ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠨᠠᠮ ᠤᠨ ᠤᠳᠤᠷᠢᠳᠬᠤ ᠳᠤᠭᠤᠶᠢᠯᠠᠩ ᠤᠨ ᠬᠤᠷᠠᠯ ᠵᠢᠴᠢ ᠵᠠᠮ ᠬᠠᠷᠢᠯᠴᠠᠭ᠎ᠠ ᠪᠠᠷ ᠣᠷᠣᠨ ᠢᠶᠠᠨ ᠬᠦᠴᠦᠷᠬᠡᠭᠵᠢᠭᠦᠯᠬᠦ ᠪᠥᠲᠥᠭᠡᠨ ᠪᠠᠶᠢᠭᠤᠯᠤᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠠᠯᠪᠠᠨ ᠬᠡᠷ ᠤᠨ 2025 ᠣᠨ ᠤ ᠨᠢᠭᠡᠳᠦᠭᠡᠷ ᠤᠳᠠᠭ᠎ᠠ ᠶᠢᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2025/4/21
    4 ᠳ᠋ᠤᠭᠠᠷ ᠰᠠᠷ᠎ᠠ ᠶᠢᠨ 18 ᠤ ᠡᠳᠦᠷ᠂ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠢᠩᠬᠢᠮ ᠤᠨ ᠳᠠᠷᠤᠭ᠎ᠠ ᠭᠤᠤ ᠱᠢ ᠴᠢᠨ 2025 ᠣᠨ ᠤ 17 ᠳ᠋ᠤᠭᠠᠷ ᠤᠳᠠᠭ᠎ᠠ ᠶᠢᠨ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ᠤᠨ ᠬᠤᠷᠠᠯ ᠢ ᠡᠷᠭᠢᠯᠡᠨ ᠬᠤᠷᠠᠯᠳᠤᠭᠤᠯᠵᠤ᠂ ᠶᠡᠷᠦᠩᠬᠡᠶ ᠱᠦᠵᠢ ᠰᠢ ᠶᠢᠨ ᠫᠢᠩ ᠤᠨ ︽ᠦᠨᠡᠨ︾ ᠰᠡᠳᠬᠦᠯ ᠳᠤ ᠨᠡᠶᠢᠲᠡᠯᠡᠭᠰᠡᠨ ᠴᠢᠬᠤᠯᠠ ᠵᠣᠬᠢᠶᠠᠯ ︽ᠰᠣᠶᠣᠯ ᠤᠨ ᠬᠦᠴᠦᠷᠬᠡᠭ ᠤᠯᠤᠰ ᠢ ᠲᠦᠷᠭᠡᠳᠬᠡᠨ ᠪᠥᠲᠥᠭᠡᠨ ᠪᠠᠶᠢᠭᠤᠯᠤᠶ᠎ᠠ︾᠂ ᠲᠥᠪ ᠤᠨ ᠬᠥᠷᠰᠢ ᠵᠡᠷᠭᠡᠯᠡᠳᠡᠭᠡ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ᠂ ᠲᠥᠪ ᠤᠨ ᠠᠷᠪᠠᠳᠤᠭᠠᠷ ᠲᠣᠭᠤᠷᠢᠨ ᠪᠠᠶᠢᠴᠠᠭᠠᠬᠤ ᠳᠤᠭᠤᠶᠢᠯᠠᠩ ᠤᠨ ᠥᠪᠥᠷ ᠮᠣᠩᠭᠤᠯ ᠳᠤ ᠲᠣᠭᠤᠷᠢᠨ ᠪᠠᠶᠢᠴᠠᠭᠠᠭᠰᠠᠨ ᠬᠤᠯᠪᠣᠭᠳᠠᠯ ᠪᠥᠬᠦᠶ ᠵᠠᠷᠯᠠᠯ ᠵᠢᠴᠢ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠥᠬᠦᠶ ᠱᠠᠭᠠᠷᠳᠠᠯᠭ᠎ᠠ ᠶᠢ ᠤᠯᠠᠮᠵᠢᠯᠠᠨ ᠰᠤᠷᠤᠯᠴᠠᠵᠤ᠂ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠲᠣᠬᠢᠷᠠᠭᠤᠯᠤᠨ ᠪᠠᠶᠢᠷᠢᠯᠠᠭᠤᠯᠪᠠ᠃     ᠬᠤᠷᠠᠯ ᠠᠴᠠ᠂ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ᠂ ᠴᠢᠬᠤᠯᠠ ᠵᠣᠬᠢᠶᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ ᠰᠤᠷᠤᠯᠴᠠᠨ ᠣᠶᠢᠯᠠᠭᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ  ᠶᠢᠨ ᠤᠬᠠᠮᠰᠠᠷ ᠤᠨ ᠠᠵᠢᠯ ᠤᠨ ᠭᠤᠣᠯ ᠰᠢᠵᠢᠮ ᠢ ᠭᠦᠨᠵᠡᠭᠡᠢ ᠲᠤᠭᠤᠰᠢᠯᠠᠭᠤᠯᠤᠨ ᠪᠠᠲᠤ ᠴᠣᠭᠴᠠᠯᠠᠵᠤ᠂ ᠤᠮᠠᠷᠠᠲᠤ ᠬᠢᠯᠢ ᠶᠢᠨ ᠰᠣᠶᠣᠯ ᠤᠨ ᠪᠠᠶᠢᠭᠤᠯᠤᠯᠲᠠ ᠪᠠᠷ ᠶᠡᠷᠦᠩᠬᠡᠢ ᠭᠠᠷᠳᠠᠴᠠ ᠪᠣᠯᠭᠠᠵᠤ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠠᠵᠢᠯ ᠲᠦᠷᠦᠯ ᠤᠨ ᠳᠠᠪᠠᠭᠤᠯᠢᠭ ᠢ ᠪᠠᠳᠠᠷᠠᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ  ᠶᠢᠨ ᠤᠬᠠᠮᠰᠠᠷ ᠢ ᠨᠢᠳᠦᠨ ᠳᠤ ᠦᠵᠡᠭᠳᠡᠮ᠎ᠡ᠂ ᠰᠡᠳᠭᠢᠯ ᠳᠤ ᠰᠠᠭᠤᠭᠳᠠᠮ᠎ᠠ᠂ ᠭᠠᠷ ᠲᠤ ᠪᠠᠷᠢᠭᠳᠠᠮ᠎ᠠ ᠪᠠᠲᠤ ᠴᠣᠭᠴᠠᠯᠠᠬᠤ ᠬᠡᠷᠡᠭᠲᠡᠢ᠃ ᠲᠥᠪ ᠤᠨ ᠰᠢᠶᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠪᠠ ᠥᠪᠡᠷᠲᠡᠭᠡᠨ ᠵᠠᠰᠠᠬᠤ ᠣᠷᠣᠨ ᠤ ᠠᠵᠢᠯ ᠤᠨ ᠱᠠᠭᠠᠷᠳᠠᠯᠭ᠎ᠠ ᠶᠣᠰᠣ ᠪᠠᠷ᠂ ᠮᠠᠨ ᠤ ᠤᠯᠤᠰ ᠤᠨ ᠤᠮᠠᠷᠠᠰᠢ ᠨᠡᠭᠡᠭᠡᠯᠲᠡ ᠬᠢᠬᠦ ᠴᠢᠬᠤᠯᠠ ᠪᠠᠬᠢᠯᠡᠯᠲᠡ ᠶᠢᠨ ᠪᠠᠶᠢᠯᠳᠤᠬᠤ ᠪᠣᠳᠣᠯᠭ᠎ᠠ ᠶᠢᠨ ᠪᠠᠶᠢᠷᠢ ᠲᠣᠭᠲᠠᠭᠠᠯᠲᠠ ᠶᠢ ᠭᠦᠨᠵᠡᠭᠡᠶ ᠡᠵᠡᠮᠳᠡᠵᠦ᠂ ᠣᠷᠣᠰ ᠮᠣᠩᠭᠤᠯ  ᠯᠤᠭ᠎ᠠ ᠶᠢᠨ ᠰᠠᠭᠤᠷᠢ ᠲᠦᠭᠦᠭᠡᠷᠤᠮᠵᠢ ᠪᠠ ᠳᠦᠷᠢᠮ ᠲᠣᠭᠲᠠᠭᠠᠯ ᠤᠨ ᠬᠠᠷᠢᠯᠴᠠᠨ ᠬᠤᠯᠪᠣᠭᠠᠯᠠᠵᠤ ᠬᠠᠷᠢᠯᠴᠠᠨ ᠨᠡᠪᠲᠡᠷᠡᠯᠴᠡᠬᠦ ᠶᠢ ᠭᠦᠨᠵᠡᠭᠡᠶᠢᠷᠡᠭᠦᠯᠦᠨ᠂ ᠬᠢᠯᠢ ᠠᠯᠤᠰᠯᠠᠭᠰᠠᠨ ᠲᠡᠮᠦᠷ ᠵᠠᠮ ᠪᠠ ᠬᠢᠯᠢ ᠳᠠᠭᠠᠤ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠤᠮᠠᠷᠠᠰᠢ ᠨᠡᠭᠡᠭᠡᠯᠲᠡ ᠬᠢᠬᠦ ᠳᠤ ᠦᠢᠯᠡᠴᠢᠯᠡᠬᠦ ᠬᠡᠷᠡᠭᠲᠡᠶ ᠭᠡᠵᠦ ᠵᠢᠭᠠᠵᠤ ᠭᠠᠷᠭᠠᠪᠠ᠃    ᠬᠤᠷᠠᠯ ᠠᠴᠠ᠂ ᠶᠡᠷᠦᠩᠬᠡᠶ ᠱᠦᠵᠢ ᠰᠢ ᠶᠢᠨ ᠫᠢᠩ ᠤᠨ ᠲᠣᠭᠤᠷᠢᠨ ᠪᠠᠶᠢᠴᠠᠭᠠᠬᠤ ᠠᠵᠢᠯ ᠤᠨ ᠲᠤᠬᠠᠶ ᠴᠢᠬᠤᠯᠠ ᠥᠭᠦᠯᠡᠯᠲᠡ ᠶᠢ ᠭᠦᠨᠵᠡᠭᠡᠶ ᠣᠶᠢᠯᠠᠭᠠᠵᠤ᠂ ᠲᠣᠭᠤᠷᠢᠨ ᠪᠠᠶᠢᠴᠠᠭᠠᠬᠤ ᠠᠵᠢᠯ ᠤᠨ ᠲᠤᠬᠠᠶ ᠨᠠᠮ ᠤᠨ ᠲᠥᠪ ᠬᠤᠷᠢᠶᠠᠨ  ᠤ ᠬᠤᠯᠪᠣᠭᠳᠠᠯ ᠪᠥᠬᠦᠶ ᠱᠠᠭᠠᠷᠳᠠᠯᠭ᠎ᠠ ᠪᠣᠯᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠪᠠᠶᠢᠷᠢᠯᠠᠭᠤᠯᠤᠯᠲᠠ ᠲᠣᠬᠢᠷᠠᠭᠤᠯᠤᠯᠲᠠ ᠶᠢ ᠡᠷᠡᠰ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠲᠥᠪ ᠤᠨ ᠲᠣᠭᠤᠷᠢᠨ ᠪᠠᠶᠢᠴᠠᠭᠠᠬᠤ ᠠᠵᠢᠯ ᠢ ᠪᠥᠬᠦ ᠬᠦᠴᠦᠨ ᠢᠶᠠᠷ ᠢᠶᠠᠨ ᠳᠡᠮᠵᠢᠨ ᠬᠠᠮᠵᠢᠯᠴᠠᠵᠤ᠂ ᠰᠠᠨᠠᠭᠠᠴᠢᠯᠠᠭ᠎ᠠ ᠠᠴᠠ ᠪᠠᠨ ᠬᠢᠨᠠᠯᠲᠠ ᠲᠠᠯᠪᠢᠬᠤ ᠳᠤ ᠬᠠᠮᠵᠢᠯᠴᠠᠵᠤ᠂ ᠶᠡᠷᠦᠩᠬᠡᠶ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠶ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠪᠣᠯᠤᠨ ᠨᠠᠮ ᠤᠨ ᠲᠥᠪ ᠬᠤᠷᠢᠶᠠᠨ ᠤ ᠴᠢᠬᠤᠯᠠ ᠶᠡᠭᠡ ᠰᠢᠶᠳᠪᠦᠷᠢᠲᠦ ᠪᠣᠳᠣᠯᠭ᠎ᠠ ᠪᠠᠶᠢᠷᠢᠯᠠᠭᠤᠯᠤᠯᠲᠠ ᠶᠢ ᠪᠣᠳᠠᠲᠠᠶ ᠳᠤ ᠨᠠᠶᠢᠳᠠᠪᠤᠷᠢᠵᠢᠭᠤᠯᠬᠤ ᠶᠢ ᠠᠬᠢᠭᠤᠯᠬᠤ ᠬᠡᠷᠡᠭᠲᠡᠶ᠃ ᠲᠣᠭᠤᠷᠢᠨ ᠪᠠᠶᠢᠴᠠᠭᠠᠵᠤ ᠬᠢᠨᠠᠯᠲᠠ ᠲᠠᠯᠪᠢᠬᠤ ᠶᠢ ᠬᠦᠯᠢᠶᠡᠬᠦ ᠶᠢ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ ᠢ ᠥᠷᠨᠢᠭᠦᠯᠬᠦ ᠲᠠᠢ ᠤᠶᠠᠯᠳᠤᠭᠤᠯᠵᠤ᠂ ᠥᠭᠡᠷᠡᠴᠢᠯᠡᠯᠲᠡ ᠶᠢ ᠤᠯᠠᠮ ᠴᠢᠨᠠᠭᠰᠢᠳᠠ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠲᠠᠢ ᠤᠶᠠᠯᠳᠤᠭᠤᠯᠵᠤ᠂ ᠬᠠᠷᠠᠯᠲᠠ ᠪᠠᠷ ᠤᠳᠤᠷᠢᠳᠤᠮᠵᠢ ᠪᠣᠯᠭᠠᠬᠤ ᠪᠠ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ᠂ ᠰᠢᠨ᠎ᠡ ᠪᠠᠶᠢᠳᠠᠯ ᠰᠢᠨ᠎ᠡ ᠡᠭᠦᠷᠭᠡ ᠳᠤ ᠰᠠᠭᠤᠷᠢᠯᠠᠨ ᠠᠯᠳᠠᠭ᠎ᠠ ᠪᠤᠷᠤᠭᠤ ᠪᠠᠨ ᠵᠠᠯᠠᠷᠠᠭᠤᠯᠬᠤ᠂ ᠲᠣᠭᠲᠠᠴᠠ ᠪᠠᠨ ᠥᠭᠡᠷᠡᠴᠢᠯᠡᠬᠦ᠂ ᠪᠠᠶᠢᠷᠢᠰᠢᠭᠤᠯᠤᠯᠲᠠ ᠪᠠᠨ ᠥᠭᠡᠷᠡᠴᠢᠯᠡᠬᠦ᠂ ᠰᠤᠷᠲᠠᠯ ᠢᠶᠠᠨ ᠰᠠᠶᠢᠵᠢᠷᠠᠭᠤᠯᠬᠤ ᠶᠢ ᠨᠢᠭᠡ ᠴᠤᠭᠴᠠᠵᠢᠭᠤᠯᠤᠨ ᠠᠬᠢᠭᠤᠯᠵᠤ᠂ ᠰᠢᠰᠲ᠋ᠧᠮ ᠤᠨ ᠦᠵᠡᠯᠲᠡ ᠪᠠᠨ ᠴᠢᠩᠭᠠᠳᠬᠠᠵᠤ᠂ ᠥᠭᠡᠷᠡᠴᠢᠯᠡᠯᠲᠡ ᠶᠢᠨ ᠰᠡᠳᠬᠢᠬᠦᠢ ᠪᠠᠨ ᠴᠢᠩᠭᠠᠳᠬᠠᠵᠤ᠂ ᠥᠭᠡᠷᠡᠴᠢᠯᠡᠯᠲᠡ ᠶᠢᠨ ᠦᠷ᠎ᠡ ᠪᠦᠲᠦᠮᠵᠢ ᠪᠠᠨ ᠳᠡᠭᠡᠭᠰᠢᠯᠡᠭᠦᠯᠵᠦ᠂ ᠥᠭᠡᠷᠡᠴᠢᠯᠡᠯᠲᠡ ᠶᠢᠨ ᠦᠷ᠎ᠡ ᠪᠦᠲᠦᠭᠡᠯ ᠢ ᠪᠦᠷᠢᠯᠳᠦᠭᠦᠯᠬᠦ ᠬᠡᠷᠡᠭᠲᠡᠢ ᠭᠡᠵᠦ ᠴᠢᠬᠤᠯᠠᠴᠢᠯᠠᠪᠠ᠃     ᠬᠤᠷᠠᠯ ᠠᠴᠠ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭᠠᠨ ᠤ ᠬᠦᠴᠦᠷᠬᠡᠭ ᠤᠯᠤᠰ ᠢ ᠲᠦᠷᠭᠡᠳᠬᠡᠨ ᠪᠥᠲᠥᠭᠡᠨ ᠪᠠᠶᠢᠭᠤᠯᠬᠤ ᠶᠢ ᠠᠬᠢᠭᠤᠯᠬᠤ 2025 ᠣᠨ ᠤ ᠠᠵᠢᠯ ᠤᠨ ᠭᠤᠤᠯᠳᠠᠯᠭ᠎ᠠ︾  ᠶᠢ ᠰᠤᠳᠤᠯᠤᠨ ᠪᠠᠲᠤᠯᠠᠵᠤ᠂ ᠣᠳᠣᠬᠢᠴᠢᠯᠠᠭᠰᠠᠨ ᠶᠡᠷᠦᠩᠬᠡᠶᠢᠯᠡᠭᠰᠡᠨ ᠵᠠᠮ ᠬᠠᠷᠢᠯᠴᠠᠭᠠᠨ ᠤ ᠰᠠᠭᠤᠷᠢ ᠲᠥᠬᠦᠭᠡᠷᠦᠮᠵᠢ  ᠶᠢᠨ ᠪᠥᠲᠥᠭᠡᠨ ᠪᠠᠶᠢᠭᠤᠯᠤᠯᠲᠠ ᠵᠡᠷᠭᠡ ᠶᠢᠰᠦᠨ ᠵᠦᠶᠯ ᠤᠨ ᠠᠵᠢᠯᠯᠠᠭ᠎ᠠ ᠶᠢ ᠰᠠᠶᠢᠲᠤᠷ ᠥᠷᠨᠢᠭᠦᠯᠵᠦ᠂ ᠠᠵᠢᠯ ᠲᠥᠷᠥᠯ ᠤᠨ ᠴᠢᠨᠠᠷ ᠰᠠᠶᠢᠲᠠᠶ ᠬᠥᠭᠵᠢᠯᠲᠡ ᠶᠢ ᠯᠠᠪᠳᠠᠭᠤᠨ ᠪᠠᠲᠤᠲᠠᠶ ᠠᠬᠢᠭᠤᠯᠬᠤ ᠬᠡᠷᠡᠭᠲᠡᠶ᠃ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢᠨ ᠬᠠᠷᠠᠯᠲᠠ ᠡᠭᠦᠷᠭᠡ ᠶᠢ ᠪᠥᠬᠦ ᠲᠠᠯ᠎ᠠ ᠪᠠᠷ ᠪᠡᠶᠡᠯᠡᠭᠦᠯᠵᠦ᠂ ︽ᠠᠷᠪᠠᠨ ᠲᠠᠪᠤᠳᠤᠭᠠᠷ ᠲᠠᠪᠤᠨ ᠵᠢᠯ︾ ᠤᠨ ᠲᠥᠯᠥᠪᠵᠢᠭᠦᠯᠭᠡ ᠶᠢ ᠴᠢᠨᠠᠷ ᠰᠠᠶᠢᠲᠠᠶ ᠨᠠᠶᠢᠷᠠᠭᠤᠯᠤᠨ ᠵᠣᠬᠢᠶᠠᠵᠤ᠂ ᠵᠠᠮ ᠬᠠᠷᠢᠯᠴᠠᠭᠠᠨ ᠤ ᠬᠦᠴᠦᠷᠬᠡᠭ ᠤᠯᠤᠰ ᠤᠨ ᠪᠥᠲᠥᠭᠡᠨ ᠪᠠᠶᠢᠭᠤᠯᠤᠯᠲᠠ ᠶᠢᠨ ᠲᠤᠷᠰᠢᠯᠲᠠ ᠶᠢᠨ ᠴᠡᠭ ᠤᠨ ᠪᠥᠲᠥᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠪᠥᠬᠦ ᠲᠠᠯ᠎ᠠ ᠪᠠᠷ ᠰᠢᠪᠲᠤᠯᠤᠯᠲᠠ ᠭᠠᠷᠭᠠᠬᠤ ᠪᠠᠷ ᠴᠢᠷᠮᠠᠶᠢᠵᠤ᠂ ᠲᠣᠭᠲᠠᠭᠰᠠᠨ ᠬᠤᠭᠤᠴᠠᠭᠠᠨ ᠳᠤ ᠰᠢᠯᠭᠠᠨ ᠠᠪᠬᠤ ᠶᠢ ᠦᠨᠡᠨ ᠬᠦ ᠪᠠᠲᠤᠯᠠᠵᠤ᠂ ᠰᠢᠷᠢᠰ ᠦᠷ᠎ᠡ ᠪᠦᠲᠦᠭᠡᠯ ᠢ ᠪᠦᠷᠢᠯᠳᠦᠭᠦᠯᠬᠦ ᠬᠡᠷᠡᠭᠲᠡᠶ᠃ ᠵᠠᠮ ᠬᠠᠷᠢᠯᠴᠠᠭᠠᠨ ᠤ ᠬᠦᠴᠦᠷᠬᠡᠭ ᠤᠯᠤᠰ ᠢ ᠲᠦᠷᠭᠡᠳᠬᠡᠨ ᠪᠥᠲᠥᠭᠡᠨ ᠪᠠᠶᠢᠭᠤᠯᠬᠤ ᠠᠵᠢᠯ ᠢ ᠯᠠᠪᠳᠠᠭᠤᠨ ᠪᠠᠲᠤᠲᠠᠶ ᠰᠠᠶᠢᠲᠤᠷ ᠬᠢᠵᠦ᠂ ᠠᠵᠢᠯ ᠤᠨ ᠲᠣᠭᠲᠠᠴᠠ ᠶᠢ ᠲᠠᠰᠤᠷᠠᠯᠲᠠ ᠥᠬᠡᠶ ᠪᠦᠷᠢᠨᠰᠢᠭᠦᠯᠵᠦ᠂ ᠣᠨᠣᠯ ᠤᠨ ᠰᠤᠳᠤᠯᠭᠠᠨ᠂ ᠲᠥᠯᠥᠪᠵᠢᠭᠦᠯᠭᠡ ᠲᠥᠷᠥ ᠶᠢᠨ ᠪᠣᠳᠣᠯᠭ᠎ᠠ᠂ ᠰᠢᠯᠭᠠᠨ ᠬᠢᠨᠠᠵᠤ ᠦᠨᠡᠯᠡᠬᠦ᠂ ᠬᠢᠨᠠᠯᠲᠠ ᠲᠠᠯᠪᠢᠵᠤ ᠪᠠᠶᠢᠴᠠᠭᠠᠬᠤ ᠵᠡᠷᠭᠡ ᠰᠢᠰᠲ᠋ᠧᠮ ᠢ ᠲᠡᠭᠦᠯᠳᠡᠷᠵᠢᠭᠦᠯᠬᠦ ᠬᠡᠷᠡᠭᠲᠡᠶ ᠭᠡᠵᠦ ᠱᠠᠭᠠᠷᠳᠠᠪᠠ᠃      ᠬᠤᠷᠠᠯ ᠠᠴᠠ ᠪᠠᠰᠠ ᠪᠤᠰᠤᠳ ᠵᠦᠢᠯ ᠢ ᠰᠤᠳᠤᠯᠵᠠᠢ᠃
 
ᠢᠷᠡᠯᠲᠡ᠄ ᠦᠪᠦᠷ ᠮᠣᠩᠭᠤᠯ ᠤᠨ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠭᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号