ᠲᠡᠷᠢᠭᠦᠨ ᠨᠢᠭᠤᠷ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
ᠦᠬᠠᠶ ᠬᠤᠲᠠ ᠵᠢᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠣᠪᠴᠢᠶ᠎ᠠ ᠳᠤᠮᠳᠠᠳᠤ ᠤᠯᠤᠰ᠎ᠤᠨ ᠳᠠᠯᠠᠢ ᠵᠢᠨ ᠠᠶᠠᠯᠠᠯ᠎ᠤᠨ ᠡᠳᠦᠷ᠎ᠤᠨ ᠭᠤᠤᠯ ᠰᠡᠳᠦᠪᠲᠦ ᠳᠤᠷᠠᠰᠬᠠᠯ᠎ᠤᠨ ᠠᠵᠢᠯᠯᠠᠭ᠎ᠠ ᠵᠢ ᠵᠣᠬᠢᠶᠠᠨ ᠪᠠᠶ᠋ᠢᠭᠤᠯᠵᠤ ᠥᠷᠨᠢᠭᠦᠯᠪᠡ
ᠨᠡᠶ᠋ᠢᠲᠡᠯᠡᠭᠰᠡᠨ ᠴᠠᠭ᠄ 2025-07-15

    7 ᠳ᠋ᠤᠭ᠋ᠠᠷ ᠰᠠᠷ᠎ᠠ ᠵᠢᠨ 11᠎ᠤ ᠡᠳᠦᠷ᠂ ᠵᠧᠩ ᠾᠧ ᠪᠠᠷᠠᠭᠤᠨ ᠳᠠᠯᠠᠢ᠎ᠪᠠᠷ ᠠᠶᠠᠯᠠᠭᠰᠠᠨ 620 ᠵᠢᠯ᠎ᠤᠨ ᠤᠢ ᠵᠢᠴᠢ ᠬᠤᠷᠢᠨ ᠨᠢᠭᠡᠳᠦᠭᠡᠷ ᠳᠤᠮᠳᠠᠳᠤ ᠤᠯᠤᠰ᠎ᠤᠨ ᠲᠠᠯᠠᠢ ᠵᠢᠨ ᠠᠶᠠᠯᠠᠯ᠎ᠤᠨ ᠡᠳᠦᠷ ᠪᠣᠯᠪᠠ᠃ ᠦᠬᠠᠶ ᠬᠤᠲᠠ ᠵᠢᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠣᠪᠴᠢᠶ᠎ᠠ 《ᠪᠣᠬᠢᠷᠲᠤᠯ ᠥᠬᠡᠶ ᠲᠠᠯᠠᠢ ᠵᠢᠨ ᠠᠶᠠᠯᠠᠯ ᠰᠢᠨ᠎ᠡ ᠲᠡᠢ᠌ᠰᠢ ᠬᠦᠴᠦᠷᠬᠡᠭᠵᠢᠬᠦ᠎ᠪᠠᠷ ᠴᠢᠷᠮᠠᠢ᠌ᠬᠤ》 ᠭᠤᠤᠯ ᠰᠡᠳᠦᠪ᠎ᠲᠠᠢ ᠨᠢᠭᠲᠠ ᠤᠶᠠᠯᠳᠤᠭᠤᠯᠤᠨ᠂ ᠬᠠᠲᠤᠨ ᠭᠤᠤᠯ᠎ᠤᠨ ᠬᠠᠶ᠋ᠢᠷᠤᠪ᠎ᠤᠨ ᠲᠣᠬᠤᠢ ᠵᠢᠨ ᠤᠰᠤᠨ ᠠᠰᠢᠭᠯᠠᠯᠲᠠ ᠵᠢᠨ ᠬᠦᠢ᠍ᠰᠦ ᠵᠢᠨ ᠦᠢ᠍ᠯᠡᠰ᠎ᠤᠨ ᠬᠥᠭᠵᠢᠯᠲᠡ ᠵᠢᠨ ᠲᠥᠪ ᠵᠡᠷᠭᠡ ᠤᠰᠤ᠎ᠲᠠᠢ ᠬᠤᠯᠪᠣᠭᠳᠠᠭᠰᠠᠨ ᠨᠢᠭᠡᠴᠢ᠎ᠲᠠᠢ ᠬᠤᠯᠪᠣᠭ᠋ᠠᠯᠠᠨ ᠰᠢᠷᠢᠰ ᠳᠤᠷᠠᠰᠬᠠᠬᠤ ᠠᠵᠢᠯᠯᠠᠭ᠎ᠠ ᠥᠷᠨᠢᠭᠦᠯᠪᠡ᠃    

    ᠦᠳᠡ ᠵᠢᠨ ᠡᠮᠦᠨᠡᠬᠢ 9 ᠴᠠᠭ᠎ᠲᠤ᠂ ᠦᠬᠠᠢ ᠬᠤᠳᠠ ᠵᠢᠨ ᠪᠦᠬᠦ ᠣᠷᠣᠨ ᠪᠦᠰᠡ ᠵᠢᠨ ᠰᠣᠶᠣᠯ ᠵᠢᠭᠤᠯᠴᠢᠯᠠᠯ᠎ᠤᠨ ᠠᠵᠤ ᠦᠢ᠍ᠯᠡᠰ᠎ᠤᠨ ᠬᠥᠭᠵᠢᠯᠲᠡ ᠵᠢᠨ ᠪᠦᠯᠦᠭᠯᠡᠯ᠎ᠤᠨ ᠣᠩᠭᠤᠴᠠ ᠰᠠᠯ ᠨᠢᠭᠡᠳᠦᠯᠲᠡᠢ ᠲᠤᠭ ᠡᠯᠭᠦᠭᠰᠡᠨ ᠪᠥᠭᠡᠳ 1 ᠮᠢᠨᠦ᠋ᠲ ᠪᠦᠷᠢᠶ᠎ᠡ ᠳᠤᠤᠭ᠋ᠠᠷᠭ᠋ᠠᠵᠤ᠂ ᠪᠦᠬᠦ ᠬᠠᠤᠯᠢ ᠬᠡᠷᠡᠭᠵᠢᠭᠦᠯᠬᠦ ᠠᠵᠢᠯᠳᠠᠨ ᠵᠢᠴᠢ ᠤᠰᠤᠨ ᠲᠡᠭᠡᠭᠡᠪᠦᠷᠢ ᠵᠢᠨ ᠠᠵᠢᠯᠲᠠᠳ ᠠᠯᠪᠠᠨ ᠬᠤᠪᠴᠠᠰᠤ᠎ᠪᠠᠨ ᠡᠮᠦᠰᠴᠦ ᠵᠢᠭᠰᠠᠭ᠋ᠠᠯ ᠶᠣᠰᠤᠯᠠᠯ ᠬᠢᠪᠡ᠃ ᠠᠵᠢᠯᠯᠠᠭ᠎ᠠ ᠵᠢᠨ ᠲᠤᠬᠠᠢ ᠵᠢᠨ ᠲᠠᠯᠠᠪᠠᠢ᠎ᠳᠤ᠂ ᠤᠰᠤᠨ᠎ᠳᠤ ᠬᠤᠯᠪᠣᠭᠳᠠᠭᠰᠠᠨ ᠨᠢᠭᠡᠴᠢ ᠵᠢᠨ ᠲᠥᠯᠥᠭᠡᠯᠡᠭᠴᠢ ᠬᠠᠮᠲᠤᠪᠠᠷ ᠰᠠᠨᠠᠭ᠋ᠠᠴᠢᠯᠠᠭ᠎ᠠ ᠵᠢᠨ ᠪᠢᠴᠢᠭ᠎ᠢ ᠤᠩᠰᠢᠵᠤ᠂ ᠵᠧᠩ ᠾᠧ ᠵᠢᠨ ᠵᠣᠷᠢᠭ ᠰᠠᠨᠠᠭ᠎ᠠ ᠵᠢ ᠪᠠᠳᠠᠷᠠᠭᠤᠯᠵᠤ᠂ ᠪᠣᠬᠢᠷᠲᠤᠯ ᠦᠭᠡᠢ ᠣᠶ᠋ᠢᠯᠠᠭ᠋ᠠᠭᠳᠠᠬᠤᠨ᠎ᠢ ᠦᠢ᠍ᠯᠡᠳᠦᠯᠭᠡᠵᠢᠭᠦᠯᠵᠦ᠂ ᠤᠰᠤᠨ ᠣᠷᠣᠨ᠎ᠤ ᠠᠮᠢ ᠠᠬᠤᠢ ᠵᠢ ᠰᠠᠬᠢᠨ ᠬᠠᠮᠠᠭ᠋ᠠᠯᠠᠵᠤ᠂ ᠤᠯᠤᠰ᠎ᠤᠨ ᠪᠠᠶ᠋ᠢᠯᠳᠤᠬᠤ ᠪᠤᠳᠤᠯᠭ᠎ᠠ᠎ᠳᠤ ᠦᠢ᠍ᠯᠡᠴᠢᠯᠡᠬᠦ᠎ᠪᠠᠷ ᠲᠠᠩᠭ᠋ᠠᠷᠢᠭᠯᠠᠪᠠ᠃ ᠦᠬᠠᠢ ᠬᠣᠲᠠ ᠵᠢᠨ ᠳᠠᠯᠠᠢ ᠵᠢᠨ ᠶᠠᠪᠤᠳᠠᠯ᠎ᠤᠨ ᠦᠢ᠍ᠯᠡᠴᠢᠯᠡᠭᠡᠨ᠎ᠤ ᠲᠥᠪ ᠳᠠᠯᠠᠢ ᠵᠢᠨ ᠠᠶᠠᠯᠠᠯ᠎ᠤᠨ ᠮᠡᠳᠡᠯᠭᠡ ᠵᠢ ᠲᠦᠭᠡᠮᠡᠯᠵᠢᠭᠦᠯᠬᠦ ᠪᠠ ᠤᠰᠤᠨ ᠳᠡᠭᠡᠷᠡᠬᠢ ᠠᠮᠤᠷ ᠲᠦᠪᠰᠢᠨ᠎ᠤ ᠤᠬᠠᠭᠤᠯᠭ᠎ᠠ ᠵᠢ ᠵᠡᠷᠭᠡᠪᠡᠷ ᠥᠷᠨᠢᠭᠦᠯᠵᠦ᠂ ᠣᠯᠠᠨ ᠨᠡᠢ᠌ᠲᠡ ᠵᠢᠨ ᠳᠠᠯᠠᠢ ᠵᠢᠨ ᠠᠶᠠᠯᠠᠯ᠎ᠤᠨ ᠰᠣᠶᠣᠯ᠎ᠤᠨ ᠲᠠᠨᠢᠯᠲᠠ ᠪᠠ ᠠᠮᠤᠷ ᠲᠦᠪᠰᠢᠨ᠎ᠤ ᠤᠬᠠᠮᠰᠠᠷ᠎ᠢ ᠴᠢᠩᠭ᠋ᠠᠳᠭ᠋ᠠᠪᠠ᠃    

 

               

ᠢᠷᠡᠯᠲᠡ᠄ ᠦᠬᠠᠶ ᠬᠤᠲᠠ ᠵᠢᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
ᠬᠢᠩᠭ᠋ᠠᠨ ᠠᠢ᠌ᠮᠠᠭ᠎ᠤᠨ ᠵᠠᠮ ᠬᠠᠷᠢᠯᠴᠠᠭ᠎ᠠ ᠲᠡᠭᠡᠭᠡᠪᠦᠷᠢ ᠵᠢᠨ ᠶᠡᠷᠦᠩᠬᠡᠢ᠌ᠯᠡᠭᠰᠡᠨ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠬᠦ ᠰᠠᠯᠪᠤᠷᠢ ᠠᠩᠭᠢ ᠵᠢᠨ ᠤᠯᠠᠭ᠋ᠠᠨᠬᠣᠲᠠ ᠵᠢᠨ ᠰᠢᠭᠤᠳ ᠬᠠᠷᠢᠶ᠎ᠠ ᠬᠠᠤᠯᠢ ᠬᠡᠷᠡᠭᠵᠢᠭᠦᠯᠬᠦ ᠶᠡᠬᠡ ᠠᠩᠭᠢ᠎ᠨᠢ ᠲᠤᠰᠬᠠᠶ ᠴᠡᠭᠴᠡᠯᠡᠨ ᠵᠠᠰᠠᠬᠤ ᠠᠰᠠᠭᠤᠳᠠᠯ᠎ᠳᠤ 《ᠨᠠᠷᠢᠨ ᠲᠠᠩᠰᠠ ᠵᠢᠨ ᠬᠠᠮᠢᠶᠠᠷᠤᠯᠲᠠ》 ᠬᠢᠪᠡ
ᠤᠯᠠᠭ᠋ᠠᠨᠬᠠᠳᠠ ᠬᠣᠲᠠ ᠵᠢᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠣᠪᠴᠢᠶ᠎ᠠ ᠬᠣᠲᠠ ᠬᠥᠳᠡᠭᠡ ᠵᠢᠨ ᠵᠠᠮ ᠬᠠᠷᠢᠯᠴᠠᠭ᠎ᠠ ᠵᠢ ᠨᠢᠭᠡ ᠴᠣᠭᠴᠠᠵᠢᠭᠤᠯᠤᠭᠰᠠᠨ ᠵᠢᠱ᠌ᠢᠶ᠎ᠡ ᠦᠵᠡᠭᠦᠯᠬᠦ ᠰᠢᠶᠠᠨ᠎ᠢ ᠡᠭᠦᠳᠦᠨ ᠪᠠᠢ᠌ᠭᠤᠯᠬᠤ ᠠᠵᠢᠯ᠎ᠢ ᠠᠬᠢᠭᠤᠯᠪᠠ
ᠤᠯᠠᠭ᠋ᠠᠨᠬᠠᠳᠠ ᠬᠣᠲᠠ ᠵᠢᠨ ᠪᠠᠭ᠋ᠠᠷᠢᠨ ᠪᠠᠷᠠᠭᠤᠨ ᠬᠣᠰᠢᠭᠤᠨ᠎ᠤ ᠵᠠᠰᠠᠮᠠᠯ ᠵᠠᠮ᠎ᠤᠨ ᠬᠠᠮᠢᠶᠠᠷᠤᠯᠲᠠ ᠬᠠᠮᠠᠭ᠋ᠠᠯᠠᠯᠲᠠ ᠪᠠ ᠲᠡᠭᠡᠭᠡᠪᠦᠷᠢ ᠵᠢᠨ ᠪᠠᠲᠤᠯᠠᠭ᠎ᠠ ᠵᠢᠨ ᠲᠥᠪ᠎ᠨᠢ ᠵᠠᠰᠠᠮᠠᠯ ᠵᠠᠮ ᠠᠷᠠᠴᠢᠯᠠᠨ ᠬᠠᠮᠠᠭ᠋ᠠᠯᠠᠬᠤ ᠨᠠᠮ᠎ᠤᠨ ᠪᠠᠢ᠌ᠭᠤᠯᠤᠯᠲᠠ ᠵᠢᠨ ᠰᠢᠨ᠎ᠡ ᠨᠠᠷᠠᠲᠤ ᠲᠡᠮᠳᠡᠭ᠎ᠢ ᠪᠠᠢ᠌ᠭᠤᠯᠪᠠ
ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠶᠡᠷᠦᠩᠬᠡᠢ᠌ᠯᠡᠭᠰᠡᠨ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠬᠦ ᠶᠡᠷᠦᠩᠬᠡᠶ ᠠᠩᠭᠢ ᠭᠡᠨᠡᠳᠲᠡ ᠡᠭᠦᠰᠦᠭᠰᠡᠨ ᠪᠣᠷᠣᠭ᠋ᠠᠨ ᠴᠠᠰᠤ᠎ᠲᠠᠢ ᠴᠠᠭ ᠠᠭᠤᠷ᠎ᠢ ᠢᠳᠡᠪᠬᠢᠲᠡᠶ ᠠᠷᠭ᠋ᠠᠴᠠᠭ᠋ᠠᠵᠤ ᠵᠠᠰᠠᠮᠠᠯ ᠵᠠᠮ᠎ᠤᠨ ᠠᠮᠤᠷ ᠲᠦᠪᠰᠢᠨ ᠰᠠᠭ᠋ᠠᠳ ᠥᠬᠡᠶ ᠨᠡᠪᠲᠡᠷᠡᠬᠦ ᠵᠢ ᠪᠠᠲᠤᠯᠠᠪᠠ
ᠬᠢᠩᠭ᠋ᠠᠨ ᠠᠢ᠌ᠮᠠᠭ᠎ᠤᠨ ᠨᠢᠭᠡᠳᠦᠭᠡᠷ ᠤᠯᠠᠷᠢᠯ᠎ᠤᠨ ᠲᠠᠷᠢᠶᠠᠯᠠᠬᠤ ᠮᠠᠯᠵᠢᠬᠤ ᠣᠷᠣᠨ᠎ᠤ ᠵᠠᠰᠠᠮᠠᠯ ᠵᠠᠮ᠎ᠤᠨ ᠲᠥᠷᠥᠯ ᠵᠦᠢᠯ᠎ᠤᠨ ᠪᠠᠷᠢᠯᠭ᠎ᠠ ᠡᠬᠢᠯᠡᠭᠦᠯᠦᠨ ᠪᠦᠲᠦᠭᠡᠨ ᠪᠠᠢ᠌ᠭᠤᠯᠤᠭᠰᠠᠨ ᠵᠠᠮ᠎ᠤᠨ ᠣᠷᠳᠣ᠎ᠨᠢ 384.6 ᠺᠢᠯᠣᠮᠧᠲᠷ᠎ᠲᠤ ᠬᠦᠷᠪᠡ
 
            