰᠢᠭᠦᠨ᠂ ᠬᠣᠲᠠ ᠵᠢᠨ ᠳᠡᠳ᠋ ᠳᠠᠷᠤᠭ᠎ᠠ ᠲᠠᠯ᠎ᠠ ᠢᠯᠡᠷᠬᠡᠢ᠌ᠯᠡᠭᠰᠡᠨ᠎ᠨᠢ᠂ ᠬᠥᠬᠡᠬᠣᠲᠠ ᠵᠢᠨ᠎ᠬᠢᠨ ᠨᠡᠢ᠌ᠲᠡ ᠵᠢᠨ ᠮᠠᠰᠢᠨ ᠲᠡᠷᠭᠡᠨ᠎ᠤ ᠬᠥᠭᠵᠢᠯᠲᠡ ᠵᠢᠨ ᠴᠢᠳᠠᠪᠤᠷᠢ ᠵᠢᠨ ᠲᠠᠰ᠎ᠢ ᠦᠷᠭᠦᠯᠵᠢᠯᠡᠨ ᠳᠡᠭᠡᠭᠰᠢᠯᠡᠭᠦᠯᠵᠦ᠂ ᠣᠶᠤᠨᠴᠢ ᠲᠣᠬᠢᠷᠠᠭᠤᠯᠤᠯᠲᠠ᠎ᠪᠠᠷ ᠵᠠᠮ ᠱᠤᠭᠤᠮ᠎ᠢ ᠰᠢᠯᠢᠳᠡᠭᠵᠢᠭᠦᠯᠦᠨ᠂ ᠮᠡᠷᠭᠡᠵᠢᠯ᠎ᠤᠨ ᠲᠠᠰ ᠳᠠᠪᠰᠢᠯᠲᠠ᠎ᠪᠠᠷ ᠡᠨᠧᠷᠭᠢ ᠵᠢᠨ ᠬᠣᠷᠣᠭᠳᠠᠭᠤᠯᠤᠯ᠎ᠢ ᠪᠠᠭᠤᠷᠠᠭᠤᠯᠵᠤ᠂ ᠨᠠᠷᠢᠨ ᠵᠦᠢᠯᠡᠰ᠎ᠤᠨ ᠰᠠᠢ᠌ᠵᠢᠷᠠᠭᠤᠯᠤᠯᠲᠠ᠎ᠪᠠᠷ ᠪᠡᠶᠡᠴᠢ ᠣᠢ᠌ᠯᠠᠭ᠋ᠠᠯᠲᠠ ᠵᠢ ᠳᠡᠭᠡᠭᠰᠢᠯᠡᠭᠦᠯᠵᠦ᠂ ᠣᠯᠠᠨ ᠨᠡᠢ᠌ᠲᠡ ᠵᠢᠨ ᠵᠠᠮ ᠬᠠᠷᠢᠯᠴᠠᠭ᠋ᠠᠨ᠎ᠤ ᠦᠢᠯᠡᠴᠢᠯᠡᠭᠡ ᠵᠢ ᠨᠠᠩ 《ᠤᠶᠤᠨᠴᠢ》᠂ ᠨᠠᠩ 《ᠪᠣᠬᠢᠷᠲᠤᠯ ᠥᠬᠡᠶ》᠂ ᠨᠠᠩ 《ᠬᠠᠯᠠᠭᠤᠨ ᠳᠤᠯᠠᠭ᠋ᠠᠨ》 ᠪᠣᠯᠭ᠋ᠠᠨ᠎ᠠ᠃ ᠠᠵᠢᠯᠯᠠᠭ᠎ᠠ᠎ᠪᠠᠷ ᠳᠠᠮᠵᠢᠭᠤᠯᠤᠨ᠂ ᠨᠠᠩ ᠣᠯᠠᠨ ᠬᠣᠲᠠ ᠵᠢᠨ ᠠᠷᠠᠳ᠎ᠲᠤ ᠨᠡᠢ᠌ᠲᠡ ᠵᠢᠨ ᠮᠠᠰᠢᠨ ᠲᠡᠷᠭᠡᠨ᠎ᠤ ᠬᠥᠭᠵᠢᠯᠲᠡ ᠵᠢᠨ ᠡᠭᠦᠷᠭᠡ ᠬᠠᠷᠢᠭᠤᠴᠠᠯᠭ᠎ᠠ ᠵᠢ ᠣᠢ᠌ᠯᠠᠭ᠋ᠠᠭᠤᠯᠵᠤ᠂ 《ᠪᠣᠬᠢᠷᠲᠤᠯ ᠥᠬᠡᠶ ᠶᠠᠪᠤᠵᠤ ᠰᠠᠭᠤᠬᠤ᠂ ᠪᠣᠯᠪᠠᠰᠤᠨ ᠵᠶ᠋ᠠᠷ ᠶᠠᠪᠤᠵᠤ ᠰᠠᠭᠤᠬᠤ》 ᠠᠵᠢᠯᠯᠠᠭ᠎ᠠ᠎ᠳᠤ ᠰᠠᠨᠠᠭ᠋ᠠᠴᠢᠯᠠᠭ᠎ᠠ᠎ᠠᠴᠠ᠎ᠪᠠᠨ ᠣᠷᠣᠯᠴᠠᠵᠤ᠂ ᠬᠥᠬᠡᠬᠣᠲᠠ ᠵᠢᠨ ᠣᠷᠣᠰᠢᠨ ᠰᠠᠭᠤᠬᠤ᠎ᠳᠤ ᠨᠠᠩ ᠲᠣᠬᠢᠷᠠᠮᠵᠢᠲᠠᠶ᠂ ᠨᠠᠩ ᠰᠠᠢ᠌ᠨ ᠰᠠᠢ᠌ᠬᠠᠨ ᠪᠣᠯᠬᠤ ᠵᠢ ᠬᠠᠮᠲᠤ᠎ᠪᠠᠷ ᠳᠡᠮᠵᠢᠬᠦ ᠵᠢ ᠬᠦᠰᠡᠵᠦ ᠪᠠᠢ᠌ᠨ᠎ᠠ ᠭᠡᠵᠡᠢ᠃

2025 ᠣᠨ᠎ᠤ 《ᠮᠢᠨᠦ ᠨᠡᠢ᠌ᠲᠡ ᠵᠢᠨ ᠮᠠᠰᠢᠨ ᠲᠡᠷᠭᠡ ᠮᠢᠨᠤ ᠬᠤᠳᠠ》 ᠭᠡᠬᠦ ᠥᠪᠥᠷ ᠮᠣᠩᠭᠣᠯ᠎ᠤᠨ ᠬᠤᠳᠠ ᠵᠢᠨ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ 11 ᠳ᠋ᠦ᠍ᠭᠡᠷ ᠰᠠᠷ᠎ᠠ ᠵᠢᠨ 3᠎ᠤ ᠡᠳᠦᠷ᠎ᠠᠴᠠ ᠡᠬᠢᠯᠡᠵᠦ᠂ 11 ᠳ᠋ᠦ᠍ᠭᠡᠷ ᠰᠠᠷ᠎ᠠ ᠵᠢᠨ 7᠎ᠤ ᠡᠳᠦᠷ ᠳᠠᠭᠤᠰᠤᠨ᠎ᠠ᠃ ᠠᠵᠢᠯᠯᠠᠭ᠎ᠠ ᠵᠢᠨ ᠬᠤᠭᠤᠴᠠᠭ᠋ᠠᠨ᠎ᠳᠤ᠂ ᠡᠯ᠎ᠡ ᠵᠠᠭᠤᠴᠢᠯᠠᠭᠤᠷ᠎ᠤᠨ ᠰᠤᠷᠪᠤᠯᠵᠢᠯᠠᠭᠴᠢ ᠵᠡᠭᠦᠨ᠂ ᠪᠠᠷᠠᠭᠤᠨ ᠬᠣᠶᠠᠷ ᠱᠤᠭᠤᠮ ᠵᠶ᠋ᠠᠷ ᠶᠠᠪᠤᠵᠤ᠂ 《ᠬᠣᠶᠠᠷ ᠲᠣᠣᠷ᠎ᠢ ᠠᠭᠤᠰᠤᠯᠴᠠᠭᠤᠯᠵᠤ ᠪᠤᠬᠢᠷᠲᠤᠯ ᠦᠭᠡᠢ ᠠᠵᠢᠯᠯᠠᠭ᠎ᠠ᠎ᠪᠠᠷ ᠬᠥᠬᠡᠬᠣᠲᠠ ᠵᠢᠨ ᠬᠦᠭᠵᠢᠯᠲᠡ ᠵᠢ ᠠᠬᠢᠭᠤᠯᠬᠤ》᠂ 《ᠨᠠᠰᠤᠲᠠᠢ᠌ᠴᠤᠳ᠎ᠲᠤ ᠲᠣᠬᠢᠷᠠᠬᠤ ᠨᠡᠢ᠌ᠲᠡ ᠵᠢᠨ ᠮᠠᠰᠢᠨ ᠲᠡᠷᠭᠡ ᠬᠠᠢ᠌ᠷ᠎ᠠ ᠬᠠᠯᠠᠮᠵᠢ᠎ᠲᠠᠢ ᠰᠠᠭ᠋ᠠᠳ ᠥᠬᠡᠶ ᠨᠡᠪᠲᠡᠷᠡᠬᠦ》᠂ 《ᠳᠥᠭᠥᠮ ᠳᠥᠲᠡ ᠵᠠᠮ ᠬᠠᠷᠢᠯᠴᠠᠭ᠎ᠠ ᠲᠠᠯ᠎ᠠ ᠨᠤᠲᠤᠭ᠎ᠪᠠᠷ ᠰᠠᠭ᠋ᠠᠳ ᠦᠭᠡᠢ ᠠᠶᠠᠯᠠᠬᠤ》 ᠵᠡᠷᠭᠡ ᠭᠣᠤᠯ ᠰᠡᠳᠦᠪ᠎ᠲᠤ ᠠᠩᠬᠠᠷᠤᠯ ᠵᠶ᠋ᠠᠨ ᠲᠥᠪᠯᠡᠷᠡᠭᠦᠯᠵᠦ᠂ ᠬᠥᠬᠡᠬᠣᠲᠠ᠂ ᠪᠤᠭᠤᠲᠤ ᠬᠣᠲᠠ᠂ ᠤᠯᠠᠭ᠋ᠠᠨᠬᠠᠳᠠ ᠬᠣᠲᠠ᠂ ᠰᠢᠯᠢ ᠵᠢᠨ ᠭᠣᠤᠯ ᠠᠢ᠌ᠮᠠᠭ᠂ ᠣᠷᠳᠣᠰ ᠬᠣᠲᠠ᠂ ᠦᠬᠠᠶ ᠬᠣᠲᠠ ᠵᠡᠷᠭᠡ 6 ᠠᠢ᠌ᠮᠠᠭ ᠬᠣᠲᠠ᠎ᠳᠤ ᠭᠦᠨᠵᠡᠭᠡᠢ᠌ᠷᠡᠵᠦ᠂ ᠳᠣᠯᠢᠳᠠᠭᠤᠷ ᠵᠶ᠋ᠠᠷ ᠳᠠᠮᠵᠢᠨ ᠣᠯᠠᠨ ᠨᠡᠢ᠌ᠲᠡ ᠵᠢᠨ ᠵᠠᠮ ᠬᠠᠷᠢᠯᠴᠠᠭ᠋ᠠᠨ᠎ᠤ ᠬᠥᠭᠵᠢᠯᠲᠡ ᠵᠢᠨ ᠠᠷᠤ᠎ᠳᠠᠬᠢ ᠠᠷᠠᠳ᠎ᠤᠨ ᠠᠮᠢᠳᠤᠷᠠᠯ᠎ᠤᠨ ᠪᠠᠢ᠌ᠳᠠᠯ᠂ ᠬᠣᠲᠠ ᠵᠢᠨ ᠠᠮᠢᠳᠤᠷᠠᠯ᠎ᠤᠨ ᠦᠨᠦᠷ ᠠᠮᠲᠠ ᠬᠠᠢ᠌ᠷ᠎ᠠ ᠰᠡᠳᠬᠢᠯᠭᠡ ᠵᠢ ᠮᠡᠳᠡᠷᠡᠵᠦ᠂ ᠣᠨᠴᠠᠯᠢᠭᠲᠤ ᠦᠢᠯᠡᠴᠢᠯᠡᠭᠡ ᠵᠢ ᠪᠡᠶᠡᠴᠢᠯᠡᠨ ᠣᠢ᠌ᠯᠠᠭ᠋ᠠᠵᠤ᠂ ᠠᠵᠢᠯ ᠲᠥᠷᠥᠯ᠎ᠤᠨ ᠬᠠᠮᠢᠶᠠᠷᠤᠯᠲᠠ ᠵᠢᠨ ᠰᠠᠯᠠᠭ᠎ᠠ ᠮᠥᠴᠢᠷ᠎ᠲᠠᠢ ᠶᠠᠷᠢᠯᠴᠠᠭ᠎ᠠ ᠬᠢᠵᠦ᠂ ᠥᠪᠥᠷ ᠮᠣᠩᠭᠣᠯ᠎ᠤᠨ ᠬᠣᠲᠠ ᠵᠢᠨ ᠣᠯᠠᠨ ᠨᠡᠢ᠌ᠲᠡ ᠵᠢᠨ ᠵᠠᠮ ᠬᠠᠷᠢᠯᠴᠠᠭ᠋ᠠᠨ᠎ᠤ ᠡᠷᠡᠭᠦᠯ ᠵᠶ᠋ᠡᠷ ᠦᠷᠭᠦᠯᠵᠢᠯᠡᠨ ᠬᠦᠭᠵᠢᠬᠦ 《ᠨᠢᠭᠤᠴᠠ ᠨᠣᠮᠧᠷ》᠎ᠢ ᠬᠠᠮᠲᠤ᠎ᠪᠠᠷ ᠬᠠᠢ᠌ᠨ ᠰᠦᠪᠡᠭᠴᠢᠯᠡᠨ᠎ᠡ᠃

ᠣᠢ᠌ᠯᠠᠭ᠋ᠠᠭᠰᠠᠨ ᠵᠶ᠋ᠠᠷ᠂ ᠣᠳᠣᠬᠠᠨ ᠪᠣᠯᠲᠠᠯ᠎ᠠ᠂ ᠬᠥᠬᠡᠬᠣᠲᠠ᠂ ᠦᠬᠠᠶ ᠬᠣᠲᠠ ᠨᠢᠭᠡᠨᠲᠡ ᠤᠷᠢᠳ ᠬᠣᠵᠢᠳ 《ᠤᠯᠤᠰ᠎ᠤᠨ ᠣᠯᠠᠨ ᠨᠡᠢ᠌ᠲᠡ ᠵᠢᠨ ᠵᠠᠮ ᠬᠠᠷᠢᠯᠴᠠᠭ᠋ᠠᠨ᠎ᠤ ᠲᠣᠮᠣ ᠬᠣᠲᠠ ᠵᠢᠨ ᠪᠥᠲᠥᠭᠡᠨ ᠪᠠᠢ᠌ᠭᠤᠯᠤᠯᠲᠠ ᠵᠢᠨ ᠵᠢᠱ᠌ᠢᠶ᠎ᠡ ᠦᠵᠡᠭᠦᠯᠬᠦ ᠬᠣᠲᠠ》 ᠵᠢ ᠠᠮᠵᠢᠯᠲᠠ᠎ᠲᠠᠢ ᠡᠭᠦᠳᠦᠨ ᠪᠠᠢ᠌ᠭᠤᠯᠵᠤ᠂ ᠪᠥᠬᠥ ᠣᠷᠣᠨ᠎ᠤ ᠬᠣᠲᠠ ᠵᠢᠨ ᠣᠯᠠᠨ ᠨᠡᠢ᠌ᠲᠡ ᠵᠢᠨ ᠵᠠᠮ ᠬᠠᠷᠢᠯᠴᠠᠭ᠋ᠠᠨ᠎ᠤ ᠡᠵᠡᠩᠨᠡᠯᠲᠡ ᠵᠢᠨ ᠱᠤᠭᠤᠮ᠎ᠤᠨ ᠪᠥᠬᠥ ᠣᠷᠳᠣ᠎ᠨᠢ 5.11 ᠲᠦᠮᠡᠨ ᠺᠢᠯᠣᠮᠧᠲᠷ᠂ ᠡᠵᠡᠩᠨᠡᠯᠲᠡ ᠵᠢᠨ ᠱᠤᠭᠤᠮ᠎ᠨᠢ 1607 ᠵᠤᠷᠪᠤᠰ ᠪᠠᠢ᠌ᠵᠤ᠂ ᠡᠭᠦᠨ᠎ᠳᠤ ᠨᠠᠰᠤᠲᠠᠨ ᠵᠶ᠋ᠠᠨ ᠬᠦᠨᠳᠦᠯᠡᠵᠦ ᠨᠠᠰᠤᠲᠠᠨ ᠵᠶ᠋ᠠᠨ ᠬᠠᠢ᠌ᠷᠠᠯᠠᠬᠤ ᠱᠤᠭᠤᠮ 120 ᠵᠤᠷᠪᠤᠰ᠂ ᠰᠤᠷᠭ᠋ᠠᠭᠤᠯᠢ᠎ᠳᠤ ᠨᠡᠪᠲᠡᠷᠡᠬᠦ ᠨᠡᠢ᠌ᠲᠡ ᠵᠢᠨ ᠮᠠᠰᠢᠨ ᠲᠡᠷᠭᠡᠨ᠎ᠤ ᠱᠤᠭᠤᠮ 191 ᠵᠤᠷᠪᠤᠰ᠂ ᠵᠠᠬᠢᠶᠠᠯᠠᠬᠤ ᠨᠡᠢ᠌ᠲᠡ ᠵᠢᠨ ᠮᠠᠰᠢᠨ ᠲᠡᠷᠭᠡᠨ᠎ᠤ ᠱᠤᠭᠤᠮ 290 ᠵᠤᠷᠪᠤᠰ᠂ ᠬᠣᠲᠠ ᠵᠢᠨ ᠬᠣᠭᠣᠷᠣᠨᠳᠣᠬᠢ ᠨᠡᠢ᠌ᠲᠡ ᠵᠢᠨ ᠮᠠᠰᠢᠨ ᠲᠡᠷᠭᠡᠨ᠎ᠤ ᠱᠤᠭᠤᠮ 82 ᠵᠤᠷᠪᠤᠰ ᠪᠣᠶ᠃ 2024 ᠣᠨ᠎ᠤ ᠠᠶᠠᠨᠴᠢᠳ᠎ᠤᠨ ᠵᠥᠭᠡᠭᠡᠪᠦᠷᠢ ᠵᠢᠨ ᠬᠡᠮᠵᠢᠢ᠎ᠡ 6.84 ᠳ᠋ᠦᠩᠰᠢᠭᠤᠷ ᠬᠥᠮᠦᠨ ᠤᠳᠠᠭ᠎ᠠ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 10%᠎ᠪᠠᠷ ᠨᠡᠮᠡᠭᠳᠡᠵᠦ᠂ ᠨᠡᠮᠡᠭᠳᠡᠯ᠎ᠤᠨ ᠬᠤᠷᠳᠤᠴᠠ᠎ᠨᠢ ᠪᠦᠬᠦ ᠤᠯᠤᠰ᠎ᠤᠨ ᠲᠡᠷᠢᠭᠦᠨ᠎ᠳᠤ ᠣᠷᠣᠪᠠ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            