ᠯᠠᠪᠯᠠᠬᠤ ᠠᠭᠤᠯᠭ᠎ᠠ᠄ ᠮᠢᠨᠦ ᠠᠶᠤᠯᠲᠠᠢ ᠪᠣᠳᠠᠰ ᠤᠨ ᠠᠵᠢᠯ ᠡᠷᠬᠢᠯᠡᠬᠦ ᠬᠢᠷᠢ ᠬᠡᠮ ᠤᠨ ᠦᠨᠡᠮᠯᠡᠯ ᠢ | ᠶᠠᠭᠠᠬᠢᠭᠠᠳ ᠪᠦᠬᠦ ᠤᠯᠤᠰ ᠤᠨ ᠪᠠᠶᠢᠴᠠᠭᠠᠨ ᠯᠠᠪᠯᠠᠬᠤ ᠰᠢᠰᠲ᠋ᠧᠮ ᠳᠤ ᠡᠷᠢᠵᠦ ᠣᠯᠬᠤ ᠦᠭᠡᠢ ᠪᠤᠢ︖ | | ᠬᠠᠷᠢᠭᠤᠯᠲᠠ᠄ ᠨᠢᠭᠡᠨᠲᠡ ᠤᠲᠠᠰᠤ ᠪᠠᠷ ᠦᠭᠡ ᠦᠯᠡᠳᠡᠭᠡᠭᠰᠡᠨ ᠬᠦᠮᠦᠨ ᠳᠤ ᠮᠡᠳᠡᠭᠳᠡᠵᠦ᠂ ᠵᠠᠮ ᠬᠠᠷᠢᠯᠴᠠᠭ᠎ᠠ | ᠲᠡᠭᠡᠭᠡᠪᠦᠷᠢ ᠶᠢᠨ ᠶᠠᠮᠤᠨ ᠤ ᠢᠨᠲ᠋ᠧᠷ ᠰᠦᠯᠵᠢᠶᠡᠨ ᠤ ᠵᠠᠮ ᠲᠡᠭᠡᠭᠡᠪᠦᠷᠢ ᠶᠢᠨ ᠠᠷᠠᠳ ᠲᠤ ᠲᠥᠬᠦᠮ ᠦᠵᠡᠭᠦᠯᠬᠦ | ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠰᠢᠰᠲ᠋ᠧᠮ ᠤᠨ ᠮᠡᠳᠡᠭᠡ ᠵᠠᠩᠭᠢ ᠶᠢ ᠪᠠᠶᠢᠴᠠᠭᠠᠨ ᠯᠠᠪᠯᠠᠬᠤ ᠨᠢᠭᠤᠷ ᠲᠤ | ᠭᠠᠷᠴᠤ᠂ ᠵᠡᠭᠦᠨ ᠲᠠᠯ᠎ᠠ ᠶᠢᠨ ᠲᠣᠪᠶᠤᠭ ᠤᠨ ᠵᠢᠭᠰᠠᠭᠠᠯᠲᠠ ᠳᠠᠬᠢ ᠠᠵᠢᠯᠯᠠᠭᠰᠠᠳ ᠤᠨ ᠲᠥᠷᠥᠯ ᠵᠦᠶᠯ ᠢ | ᠲᠣᠪᠴᠢᠳᠠᠪᠠᠯ᠂ ᠨᠢᠭᠤᠷ ᠤᠨ ᠪᠠᠷᠠᠭᠤᠨ ᠲᠠᠯ᠎ᠠ ᠶᠢᠨ ᠬᠡᠰᠡᠭ ᠲᠤ ᠳᠠᠷᠠᠭᠠᠯᠠᠨ ᠰᠣᠩᠭᠤᠵᠤ᠂ ᠪᠠᠶᠢᠴᠠᠭᠠᠨ ᠯᠠᠪᠯᠠᠬᠤ | ᠠᠭᠤᠯᠭ᠎ᠠ ᠪᠠᠨ ᠣᠷᠣᠭᠤᠯᠤᠨ᠎ᠠ᠂ ᠡᠭᠦᠨ ᠳᠤ ᠮᠤᠵᠢ ᠣᠷᠤᠨ ᠤ ᠨᠡᠷᠡᠶᠢᠳᠦᠯ᠂ ᠣᠪᠣᠭ ᠨᠡᠷ᠎ᠡ᠂ ᠭᠡᠷᠡᠴᠢ ᠦᠨᠡᠮᠯᠡᠯ ᠤᠨ | ᠨᠣᠮᠧᠷ ᠪᠠ ᠰᠢᠯᠭᠠᠨ ᠪᠠᠲᠤᠯᠠᠬᠤ ᠺᠣᠳ᠋ ᠢ ᠪᠠᠭᠲᠠᠭᠠᠨ᠎ᠠ᠂ ᠳᠠᠷᠠᠭ᠎ᠠ ᠨᠢ ᠪᠠᠶᠢᠴᠠᠭᠠᠨ ᠯᠠᠪᠯᠠᠬᠤ ᠶᠢ ᠲᠣᠪᠴᠢᠳᠠᠪᠠᠯ᠂ | ᠰᠢᠰᠲ᠋ᠧᠮ ᠤᠨ ᠬᠢᠨ ᠬᠠᠭᠤᠳᠠᠰᠤᠨ ᠤ ᠳᠣᠤᠷ᠎ᠠ ᠲᠠᠯ᠎ᠠ ᠳᠤ ᠪᠠᠶᠢᠴᠠᠭᠠᠨ ᠯᠠᠪᠯᠠᠭᠰᠠᠨ ᠭᠡᠷᠡᠴᠢ ᠦᠨᠡᠮᠯᠡᠯ ᠤᠨ ᠮᠡᠳᠡᠭᠡ | ᠵᠠᠩᠭᠢ ᠶᠢ ᠳᠡᠯᠭᠡᠨ ᠦᠵᠡᠭᠦᠯᠦᠨ᠎ᠡ᠃ ᠦᠭᠡ ᠦᠯᠡᠳᠡᠭᠡᠭᠰᠡᠨ ᠬᠥᠮᠦᠨ ᠨᠢ ᠡᠨᠡ ᠠᠷᠭ᠎ᠠ ᠪᠠᠷ ᠥᠪᠡᠷ ᠤᠨ ᠪᠡᠶ᠎ᠡ ᠶᠢᠨ | ᠦᠨᠡᠮᠯᠡᠯ ᠤᠨ ᠮᠡᠳᠡᠭᠡ ᠵᠠᠩᠭᠢ ᠪᠠᠨ ᠪᠠᠶᠢᠴᠠᠭᠠᠵᠤ ᠣᠯᠪᠠ᠃ |