ᠲᠡᠷᠢᠭᠦᠨ ᠨᠢᠭᠤᠷ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠢᠯᠡ ᠵᠠᠰᠠᠭ   -   ᠵᠠᠰᠠᠭ ᠵᠠᠬᠢᠷᠭᠠᠨ᠎ᠤ ᠵᠢᠷᠤᠮᠵᠢᠯ᠎ᠤᠨ ᠴᠢᠨᠠᠷᠳᠠᠢ ᠪᠢᠴᠢᠭ ᠮᠠᠲ᠋ᠧᠷᠢᠶᠠᠯ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠬᠠᠮᠢᠶᠠᠷᠤᠯᠲᠠ ᠵᠢᠨ ᠠᠷᠭ᠎ᠠ》 ᠵᠢ ᠳᠠᠷᠤᠮᠠᠯᠯᠠᠨ ᠶᠠᠪᠤᠭᠤᠯᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠮᠡᠳᠡᠭᠳᠡᠯ
ᠨᠡᠶ᠋ᠢᠲᠡᠯᠡᠭᠰᠡᠨ ᠴᠠᠭ᠄ 2025-04-14

ᠡᠯ᠎ᠡ ᠠᠢ᠌ᠮᠠᠭ ᠬᠣᠲᠠ ᠵᠢᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠣᠪᠴᠢᠶ᠎ᠠ᠂ ᠥᠪᠥᠷ ᠮᠣᠩᠭᠣᠯ᠎ᠤᠨ ᠵᠠᠮ ᠬᠠᠷᠢᠯᠴᠠᠭ᠋ᠠᠨ᠎ᠤ ᠪᠦᠯᠦᠭᠯᠡᠯ᠎ᠤᠨ ᠬᠢᠵᠠᠭ᠋ᠠᠷᠲᠤ ᠺᠣᠮᠫᠠᠨᠢ᠂ ᠲᠢᠩᠬᠢᠮ᠎ᠤᠨ ᠰᠢᠭᠤᠳ ᠬᠠᠷᠢᠶ᠎ᠠ ᠡᠯ᠎ᠡ ᠨᠢᠭᠡᠴᠢ᠂ ᠲᠢᠩᠬᠢᠮ᠎ᠤᠨ ᠪᠠᠢ᠌ᠭᠤᠯᠭ᠎ᠠ ᠵᠢᠨ ᠡᠯ᠎ᠡ ᠭᠠᠵᠠᠷ ᠲᠠᠰᠤᠭ᠄
    

    《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠬᠠᠮᠢᠶᠠᠷᠤᠯᠲᠠ ᠵᠢᠨ ᠠᠷᠭ᠎ᠠ》 ᠵᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ 2025 ᠣᠨ᠎ᠤ 1 ᠳ᠋ᠦ᠍ᠭᠡᠷ ᠤᠳᠠᠭ᠋ᠠᠨ᠎ᠤ ᠲᠢᠩᠬᠢᠮ᠎ᠤᠨ ᠶᠠᠪᠤᠳᠠᠯ᠎ᠤᠨ ᠬᠤᠷᠠᠯ ᠵᠶ᠋ᠠᠷ ᠬᠢᠨᠠᠨ ᠵᠥᠪᠯᠡᠵᠦ ᠪᠠᠲᠤᠯᠠᠭ᠋ᠠᠳ᠂ ᠡᠳᠦᠭᠡ ᠲᠠ ᠨᠠᠷ᠎ᠲᠤ ᠳᠠᠷᠤᠮᠠᠯᠯᠠᠨ ᠶᠠᠪᠤᠭᠤᠯᠤᠯ᠎ᠠ᠂ ᠬᠢᠨᠠᠮᠠᠭ᠋ᠠᠶ ᠲᠤᠭᠤᠰᠢᠯᠠᠭᠤᠯᠤᠨ ᠬᠡᠷᠡᠭᠵᠢᠭᠦᠯᠦᠭᠡᠷᠡᠢ᠃ 
             ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ
                            2025 ᠣᠨ᠎ᠤ 2 ᠳ᠋ᠤᠭ᠋ᠠᠷ ᠰᠠᠷ᠎ᠠ ᠵᠢᠨ 25᠎ᠤ ᠡᠳᠦᠷ
   

      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠬᠠᠮᠢᠶᠠᠷᠤᠯᠲᠠ ᠵᠢᠨ ᠠᠷᠭ᠎ᠠ
    ᠨᠢᠭᠡᠳᠦᠭᠡᠷ ᠪᠦᠯᠦᠭ ᠶᠡᠷᠦᠩᠬᠡᠢ ᠳᠦᠷᠢᠮ
    ᠨᠢᠭᠡᠳᠦᠭᠡᠷ ᠵᠦᠢᠯ   ᠪᠥᠬᠥ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠠᠶᠤᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠰᠢᠰᠲ᠋ᠧᠮᠵᠢ ᠵᠢᠨ ᠪᠠᠢ᠌ᠭᠤᠯᠤᠯᠲᠠ ᠵᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠲᠤᠰᠬᠠᠶ ᠮᠡᠷᠭᠡᠵᠢᠯᠲᠡᠨ᠎ᠤ ᠰᠢᠢᠳᠪᠦᠷᠢᠲᠦ ᠪᠣᠳᠣᠯᠭ᠎ᠠ ᠵᠢᠨ ᠯᠠᠪᠯᠠᠯᠭ᠎ᠠ ᠪᠠ ᠮᠡᠷᠭᠡᠵᠢᠯ᠎ᠤᠨ ᠲᠤᠯᠭ᠋ᠠᠭᠤᠷᠢᠯᠠᠬᠤ ᠦᠢᠯᠡᠳᠦᠯ᠎ᠢ ᠭᠦᠢᠴᠡᠳ ᠪᠠᠳᠠᠷᠠᠭᠤᠯᠤᠨ᠂ ᠠᠵᠢᠯ ᠲᠥᠷᠥᠯ᠎ᠤᠨ ᠠᠶᠦᠯᠬᠦᠢ ᠦᠢᠯᠡᠳᠪᠦᠷᠢᠯᠡᠯ᠎ᠤᠨ ᠬᠢᠨᠠᠯᠲᠠ ᠬᠠᠮᠢᠶᠠᠷᠤᠯᠲᠠ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠠᠵᠢᠯ᠎ᠤᠨ ᠰᠢᠨᠵᠢᠯᠡᠬᠦ ᠤᠬᠠᠭ᠋ᠠᠨᠴᠢ᠎ᠪᠠᠷ ᠰᠢᠢᠳᠪᠦᠷᠢᠲᠦ ᠪᠣᠳᠣᠯᠭ᠎ᠠ ᠲᠣᠭᠲᠠᠭ᠋ᠠᠬᠤ ᠬᠢᠷᠢ ᠬᠡᠮᠵᠢᠶ᠎ᠡ ᠵᠢ ᠦᠨᠡᠨᠬᠦ ᠳᠡᠭᠡᠭᠰᠢᠯᠡᠭᠦᠯᠬᠦ ᠵᠢᠨ ᠲᠥᠯᠥᠭᠡ᠂ 《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠠᠶᠦᠯᠬᠦᠢ ᠦᠢᠯᠡᠳᠪᠦᠷᠢᠯᠡᠯ᠎ᠤᠨ ᠬᠠᠤᠯᠢ》᠂           《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠶᠦᠯᠬᠦᠢ ᠦᠢᠯᠡᠳᠪᠦᠷᠢᠯᠡᠯ᠎ᠤᠨ ᠲᠦᠷᠢᠮ》 ᠪᠣᠯᠤᠨ      《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠭᠡᠨᠡᠳᠲᠡ ᠵᠢᠨ ᠬᠡᠷᠡᠭ᠎ᠢ ᠠᠷᠭ᠋ᠠᠴᠠᠭ᠋ᠠᠬᠤ ᠬᠠᠤᠯᠢ》 ᠵᠡᠷᠭᠡ ᠬᠠᠮᠢᠶ᠎ᠠ ᠪᠥᠬᠥᠶ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠢ ᠦᠨᠳᠦᠰᠦᠯᠡᠨ᠂ ᠮᠠᠨ᠎ᠤ ᠲᠢᠩᠬᠢᠮ᠎ᠤᠨ ᠠᠵᠢᠯ᠎ᠤᠨ ᠪᠣᠳᠠᠲᠠᠶ᠎ᠲᠠᠢ᠎ᠪᠠᠨ ᠤᠶᠠᠯᠳᠤᠭᠤᠯᠵᠤ᠂ ᠲᠣᠰ ᠠᠷᠭ᠎ᠠ ᠵᠢ ᠲᠣᠭᠲᠠᠭ᠋ᠠᠪᠠ᠃
    ᠬᠣᠶᠠᠳᠤᠭ᠋ᠠᠷ ᠵᠦᠢ᠍ᠯ   ᠲᠤᠰ ᠠᠷᠭ᠎ᠠ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠬᠥᠮᠥᠷᠭᠡ ᠵᠢᠨ ᠪᠦᠲᠦᠭᠡᠨ ᠪᠠᠢ᠌ᠭᠤᠯᠤᠯᠲᠠ ᠵᠢᠨ ᠠᠵᠢᠯᠯᠠᠭ᠋ᠠᠨ ᠵᠢᠴᠢ ᠲᠤᠰᠬᠠᠶ ᠮᠡᠷᠭᠡᠵᠢᠯᠲᠡᠨ᠎ᠢ ᠤᠷᠢᠨ ᠬᠡᠷᠡᠭᠯᠡᠬᠦ ᠪᠠ ᠬᠠᠮᠢᠶᠠᠷᠬᠤ᠎ᠳᠤ ᠲᠣᠬᠢᠷᠠᠨ᠎ᠠ᠃
    ᠭᠤᠷᠪᠠᠳᠤᠭ᠋ᠠᠷ ᠵᠦᠢ᠍ᠯ   ᠲᠤᠰ ᠠᠷᠭ᠎ᠠ᠎ᠳᠤ ᠬᠡᠯᠡᠵᠦ ᠪᠠᠢ᠌ᠭ᠎ᠠ ᠲᠤᠰᠬᠠᠶ ᠮᠡᠷᠭᠡᠵᠢᠯᠲᠡᠨ ᠭᠡᠳᠡᠭ᠎ᠨᠢ ᠲᠤᠰ ᠠᠷᠭ᠎ᠠ᠎ᠳᠤ ᠲᠣᠭᠲᠠᠭ᠋ᠠᠭᠰᠠᠨ ᠨᠥᠬᠥᠴᠡᠯ ᠪᠣᠯᠤᠨ ᠱᠠᠭ᠋ᠠᠷᠳᠠᠯᠭ᠎ᠠ᠎ᠳᠤ ᠨᠡᠢ᠌ᠴᠡᠵᠦ᠂ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠠᠶᠤᠯᠬᠦᠢ ᠦᠢ᠍ᠯᠡᠳᠪᠦᠷᠢᠯᠡᠯ ᠪᠣᠯᠤᠨ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠠᠵᠢᠯ᠎ᠳᠤ ᠰᠢᠢᠳᠪᠦᠷᠢᠲᠦ ᠪᠣᠳᠣᠯᠭ᠎ᠠ ᠵᠢᠨ ᠯᠠᠪᠯᠠᠯᠭ᠎ᠠ ᠪᠣᠯᠤᠨ ᠮᠡᠷᠭᠡᠵᠢᠯ᠎ᠤᠨ ᠲᠤᠯᠭ᠋ᠠᠭᠤᠷᠢᠯᠠᠯ ᠵᠡᠷᠭᠡ ᠦᠢ᠍ᠯᠡᠴᠢᠯᠡᠭᠡᠨ ᠬᠠᠩᠭ᠋ᠠᠬᠤ ᠲᠤᠰᠬᠠᠶ ᠮᠡᠷᠭᠡᠵᠢᠯ᠎ᠤᠨ ᠠᠵᠢᠯᠲᠠᠨ᠎ᠢ ᠵᠢᠭ᠋ᠠᠵᠤ ᠪᠤᠶ᠃
    ᠳᠥᠷᠪᠡᠳᠦᠭᠡᠷ ᠵᠦᠢᠯ   ᠲᠤᠰᠬᠠᠶ ᠮᠡᠷᠭᠡᠵᠢᠯᠲᠡᠨ᠎ᠤ ᠬᠥᠮᠥᠷᠭᠡ ᠵᠢᠨ ᠲᠤᠰᠬᠠᠶ ᠮᠡᠷᠭᠡᠵᠢᠯᠲᠡᠨ᠎ᠢ ᠬᠦᠷᠢᠶ᠎ᠡ ᠬᠡᠪᠴᠢᠶ᠎ᠡ᠎ᠪᠠᠷ᠎ᠨᠢ ᠵᠠᠮ ᠲᠡᠭᠡᠭᠡᠪᠦᠷᠢ᠂ ᠬᠣᠲᠠ ᠵᠢᠨ ᠠᠶᠠᠨᠴᠢᠳ᠎ᠤᠨ ᠵᠥᠭᠡᠭᠡᠪᠦᠷᠢ᠂ ᠤᠰᠤᠨ ᠳᠡᠭᠡᠷᠡᠬᠢ ᠵᠠᠮ ᠬᠠᠷᠢᠯᠴᠠᠭ᠎ᠠ᠂ ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ᠂ ᠵᠠᠰᠠᠮᠠᠯ ᠵᠠᠮ᠎ᠤᠨ ᠲᠡᠭᠡᠭᠡᠪᠦᠷᠢ ᠡᠵᠡᠩᠨᠡᠯᠲᠡ᠂ ᠲᠡᠮᠦᠷ ᠵᠠᠮ ᠠᠷᠠᠳ᠎ᠤᠨ ᠠᠭ᠋ᠠᠷ᠎ᠤᠨ ᠲᠡᠭᠡᠭᠡᠪᠦᠷᠢ᠂ ᠶᠡᠷᠦᠩᠬᠡᠢ᠌ᠯᠡᠭᠰᠡᠨ ᠬᠠᠮᠢᠶᠠᠷᠤᠯᠲᠠ ᠵᠡᠷᠭᠡ 7 ᠬᠦᠷᠢᠶ᠎ᠡ ᠬᠡᠪᠴᠢᠶᠡᠨ᠎ᠳᠤ ᠬᠤᠪᠢᠶᠠᠨ᠎ᠠ᠃ ᠲᠤᠰᠬᠠᠶ ᠮᠡᠷᠭᠡᠵᠢᠯᠲᠡᠨ᠎ᠤ ᠬᠥᠮᠥᠷᠭᠡ᠎ᠳᠤ ᠬᠥᠳᠡᠯᠦᠩᠭᠦᠶ ᠬᠠᠮᠢᠶᠠᠷᠤᠯᠲᠠ ᠵᠢ ᠬᠡᠷᠡᠭᠵᠢᠭᠦᠯᠵᠦ᠂ ᠠᠵᠢᠯ᠎ᠤᠨ ᠬᠡᠷᠡᠭᠴᠡᠭᠡ᠎ᠪᠠᠨ ᠦᠨᠳᠦᠰᠦᠯᠡᠨ᠂ ᠵᠣᠬᠢᠰᠲᠠᠶ ᠲᠣᠬᠢᠷᠠᠭᠤᠯᠬᠤ ᠪᠠ ᠨᠥᠬᠥᠪᠥᠷᠢᠯᠡᠵᠦ ᠪᠣᠯᠤᠨ᠎ᠠ᠃
    ᠲᠠᠪᠤᠳᠤᠭ᠋ᠠᠷ ᠵᠦᠢᠯ   ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠦᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠬᠠᠮᠢᠶᠠᠷᠤᠯᠲᠠ ᠵᠢᠨ ᠠᠵᠢᠯ᠎ᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠦᠯᠬᠦᠢ ᠦᠢᠯᠡᠳᠪᠦᠷᠢᠯᠡᠯ᠎ᠤᠨ ᠵᠥᠪᠯᠡᠯ᠎ᠤᠨ ᠠᠯᠪᠠᠨ ᠬᠡᠷ (ᠳᠣᠷᠣᠭᠰᠢ 《ᠲᠢᠩᠬᠢᠮ᠎ᠤᠨ ᠠᠶᠦᠯᠬᠦᠢ ᠦᠢᠯᠡᠳᠪᠦᠷᠢᠯᠡᠯ᠎ᠤᠨ ᠵᠥᠪᠯᠡᠯ᠎ᠤᠨ ᠠᠯᠪᠠᠨ ᠬᠡᠷ》 ᠭᠡᠵᠦ ᠲᠣᠪᠴᠢᠯᠠᠨ᠎ᠠ)᠎ᠠᠴᠠ ᠲᠤᠰᠬᠠᠶ ᠮᠡᠷᠭᠡᠵᠢᠯᠲᠡᠨ᠎ᠢ ᠤᠷᠢᠨ ᠬᠡᠷᠡᠭᠯᠡᠵᠦ ᠬᠠᠮᠢᠶᠠᠷᠬᠤ᠂ ᠵᠣᠬᠢᠴᠠᠭᠤᠯᠤᠨ ᠦᠢᠯᠡᠴᠢᠯᠡᠬᠦ ᠵᠡᠷᠭᠡ ᠡᠳᠦᠷ ᠲᠤᠲᠤᠮ᠎ᠤᠨ ᠠᠵᠢᠯ᠎ᠢ ᠬᠠᠷᠢᠭᠤᠴᠠᠨ ᠵᠣᠬᠢᠶᠠᠨ ᠪᠠᠢ᠌ᠭᠤᠯᠤᠨ᠎ᠠ᠂ ᠭᠣᠤᠯ ᠡᠭᠦᠷᠭᠡ ᠬᠠᠷᠢᠭᠤᠴᠠᠯᠭ᠎ᠠ᠎ᠨᠢ᠄
     (ᠨᠢᠭᠡ) ᠵᠢᠯ ᠪᠦᠷᠢ ᠲᠤᠰᠬᠠᠶ ᠮᠡᠷᠭᠡᠵᠢᠯᠲᠡᠨ ᠲᠣᠮᠢᠯᠠᠬᠤ᠂ ᠡᠭᠦᠷᠭᠡ ᠭᠦᠢ᠍ᠴᠡᠳᠬᠡᠬᠦ ᠵᠡᠷᠭᠡ ᠪᠠᠢ᠌ᠳᠠᠯ᠎ᠳᠤ ᠵᠠᠳᠠᠯᠤᠯᠲᠠ ᠬᠢᠵᠦ ᠦᠨᠡᠯᠡᠨ ᠵᠢᠱ᠌ᠢᠵᠦ᠂ ᠲᠤᠰᠬᠠᠶ ᠮᠡᠷᠭᠡᠵᠢᠯᠲᠡᠨ᠎ᠤ ᠬᠠᠮᠢᠶᠠᠷᠤᠯᠲᠠ ᠵᠢᠨ ᠠᠵᠢᠯ᠎ᠤᠨ ᠬᠢᠷᠢ ᠬᠡᠮᠵᠢᠶ᠎ᠡ ᠵᠢ ᠲᠠᠰᠤᠷᠠᠯᠲᠠ ᠤᠢ᠍ᠭᠡᠢ ᠰᠠᠢ᠌ᠵᠢᠷᠠᠭᠤᠯᠤᠨ ᠳᠡᠭᠡᠭᠰᠢᠯᠡᠭᠦᠯᠦᠨ᠎ᠡ;
    (ᠬᠣᠶᠠᠷ) ᠲᠤᠰᠬᠠᠶ ᠮᠡᠷᠭᠡᠵᠢᠯᠲᠡᠨ᠎ᠤ ᠮᠡᠳᠡᠭᠡ ᠵᠠᠩᠭᠢ ᠵᠢ ᠴᠠᠭ ᠲᠤᠬᠠᠶ᠎ᠳᠤ᠎ᠨᠢ ᠰᠢᠨᠡᠳᠬᠡᠵᠦ᠂ ᠬᠥᠳᠡᠯᠦᠩᠭᠦᠶ ᠬᠠᠮᠢᠶᠠᠷᠤᠯᠲᠠ ᠵᠢ ᠪᠡᠶᠡᠯᠡᠭᠦᠯᠦᠨ᠎ᠡ;
    (ᠭᠤᠷᠪᠠ) ᠲᠣᠪᠣᠢ᠌ᠮ᠎ᠠ ᠬᠤᠪᠢ ᠨᠡᠮᠡᠷᠢ ᠦᠵᠡᠭᠦᠯᠦᠭᠰᠡᠨ ᠲᠤᠰᠬᠠᠶ ᠮᠡᠷᠭᠡᠵᠢᠯᠲᠡᠨ᠎ᠢ ᠰᠠᠢ᠌ᠰᠢᠶᠠᠨ ᠬᠥᠬᠢᠭᠦᠯᠵᠦ ᠱᠠᠩᠨᠠᠨ᠎ᠠ;
    (ᠳᠥᠷᠪᠡ) ᠲᠤᠰᠬᠠᠶ ᠮᠡᠷᠭᠡᠵᠢᠯᠲᠡᠨ᠎ᠤ ᠬᠠᠮᠢᠶᠠᠷᠤᠯᠲᠠ ᠵᠢᠨ ᠠᠵᠢᠯ᠎ᠤᠨ ᠲᠤᠬᠠᠶ ᠰᠠᠨᠠᠯ ᠰᠠᠨᠠᠭᠤᠯᠭ᠎ᠠ ᠵᠢ ᠴᠠᠭ ᠲᠤᠬᠠᠶ᠎ᠳᠤ᠎ᠨᠢ ᠰᠣᠨᠣᠰᠴᠤ᠂ ᠲᠤᠰᠬᠠᠶ ᠮᠡᠷᠭᠡᠵᠢᠯᠲᠡᠨ᠎ᠤ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠬᠡᠭᠰᠡᠨ ᠮᠠᠭᠤ ᠦᠢᠯᠡ ᠠᠵᠢᠯᠯᠠᠭ᠎ᠠ ᠵᠢ ᠢᠯᠡᠴᠢᠯᠡᠨ ᠮᠡᠳᠡᠭᠦᠯᠵᠦ ᠵᠠᠭ᠋ᠠᠯᠳᠤᠭᠰᠠᠨ᠎ᠢ ᠭᠥᠯᠢᠶᠡᠨ ᠠᠪᠴᠤ ᠰᠢᠢᠳᠪᠦᠷᠢᠯᠡᠨ᠎ᠡ;
    (ᠲᠠᠪᠤ) ᠡᠭᠦᠷᠭᠡ ᠬᠠᠷᠢᠭᠤᠴᠠᠯᠭ᠎ᠠ᠎ᠪᠠᠨ ᠭᠦᠢ᠍ᠴᠡᠳᠬᠡᠭᠰᠡᠨ ᠦᠭᠡᠶ᠎ᠠᠴᠠ ᠪᠣᠯᠵᠤ ᠮᠠᠭᠤ ᠨᠥᠯᠥᠭᠡ ᠭᠠᠷᠭ᠋ᠠᠭᠰᠠᠨ ᠪᠣᠯ ᠲᠤᠰᠬᠠᠶ ᠮᠡᠷᠭᠡᠵᠢᠯᠲᠡᠨ᠎ᠤ ᠬᠢᠷᠢ ᠬᠡᠮ᠎ᠢ᠎ᠨᠢ ᠬᠠᠰᠤᠵᠤ᠂ ᠲᠤᠰ ᠬᠥᠮᠦᠨ᠎ᠤ ᠪᠠᠢ᠌ᠭ᠎ᠠ ᠨᠢᠭᠡᠴᠢ᠎ᠳᠤ᠎ᠨᠢ ᠮᠡᠳᠡᠭᠦᠯᠬᠦ ᠵᠢᠨ ᠬᠠᠮᠲᠤ ᠬᠠᠮᠢᠶ᠎ᠠ ᠪᠦᠬᠦᠢ ᠰᠠᠯᠠᠭ᠎ᠠ ᠮᠥᠴᠢᠷ᠎ᠢ ᠰᠠᠨᠠᠭᠤᠯᠤᠨ ᠪᠠᠢ᠌ᠴᠠᠭ᠋ᠠᠨ ᠰᠢᠢ᠍ᠳᠪᠦᠷᠢᠯᠡᠭᠦᠯᠦᠨ᠎ᠡ᠃
    ᠬᠣᠶᠠᠳᠤᠭ᠋ᠠᠷ ᠪᠦᠯᠦᠭ ᠲᠤᠰᠬᠠᠶ ᠮᠡᠷᠭᠡᠵᠢᠯᠲᠡᠨ᠎ᠢ ᠰᠣᠩᠭᠣᠨ ᠤᠷᠢᠬᠤ 
    ᠵᠢᠷᠭᠤᠳᠤᠭ᠋ᠠᠷ ᠵᠦᠢᠯ  ᠲᠤᠰᠬᠠᠶ ᠮᠡᠷᠭᠡᠵᠢᠯᠲᠡᠨ᠎ᠢ ᠵᠥᠪᠰᠢᠶᠡᠷᠡᠨ ᠣᠷᠣᠭᠤᠯᠬᠤ ᠲᠣᠭᠲᠠᠴᠠ ᠵᠢ ᠪᠠᠢ᠌ᠭᠤᠯᠤᠨ ᠲᠡᠭᠦᠯᠳᠡᠷᠵᠢᠭᠦᠯᠵᠦ᠂ ᠰᠣᠩᠭᠣᠨ ᠤᠷᠢᠬᠤ ᠲᠤᠰᠬᠠᠶ ᠮᠡᠷᠭᠡᠵᠢᠯᠲᠡᠨ᠎ᠨᠢ ᠳᠣᠤᠷᠠᠬᠢ ᠦᠨᠳᠦᠰᠦᠨ ᠨᠥᠬᠥᠴᠡᠯ᠎ᠢ ᠪᠦᠷᠢᠯᠳᠦᠭᠦᠯᠬᠦ ᠬᠡᠷᠡᠭᠲᠡᠶ᠄
    (ᠨᠢᠭᠡ) ᠨᠠᠮ᠎ᠤᠨ ᠱᠤᠭᠤᠮ᠂ ᠴᠢᠭᠯᠡᠯᠲᠡ᠂ ᠲᠦᠷᠦ ᠵᠢᠨ ᠪᠤᠳᠤᠯᠭ᠎ᠠ ᠵᠢ ᠬᠦᠷᠢᠶᠡᠯᠡᠵᠦ᠂ ᠤᠯᠤᠰ ᠲᠦᠷᠦ ᠵᠢᠨ ᠵᠣᠭᠰᠣᠯᠲᠠ ᠪᠠᠲᠤ ᠪᠠᠢ᠌ᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠠᠵᠢᠯ᠎ᠤᠨ ᠭᠣᠣᠯ ᠱᠤᠭᠤᠮ᠎ᠤᠨ ᠱᠠᠭ᠋ᠠᠷᠳᠠᠯᠭ᠎ᠠ ᠵᠢ ᠭᠦᠨᠵᠡᠭᠡᠢ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠲᠤᠰᠬᠠᠢ ᠮᠡᠷᠭᠡᠵᠢᠯᠲᠡᠨ᠎ᠤ ᠠᠵᠢᠯ᠎ᠳᠤ ᠰᠠᠢ᠍ᠢ᠍ᠨ ᠳᠤᠷ᠎ᠠ᠎ᠠᠴᠠ᠎ᠪᠠᠨ ᠣᠷᠣᠯᠴᠠᠵᠤ᠂ ᠰᠠᠢ᠍ᠢ᠍ᠨ ᠰᠠᠢ᠌ᠬᠠᠨ ᠠᠵᠢᠯ ᠮᠡᠷᠭᠡᠵᠢᠯ᠎ᠤᠨ ᠶᠣᠰᠣ ᠮᠣᠷᠠᠯ᠎ᠲᠠᠢ᠂ ᠰᠠᠬᠢᠯᠭ᠎ᠠ ᠪᠠᠲᠤ ᠵᠢ ᠵᠢᠷᠤᠮᠯᠠᠨ ᠬᠠᠤᠯᠢ ᠵᠢ ᠰᠠᠬᠢᠬᠤ᠂ ᠣᠪᠣᠷ ᠰᠤᠷᠲᠠᠯ ᠲᠥᠪ ᠴᠢᠬᠡᠴᠢ᠂ ᠦᠨᠡᠨᠴᠢ ᠢᠲᠡᠭᠡᠮᠵᠢᠲᠡᠢ᠂ ᠡᠷᠡᠭᠦᠯ ᠪᠤᠰᠤ ᠢᠲᠡᠭᠡᠮᠵᠢ ᠵᠢᠨ ᠲᠡᠮᠳᠡᠭᠯᠡᠯ ᠦᠭᠡᠢ ᠪᠠᠢ᠌ᠬᠤ;
    (ᠬᠣᠶᠠᠷ) ᠵᠠᠮ ᠬᠠᠷᠢᠯᠴᠠᠭ᠎ᠠ ᠲᠡᠭᠡᠭᠡᠪᠦᠷᠢ ᠵᠢᠨ ᠠᠶᠤᠯᠬᠦᠢ ᠦᠢ᠍ᠯᠡᠳᠪᠦᠷᠢᠯᠡᠯ ᠪᠣᠯᠤᠨ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠴᠢᠭᠯᠡᠯᠲᠡ ᠲᠥᠷᠥ ᠵᠢᠨ ᠪᠣᠳᠣᠯᠭ᠎ᠠ᠂ ᠬᠠᠤᠯᠢ ᠴᠠᠭ᠋ᠠᠵᠠ ᠬᠠᠤᠯᠢ ᠲᠣᠭᠲᠠᠭ᠋ᠠᠯ ᠪᠣᠯᠤᠨ ᠵᠢᠷᠤᠮᠵᠢᠯ᠎ᠤᠨ ᠪᠠᠷᠢᠮᠵᠢᠶ᠎ᠠ ᠵᠢ ᠣᠢ᠌ᠯᠠᠭ᠋ᠠᠵᠤ᠂ ᠵᠠᠮ ᠬᠠᠷᠢᠯᠴᠠᠭ᠎ᠠ ᠲᠡᠭᠡᠭᠡᠪᠦᠷᠢ ᠵᠢᠨ ᠠᠶᠤᠯᠬᠦᠢ ᠦᠢ᠍ᠯᠡᠳᠪᠦᠷᠢᠯᠡᠯ ᠪᠣᠯᠤᠨ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ᠎ᠯᠤᠭ᠎ᠠ ᠬᠣᠯᠪᠣᠭᠳᠠᠬᠤ ᠲᠤᠰᠬᠠᠶ ᠮᠡᠷᠭᠡᠵᠢᠯ᠎ᠤᠨ ᠣᠨᠣᠯ᠂ ᠠᠵᠢᠯ᠎ᠤᠨ ᠳᠡᠰ ᠳᠠᠷᠠᠭ᠋ᠠᠯᠠᠯ ᠪᠣᠯᠤᠨ ᠠᠵᠢᠯ᠎ᠤᠨ ᠠᠷᠭ᠎ᠠ ᠵᠢ ᠡᠵᠡᠮᠰᠢᠵᠦ᠂ ᠪᠡᠶ᠎ᠡ᠎ᠪᠠᠨ ᠳᠠᠭ᠋ᠠᠭ᠋ᠠᠨ ᠠᠵᠢᠯ ᠵᠶ᠋ᠠᠨ ᠥᠷᠨᠢᠭᠦᠯᠵᠦ ᠳᠡᠢ᠌ᠯᠬᠦ ᠬᠡᠷᠡᠭᠲᠡᠶ;
    (ᠭᠤᠷᠪᠠ) ᠵᠠᠮ ᠬᠠᠷᠢᠯᠴᠠᠭ᠎ᠠ ᠲᠡᠭᠡᠭᠡᠪᠦᠷᠢ ᠵᠢᠨ ᠠᠵᠢᠯ ᠲᠥᠷᠥᠯ᠎ᠤᠨ ᠠᠶᠤᠯᠬᠦᠢ ᠦᠢ᠍ᠯᠡᠳᠪᠦᠷᠢᠯᠡᠯ᠎ᠤᠨ ᠬᠠᠮᠢᠶ᠎ᠠ ᠪᠦᠬᠦᠢ ᠲᠤᠰᠬᠠᠶ ᠮᠡᠷᠭᠡᠵᠢᠯ᠎ᠤᠨ ᠬᠦᠷᠢᠶᠡᠨ᠎ᠤ ᠬᠠᠮᠢᠶᠠᠷᠤᠯᠲᠠ ᠵᠢ 8 ᠵᠢᠯ᠎ᠠᠴᠠ ᠳᠡᠭᠡᠭᠰᠢ ᠬᠢᠭᠰᠡᠨ; ᠡᠰᠡᠬᠦᠯ᠎ᠡ ᠳᠣᠤᠷᠠᠬᠢ ᠭᠤᠷᠪᠠᠨ ᠵᠦᠢᠯ᠎ᠤᠨ ᠨᠢᠭᠡ᠎ᠨᠢ ᠪᠠᠢ᠌ᠬᠤ ᠮᠥᠷᠲᠡᠭᠡᠨ 5 ᠵᠢᠯ᠎ᠠᠴᠠ ᠳᠡᠭᠡᠭᠰᠢᠬᠢ ᠵᠠᠮ ᠬᠠᠷᠢᠯᠴᠠᠭ᠎ᠠ ᠲᠡᠭᠡᠭᠡᠪᠦᠷᠢ ᠪᠤᠶᠤ ᠬᠠᠮᠢᠶ᠎ᠠ ᠪᠥᠬᠥᠶ ᠲᠤᠰᠬᠠᠶ ᠮᠡᠷᠭᠡᠵᠢᠯ᠎ᠤᠨ ᠠᠵᠢᠯ᠎ᠤᠨ ᠲᠤᠷᠰᠢᠯᠭ᠎ᠠ᠎ᠲᠠᠢ ᠪᠠᠢ᠌ᠬᠤ; ᠲᠤᠰᠬᠠᠶ ᠮᠡᠷᠭᠡᠵᠢᠯᠲᠡᠨ᠎ᠤ ᠲᠣᠭ᠎ᠠ ᠬᠡᠮᠵᠢᠶ᠎ᠡ᠎ᠪᠠᠷ ᠨᠡᠯᠢᠶᠡᠳ ᠴᠥᠭᠡᠨ ᠬᠦᠷᠢᠶ᠎ᠡ ᠴᠠᠷᠠᠭ᠎ᠠ ᠵᠢᠨ ᠲᠥᠷᠥᠯ ᠵᠦᠢᠯ᠎ᠳᠤ᠂ ᠨᠥᠬᠥᠴᠡᠯ᠎ᠢ ᠵᠣᠬᠢᠰᠲᠠᠶ ᠠᠭᠤᠵᠢᠭᠤ ᠲᠠᠯᠪᠢᠵᠤ ᠪᠣᠯᠤᠨ᠎ᠠ᠄
    1. ᠳᠡᠭᠡᠳᠦ ᠵᠡᠷᠭᠡ ᠵᠢᠴᠢ ᠲᠡᠭᠦᠨ᠎ᠠᠴᠠ ᠳᠡᠭᠡᠭᠰᠢᠬᠢ ᠲᠤᠰᠬᠠᠶ ᠮᠡᠷᠭᠡᠵᠢᠯ᠎ᠤᠨ ᠴᠣᠯᠠ᠎ᠲᠠᠢ;
    2.  ᠳᠠᠩᠰᠠᠯᠠᠭᠤᠯᠤᠭᠰᠠᠨ ᠠᠶᠤᠯᠭᠦᠢ ᠵᠢᠨ ᠢᠨᠵᠧᠨᠧᠷ᠎ᠤᠨ ᠬᠢᠷᠢ ᠬᠡᠮ᠎ᠤᠨ ᠦᠨᠡᠮᠯᠡᠯ᠎ᠲᠠᠢ;
    3. ᠬᠣᠶᠠᠳᠤᠭ᠋ᠠᠷ ᠳᠡᠰ ᠵᠢᠴᠢ ᠲᠡᠭᠦᠨ᠎ᠠᠴᠠ ᠳᠡᠭᠡᠭᠰᠢᠬᠢ ᠠᠮᠤᠷ ᠲᠦᠪᠰᠢᠨ᠎ᠤ ᠦᠨᠡᠯᠡᠭᠴᠢ ᠵᠢᠨ ᠬᠢᠷᠢ ᠬᠡᠮ᠎ᠤᠨ ᠦᠨᠡᠮᠯᠡᠯ᠎ᠲᠠᠢ᠃
    (ᠳᠥᠷᠪᠡ) ᠪᠡᠶ᠎ᠡ ᠮᠠᠬᠠᠪᠣᠳ ᠡᠷᠡᠭᠦᠯ ᠴᠢᠭᠢᠷᠠᠭ᠂ ᠴᠣᠭ ᠵᠢᠪᠬᠤᠭ᠎ᠠ ᠲᠡᠭᠦᠯᠳᠡᠷ᠂ ᠨᠡᠯᠢᠶᠡᠳ ᠭᠦᠢᠴᠡᠳ ᠴᠠᠭ᠎ᠲᠠᠢ ᠪᠠᠢ᠌ᠵᠤ᠂ ᠲᠤᠬᠠᠶ ᠵᠢᠨ ᠲᠠᠯᠠᠪᠠᠶ ᠵᠢᠨ ᠠᠵᠢᠯ᠎ᠢ ᠡᠭᠦᠷᠭᠡᠯᠡᠵᠦ ᠳᠡᠢ᠌ᠯᠬᠦ᠃ ᠨᠠᠰᠤ ᠵᠢᠯ᠎ᠨᠢ ᠵᠠᠷᠴᠢᠮ ᠳᠡᠭᠡᠷ᠎ᠡ᠎ᠪᠠᠨ ᠪᠦᠬᠦᠯᠢ 65 ᠨᠠᠰᠤᠨ᠎ᠠᠴᠠ ᠬᠡᠲᠦᠷᠡᠵᠦ ᠪᠣᠯᠬᠤ ᠥᠬᠡᠶ᠂ ᠦᠨᠡᠬᠡᠷ ᠲᠤᠰᠬᠠᠶ ᠮᠡᠷᠭᠡᠵᠢᠯ᠎ᠤᠨ ᠬᠣᠪᠣᠷ ᠴᠤᠬᠠᠭ ᠴᠢᠳᠠᠪᠤᠷᠢᠲᠠᠨ᠂ ᠠᠵᠢᠯ ᠲᠥᠷᠥᠯ᠎ᠤᠨ ᠳᠠᠭ᠋ᠠᠭᠤᠯᠤᠭᠴᠢ ᠬᠥᠮᠦᠨ ᠪᠤᠶᠤ ᠴᠢᠬᠤᠯᠠ ᠨᠥᠯᠥᠭᠡᠯᠡᠬᠦ ᠬᠦᠴᠦᠨ᠎ᠲᠠᠢ ᠬᠥᠮᠦᠨ᠎ᠳᠤ ᠬᠠᠷᠢᠶᠠᠯᠠᠭᠳᠠᠪᠠᠯ᠂ ᠨᠠᠰᠤ ᠵᠢᠯ᠎ᠤᠨ ᠬᠢᠵᠠᠭ᠋ᠠᠷᠯᠠᠯ᠎ᠢ ᠵᠣᠬᠢᠰᠲᠠᠶ ᠠᠭᠤᠵᠢᠭᠤ ᠲᠠᠯᠪᠢᠵᠤ ᠪᠣᠯᠤᠨ᠎ᠠ᠃
    ᠳᠣᠯᠣᠳᠤᠭ᠋ᠠᠷ ᠵᠦᠢ᠍ᠯ    ᠲᠤᠰᠬᠠᠶ ᠮᠡᠷᠭᠡᠵᠢᠯᠲᠡᠨ᠎ᠢ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠂ ᠳᠡᠭᠡᠳᠦ ᠰᠤᠷᠭ᠋ᠠᠭᠤᠯᠢ᠂ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ ᠭᠠᠵᠠᠷ᠂ ᠠᠵᠤ ᠠᠬᠤᠢ᠌ᠯᠠᠯ ᠠᠵᠢᠯ ᠦᠢ᠍ᠯᠡᠰ᠎ᠤᠨ ᠨᠢᠭᠡᠴᠢ ᠵᠢᠨ ᠮᠡᠷᠭᠡᠵᠢᠯ᠎ᠤᠨ ᠠᠵᠢᠯᠲᠠᠨ᠂ ᠬᠠᠮᠢᠶᠠᠷᠤᠯᠲᠠ ᠵᠢᠨ ᠠᠵᠢᠯᠲᠠᠨ ᠪᠣᠯᠤᠨ ᠠᠵᠢᠯ᠎ᠠᠴᠠ᠎ᠪᠠᠨ ᠠᠮᠠᠷᠠᠭᠰᠠᠳ᠎ᠠᠴᠠ ᠤᠷᠢᠨ ᠲᠣᠮᠢᠯᠠᠵᠤ ᠪᠣᠯᠤᠨ᠎ᠠ᠂ ᠨᠥᠬᠥᠴᠡᠯ᠎ᠳᠤ ᠨᠡᠢ᠌ᠴᠡᠬᠦ ᠨᠡᠢ᠌ᠭᠡᠮ᠎ᠤᠨ ᠠᠵᠢᠯᠲᠠᠨ᠎ᠤ ᠳᠣᠲᠣᠷ᠎ᠠ᠎ᠠᠴᠠ ᠤᠷᠢᠨ ᠲᠣᠮᠢᠯᠠᠭᠰᠠᠨ ᠴᠤ᠌ ᠪᠣᠯᠤᠨ᠎ᠠ᠃
    ᠨᠠᠢᠮᠠᠳᠤᠭ᠋ᠠᠷ ᠵᠦᠢᠯ   ᠲᠤᠰᠬᠠᠶ ᠮᠡᠷᠭᠡᠵᠢᠯᠲᠡᠨ᠎ᠤ ᠠᠵᠢᠯᠯᠠᠵᠤ ᠪᠠᠢ᠌ᠭ᠎ᠠ ᠨᠢᠭᠡᠴᠢ᠂ ᠬᠠᠷᠢᠯᠴᠠᠬᠤ ᠠᠷᠭ᠎ᠠ ᠮᠠᠶᠢᠭ᠂ ᠲᠤᠰᠬᠠᠶ ᠮᠡᠷᠭᠡᠵᠢᠯ᠎ᠤᠨ ᠴᠣᠯᠠ᠂ ᠵᠠᠢ᠌ᠯᠠᠬᠤ ᠴᠢᠬᠤᠯᠠᠲᠠᠶ ᠮᠡᠳᠡᠭᠡ ᠵᠠᠩᠭᠢ ᠵᠡᠷᠭᠡ᠎ᠳᠤ ᠬᠤᠪᠢᠷᠠᠯᠲᠠ ᠭᠠᠷᠪᠠᠯ᠂ ᠲᠢᠩᠬᠢᠮ᠎ᠤᠨ ᠠᠶᠦᠯᠬᠦᠢ ᠦᠢᠯᠡᠳᠪᠦᠷᠢᠯᠡᠯ᠎ᠤᠨ ᠵᠥᠪᠯᠡᠯ᠎ᠤᠨ ᠠᠯᠪᠠᠨ ᠬᠡᠷ᠎ᠲᠤ ᠬᠠᠮᠢᠶ᠎ᠠ ᠪᠥᠬᠥᠶ ᠮᠡᠳᠡᠭᠡ ᠵᠠᠩᠭᠢ᠎ᠪᠠᠨ ᠬᠤᠪᠢᠷᠠᠭᠤᠯᠬᠤ᠎ᠪᠠᠷ ᠴᠠᠭ ᠲᠤᠬᠠᠶ᠎ᠳᠤ᠎ᠨᠢ ᠭᠤᠶᠤᠴᠢᠯᠠᠬᠤ ᠬᠡᠷᠡᠭᠲᠡᠶ ᠃
    ᠶᠢᠰᠦᠳᠦᠭᠡᠷ ᠵᠦᠢᠯ ᠰᠣᠩᠭᠣᠨ ᠤᠷᠢᠬᠤ ᠳᠡᠰ ᠳᠠᠷᠠᠭ᠋ᠠᠯᠠᠯ᠄
    (ᠨᠢᠭᠡ) ᠲᠥᠪᠯᠡᠷᠡᠭᠦᠯᠦᠨ ᠰᠣᠩᠭᠣᠨ ᠤᠷᠢᠬᠤ
    ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠂ ᠶᠡᠬᠡ ᠳᠡᠭᠡᠳᠦ ᠰᠤᠷᠭ᠋ᠠᠭᠤᠯᠢ᠂ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠬᠦᠷᠢᠶᠡᠯᠡᠩ ᠭᠠᠵᠠᠷ᠂ ᠠᠵᠤ ᠠᠬᠤᠢ᠌ᠯᠠᠯ ᠠᠵᠢᠯ ᠦᠢᠯᠡᠰ᠎ᠤᠨ ᠨᠢᠭᠡᠴᠢ᠎ᠠᠴᠠ ᠲᠣᠰ ᠨᠢᠭᠡᠴᠢ ᠵᠢᠨ ᠵᠶ᠋ᠡᠨ ᠦᠨᠳᠦᠰᠦᠨ ᠨᠥᠬᠥᠴᠡᠯ᠎ᠳᠤ ᠨᠡᠢ᠌ᠴᠡᠭᠰᠡᠨ ᠠᠵᠢᠯᠲᠠᠨ᠎ᠢ ᠲᠠᠨᠢᠯᠴᠠᠭᠤᠯᠤᠨ᠎ᠠ; ᠠᠵᠢᠯᠯᠠᠬᠤ ᠨᠢᠭᠡᠴᠢ ᠦᠭᠡᠶ ᠪᠤᠶᠤ ᠠᠵᠢᠯ᠎ᠠᠴᠠ᠎ᠪᠠᠨ ᠠᠮᠠᠷᠠᠭᠰᠠᠳ ᠥᠪᠡᠷ᠎ᠢ᠎ᠪᠠᠨ ᠲᠠᠨᠢᠯᠴᠠᠭᠤᠯᠵᠤ ᠪᠣᠯᠤᠨ᠎ᠠ ᠃
    1. ᠭᠤᠶᠤᠴᠢᠯᠠᠨ ᠮᠡᠳᠡᠭᠦᠯᠬᠦ᠃ ᠭᠤᠶᠤᠴᠢᠯᠠᠨ ᠮᠡᠳᠡᠭᠦᠯᠦᠭᠴᠢ᠎ᠠᠴᠠ 《ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠦᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠭᠤᠶᠤᠴᠢᠯᠠᠯ᠎ᠤᠨ ᠬᠦᠰᠦᠨᠦᠭᠲᠦ》 (ᠳᠠᠭ᠋ᠠᠯᠳᠤᠭᠤᠯᠤᠯ 1) ᠵᠢ ᠲᠠᠭᠯᠠᠵᠤ᠂ ᠬᠠᠮᠢᠶ᠎ᠠ ᠪᠦᠬᠦᠢ ᠭᠡᠷᠡᠴᠢ ᠮᠠᠲ᠋ᠧᠷᠢᠶᠠᠯ ᠵᠶ᠋ᠠᠨ ᠲᠤᠰᠢᠶᠠᠬᠤ ᠵᠢᠨ ᠬᠠᠮᠲᠤ᠂ ᠭᠤᠶᠤᠴᠢᠯᠠᠨ ᠮᠡᠳᠡᠭᠦᠯᠬᠦ ᠮᠠᠲ᠋ᠧᠷᠢᠶᠠᠯ᠎ᠤᠨ ᠦᠨᠡᠨ ᠪᠣᠳᠠᠲᠤ ᠴᠢᠨᠠᠷ᠂ ᠬᠦᠴᠦᠨ ᠲᠡᠭᠦᠯᠳᠡᠷ ᠴᠢᠨᠠᠷ᠎ᠲᠤ ᠬᠠᠷᠢᠭᠤᠴᠠᠨ᠎ᠠ᠃ ᠠᠵᠢᠯᠯᠠᠬᠤ ᠨᠢᠭᠡᠴᠢ᠎ᠲᠠᠢ ᠭᠤᠶᠤᠴᠢᠯᠠᠨ ᠮᠡᠳᠡᠭᠦᠯᠦᠭᠴᠢ ᠡᠷᠬᠡᠪᠰᠢ ᠪᠠᠢ᠌ᠭ᠎ᠠ ᠨᠢᠭᠡᠴᠢ᠎ᠨᠢ ᠰᠠᠨᠠᠯ ᠵᠶ᠋ᠠᠨ ᠪᠢᠴᠢᠬᠦ ᠵᠢᠨ ᠬᠠᠮᠲᠤ ᠠᠯᠪᠠᠨ ᠲᠠᠮᠠᠭ᠎ᠠ ᠳᠠᠷᠤᠬᠤ ᠬᠡᠷᠡᠭᠲᠡᠶ᠃ ᠬᠡᠷᠪᠡ ᠮᠡᠳᠡᠭᠦᠯᠦᠭᠴᠢ ᠵᠢᠨ ᠲᠤᠰᠬᠠᠶ ᠮᠡᠷᠭᠡᠵᠢᠯ᠎ᠨᠢ ᠲᠤᠬᠠᠢ᠌ᠯᠠᠭᠰᠠᠨ ᠠᠵᠢᠯ᠎ᠤᠨ ᠴᠢᠭᠯᠡᠯ᠎ᠳᠤ ᠪᠦᠷᠢᠮᠦᠰᠦᠨ ᠨᠡᠢ᠌ᠴᠡᠬᠦ ᠥᠬᠡᠶ ᠪᠠᠢ᠌ᠪᠠᠯ᠂ 《ᠠᠳᠠᠯᠢᠪᠲᠤᠷ ᠣᠢ᠌ᠷᠠᠯᠴᠠᠭ᠎ᠠ》 ᠪᠠᠢ᠌ᠬᠤ ᠵᠠᠷᠴᠢᠮ ᠶᠣᠰᠣᠭ᠋ᠠᠷ᠂ ᠠᠳᠠᠯᠢᠪᠲᠤᠷ ᠲᠤᠬᠠᠢ᠌ᠯᠠᠭᠰᠠᠨ ᠠᠵᠢᠯ᠎ᠤᠨ ᠴᠢᠭᠯᠡᠯ᠎ᠢ ᠰᠣᠩᠭᠣᠨ ᠮᠡᠳᠡᠭᠦᠯᠵᠦ ᠪᠣᠯᠤᠨ᠎ᠠ᠃
     2. ᠠᠩᠬᠠᠨ᠎ᠤ ᠬᠢᠨᠠᠯᠲᠠ᠃ ᠲᠢᠩᠬᠢᠮ᠎ᠤᠨ ᠠᠶᠦᠯᠬᠦᠢ ᠦᠢᠯᠡᠳᠪᠦᠷᠢᠯᠡᠯ᠎ᠤᠨ ᠵᠥᠪᠯᠡᠯ᠎ᠤᠨ ᠠᠯᠪᠠᠨ ᠭᠡᠷ᠎ᠠᠴᠠ ᠭᠤᠶᠤᠴᠢᠯᠠᠭᠰᠠᠨ ᠲᠤᠰᠬᠠᠶ ᠮᠡᠷᠭᠡᠵᠢᠯᠲᠡᠨ᠎ᠤ ᠭᠤᠶᠤᠴᠢᠯᠠᠨ ᠮᠡᠳᠡᠭᠦᠯᠦᠭᠰᠡᠨ ᠮᠠᠲ᠋ᠧᠷᠢᠶᠠᠯ᠎ᠤᠨ ᠨᠡᠢ᠌ᠴᠡᠬᠦ ᠴᠢᠨᠠᠷ᠎ᠲᠤ ᠠᠩᠬᠠᠨ᠎ᠤ ᠬᠢᠨᠠᠯᠲᠠ ᠬᠢᠵᠦ᠂ 《ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠦᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠪᠠᠲᠤᠯᠠᠨ ᠲᠠᠨᠢᠯᠴᠠᠭᠤᠯᠤᠭᠰᠠᠨ ᠬᠤᠷᠢᠶᠠᠩᠭᠤᠶ ᠬᠦᠰᠦᠨᠦᠭᠲᠦ (ᠠᠩᠬᠠᠨ᠎ᠤ ᠬᠢᠨᠠᠯᠲᠠ)》        (ᠳᠠᠭ᠋ᠠᠯᠳᠤᠭᠤᠯᠤᠯ 2) ᠵᠢ ᠪᠦᠷᠢᠯᠳᠦᠭᠦᠯᠵᠦ᠂ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠬᠠᠮᠢᠶ᠎ᠠ ᠪᠦᠬᠦᠢ ᠭᠠᠵᠠᠷ ᠲᠠᠰᠤᠭ᠎ᠲᠤ ᠲᠤᠰᠢᠶᠠᠵᠤ ᠬᠢᠨᠠᠨ ᠬᠠᠷᠭᠤᠭᠤᠯᠤᠨ᠎ᠠ᠃
     3. ᠲᠡᠬᠢᠠ ᠬᠢᠨᠠᠯᠲᠠ᠃ ᠬᠠᠮᠢᠶ᠎ᠠ ᠪᠦᠬᠦᠢ ᠭᠠᠵᠠᠷ ᠲᠠᠰᠤᠭ᠎ᠨᠢ ᠪᠠᠲᠤᠯᠠᠨ ᠲᠠᠨᠢᠯᠴᠠᠭᠤᠯᠤᠭᠰᠠᠨ ᠲᠤᠰᠬᠠᠶ ᠮᠡᠷᠭᠡᠵᠢᠯᠲᠡᠨ᠎ᠤ ᠬᠢᠷᠢ ᠬᠡᠮ᠎ᠢ ᠳᠠᠬᠢᠨ ᠬᠢᠨᠠᠵᠤ᠂ ᠲᠤᠰᠬᠠᠶ ᠮᠡᠷᠭᠡᠵᠢᠯᠲᠡᠨ᠎ᠤ ᠨᠠᠰᠤ ᠵᠢᠯ᠂ ᠮᠡᠷᠭᠡᠵᠢᠯ᠎ᠤᠨ ᠴᠣᠯᠠ᠂ ᠠᠵᠢᠯᠯᠠᠭᠰᠠᠨ ᠣᠨ ᠵᠢᠯ᠂ ᠠᠵᠢᠯ᠎ᠤᠨ ᠬᠢᠷᠢ ᠬᠡᠮ ᠵᠡᠷᠭᠡ᠎ᠨᠢ ᠭᠤᠶᠤᠴᠢᠯᠠᠬᠤ ᠨᠥᠬᠥᠴᠡᠯ᠎ᠳᠤ ᠨᠡᠢ᠌ᠴᠡᠬᠦ ᠡᠰᠡᠬᠦ ᠵᠡᠷᠭᠡ ᠵᠢ ᠭᠣᠣᠯᠳᠠᠯᠭ᠎ᠠ᠎ᠲᠠᠢ ᠬᠠᠷᠭᠤᠭᠤᠯᠵᠤ᠂ ᠲᠤᠰᠬᠠᠶ ᠮᠡᠷᠭᠡᠵᠢᠯᠲᠡᠨ᠎ᠤ ᠬᠦᠷᠢᠶ᠎ᠡ ᠴᠠᠷᠠᠭ᠎ᠠ᠂ ᠲᠤᠰᠬᠠᠶ ᠮᠡᠷᠭᠡᠵᠢᠯ᠎ᠤᠨ ᠲᠥᠷᠥᠯ ᠢᠯᠭ᠋ᠠᠯ᠎ᠢ ᠣᠨᠣᠪᠴᠢᠲᠠᠶ ᠬᠤᠪᠢᠶᠠᠭᠰᠠᠨ ᠡᠰᠡᠬᠦ ᠵᠢ ᠲᠣᠭᠲᠠᠭ᠋ᠠᠵᠤ᠂ 《ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠢ ᠪᠠᠲᠤᠯᠠᠨ ᠲᠠᠨᠢᠯᠴᠠᠭᠤᠯᠤᠭᠰᠠᠨ ᠬᠤᠷᠢᠶᠠᠩᠭᠤᠶ ᠬᠦᠰᠦᠨᠦᠭᠲᠦ (ᠳᠠᠬᠢᠨ ᠬᠢᠨᠠᠬᠤ)》 (ᠳᠠᠭ᠋ᠠᠯᠳᠤᠭᠤᠯᠤᠯ 3) ᠵᠢ  ᠪᠦᠷᠢᠯᠳᠦᠭᠦᠯᠵᠦ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ᠎ᠤᠨ ᠵᠥᠪᠯᠡᠯ᠎ᠤᠨ ᠠᠯᠪᠠᠨ ᠭᠡᠷ᠎ᠲᠤ ᠮᠡᠳᠡᠭᠦᠯᠦᠨ᠎ᠡ᠃
    ᠵᠠᠮ ᠲᠡᠭᠡᠭᠡᠪᠦᠷᠢ ᠵᠢᠨ ᠬᠦᠷᠢᠶ᠎ᠡ᠄ ᠵᠠᠮ᠎ᠤᠨ ᠠᠶᠠᠨᠴᠢᠳ᠎ᠤᠨ ᠵᠥᠭᠡᠭᠡᠪᠦᠷᠢ᠂ ᠠᠶᠤᠯ᠎ᠲᠠᠢ ᠡᠳ᠋ ᠪᠠᠷᠠᠭ᠎ᠠ ᠵᠢᠨ ᠲᠡᠭᠡᠭᠡᠪᠦᠷᠢ᠂ ᠵᠠᠮ᠎ᠤᠨ ᠡᠳ᠋ ᠪᠠᠷᠠᠭ᠎ᠠ ᠵᠢᠨ ᠲᠡᠭᠡᠭᠡᠪᠦᠷᠢ᠂ ᠠᠶᠠᠨᠴᠢᠳ᠎ᠤᠨ  ᠵᠥᠭᠡᠭᠡᠪᠦᠷᠢ ᠵᠢᠨ ᠮᠠᠰᠢᠨ ᠲᠡᠷᠭᠡᠨ᠎ᠤ ᠥᠷᠲᠡᠭᠡ᠂ ᠮᠠᠰᠢᠨ ᠲᠡᠷᠭᠡ ᠵᠢ ᠪᠠᠢ᠌ᠴᠠᠭ᠋ᠠᠨ ᠬᠡᠮᠵᠢᠬᠦ ᠪᠠ ᠰᠡᠯᠪᠢᠨ ᠵᠠᠰᠠᠬᠤ ᠵᠡᠷᠭᠡ ᠵᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠲᠡᠭᠡᠭᠡᠪᠦᠷᠢ ᠵᠢᠨ ᠦᠢᠯᠡᠴᠢᠯᠡᠭᠡᠨ᠎ᠤ ᠭᠠᠵᠠᠷ᠎ᠠᠴᠠ ᠳᠠᠬᠢᠨ ᠬᠢᠨᠠᠬᠤ ᠵᠢ ᠬᠠᠷᠢᠭᠤᠴᠠᠨ᠎ᠠ᠃
     ᠬᠣᠲᠠ ᠵᠢᠨ ᠠᠶᠠᠨᠴᠢᠳ᠎ᠤᠨ ᠵᠥᠭᠡᠭᠡᠪᠦᠷᠢ ᠵᠢᠨ ᠬᠦᠷᠢᠶ᠎ᠡ᠄ ᠬᠣᠲᠠ ᠵᠢᠨ ᠣᠯᠠᠨ ᠨᠡᠢ᠌ᠲᠡ ᠵᠢᠨ ᠵᠠᠮ ᠬᠠᠷᠢᠯᠴᠠᠭ᠎ᠠ᠂ ᠲᠡᠮᠦᠷ ᠵᠠᠮᠲᠤ ᠵᠠᠮ ᠬᠠᠷᠢᠯᠴᠠᠭ᠎ᠠ᠂ ᠲᠣᠭᠣᠷᠢᠨ ᠵᠤᠭ᠋ᠠᠴᠠᠬᠤ ᠲᠦᠷᠢᠶᠡᠰᠦᠨ ᠮᠠᠰᠢᠨ ᠲᠡᠷᠭᠡ᠂ ᠰᠦᠯᠵᠢᠶ᠎ᠡ᠎ᠪᠠᠷ ᠪᠣᠯᠵᠣᠬᠤ ᠮᠠᠰᠢᠨ ᠲᠡᠷᠭᠡ ᠵᠡᠷᠭᠡ ᠵᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠲᠡᠭᠡᠭᠡᠪᠦᠷᠢ ᠵᠢᠨ ᠦᠢᠯᠡᠴᠢᠯᠡᠭᠡᠨ᠎ᠤ ᠭᠠᠵᠠᠷ᠎ᠠᠴᠠ ᠳᠠᠬᠢᠨ ᠬᠢᠨᠠᠬᠤ ᠵᠢ ᠬᠠᠷᠢᠭᠤᠴᠠᠨ᠎ᠠ᠃
    ᠤᠰᠤᠨ ᠳᠡᠭᠡᠷᠡᠬᠢ ᠵᠠᠮ ᠬᠠᠷᠢᠯᠴᠠᠭ᠋ᠠᠨ᠎ᠤ ᠬᠦᠷᠢᠶ᠎ᠡ᠄ ᠤᠰᠤᠨ ᠵᠠᠮ᠎ᠤᠨ ᠲᠡᠭᠡᠭᠡᠪᠦᠷᠢ᠂ ᠳᠠᠯᠠᠶ ᠵᠢᠨ ᠶᠠᠪᠤᠳᠠᠯ᠎ᠤᠨ ᠬᠠᠮᠢᠶᠠᠷᠤᠯᠲᠠ᠂ ᠣᠩᠭᠣᠴᠠ ᠰᠠᠯ᠎ᠢ ᠰᠢᠯᠭ᠋ᠠᠨ ᠪᠠᠢ᠌ᠴᠠᠭ᠋ᠠᠬᠤ ᠵᠡᠷᠭᠡ ᠵᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠲᠡᠭᠡᠭᠡᠪᠦᠷᠢ ᠵᠢᠨ ᠦᠢ᠍ᠯᠡᠴᠢᠯᠡᠭᠡᠨ᠎ᠤ ᠭᠠᠵᠠᠷ  (ᠣᠷᠣᠨ ᠨᠤᠲᠤᠭ᠎ᠤᠨ ᠳᠠᠯᠠᠶ ᠵᠢᠨ ᠶᠠᠪᠤᠳᠠᠯ᠎ᠤᠨ ᠲᠣᠪᠴᠢᠶ᠎ᠠ )᠎ᠠᠴᠠ ᠳᠠᠬᠢᠨ ᠬᠢᠨᠠᠬᠤ ᠵᠢ ᠬᠠᠷᠢᠭᠤᠴᠠᠨ᠎ᠠ᠃
    ᠪᠠᠷᠢᠯᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠬᠦᠷᠢᠶ᠎ᠡ᠄ ᠵᠠᠰᠠᠮᠠᠯ ᠵᠠᠮ᠎ᠤᠨ ᠪᠠᠷᠢᠯᠭ᠎ᠠ᠂ ᠤᠰᠤᠨ ᠲᠡᠭᠡᠭᠡᠪᠦᠷᠢ ᠵᠢᠨ ᠪᠠᠷᠢᠯᠭ᠎ᠠ᠂ ᠠᠷᠠᠴᠢᠯᠠᠨ ᠬᠠᠮᠠᠭ᠋ᠠᠯᠠᠬᠤ ᠪᠠᠷᠢᠯᠭ᠎ᠠ᠂ ᠵᠠᠮ ᠬᠠᠷᠢᠯᠴᠠᠭ᠋ᠠᠨ᠎ᠤ ᠠᠮᠤᠷ ᠲᠦᠪᠰᠢᠨ᠎ᠤ ᠪᠠᠷᠢᠯᠭ᠎ᠠ᠂ ᠮᠠᠰᠢᠨ ᠴᠠᠬᠢᠯᠭ᠋ᠠᠨ᠎ᠤ ᠪᠠᠷᠢᠯᠭ᠎ᠠ᠂ ᠭᠡᠷ ᠪᠠᠢ᠌ᠰᠢᠩ ᠪᠠᠢ᠌ᠭᠤᠯᠬᠤ ᠪᠠᠷᠢᠯᠭ᠎ᠠ ᠵᠡᠷᠭᠡ ᠵᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠪᠦᠲᠦᠭᠡᠨ ᠪᠠᠢ᠌ᠭᠤᠯᠤᠯᠲᠠ ᠵᠢᠨ ᠬᠠᠮᠢᠶᠠᠷᠤᠯᠲᠠ ᠵᠢᠨ ᠭᠠᠵᠠᠷ᠎ᠠᠴᠠ ᠳᠠᠬᠢᠨ ᠬᠢᠨᠠᠬᠤ ᠵᠢ ᠬᠠᠷᠢᠭᠤᠴᠠᠨ᠎ᠠ᠃
    ᠵᠠᠰᠠᠮᠠᠯ ᠵᠠᠮ᠎ᠤᠨ ᠡᠵᠡᠩᠨᠡᠯᠲᠡ ᠵᠢᠨ ᠬᠦᠷᠢᠶ᠎ᠡ᠄ ᠬᠥᠭᠥᠷᠭᠡ᠂ ᠨᠦᠬᠡᠨ ᠵᠠᠮ᠂ ᠭᠠᠵᠠᠷ ᠰᠢᠨᠵᠢᠯᠡᠭᠡ᠂ ᠵᠠᠮ᠎ᠤᠨ ᠰᠠᠭᠤᠷᠢ ᠵᠠᠮ ᠭᠠᠳᠠᠷᠭᠤ᠂ ᠪᠡᠯᠡᠳᠬᠡᠮᠵᠢ ᠲᠥᠬᠥᠭᠡᠷᠦᠮᠵᠢ ᠵᠡᠷᠭᠡ ᠵᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠵᠠᠰᠠᠮᠠᠯ ᠵᠠᠮ᠎ᠤᠨ ᠭᠠᠵᠠᠷ᠎ᠠᠴᠠ ᠳᠠᠬᠢᠨ ᠬᠢᠨᠠᠬᠤ ᠵᠢ ᠬᠠᠷᠢᠭᠤᠴᠠᠨ᠎ᠠ᠃
    ᠲᠡᠮᠦᠷ ᠵᠠᠮ ᠠᠷᠠᠳ᠎ᠤᠨ ᠠᠭ᠋ᠠᠷ᠎ᠤᠨ ᠲᠡᠭᠡᠭᠡᠪᠦᠷᠢ ᠵᠢᠨ ᠬᠦᠷᠢᠶ᠎ᠡ᠄ ᠨᠢᠰᠬᠡᠯ᠎ᠤᠨ ᠪᠠᠭᠤᠳᠠᠯ᠎ᠤᠨ ᠵᠠᠮ᠂ ᠠᠭ᠋ᠠᠷ᠎ᠤᠨ ᠬᠠᠮᠢᠶᠠᠷᠤᠯᠲᠠ᠂ ᠨᠢᠰᠬᠡᠯ᠎ᠤᠨ ᠪᠠᠭᠤᠳᠠᠯ᠎ᠤᠨ ᠴᠠᠬᠢᠯᠭ᠋ᠠᠨ ᠬᠠᠩᠭ᠋ᠠᠬᠤ ᠢᠨᠵᠧᠨᠧᠷᠢᠩ᠂ ᠭᠠᠵᠠᠷ ᠰᠢᠨᠵᠢᠯᠡᠭᠡᠨ᠎ᠤ ᠵᠠᠮ᠎ᠤᠨ ᠰᠠᠭᠤᠷᠢ᠂ ᠬᠥᠭᠥᠷᠭᠡ ᠨᠦᠬᠡᠨ ᠵᠠᠮ᠂ ᠴᠠᠬᠢᠯᠭ᠋ᠠᠨᠵᠢᠭᠤᠯᠬᠤ᠂ ᠴᠢᠮᠡᠭᠡ ᠬᠣᠯᠪᠣᠭ᠋ᠠᠨ᠎ᠤ ᠳᠣᠬᠢᠶ᠎ᠠ ᠵᠡᠷᠭᠡ ᠲᠤᠰᠬᠠᠶ ᠮᠡᠷᠭᠡᠵᠢᠯ᠎ᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ ᠲᠡᠮᠦᠷ ᠵᠠᠮ ᠠᠷᠠᠳ᠎ᠤᠨ ᠠᠭ᠋ᠠᠷ᠎ᠤᠨ ᠲᠡᠭᠡᠭᠡᠪᠦᠷᠢ ᠵᠢᠨ ᠭᠠᠵᠠᠷ᠎ᠠᠴᠠ ᠳᠠᠬᠢᠨ ᠬᠢᠨᠠᠬᠤ ᠵᠢ ᠬᠠᠷᠢᠭᠤᠴᠠᠨ᠎ᠠ᠃
     ᠶᠡᠷᠦᠩᠬᠡᠢ᠌ᠯᠡᠭᠰᠡᠨ ᠬᠠᠮᠢᠶᠠᠷᠤᠯᠲᠠ ᠵᠢᠨ ᠬᠦᠷᠢᠶ᠎ᠡ᠄ ᠵᠠᠮ ᠬᠠᠷᠢᠯᠴᠠᠭ᠎ᠠ ᠲᠡᠭᠡᠭᠡᠪᠦᠷᠢ ᠵᠢᠨ ᠬᠠᠤᠯᠢ ᠬᠡᠷᠡᠭᠵᠢᠭᠦᠯᠬᠦ᠂ ᠠᠶᠦᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ᠂ ᠲᠥᠷᠥ ᠵᠢᠨ ᠪᠣᠳᠣᠯᠭ᠎ᠠ ᠬᠠᠤᠯᠢ ᠲᠣᠭᠲᠠᠭ᠋ᠠᠯ ᠵᠡᠷᠭᠡ ᠲᠤᠰᠬᠠᠶ ᠮᠡᠷᠭᠡᠵᠢᠯ᠎ᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠦᠯᠬᠦᠢ ᠵᠢᠨ ᠬᠢᠨᠠᠯᠲᠠ ᠬᠠᠮᠢᠶᠠᠷᠤᠯᠲᠠ ᠵᠢᠨ ᠭᠠᠵᠠᠷ᠎ᠠᠴᠠ ᠳᠠᠬᠢᠨ ᠬᠢᠨᠠᠬᠤ ᠵᠢ ᠬᠠᠷᠢᠭᠤᠴᠠᠨ᠎ᠠ᠃
    4. ᠬᠢᠨᠠᠨ ᠲᠣᠭᠲᠠᠭ᠋ᠠᠬᠤ᠃ ᠲᠢᠩᠬᠢᠮ᠎ᠤᠨ ᠲᠤᠰᠬᠠᠶ ᠰᠡᠳᠦᠪᠲᠦ ᠬᠤᠷᠠᠯ ᠬᠤᠷᠠᠯᠳᠤᠭᠤᠯᠵᠤ ᠲᠤᠰᠬᠠᠶ ᠮᠡᠷᠭᠡᠵᠢᠯᠲᠡᠨ᠎ᠤ ᠨᠡᠷᠡᠰ᠎ᠢ ᠰᠤᠳᠤᠯᠤᠨ ᠬᠢᠨᠠᠨ ᠲᠣᠭᠲᠠᠭ᠋ᠠᠨ᠎ᠠ᠃
    5.  ᠢᠯᠡ ᠨᠡᠢ᠌ᠲᠡᠯᠡᠬᠦ ᠃ ᠤᠷᠢᠬᠤ᠎ᠪᠠᠷ ᠪᠠᠢ᠌ᠭ᠎ᠠ ᠲᠤᠰᠬᠠᠶ ᠮᠡᠷᠭᠡᠵᠢᠯᠲᠡᠨ᠎ᠤ ᠨᠡᠷᠡᠰ᠎ᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠫᠤᠷᠲ᠋ᠧᠯ ᠰᠦᠯᠵᠢᠶ᠎ᠡ᠎ᠪᠠᠷ ᠳᠠᠮᠵᠢᠭᠤᠯᠤᠨ ᠨᠡᠢ᠌ᠭᠡᠮ ᠨᠡᠢ᠌ᠲᠡ᠎ᠳᠤ ᠢᠯᠡ ᠨᠡᠢ᠌ᠲᠡᠯᠡᠵᠦ᠂ ᠢᠯᠡ ᠨᠡᠢ᠌ᠲᠡᠯᠡᠬᠦ ᠬᠤᠭᠤᠴᠠᠭ᠎ᠠ᠎ᠨᠢ 5 ᠠᠵᠢᠯᠯᠠᠬᠤ ᠡᠳᠦᠷ ᠪᠣᠯᠤᠨ᠎ᠠ᠃
    6. ᠤᠷᠢᠨ ᠬᠡᠷᠡᠭᠯᠡᠬᠦ᠃ ᠢᠯᠡ ᠨᠡᠢ᠌ᠲᠡᠯᠡᠬᠦ ᠬᠤᠭᠤᠴᠠᠭ᠎ᠠ᠎ᠨᠢ ᠳᠠᠭᠤᠰᠤᠭ᠋ᠠᠳ ᠣᠨᠳᠣᠤ ᠰᠠᠨᠠᠯ ᠥᠬᠡᠶ ᠪᠣᠯ᠂ ᠤᠷᠢᠨ ᠬᠡᠷᠡᠭᠯᠡᠭᠰᠡᠨ ᠲᠤᠰᠬᠠᠶ ᠮᠡᠷᠭᠡᠵᠢᠯᠲᠡᠨ᠎ᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠦᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠬᠥᠮᠥᠷᠭᠡ᠎ᠳᠤ ᠣᠷᠣᠭᠤᠯᠬᠤ ᠵᠢᠨ ᠬᠠᠮᠲᠤ᠂ ᠨᠡᠢ᠌ᠭᠡᠮ᠎ᠳᠤ ᠲᠤᠰᠬᠠᠶ ᠮᠡᠷᠭᠡᠵᠢᠯᠲᠡᠨ᠎ᠤ ᠨᠡᠷᠡᠰ᠎ᠢ ᠢᠯᠡ ᠨᠡᠢ᠌ᠲᠡᠯᠡᠨ᠎ᠡ᠃
     (ᠬᠣᠶᠠᠷ) ᠨᠥᠬᠥᠵᠦ ᠰᠣᠩᠭᠣᠨ ᠤᠷᠢᠬᠤ ᠃ ᠬᠠᠮᠢᠶ᠎ᠠ ᠪᠥᠬᠥᠶ ᠭᠠᠵᠠᠷ ᠲᠠᠰᠤᠭ᠎ᠨᠢ ᠪᠣᠳᠠᠲᠠᠶ ᠠᠵᠢᠯ᠎ᠤᠨ ᠬᠡᠷᠡᠭᠴᠡᠭᠡ᠎ᠪᠠᠨ ᠦᠨᠳᠦᠰᠦᠯᠡᠨ᠂ ᠵᠢᠯ ᠪᠦᠷᠢ ᠵᠢᠨ ᠵᠢᠯ᠎ᠤᠨ ᠰᠡᠭᠦᠯᠴᠢ᠎ᠳᠤ ᠲᠤᠰᠬᠠᠶ ᠮᠡᠷᠭᠡᠵᠢᠯᠲᠡᠨ᠎ᠤ ᠬᠡᠷᠡᠭᠴᠡᠭᠡ ᠱᠠᠭ᠋ᠠᠷᠳᠠᠯᠭ᠎ᠠ ᠵᠢ ᠨᠡᠮᠡᠵᠦ ᠨᠥᠬᠥᠪᠥᠷᠢᠯᠡᠬᠦ᠎ᠪᠠᠷ ᠳᠤᠷᠠᠳᠴᠤ᠂ ᠬᠠᠮᠢᠶ᠎ᠠ ᠪᠥᠬᠥᠶ ᠲᠠᠰ ᠳᠠᠷᠠᠭ᠋ᠠᠯᠠᠯ᠎ᠢ ᠭᠦᠢᠴᠡᠳᠬᠡᠭᠰᠡᠨ᠎ᠤ ᠳᠠᠷᠠᠭ᠎ᠠ ᠲᠤᠰᠬᠠᠶ ᠮᠡᠷᠭᠡᠵᠢᠯᠲᠡᠨ᠎ᠤ ᠬᠥᠮᠥᠷᠭᠡ᠎ᠳᠤ ᠨᠥᠬᠥᠪᠥᠷᠢᠯᠡᠬᠦ ᠵᠢᠨ ᠬᠠᠮᠲᠤ᠂ ᠲᠢᠩᠬᠢᠮ᠎ᠤᠨ ᠫᠤᠷᠲᠸᠯ ᠰᠦᠯᠵᠢᠶᠡᠨ ᠳᠡᠭᠡᠷ᠎ᠡ ᠲᠥᠪᠯᠡᠷᠡᠭᠦᠯᠦᠨ ᠢᠯᠡ ᠨᠡᠢ᠌ᠲᠡᠯᠡᠨ᠎ᠡ ᠃
    ᠠᠷᠪᠠᠳᠤᠭ᠋ᠠᠷ ᠵᠦᠢᠯ   ᠲᠤᠰᠬᠠᠶ ᠮᠡᠷᠭᠡᠵᠢᠯᠲᠡᠨ᠎ᠢ ᠤᠷᠢᠵᠤ ᠲᠣᠮᠢᠯᠠᠬᠤ ᠳᠦᠷᠢᠮ᠎ᠢ ᠬᠡᠷᠡᠭᠵᠢᠭᠦᠯᠦᠨ᠎ᠡ᠂ ᠤᠷᠢᠵᠤ ᠲᠣᠮᠢᠯᠠᠬᠤ ᠬᠤᠭᠤᠴᠠᠭ᠎ᠠ᠎ᠨᠢ 3 ᠵᠢᠯ ᠪᠣᠯᠤᠨ᠎ᠠ᠃ ᠤᠷᠢᠵᠤ ᠲᠣᠮᠢᠯᠠᠬᠤ ᠬᠤᠭᠤᠴᠠᠭ᠎ᠠ ᠳᠠᠭᠤᠰᠬᠤ᠎ᠠᠴᠠ ᠡᠮᠦᠨ᠎ᠡ 3 ᠰᠠᠷ᠎ᠠ᠎ᠳᠤ ᠂ ᠲᠤᠰᠬᠠᠶ ᠮᠡᠷᠭᠡᠵᠢᠯᠲᠡᠨ᠎ᠤ ᠠᠵᠢᠯ᠎ᠢ ᠦᠷᠭᠦᠯᠵᠢᠯᠡᠨ ᠬᠢᠬᠦ ᠳᠤᠷᠠᠲᠠᠶ ᠪᠣᠯ ᠰᠣᠩᠭᠣᠨ ᠤᠷᠢᠬᠤ ᠲᠠᠰ ᠳᠠᠷᠠᠭ᠋ᠠᠯᠠᠯ ᠶᠣᠰᠣᠭ᠋ᠠᠷ ᠦᠷᠭᠦᠯᠵᠢᠯᠡᠨ ᠤᠷᠢᠨ᠎ᠠ᠃
    ᠭᠤᠷᠪᠠᠳᠤᠭ᠋ᠠᠷ ᠪᠦᠯᠦᠭ  ᠲᠤᠰᠬᠠᠢ ᠮᠡᠷᠭᠡᠵᠢᠯᠲᠡᠨ᠎ᠤ ᠡᠭᠦᠷᠭᠡ᠂ ᠡᠷᠬᠡ ᠪᠠ ᠠᠵᠢᠯ᠎ᠤᠨ ᠰᠠᠬᠢᠯᠭ᠎ᠠ ᠳᠦᠷᠢᠮ
    ᠠᠷᠪᠠᠨ ᠨᠢᠭᠡᠳᠦᠭᠡᠷ ᠵᠦᠢᠯ   ᠲᠤᠰᠬᠠᠶ ᠮᠡᠷᠭᠡᠵᠢᠯᠲᠡᠨ ᠲᠣᠮᠢᠯᠠᠭᠰᠠᠨ ᠨᠢᠭᠡᠴᠢ ᠵᠢᠨ ᠨᠠᠢ᠌ᠳᠠᠯᠭ᠎ᠠ ᠵᠢ ᠬᠦᠯᠢᠶᠡᠵᠦ᠂ ᠭᠣᠤᠯᠳᠠᠭᠤ ᠳᠣᠤᠷᠠᠬᠢ ᠮᠡᠲᠦ ᠠᠵᠢᠯ᠎ᠤᠨ ᠡᠭᠦᠷᠭᠡ ᠵᠢ ᠡᠭᠦᠷᠭᠡᠯᠡᠨ᠎ᠡ᠄
    (ᠨᠢᠭᠡ) ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠠᠶᠤᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠰᠢᠰᠲ᠋ᠧᠮᠵᠢ ᠵᠢᠨ ᠪᠠᠢ᠌ᠭᠤᠯᠤᠯᠲᠠ᠂ ᠬᠥᠭᠵᠢᠯᠲᠡ ᠵᠢᠨ ᠲᠥᠯᠥᠪᠵᠢᠭᠦᠯᠭᠡ᠂ ᠲᠥᠷᠥ ᠵᠢᠨ ᠪᠣᠳᠣᠯᠭ᠎ᠠ ᠵᠢᠨ ᠠᠷᠭ᠎ᠠ ᠬᠡᠮᠵᠢᠶ᠎ᠡ᠂ ᠪᠠᠷᠢᠮᠵᠢᠶ᠎ᠠ ᠵᠢᠷᠤᠮᠵᠢᠯ᠎ᠢ ᠰᠤᠳᠤᠯᠬᠤ᠂ ᠲᠣᠭᠲᠠᠭ᠋ᠠᠬᠤ᠂ ᠨᠤᠲᠠᠯᠠᠬᠤ ᠪᠠ ᠬᠠᠤᠯᠢ ᠴᠠᠭ᠋ᠠᠵᠠ ᠬᠠᠤᠯᠢ ᠲᠣᠭᠲᠠᠭ᠋ᠠᠯ ᠵᠡᠷᠭᠡ ᠵᠢᠨ ᠤᠬᠠᠭᠤᠯᠭ᠎ᠠ᠂ ᠬᠥᠮᠦᠵᠢᠯ᠂ ᠪᠣᠯᠪᠠᠰᠤᠷᠠᠯ᠎ᠳᠤ ᠣᠷᠣᠯᠴᠠᠨ᠎ᠠ;
    (ᠬᠣᠶᠠᠷ) ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠵᠣᠬᠢᠶᠠᠨ ᠪᠠᠢ᠌ᠭᠤᠯᠤᠭᠰᠠᠨ ᠠᠶᠤᠯᠬᠦᠢ ᠦᠢ᠍ᠯᠡᠳᠪᠦᠷᠢᠯᠡᠯ᠎ᠳᠤ ᠬᠢᠨᠠᠯᠲᠠ ᠲᠠᠯᠪᠢᠬᠤ᠂ ᠪᠠᠢ᠌ᠴᠠᠭ᠋ᠠᠬᠤ᠂ ᠦᠨᠡᠯᠡᠨ ᠵᠢᠱ᠌ᠢᠬᠦ᠂ ᠠᠰᠠᠭᠤᠨ ᠯᠠᠪᠯᠠᠬᠤ ᠵᠢᠯᠣᠭᠣᠳᠬᠤ᠂ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠪᠡᠯᠡᠳᠬᠡᠯ ᠲᠥᠰᠦᠯ᠎ᠢ ᠨᠠᠢ᠌ᠷᠠᠭᠤᠯᠤᠨ ᠵᠣᠬᠢᠶᠠᠬᠤ᠂ ᠬᠢᠨᠠᠨ ᠲᠣᠭᠲᠠᠭ᠋ᠠᠬᠤ ᠪᠠ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠰᠣᠷᠢᠯᠲᠠ ᠵᠢ ᠵᠣᠬᠢᠶᠠᠨ ᠪᠠᠢ᠌ᠭᠤᠯᠤᠨ ᠶᠠᠪᠤᠭᠳᠠᠭᠤᠯᠬᠤ᠂ ᠦᠨᠡᠯᠡᠨ ᠵᠢᠱ᠌ᠢᠬᠦ ᠵᠡᠷᠭᠡ ᠮᠡᠷᠭᠡᠵᠢᠯ᠎ᠤᠨ ᠴᠢᠨᠠᠷᠲᠠᠶ ᠳᠡᠮᠵᠢᠯᠭᠡ᠂ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠰᠡᠳᠦᠪᠲᠦ ᠪᠠᠢ᠌ᠴᠠᠭ᠋ᠠᠨ ᠰᠤᠳᠤᠯᠤᠯᠲᠠ ᠬᠢᠬᠦ᠂ ᠨᠤᠲᠠᠯᠠᠯᠲᠠ ᠬᠢᠬᠦ᠎ᠳᠤ ᠣᠷᠣᠯᠴᠠᠨ᠎ᠠ;
    (ᠭᠤᠷᠪᠠ) ᠵᠠᠮ ᠬᠠᠷᠢᠯᠴᠠᠭ᠎ᠠ ᠲᠡᠭᠡᠭᠡᠪᠦᠷᠢ ᠵᠢᠨ ᠠᠵᠢᠯ ᠲᠥᠷᠥᠯ᠎ᠤᠨ ᠬᠠᠮᠢᠶ᠎ᠠ ᠪᠦᠬᠦᠢ ᠦᠢ᠍ᠯᠡᠳᠪᠦᠷᠢᠯᠡᠯ᠎ᠤᠨ ᠠᠶᠤᠯᠬᠦᠢ ᠵᠢᠨ ᠡᠨᠳᠡᠯ᠎ᠤᠨ ᠪᠠᠴᠢᠮ ᠪᠠᠢ᠌ᠳᠠᠯ᠎ᠢ ᠠᠷᠭ᠋ᠠᠴᠠᠭ᠋ᠠᠵᠤ ᠠᠪᠤᠷᠠᠨ ᠲᠤᠰᠠᠯᠠᠬᠤ ᠪᠠ ᠡᠨᠳᠡᠯ᠎ᠤᠨ ᠪᠠᠢ᠌ᠴᠠᠭ᠋ᠠᠯᠲᠠ᠎ᠳᠤ ᠣᠷᠣᠯᠴᠠᠨ᠎ᠠ;
    (ᠳᠥᠷᠪᠡ) ᠵᠠᠮ ᠬᠠᠷᠢᠯᠴᠠᠭ᠎ᠠ ᠲᠡᠭᠡᠭᠡᠪᠦᠷᠢ ᠵᠢᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ  ᠠᠷᠭ᠋ᠠᠴᠠᠭ᠋ᠠᠬᠤ ᠬᠠᠮᠢᠶᠠᠷᠤᠯᠲᠠ ᠵᠢᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠲᠥᠷᠥᠯ ᠵᠦᠢ᠍ᠯ᠂ ᠮᠡᠷᠭᠡᠵᠢᠯ᠎ᠤᠨ ᠲᠥᠰᠦᠯ ᠵᠡᠷᠭᠡ ᠵᠢ ᠬᠢᠨᠠᠨ ᠪᠠᠢ᠌ᠴᠠᠭ᠋ᠠᠬᠤ᠂ ᠨᠤᠲᠠᠯᠠᠬᠤ᠎ᠳᠤ ᠣᠷᠣᠯᠴᠠᠨ᠎ᠠ;
    (ᠲᠠᠪᠤ) ᠵᠠᠮ ᠬᠠᠷᠢᠯᠴᠠᠭ᠎ᠠ ᠲᠡᠭᠡᠭᠡᠪᠦᠷᠢ ᠵᠢᠨ ᠠᠵᠢᠯ ᠲᠥᠷᠥᠯ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠪᠤᠰᠤᠳ ᠠᠵᠢᠯ᠎ᠤᠨ ᠡᠭᠦᠷᠭᠡ᠎ᠳᠤ ᠣᠷᠣᠯᠴᠠᠨ᠎ᠠ᠃
    ᠠᠷᠪᠠᠨ ᠬᠣᠶᠠᠳᠤᠭ᠋ᠠᠷ ᠵᠦᠢ᠍ᠯ    ᠲᠤᠰᠬᠠᠢ ᠮᠡᠷᠭᠡᠵᠢᠯᠲᠡᠨ᠎ᠤ ᠡᠳ᠋ᠯᠡᠬᠦ ᠡᠷᠬᠡ᠄
    (ᠨᠢᠭᠡ) ᠲᠣᠮᠢᠯᠠᠬᠤ ᠡᠭᠦᠷᠭᠡ ᠵᠢ ᠭᠦᠢ᠍ᠴᠡᠳᠬᠡᠬᠦ ᠦᠶ᠎ᠡ᠎ᠳᠤ᠂ ᠲᠤᠬᠠᠢ ᠵᠢᠨ ᠲᠠᠯᠠᠪᠤᠷ᠎ᠲᠤ ᠬᠦᠷᠴᠦ ᠬᠣᠯᠪᠣᠭᠳᠠᠯ ᠪᠦᠬᠦᠢ ᠪᠢᠴᠢᠭ ᠮᠠᠲ᠋ᠧᠷᠢᠶᠠᠯ ᠪᠤᠶᠤ ᠮᠡᠷᠭᠡᠵᠢᠯ᠎ᠤᠨ ᠮᠠᠲ᠋ᠧᠷᠢᠶᠠᠯ᠎ᠢ ᠪᠠᠢ᠌ᠴᠠᠭ᠋ᠠᠨ ᠦᠵᠡᠬᠦ᠂ ᠬᠣᠯᠪᠣᠭᠳᠠᠯ ᠪᠦᠬᠦᠢ ᠬᠤᠷᠠᠯ᠎ᠳᠤ ᠣᠷᠣᠯᠴᠠᠬᠤ᠂ ᠬᠣᠯᠪᠣᠭᠳᠠᠯ ᠪᠦᠬᠦᠢ ᠨᠢᠭᠡᠴᠢ ᠪᠠ ᠬᠥᠮᠦᠨ᠎ᠠᠴᠠ ᠪᠠᠢ᠌ᠳᠠᠯ᠎ᠢ ᠣᠢ᠌ᠯᠠᠭ᠋ᠠᠬᠤ ᠡᠷᠬᠡ᠎ᠲᠠᠢ;
    (ᠬᠣᠶᠠᠷ) ᠲᠣᠮᠢᠯᠠᠬᠤ ᠡᠭᠦᠷᠭᠡ ᠵᠢ ᠭᠦᠢ᠍ᠴᠡᠳᠬᠡᠬᠦ ᠳᠤᠮᠳᠠ ᠣᠯᠵᠤ ᠮᠡᠳᠡᠭᠰᠡᠨ ᠬᠣᠯᠪᠣᠭᠳᠠᠯ ᠪᠦᠬᠦᠢ ᠬᠠᠤᠯᠢ ᠲᠣᠭᠲᠠᠭ᠋ᠠᠯ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠪᠣᠯᠤᠨ ᠡᠨᠳᠡᠯ᠎ᠤᠨ ᠳᠠᠯᠳᠠ ᠭᠡᠮ᠎ᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠳᠤ ᠰᠢᠢᠳᠪᠦᠷᠢᠯᠡᠬᠦ ᠰᠠᠨᠠᠭᠤᠯᠭ᠎ᠠ ᠳᠤᠷᠠᠳᠬᠤ ᠡᠷᠬᠡ᠎ᠲᠠᠢ;
    (ᠭᠤᠷᠪᠠ) ᠪᠤᠰᠤᠳ ᠬᠥᠮᠦᠨ᠎ᠤ ᠭᠠᠷ ᠲᠦᠷᠦᠭᠦ ᠵᠢ ᠬᠦᠯᠢᠶᠡᠬᠦ ᠦᠭᠡᠢ ᠪᠥᠭᠡᠳ ᠪᠡᠶ᠎ᠡ᠎ᠪᠠᠨ ᠳᠠᠭ᠋ᠠᠭ᠋ᠠᠵᠤ ᠲᠦᠷᠦ ᠵᠢᠨ ᠪᠤᠳᠤᠯᠭ᠎ᠠ ᠵᠢᠨ ᠵᠥᠪᠯᠡᠯᠭᠡ᠂ ᠮᠡᠷᠭᠡᠵᠢᠯ᠎ᠤᠨ ᠬᠢᠨᠠᠨ ᠪᠠᠢ᠌ᠴᠠᠭ᠋ᠠᠯᠲᠠ ᠵᠢᠨ ᠳ᠋ᠦᠩᠨᠡᠯᠲᠡ ᠪᠤᠶᠤ ᠰᠢᠯᠭ᠋ᠠᠨ ᠲᠣᠭᠲᠠᠭ᠋ᠠᠭᠰᠠᠨ ᠰᠠᠨᠠᠯ ᠭᠠᠷᠭ᠋ᠠᠬᠤ ᠡᠷᠬᠡ᠎ᠲᠠᠢ;
    (ᠲᠦᠷᠪᠡ) ᠲᠣᠭᠲᠠᠭ᠋ᠠᠯ ᠶᠣᠰᠣᠭ᠋ᠠᠷ ᠲᠤᠰᠬᠠᠢ ᠮᠡᠷᠭᠡᠵᠢᠯ᠎ᠤᠨ ᠦᠢ᠍ᠯᠡᠴᠢᠯᠡᠭᠡᠨ᠎ᠤ ᠬᠥᠳᠡᠯᠮᠦᠷᠢ ᠵᠢᠨ ᠬᠥᠯᠥᠰᠥ ᠣᠯᠭᠣᠮᠵᠢ ᠤᠯᠬᠤ ᠡᠷᠬᠡ;
    (ᠲᠠᠪᠤ) ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠬᠣᠯᠪᠣᠭᠳᠠᠯ ᠪᠦᠬᠦᠢ ᠮᠠᠲ᠋ᠧᠷᠢᠶᠠᠯ᠎ᠢ ᠰᠦᠢ᠍ᠳᠬᠡᠯ ᠬᠤᠷᠢᠶᠠᠬᠤ ᠦᠭᠡᠶ᠎ᠪᠠᠷ ᠬᠠᠩᠭ᠋ᠠᠵᠤ᠂ ᠲᠤᠬᠠᠢ᠌ᠯᠠᠭᠰᠠᠨ ᠠᠵᠢᠯ᠎ᠤᠨ ᠬᠥᠮᠦᠵᠢᠯ ᠪᠣᠯᠪᠠᠰᠤᠷᠠᠯ᠎ᠳᠤ ᠣᠷᠣᠯᠴᠠᠬᠤ ᠡᠷᠬᠡ᠎ᠲᠠᠢ;
    (ᠵᠢᠷᠭᠤᠭ᠎ᠠ) ᠲᠣᠮᠢᠯᠠᠭᠰᠠᠨ ᠨᠢᠭᠡᠴᠢ ᠪᠤᠶᠤ ᠠᠵᠢᠯ᠎ᠤᠨ ᠵᠦᠢᠯᠡᠰ᠎ᠤᠨ ᠬᠠᠮᠢᠶ᠎ᠠ ᠪᠥᠬᠥᠶ ᠨᠢᠭᠡᠴᠢ᠎ᠠᠴᠠ ᠴᠢᠬᠤᠯᠠ ᠪᠥᠬᠥᠶ ᠠᠵᠢᠯ ᠠᠮᠢᠳᠤᠷᠠᠯ᠎ᠤᠨ ᠨᠥᠬᠥᠴᠡᠯ᠂ ᠠᠮᠤᠷ ᠲᠦᠪᠰᠢᠨ᠎ᠤ ᠰᠡᠷᠭᠡᠢ᠌ᠯᠡᠨ ᠬᠠᠮᠠᠭ᠋ᠠᠯᠠᠬᠤ ᠲᠣᠨᠣᠭ ᠲᠥᠬᠥᠭᠡᠷᠦᠮᠵᠢ ᠪᠠ ᠪᠤᠰᠤᠳ ᠠᠮᠤᠷ ᠲᠦᠪᠰᠢᠨ᠎ᠤ ᠪᠠᠲᠤᠯᠠᠭ᠎ᠠ ᠬᠠᠩᠭ᠋ᠠᠬᠤ ᠡᠷᠬᠡ᠎ᠲᠠᠢ;
    (ᠲᠤᠯᠦᠭ᠎ᠠ) ᠬᠠᠤᠯᠢ ᠴᠠᠭ᠋ᠠᠵᠠ᠂ ᠬᠠᠤᠯᠢ ᠲᠣᠭᠲᠠᠭ᠋ᠠᠯ᠎ᠳᠤ ᠲᠣᠭᠲᠠᠭ᠋ᠠᠭᠰᠠᠨ ᠪᠤᠰᠤᠳ ᠡᠷᠬᠡ᠎ᠨᠦᠭᠦᠳ᠃
    ᠠᠷᠪᠠᠨ ᠭᠤᠷᠪᠠᠳᠤᠭ᠋ᠠᠷ ᠵᠦᠢ᠍ᠯ   ᠲᠤᠰᠬᠠᠶ ᠮᠡᠷᠭᠡᠵᠢᠯᠲᠡᠨ᠎ᠤ ᠠᠵᠢᠯ᠎ᠤᠨ ᠰᠠᠬᠢᠯᠭ᠎ᠠ ᠳᠦᠷᠢᠮ᠄
    (ᠨᠢᠭᠡ) ᠤᠯᠤᠰ᠂ ᠥᠪᠡᠷᠲᠡᠭᠡᠨ ᠵᠠᠰᠠᠬᠤ ᠣᠷᠣᠨ᠎ᠤ ᠠᠶᠤᠯᠬᠦᠢ ᠦᠢ᠍ᠯᠡᠳᠪᠦᠷᠢᠯᠡᠯ᠂ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠬᠣᠯᠪᠣᠭᠳᠠᠯ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠢ ᠬᠢᠨᠠᠮᠠᠭ᠋ᠠᠶ ᠲᠤᠭᠤᠰᠢᠯᠠᠭᠤᠯᠵᠤ᠂ ᠠᠷᠢᠭᠤᠨ ᠴᠢᠬᠡᠴᠢ᠎ᠪᠠᠷ ᠵᠠᠰᠠᠭ ᠪᠠᠷᠢᠬᠤ ᠰᠠᠬᠢᠯᠭ᠎ᠠ ᠪᠠᠲᠤ᠂ ᠡᠷᠬᠢᠯᠡᠭᠰᠡᠨ ᠠᠵᠢᠯ᠎ᠤᠨ ᠶᠣᠰᠣ ᠮᠣᠷᠠᠯ ᠪᠣᠯᠤᠨ ᠠᠵᠢᠯ ᠲᠥᠷᠥᠯ᠎ᠤᠨ ᠵᠢᠷᠤᠮᠵᠢᠯ᠎ᠢ ᠵᠢᠷᠤᠮᠯᠠᠨ᠂ ᠵᠠᠷᠴᠢᠮ᠎ᠢ ᠪᠠᠷᠢᠮᠲᠠᠯᠠᠵᠤ᠂ ᠠᠵᠢᠯ ᠵᠶ᠋ᠠᠨ ᠪᠤᠰᠤᠳᠴᠢ᠂ ᠭᠣᠣᠯᠴᠢ᠎ᠪᠠᠷ ᠦᠷᠨᠢᠭᠦᠯᠦᠨ᠎ᠡ;
    (ᠬᠣᠶᠠᠷ) ᠲᠢᠩᠬᠢᠮ᠎ᠤᠨ ᠠᠶᠤᠯᠬᠦᠢ ᠦᠢᠯᠡᠳᠪᠦᠷᠢᠯᠡᠯ᠎ᠤᠨ ᠵᠥᠪᠯᠡᠯ᠎ᠤᠨ ᠠᠯᠪᠠᠨ ᠭᠡᠷ᠎ᠤᠨ ᠬᠠᠮᠢᠶᠠᠷᠤᠯᠲᠠ ᠵᠢ ᠤᠬᠠᠮᠰᠠᠷ᠎ᠠᠴᠠ᠎ᠪᠠᠨ ᠬᠦᠯᠢᠶᠡᠵᠦ᠂ ᠲᠤᠰ ᠠᠷᠭ᠎ᠠ ᠪᠣᠯᠤᠨ ᠠᠵᠢᠯ᠎ᠤᠨ ᠰᠠᠬᠢᠯᠭ᠎ᠠ ᠪᠠᠲᠤ ᠵᠢ ᠴᠢᠩᠭ᠎ᠠ ᠵᠢᠷᠤᠮᠯᠠᠨ᠂ ᠲᠣᠮᠢᠯᠠᠬᠤ ᠡᠭᠦᠷᠭᠡ᠎ᠪᠠᠨ ᠴᠠᠭ ᠬᠤᠭᠤᠴᠠᠭ᠎ᠠ ᠶᠣᠰᠣ᠎ᠪᠠᠷ ᠥᠷᠨᠢᠭᠦᠯᠬᠦ ᠵᠢᠨ ᠬᠠᠮᠲᠤ ᠴᠢᠨᠠᠷ ᠰᠠᠢ᠌ᠲᠠᠢ ᠪᠡᠶᠡᠯᠡᠭᠦᠯᠦᠨ᠎ᠡ; ᠡᠭᠦᠷᠭᠡ᠎ᠪᠠᠨ ᠪᠡᠶᠡᠯᠡᠭᠦᠯᠦᠭᠰᠡᠨ᠎ᠤ ᠳᠠᠷᠠᠭ᠎ᠠ᠂ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠳᠤ ᠬᠣᠯᠪᠣᠭᠳᠠᠯ ᠪᠦᠬᠦᠢ ᠮᠠᠲ᠋ᠧᠷᠢᠶᠠᠯ ᠵᠶ᠋ᠡᠨ ᠬᠠᠩᠭ᠋ᠠᠨ᠎ᠠ;
    (ᠭᠤᠷᠪᠠ) ᠡᠨᠳᠡᠯ ᠪᠤᠶᠤ ᠭᠡᠨᠡᠳᠲᠡ ᠵᠢᠨ ᠬᠡᠷᠡᠭ ᠵᠡᠷᠭᠡ ᠪᠠᠴᠢᠮ ᠪᠠᠢ᠌ᠳᠠᠯ ᠲᠣᠬᠢᠶᠠᠯᠳᠤᠪᠠᠯ᠂ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠲᠣᠮᠢᠯᠠᠯᠲᠠ ᠵᠢ ᠬᠦᠯᠢᠶᠡᠵᠦ᠂ ᠡᠨᠳᠡᠯ ᠪᠤᠶᠤ ᠭᠡᠨᠡᠳᠲᠡ ᠵᠢᠨ ᠬᠡᠷᠡᠭ᠎ᠤᠨ ᠲᠤᠬᠠᠶ ᠵᠢᠨ ᠭᠠᠵᠠᠷ᠎ᠲᠤ ᠴᠠᠭ ᠲᠤᠬᠠᠶ᠎ᠳᠤ᠎ᠨᠢ ᠬᠦᠷᠴᠦ ᠮᠡᠷᠭᠡᠵᠢᠯ᠎ᠤᠨ ᠦᠢᠯᠡᠴᠢᠯᠡᠭᠡ ᠬᠠᠩᠭ᠋ᠠᠵᠤ᠂ ᠣᠨᠴᠣᠭᠣᠶ ᠰᠢᠯᠲᠠᠭ᠋ᠠᠨ ᠥᠬᠡᠶ ᠪᠣᠯ ᠪᠠᠴᠢᠮ ᠰᠢᠯᠵᠢᠭᠦᠯᠦᠨ ᠲᠣᠮᠢᠯᠠᠬᠤ ᠵᠢ ᠲᠡᠪᠴᠢᠵᠦ ᠪᠣᠯᠬᠤ ᠥᠬᠡᠶ;
    (ᠳᠥᠷᠪᠡ) ᠡᠳᠦᠷ ᠲᠤᠲᠤᠮ᠎ᠤᠨ ᠠᠵᠢᠯ ᠪᠣᠯᠤᠨ ᠡᠭᠦᠷᠭᠡ ᠭᠦᠢ᠍ᠴᠡᠳᠬᠡᠬᠦ ᠶᠠᠪᠤᠴᠠ᠎ᠳᠤ ᠣᠯᠵᠤ ᠮᠡᠳᠡᠭᠰᠡᠨ ᠴᠢᠬᠤᠯᠠ ᠶᠡᠬᠡ ᠠᠰᠠᠭᠤᠳᠠᠯ᠎ᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠳᠤ ᠴᠠᠭ ᠲᠤᠬᠠᠶ᠎ᠳᠤ᠎ᠨᠢ ᠮᠡᠳᠡᠭᠦᠯᠦᠨ᠎ᠡ;
    (ᠲᠠᠪᠤ ) ᠨᠢᠭᠤᠴᠠ ᠵᠢ ᠬᠠᠮᠠᠭ᠋ᠠᠯᠠᠬᠤ ᠳᠦᠷᠢᠮ᠎ᠢ ᠴᠢᠩᠭ᠎ᠠ ᠵᠢᠷᠤᠮᠯᠠᠵᠤ᠂ ᠳᠠᠭ᠋ᠠᠭ᠋ᠠᠯᠭ᠋ᠠᠭᠰᠠᠨ ᠡᠭᠦᠷᠭᠡ ᠵᠢᠨ ᠬᠠᠮᠢᠶ᠎ᠠ ᠪᠦᠬᠦᠢ ᠲᠠᠯ᠎ᠠ ᠵᠢᠨ ᠬᠤᠪᠢ ᠵᠢᠨ ᠨᠢᠭᠤᠴᠠ ᠵᠢᠴᠢ ᠬᠤᠳᠠᠯᠳᠤᠭ᠎ᠠ ᠪᠠ ᠮᠡᠷᠭᠡᠵᠢᠯ᠎ᠤᠨ ᠨᠢᠭᠤᠴᠠ ᠵᠢ ᠬᠠᠮᠠᠭ᠋ᠠᠯᠠᠨ᠎ᠠ;
    (ᠵᠢᠷᠭᠤᠭ᠎ᠠ) ᠲᠤᠰᠬᠠᠶ ᠮᠡᠷᠭᠡᠵᠢᠯᠲᠡᠨ᠎ᠤ ᠵᠠᠢ᠌ᠯᠠᠬᠤ ᠲᠦᠷᠢᠮ᠎ᠢ ᠴᠢᠩᠭ᠎ᠠ ᠵᠢᠷᠤᠮᠯᠠᠵᠤ᠂ ᠳᠣᠤᠷᠠᠬᠢ ᠪᠠᠢ᠌ᠳᠠᠯ᠎ᠤᠨ ᠨᠢᠭᠡ᠎ᠨᠢ ᠪᠠᠢ᠌ᠪᠠᠯ᠂ ᠵᠠᠢ᠌ᠯᠠᠬᠤ ᠬᠡᠷᠡᠭᠲᠡᠶ᠄ ᠲᠤᠰᠬᠠᠶ ᠮᠡᠷᠭᠡᠵᠢᠯᠲᠡᠨ᠎ᠨᠢ 3 ᠵᠢᠯ᠎ᠤᠨ ᠳᠣᠲᠣᠷ᠎ᠠ ᠠᠵᠢᠯ᠎ᠤᠨ ᠵᠦᠢᠯᠡᠰ᠎ᠤᠨ ᠬᠠᠮᠢᠶ᠎ᠠ ᠪᠥᠬᠥᠶ ᠨᠢᠭᠡᠴᠢ᠎ᠯᠦᠭᠡ ᠲᠤᠰᠢᠶᠠᠯ ᠬᠠᠷᠢᠭᠤᠴᠠᠬᠤ ᠪᠤᠶᠤ ᠤᠷᠢᠨ ᠲᠣᠮᠢᠯᠠᠬᠤ ᠬᠠᠷᠢᠴᠠᠭ᠎ᠠ᠎ᠲᠠᠢ ᠪᠠᠢ᠌ᠬᠤ; ᠲᠤᠰᠬᠠᠶ ᠮᠡᠷᠭᠡᠵᠢᠯᠲᠡᠨ ᠵᠢᠴᠢ ᠲᠡᠭᠦᠨ᠎ᠤ ᠣᠢ᠌ᠷ᠎ᠠ ᠲᠥᠷᠥᠯ ᠰᠠᠳᠤᠨ ᠪᠤᠶᠤ ᠲᠤᠰᠬᠠᠶ ᠮᠡᠷᠭᠡᠵᠢᠯᠲᠡᠨ᠎ᠤ ᠪᠠᠢ᠌ᠭ᠎ᠠ ᠨᠢᠭᠡᠴᠢ᠎ᠨᠢ ᠠᠵᠢᠯ᠎ᠤᠨ ᠵᠦᠢᠯᠡᠰ᠎ᠯᠦᠭᠡ ᠠᠰᠢᠭ ᠬᠣᠤᠷ᠎ᠤᠨ ᠬᠠᠷᠢᠴᠠᠭ᠎ᠠ᠎ᠲᠠᠢ ᠪᠠᠢ᠌ᠬᠤ; ᠲᠤᠰᠬᠠᠶ ᠮᠡᠷᠭᠡᠵᠢᠯᠲᠡᠨ ᠪᠣᠯᠤᠨ ᠠᠵᠢᠯ᠎ᠤᠨ ᠵᠦᠢᠯᠡᠰ᠎ᠤᠨ ᠭᠣᠤᠯ ᠬᠠᠷᠢᠴᠠᠭ᠎ᠠ ᠵᠢᠨ ᠬᠥᠮᠦᠨ᠎ᠲᠠᠢ ᠲᠥᠷᠥᠯ ᠰᠠᠳᠤᠨ᠎ᠤ ᠬᠠᠷᠢᠴᠠᠭ᠎ᠠ᠎ᠲᠠᠢ; ᠲᠤᠬᠠᠢ ᠵᠢᠨ ᠬᠥᠮᠦᠨ᠎ᠨᠢ ᠲᠤᠰᠬᠠᠢ ᠮᠡᠷᠭᠡᠵᠢᠯᠲᠡᠨ᠎ᠤ ᠠᠵᠢᠯ᠎ᠤᠨ ᠵᠦᠢ᠍ᠯᠡᠰ᠎ᠲᠠᠢ ᠪᠤᠰᠤᠳ ᠬᠠᠷᠢᠴᠠᠭ᠎ᠠ᠎ᠲᠠᠢ ᠪᠠᠢ᠌ᠵᠤ᠂ ᠭᠣᠣᠯᠴᠢ ᠳ᠋ᠦᠩᠨᠡᠯᠲᠡ ᠵᠢ ᠨᠥᠯᠥᠭᠡᠯᠡᠵᠦ ᠮᠡᠳᠡᠬᠦ; ᠪᠤᠰᠤᠳ ᠵᠠᠢ᠌ᠯᠠᠬᠤ ᠴᠢᠬᠤᠯᠠᠲᠠᠶ ᠵᠦᠢᠯᠡᠰ;
    (ᠳᠣᠯᠣᠭ᠎ᠠ) ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠵᠥᠪᠰᠢᠶᠡᠷᠡᠯ ᠦᠭᠡᠶ ᠪᠣᠯ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠪᠣᠯᠤᠨ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠨᠡᠷ᠎ᠡ᠎ᠪᠠᠷ ᠶᠠᠮᠠᠷᠪᠠ ᠠᠵᠢᠯᠯᠠᠭ᠎ᠠ ᠵᠢ ᠵᠣᠬᠢᠶᠠᠨ ᠪᠠᠢ᠌ᠭᠤᠯᠬᠤ ᠪᠤᠶᠤ ᠣᠷᠣᠯᠴᠠᠵᠤ ᠪᠣᠯᠬᠤ ᠦᠭᠡᠶ᠃
    ᠳᠥᠷᠪᠡᠳᠦᠭᠡᠷ ᠪᠦᠯᠦᠭ ᠲᠣᠮᠢᠯᠠᠬᠤ ᠪᠠ ᠬᠡᠷᠡᠭᠯᠡᠬᠦ
    ᠠᠷᠪᠠᠨ ᠳᠥᠷᠪᠡᠳᠦᠭᠡᠷ ᠵᠦᠢᠯ   ᠲᠤᠰᠬᠠᠶ ᠮᠡᠷᠭᠡᠵᠢᠯᠲᠡᠨ᠎ᠢ ᠲᠣᠮᠢᠯᠠᠨ ᠬᠡᠷᠡᠭᠯᠡᠬᠦ᠎ᠳᠤ᠂ ᠬᠡᠷᠡᠭᠴᠡᠭᠡ᠎ᠪᠠᠷ᠎ᠨᠢ ᠭᠤᠶᠤᠴᠢᠯᠠᠬᠤ᠂ ᠲᠠᠰᠢᠷᠠᠮ ᠳᠠᠭ᠋ᠠᠤ ᠰᠤᠭᠤᠴᠢᠨ ᠠᠪᠬᠤ᠂ ᠬᠠᠮᠢᠶᠠᠷᠬᠤ ᠪᠠ ᠬᠡᠷᠡᠭᠯᠡᠬᠦ ᠵᠢ ᠰᠠᠯᠭ᠋ᠠᠬᠤ᠂ ᠠᠰᠢᠭ ᠲᠤᠰᠠ ᠵᠢ ᠵᠠᠢ᠌ᠯᠠᠭᠤᠯᠬᠤ᠂ ᠴᠢᠩᠭ᠎ᠠ ᠬᠢᠨᠠᠨ ᠵᠥᠪᠰᠢᠶᠡᠷᠡᠬᠦ ᠵᠠᠷᠴᠢᠮ᠎ᠢ ᠵᠢᠷᠤᠮᠯᠠᠵᠤ᠂ ᠲᠤᠰᠬᠠᠶ ᠮᠡᠷᠭᠡᠵᠢᠯᠲᠡᠨ᠎ᠤ ᠬᠥᠮᠥᠷᠭᠡ᠎ᠠᠴᠠ ᠲᠤᠰᠬᠠᠶ ᠮᠡᠷᠭᠡᠵᠢᠯᠲᠡᠨ᠎ᠢ ᠰᠤᠭᠤᠴᠢᠨ ᠠᠪᠤᠨ᠎ᠠ᠃
    ᠠᠷᠪᠠᠨ ᠲᠠᠪᠤᠳᠤᠭ᠋ᠠᠷ ᠵᠦᠢ᠍ᠯ   ᠲᠤᠰᠬᠠᠢ ᠮᠡᠷᠭᠡᠵᠢᠯᠲᠡᠨ᠎ᠢ ᠲᠣᠮᠢᠯᠠᠬᠤ ᠵᠢᠷᠤᠮ᠄
    (ᠨᠢᠭᠡ) ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ᠎ᠤᠨ ᠵᠥᠪᠯᠡᠯ᠎ᠤᠨ ᠠᠯᠪᠠᠨ ᠭᠡᠷ ᠪᠤᠶᠤ ᠬᠠᠮᠢᠶ᠎ᠠ ᠪᠦᠬᠦᠢ ᠭᠠᠵᠠᠷ ᠲᠠᠰᠤᠭ᠎ᠨᠢ ᠠᠵᠢᠯ᠎ᠤᠨ ᠬᠡᠷᠡᠭᠴᠡᠭᠡ᠎ᠪᠠᠨ ᠦᠨᠳᠦᠰᠦᠯᠡᠨ᠂ 《ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠲᠤᠰᠬᠠᠶ ᠮᠡᠷᠭᠡᠵᠢᠯᠲᠡᠨ ᠤᠷᠢᠬᠤ ᠵᠢ ᠬᠢᠨᠠᠨ ᠵᠥᠪᠰᠢᠶᠡᠷᠡᠬᠦ ᠬᠦᠰᠦᠨᠦᠭᠲᠦ》 (ᠳᠠᠭ᠋ᠠᠯᠳᠤᠭᠤᠯᠤᠯ 4) ᠵᠢ ᠲᠠᠭᠯᠠᠵᠤ᠂ 3 - 5 ᠡᠳᠦᠷ᠎ᠤᠨ ᠡᠮᠦᠨ᠎ᠡ ᠲᠤᠰᠬᠠᠶ ᠮᠡᠷᠭᠡᠵᠢᠯᠲᠡᠨ ᠬᠡᠷᠡᠭᠯᠡᠬᠦ ᠬᠡᠷᠡᠭᠴᠡᠭᠡ ᠱᠠᠭ᠋ᠠᠷᠳᠠᠯᠭ᠎ᠠ᠎ᠪᠠᠨ ᠳᠤᠷᠠᠳᠴᠤ᠂ ᠬᠠᠮᠢᠶ᠎ᠠ ᠪᠦᠬᠦᠢ ᠭᠠᠵᠠᠷ ᠲᠠᠰᠤᠭ᠎ᠤᠨ ᠬᠤᠪᠢᠳᠠᠨ ᠬᠠᠮᠢᠶᠠᠷᠬᠤ ᠲᠢᠩᠬᠢᠮ᠎ᠤᠨ ᠤᠳᠤᠷᠢᠳᠤᠯᠭ᠎ᠠ᠎ᠳᠤ ᠮᠡᠳᠡᠭᠦᠯᠦᠨ ᠬᠢᠨᠠᠨ ᠵᠥᠪᠰᠢᠶᠡᠷᠡᠭᠦᠯᠬᠦ ᠵᠢᠨ ᠬᠠᠮᠲᠤ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ᠎ᠤᠨ ᠬᠢᠨᠠᠯᠲᠠ ᠬᠠᠮᠢᠶᠠᠷᠤᠯᠲᠠ ᠵᠢᠨ ᠭᠠᠵᠠᠷ᠎ᠲᠤ ᠮᠡᠳᠡᠭᠦᠯᠦᠨ ᠳᠠᠩᠰᠠᠯᠠᠭᠤᠯᠤᠨ᠎ᠠ᠃ ᠠᠳᠠᠯ ᠭᠠᠮᠰᠢᠭ᠎ᠤᠨ ᠪᠠᠴᠢᠮ ᠪᠠᠢ᠌ᠳᠠᠯ᠎ᠢ ᠠᠷᠭ᠋ᠠᠴᠠᠭ᠋ᠠᠵᠤ ᠠᠶᠤᠯ᠎ᠠᠴᠠ ᠠᠪᠤᠷᠠᠨ ᠲᠤᠰᠠᠯᠠᠬᠤ ᠵᠡᠷᠭᠡ ᠭᠡᠨᠡᠳᠲᠡ ᠵᠢᠨ ᠪᠠᠢ᠌ᠳᠠᠯ᠎ᠳᠤ ᠲᠤᠰᠬᠠᠶ ᠮᠡᠷᠭᠡᠵᠢᠯᠲᠡᠨ᠎ᠢ ᠬᠡᠷᠡᠭᠯᠡᠬᠦ ᠴᠢᠬᠤᠯᠠ᠎ᠲᠠᠢ ᠪᠣᠯ᠂ ᠬᠡᠷᠡᠭᠯᠡᠬᠦ ᠭᠠᠵᠠᠷ ᠲᠠᠰᠤᠭ᠎ᠠᠴᠠ ᠠᠮᠠ᠎ᠪᠠᠷ ᠪᠤᠶᠤ ᠤᠲᠠᠰᠤ ᠵᠢᠨ ᠬᠡᠯᠪᠡᠷᠢ᠎ᠪᠠᠷ ᠬᠤᠪᠢᠳᠠᠨ ᠬᠠᠮᠢᠶᠠᠷᠬᠤ ᠲᠢᠩᠬᠢᠮ᠎ᠤᠨ ᠤᠳᠤᠷᠢᠳᠤᠯᠭ᠎ᠠ᠎ᠳᠤ ᠮᠡᠳᠡᠭᠦᠯᠦᠨ ᠵᠥᠪᠰᠢᠶᠡᠷᠡᠭᠦᠯᠦᠭᠰᠡᠨ᠎ᠤ ᠳᠠᠷᠠᠭ᠎ᠠ᠂ ᠰᠢᠭᠤᠳ ᠲᠤᠰᠬᠠᠶ ᠮᠡᠷᠭᠡᠵᠢᠯᠲᠡᠨ ᠲᠣᠮᠢᠯᠠᠨ ᠤᠷᠢᠳ ᠵᠶ᠋ᠠᠷ ᠡᠭᠦᠷᠭᠡ ᠭᠦᠢ᠍ᠴᠡᠳᠬᠡᠯᠭᠡᠵᠦ᠂ ᠳᠠᠷᠠᠭ᠎ᠠ᠎ᠨᠢ ᠲᠤᠰᠬᠠᠶ ᠮᠡᠷᠭᠡᠵᠢᠯᠲᠡᠨ ᠲᠣᠮᠢᠯᠠᠬᠤ ᠭᠠᠷᠳᠠᠮ᠎ᠢ ᠨᠥᠬᠥᠵᠦ ᠭᠦᠢ᠍ᠴᠡᠳᠬᠡᠵᠦ ᠪᠣᠯᠤᠨ᠎ᠠ;
    (ᠬᠣᠶᠠᠷ) ᠲᠤᠰᠬᠠᠶ ᠮᠡᠷᠭᠡᠵᠢᠯᠲᠡᠨ ᠲᠣᠮᠢᠯᠠᠬᠤ᠎ᠳᠤ ᠵᠠᠷᠴᠢᠮ ᠳᠡᠭᠡᠷ᠎ᠡ᠎ᠪᠠᠨ ᠲᠤᠰᠬᠠᠶ ᠮᠡᠷᠭᠡᠵᠢᠯᠲᠡᠨ᠎ᠤ ᠬᠥᠮᠥᠷᠭᠡ ᠵᠢᠨ ᠲᠤᠰᠬᠠᠶ ᠮᠡᠷᠭᠡᠵᠢᠯᠲᠡᠨ᠎ᠢ ᠬᠡᠷᠡᠭᠯᠡᠵᠦ᠂ ᠣᠨᠴᠠᠭ᠋ᠠᠢ ᠪᠠᠢ᠌ᠳᠠᠯ᠎ᠳᠤ ᠲᠤᠰᠬᠠᠶ ᠮᠡᠷᠭᠡᠵᠢᠯᠲᠡᠨ᠎ᠤ ᠬᠥᠮᠥᠷᠭᠡ ᠵᠢᠨ ᠭᠠᠳᠠᠨᠠᠬᠢ ᠲᠤᠰᠬᠠᠶ ᠮᠡᠷᠭᠡᠵᠢᠯᠲᠡᠨ᠎ᠢ ᠲᠦᠷ ᠴᠠᠭ ᠬᠡᠷᠡᠭᠯᠡᠵᠦ ᠪᠣᠯᠤᠨ᠎ᠠ᠃ ᠲᠦᠷ ᠴᠠᠭ ᠬᠡᠷᠡᠭᠯᠡᠬᠦ ᠲᠤᠰᠬᠠᠶ ᠮᠡᠷᠭᠡᠵᠢᠯᠲᠡᠨ᠎ᠢ ᠲᠣᠰ ᠠᠷᠭ᠎ᠠ ᠵᠢᠨ ᠲᠣᠭᠲᠠᠭ᠋ᠠᠯ ᠵᠶ᠋ᠠᠷ ᠯᠠᠪᠯᠠᠯᠲᠠ ᠪᠣᠯᠭ᠋ᠠᠨ ᠬᠡᠷᠡᠭᠵᠢᠭᠦᠯᠦᠨ᠎ᠡ;
    (ᠭᠤᠷᠪᠠ) ᠲᠤᠰᠬᠠᠶ ᠮᠡᠷᠭᠡᠵᠢᠯᠲᠡᠳ ᠲᠢᠩᠬᠢᠮ᠎ᠤᠨ ᠬᠠᠮᠢᠶ᠎ᠠ ᠪᠥᠬᠥᠶ ᠭᠠᠵᠠᠷ ᠲᠠᠰᠤᠭ᠎ᠤᠨ ᠳ᠋ᠢᠶᠠᠩᠬᠤᠸᠠ᠂ ᠮᠡᠳᠡᠭᠡ ᠵᠠᠩᠭᠢ ᠪᠤᠶᠤ ᠪᠢᠴᠢᠭᠯᠡᠭᠰᠡᠨ ᠮᠡᠳᠡᠭᠳᠡᠯ᠎ᠢ ᠣᠯᠤᠭᠰᠠᠨ᠎ᠤ ᠳᠠᠷᠠᠭ᠎ᠠ ᠬᠠᠷᠢᠭᠤ ᠥᠭᠬᠦ ᠵᠢᠨ ᠬᠠᠮᠲᠤ ᠲᠣᠭᠲᠠᠭᠰᠠᠨ ᠴᠠᠭ ᠬᠤᠭᠤᠴᠠᠭ᠎ᠠ ᠶᠣᠰᠣ᠎ᠪᠠᠷ ᠲᠣᠭᠲᠠᠭᠰᠠᠨ ᠭᠠᠵᠠᠷ᠎ᠲᠤ ᠬᠦᠷᠴᠦ ᠠᠵᠢᠯ ᠵᠶ᠋ᠠᠨ ᠦᠷᠨᠢᠭᠦᠯᠦᠨ᠎ᠡ; ᠬᠡᠷᠪᠡ ᠴᠠᠭ᠎ᠲᠠᠭᠠᠨ ᠣᠷᠣᠯᠴᠠᠵᠤ ᠳᠡᠢ᠌ᠯᠬᠦ ᠦᠭᠡᠶ ᠪᠣᠯ ᠲᠢᠩᠬᠢᠮ᠎ᠤᠨ ᠬᠠᠮᠢᠶ᠎ᠠ ᠪᠦᠬᠦᠢ ᠭᠠᠵᠠᠷ ᠲᠠᠰᠤᠭ᠎ᠲᠤ ᠴᠠᠭ ᠲᠤᠬᠠᠶ᠎ᠳᠤ᠎ᠨᠢ ᠮᠡᠳᠡᠭᠦᠯᠬᠦ ᠬᠡᠷᠡᠭᠲᠡᠶ᠃
    ᠲᠠᠪᠤᠳᠤᠭ᠋ᠠᠷ ᠪᠦᠯᠦᠭ ᠲᠤᠰᠬᠠᠢ ᠮᠡᠷᠭᠡᠵᠢᠯᠲᠡᠨ᠎ᠤ ᠬᠠᠮᠢᠶᠠᠷᠤᠯᠲᠠ 
    ᠠᠷᠪᠠᠨ ᠵᠢᠷᠭᠤᠳᠤᠭ᠋ᠠᠷ ᠵᠦᠢᠯ   ᠲᠤᠰᠬᠠᠶ ᠮᠡᠷᠭᠡᠵᠢᠯᠲᠡᠨ᠎ᠤ ᠨᠠᠵᠠᠭ᠋ᠠᠢ ᠲᠠᠯ᠎ᠠ ᠵᠢᠨ ᠨᠠᠷᠢᠨ ᠳᠠᠩᠰᠠ ᠵᠢ ᠪᠠᠢ᠌ᠭᠤᠯᠵᠤ᠂ ᠳᠣᠤᠷᠠᠬᠢ ᠪᠠᠢ᠌ᠳᠠᠯ᠎ᠤᠨ ᠨᠢᠭᠡ᠎ᠨᠢ ᠪᠠᠢ᠌ᠪᠠᠯ ᠮᠠᠭᠤ ᠦᠢᠯᠡ ᠠᠵᠢᠯᠯᠠᠭ᠎ᠠ ᠵᠢᠨ ᠲᠡᠮᠳᠡᠭᠯᠡᠯ᠎ᠳᠤ ᠵᠢᠭᠰᠠᠭ᠋ᠠᠨ ᠣᠷᠣᠭᠤᠯᠤᠨ᠎ᠠ᠃
    (ᠨᠢᠭᠡ) ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠨᠡᠷ᠎ᠡ᠎ᠪᠠᠷ ᠵᠦᠢ ᠶᠣᠰᠣᠨ᠎ᠤ ᠪᠤᠰᠤ ᠠᠵᠢᠯᠯᠠᠭ᠎ᠠ ᠬᠢᠭᠰᠡᠨ;
    (ᠬᠣᠶᠠᠷ) ᠲᠣᠮᠢᠯᠠᠭᠰᠠᠨ ᠡᠭᠦᠷᠭᠡ ᠵᠢᠨ ᠬᠠᠮᠢᠶ᠎ᠠ ᠪᠦᠬᠦᠢ ᠲᠠᠯ᠎ᠠ ᠵᠢᠨ ᠨᠢᠭᠤᠴᠠ ᠵᠢᠴᠢ ᠬᠤᠳᠠᠯᠳᠤᠭ᠎ᠠ ᠪᠠ ᠮᠡᠷᠭᠡᠵᠢᠯ᠎ᠤᠨ ᠨᠢᠭᠤᠴᠠ ᠵᠢ ᠵᠠᠳᠠᠷᠠᠭᠤᠯᠤᠭᠰᠠᠨ;
    (ᠭᠤᠷᠪᠠ) ᠲᠣᠮᠢᠯᠠᠭᠰᠠᠨ ᠡᠭᠦᠷᠭᠡ ᠵᠢᠨ ᠬᠠᠮᠢᠶ᠎ᠠ ᠪᠦᠬᠦᠢ ᠲᠠᠯ᠎ᠠ᠎ᠯᠤᠭ᠎ᠠ ᠠᠰᠢᠭ ᠬᠣᠣᠷ᠎ᠤᠨ ᠬᠠᠷᠢᠴᠠᠭ᠎ᠠ᠎ᠲᠠᠢ ᠪᠠᠢ᠌ᠭ᠋ᠠᠳ ᠵᠠᠢ᠌ᠯᠠᠭᠰᠠᠨ ᠦᠭᠡᠢ;
    (ᠳᠥᠷᠪᠡ) ᠡᠭᠦᠷᠭᠡᠲᠦ ᠡᠲᠡᠭᠡᠳ᠎ᠲᠠᠢ ᠳᠠᠯᠳᠠᠭᠤᠷ ᠬᠠᠷᠢᠯᠴᠠᠵᠤ᠂ ᠡᠷᠬᠡ᠎ᠪᠠᠨ ᠠᠰᠢᠭᠯᠠᠨ ᠠᠮᠢ᠎ᠪᠠᠨ ᠪᠣᠷᠳᠣᠵᠤ᠂ ᠬᠡᠭᠡᠯᠢ ᠬᠠᠬᠤᠤᠯᠢ ᠢᠳᠡᠵᠦ᠂ ᠵᠠᠪᠰᠢᠶᠠᠨ᠎ᠢ ᠳᠠᠯᠢᠮᠳᠠᠭᠤᠯᠤᠨ ᠲᠤᠰ ᠬᠥᠮᠦᠨ᠂ ᠪᠤᠰᠤᠳ ᠬᠥᠮᠦᠨ ᠪᠤᠶᠤ ᠨᠢᠭᠡᠴᠢ᠎ᠳᠤ ᠠᠰᠢᠭ ᠲᠤᠰᠠ ᠣᠯᠭᠣᠭᠰᠠᠨ;
    (ᠲᠠᠪᠤ) ᠳᠠᠭ᠋ᠠᠭ᠋ᠠᠯᠭ᠋ᠠᠭᠰᠠᠨ ᠡᠭᠦᠷᠭᠡ ᠵᠢ ᠭᠦᠢ᠍ᠴᠡᠳᠬᠡᠬᠦ᠎ᠳᠤ᠎ᠪᠠᠨ ᠪᠠᠷᠢᠮᠵᠢᠶ᠎ᠠ ᠵᠢ ᠳᠣᠷᠣᠭᠰᠢᠯᠠᠭᠤᠯᠵᠤ᠂ ᠬᠤᠳᠠᠯ ᠵᠶ᠋ᠠᠷ ᠵᠣᠬᠢᠶᠠᠨ ᠬᠠᠭᠤᠷᠮᠠᠭ ᠵᠶ᠋ᠠᠷ ᠦᠢ᠍ᠯᠡᠳᠦᠭᠰᠡᠨ ᠪᠤᠶᠤ ᠦᠢ᠍ᠯᠡᠳᠪᠦᠷᠢᠯᠡᠯ ᠡᠵᠡᠩᠨᠡᠯᠲᠡ ᠵᠢᠨ ᠨᠢᠭᠡᠴᠢ ᠵᠢᠨ ᠬᠣᠯᠪᠣᠭᠳᠠᠯ ᠪᠦᠬᠦᠢ ᠬᠥᠮᠦᠰ᠎ᠲᠠᠢ ᠰᠥᠯᠪᠡᠭᠡᠯᠳᠦᠵᠦ᠂ ᠬᠣᠯᠪᠣᠭᠳᠠᠯ ᠪᠦᠬᠦᠢ ᠲᠠᠯ᠎ᠠ᠎ᠳᠤ ᠬᠤᠳᠠᠯ ᠬᠠᠭᠤᠷᠮᠠᠭ ᠮᠡᠳᠡᠭᠦᠯᠦᠯᠲᠡ ᠪᠤᠶᠤ ᠮᠡᠷᠭᠡᠵᠢᠯ᠎ᠤᠨ ᠳ᠋ᠦᠩᠨᠡᠯᠲᠡ ᠬᠠᠩᠭ᠋ᠠᠭᠰᠠᠨ᠃
      ᠲᠤᠰᠬᠠᠢ ᠮᠡᠷᠭᠡᠵᠢᠯᠲᠡᠨ ᠳᠡᠭᠡᠷ᠎ᠡ ᠳᠤᠷᠠᠳᠤᠭᠰᠠᠨ ᠮᠠᠭᠤ ᠤᠢ᠍ᠢ᠍ᠯᠠ ᠠᠵᠢᠯᠯᠠᠭ᠎ᠠ᠎ᠲᠠᠢ ᠪᠠᠢ᠌ᠪᠠᠯ ᠲᠤᠰᠬᠠᠢ ᠮᠡᠷᠭᠡᠵᠢᠯᠲᠡᠨ᠎ᠤ ᠰᠠᠨᠠᠯ ᠬᠦᠴᠦᠨ ᠤᠢ᠍ᠭᠡᠢ ᠪᠥᠭᠡᠳ ᠤᠢ᠍ᠢ᠍ᠯᠠ ᠪᠠᠢ᠌ᠳᠠᠯ᠎ᠤᠨ ᠬᠢᠨᠢ ᠬᠦᠨᠳᠦ ᠨᠣᠴᠢᠲᠠᠢ ᠬᠡᠮᠵᠢᠢ᠎ᠡ ᠵᠢ ᠦᠵᠡᠵᠦ ᠪᠠᠢ᠌ᠭ᠋ᠠᠳ ᠲᠤᠰᠬᠠᠢ ᠮᠡᠷᠭᠡᠵᠢᠯᠲᠡᠨ᠎ᠤ ᠪᠠᠢ᠌ᠭ᠎ᠠ ᠨᠢᠭᠡᠴᠢ᠎ᠳᠤ ᠮᠡᠳᠡᠭᠳᠡᠵᠦ ᠬᠣᠯᠪᠣᠭᠳᠠᠯ ᠪᠦᠬᠦᠢ ᠲᠣᠭᠲᠠᠭ᠋ᠠᠯ ᠶᠣᠰᠣ᠎ᠪᠠᠷ ᠰᠢᠢ᠍ᠳᠪᠦᠷᠢᠯᠡᠨ᠎ᠡ; ᠬᠠᠤᠯᠢ ᠲᠣᠭᠲᠠᠭ᠋ᠠᠯ᠎ᠢ ᠵᠥᠷᠢᠴᠡᠵᠦ ᠰᠠᠬᠢᠯᠭ᠎ᠠ ᠪᠠᠲᠤ ᠵᠢ ᠵᠥᠷᠢᠴᠡᠭᠰᠡᠨ ᠦᠢ᠍ᠯᠡ ᠠᠵᠢᠯᠯᠠᠭ᠎ᠠ᠎ᠲᠠᠢ ᠪᠠᠢ᠌ᠵᠤ᠂ ᠪᠤᠰᠤᠳ ᠬᠥᠮᠦᠨ᠎ᠳᠤ ᠬᠣᠬᠢᠷᠠᠯ ᠤᠴᠠᠷᠠᠭᠤᠯᠤᠭᠰᠠᠨ ᠪᠤᠶᠤ ᠨᠢᠭᠡᠴᠢ᠎ᠳᠤ ᠬᠣᠬᠢᠷᠠᠯ ᠤᠴᠠᠷᠠᠭᠤᠯᠤᠭᠰᠠᠨ ᠪᠠᠢ᠌ᠪᠠᠯ᠂ ᠬᠠᠤᠯᠢ ᠶᠣᠰᠣ᠎ᠪᠠᠷ ᠵᠣᠬᠢᠴᠠᠩᠭᠤᠢ ᠬᠠᠤᠯᠢ ᠵᠢᠨ ᠬᠠᠷᠢᠭᠤᠴᠠᠯᠭ᠎ᠠ ᠡᠭᠦᠷᠭᠡᠯᠡᠨ᠎ᠡ; ᠶᠠᠯ᠎ᠠ ᠬᠢᠭᠰᠡᠨ ᠰᠡᠵᠢᠭᠯᠡᠯᠲᠡᠢ ᠪᠠᠢ᠌ᠪᠠᠯ᠂ ᠬᠠᠤᠯᠢ ᠴᠠᠭ᠋ᠠᠵᠠ ᠵᠢᠨ ᠪᠠᠢ᠌ᠭᠤᠯᠭ᠎ᠠ᠎ᠳᠤ ᠰᠢᠯᠵᠢᠭᠦᠯᠦᠨ ᠲᠤᠰᠢᠶᠠᠵᠤ ᠰᠢᠢ᠍ᠳᠪᠦᠷᠢᠯᠡᠭᠦᠯᠦᠨ᠎ᠡ᠃
      ᠠᠷᠪᠠᠨ ᠳᠣᠯᠣᠳᠤᠭ᠋ᠠᠷ ᠵᠦᠢᠯ   ᠲᠤᠰᠬᠠᠶ ᠮᠡᠷᠭᠡᠵᠢᠯᠲᠡᠨ᠎ᠤ ᠤᠬᠤᠷᠢᠨ ᠭᠠᠷᠬᠤ ᠲᠣᠭᠲᠠᠴᠠ ᠵᠢ ᠪᠠᠢ᠌ᠭᠤᠯᠤᠨ᠎ᠠ᠃ ᠲᠤᠰᠬᠠᠶ ᠮᠡᠷᠭᠡᠵᠢᠯᠲᠡᠨ᠎ᠳᠤ ᠳᠣᠣᠷᠠᠬᠢ ᠪᠠᠢ᠌ᠳᠠᠯ᠎ᠤᠨ ᠨᠢᠭᠡ᠎ᠨᠢ ᠪᠠᠢ᠌ᠪᠠᠯ᠂ ᠤᠷᠢᠬᠤ᠎ᠪᠠᠨ ᠪᠤᠯᠢᠵᠤ ᠤᠬᠤᠷᠢᠨ ᠭᠠᠷᠤᠨ᠎ᠠ᠃
    (ᠨᠢᠭᠡ) ᠬᠤᠳᠠᠯ ᠬᠠᠭᠤᠷᠮᠠᠭ ᠮᠡᠳᠡᠭᠦᠯᠦᠭᠰᠡᠨ ᠮᠡᠳᠡᠭᠡ ᠵᠠᠩᠭᠢ ᠬᠠᠩᠭ᠋ᠠᠵᠤ ᠲᠤᠰᠬᠠᠶ ᠮᠡᠷᠭᠡᠵᠢᠯᠲᠡᠨ᠎ᠤ ᠬᠢᠷᠢ ᠬᠡᠮ ᠣᠯᠤᠭᠰᠠᠨ;
    (ᠬᠣᠶᠠᠷ) ᠲᠤᠰ ᠬᠥᠮᠦᠨ ᠪᠤᠶᠤ ᠪᠠᠢ᠌ᠭ᠎ᠠ ᠨᠢᠭᠡᠴᠢ᠎ᠠᠴᠠ᠎ᠨᠢ ᠲᠤᠰᠬᠠᠶ ᠮᠡᠷᠭᠡᠵᠢᠯᠲᠡᠨ ᠪᠣᠯᠬᠤ ᠦᠭᠡᠶ ᠭᠡᠵᠦ ᠳᠤᠷᠠᠳᠤᠭᠰᠠᠨ;
    (ᠭᠤᠷᠪᠠ) ᠣᠨᠴᠠᠭ᠋ᠠᠢ ᠰᠢᠯᠲᠠᠭ᠋ᠠᠨ ᠥᠬᠡᠶ᠎ᠪᠠᠷ᠂ ᠨᠢᠭᠡ ᠵᠢᠯ᠎ᠤᠨ ᠳᠣᠲᠣᠷ᠎ᠠ 3 ᠤᠳᠠᠭ᠎ᠠ᠎ᠠᠴᠠ ᠳᠡᠭᠡᠭᠰᠢ       (3 ᠤᠳᠠᠭ᠎ᠠ ᠵᠢ ᠪᠠᠭᠲᠠᠭ᠋ᠠᠨ᠎ᠠ) ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠵᠢᠭ᠋ᠠᠨ ᠲᠣᠮᠢᠯᠠᠭᠰᠠᠨ ᠠᠵᠢᠯ᠎ᠤᠨ ᠡᠭᠦᠷᠭᠡ᠎ᠳᠤ ᠥᠯᠥ ᠣᠷᠣᠯᠴᠠᠭᠰᠠᠨ;
    (ᠳᠥᠷᠪᠡ) ᠡᠭᠦᠷᠭᠡ ᠭᠦᠢ᠍ᠴᠡᠳᠬᠡᠵᠦ ᠪᠠᠢ᠌ᠭ᠎ᠠ ᠬᠤᠭᠤᠴᠠᠭ᠋ᠠᠨ᠎ᠳᠤ ᠠᠵᠢᠯ ᠵᠶ᠋ᠠᠨ ᠬᠢᠵᠦ ᠳᠡᠢ᠌ᠯᠬᠦ ᠦᠭᠡᠶ ᠪᠤᠶᠤ ᠠᠵᠢᠯ᠎ᠳᠤ᠎ᠪᠠᠨ ᠬᠠᠷᠢᠭᠤᠴᠠᠯᠭ᠎ᠠ ᠦᠭᠡᠶ᠂ ᠪᠤᠰᠤᠳᠴᠢ ᠪᠣᠳᠠᠲᠤ ᠬᠡᠷᠡᠭ᠎ᠠᠴᠠ ᠵᠥᠷᠢᠴᠡᠨ ᠭᠣᠣᠯᠴᠢ ᠪᠤᠰᠤ ᠮᠡᠳᠡᠭᠦᠯᠦᠯᠲᠡ ᠪᠤᠶᠤ ᠪᠤᠷᠤᠭᠤ ᠳ᠋ᠦᠩᠨᠡᠯᠲᠡ ᠬᠠᠩᠭ᠋ᠠᠭᠰᠠᠨ;
    (ᠲᠠᠪᠤ) ᠪᠡᠶ᠎ᠡ ᠵᠢᠨ ᠪᠠᠢ᠌ᠳᠠᠯ᠂ ᠠᠵᠢᠯ᠎ᠤᠨ ᠬᠤᠪᠢᠷᠠᠯᠲᠠ ᠵᠡᠷᠭᠡ ᠰᠢᠯᠲᠠᠭ᠋ᠠᠨ᠎ᠠᠴᠠ ᠪᠤᠯᠵᠤ ᠲᠤᠰᠬᠠᠢ ᠮᠡᠷᠭᠡᠵᠢᠯᠲᠡᠨ᠎ᠤ ᠠᠵᠢᠯ᠎ᠢ ᠦᠷᠭᠦᠯᠵᠢᠯᠡᠨ ᠬᠢᠵᠦ ᠳᠡᠢ᠌ᠯᠬᠦ ᠦᠭᠡᠢ ᠪᠣᠯᠤᠭᠰᠠᠨ;
    (ᠵᠢᠷᠭᠤᠭ᠎ᠠ) ᠲᠤᠰ ᠠᠷᠭ᠎ᠠ ᠵᠢᠨ ᠠᠷᠪᠠᠨ ᠵᠢᠷᠭᠤᠳᠤᠭ᠋ᠠᠷ ᠵᠦᠢ᠍ᠯ᠎ᠤᠨ ᠲᠣᠭᠲᠠᠭ᠋ᠠᠯ᠎ᠠᠴᠠ ᠵᠥᠷᠢᠴᠡᠭᠰᠡᠨ ᠮᠠᠭᠤ ᠦᠢ᠍ᠯᠡ ᠠᠵᠢᠯᠯᠠᠭ᠎ᠠ ᠵᠢᠨ ᠲᠡᠮᠳᠡᠭᠯᠡᠯ᠎ᠲᠠᠢ;
    (ᠳᠣᠯᠣᠭ᠎ᠠ) ᠨᠠᠮ᠎ᠤᠨ ᠰᠠᠬᠢᠯᠭ᠎ᠠ ᠪᠠᠲᠤ ᠵᠠᠰᠠᠭ᠎ᠤᠨ ᠶᠠᠪᠤᠳᠠᠯ᠎ᠤᠨ ᠰᠢᠢ᠍ᠳᠬᠡᠯ ᠣᠯᠤᠭᠰᠠᠨ ᠪᠤᠶᠤ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠭᠳᠡᠭᠰᠡᠨ;
    (ᠨᠠᠢ᠍ᠮᠠ) ᠲᠤᠰᠬᠠᠢ ᠮᠡᠷᠭᠡᠵᠢᠯᠲᠡᠨ᠎ᠤ ᠠᠵᠢᠯ᠎ᠢ ᠦᠷᠭᠦᠯᠵᠢᠯᠡᠨ ᠬᠢᠬᠦ᠎ᠳᠤ ᠲᠣᠬᠢᠷᠠᠮᠵᠢ ᠦᠭᠡᠢ ᠪᠤᠰᠤᠳ ᠪᠠᠢ᠌ᠳᠠᠯ᠃
    ᠵᠢᠷᠭᠤᠳᠤᠭ᠋ᠠᠷ ᠪᠦᠯᠦᠭ ᠵᠠᠷᠤᠳᠠᠯ ᠬᠢᠭᠡᠳ ᠪᠠᠲᠤᠯᠠᠭ᠎ᠠ
    ᠠᠷᠪᠠᠨ ᠨᠠᠢᠮᠠᠳᠤᠭ᠋ᠠᠷ ᠵᠦᠢ᠍ᠯ   ᠲᠤᠰᠬᠠᠶ ᠮᠡᠷᠭᠡᠵᠢᠯᠲᠡᠨ᠎ᠤ ᠠᠵᠢᠯ᠎ᠤᠨ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠣᠨ᠎ᠤ ᠠᠶᠤᠯᠬᠦᠢ ᠦᠢ᠍ᠯᠡᠳᠪᠦᠷᠢᠯᠡᠯ᠎ᠤᠨ ᠵᠠᠷᠤᠳᠠᠯ᠎ᠤᠨ ᠲᠥᠰᠦᠪ᠎ᠲᠤ ᠣᠷᠣᠭᠤᠯᠵᠤ᠂ ᠲᠤᠰᠬᠠᠶ ᠵᠣᠭᠣᠰ᠎ᠢ ᠲᠤᠰᠬᠠᠶ ᠵᠦᠢ᠍ᠯ᠎ᠳᠤ ᠬᠡᠷᠡᠭᠯᠡᠬᠦ ᠬᠡᠷᠡᠭᠲᠡᠶ᠃ ᠦᠢ᠍ᠯᠡᠴᠢᠯᠡᠭᠡᠨ᠎ᠤ ᠨᠢᠭᠡᠴᠢ᠎ᠠᠴᠠ ᠠᠰᠲᠠᠭ᠋ᠠᠨ ᠶᠠᠮᠠᠷᠪᠠ ᠰᠦᠢ᠍ᠳᠬᠡᠯ ᠬᠤᠷᠢᠶᠠᠵᠤ ᠪᠣᠯᠬᠤ ᠦᠭᠡᠢ᠃
    ᠠᠷᠪᠠ ᠶᠢᠰᠦᠳᠦᠭᠡᠷ ᠵᠦᠢᠯ   ᠲᠤᠰᠬᠠᠶ ᠮᠡᠷᠭᠡᠵᠢᠯᠲᠡᠨ᠎ᠤ ᠵᠠᠷᠤᠳᠠᠯ᠎ᠢ ᠳᠣᠤᠷᠠᠬᠢ ᠪᠠᠷᠢᠮᠵᠢᠶ᠎ᠠ᠎ᠪᠠᠷ ᠯᠠᠪᠯᠠᠯᠲᠠ ᠪᠣᠯᠭ᠋ᠠᠨ ᠬᠡᠷᠡᠭᠵᠢᠭᠦᠯᠦᠨ᠎ᠡ᠄
    (ᠨᠢᠭᠡ)  ᠠᠰᠠᠭᠤᠨ ᠯᠠᠪᠠᠯᠬᠤ ᠦᠢ᠍ᠯᠡᠴᠢᠯᠡᠭᠡᠨ᠎ᠤ ᠲᠥᠷᠥᠯ᠄ ᠬᠥᠮᠦᠨ ᠪᠦᠷᠢ ᠡᠳᠦᠷ᠎ᠲᠤ 500 ᠲᠥᠭᠥᠷᠢᠭ; ᠴᠢᠬᠤᠯᠠ ᠶᠡᠬᠡ ᠲᠥᠷᠥᠯ ᠵᠦᠢ᠍ᠯ ᠪᠤᠶᠤ ᠰᠡᠳᠦᠪ᠎ᠢ ᠨᠡᠷᠡᠲᠦ ᠲᠤᠰᠬᠠᠶ ᠮᠡᠷᠭᠡᠵᠢᠯᠲᠡᠨ ᠵᠶ᠋ᠡᠷ ᠣᠨᠣᠰᠢᠯᠠᠭᠤᠯᠵᠤ ᠨᠤᠲᠠᠯᠠᠭᠤᠯᠬᠤ ᠴᠢᠬᠤᠯᠠ᠎ᠲᠠᠢ ᠪᠣᠯ ᠬᠥᠮᠦᠨ ᠪᠦᠷᠢ ᠡᠳᠦᠷ᠎ᠲᠤ 1000 ᠲᠥᠭᠥᠷᠢᠭ;
    (ᠬᠣᠶᠠᠷ) ᠰᠢᠮᠳᠠᠭᠤᠯᠤᠨ ᠵᠢᠯᠣᠭᠣᠳᠴᠤ ᠪᠠᠢ᠌ᠴᠠᠭ᠋ᠠᠬᠤ᠂ ᠠᠳᠠᠯ ᠭᠠᠮᠰᠢᠭ᠎ᠢ ᠪᠠᠢ᠌ᠴᠠᠭ᠋ᠠᠬᠤ ᠲᠥᠷᠥᠯ᠄ ᠬᠥᠮᠦᠨ ᠪᠦᠷᠢ ᠡᠳᠦᠷ᠎ᠲᠤ 800 ᠲᠥᠭᠥᠷᠢᠭ;
    (ᠭᠤᠷᠪᠠ) ᠬᠢᠨᠠᠨ ᠲᠣᠭᠲᠠᠭ᠋ᠠᠵᠤ ᠦᠨᠡᠯᠡᠨ ᠵᠢᠱ᠌ᠢᠬᠦ ᠲᠥᠷᠥᠯ᠄ ᠬᠥᠮᠦᠨ ᠪᠦᠷᠢ ᠡᠳᠦᠷ᠎ᠲᠤ 500 ᠲᠥᠭᠥᠷᠢᠭ;
    (ᠳᠥᠷᠪᠡ) ᠪᠠᠴᠢᠮ ᠪᠠᠢ᠌ᠳᠠᠯ᠎ᠢ ᠠᠷᠭ᠋ᠠᠴᠠᠭ᠋ᠠᠨ ᠠᠪᠤᠷᠠᠨ ᠲᠤᠰᠠᠯᠠᠵᠤ ᠰᠢᠢᠳᠪᠦᠷᠢᠯᠡᠬᠦ ᠲᠥᠷᠥᠯ᠄ ᠬᠥᠮᠦᠨ ᠪᠦᠷᠢ ᠡᠳᠦᠷ᠎ᠲᠤ 1000 ᠲᠥᠭᠥᠷᠢᠭ;
    (ᠲᠠᠪᠤ)  ᠤᠬᠠᠭᠤᠯᠤᠨ ᠲᠣᠭᠤᠰᠢᠯᠠᠭᠤᠯᠬᠤ ᠪᠣᠯᠪᠠᠰᠤᠷᠠᠯ᠎ᠤᠨ ᠲᠥᠷᠥᠯ᠄ ᠲᠤᠰᠬᠠᠶ ᠮᠡᠷᠭᠡᠵᠢᠯᠲᠡᠨ᠎ᠤ ᠪᠣᠯᠪᠠᠰᠤᠷᠠᠯ᠎ᠤᠨ ᠬᠢᠴᠢᠶᠡᠯ᠎ᠢ 《〈ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠤᠰ ᠱᠠᠲᠤᠨ᠎ᠤ ᠨᠠᠮ ᠵᠠᠰᠠᠭ᠎ᠤᠨ ᠪᠠᠢ᠌ᠭᠤᠯᠭ᠎ᠠ ᠵᠢᠨ ᠪᠣᠯᠪᠠᠰᠤᠷᠠᠯ᠎ᠤᠨ ᠵᠠᠷᠤᠳᠠᠯ᠎ᠤᠨ ᠬᠠᠮᠢᠶᠠᠷᠤᠯᠲᠠ ᠵᠢᠨ ᠠᠷᠭ᠎ᠠ〉 ᠵᠢ ᠳᠠᠷᠤᠮᠠᠯᠯᠠᠨ ᠶᠠᠪᠤᠭᠤᠯᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ  ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠣᠷᠢᠶ᠎ᠠ ᠵᠢᠨ ᠵᠣᠬᠢᠶᠠᠨ ᠪᠠᠢ᠌ᠭᠤᠯᠬᠤ ᠬᠡᠯᠲᠡᠰ  ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠯᠪᠠᠲᠠᠨ᠎ᠤ ᠲᠣᠪᠴᠢᠶ᠎ᠠ ᠵᠢᠨ ᠮᠡᠳᠡᠭᠳᠡᠯ》 (ᠥᠪᠥᠷ ᠡᠳ᠋᠎ᠤᠨ ᠵᠠᠰᠠᠭ [2017] 2091 ᠳ᠋ᠦ᠍ᠭᠡᠷ ᠲᠣᠭ᠋ᠠᠲᠤ) ᠪᠣᠯᠤᠨ             《〈ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠤᠰ ᠱᠠᠲᠤᠨ᠎ᠤ ᠨᠠᠮ ᠵᠠᠰᠠᠭ᠎ᠤᠨ ᠪᠠᠢ᠌ᠭᠤᠯᠭ᠎ᠠ ᠵᠢᠨ ᠪᠣᠯᠪᠠᠰᠤᠷᠠᠯ᠎ᠤᠨ ᠵᠠᠷᠤᠳᠠᠯ᠎ᠤᠨ ᠬᠠᠮᠢᠶᠠᠷᠤᠯᠲᠠ ᠵᠢᠨ ᠠᠷᠭ᠎ᠠ〉 ᠵᠢᠨ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ  ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠣᠷᠢᠶ᠎ᠠ ᠵᠢᠨ ᠵᠣᠬᠢᠶᠠᠨ ᠪᠠᠢ᠌ᠭᠤᠯᠬᠤ ᠬᠡᠯᠲᠡᠰ᠎ᠤᠨ ᠨᠥᠬᠥᠪᠥᠷᠢ ᠮᠡᠳᠡᠭᠳᠡᠯ》 (ᠥᠪᠥᠷ ᠡᠳ᠋᠎ᠤᠨ ᠵᠠᠰᠠᠭ ᠲᠣᠭᠲᠠᠭ᠋ᠠᠯ [2023] 5 ᠳ᠋ᠤᠭ᠋ᠠᠷ ᠲᠣᠭ᠋ᠠᠲᠤ) ᠵᠶ᠋ᠠᠷ ᠬᠡᠷᠡᠭᠵᠢᠭᠦᠯᠦᠨ᠎ᠡ᠃
     ᠬᠣᠷᠢᠳᠤᠭ᠋ᠠᠷ ᠵᠦᠢᠯ  ᠲᠤᠰᠬᠠᠶ ᠮᠡᠷᠭᠡᠵᠢᠯᠲᠡᠨ᠎ᠤ ᠵᠠᠷᠤᠳᠠᠯ᠎ᠢ ᠲᠤᠰᠬᠠᠶ ᠮᠡᠷᠭᠡᠵᠢᠯᠲᠡᠨ᠎ᠢ ᠤᠷᠢᠭᠰᠠᠨ ᠭᠠᠵᠠᠷ ᠲᠠᠰᠤᠭ᠎ᠠᠴᠠ ᠳᠣᠤᠷᠠᠬᠢ ᠲᠣᠭᠲᠠᠭ᠋ᠠᠯ ᠶᠣᠰᠣ᠎ᠪᠠᠷ ᠳᠠᠩᠰᠠ ᠲᠠᠢ᠌ᠯᠬᠤ ᠭᠠᠷᠳᠠᠮ᠎ᠢ  ᠭᠦᠢ᠍ᠴᠡᠳᠬᠡᠨ᠎ᠡ᠄
      (ᠨᠢᠭᠡ) ᠵᠠᠮ ᠬᠠᠷᠢᠯᠴᠠᠭ᠋ᠠᠨ᠎ᠤ ᠵᠠᠷᠤᠳᠠᠯ᠂ ᠬᠣᠨᠣᠭ᠎ᠤᠨ ᠵᠠᠷᠤᠳᠠᠯ᠂ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠪᠠᠢ᠌ᠭᠤᠯᠭ᠎ᠠ ᠵᠢᠨ ᠵᠠᠮ᠎ᠤᠨ ᠵᠠᠷᠤᠳᠠᠯ ᠬᠣᠨᠣᠭ᠎ᠤᠨ ᠵᠠᠷᠤᠳᠠᠯ᠎ᠤᠨ ᠬᠠᠮᠢᠶ᠎ᠠ ᠪᠥᠬᠥᠶ ᠲᠣᠭᠲᠠᠭ᠋ᠠᠯ ᠪᠠ ᠪᠠᠷᠢᠮᠵᠢᠶ᠎ᠠ᠎ᠪᠠᠷ ᠯᠠᠪᠯᠠᠯᠲᠠ ᠪᠣᠯᠭ᠋ᠠᠵᠤ ᠲᠠᠩᠰᠠ ᠲᠠᠢ᠌ᠯᠠᠨ᠎ᠠ᠃ ᠵᠠᠮ ᠬᠠᠷᠢᠯᠴᠠᠭ᠋ᠠᠨ᠎ᠤ ᠵᠠᠷᠤᠳᠠᠯ᠎ᠢ ᠵᠠᠷᠴᠢᠮ ᠳᠡᠭᠡᠷ᠎ᠡ᠎ᠪᠠᠨ ᠵᠥᠪᠬᠡᠨ ᠮᠣᠷᠳᠠᠭᠰᠠᠨ ᠭᠠᠵᠠᠷ᠎ᠠᠴᠠ ᠲᠤᠬᠠᠶ ᠵᠢᠨ ᠭᠠᠵᠠᠷ᠎ᠲᠤ ᠢᠷᠡᠵᠦ ᠣᠴᠢᠬᠤ ᠵᠠᠮ ᠬᠠᠷᠢᠯᠴᠠᠭ᠋ᠠᠨ᠎ᠤ ᠵᠠᠷᠤᠳᠠᠯ᠎ᠢ ᠲᠠᠩᠰᠠ ᠲᠠᠢ᠌ᠯᠠᠨ᠎ᠠ; ᠬᠡᠷᠪᠡ ᠣᠴᠢᠬᠤ ᠵᠠᠮ ᠪᠠ ᠪᠤᠴᠠᠬᠤ ᠵᠠᠮ᠎ᠤᠨ ᠲᠠᠩᠰᠠ ᠲᠠᠢ᠌ᠯᠬᠤ ᠭᠠᠵᠠᠷ᠎ᠨᠢ ᠨᠢᠭᠡᠳᠦᠯ ᠥᠬᠡᠶ ᠪᠠᠢ᠌ᠪᠠᠯ᠂ ᠵᠥᠪᠬᠡᠨ ᠣᠴᠢᠬᠤ ᠵᠠᠮ᠎ᠤᠨ ᠵᠠᠷᠤᠳᠠᠯ᠎ᠠᠴᠠ ᠬᠡᠲᠦᠷᠡᠬᠦ ᠥᠬᠡᠶ ᠬᠡᠰᠡᠭ᠎ᠢ ᠯᠠ ᠲᠠᠩᠰᠠ ᠲᠠᠢ᠌ᠯᠠᠨ᠎ᠠ;
     (ᠬᠣᠶᠠᠷ) ᠲᠤᠰᠬᠠᠶ ᠮᠡᠷᠭᠡᠵᠢᠯᠲᠡᠨ᠎ᠤ ᠵᠠᠷᠤᠳᠠᠯ᠎ᠢ ᠲᠠᠩᠰᠠ ᠲᠠᠢ᠌ᠯᠬᠤ᠎ᠳᠤ᠂ 《ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠲᠣᠮᠢᠯᠠᠭᠰᠠᠨ ᠲᠤᠰᠬᠠᠶ ᠮᠡᠷᠭᠡᠵᠢᠯᠲᠡᠨ᠎ᠤ ᠵᠠᠷᠤᠳᠠᠯ᠎ᠢ ᠬᠢᠨᠠᠨ ᠵᠥᠪᠰᠢᠶᠡᠷᠡᠬᠦ ᠬᠦᠰᠦᠨᠦᠭᠲᠦ》 (ᠳᠠᠭ᠋ᠠᠯᠳᠤᠭᠤᠯᠤᠯ 5) ᠵᠢ ᠲᠠᠭᠯᠠᠵᠤ᠂ ᠲᠤᠰᠬᠠᠶ ᠮᠡᠷᠭᠡᠵᠢᠯᠲᠡᠨ᠎ᠤ ᠵᠠᠷᠤᠳᠠᠯ᠎ᠤᠨ ᠪᠠᠷᠢᠮᠵᠢᠶ᠎ᠠ ᠶᠣᠰᠣ᠎ᠪᠠᠷ ᠥᠭᠬᠦ ᠬᠡᠷᠡᠭᠲᠡᠶ; ᠡᠭᠦᠨ᠎ᠳᠤ ᠲᠤᠰᠬᠠᠶ ᠮᠡᠷᠭᠡᠵᠢᠯᠲᠡᠨ᠎ᠤ ᠬᠥᠳᠡᠯᠮᠦᠷᠢ ᠦᠢᠯᠡᠴᠢᠯᠡᠭᠡᠨ᠎ᠤ ᠵᠠᠷᠤᠳᠠᠯ (ᠬᠥᠳᠡᠯᠮᠦᠷᠢ ᠦᠢᠯᠡᠴᠢᠯᠡᠭᠡᠨ᠎ᠤ ᠵᠠᠷᠤᠳᠠᠯ᠎ᠤᠨ ᠪᠠᠷᠢᠮᠲᠠ ᠵᠢᠨ ᠬᠡᠯᠪᠡᠷᠢ᠎ᠪᠠᠷ ᠲᠠᠩᠰᠠ ᠲᠠᠢ᠌ᠯᠬᠤ)᠎ᠢ ᠪᠣᠳᠠᠲᠠᠶ ᠡᠭᠦᠰᠦᠭᠰᠡᠨ ᠠᠵᠢᠯ᠎ᠤᠨ ᠡᠳᠦᠷ᠎ᠤᠨ ᠴᠠᠭ ᠵᠶ᠋ᠠᠷ ᠪᠤᠳᠤᠨ᠎ᠠ (ᠬᠠᠭ᠋ᠠᠰ ᠡᠳᠦᠷ ᠬᠥᠷᠬᠥ ᠥᠬᠡᠶ ᠵᠢ᠎ᠨᠢ ᠬᠠᠭ᠋ᠠᠰ ᠡᠳᠦᠷ ᠵᠶ᠋ᠡᠷ ᠪᠤᠳᠤᠨ᠎ᠠ)᠃ ᠵᠠᠮ ᠵᠠᠭᠤᠷ᠎ᠠ ᠴᠢᠯᠥᠭᠡ ᠠᠪᠤᠭᠰᠠᠨ ᠬᠤᠭᠤᠴᠠᠭ᠋ᠠᠨ᠎ᠳᠤ ᠬᠥᠳᠡᠯᠮᠦᠷᠢ ᠦᠢ᠍ᠯᠡᠴᠢᠯᠡᠭᠡᠨ᠎ᠤ ᠵᠠᠷᠤᠳᠠᠯ ᠥᠭᠬᠦ ᠦᠭᠡᠶ ᠮᠥᠷᠲᠡᠭᠡᠨ ᠴᠢᠯᠥᠭᠡ ᠠᠪᠤᠭᠰᠠᠨ᠎ᠠᠴᠠ ᠪᠣᠯᠣᠭᠰᠠᠨ ᠢᠷᠡᠵᠦ ᠶᠠᠪᠤᠬᠤ ᠵᠠᠮ᠎ᠤᠨ ᠵᠠᠷᠤᠳᠠᠯ᠎ᠢ ᠳᠠᠩᠰᠠ ᠲᠠᠢ᠌ᠯᠬᠤ ᠦᠭᠡᠶ; ᠬᠡᠷᠪᠡ ᠴᠢᠯᠥᠭᠡ ᠭᠤᠶᠤᠭ᠋ᠠᠳ ᠪᠣᠳᠠᠲᠠᠶ ᠠᠵᠢᠯ ᠵᠶ᠋ᠠᠨ ᠥᠷᠨᠢᠭᠦᠯᠵᠦ ᠳᠡᠢ᠌ᠯᠦᠭᠰᠡᠨ ᠥᠬᠡᠶ ᠪᠠᠢ᠌ᠳᠠᠯ ᠣᠷᠣᠰᠢᠵᠤ ᠪᠠᠢ᠌ᠪᠠᠯ᠂ ᠢᠷᠡᠵᠦ ᠣᠴᠢᠬᠤ ᠵᠠᠮ ᠬᠠᠷᠢᠯᠴᠠᠭ᠋ᠠᠨ᠎ᠤ ᠵᠠᠷᠤᠳᠠᠯ᠎ᠢ ᠲᠠᠩᠰᠠ ᠲᠠᠢ᠌ᠯᠬᠤ ᠥᠬᠡᠶ᠃ ᠥᠪᠡᠷᠲᠡᠭᠡᠨ ᠵᠠᠰᠠᠬᠤ ᠣᠷᠣᠨ᠎ᠤ ᠡᠯ᠎ᠡ ᠱᠠᠲᠤᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠰᠠᠯᠠᠭ᠎ᠠ ᠮᠥᠴᠢᠷ᠎ᠤᠨ ᠠᠵᠢᠯ᠎ᠳᠤ ᠪᠠᠢ᠌ᠭ᠎ᠠ ᠵᠠᠰᠠᠭ ᠵᠠᠬᠢᠷᠭ᠋ᠠᠨ᠎ᠤ ᠠᠵᠢᠯᠲᠠᠨ ᠪᠣᠯᠤᠨ ᠲᠢᠩᠬᠢᠮ᠎ᠤᠨ ᠰᠢᠭᠤᠳ ᠬᠠᠷᠢᠶ᠎ᠠ ᠨᠢᠭᠡᠴᠢ ᠵᠢᠨ ᠠᠵᠢᠯᠲᠠᠨ ᠬᠥᠳᠡᠯᠮᠦᠷᠢ ᠦᠢ᠍ᠯᠡᠴᠢᠯᠡᠭᠡᠨ᠎ᠤ ᠵᠠᠷᠤᠳᠠᠯ᠎ᠤᠨ ᠳᠠᠩᠰᠠ ᠲᠠᠢ᠌ᠯᠵᠤ ᠪᠣᠯᠬᠤ ᠦᠭᠡᠶ;
    (ᠭᠤᠷᠪᠠ ) ᠲᠠᠩᠰᠠ ᠲᠠᠢ᠌ᠯᠬᠤ ᠳ᠋ᠦᠩᠨᠡᠨ ᠪᠤᠳᠤᠬᠤ ᠲᠠᠰ ᠳᠠᠷᠠᠭ᠋ᠠᠯᠠᠯ᠎ᠢ ᠲᠢᠩᠬᠢᠮ᠎ᠤᠨ ᠪᠠᠢ᠌ᠭᠤᠯᠭ᠎ᠠ ᠵᠢᠨ ᠬᠣᠯᠪᠣᠭᠳᠠᠯ ᠪᠥᠬᠥᠶ ᠡᠳ᠋᠎ᠤᠨ ᠶᠠᠪᠤᠳᠠᠯ᠎ᠤᠨ ᠲᠣᠭᠲᠠᠭ᠋ᠠᠯ ᠶᠣᠰᠣ᠎ᠪᠠᠷ ᠬᠡᠷᠡᠭᠵᠢᠭᠦᠯᠦᠨ᠎ᠡ;
    (ᠳᠥᠷᠪᠡ ) ᠲᠤᠰᠬᠠᠶ ᠮᠡᠷᠭᠡᠵᠢᠯᠲᠡᠨ᠎ᠠᠴᠠ ᠲᠤᠰᠬᠠᠶ ᠵᠠᠷᠤᠳᠠᠯ᠎ᠤᠨ ᠪᠠᠲᠤᠯᠠᠭ᠎ᠠ᠎ᠲᠠᠢ ᠡᠭᠦᠷᠭᠡ᠎ᠳᠤ ᠣᠷᠣᠯᠴᠠᠭᠰᠠᠨ ᠪᠣᠯ ᠬᠣᠯᠪᠣᠭᠳᠠᠯ ᠪᠦᠬᠦᠢ ᠲᠣᠭᠲᠠᠭ᠋ᠠᠯ ᠶᠣᠰᠣ᠎ᠪᠠᠷ ᠬᠡᠷᠡᠭᠵᠢᠭᠦᠯᠬᠦ ᠬᠡᠷᠡᠭᠲᠡᠶ᠃ ᠲᠤᠰᠬᠠᠶ ᠮᠡᠷᠭᠡᠵᠢᠯᠲᠡᠨ ᠣᠯᠠᠨ ᠡᠭᠦᠷᠭᠡ ᠭᠦᠢᠴᠡᠳᠬᠡᠵᠦ ᠪᠠᠢ᠌ᠪᠠᠯ᠂ ᠡᠳᠦᠷ ᠪᠦᠷᠢ ᠵᠢᠨ ᠪᠠᠷᠢᠮᠵᠢᠶ᠎ᠠ ᠵᠢ ᠬᠠᠮᠤᠭ᠎ᠤᠨ ᠥᠨᠳᠥᠷ ᠪᠠᠷᠢᠮᠵᠢᠶ᠎ᠠ᠎ᠪᠠᠷ ᠬᠡᠷᠡᠭᠵᠢᠭᠦᠯᠦᠨ᠎ᠡ᠃
    ᠳᠣᠯᠣᠳᠤᠭ᠋ᠠᠷ ᠪᠦᠯᠦᠭ  ᠳᠠᠭ᠋ᠠᠯᠳᠤᠭᠤᠯᠤᠯ ᠲᠤᠢ᠍ᠷᠢᠮ
    ᠬᠣᠷᠢᠨ ᠨᠢᠭᠡᠳᠦᠭᠡᠷ ᠵᠦᠢ᠍ᠯ   ᠲᠤᠰ ᠠᠷᠭ᠎ᠠ ᠵᠢ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ᠎ᠤᠨ ᠵᠥᠪᠯᠡᠯ᠎ᠤᠨ ᠠᠯᠪᠠᠨ ᠭᠡᠷ᠎ᠠᠴᠠ ᠬᠠᠷᠢᠭᠤᠴᠠᠨ ᠲᠠᠢ᠌ᠯᠪᠤᠷᠢᠯᠠᠨ᠎ᠠ᠃
    ᠬᠣᠷᠢᠨ ᠬᠣᠶᠠᠳᠤᠭ᠋ᠠᠷ ᠵᠦᠢ᠍ᠯ   ᠲᠤᠰ ᠠᠷᠭ᠎ᠠ᠎ᠳᠤ ᠬᠣᠯᠪᠣᠭᠳᠠᠭᠰᠠᠨ ᠬᠠᠮᠢᠶ᠎ᠠ ᠪᠦᠬᠦᠢ ᠲᠣᠭᠲᠠᠭ᠋ᠠᠯ᠎ᠳᠤ ᠵᠠᠰᠠᠪᠤᠷᠢ ᠣᠷᠣᠭᠤᠯᠤᠭᠰᠠᠨ᠂ ᠬᠤᠪᠢᠷᠠᠭᠤᠯᠤᠭᠰᠠᠨ ᠪᠤᠶᠤ ᠬᠦᠴᠦᠨ ᠦᠭᠡᠶ ᠪᠣᠯᠭ᠋ᠠᠭᠰᠠᠨ ᠪᠠᠢ᠌ᠪᠠᠯ᠂ ᠲᠡᠭᠦᠨ᠎ᠤ ᠵᠠᠰᠠᠪᠤᠷᠢ ᠣᠷᠣᠭᠤᠯᠤᠭᠰᠠᠨ᠂ ᠬᠤᠪᠢᠷᠠᠭᠤᠯᠤᠭᠰᠠᠨ ᠪᠤᠶᠤ ᠠᠰᠲᠠᠭ᠋ᠠᠨ ᠲᠣᠭᠲᠠᠭ᠋ᠠᠭᠰᠠᠨ ᠰᠢᠨ᠎ᠡ ᠲᠣᠭᠲᠠᠭ᠋ᠠᠯ ᠶᠣᠰᠣ᠎ᠪᠠᠷ ᠬᠡᠷᠡᠭᠵᠢᠭᠦᠯᠦᠨ᠎ᠡ᠃
    ᠬᠣᠷᠢᠨ ᠭᠤᠷᠪᠠᠳᠤᠭ᠋ᠠᠷ ᠵᠦᠢ᠍ᠯ   ᠲᠤᠰ ᠠᠷᠭ᠎ᠠ ᠵᠢ ᠳᠠᠷᠤᠮᠠᠯᠯᠠᠨ ᠶᠠᠪᠤᠭᠤᠯᠤᠭᠰᠠᠨ ᠡᠳᠦᠷ᠎ᠠᠴᠠ ᠡᠬᠢᠯᠡᠨ ᠬᠡᠷᠡᠭᠵᠢᠭᠦᠯᠦᠨ᠎ᠡ᠃ 《〈ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠦᠯᠬᠦᠢ ᠦᠢᠯᠡᠳᠪᠦᠷᠢᠯᠡᠯ᠎ᠤᠨ ᠵᠥᠪᠯᠡᠯ᠎ᠤᠨ ᠠᠵᠢᠯ᠎ᠤᠨ ᠲᠦᠷᠢᠮ〉 ᠪᠠ 〈ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠦᠯᠬᠦᠢ ᠦᠢᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠬᠥᠮᠥᠷᠭᠡ ᠵᠢᠨ ᠲᠤᠰᠬᠠᠶ ᠮᠡᠷᠭᠡᠵᠢᠯᠲᠡᠨ᠎ᠤ ᠬᠠᠮᠢᠶᠠᠷᠤᠯᠲᠠ ᠵᠢᠨ ᠠᠷᠭ᠎ᠠ〉 ᠵᠢ ᠳᠠᠷᠤᠮᠠᠯᠯᠠᠨ ᠶᠠᠪᠤᠭᠤᠯᠬᠤ ᠲᠤᠬᠠᠶ ᠮᠡᠳᠡᠭᠳᠡᠯ》 (ᠥᠪᠥᠷ ᠵᠠᠮ ᠬᠠᠷᠢᠯᠴᠠᠭ᠎ᠠ ᠲᠡᠭᠡᠭᠡᠪᠦᠷᠢ ᠲᠠᠷᠬᠠᠭ᠋ᠠᠭᠰᠠᠨ [2019] 659 ᠳ᠋ᠦ᠍ᠭᠡᠷ ᠲᠣᠭ᠋ᠠᠲᠤ )᠎ᠢ ᠬᠠᠮᠲᠤ᠎ᠳᠤ᠎ᠨᠢ ᠬᠦᠴᠦᠨ ᠥᠬᠡᠶ ᠪᠣᠯᠭ᠋ᠠᠨ᠎ᠠ ᠃
    ᠳᠠᠭ᠋ᠠᠯᠳᠤᠭᠤᠯᠤᠯ᠄ 1. ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ᠎ᠤ ᠭᠤᠶᠤᠴᠢᠯᠠᠯ᠎ᠤᠨ ᠬᠦᠰᠦᠨᠦᠭᠲᠦ .docx
    2. ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ ᠪᠠᠲᠤᠯᠠᠨ ᠲᠠᠨᠢᠯᠴᠠᠭᠤᠯᠤᠭᠰᠠᠨ ᠬᠤᠷᠢᠶᠠᠩᠭᠤᠶ ᠬᠦᠰᠦᠨᠦᠭᠲᠦ  (ᠠᠩᠬᠠᠨ᠎ᠤ ᠬᠢᠨᠠᠯᠲᠠ) . docx
    3. ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠠᠶᠤᠯᠬᠦᠢ ᠦᠢ᠍ᠯᠡᠳᠪᠦᠷᠢᠯᠡᠯ ᠬᠢᠭᠡᠳ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠤᠰᠬᠠᠶ ᠮᠡᠷᠭᠡᠵᠢᠯᠲᠡᠨ ᠪᠠᠲᠤᠯᠠᠨ ᠲᠠᠨᠢᠯᠴᠠᠭᠤᠯᠤᠭᠰᠠᠨ ᠬᠤᠷᠢᠶᠠᠩᠭᠤᠶ ᠬᠦᠰᠦᠨᠦᠭᠲᠦ  (ᠳᠠᠬᠢᠨ ᠬᠢᠨᠠᠯᠲᠠ) . docx
    4. ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠲᠤᠰᠬᠠᠶ ᠮᠡᠷᠭᠡᠵᠢᠯᠲᠡᠨ ᠤᠷᠢᠬᠤ ᠵᠢ ᠬᠢᠨᠠᠨ ᠵᠥᠪᠰᠢᠶᠡᠷᠡᠬᠦ ᠬᠦᠰᠦᠨᠦᠭᠲᠦ .docx
    5. ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ᠎ᠤᠨ ᠲᠣᠮᠢᠯᠠᠭᠰᠠᠨ ᠲᠤᠰᠬᠠᠶ ᠮᠡᠷᠭᠡᠵᠢᠯᠲᠡᠨ᠎ᠤ ᠵᠠᠷᠤᠳᠠᠯ᠎ᠢ ᠬᠢᠨᠠᠨ ᠵᠥᠪᠰᠢᠶᠡᠷᠡᠬᠦ ᠬᠦᠰᠦᠨᠦᠭᠲᠦ .docx

ᠢᠷᠡᠯᠲᠡ᠄ ᠦᠪᠦᠷ ᠮᠣᠩᠭᠤᠯ᠎ᠤᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠭᠢᠮ
          
ᠬᠠᠮᠢᠶ᠎ᠡ ᠪᠦᠬᠦᠢ ᠰᠣᠨᠢᠨ
ᠬᠥᠳᠡᠭᠡ ᠲᠣᠰᠬᠣᠨ᠎ᠤ ᠵᠠᠰᠠᠮᠠᠯ ᠵᠠᠮ᠎ᠤᠨ ᠬᠠᠮᠢᠶᠠᠷᠤᠯᠲᠠ ᠠᠷᠠᠴᠢᠯᠠᠯᠲᠠ ᠵᠢᠨ ᠪᠠᠶ᠋ᠢᠭᠤᠯᠤᠯ᠎ᠤᠨ ᠥᠭᠡᠷᠡᠴᠢᠯᠡᠯᠲᠡ ᠵᠢ ᠭᠦᠨᠵᠡᠭᠡᠶ᠋ᠢᠷᠡᠭᠦᠯᠬᠦ ᠲᠤᠬᠠᠶ ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ ᠰᠠᠨᠠᠯ
ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠳᠠᠨᠭ᠌ᠰᠠ ᠡᠪᠬᠡᠮᠡᠯ᠎ᠤᠨ ᠬᠠᠤᠯᠢ
ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠨᠢᠭᠤᠴᠠ ᠲᠡᠮᠳᠡᠭ᠎ᠤᠨ ᠬᠠᠤᠯᠢ
ᠵᠠᠮ ᠬᠠᠷᠢᠯᠴᠠᠭ᠎ᠠ ᠲᠡᠭᠡᠭᠡᠪᠦᠷᠢ ᠵᠢᠨ ᠬᠦᠷᠢᠶᠡᠨ᠎ᠳᠠᠬᠢ ᠲᠥᠪ ᠪᠠ ᠣᠷᠣᠨ ᠨᠤᠲᠤᠭ᠎ᠤᠨ ᠡᠳ᠋᠎ᠤᠨ ᠵᠠᠰᠠᠭ᠎ᠤᠨ ᠠᠵᠢᠯ ᠶᠠᠪᠤᠳᠠᠯ᠎ᠤᠨ ᠡᠷᠬᠡ ᠪᠠ ᠵᠠᠷᠤᠯᠭ᠎ᠠ ᠵᠢᠨ ᠬᠠᠷᠢᠭᠤᠴᠠᠯᠭ᠎ᠠ ᠵᠢ ᠬᠤᠪᠢᠶᠠᠷᠢᠯᠠᠬᠤ ᠥᠭᠡᠷᠡᠴᠢᠯᠡᠯᠲᠡ ᠵᠢᠨ ᠲᠥᠰᠦᠯ᠎ᠢ ᠳᠠᠷᠤᠮᠠᠯᠯᠠᠨ ᠶᠠᠪᠤᠭᠤᠯᠬᠤ ᠲᠤᠬᠠᠶ ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ ᠮᠡᠳᠡᠭᠳᠡᠯ
ᠵᠠᠰᠠᠮᠠᠯ ᠵᠠᠮ᠎ᠤᠨ ᠪᠠᠷᠢᠯᠭ᠎ᠠ ᠵᠢᠨ ᠶᠠᠰᠤ ᠴᠢᠨᠠᠷ᠎ᠲᠤ ᠬᠢᠨᠠᠯᠲᠠ ᠲᠠᠯᠪᠢᠬᠤ ᠲᠣᠭᠲᠠᠭ᠋ᠠᠯ
 
            