ᠲᠡᠷᠢᠭᠦᠨ ᠨᠢᠭᠤᠷ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠢᠯᠡ ᠵᠠᠰᠠᠭ   -   ᠲᠦᠷᠦ ᠵᠢᠨ ᠪᠤᠳᠤᠯᠭ᠎ᠠ ᠵᠢᠨ ᠠᠰᠠᠭᠤᠯᠲᠠ ᠬᠠᠷᠢᠭᠤᠯᠲᠠ ᠵᠢᠨ ᠬᠦᠮᠦᠷᠭᠡ
ᠲᠦᠷᠢᠶᠡᠰᠦᠨ ᠮᠠᠰᠢᠨ ᠲᠡᠷᠭᠡ ᠰᠦᠯᠵᠢᠶ᠎ᠡ᠎ᠪᠠᠷ ᠪᠣᠯᠵᠣᠬᠤ ᠲᠡᠷᠭᠡ᠄ ᠲᠦᠷᠢᠶᠡᠰᠦᠨ ᠮᠠᠰᠢᠨ ᠲᠡᠷᠭᠡᠨ᠎ᠤ ᠵᠢᠯᠣᠭᠤᠴᠢ ᠠᠶᠠᠨᠴᠢᠳ᠎ᠤᠨ ᠱᠠᠭ᠋ᠠᠷᠳᠠᠯᠭ᠎ᠠ ᠶᠣᠰᠣᠭ᠋ᠠᠷ ᠲᠡᠭᠦᠨ᠎ᠤ ᠵᠣᠷᠢᠭᠰᠠᠨ ᠭᠠᠵᠠᠷ᠎ᠲᠤ ᠬᠦᠷᠭᠡᠭᠰᠡᠨ ᠥᠬᠡᠶ ᠪᠥᠭᠡᠳ ᠵᠦᠶ ᠶᠣᠰᠣᠨ᠎ᠤ ᠰᠢᠯᠲᠠᠭ᠋ᠠᠨ ᠥᠬᠡᠶ ᠪᠠᠶ᠋ᠢᠳᠠᠯ ᠳᠣᠤᠷ᠎ᠠ ᠠᠶᠠᠨᠴᠢᠳ᠎ᠢ ᠤᠷᠢᠳᠴᠢᠯᠠᠨ ᠲᠡᠷᠭᠡᠨ᠎ᠠᠴᠠ ᠪᠠᠭᠤᠬᠤ ᠵᠢ ᠱᠠᠭ᠋ᠠᠷᠳᠠᠭᠰᠠᠨ ᠦᠢ᠍ᠯᠡ ᠠᠵᠢᠯᠯᠠᠭ᠎ᠠ᠎ᠨᠢ ᠠᠶᠠᠨᠴᠢᠳ᠎ᠢ ᠬᠠᠶᠠᠵᠤ ᠣᠷᠬᠢᠬᠤ ᠠᠵᠢᠯᠯᠠᠭ᠎ᠠ᠎ᠳᠤ ᠲᠣᠭ᠋ᠠᠴᠠᠭᠳᠠᠨ᠎ᠠ ᠤᠤ ᠥᠬᠡᠶ ᠤᠤ? ᠬᠡᠷᠬᠢᠨ ᠰᠢᠢ᠍ᠳᠪᠦᠷᠢᠯᠡᠬᠦ ᠪᠤᠢ?
ᠨᠡᠶ᠋ᠢᠲᠡᠯᠡᠭᠰᠡᠨ ᠴᠠᠭ᠄ 2024-12-12

    《〈ᠲᠦᠷᠢᠶᠡᠰᠦᠨ ᠮᠠᠰᠢᠨ ᠲᠡᠷᠭᠡᠨ᠎ᠤ ᠵᠢᠯᠣᠭᠤᠴᠢ ᠵᠢᠨ ᠠᠵᠢᠯ ᠡᠷᠭᠢᠯᠡᠬᠦ ᠬᠢᠷᠢ ᠬᠡᠮ᠎ᠤᠨ ᠬᠠᠮᠢᠶᠠᠷᠤᠯᠲᠠ ᠵᠢᠨ ᠲᠣᠭᠲᠠᠭ᠋ᠠᠯ〉᠎ᠲᠤ ᠵᠠᠰᠠᠪᠤᠷᠢ ᠣᠷᠣᠭᠤᠯᠬᠤ ᠲᠤᠬᠠᠶ ᠵᠠᠮ ᠬᠠᠷᠢᠯᠴᠠᠭ᠎ᠠ ᠲᠡᠭᠡᠭᠡᠪᠦᠷᠢ ᠵᠢᠨ ᠶᠠᠮᠤᠨ᠎ᠤ ᠲᠣᠭᠲᠠᠭ᠋ᠠᠯ》       (ᠵᠠᠮ ᠬᠠᠷᠢᠯᠴᠠᠭ᠎ᠠ ᠲᠡᠭᠡᠭᠡᠪᠦᠷᠢ ᠵᠢᠨ ᠶᠠᠮᠤᠨ᠎ᠤ ᠵᠠᠷᠯᠢᠭ 2021 ᠣᠨ᠎ᠤ 15 ᠳ᠋ᠤᠭ᠋ᠠᠷ ᠲᠣᠭ᠋ᠠᠲᠤ)᠎ᠤᠨ ᠳᠥᠴᠢᠳᠦᠭᠡᠷ ᠵᠦᠢ᠍ᠯ᠎ᠳᠤ᠂ ᠲᠦᠷᠢᠶᠡᠰᠦᠨ ᠮᠠᠰᠢᠨ ᠲᠡᠷᠭᠡᠨ᠎ᠤ ᠵᠢᠯᠣᠭᠤᠴᠢ ᠡᠵᠡᠩᠨᠡᠯᠲᠡ ᠵᠢᠨ ᠶᠠᠪᠤᠴᠠ᠎ᠳᠤ᠂ ᠤᠯᠤᠰ᠎ᠤᠨ ᠵᠢᠯᠣᠭᠤᠴᠢ᠎ᠳᠤ ᠬᠠᠤᠯᠢ ᠴᠠᠭ᠋ᠠᠵᠠ ᠬᠠᠤᠯᠢ ᠲᠣᠭᠲᠠᠭ᠋ᠠᠯ᠂ ᠲᠤᠬᠠᠶ᠋ᠢᠯᠠᠭᠰᠠᠨ ᠠᠵᠢᠯ᠎ᠤᠨ ᠶᠣᠰᠣ ᠮᠣᠷᠠᠯ᠂ ᠦᠢ᠍ᠯᠡᠴᠢᠯᠡᠭᠡᠨ᠎ᠤ ᠵᠢᠷᠤᠮᠵᠢᠯ᠂ ᠠᠮᠤᠷ ᠲᠦᠪᠰᠢᠨ ᠵᠶ᠋ᠠᠷ ᠡᠵᠡᠩᠨᠡᠬᠦ ᠵᠡᠷᠭᠡ ᠲᠠᠯ᠎ᠠ ᠵᠢᠨ ᠬᠢᠷᠢ ᠬᠡᠮ᠎ᠤᠨ ᠲᠣᠭᠲᠠᠭ᠋ᠠᠯ᠎ᠢ ᠵᠢᠷᠤᠮᠯᠠᠵᠤ᠂ ᠪᠣᠯᠪᠠᠰᠤᠨ ᠵᠶ᠋ᠠᠷ ᠲᠡᠷᠭᠡ ᠵᠢᠯᠣᠭᠤᠳᠬᠤ᠂ ᠴᠢᠨᠠᠷ ᠰᠠᠶ᠋ᠢᠲᠠᠶ ᠦᠢ᠍ᠯᠡᠴᠢᠯᠡᠬᠦ ᠬᠡᠷᠡᠭᠲᠡᠶ ᠭᠡᠵᠦ ᠲᠣᠭᠲᠠᠭ᠋ᠠᠪᠠ᠃ ᠲᠦᠷᠢᠶᠡᠰᠦᠨ ᠮᠠᠰᠢᠨ ᠲᠡᠷᠭᠡᠨ᠎ᠤ ᠵᠢᠯᠣᠭᠣᠴᠢ ᠨᠠᠷ ᠳᠣᠤᠷᠠᠬᠢ ᠮᠡᠲᠦ ᠦᠢ᠍ᠯᠡ ᠠᠵᠢᠯᠯᠠᠭ᠎ᠠ᠎ᠲᠠᠢ ᠪᠠᠶ᠋ᠢᠵᠤ ᠪᠣᠯᠬᠤ ᠦᠭᠡᠶ᠄ (ᠨᠢᠭᠡ) ᠵᠠᠮ ᠳᠤᠮᠳᠠ ᠠᠶᠠᠨᠴᠢᠳ᠎ᠢ ᠬᠠᠶᠠᠵᠤ ᠣᠷᠬᠢᠬᠤ ᠪᠤᠶᠤ ᠵᠣᠷᠢᠭᠤᠳᠠ ᠲᠣᠭᠣᠷᠢᠤ ᠵᠠᠮ ᠵᠶ᠋ᠠᠷ ᠶᠠᠪᠤᠭᠤᠯᠤᠨ᠎ᠠ; ᠁ ᠳᠥᠴᠢᠨ ᠬᠣᠶᠠᠳᠤᠭ᠋ᠠᠷ ᠵᠦᠢ᠍ᠯ᠎ᠤᠨ ᠲᠣᠭᠲᠠᠭ᠋ᠠᠯ᠎ᠳᠤ᠂ ᠲᠦᠷᠢᠶᠡᠰᠦᠨ ᠮᠠᠰᠢᠨ ᠲᠡᠷᠭᠡᠨ᠎ᠤ ᠵᠢᠯᠣᠭᠣᠴᠢ ᠠᠷᠪᠠᠨ ᠵᠢᠷᠭᠤᠳᠤᠭ᠋ᠠᠷ ᠵᠦᠢ᠍ᠯ᠂ ᠳᠥᠴᠢᠳᠦᠭᠡᠷ ᠵᠦᠢ᠍ᠯ᠎ᠤᠨ ᠲᠣᠭᠲᠠᠭ᠋ᠠᠯ᠎ᠠᠴᠠ ᠵᠥᠷᠢᠴᠡᠭᠰᠡᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠲᠦᠷᠢᠶᠡᠰᠦᠨ ᠮᠠᠰᠢᠨ ᠲᠡᠷᠭᠡᠨ᠎ᠤ ᠵᠠᠰᠠᠭ ᠵᠠᠬᠢᠷᠭ᠋ᠠᠨ᠎ᠤ ᠭᠣᠤᠯᠯᠠᠨ ᠬᠠᠮᠢᠶᠠᠷᠬᠤ ᠰᠠᠯᠠᠭ᠎ᠠ ᠮᠥᠴᠢᠷ᠎ᠠᠴᠠ ᠵᠠᠷᠯᠢᠭᠳᠠᠵᠤ ᠪᠠᠶ᠋ᠢᠭ᠋ᠠᠳ ᠵᠠᠯᠠᠷᠠᠭᠤᠯᠬᠤ ᠵᠢᠨ ᠬᠠᠮᠲᠤ᠂ 200 ᠲᠥᠭᠥᠷᠢᠭ᠎ᠠᠴᠠ ᠳᠡᠭᠡᠭᠰᠢ 500 ᠲᠥᠭᠥᠷᠢᠭ᠎ᠠᠴᠠ ᠳᠣᠷᠣᠭᠰᠢ ᠵᠣᠭᠣᠰ ᠲᠣᠷᠭ᠋ᠠᠵᠤ ᠰᠢᠢ᠍ᠳᠭᠡᠨ᠎ᠡ᠃ ᠪᠣᠳᠠᠲᠠᠶ ᠵᠠᠭ᠋ᠠᠯᠳᠤᠬᠤ ᠰᠠᠨᠠᠭᠤᠯᠭ᠎ᠠ ᠵᠢ ᠬᠠᠮᠢᠶ᠎ᠠ ᠪᠥᠬᠦᠶ ᠬᠤᠲᠠ ᠵᠢᠨ ᠵᠠᠮ ᠬᠠᠷᠢᠯᠴᠠᠭ᠎ᠠ ᠲᠡᠭᠡᠭᠡᠪᠦᠷᠢ ᠵᠢᠨ ᠭᠣᠤᠯᠯᠠᠨ ᠬᠠᠮᠢᠶᠠᠷᠬᠤ ᠰᠠᠯᠠᠭ᠎ᠠ ᠮᠥᠴᠢᠷ᠎ᠲᠤ ᠰᠢᠯᠵᠢᠭᠦᠯᠦᠨ ᠬᠢᠨᠠᠨ ᠬᠠᠷᠭᠤᠭᠤᠯᠵᠤ ᠰᠢᠢ᠍ᠳᠪᠦᠷᠢᠯᠡᠭᠦᠯᠦᠨ᠎ᠡ᠃

ᠢᠷᠡᠯᠲᠡ᠄ ᠦᠪᠦᠷ ᠮᠣᠩᠭᠤᠯ᠎ᠤᠨ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠭᠢᠮ
          
ᠬᠠᠮᠢᠶ᠎ᠡ ᠪᠦᠬᠦᠢ ᠰᠣᠨᠢᠨ
ᠬᠢᠷᠢ ᠬᠡᠮ᠎ᠤᠨ ᠰᠢᠯᠭ᠋ᠠᠯᠲᠠ᠄ ᠪᠠᠷᠠᠭ᠋ᠠᠨ᠎ᠤ ᠲᠡᠷᠭᠡᠨ ᠵᠢᠯᠣᠭᠤᠴᠢ ᠵᠠᠮ᠎ᠤᠨ ᠪᠠᠷᠠᠭ᠎ᠠ ᠲᠡᠭᠡᠭᠡᠪᠦᠷᠢ ᠵᠢᠨ ᠠᠵᠢᠯ ᠡᠷᠬᠢᠯᠡᠬᠦ ᠬᠢᠷᠢ ᠬᠡᠮ᠎ᠤᠨ ᠦᠨᠡᠮᠯᠡᠯ ᠭᠤᠶᠤᠴᠢᠯᠠᠨ ᠠᠪᠬᠤ᠎ᠳᠤ 《ᠰᠤᠷᠤᠯᠭ᠎ᠠ ᠲᠡᠭᠦᠰᠦᠭᠰᠡᠨ ᠦᠨᠡᠮᠯᠡᠯ》᠎ᠢ ᠬᠡᠷᠡᠭᠰᠡᠬᠦ ᠦᠭᠡᠶ᠂ 《ᠰᠤᠷᠤᠯᠭ᠎ᠠ ᠲᠡᠭᠦᠰᠦᠭᠰᠡᠨ ᠦᠨᠡᠮᠯᠡᠯ》᠎ᠢ ᠬᠦᠴᠦᠨ ᠥᠬᠡᠶ ᠪᠣᠯᠭ᠋ᠠᠭᠰᠠᠨ ᠤᠤ?
ᠬᠢᠷᠢ ᠬᠡᠮ᠎ᠤᠨ ᠰᠢᠯᠭ᠋ᠠᠯᠲᠠ᠄ ᠡᠵᠡᠩᠨᠡᠯᠲᠡ ᠵᠢᠨ ᠴᠢᠨᠠᠷᠲᠠᠶ ᠵᠠᠮ᠎ᠤᠨ ᠪᠠᠷᠠᠭ᠎ᠠ ᠲᠡᠭᠡᠭᠡᠪᠦᠷᠢ ᠵᠢᠨ ᠵᠢᠯᠣᠭᠤᠴᠢ ᠶᠠᠮᠠᠷ ᠶᠠᠮᠠᠷ ᠨᠥᠬᠦᠴᠡᠯ᠎ᠳᠤ ᠨᠡᠶ᠋ᠢᠴᠡᠬᠦ ᠪᠣᠶ?
ᠲᠦᠷᠢᠶᠡᠰᠦᠨ ᠮᠠᠰᠢᠨ ᠲᠡᠷᠭᠡ ᠰᠦᠯᠵᠢᠶ᠎ᠡ᠎ᠪᠠᠷ ᠪᠣᠯᠵᠣᠬᠤ ᠲᠡᠷᠭᠡ᠄ ᠲᠣᠭᠤᠷᠢᠨ ᠵᠤᠭ᠋ᠠᠴᠠᠬᠤ ᠲᠦᠷᠢᠶᠡᠰᠦᠨ ᠮᠠᠰᠢᠨ ᠲᠡᠷᠭᠡᠨ᠎ᠤ ᠵᠢᠯᠣᠭᠤᠴᠢ ᠳᠣᠤᠷᠠᠬᠢ ᠣᠨᠴᠣᠭᠤᠶ ᠪᠠᠶ᠋ᠢᠳᠠᠯ ᠲᠣᠬᠢᠶᠠᠯᠳᠤᠪᠠᠯ᠂ ᠬᠡᠷᠬᠢᠨ ᠰᠢᠢ᠍ᠳᠪᠦᠷᠢᠯᠡᠬᠦ ᠪᠣᠶ?
ᠵᠠᠰᠠᠮᠠᠯ ᠵᠠᠮ᠎ᠤᠨ ᠪᠦᠲᠦᠭᠡᠨ ᠪᠠᠶ᠋ᠢᠭᠤᠯᠤᠯᠲᠠ᠄ ᠳᠡᠭᠡᠳᠦ ᠬᠤᠷᠳᠤ ᠵᠢᠨ ᠵᠠᠰᠠᠮᠠᠯ ᠵᠠᠮ᠎ᠤᠨ ᠰᠦᠢ᠍ᠳᠬᠡᠯ ᠬᠤᠷᠢᠶᠠᠬᠤ ᠥᠷᠲᠡᠭᠡ᠎ᠳᠤ ᠵᠠᠰᠠᠮᠠᠯ ᠵᠠᠮ᠎ᠤᠨ ᠪᠤᠰᠤ ᠲᠡᠮᠳᠡᠭ ᠲᠠᠯᠪᠢᠵᠤ ᠪᠣᠯᠣᠨ᠎ᠠ ᠤᠤ?
ᠪᠠᠷᠠᠭ᠎ᠠ ᠲᠡᠭᠡᠭᠡᠪᠦᠷᠢ᠄ ᠲᠤᠰᠬᠠᠶ ᠠᠵᠢᠯᠯᠠᠬᠤ ᠲᠡᠷᠭᠡ ᠳᠡᠭᠡᠳᠦ ᠬᠤᠷᠳᠤ ᠵᠢᠨ ᠵᠠᠰᠠᠮᠠᠯ ᠵᠠᠮ᠎ᠳᠤ ᠭᠠᠷᠬᠤ᠎ᠳᠤ ᠬᠡᠮᠵᠢᠶ᠎ᠡ᠎ᠠᠴᠠ ᠬᠡᠲᠦᠷᠡᠭᠦᠯᠦᠭᠰᠡᠨ ᠪᠠᠷᠢᠮᠵᠢᠶ᠎ᠠ᠎ᠨᠢ ᠶᠠᠭᠤ ᠪᠣᠶ?
 
            