ᠲᠡᠷᠢᠭᠦᠨ ᠨᠢᠭᠤᠷ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠨᠢᠨ ᠮᠡᠳᠡᠭᠡ   -   ᠵᠢᠷᠤᠬᠲᠦ᠍ ᠨᠡᠶ᠋ᠢᠳᠡᠯᠡᠯ
《ᠳᠥᠷᠪᠡᠨ ᠰᠠᠶ᠋ᠢᠨ ᠬᠥᠳᠡᠭᠡ ᠲᠣᠰᠬᠤᠨ᠎ᠤ ᠵᠠᠮ》᠎ᠤᠨ ᠠᠷᠪᠠᠨ ᠵᠢᠯ᠎ᠤᠨ ᠣᠢ — 《ᠳᠥᠷᠪᠡᠨ ᠰᠠᠶ᠋ᠢᠨ ᠬᠥᠳᠡᠭᠡ ᠲᠣᠰᠬᠤᠨ᠎ᠤ ᠵᠠᠮ》᠎ᠤᠨ ᠪᠦᠬᠦ ᠤᠯᠤᠰ᠎ᠤᠨ ᠵᠢᠱ᠌ᠢᠶ᠎ᠡ ᠦᠵᠡᠭᠦᠯᠬᠦ ᠰᠢᠶᠠᠨ — ᠤᠯᠠᠭ᠋ᠠᠨᠬᠠᠳᠠ ᠬᠤᠲᠠ ᠵᠢᠨ ᠬᠠᠷᠠᠴᠢᠨ ᠬᠤᠰᠢᠭᠤ
ᠨᠡᠶ᠋ᠢᠲᠡᠯᠡᠭᠰᠡᠨ ᠴᠠᠭ᠄ 2024-06-17

    ᠬᠠᠷᠠᠴᠢᠨ ᠬᠤᠰᠢᠭᠤ ᠪᠣᠯ ᠪᠥᠬᠦ ᠤᠯᠤᠰ᠎ᠤᠨ ᠨᠢᠭᠡᠳᠦᠭᠡᠷ ᠪᠦᠯᠦᠭ ᠪᠣᠯᠬᠤ ᠪᠥᠭᠡᠳ ᠤᠯᠠᠭ᠋ᠠᠨᠬᠠᠳᠠ ᠬᠤᠲᠠ ᠵᠢᠨ ᠠᠩᠬᠠᠳᠠᠭᠴᠢ 《ᠳᠥᠷᠪᠡᠨ ᠰᠠᠶ᠋ᠢᠨ ᠬᠥᠳᠡᠭᠡ ᠲᠣᠰᠬᠤᠨ᠎ᠤ ᠵᠠᠮ》᠎ᠤᠨ ᠪᠥᠬᠦ ᠤᠯᠤᠰ᠎ᠤᠨ ᠵᠢᠱ᠌ᠢᠶ᠎ᠡ ᠦᠵᠡᠭᠦᠯᠬᠦ ᠰᠢᠶᠠᠨ ᠪᠣᠯᠤᠨ᠎ᠠ᠃
    2023 ᠣᠨ᠎ᠤ 10 ᠳ᠋ᠤᠭ᠋ᠠᠷ ᠰᠠᠷ᠎ᠠ ᠵᠢᠨ 2᠎ᠤᠨ ᠡᠳᠦᠷ᠂ ᠬᠠᠷᠠᠴᠢᠨ ᠬᠤᠰᠢᠭᠤᠨ᠎ᠤ ᠮᠡᠶ᠋ᠢᠷᠡᠨ ᠪᠠᠯᠭ᠋ᠠᠰᠤᠨ᠎ᠤ ᠪᠠᠭ᠎ᠠ ᠮᠡᠶ᠋ᠢᠷᠡᠨ ᠲᠣᠰᠬᠤᠨ᠎ᠤ ᠮᠧᠩ ᠵᠢᠶᠠ ᠳ᠋ᠢᠶᠠᠨ᠎ᠠᠴᠠ ᠾᠧᠪᠸᠢ ᠮᠤᠵᠢ ᠵᠢᠨ ᠸᠧᠢ ᠴᠠᠩ ᠰᠢᠶᠠᠨ᠎ᠤ ᠯᠠᠨ ᠴᠢ ᠺᠠ ᠯᠦᠨ ᠲᠣᠰᠬᠤᠨ᠎ᠤ ᠵᠢᠨ ᠱᠠᠨ ᠲᠠᠩ ᠥᠪᠥᠷ ᠮᠣᠩᠭᠤᠯ ᠾᠧᠪᠧᠶ ᠵᠢᠨ ᠵᠠᠭ᠋ᠠᠭ᠎ᠤᠨ ᠵᠢᠭᠤᠯᠴᠢᠯᠠᠯ᠎ᠤᠨ ᠵᠠᠰᠠᠮᠠᠯ ᠵᠠᠮ᠎ᠢ ᠪᠠᠶ᠋ᠢᠭᠤᠯᠤᠨ ᠳᠠᠭᠤᠰᠬᠠᠵᠤ ᠲᠡᠷᠭᠡ ᠨᠡᠪᠲᠡᠷᠡᠭᠦᠯᠪᠡ᠂ ᠡᠨᠡ᠎ᠨᠢ ᠬᠠᠷᠠᠴᠢᠨ᠂ ᠸᠧᠢ ᠴᠠᠩ᠂ ᠰᠠᠶ᠋ᠢᠬᠠᠨᠳᠠᠪᠠᠭ᠎ᠠ᠂ ᠤᠯᠠᠭ᠋ᠠᠨᠪᠤᠲᠤᠩ ᠵᠡᠷᠭᠡ ᠭᠠᠵᠠᠷ᠎ᠢ ᠬᠣᠯᠪᠤᠭᠰᠠᠨ ᠬᠢᠯᠢ ᠳᠠᠭ᠋ᠠᠤ ᠵᠢᠨ ᠨᠡᠭᠡᠭᠡᠯᠳᠡᠲᠦ ᠵᠢᠭᠤᠯᠴᠢᠯᠠᠯ᠎ᠤᠨ ᠶᠡᠭᠡ ᠲᠣᠭᠤᠷᠢᠯ ᠵᠠᠮ ᠵᠢᠩᠬᠢᠨᠢ᠎ᠪᠠᠷ ᠪᠦᠷᠢᠯᠳᠦᠭᠰᠡᠨ᠎ᠢ ᠬᠠᠷᠠᠭᠤᠯᠵᠤ ᠪᠠᠶ᠋ᠢᠨ᠎ᠠ᠃
    ᠣᠶ᠋ᠢᠷ᠎ᠠ ᠵᠢᠨ ᠵᠢᠯ᠎ᠤᠳ᠎ᠲᠤ᠂ ᠬᠠᠷᠠᠴᠢᠨ ᠬᠤᠰᠢᠭᠤ 《ᠵᠠᠰᠠᠮᠠᠯ ᠵᠠᠮ +》 ᠵᠠᠭᠪᠤᠷ ᠶᠣᠰᠣᠭ᠋ᠠᠷ᠂ ᠬᠥᠳᠡᠭᠡ ᠲᠣᠰᠬᠤᠨ᠎ᠤ ᠵᠠᠰᠠᠮᠠᠯ ᠵᠠᠮ᠎ᠤᠨ ᠪᠥᠲᠥᠭᠡᠨ ᠪᠠᠶ᠋ᠢᠭᠤᠯᠤᠯᠲᠠ ᠵᠢ ᠬᠥᠳᠡᠭᠡ ᠲᠣᠰᠬᠤᠨ᠎ᠢ ᠬᠥᠭᠵᠢᠭᠦᠯᠦᠨ ᠮᠠᠨᠳᠤᠭᠤᠯᠬᠤ᠂ ᠬᠥᠳᠡᠭᠡ ᠲᠣᠰᠬᠤᠨ᠎ᠤ ᠠᠵᠤ ᠦᠢ᠍ᠯᠡᠰ᠎ᠢ ᠬᠥᠭᠵᠢᠭᠦᠯᠬᠦ᠂ ᠵᠢᠭᠤᠯᠴᠢᠯᠠᠯ᠎ᠤᠨ ᠡᠬᠢ ᠪᠠᠶᠠᠯᠢᠭ᠎ᠢ ᠨᠡᠭᠡᠭᠡᠨ ᠬᠥᠭᠵᠢᠭᠦᠯᠬᠦ᠂ ᠠᠮᠢ ᠠᠬᠤᠶ ᠵᠢ ᠬᠠᠮᠠᠭ᠋ᠠᠯᠠᠬᠤ᠎ᠲᠠᠢ ᠤᠶᠠᠯᠳᠤᠭᠤᠯᠵᠤ᠂ ᠬᠥᠳᠡᠭᠡ ᠲᠣᠰᠬᠤᠨ᠎ᠤ ᠵᠠᠰᠠᠮᠠᠯ ᠵᠠᠮ᠎ᠢ 《ᠱᠤᠭᠤᠮ》 ᠪᠠᠶ᠋ᠢᠭᠰᠠᠨ᠎ᠠᠴᠠ 《ᠲᠣᠤᠷ》 ᠪᠣᠯᠭ᠋ᠠᠵᠤ᠂ 《ᠨᠡᠪᠲᠡᠷᠡᠵᠦ》 ᠪᠠᠶ᠋ᠢᠭᠰᠠᠨ᠎ᠠᠴᠠ 《ᠰᠠᠶ᠋ᠢᠨ》 ᠪᠣᠯᠭ᠋ᠠᠵᠤ᠂ ᠦᠵᠡᠰᠬᠦᠯᠡᠩᠲᠦ ᠰᠠᠶ᠋ᠢᠬᠠᠨ ᠬᠥᠳᠡᠭᠡ ᠲᠣᠰᠬᠤᠨ᠎ᠤ ᠪᠥᠲᠥᠭᠡᠨ ᠪᠠᠶ᠋ᠢᠭᠤᠯᠤᠯᠲᠠ ᠵᠢ ᠬᠥᠲᠥᠯᠦᠨ ᠳᠠᠭ᠋ᠠᠭᠤᠯᠬᠤ᠂ ᠬᠥᠳᠡᠭᠡ ᠲᠣᠰᠬᠤᠨ᠎ᠢ ᠬᠥᠭᠵᠢᠭᠦᠯᠦᠨ ᠮᠠᠨᠳᠤᠭᠤᠯᠬᠤ ᠵᠢ ᠠᠬᠢᠭᠤᠯᠬᠤ ᠴᠢᠬᠤᠯᠠ ᠲᠤᠯᠭ᠋ᠠᠭᠤᠷᠢᠯᠠᠯ ᠪᠠ ᠪᠠᠲᠤᠯᠠᠭ᠎ᠠ ᠪᠣᠯᠤᠭᠰᠠᠨ ᠪᠠᠶ᠋ᠢᠨ᠎ᠠ᠃ ᠣᠳᠣᠬᠠᠨ᠎ᠳᠤ᠂ ᠪᠥᠬᠦ ᠬᠤᠰᠢᠭᠤ ᠨᠢᠭᠡᠨᠲᠡ ᠮᠠᠢ᠌ᠷᠠᠨ᠎ᠠᠴᠠ ᠵᠢᠨ ᠱᠠᠨ ᠲᠠᠩ ᠬᠦᠷᠬᠦ ᠱᠤᠭᠤᠮ᠂ ᠭᠦᠩ ᠮᠠ ᠱᠤᠭᠤᠮ᠂ ᠨᠢᠦ ᠳ᠋ᠠ ᠱᠤᠭᠤᠮ᠂ ᠵᠢᠨᠱ᠌ᠠᠨ᠎ᠠᠴᠠ ᠨᠠᠨ ᠲᠠᠶ᠋ᠢᠽᠢ ᠬᠦᠷᠬᠦ ᠱᠤᠭᠤᠮ᠂ ᠰᠢᠶᠣᠣ ᠳ᠋ᠠ ᠱᠤᠭᠤᠮ᠂ ᠤᠯᠠᠭ᠋ᠠᠨᠬᠠᠳᠠ᠎ᠠᠴᠠ ᠠᠨ ᠳ᠋ᠠᠨ ᠭᠧᠦ ᠬᠦᠷᠬᠦ ᠱᠤᠭᠤᠮ ᠵᠡᠷᠭᠡ 6 ᠵᠤᠷᠪᠤᠰ 《ᠳᠥᠷᠪᠡᠨ ᠰᠠᠶ᠋ᠢᠨ ᠬᠥᠳᠡᠭᠡ ᠲᠣᠰᠬᠤᠨ᠎ᠤ ᠵᠠᠮ》᠎ᠤᠨ ᠵᠢᠱ᠌ᠢᠶ᠎ᠡ ᠦᠵᠡᠭᠦᠯᠬᠦ ᠵᠠᠮ᠎ᠢ ᠠᠮᠵᠢᠯᠲᠠᠲᠠᠶ ᠪᠠᠶ᠋ᠢᠭᠤᠯᠵᠤ᠂ ᠨᠡᠶ᠋ᠢᠲᠡ 333.798 ᠺᠢᠯᠦᠮᠸᠲᠷ ᠪᠠᠢ᠌ᠵᠤ᠂ ᠬᠥᠳᠡᠭᠡ ᠲᠣᠰᠬᠤᠨ᠎ᠤ ᠵᠠᠰᠠᠮᠠᠯ ᠵᠠᠮ᠎ᠤᠨ ᠪᠦᠬᠦ ᠤᠷᠲᠤ ᠵᠢᠨ 33.1% ᠵᠢ ᠡᠵᠡᠯᠡᠪᠡ᠃ 2023 ᠣᠨ᠎ᠤ ᠡᠴᠦᠰ ᠪᠣᠯᠲᠠᠯ᠎ᠠ᠂ ᠬᠠᠷᠠᠴᠢᠨ ᠬᠤᠰᠢᠭᠤᠨ᠎ᠤ᠎ᠬᠢᠨ ᠬᠥᠳᠡᠭᠡ ᠲᠣᠰᠬᠤᠨ᠎ᠤ ᠵᠠᠰᠠᠮᠠᠯ ᠵᠠᠮ᠎ᠢ 798 ᠺᠢᠯᠦᠮᠸᠲᠷ ᠲᠡᠰ ᠳᠡᠪᠰᠢᠭᠦᠯᠵᠦ᠂ ᠰᠢᠶᠠᠩ ᠪᠠᠯᠭ᠋ᠠᠰᠤᠨ᠎ᠳᠤ ᠭᠤᠷᠪᠠᠳᠤᠭ᠋ᠠᠷ ᠳᠡᠰ ᠵᠢᠴᠢ ᠲᠡᠭᠦᠨ᠎ᠠᠴᠠ ᠳᠡᠭᠡᠭᠰᠢᠬᠢ ᠵᠠᠰᠠᠮᠠᠯ ᠵᠠᠮ ᠨᠡᠪᠲᠡᠷᠡᠭᠰᠡᠨ ᠬᠠᠷᠢᠴᠠᠯ 100%᠎ᠳᠤ ᠬᠦᠷᠴᠦ᠂ 1005 ᠠᠶ᠋ᠢᠯ ᠲᠣᠰᠬᠤᠨ (ᠳᠤᠭᠤᠶ᠋ᠢᠯᠠᠩ)᠎ᠳᠤ ᠬᠠᠲᠠᠭᠤᠷᠠᠭᠤᠯᠤᠭᠰᠠᠨ ᠵᠠᠮ ᠨᠡᠪᠲᠡᠷᠡᠭᠰᠡᠨ ᠬᠠᠷᠢᠴᠠᠯ 100%᠎ᠳᠤ ᠬᠦᠷᠴᠦ᠂ 《ᠲᠣᠰᠬᠤᠨ ᠪᠣᠯᠭ᠋ᠠᠨ᠎ᠳᠤ ᠨᠡᠪᠲᠡᠷᠡᠭᠦᠯᠬᠦ》᠂ 《ᠳᠤᠭᠤᠶ᠋ᠢᠯᠠᠩ ᠪᠣᠯᠭ᠋ᠠᠨ᠎ᠳᠤ ᠨᠡᠪᠲᠡᠷᠡᠭᠦᠯᠬᠦ》᠂ 《ᠡᠷᠦᠬᠡ ᠪᠣᠯᠭ᠋ᠠᠨ᠎ᠳᠤ ᠨᠡᠪᠲᠡᠷᠡᠭᠦᠯᠬᠦ》 ᠵᠢ ᠪᠡᠶᠡᠯᠡᠭᠦᠯᠪᠡ᠃
    《ᠠᠷᠪᠠᠨ ᠳᠥᠷᠪᠡᠳᠦᠭᠡᠷ ᠲᠠᠪᠤᠨ ᠵᠢᠯ》᠎ᠤᠨ ᠬᠤᠭᠤᠴᠠᠭ᠋ᠠᠨ᠎ᠳᠤ ᠬᠠᠷᠠᠴᠢᠨ ᠬᠣᠰᠢᠭᠤᠨ᠎ᠤ᠎ᠬᠢᠨ ᠡᠬᠢ ᠪᠠᠶᠠᠯᠢᠭ᠎ᠤᠨ ᠵᠠᠮ᠂ ᠵᠢᠭᠤᠯᠴᠢᠯᠠᠯ᠎ᠤᠨ ᠵᠠᠮ᠂ ᠠᠵᠤ ᠦᠢ᠍ᠯᠡᠰ᠎ᠤᠨ ᠵᠠᠮ᠎ᠤᠨ 4 ᠲᠥᠷᠥᠯ ᠵᠦᠢ᠍ᠯ᠎ᠢ ᠲᠥᠯᠥᠪᠵᠢᠭᠦᠯᠵᠦ᠂ ᠵᠢᠨ ᠵᠢᠶᠠ ᠳ᠋ᠢᠶᠠᠨ᠎ᠠᠴᠠ ᠱᠠᠨ ᠷᠦᠩ ᠠᠶ᠋ᠢᠮᠠᠭ ᠬᠦᠷᠬᠦ ᠵᠢᠭᠤᠯᠴᠢᠯᠠᠯ᠎ᠤᠨ ᠵᠠᠰᠠᠮᠠᠯ ᠵᠠᠮ᠂ ᠭᠦᠩ ᠵᠢᠶᠠ ᠶᠢᠩᠽᠢ᠎ᠠᠴᠠ ᠵᠧᠩ ᠵᠢᠶᠠ ᠸᠧ ᠫᠦ᠋ ᠬᠦᠷᠬᠦ ᠵᠢᠭᠤᠯᠴᠢᠯᠠᠯ᠎ᠤᠨ ᠵᠠᠰᠠᠮᠠᠯ ᠵᠠᠮ᠂ ᠵᠢᠨᠱ᠌ᠠᠨ᠎ᠠᠴᠠ ᠨᠠᠨ ᠲᠠᠶ᠋ᠢᠽᠢ ᠬᠦᠷᠬᠦ ᠵᠠᠰᠠᠮᠠᠯ ᠵᠠᠮ᠂ ᠸᠠᠩ ᠶᠧ ᠳ᠋ᠢᠶᠠᠨ᠎ᠠᠴᠠ ᠠᠨ ᠳ᠋ᠠᠨ ᠭᠧᠤ ᠬᠦᠷᠬᠦ ᠵᠢᠭᠤᠯᠴᠢᠯᠠᠯ᠎ᠤᠨ ᠵᠠᠰᠠᠮᠠᠯ ᠵᠠᠮ᠎ᠤᠨ ᠯᠦᠩ ᠲᠧᠦ ᠵᠣᠸᠠᠩ᠎ᠠᠴᠠ ᠠᠨ ᠳ᠋ᠠᠨ ᠭᠧᠤ ᠬᠦᠷᠬᠦ ᠬᠡᠰᠡᠭ᠎ᠤᠨ ᠵᠠᠰᠠᠮᠠᠯ ᠵᠠᠮ᠎ᠤᠨ ᠢᠨᠵᠧᠨᠧᠷᠢᠩ ᠪᠣᠯᠤᠨ᠎ᠠ᠃ ᠪᠦᠲᠦᠭᠡᠨ ᠪᠠᠶ᠋ᠢᠭᠤᠯᠤᠯᠲᠠ ᠵᠢᠨ ᠬᠡᠪᠴᠢᠶ᠎ᠡ 60.3 ᠺᠢᠯᠦᠮᠸᠲᠷ ᠪᠠᠶ᠋ᠢᠵᠤ᠂ 4.6 ᠳ᠋ᠦᠩᠰᠢᠭᠤᠷ ᠲᠥᠭᠦᠷᠢᠭ᠎ᠤᠨ ᠪᠡᠯᠡ ᠣᠷᠣᠭᠤᠯᠤᠯᠲᠠ ᠵᠢ ᠵᠢᠱ᠌ᠢᠵᠦ᠂ ᠤᠯᠤᠰ᠎ᠤᠨ ᠵᠠᠮ᠂ ᠮᠤᠵᠢ ᠵᠢᠨ ᠵᠠᠮ᠂ ᠰᠢᠶᠠᠨ᠎ᠤ ᠵᠠᠮ᠂ ᠰᠢᠶᠠᠩ᠎ᠤᠨ ᠵᠠᠮ᠂ ᠲᠣᠰᠬᠤᠨ᠎ᠤ ᠵᠠᠮ ᠎ᠤᠨ ᠥᠨᠳᠥᠷ ᠪᠦᠲᠦᠮᠵᠢᠲᠡᠶ᠎ᠪᠠᠷ ᠬᠣᠯᠪᠤᠯᠳᠤᠭᠰᠠᠨ ᠶᠡᠷᠦᠩᠬᠡᠶ᠋ᠢᠯᠡᠭᠰᠡᠨ ᠵᠠᠮ ᠬᠠᠷᠢᠯᠴᠠᠭ᠎ᠠ ᠲᠡᠭᠡᠭᠡᠪᠦᠷᠢ ᠵᠢᠨ ᠰᠢᠰᠲ᠋ᠧᠮ᠎ᠢ ᠠᠯᠬᠤᠮ ᠠᠯᠬᠤᠮ ᠵᠶ᠋ᠠᠷ ᠪᠠᠶ᠋ᠢᠭᠤᠯᠤᠨ᠎ᠠ᠃

W020240617546963125107.jpg

W020240617546963166722.jpg

W020240617546963191407.jpg


ᠢᠷᠡᠯᠲᠡ᠄ ᠦᠪᠦᠷ ᠮᠣᠩᠭᠤᠯ᠎ᠤᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠭᠢᠮ
          
ᠬᠠᠮᠢᠶ᠎ᠡ ᠪᠦᠬᠦᠢ ᠰᠣᠨᠢᠨ
ᠬᠡᠯᠪᠡᠷᠢ᠎ᠨᠢ ᠣᠯᠠᠨ ᠶᠠᠩᠵᠤ ᠵᠢᠨ! ᠠᠮᠤᠷ ᠲᠦᠪᠰᠢᠨ᠎ᠤ ᠤᠬᠠᠭᠤᠯᠭ᠎ᠠ ᠵᠢᠨ ᠠᠰᠠᠭᠤᠨ ᠯᠠᠪᠯᠠᠬᠤ ᠡᠳᠦᠷ᠎ᠤᠨ ᠠᠵᠢᠯᠯᠠᠭ᠎ᠠ ᠵᠢᠨ ᠡᠮᠬᠢᠳᠭᠡᠯ
ᠴᠡᠭᠡ ᠪᠣᠭᠣᠮᠲᠠ ᠵᠢᠨ ᠣᠯᠠᠨ ᠤᠯᠤᠰ᠎ᠤᠨ ᠵᠠᠰᠠᠮᠠᠯ ᠵᠠᠮ᠎ᠤᠨ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ ᠠᠳᠠᠯᠢ ᠬᠤᠭᠤᠴᠠᠭ᠋ᠠᠨ᠎ᠤ᠎ᠬᠢ᠎ᠠᠴᠠ 10.85%᠎ᠪᠠᠷ ᠨᠡᠮᠡᠭᠳᠡᠪᠡ
ᠣᠨᠴᠠᠭ᠋ᠠᠶ ᠴᠠᠭ ᠠᠭᠤᠷ ᠪᠠ ᠪᠠᠢ᠌ᠭ᠋ᠠᠯᠢ ᠵᠢᠨ ᠭᠠᠮᠰᠢᠭ᠎ᠢ ᠠᠷᠭ᠋ᠠᠴᠠᠭ᠋ᠠᠬᠤ᠎ᠨᠢ ᠠᠵᠢᠯ ᠲᠥᠷᠥᠯ᠎ᠤᠨ ᠨᠡᠢ᠌ᠲᠡᠯᠢᠭ ᠬᠡᠷᠡᠭ᠎ᠤᠨ ᠵᠢᠱ᠌ᠢᠶ᠎ᠡ᠎ᠳᠤ 
 
            