ᠪᠤᠭᠤᠲᠤ ᠠᠴᠠ ᠳ᠋ᠦᠩᠱᠧᠩ ᠬᠦᠷᠬᠦ ᠬᠡᠰᠡᠭ ᠤᠨ ᠥᠭᠡᠷᠡᠴᠢᠯᠡᠵᠦ ᠥᠷᠭᠡᠳᠬᠡᠨ ᠪᠠᠶᠢᠭᠤᠯᠬᠤ ᠢᠨᠵᠧᠨᠧᠷᠢᠩ ᠤᠳᠠᠯ ᠦᠭᠡᠢ ᠠᠵᠢᠯ ᠳᠠᠭᠤᠰᠬᠤ ᠪᠠᠷ ᠪᠠᠶᠢᠨ᠎ᠠ
ᠨᠡᠶᠢᠲᠡᠯᠡᠭᠰᠡᠨ ᠴᠠᠭ᠄
2024/9/5
202409051738.jpg
    ᠪᠤᠭᠤᠲᠤ ᠠᠴᠠ ᠮᠤᠤᠮᠢᠩ ᠬᠦᠷᠬᠦ ᠳᠡᠭᠡᠳᠤ ᠬᠤᠷᠳᠤ ᠶᠢᠨ ᠵᠠᠰᠠᠮᠠᠯ ᠵᠠᠮ ᠤᠨ ᠪᠤᠭᠤᠲᠤ ᠠᠴᠠ ᠳ᠋ᠦᠩᠱᠧᠩ ᠬᠦᠷᠬᠦ ᠬᠡᠰᠡᠭ ᠤᠨ ᠥᠭᠡᠷᠡᠴᠢᠯᠡᠵᠦ ᠥᠷᠭᠡᠳᠬᠡᠨ ᠪᠠᠶᠢᠭᠤᠯᠬᠤ ᠢᠨᠵᠧᠨᠧᠷᠢᠩ ᠤᠨ ᠪᠤᠭᠤᠲᠤ ᠶᠢᠨ ᠪᠠᠷᠠᠭᠤᠨ ᠬᠤᠯᠪᠣᠬᠤ ᠱᠤᠭᠤᠮ ᠤᠨ ᠪᠦᠲᠦᠭᠡᠨ ᠪᠠᠶᠢᠭᠤᠯᠬᠤ ᠵᠠᠮ ᠤᠨ ᠤᠷᠲᠤ ᠨᠢ 46.493 ᠺᠢᠯᠣᠮᠧᠲᠷ ᠪᠠᠶᠢᠵᠤ᠂ ᠬᠤᠣᠰ ᠴᠢᠭᠯᠡᠯᠲᠦ ᠳᠥᠷᠪᠡᠨ ᠲᠡᠷᠭᠡᠨ ᠵᠠᠮ ᠲᠠᠢ ᠳᠡᠭᠡᠳᠤ ᠬᠤᠷᠳᠤ ᠶᠢᠨ ᠵᠠᠰᠠᠮᠠᠯ ᠵᠠᠮ ᠤᠨ ᠪᠠᠷᠢᠮᠵᠢᠶ᠎ᠠ ᠪᠠᠷ ᠪᠦᠲᠦᠭᠡᠨ ᠪᠠᠶᠢᠭᠤᠯᠵᠤ᠂ ᠪᠤᠭᠤᠲᠤ ᠠᠴᠠ ᠯᠠᠨᠵᠧᠦ ᠬᠦᠷᠬᠦ ᠲᠡᠮᠦᠷ ᠵᠠᠮ ᠤᠨ ᠳᠡᠭᠡᠭᠦᠷ ᠠᠯᠤᠰᠯᠠᠭᠰᠠᠨ ᠬᠥᠭᠦᠷᠭᠡ ᠶᠢ 8 ᠳ᠋ᠤᠭᠠᠷ ᠰᠠᠷ᠎ᠠ ᠶᠢᠨ 28 ᠤ ᠡᠳᠦᠷ ᠤᠨ ᠥᠷᠯᠥᠭᠡ ᠶᠢᠨ 1 ᠴᠠᠭ 55 ᠮᠢᠨᠦ᠋ᠲ ᠲᠤ ᠡᠬᠢᠯᠡᠨ ᠡᠷᠭᠢᠭᠦᠯᠵᠦ᠂ ᠭᠤᠣᠯ ᠢ ᠨᠡᠪᠲᠡᠯᠬᠦ ᠮᠠᠶ᠋ᠢᠭ  ᠤᠨ ᠦᠯᠢᠭᠦᠷ ᠤᠨ ᠲᠠᠲᠠᠯᠲᠠ ᠳᠣᠣᠷ᠎ᠠ᠂ ᠪᠠᠴᠢᠮ ᠪᠥᠭᠡᠳ ᠡᠮᠬᠢ ᠵᠢᠷᠤᠮ ᠲᠠᠢ ᠠᠵᠢᠯᠯᠠᠬᠤ ᠪᠠᠷ ᠳᠠᠮᠵᠢᠨ᠂ ᠪᠤᠭᠤᠲᠤ  ᠠᠴᠠ ᠯᠠᠨᠵᠧᠦ ᠬᠦᠷᠬᠦ ᠲᠡᠮᠦᠷ ᠵᠠᠮ ᠤᠨ ᠳᠡᠭᠡᠭᠦᠷ ᠠᠯᠤᠰᠯᠠᠭᠰᠠᠨ ᠬᠥᠭᠦᠷᠭᠡ ᠶᠢᠨ 13 ᠳ᠋ᠤᠭᠠᠷ ᠲᠤᠯᠭᠠᠭᠤᠷᠢ ᠶᠢ 75.8 ᠭᠷᠠᠳᠦ᠋ᠰ ᠡᠷᠭᠢᠭᠦᠯᠵᠦ᠂ T ᠪᠦᠲᠦᠴᠡᠲᠦ ᠨᠢᠷᠤᠭᠤ ᠶᠢ ᠡᠷᠭᠢᠭᠦᠯᠵᠦ ᠲᠠᠭᠤᠰᠬᠠᠨ᠂ ᠣᠨᠣᠪᠴᠢᠲᠠᠢ ᠪᠠᠶᠢᠷᠢᠯᠠᠭᠤᠯᠵᠤ᠂ ᠣᠨᠣᠴᠠᠲᠠᠢ ᠵᠣᠯᠭᠠᠭᠤᠯᠵᠠᠢ᠃     ᠲᠣᠰ ᠤᠳᠠᠭ᠎ᠠ ᠶᠢᠨ ᠡᠷᠭᠢᠭᠦᠯᠦᠭᠰᠡᠨ ᠪᠤᠭᠤᠲᠤ ᠠᠴᠠ ᠯᠠᠨᠵᠧᠦ ᠬᠥᠷᠬᠦ ᠲᠡᠮᠦᠷ ᠵᠠᠮ ᠤᠨ ᠳᠡᠭᠡᠭᠦᠷ ᠠᠯᠤᠰᠯᠠᠭᠰᠠᠨ ᠬᠥᠭᠦᠷᠭᠡ ᠶᠢᠨ ᠣᠷᠳᠣ ᠶᠢ 110 ᠮᠧᠲᠷ ᠪᠠᠶᠢᠵᠤ᠂ ᠡᠷᠭᠢᠭᠦᠯᠦᠭᠰᠡᠨ ᠪᠡᠶ᠎ᠡ ᠶᠢᠨ ᠬᠦᠨᠳᠦ ᠨᠢ 13000 ᠲᠣᠨ ᠢ ᠳᠠᠪᠠᠵᠠᠶ᠃ ᠲᠥᠷᠥᠯ ᠵᠦᠶᠯ ᠢ ᠪᠥᠲᠥᠭᠡᠨ ᠪᠠᠶᠢᠭᠤᠯᠤᠭᠰᠠᠨ ᠨᠢᠭᠡᠴᠢ ᠠᠴᠠ ᠲᠤᠭ᠎ᠠ ᠪᠠᠷᠢᠮᠲᠠ ᠶᠢ ᠪᠠᠶᠢᠴᠠᠭᠠᠨ ᠬᠡᠮᠵᠢᠵᠦ ᠪᠤᠳᠤᠬᠤ ᠶᠢ ᠴᠢᠩᠭᠠᠷᠠᠭᠤᠯᠵᠤ᠂ ᠴᠠᠭ ᠲᠤᠬᠠᠶ ᠳᠤ ᠨᠢ ᠬᠢᠨᠠᠨ ᠬᠡᠮᠵᠢᠬᠦ ᠶᠢᠨ ᠬᠠᠮᠲᠤ ᠡᠷᠭᠢᠭᠦᠯᠬᠦ ᠬᠤᠷᠳᠤᠴᠠ ᠵᠢᠴᠢ ᠵᠣᠭᠰᠣᠭᠠᠬᠤ ᠣᠷᠣᠨ ᠪᠠᠶᠢᠷᠢ ᠶᠢ ᠣᠶᠤᠨᠴᠢ ᠪᠠᠷ ᠳᠣᠭᠢᠷᠠᠭᠤᠯᠤᠨ᠂ ᠡᠷᠭᠢᠭᠦᠯᠬᠦ ᠶᠠᠪᠤᠴᠠ ᠶᠢ ︽ᠮᠢᠯᠢᠮᠧᠲᠷ ᠲᠠᠰ︾ ᠤᠨ ᠣᠨᠣᠪᠴᠢ ᠶᠢᠨ ᠬᠡᠮᠵᠢᠶ᠎ᠡ ᠳᠤ ᠬᠦᠷᠦᠭᠦᠯᠬᠦ ᠶᠢ ᠪᠡᠲᠤᠯᠠᠪᠠ᠃ ᠪᠤᠭᠤᠲᠤ  ᠠᠴᠠ ᠯᠠᠨᠵᠧᠦ ᠬᠦᠷᠬᠦ ᠲᠡᠮᠦᠷ ᠵᠠᠮ ᠤᠨ ᠳᠡᠭᠡᠭᠦᠷ ᠠᠯᠤᠰᠯᠠᠭᠰᠠᠨ ᠬᠥᠭᠦᠷᠭᠡ ᠶᠢ ᠡᠷᠭᠢᠭᠦᠯᠬᠦ ᠳᠠᠭᠤᠰᠬᠤ ᠶᠢ ᠳᠠᠭᠠᠯᠳᠤᠨ᠂ ᠪᠤᠭᠤᠲᠤ ᠶᠢᠨ ᠪᠠᠷᠠᠭᠤᠨ ᠬᠤᠯᠪᠣᠬᠤ ᠱᠤᠭᠤᠮ ᠤᠨ ᠬᠠᠮᠤᠭ ᠡᠴᠦᠰ ᠤᠨ ᠡᠵᠡᠮᠳᠡᠬᠦ ᠢᠨᠵᠧᠨᠧᠷᠢᠩ ᠤᠨ ᠭᠤᠣᠯ ᠴᠣᠭᠴᠠ ᠶᠢ ᠳᠠᠭᠤᠰᠬᠠᠵᠤ᠂ ᠲᠦᠷᠦᠯ ᠵᠦᠢᠯ ᠢ 11 ᠳ᠋ᠦ᠋ᠭᠡᠷ ᠰᠠᠷ᠎ᠠ ᠶᠢᠨ ᠰᠡᠭᠦᠯᠴᠢ ᠪᠠᠷ ᠪᠠᠷᠢᠯᠭ᠎ᠠ ᠲᠤᠰᠢᠶᠠᠬᠤ ᠪᠠᠷ ᠲᠥᠯᠥᠪᠯᠡᠵᠦ ᠪᠠᠶᠢᠨ᠎ᠠ᠃
 
ᠢᠷᠡᠯᠲᠡ᠄ ᠦᠪᠦᠷ ᠮᠣᠩᠭᠤᠯ ᠤᠨ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠭᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号