9 ᠳ᠋ᠦ᠍ᠭᠡᠷ ᠰᠠᠷ᠎ᠠ ᠵᠢᠨ 8᠎ᠤ ᠡᠳᠦᠷ᠎ᠠᠴᠠ ᠡᠬᠢᠯᠡᠨ᠂ ᠮᠠᠨ᠎ᠤ ᠣᠷᠣᠨ᠎ᠤ ᠪᠤᠭᠤᠲᠤ᠎ᠠᠴᠠ ᠢᠷᠭ᠋ᠠᠶ ᠬᠦᠷᠬᠦ ᠲᠦᠷᠭᠡᠨ᠎ᠤ ᠲᠡᠮᠦᠷ ᠵᠠᠮ᠎ᠤᠨ ᠪᠤᠭᠤᠲᠤ᠎ᠠᠴᠠ ᠬᠤᠢ ᠨᠦᠩ ᠬᠦᠷᠬᠦ ᠬᠡᠰᠡᠭ᠎ᠤᠨ ᠰᠢᠨ᠎ᠡ᠎ᠪᠠᠷ ᠪᠠᠢ᠌ᠭᠤᠯᠤᠭᠰᠠᠨ ᠦᠬᠠᠶ ᠥᠷᠲᠡᠭᠡ ᠵᠢᠨ ᠬᠡᠷ ᠪᠠᠢ᠌ᠰᠢᠩ ᠪᠠ ᠡᠩ᠎ᠤᠨ ᠬᠤᠷᠳᠤᠴᠠ ᠵᠢᠨ ᠲᠠᠯᠠᠪᠠᠶ᠂ ᠵᠢᠨᠵᠸᠦ᠎ᠠᠴᠠ ᠪᠠᠶᠠᠨᠬᠤᠸᠠ ᠬᠦᠷᠬᠦ ᠲᠡᠮᠦᠷ ᠵᠠᠮ᠎ᠤᠨ ᠪᠣᠷᠣᠬᠣᠲᠠ ᠥᠷᠲᠡᠭᠡ ᠵᠢ ᠵᠢᠩᠬᠢᠨᠢ᠎ᠪᠠᠷ ᠠᠰᠢᠭᠯᠠᠯᠲᠠ᠎ᠳᠤ ᠣᠷᠣᠭᠤᠯᠪᠠ᠃

ᠦᠬᠠᠶ ᠥᠷᠲᠡᠭᠡ᠎ᠨᠢ ᠪᠤᠭᠤᠲᠤ᠎ᠠᠴᠠ ᠢᠷᠭ᠋ᠠᠶ ᠬᠦᠷᠬᠦ ᠲᠦᠷᠭᠡᠨ᠎ᠤ ᠲᠡᠮᠦᠷ ᠵᠠᠮ᠎ᠤᠨ ᠪᠤᠭᠤᠲᠤ᠎ᠠᠴᠠ ᠬᠤᠢ ᠨᠦᠩ ᠬᠦᠷᠬᠦ ᠬᠡᠰᠡᠭ᠎ᠤᠨ ᠪᠥᠬᠥ ᠱᠤᠭᠤᠮ᠎ᠤᠨ ᠬᠠᠮᠤᠭ᠎ᠤᠨ ᠶᠡᠬᠡ ᠰᠢᠨ᠎ᠡ᠎ᠪᠠᠷ ᠪᠠᠢ᠌ᠭᠤᠯᠤᠭᠰᠠᠨ ᠲᠡᠷᠭᠡᠨ ᠥᠷᠲᠡᠭᠡ ᠪᠣᠯᠤᠭᠰᠠᠨ᠎ᠤ ᠬᠤᠪᠢ᠎ᠳᠤ᠂ ᠭᠠᠵᠠᠷ ᠳᠡᠭᠡᠷ᠎ᠡ 2 ᠳᠠᠪᠬᠤᠷᠭ᠎ᠠ᠂ ᠭᠠᠵᠠᠷ ᠳᠣᠣᠷ᠎ᠠ 1 ᠳᠠᠪᠬᠤᠷᠭ᠎ᠠ ᠪᠠᠢ᠌ᠵᠤ᠂ ᠥᠷᠲᠡᠭᠡᠨ᠎ᠤ ᠬᠡᠪᠴᠢᠶ᠎ᠡ᠎ᠨᠢ 4 ᠲᠠᠢ᠌ᠰᠠ 11 ᠱᠤᠭᠤᠮ᠂ ᠥᠷᠲᠡᠭᠡᠨ᠎ᠤ ᠬᠡᠷ ᠪᠠᠢ᠌ᠰᠢᠩ᠎ᠤᠨ ᠪᠠᠷᠢᠯᠭ᠎ᠠ ᠵᠢᠨ ᠲᠠᠯᠠᠪᠠᠶ᠎ᠨᠢ 1 ᠲᠦᠮᠡᠨ ᠲᠡᠭᠰᠢ ᠳᠥᠷᠪᠡᠯᠵᠢᠨ ᠮᠧᠲᠷ᠂ ᠲᠡᠷᠭᠡ ᠬᠦᠯᠢᠶᠡᠬᠦ ᠬᠡᠷ᠎ᠤᠨ ᠲᠠᠯᠠᠪᠠᠶ᠎ᠨᠢ 4500 ᠲᠡᠭᠰᠢ ᠳᠥᠷᠪᠡᠯᠵᠢᠨ ᠮᠧᠲᠷ ᠪᠠᠢ᠌ᠵᠤ᠂ ᠠᠶᠠᠨᠴᠢᠳ᠎ᠤᠨ ᠰᠠᠭᠤᠳᠠᠯ᠎ᠢ 960 ᠵᠢᠷᠤᠵᠤ ᠲᠥᠯᠥᠪᠯᠡᠨ᠂ ᠴᠡᠷᠢᠭ᠂ ᠬᠤᠳᠠᠯᠳᠤᠭ᠋ᠠᠨ᠎ᠤ ᠶᠠᠪᠤᠳᠠᠯ᠂ ᠵᠠᠰᠠᠭ ᠵᠠᠬᠢᠷᠭ᠋ᠠᠨ᠎ᠤ ᠲᠡᠷᠭᠡ ᠬᠦᠯᠢᠶᠡᠬᠦ ᠲᠣᠭᠣᠷᠢᠭ᠂ ᠡᠬᠡ ᠨᠢᠯᠬᠠᠰ᠎ᠤᠨ ᠥᠷᠥᠭᠡ᠂ ᠭᠤᠷᠪᠠᠳᠤᠭ᠋ᠠᠷ ᠠᠷᠢᠭᠤᠨ ᠴᠡᠪᠡᠷ᠎ᠤᠨ ᠲᠠᠰᠤᠯᠭ᠎ᠠ ᠵᠡᠷᠭᠡ ᠵᠢ ᠲᠣᠬᠢᠷᠠᠭᠤᠯᠪᠠ᠃ ᠶᠡᠷᠦᠩᠬᠡᠢ᠌ᠯᠡᠭᠰᠡᠨ ᠦᠢᠯᠡᠴᠢᠯᠡᠭᠡᠨ᠎ᠤ ᠲᠥᠪ᠎ᠨᠢ ᠪᠢᠯᠧᠲ ᠬᠤᠳᠠᠯᠳᠤᠬᠤ ᠴᠣᠩᠬᠣ 2᠂ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ ᠦᠨᠡᠮᠯᠡᠯ ᠦᠢᠯᠡᠳᠬᠦ ᠴᠣᠩᠬᠣ 1᠂ ᠠᠶᠠᠨᠴᠢᠳ᠎ᠤᠨ ᠠᠰᠠᠭᠤᠨ ᠯᠠᠪᠯᠠᠬᠤ ᠦᠢᠯᠡᠴᠢᠯᠡᠭᠡᠨ᠎ᠤ ᠴᠣᠩᠬᠣ 1᠂ ᠪᠢᠯᠧᠲ ᠬᠤᠳᠠᠯᠳᠤᠬᠤ ᠠᠦ᠋ᠲ᠋ᠣ᠋ ᠮᠠᠰᠢᠨ 3 ᠵᠢ ᠲᠣᠬᠢᠷᠠᠭᠤᠯᠪᠠ᠃ ᠦᠬᠠᠶ ᠥᠷᠲᠡᠭᠡ 《ᠳᠡᠭᠡᠭᠰᠢ᠎ᠪᠠᠨ ᠣᠷᠣᠵᠤ ᠳᠣᠷᠣᠭᠰᠢ᠎ᠪᠠᠨ ᠭᠠᠷᠬᠤ》᠂ 《ᠰᠢᠯᠭ᠋ᠠᠬᠤ ᠪᠠᠢ᠌ᠴᠠᠭ᠋ᠠᠬᠤ ᠵᠢ ᠨᠢᠭᠡᠳᠬᠡᠬᠦ》 ᠵᠠᠭᠪᠤᠷ ᠵᠶ᠋ᠠᠷ ᠠᠶᠠᠨᠴᠢᠳ᠎ᠢ ᠵᠣᠬᠢᠶᠠᠨ ᠪᠠᠢ᠌ᠭᠤᠯᠤᠨ ᠵᠥᠭᠡᠭᠡᠪᠦᠷᠢᠯᠡᠬᠦ ᠠᠷᠭ᠎ᠠ ᠵᠢ ᠠᠪᠴᠤ᠂ ᠠᠶᠠᠨᠴᠢᠳ ᠪᠢᠯᠧᠲ ᠵᠶ᠋ᠡᠨ ᠪᠠᠢ᠌ᠴᠠᠭ᠋ᠠᠯᠭ᠋ᠠᠭᠰᠠᠨᠤ ᠳᠠᠷᠠᠭ᠎ᠠ ᠥᠷᠲᠡᠭᠡᠨ᠎ᠳᠤ ᠣᠷᠣᠬᠤ ᠭᠠᠵᠠᠷ ᠳᠣᠤᠷᠠᠬᠢ ᠨᠡᠪᠲᠡᠷᠡᠬᠦ ᠵᠠᠮ ᠵᠶ᠋ᠠᠷ ᠳᠡᠮᠵᠢᠨ ᠲᠡᠷᠭᠡᠨ᠎ᠳᠤ ᠰᠠᠭᠤᠬᠤ ᠭᠠᠯᠲᠤ ᠲᠡᠷᠭᠡᠨ᠎ᠤ ᠵᠣᠭᠰᠣᠭ᠋ᠠᠯ᠎ᠤᠨ ᠲᠠᠪᠴᠠᠩ᠎ᠳᠤ ᠬᠦᠷᠴᠦ᠂ ᠲᠡᠷᠭᠡᠨ᠎ᠠᠴᠠ ᠪᠠᠭᠤᠬᠤ ᠠᠶᠠᠨᠴᠢᠳ ᠥᠷᠲᠡᠭᠡᠨ᠎ᠠᠴᠠ ᠭᠠᠷᠬᠤ ᠭᠠᠵᠠᠷ ᠳᠣᠤᠷᠠᠬᠢ ᠨᠡᠪᠲᠡᠷᠡᠬᠦ ᠵᠠᠮ ᠵᠶ᠋ᠠᠷ ᠳᠡᠮᠵᠢᠨ ᠥᠷᠲᠡᠭᠡᠨ᠎ᠠᠴᠠ ᠭᠠᠷᠬᠤ ᠡᠭᠦᠳᠡ ᠬᠦᠷᠦᠨ᠎ᠡ᠃ ᠦᠬᠠᠶ ᠥᠷᠲᠡᠭᠡ᠎ᠨᠢ 《ᠲᠦᠷᠭᠡᠨ᠎ᠤ ᠪᠠ ᠡᠩ᠎ᠤᠨ ᠲᠡᠮᠦᠷ ᠵᠠᠮ᠎ᠢ ᠬᠠᠮᠲᠤ᠎ᠪᠠᠷ ᠪᠥᠲᠥᠭᠡᠨ ᠪᠠᠢ᠌ᠭᠤᠯᠵᠤ᠂ ᠳᠡᠭᠡᠭᠰᠢ᠎ᠪᠠᠨ ᠣᠷᠣᠵᠤ ᠳᠣᠷᠣᠭᠰᠢ᠎ᠪᠠᠨ ᠭᠠᠷᠬᠤ》 ᠡᠵᠡᠩᠨᠡᠯᠲᠡ ᠵᠢᠨ ᠵᠠᠭᠪᠤᠷ᠎ᠢ ᠬᠡᠷᠡᠭᠯᠡᠵᠦ᠂ ᠠᠰᠢᠭᠯᠠᠯᠲᠠ᠎ᠳᠤ ᠤᠷᠤᠭᠰᠠᠨ᠎ᠤ ᠳᠠᠷᠠᠭ᠎ᠠ ᠥᠪᠥᠷ ᠮᠣᠩᠭᠣᠯ᠎ᠤᠨ ᠪᠠᠷᠠᠭᠤᠨ ᠬᠡᠰᠡᠭ᠎ᠤᠨ ᠭᠠᠵᠠᠷ ᠣᠷᠣᠨ᠎ᠤ ᠲᠡᠮᠦᠷ ᠵᠠᠮ᠎ᠤᠨ ᠠᠶᠠᠨᠴᠢᠳ᠎ᠤᠨ ᠵᠥᠭᠡᠭᠡᠪᠦᠷᠢ ᠵᠢᠨ ᠬᠠᠮᠤᠭ᠎ᠤᠨ ᠶᠡᠬᠡ ᠬᠦᠢᠰᠦ ᠥᠷᠲᠡᠭᠡ ᠪᠣᠯᠵᠣ᠂ 1200 ᠭᠠᠷᠤᠶ ᠠᠶᠠᠨᠴᠢᠳ᠎ᠤᠨ ᠲᠡᠷᠭᠡ ᠬᠦᠯᠢᠶᠡᠬᠦ ᠵᠢ ᠬᠠᠮᠲᠤᠳᠤᠨᠢ ᠪᠠᠭᠲᠠᠭ᠋ᠠᠵᠤ ᠳᠡᠢ᠌ᠯᠦᠨ᠎ᠡ᠃ ᠣᠳᠣ ᠵᠢᠨ ᠪᠠᠢ᠌ᠭ᠎ᠠ ᠦᠬᠠᠶ ᠵᠢᠨ ᠵᠡᠭᠦᠨ ᠥᠷᠲᠡᠭᠡ ᠠᠶᠠᠨᠴᠢᠳ᠎ᠤᠨ ᠵᠥᠭᠡᠭᠡᠪᠦᠷᠢ ᠵᠢᠨ ᠲᠤᠬᠠᠢ᠌ᠯᠠᠭᠰᠠᠨ ᠠᠵᠢᠯ᠎ᠢ ᠭᠦᠢᠴᠡᠳᠬᠡᠬᠦ᠎ᠪᠠᠨ ᠪᠤᠯᠢᠵᠤ᠂ ᠠᠶᠠᠨᠴᠢᠳ᠎ᠤᠨ ᠭᠠᠯᠲᠤ ᠲᠡᠷᠭᠡᠨ᠎ᠤ ᠵᠣᠭᠰᠣᠬᠤ ᠪᠠ ᠠᠶᠠᠯᠠᠬᠤ ᠴᠠᠭ ᠲᠤ ᠡᠳᠦᠢ ᠲᠡᠳᠦᠢ ᠲᠣᠬᠢᠷᠠᠭᠤᠯᠤᠯᠲᠠ ᠬᠢᠪᠠ᠃

ᠵᠢᠨᠵᠸᠦ᠎ᠠᠴᠠ ᠪᠠᠶᠠᠨᠬᠤᠸᠠ ᠬᠦᠷᠬᠦ ᠲᠡᠮᠦᠷ ᠵᠠᠮ᠎ᠤᠨ ᠪᠣᠷᠣᠬᠣᠲᠠ ᠥᠷᠲᠡᠭᠡ᠎ᠨᠢ ᠤᠯᠠᠭ᠋ᠠᠨᠬᠠᠳᠠ ᠬᠣᠲᠠ ᠵᠢᠨ ᠣᠩᠨᠢᠭᠤᠳ ᠬᠣᠰᠢᠭᠤᠨ᠎ᠤ ᠪᠣᠷᠣᠬᠣᠲᠠ ᠪᠠᠯᠭ᠋ᠠᠰᠤ᠎ᠳᠤ ᠪᠠᠢ᠌ᠷᠢᠯᠠᠵᠤ᠂ ᠵᠢᠨᠵᠸᠦ᠎ᠠᠴᠠ ᠪᠠᠶᠠᠨᠬᠤᠸᠠ ᠬᠦᠷᠬᠦ ᠲᠡᠮᠦᠷ ᠵᠠᠮ᠎ᠤᠨ ᠳᠤᠮᠳᠠᠬᠢ ᠥᠷᠲᠡᠭᠡ ᠪᠣᠯᠤᠨ᠎ᠠ᠂ ᠭᠣᠤᠯᠳᠠᠭᠤ ᠠᠶᠠᠨᠴᠢᠳ᠎ᠤᠨ ᠵᠥᠭᠡᠭᠡᠪᠦᠷᠢ ᠵᠢᠨ ᠲᠤᠬᠠᠢ᠌ᠯᠠᠭᠰᠠᠨ ᠠᠵᠢᠯ᠎ᠢ ᠭᠦᠢᠴᠡᠳᠬᠡᠵᠦ᠂ ᠡᠳᠦᠷ ᠪᠦᠷᠢ 1 ᠬᠣᠤᠰ ᠠᠶᠠᠨᠴᠢᠳ᠎ᠤᠨ ᠭᠠᠯᠲᠤ ᠲᠡᠷᠭᠡ ᠶᠠᠪᠤᠭᠤᠯᠵᠤ᠂ ᠭᠣᠤᠯ ᠠᠶᠠᠯᠠᠬᠤ ᠣᠷᠣᠨ ᠵᠠᠶ᠎ᠨᠢ ᠤᠯᠠᠭ᠋ᠠᠨᠬᠠᠳᠠ ᠵᠢᠨ ᠡᠮᠦᠨ᠎ᠡ ᠥᠷᠲᠡᠭᠡ᠎ᠠᠴᠠ ᠬᠥᠬᠡᠬᠣᠲᠠ ᠥᠷᠲᠡᠭᠡ ᠬᠦᠷᠴᠦ᠂ ᠪᠣᠷᠣᠬᠣᠲᠠ ᠥᠷᠲᠡᠭᠡ᠎ᠪᠠᠷ ᠥᠩᠭᠡᠷᠡᠬᠦ ᠪᠣᠯᠣᠨ᠎ᠠ᠃ ᠲᠤᠰ ᠥᠷᠲᠡᠭᠡᠨ᠎ᠤ ᠪᠠᠷᠢᠯᠭ᠎ᠠ ᠵᠢᠨ ᠲᠠᠯᠠᠪᠠᠢ᠎ᠨᠢ 2250 ᠲᠡᠭᠰᠢ ᠳᠥᠷᠪᠡᠯᠵᠢᠨ ᠮᠧᠲᠷ᠂ 400 ᠬᠥᠮᠦᠨ᠎ᠢ ᠪᠠᠭᠲᠠᠭ᠋ᠠᠵᠤ᠂ ᠵᠢᠩᠬᠢᠨᠢ᠎ᠪᠠᠷ ᠡᠵᠡᠩᠨᠡᠯᠲᠡ᠎ᠪᠠᠨ ᠡᠬᠢᠯᠡᠭᠦᠯᠦᠭᠰᠡᠨ᠎ᠤ ᠳᠠᠷᠠᠭ᠎ᠠ᠂ ᠣᠩᠨᠢᠭᠤᠳ ᠬᠣᠰᠢᠭᠤᠨ᠎ᠳᠤ ᠲᠡᠮᠦᠷ ᠵᠠᠮ᠎ᠤᠨ ᠠᠶᠠᠨᠴᠢᠳ᠎ᠤᠨ ᠵᠥᠭᠡᠭᠡᠪᠦᠷᠢ ᠦᠭᠡᠢ ᠪᠠᠢ᠌ᠭᠰᠠᠨ ᠲᠡᠦᠬᠡ ᠵᠢ ᠡᠴᠦᠰᠯᠡᠭᠦᠯᠵᠡᠢ᠃