ᠣᠢᠷ᠎ᠠ᠎ᠶ᠋ᠢᠨ ᠡᠳᠦᠷ᠎ᠤᠳ᠎ᠲᠤ᠌᠂ ᠠᠯᠠᠱᠠ ᠪᠠᠷᠠᠭᠤᠨ ᠬᠤᠱᠢᠭᠤᠨ᠎ᠤ ᠵᠠᠮ ᠬᠠᠷᠢᠯᠴᠠᠭ᠎ᠠ ᠲᠡᠭᠡᠭᠡᠪᠦᠷᠢ᠎ᠶ᠋ᠢᠨ ᠲᠣᠪᠴᠢᠶ᠎ᠠ ᠡᠪᠦᠯ᠎ᠤᠨ ᠤᠯᠠᠷᠢᠯ᠎ᠤᠨ ᠵᠠᠰᠠᠮᠠᠯ ᠵᠠᠮ᠎ᠤᠨ ᠰᠠᠭᠠᠳ ᠥᠬᠡᠶ ᠨᠡᠪᠲᠡᠷᠡᠬᠦ᠌᠎ᠶ᠋ᠢ ᠪᠠᠲᠤᠯᠠᠬᠤ ᠡᠯ᠎ᠡ ᠵᠦᠢᠯ᠎ᠤᠨ ᠠᠵᠢᠯ᠎ᠢ ᠯᠠᠪᠳᠠᠭᠤᠨ ᠪᠠᠲᠤᠲᠠᠶ ᠠᠬᠢᠭᠤᠯᠵᠤ᠂ ᠡᠪᠦᠯ᠎ᠤᠨ ᠤᠯᠠᠷᠢᠯ᠎ᠤᠨ ᠵᠠᠰᠠᠮᠠᠯ ᠵᠠᠮ᠎ᠤᠨ ᠭᠠᠶ ᠭᠠᠮᠱᠢᠭ᠎ᠤᠨ ᠠᠶᠤᠯ ᠲᠦᠭ᠌ᠰᠢᠭᠦᠷᠢ᠎ᠶ᠋ᠢ ᠪᠦᠲᠦᠮᠵᠢᠲᠡᠶ ᠰᠡᠷᠭᠡᠢᠯᠡᠨ ᠠᠷᠭ᠋ᠠᠴᠠᠭ᠋ᠠᠵᠤ᠂ ᠣᠯᠠᠨ ᠲᠦᠮᠡᠨ᠎ᠤ ᠶᠠᠪᠤᠵᠤ ᠰᠠᠭᠤᠬᠤ ᠪᠠ ᠡᠳ᠋ ᠪᠣᠳᠠᠰ᠎ᠤᠨ ᠲᠡᠭᠡᠭᠡᠪᠦᠷᠢ᠎ᠶ᠋ᠢᠨ ᠰᠠᠭᠠᠳ ᠥᠬᠡᠶ ᠨᠡᠪᠲᠡᠷᠡᠬᠦ᠌᠎ᠶ᠋ᠢ ᠪᠠᠲᠤᠯᠠᠪᠠ᠃
ᠪᠠᠴᠢᠮ ᠪᠠᠢᠳᠠᠯ᠎ᠢ ᠠᠷᠭᠠᠴᠠᠭᠠᠬᠤ ᠡᠳ᠋ ᠪᠣᠳᠠᠰ᠎ᠢ ᠭᠦᠢᠴᠡᠳ ᠨᠦᠬᠡᠴᠡᠯᠡᠪᠡ᠃ ᠭᠠᠮᠱᠢᠭ᠎ᠢ ᠰᠡᠷᠭᠡᠢᠯᠡᠵᠦ᠍ ᠠᠶᠤᠯ᠎ᠠᠴᠠ ᠠᠪᠤᠷᠠᠬᠤ ᠠᠵᠢᠯ᠎ᠤᠨ ᠱᠠᠭᠠᠷᠳᠠᠯᠭ᠎ᠠ᠎ᠳᠤ ᠰᠠᠭᠤᠷᠢᠯᠠᠨ᠂ ᠡᠪᠦᠯ᠎ᠤᠨ ᠤᠯᠠᠷᠢᠯ᠎ᠤᠨ ᠴᠠᠰᠤ᠎ᠶᠢ ᠠᠷᠢᠯᠭᠠᠵᠤ ᠭᠤᠯᠭᠤᠬᠤ᠎ᠠᠴᠠ ᠰᠡᠷᠭᠡᠢᠯᠡᠬᠦ᠌ ᠡᠳ᠋ ᠪᠣᠳᠠᠰ᠎ᠤᠨ ᠬᠡᠷᠡᠭ᠌ᠴᠡᠭᠡ᠎ᠶ᠋ᠢ ᠣᠨᠣᠪᠴᠢᠲᠠᠶ ᠲᠥᠰᠦᠭᠡᠯᠡᠨ ᠪᠤᠳᠤᠵᠤ᠂ ᠨᠡᠢᠲᠡ 20 ᠲᠣᠨ ᠴᠠᠰᠤ ᠬᠠᠢᠯᠠᠭᠤᠯᠬᠤ ᠡᠳ᠋ ᠨᠥᠭᠡᠴᠡᠯᠡᠬᠦ᠌᠎ᠶ᠋ᠢᠨ ᠬᠠᠮᠲᠤ ᠬᠠᠳᠠᠭᠠᠯᠠᠬᠤ ᠪᠠᠷᠢᠮᠵᠢᠶ᠎ᠠ᠎ᠶ᠋ᠢ ᠴᠢᠩᠭ᠎ᠠ ᠵᠢᠷᠤᠮᠯᠠᠨ ᠲᠥᠷᠥᠯ ᠬᠤᠪᠢᠶᠠᠨ ᠲᠣᠭ᠍ᠲᠠᠭᠠᠭ᠍ᠰᠠᠨ ᠪᠠᠴᠢᠮ ᠪᠠᠢᠳᠠᠯ᠎ᠢ ᠠᠷᠭ᠋ᠠᠴᠠᠭ᠋ᠠᠬᠤ ᠡᠳ᠋ ᠪᠣᠳᠠᠰ᠎ᠤᠨ ᠬᠥᠮᠥᠷᠭᠡ᠎ᠳᠤ ᠬᠠᠳᠠᠭᠠᠯᠠᠵᠤ ᠪᠠᠢᠨ᠎ᠠ᠃ ᠲᠤᠰᠭᠠᠶ ᠬᠥᠮᠦᠨ ᠳᠣᠭᠢᠷᠠᠭᠤᠯᠤᠨ ᠡᠳ᠋ ᠪᠣᠳᠠᠰ᠎ᠤᠨ ᠬᠠᠮᠢᠶᠠᠷᠤᠯᠲᠠ᠎ᠶ᠋ᠢ ᠬᠠᠷᠢᠭᠤᠴᠠᠭᠤᠯᠵᠤ᠂ ᠬᠥᠮᠥᠷᠭᠡ᠎ᠳᠦ ᠣᠷᠣᠭᠤᠯᠬᠤ ᠪᠦᠷᠢᠳᠬᠡᠯ᠎ᠦᠨ ᠡᠬᠡ ᠳᠠᠩᠰᠠ᠎ᠶᠢ ᠪᠠᠢᠭᠤᠯᠵᠤ᠂ ᠲᠣᠭᠲᠠᠮᠠᠯ ᠬᠤᠭᠤᠴᠠᠭ᠎ᠠ ᠲᠠᠢ ᠪᠠᠷ ᠡᠳ᠋ ᠪᠣᠳᠠᠰ᠎ᠤᠨ ᠶᠠᠰᠤ ᠴᠢᠨᠠᠷ᠎ᠢ ᠪᠠᠢᠴᠠᠭᠠᠬᠤ ᠪᠠ ᠬᠥᠮᠥᠷᠭᠡ᠎ᠶᠢᠨ ᠬᠠᠳᠠᠭᠠᠯᠠᠯᠲᠠ᠎ᠶᠢ ᠪᠦᠷᠢᠳᠬᠡᠬᠦ ᠠᠵᠢᠯ᠎ᠢ ᠥᠷᠨᠢᠭᠦᠯᠵᠦ ᠂ ᠪᠠᠴᠢᠮ ᠪᠠᠢᠳᠠᠯ᠎ᠢ ᠠᠷᠭ᠋ᠠᠴᠠᠭ᠋ᠠᠬᠤ ᠪᠠᠢᠳᠠᠯ ᠳᠣᠤᠷ᠎ᠠ ᠡᠳ᠋ ᠪᠣᠳᠠᠰ᠎ᠢ ᠲᠦᠷᠭᠡᠨ ᠱᠢᠯᠵᠢᠭᠦᠯᠦᠨ ᠲᠡᠭᠡᠭᠡᠪᠦᠷᠢᠯᠡᠬᠦ᠂ ᠥᠨᠳᠥᠷ ᠪᠦᠲᠦᠮᠵᠢᠲᠡᠶ᠎ᠪᠠᠷ ᠬᠡᠷᠡᠭ᠌ᠯᠡᠬᠦ᠌᠎ᠶ᠋ᠢ ᠦᠨᠡᠨ ᠬᠦ᠌ ᠪᠠᠲᠤᠯᠠᠵᠤ᠂ ᠵᠠᠮ ᠳᠡᠭᠡᠷᠡᠬᠢ ᠬᠤᠷᠠᠭ᠍ᠰᠠᠨ ᠴᠠᠰᠤ ᠮᠥᠰᠥ᠎ᠶ᠋ᠢ ᠲᠦᠷᠭᠡᠨ ᠱᠢᠢᠳᠪᠦᠷᠢᠯᠡᠬᠦ᠌᠎ᠳᠤ ᠪᠠᠲᠤ ᠪᠠᠬᠢ ᠡᠳ᠋ ᠪᠣᠳᠠᠰ᠎ᠤᠨ ᠲᠤᠯᠭᠠᠭᠤᠷᠢᠯᠠᠯ ᠬᠠᠩᠭ᠋ᠠᠪᠠ᠃
ᠮᠠᠱᠢᠨ ᠲᠥᠬᠦᠭᠡᠷᠦᠮᠵᠢ᠎ᠶ᠋ᠢᠨ ᠪᠠᠲᠤᠯᠠᠭ᠎ᠠ᠎ᠶ᠋ᠢ ᠰᠠᠢᠲᠤᠷ ᠠᠳᠬᠤᠪᠠ᠃ ᠡᠪᠦᠯ᠎ᠦᠨ ᠤᠯᠠᠷᠢᠯ᠎ᠤᠨ ᠴᠠᠰᠤ ᠮᠥᠰᠥ᠎ᠶᠢ ᠠᠷᠢᠯᠭᠠᠬᠤ ᠭᠣᠣᠯ ᠱᠠᠭᠠᠷᠳᠠᠯᠭ᠎ᠠ᠎ᠳᠤ ᠴᠢᠭᠯᠡᠭᠦᠯᠦᠨ᠂ ᠲᠣᠨᠣᠭ ᠲᠥᠬᠦᠭᠡᠷᠦᠮᠵᠢ᠎ᠳᠦ ᠠᠩᠬᠠᠷᠤᠯ᠎ᠢᠶᠠᠨ ᠲᠥᠪᠯᠡᠷᠡᠭᠦᠯᠦᠨ 《 ᠬᠠᠲᠠᠭᠤ ᠪᠣᠳᠠᠲᠤ ᠬᠦᠴᠦᠨ 》᠎ᠢ ᠪᠠᠲᠤᠯᠠᠵᠤ᠂ ᠪᠠᠴᠢᠮ ᠪᠠᠢᠳᠠᠯ᠎ᠢ ᠠᠷᠭ᠋ᠠᠴᠠᠭ᠋ᠠᠬᠤ ᠮᠧᠬᠠᠨᠢᠭ ᠲᠣᠨᠤᠭ ᠲᠥᠬᠦᠭᠡᠷᠦᠮᠵᠢ᠎ᠶ᠋ᠢ ᠪᠠᠢᠴᠠᠭᠠᠨ ᠵᠠᠰᠠᠬᠤ ᠪᠠ ᠲᠠᠰ ᠳᠡᠪᠱᠢᠭᠦᠯᠬᠦ᠌ ᠠᠵᠢᠯ᠎ᠢ ᠪᠥᠬᠦ᠌ ᠲᠠᠯ᠎ᠠ᠎ᠪᠠᠷ ᠥᠷᠨᠢᠭᠦᠯᠪᠡ᠃ ᠣᠳᠣ ᠪᠠᠢᠭ᠎ᠠ ᠴᠠᠰᠤ ᠲᠦᠯᠬᠢᠬᠦ᠌ ᠬᠤᠰᠤᠭᠤᠷ᠂ ᠴᠠᠰᠤ ᠠᠷᠢᠯᠭᠠᠬᠤ ᠦᠩᠬᠦᠷᠢᠭᠦᠯ ᠵᠡᠷᠭᠡ ᠮᠠᠰᠢᠨ ᠲᠥᠬᠦᠭᠡᠷᠦᠮᠵᠢ᠎ᠳᠦ 《 ᠲᠣᠣᠷ ᠲᠠᠲᠠᠬᠤ ᠬᠡᠯᠪᠡᠷᠢ 》᠎ᠪᠡᠷ ᠵᠢᠭ᠍ᠰᠠᠭᠠᠨ ᠪᠠᠢᠴᠠᠭᠠᠵᠤ ᠪᠠᠢᠴᠠᠭᠠᠨ ᠰᠡᠯᠪᠢᠵᠦ᠂ ᠪᠣᠢ ᠪᠦᠬᠦᠢ ᠮᠠᠱᠢᠨ ᠲᠥᠬᠦᠭᠡᠷᠦᠮᠵᠢ᠎ᠶ᠋ᠢᠨ ᠴᠢᠨᠠᠷ ᠴᠢᠨᠰᠠᠭ᠎ᠠ ᠪᠦᠷᠢᠨ ᠪᠦᠲᠦᠨ᠂ ᠴᠠᠭ ᠢᠮᠠᠭ᠍ᠲᠠ ᠵᠠᠷᠯᠢᠭ ᠬᠦᠯᠢᠶᠡᠬᠦ᠌ ᠪᠠᠢᠳᠠᠯ᠎ᠳᠤ ᠪᠠᠢᠬᠤ᠎ᠶ᠋ᠢ ᠦᠨᠡᠨ ᠬᠦ᠌ ᠪᠠᠲᠤᠯᠠᠪᠠ᠃
ᠮᠡᠳᠡᠭᠡ ᠵᠠᠩᠭᠢ᠎ᠶ᠋ᠢᠨ ᠰᠡᠷᠡᠮᠵᠢᠯᠡᠭᠦᠯᠬᠦ᠌ ᠬᠢᠭᠡᠳ ᠪᠠᠴᠢᠮ ᠪᠠᠢᠳᠠᠯ᠎ᠢ ᠠᠷᠭ᠋ᠠᠴᠠᠭ᠋ᠠᠨ ᠱᠢᠶ᠋ᠳᠪᠦᠷᠢᠯᠡᠬᠦ᠌᠎ᠶ᠋ᠢ ᠴᠢᠩᠭ᠋ᠠᠷᠠᠭᠤᠯᠪᠠ᠃ ᠴᠠᠭ ᠠᠭᠤᠷ᠂ ᠪᠠᠴᠢᠮ ᠪᠠᠢᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠡᠷᠭᠡ ᠰᠠᠯᠠᠭ᠎ᠠ ᠮᠥᠴᠢᠷ᠎ᠯᠦᠭᠡ᠎ᠶ᠋ᠢᠨ ᠨᠡᠪᠲᠡᠷᠡᠯᠴᠡᠭᠡ ᠬᠠᠮᠵᠢᠯᠴᠠᠭ᠎ᠠ᠎ᠪᠠᠨ ᠴᠢᠩᠭᠠᠳᠭᠠᠵᠤ᠂ ᠴᠠᠭ ᠠᠭᠤᠷ᠎ᠤᠨ ᠰᠡᠷᠡᠮᠵᠢᠯᠡᠭᠦᠯᠬᠦ᠌ ᠮᠡᠳᠡᠭᠡ ᠵᠠᠩᠭᠢ᠎ᠶ᠋ᠢ ᠬᠠᠮᠲᠤ᠎ᠪᠠᠷ ᠡᠳ᠋ᠯᠡᠬᠦ᠌ ᠲᠣᠭ᠍ᠲᠠᠴᠠ᠎ᠶ᠋ᠢ ᠪᠠᠢᠭᠤᠯᠤᠨ᠂ ᠴᠠᠭ ᠠᠭᠤᠷ᠎ᠤᠨ ᠬᠤᠪᠢᠷᠠᠯᠲᠠ᠎ᠶ᠋ᠢᠨ ᠬᠠᠨᠳᠤᠰᠢ᠎ᠶ᠋ᠢ ᠴᠠᠭ ᠲᠤᠬᠠᠶ᠎ᠳᠤᠨᠢ ᠠᠩᠬᠠᠷᠴᠤ᠌᠂ ᠲᠡᠭᠡᠭᠡᠪᠦᠷᠢ᠎ᠶ᠋ᠢᠨ ᠠᠵᠤ ᠠᠬᠤᠢᠯᠠᠯ ᠪᠣᠯᠤᠨ ᠥᠷᠭᠡᠨ ᠣᠯᠠᠨ ᠶᠠᠪᠤᠵᠤ ᠰᠠᠭᠤᠬᠤ ᠣᠯᠠᠨ ᠲᠦᠮᠡᠨ᠎ᠳᠤ ᠵᠠᠮ᠎ᠤᠨ ᠪᠠᠢᠳᠠᠯ᠎ᠤᠨ ᠮᠡᠳᠡᠭᠡ ᠵᠠᠩᠭᠢ ᠪᠣᠯᠤᠨ ᠶᠠᠪᠤᠵᠤ ᠰᠠᠭᠤᠬᠤ ᠰᠠᠨᠠᠭᠤᠯᠤᠮᠵᠢ᠎ᠶ᠋ᠢ ᠴᠠᠭ ᠲᠤᠬᠠᠶ᠎ᠳᠤᠨᠢ ᠨᠡᠢᠲᠡᠯᠡᠵᠦ᠍᠂ ᠠᠵᠤ ᠠᠬᠤᠢᠯᠠᠯ ᠪᠣᠯᠤᠨ ᠣᠯᠠᠨ ᠲᠦᠮᠡᠨ᠎ᠢ ᠬᠥᠲᠥᠯᠥᠨ ᠵᠢᠯᠣᠭᠤᠳᠴᠤ᠌ ᠪᠠᠢᠭᠠᠳ ᠶᠠᠪᠤᠵᠤ ᠰᠠᠭᠤᠬᠤ ᠲᠥᠯᠥᠪᠯᠡᠭᠡ᠎ᠶ᠋ᠢ ᠵᠦᠢ ᠵᠣᠬᠢᠰᠲᠠᠶ ᠲᠣᠬᠢᠷᠠᠭᠤᠯᠤᠨ᠎ᠠ; ᠡᠭᠦᠨ᠎ᠤ ᠬᠠᠮᠲᠤ ᠪᠠᠴᠢᠮ ᠪᠠᠢᠳᠠᠯ᠎ᠢ ᠠᠷᠭ᠋ᠠᠴᠠᠭ᠋ᠠᠵᠦ ᠠᠶᠤᠯ᠎ᠠᠴᠠ ᠠᠪᠤᠷᠠᠬᠤ ᠲᠤᠰᠭᠠᠶ ᠡᠩᠨᠡᠭᠡᠨ᠎ᠤ ᠪᠠᠢᠭᠤᠯᠤᠯᠲᠠ᠎ᠶ᠋ᠢ ᠴᠢᠩᠭᠠᠷᠠᠭᠤᠯᠵᠤ᠂ ᠡᠩᠨᠡᠭᠡᠨ᠎ᠤ ᠠᠵᠢᠯᠲᠠᠨ᠎ᠤ ᠠᠵᠢᠯᠯᠠᠬᠤ ᠤᠷ᠎ᠠ ᠴᠢᠳᠠᠪᠤᠷᠢ ᠪᠣᠯᠤᠨ ᠬᠠᠮᠵᠢᠯᠴᠠᠬᠤ ᠴᠢᠳᠠᠪᠤᠷᠢ᠎ᠶ᠋ᠢ ᠳᠡᠭᠡᠭ᠌ᠰᠢᠯᠡᠭᠦᠯᠦᠨ᠂ ᠪᠠᠴᠢᠮ ᠪᠠᠢᠳᠠᠯ᠎ᠢ ᠠᠷᠭ᠋ᠠᠴᠠᠭ᠋ᠠᠨ ᠱᠢᠶ᠋ᠳᠪᠦᠷᠢᠯᠡᠬᠦ᠌ ᠬᠢᠷᠢ ᠬᠡᠮᠵᠢᠶ᠎ᠡ᠎ᠶ᠋ᠢ ᠦᠨᠡᠨ ᠬᠦ᠌ ᠳᠡᠭᠡᠭᠰᠢᠯᠡᠭᠦᠯᠪᠡ᠃