ᠲᠡᠷᠢᠭᠦᠨ ᠨᠢᠭᠤᠷ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠢᠯᠡᠴᠢᠯᠡᠭᠡ   -   ᠵᠠᠮ᠎ᠤᠨ ᠪᠠᠶ᠋ᠢᠳᠠᠯ᠎ᠤᠨ ᠬᠤᠷᠢᠶᠠᠩᠭᠤᠶ᠋ᠢᠯᠠᠯ
G16 ᠳ᠋ᠠᠨᠳᠦ᠋ᠩ ᠡᠴᠡ ᠰᠢᠯᠢᠩᠬᠤᠲᠠ ᠬᠦᠷᠬᠦ᠌ ᠲᠦᠷᠭᠡᠨ᠎ᠤ ᠵᠠᠰᠠᠮᠠᠯ ᠵᠠᠮ
ᠨᠡᠶ᠋ᠢᠲᠡᠯᠡᠭᠰᠡᠨ ᠴᠠᠭ᠄ 2025-11-26

[2025-11-26 09:30:00] ᠴᠠᠩ ᠵᠢᠶᠧ ᠺᠣᠮᠫᠠᠨᠢ᠎ᠡᠴᠡ ᠲᠠᠨ᠎ᠳᠤ ᠨᠡᠢ᠌ᠲᠡᠯᠡᠨ᠎ᠡ

ᠣᠳᠣ ᠪᠣᠯᠳᠠᠯ᠎ᠠ᠂ ᠳ᠋ᠠᠨᠳᠦ᠋ᠩ ᠡᠴᠡ ᠰᠢᠯᠢᠩᠬᠤᠲᠠ ᠬᠦᠷᠬᠦ᠌ ᠲᠦᠷᠭᠡᠨ᠎ᠤ ᠵᠠᠰᠠᠮᠠᠯ ᠵᠠᠮ᠂ ᠤᠯᠠᠭᠠᠨᠬᠠᠳᠠ ᠠ᠋ᠴᠠ ᠳ᠋ᠠᠪᠠᠨ ᠬᠦᠷᠬᠦ ᠬᠡᠰᠡᠭ᠎ᠦᠨ ᠪᠠᠭᠠᠷᠢᠨ ᠬᠥᠭᠥᠷᠭᠡ᠎ᠶᠢᠨ ᠰᠦᠢᠳᠬᠡᠯ ᠬᠤᠷᠢᠶᠠᠬᠤ ᠥᠷᠲᠡᠭᠡ᠎ᠶᠢᠨ ᠣᠷᠣᠬᠤ ᠡᠭᠦᠳᠡᠨ᠎ᠳᠦ ᠪᠣᠶ ᠪᠦᠬᠦᠢ ᠲᠡᠷᠭᠡ ᠬᠥᠰᠬᠡ᠎ᠳᠦ ᠵᠠᠮ ᠬᠠᠷᠢᠯᠴᠠᠭᠠᠨ᠎ᠤ ᠵᠠᠬᠢᠷᠤᠨ ᠬᠠᠮᠢᠶᠠᠷᠤᠯᠲᠠ ᠶᠠᠪᠤᠭᠤᠯᠤᠨ᠎ᠠ; ᠪᠣᠷᠣᠬᠤᠳᠠ᠎ᠶ᠋ᠢᠨ ᠰᠦᠢᠳᠭᠡᠯ ᠬᠤᠷᠢᠶᠠᠬᠤ ᠦᠷᠳᠡᠭᠡ᠎ᠶ᠋ᠢᠨ ᠣᠷᠣᠬᠤ ᠡᠭᠦᠳᠡᠨ᠎ᠠᠴᠠ ᠳ᠋ᠠᠪᠠᠨ᠎ᠳᠤ ᠬᠦᠷᠬᠦ᠌ ᠴᠢᠭ᠌ᠯᠡᠯ ᠪᠦᠬᠦᠢ ᠮᠠᠱᠢᠨ ᠲᠡᠷᠭᠡ᠎ᠳᠤ ᠵᠠᠮ ᠬᠠᠷᠢᠯᠴᠠᠭᠠᠨ᠎ᠤ ᠵᠠᠬᠢᠷᠣᠯᠳᠠ ᠬᠢᠵᠦ᠍᠂ ᠤᠯᠠᠭᠠᠨᠬᠠᠳᠠ ᠤᠷᠤᠭᠤ ᠶᠠᠪᠤᠬᠤ ᠴᠢᠭᠯᠡᠯ᠎ᠢᠶᠡᠷ ᠬᠡᠪ᠎ᠦᠨ ᠶᠣᠰᠣᠭᠠᠷ ᠨᠡᠪᠲᠡᠷᠡᠨ᠎ᠡ᠃ ᠰᠠᠯᠭᠠᠬᠤ᠄ ᠳ᠋ᠠᠪᠠᠨ ᠵᠦᠭ ᠶᠠᠪᠤᠬᠤ ᠮᠠᠰᠢᠨ ᠲᠡᠷᠭᠡ᠎ᠶᠢ ᠪᠣᠷᠣᠬᠤᠳᠠ ᠰᠦᠢᠳᠬᠡᠯ ᠬᠤᠷᠢᠶᠠᠬᠤ ᠥᠷᠲᠡᠭᠡᠨ᠎ᠦ ᠭᠣᠣᠯ ᠱᠤᠭᠤᠮ ᠎ᠳᠦ ᠰᠠᠯᠭᠠᠵᠤ᠂ ᠪᠤᠢ ᠪᠦᠬᠦᠢ ᠮᠠᠰᠢᠨ ᠲᠡᠷᠭᠡ ᠪᠣᠷᠣᠬᠤᠳᠠ ᠰᠦᠢᠳᠬᠡᠯ ᠬᠤᠷᠢᠶᠠᠬᠤ ᠥᠷᠲᠡᠭᠡᠨ᠎ᠡᠴᠡ ᠲᠦᠷᠭᠡᠨ᠎ᠦ ᠵᠠᠰᠠᠮᠠᠯ ᠵᠠᠮ᠎ᠢᠶᠠᠷ ᠳᠠᠪᠬᠢᠨ ᠭᠠᠷᠤᠨ᠎ᠠ᠃ 

ᠵᠠᠮ ᠬᠠᠷᠢᠯᠴᠠᠭᠠᠨ᠎ᠤ ᠴᠠᠭᠳᠠᠭ᠎ᠠ᠎ᠶᠢᠨ ᠵᠠᠬᠢᠷᠤᠨ ᠬᠠᠮᠢᠶᠠᠷᠤᠯᠲᠠ ᠠ᠋ᠴᠠ ᠪᠣᠯᠵᠤ᠂ ᠱᠤᠸᠠᠩ ᠵᠢᠩ ᠰᠦᠢᠳᠬᠡᠯ ᠬᠤᠷᠢᠶᠠᠬᠤ ᠥᠷᠲᠡᠭᠡ᠂ ᠰᠢᠨ ᠵᠢᠩ ᠰᠦᠢᠳᠬᠡᠯ ᠬᠤᠷᠢᠶᠠᠬᠤ ᠥᠷᠲᠡᠭᠡ᠂  ᠪᠢᠷᠠᠭᠤ ᠵᠡᠭᠦᠨ ᠰᠦᠢᠳᠬᠡᠯ ᠬᠤᠷᠢᠶᠠᠬᠤ ᠥᠷᠲᠡᠭᠡ᠂ ᠪᠢᠷᠠᠭᠤ ᠪᠠᠷᠠᠭᠤᠨ ᠰᠦᠢᠳᠬᠡᠯ ᠬᠤᠷᠢᠶᠠᠬᠤ ᠥᠷᠲᠡᠭᠡ᠂ ᠬᠦᠩᠭᠡᠷ ᠰᠦᠢᠳᠬᠡᠯ ᠬᠤᠷᠢᠶᠠᠬᠤ ᠥᠷᠲᠡᠭᠡ᠂ ᠲᠡᠯᠡᠶ ᠨᠠᠭᠤᠷ᠎ᠤᠨ ᠰᠦᠢᠳᠬᠡᠯ ᠬᠤᠷᠢᠶᠠᠬᠤ ᠥᠷᠲᠡᠭᠡ᠎ᠡᠴᠡ ᠪᠣᠶ ᠪᠦᠬᠦᠢ ᠲᠡᠷᠭᠡ ᠬᠥᠰᠬᠡ᠎ᠳᠦ ᠵᠠᠮ ᠬᠠᠷᠢᠯᠴᠠᠭᠠᠨ᠎ᠤ ᠵᠠᠬᠢᠷᠤᠨ ᠬᠠᠮᠢᠶᠠᠷᠤᠯᠲᠠ ᠶᠠᠪᠤᠭᠤᠯᠤᠨ᠎ᠠ᠃ ᠱᠤᠸᠠᠩ ᠵᠢᠩ ᠰᠦᠶ᠋ᠳᠭᠡᠯ ᠬᠤᠷᠢᠶᠠᠬᠤ ᠥᠷᠲᠡᠭᠡ ᠰᠢᠯᠢᠩᠬᠤᠲᠠ᠎ᠶ᠋ᠢᠨ ᠴᠢᠭ᠌ᠯᠡᠯ᠎ᠢᠶᠠᠷ ᠭᠤᠤᠯ ᠱᠤᠭᠤᠮ᠎ᠢ ᠰᠠᠯᠭ᠋ᠠᠨ ᠲᠣᠬᠢᠷᠠᠭᠤᠯᠵᠤ᠂ ᠪᠣᠶ ᠪᠥᠬᠦᠶ ᠲᠡᠷᠭᠡ ᠬᠥᠰᠭᠡ ᠱᠤᠸᠠᠩ ᠵᠢᠩ ᠰᠦᠶ᠋ᠳᠭᠡᠯ ᠬᠤᠷᠢᠶᠠᠬᠤ ᠥᠷᠲᠡᠭᠡᠨ᠎ᠡᠴᠡ ᠲᠦᠷᠭᠡᠨ᠎ᠦ ᠵᠠᠰᠠᠮᠠᠯ ᠵᠠᠮ᠎ᠢᠶᠠᠷ ᠳᠠᠪᠬᠢᠨ ᠭᠠᠷᠤᠨ᠎ᠠ᠃ ᠳᠠᠯᠠᠢ ᠨᠠᠭᠤᠷ᠎ᠤᠨ ᠰᠦᠢᠳᠬᠡᠯ ᠬᠤᠷᠢᠶᠠᠬᠤ ᠦᠷᠳᠡᠬᠡ ᠤᠯᠠᠭᠠᠨᠬᠠᠳᠠ᠎ᠶᠢᠨ ᠭᠤᠤᠯ ᠱᠤᠭᠤᠮ᠎ᠢ ᠰᠠᠯᠭ᠋ᠠᠨ ᠲᠣᠬᠢᠷᠠᠭᠤᠯᠵᠤ᠂ ᠪᠤᠢ ᠪᠦᠬᠦᠢ ᠮᠠᠰᠢᠨ ᠲᠡᠷᠭᠡ ᠳᠠᠯᠠᠢ ᠨᠠᠭᠤᠷ᠎ᠤᠨ ᠰᠦᠢᠳᠬᠡᠯ ᠬᠤᠷᠢᠶᠠᠬᠤ ᠥᠷᠲᠡᠭᠡᠨ᠎ᠡᠴᠡ ᠲᠦᠷᠭᠡᠨ᠎ᠦ ᠵᠠᠰᠠᠮᠠᠯ ᠵᠠᠮ᠎ᠢᠶᠠᠷ ᠳᠠᠪᠬᠢᠨ ᠭᠠᠷᠤᠨ᠎ᠠ᠃ ᠵᠡᠭᠦᠨ ᠲᠠᠢᠰᠠ᠎ᠶᠢᠨ ᠰᠦᠢᠳᠬᠡᠯ ᠬᠤᠷᠢᠶᠠᠬᠤ ᠥᠷᠲᠡᠭᠡ᠂ ᠣᠷᠣᠬᠤ ᠡᠭᠦᠳᠡ᠎ᠡᠴᠡ ᠪᠣᠶ ᠪᠦᠬᠦᠢ ᠲᠡᠷᠭᠡ ᠬᠥᠰᠬᠡ᠎ᠳᠦ ᠵᠠᠮ ᠬᠠᠷᠢᠯᠴᠠᠭᠠᠨ᠎ᠤ ᠵᠠᠬᠢᠷᠤᠨ ᠬᠠᠮᠢᠶᠠᠷᠤᠯᠲᠠ ᠶᠠᠪᠤᠭᠤᠯᠤᠨ᠎ᠠ ᠃ 

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            