ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠪᠦᠳᠠᠫᠧᠰᠲ᠎ᠲᠤ ᠬᠦᠷᠴᠦ ᠬᠠᠩᠭ᠋ᠠᠷᠢ᠎ᠳᠠᠬᠢ ᠲᠦᠷᠦ ᠵᠢᠨ ᠶᠠᠪᠤᠳᠠᠯ᠎ᠤᠨ ᠠᠶ᠋ᠢᠯᠴᠢᠯᠠᠯᠲᠠ᠎ᠪᠠᠨ ᠡᠬᠢᠯᠡᠭᠦᠯᠪᠡ
ᠨᠡᠶ᠋ᠢᠲᠡᠯᠡᠭᠰᠡᠨ ᠴᠠᠭ᠄ 2024-05-13

      ᠰᠢᠨᠬᠤᠸᠠ ᠬᠤᠷᠢᠶ᠎ᠠ ᠵᠢᠨ ᠪᠦᠳᠠᠫᠧᠰᠲ᠎ᠤᠨ 5 ᠰᠠᠷ᠎ᠠ ᠵᠢᠨ 9᠎ᠤ ᠴᠠᠭᠢᠯᠭ᠋ᠠᠨ ᠮᠡᠳᠡᠭᠡ  ᠲᠤᠬᠠᠢ ᠵᠢᠨ ᠭᠠᠵᠠᠷ᠎ᠤᠨ ᠴᠠᠭ ᠵᠶ᠋ᠠᠷ 5 ᠰᠠᠷ᠎ᠠ ᠵᠢᠨ 8᠎ᠤ ᠣᠷᠣᠢ᠂ ᠤᠯᠤᠰ᠎ᠤᠨ ᠲᠡᠷᠢᠭᠦᠯᠡᠭᠴᠢ ᠰᠢ ᠵᠢᠨ ᠫᠢᠩ ᠬᠠᠩᠭ᠋ᠠᠷᠢ ᠵᠢᠨ ᠶᠡᠷᠦᠩᠬᠡᠶ᠋ᠢᠯᠡᠭᠴᠢ ᠱᠦᠶᠦ᠋ᠺ ᠪᠣᠯᠣᠨ ᠶᠡᠷᠦᠩᠬᠡᠢ ᠰᠠᠶ᠋ᠢᠳ ᠡᠸᠦ᠋ᠷᠪᠠᠨ᠎ᠤ ᠤᠷᠢᠯᠭ᠎ᠠ᠎ᠪᠠᠷ ᠬᠠᠩᠭ᠋ᠠᠷᠢ᠎ᠳᠤ ᠲᠦᠷᠦ ᠵᠢᠨ ᠶᠠᠪᠤᠳᠠᠯ᠎ᠤᠨ ᠠᠶ᠋ᠢᠯᠴᠢᠯᠠᠯᠲᠠ ᠬᠢᠬᠦ᠎ᠪᠠᠷ ᠲᠤᠰᠬᠠᠢ ᠨᠢᠰᠬᠡᠯ ᠵᠶ᠋ᠠᠷ ᠪᠦᠳᠠᠫᠧᠰᠲ᠎ᠲᠤ ᠭᠦᠷᠪᠡ᠃
      ᠰᠢ ᠵᠢᠨ ᠫᠢᠩ᠎ᠤᠨ ᠰᠠᠭᠤᠭᠰᠠᠨ ᠲᠤᠰᠬᠠᠢ ᠨᠢᠰᠬᠡᠯ ᠬᠠᠩᠭ᠋ᠠᠷᠢ ᠵᠢᠨ ᠬᠠᠷᠢᠶ᠎ᠠ ᠠᠭ᠋ᠠᠷ᠎ᠲᠤ ᠣᠷᠣᠭᠰᠠᠨ᠎ᠤ ᠳᠠᠷᠠᠭ᠎ᠠ᠂ ᠬᠠᠩᠭ᠋ᠠᠷᠢ ᠵᠢᠨ ᠠᠭ᠋ᠠᠷ᠎ᠤᠨ ᠴᠡᠷᠢᠭ᠎ᠤᠨ ᠬᠤᠶᠠᠷ ᠪᠠᠶ᠋ᠢᠯᠳᠤᠭ᠋ᠠᠨ᠎ᠤ ᠨᠢᠰᠬᠡᠯ ᠠᠶᠠᠯᠠᠯ ᠬᠠᠮᠠᠭ᠋ᠠᠯᠠᠪᠠ᠃
      ᠰᠢ ᠵᠢᠨ ᠫᠢᠩ᠎ᠤᠨ ᠰᠠᠭᠤᠭᠰᠠᠨ ᠲᠤᠰᠬᠠᠢ ᠨᠢᠰᠬᠡᠯ ᠪᠦᠳᠠᠫᠧᠰᠲ᠎ᠤᠨ ᠤᠯᠠᠨ ᠤᠯᠤᠰ᠎ᠤᠨ ᠨᠢᠰᠬᠡᠯ᠎ᠤᠨ ᠪᠠᠭᠤᠳᠠᠯ᠎ᠳᠤ ᠬᠦᠷᠬᠦ᠎ᠳᠤ᠂ ᠬᠠᠩᠭ᠋ᠠᠷᠢ ᠵᠢᠨ ᠶᠡᠷᠦᠩᠬᠡᠢ ᠰᠠᠶ᠋ᠢᠳ ᠡᠸᠦ᠋ᠷᠪᠠᠨ ᠬᠠᠳᠤᠨ᠎ᠲᠠᠢ᠎ᠪᠠᠨ᠂ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠶ᠋ᠢᠳ ᠰᠢᠶᠠᠯᠳᠤ᠋ ᠵᠡᠷᠭᠡ ᠵᠠᠰᠠᠭ᠎ᠤᠨ ᠣᠷᠳᠣᠨ᠎ᠤ ᠳᠡᠭᠡᠳᠦ ᠵᠡᠷᠭᠡ ᠵᠢᠨ ᠠᠯᠪᠠᠨ ᠲᠤᠰᠢᠶᠠᠯᠲᠠᠨ ᠬᠠᠯᠠᠭᠤᠨ ᠵᠶ᠋ᠠᠷ ᠤᠭᠲᠤᠪᠠ᠃ ᠬᠤᠶᠠᠷ ᠤᠯᠤᠰ᠎ᠤᠨ ᠤᠳᠤᠷᠢᠳᠬᠤ ᠬᠥᠮᠥᠨ ᠬᠠᠳᠤᠨ ᠵᠶ᠋ᠠᠨ ᠳᠠᠭ᠋ᠠᠭᠤᠯᠤᠨ ᠬᠠᠷᠢᠯᠴᠠᠨ ᠳᠣᠲᠣᠨᠣ᠎ᠪᠠᠷ ᠭᠠᠷ ᠠᠳᠬᠤᠨ ᠮᠡᠨᠳᠦᠴᠢᠯᠡᠵᠦ᠂ ᠶᠡᠷᠦᠩᠬᠡᠢ ᠰᠠᠶ᠋ᠢᠳ ᠡᠸᠦ᠋ᠷᠪᠠᠨ ᠫᠧᠩ ᠯᠢ ᠶᠤᠸᠠᠨ ᠫᠷᠤᠹᠧᠰᠰᠤᠷ᠎ᠲᠤ ᠰᠣᠷᠭᠤᠭ ᠴᠡᠴᠡᠭ ᠬᠦᠷᠭᠡᠪᠡ᠃ ᠶᠣᠰᠣᠯᠠᠯ᠎ᠤᠨ ᠴᠡᠷᠢᠭ ᠤᠯᠠᠭ᠋ᠠᠨ ᠬᠡᠪᠢᠰ᠎ᠤᠨ ᠬᠤᠶᠠᠷ ᠬᠠᠵᠠᠭᠤ᠎ᠪᠠᠷ ᠮᠥᠷᠯᠡᠨ ᠶᠣᠰᠣᠯᠠᠪᠠ᠃ ᠦᠨᠳᠦᠰᠦᠲᠡᠨ᠎ᠤ ᠬᠤᠪᠴᠠᠰᠤ ᠵᠠᠰᠠᠯ ᠵᠶ᠋ᠠᠷ ᠵᠶ᠋ᠠᠨ ᠭᠤᠶᠣᠯᠠᠭᠰᠠᠨ ᠬᠠᠩᠭ᠋ᠠᠷᠢ ᠵᠢᠨ ᠬᠤᠶᠠᠷ ᠬᠡᠦᠬᠡᠳ ᠲᠡᠷᠢᠭᠦᠯᠡᠭᠴᠢ ᠰᠢ ᠵᠢᠨ ᠫᠢᠩ ᠪᠣᠯᠣᠨ ᠫᠧᠩ ᠯᠢ ᠶᠤᠸᠠᠨ᠎ᠳᠤ ᠲᠠᠯᠬ᠎ᠠ ᠪᠣᠯᠣᠨ ᠳᠠᠪᠤᠰᠤ ᠬᠦᠷᠭᠡᠵᠦ᠂ ᠤᠯᠠᠮᠵᠢᠯᠠᠯᠲᠤ ᠶᠣᠰᠣᠯᠠᠯ ᠵᠶ᠋ᠠᠷ ᠬᠠᠮᠤᠭ᠎ᠤᠨ ᠡᠷᠬᠢᠮ ᠬᠦᠨᠳᠦᠲᠦ ᠵᠣᠴᠢᠨ ᠵᠶ᠋ᠠᠨ           ᠤᠭᠲᠤᠪᠠ᠃ ᠬᠠᠩᠭ᠋ᠠᠷᠢ ᠬᠢᠲᠠᠳ ᠬᠤᠣᠰ ᠬᠡᠯᠡᠨ᠎ᠤ ᠰᠤᠷᠭ᠋ᠠᠭᠤᠯᠢ ᠵᠢᠨ ᠰᠤᠷᠤᠬ᠍ᠴᠢᠳ ᠰᠢ ᠵᠢᠨ ᠫᠢᠩ ᠪᠣᠯᠣᠨ ᠲᠡᠭᠦᠨ᠎ᠤ ᠬᠠᠳᠤᠨ᠎ᠳᠤ ᠴᠡᠴᠡᠭ ᠬᠦᠷᠭᠡᠭᠰᠡᠨ ᠪᠥᠭᠡᠳ ᠬᠢᠲᠠᠳ ᠭᠡᠯᠡ᠎ᠪᠠᠷ᠄ 《ᠲᠠᠨ᠎ᠤ ᠬᠠᠩᠭ᠋ᠠᠷᠢ᠎ᠳᠤ ᠢᠷᠡᠭᠰᠡᠨ᠎ᠢ ᠪᠠᠶᠠᠷᠯᠠᠨ ᠤᠭᠲᠤᠵᠤ ᠪᠠᠶ᠋ᠢᠨ᠎ᠠ》 ᠭᠡᠵᠦ ᠬᠡᠯᠡᠪᠡ᠃ ᠪᠠᠭ᠋ᠠᠴᠤᠳ ᠬᠡᠦᠬᠡᠳ ᠦᠨᠳᠦᠰᠦᠲᠡᠨ᠎ᠤ ᠤᠯᠠᠮᠵᠢᠯᠠᠯᠲᠤ ᠪᠠᠶᠠᠷ ᠪᠠᠶᠠᠰᠬᠤᠯᠠᠩᠲᠤ ᠪᠥᠵᠢᠭ ᠴᠠᠷᠳᠠᠰᠢ ᠪᠥᠵᠢᠭ᠎ᠢ ᠪᠥᠵᠢᠭᠯᠡᠵᠦ᠂ ᠰᠢ ᠵᠢᠨ ᠫᠢᠩ᠎ᠢ ᠬᠠᠯᠠᠭᠤᠨ ᠵᠶ᠋ᠠᠷ ᠤᠭᠲᠤᠵᠤ ᠪᠠᠶ᠋ᠢᠬᠤ᠎ᠪᠠᠨ ᠢᠯᠡᠳᠬᠡᠪᠡ᠃
      ᠰᠢ ᠵᠢᠨ ᠫᠢᠩ ᠪᠢᠴᠢᠭ᠎ᠤᠨ ᠭᠡᠯᠪᠡᠷᠢ᠎ᠪᠠᠷ ᠶᠠᠷᠢᠶ᠎ᠠ ᠲᠠᠯᠪᠢᠪᠠ᠃ ᠰᠢ ᠵᠢᠨ ᠫᠢᠩ᠂ ᠶᠡᠷᠦᠩᠬᠡᠶ᠋ᠢᠯᠡᠭᠴᠢ ᠱᠦᠶᠦ᠋ᠺ ᠪᠣᠯᠣᠨ ᠶᠡᠷᠦᠩᠬᠡᠢ ᠰᠠᠶ᠋ᠢᠳ ᠡᠸᠦ᠋ᠷᠪᠠᠨ᠎ᠤ ᠬᠠᠯᠠᠭᠤᠨ ᠤᠷᠢᠯᠭ᠎ᠠ᠎ᠪᠠᠷ ᠦᠵᠡᠰᠬᠦᠯᠡᠩᠲᠦ ᠰᠠᠶ᠋ᠢᠬᠠᠨ ᠬᠠᠩᠭ᠋ᠠᠷᠢ᠎ᠳᠤ ᠲᠦᠷᠦ ᠵᠢᠨ ᠶᠠᠪᠤᠳᠠᠯ᠎ᠤᠨ ᠠᠶ᠋ᠢᠯᠴᠢᠯᠠᠯᠲᠠ ᠬᠢᠭᠰᠡᠨ᠎ᠳᠡᠭᠡᠨ ᠮᠠᠰᠢ ᠪᠠᠶᠠᠷ᠎ᠲᠠᠢ ᠪᠠᠶ᠋ᠢᠨ᠎ᠠ᠃ ᠳᠤᠮᠳᠠᠳᠤ ᠬᠠᠩᠭ᠋ᠠᠷᠢ ᠬᠤᠶᠠᠷ ᠤᠯᠤᠰ ᠪᠣᠯ ᠬᠠᠷᠢᠯᠴᠠᠨ ᠢᠲᠡᠭᠡᠭᠰᠡᠨ ᠰᠠᠶ᠋ᠢᠨ ᠨᠠᠶ᠋ᠢᠵᠠ᠂ ᠰᠠᠶ᠋ᠢᠨ ᠬᠠᠨᠢᠲᠠᠨ ᠶᠤᠮ᠃ ᠣᠶ᠋ᠢᠷ᠎ᠠ ᠵᠢᠨ ᠵᠢᠯ᠎ᠳᠤ᠂ ᠬᠤᠶᠠᠷ ᠲᠠᠯ᠎ᠠ ᠵᠢᠨ ᠳᠡᠭᠡᠳᠦ ᠳᠠᠪᠬᠤᠷᠭ᠎ᠠ ᠵᠢᠨ ᠶᠠᠪᠤᠯᠴᠠᠭ᠎ᠠ ᠨᠢᠭᠲᠠᠷᠠᠵᠤ᠂ ᠬᠠᠷᠢᠯᠴᠠᠨ ᠢᠲᠡᠭᠡᠬᠦ ᠲᠦᠪᠰᠢᠨ ᠲᠠᠰᠤᠷᠠᠯᠳᠠ ᠦᠭᠡᠢ ᠳᠡᠭᠡᠭᠰᠢᠯᠡᠵᠦ᠂ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠶ᠋ᠢᠭᠤᠯᠬᠤ ᠬᠠᠮᠲᠤᠷᠠᠯᠴᠠᠭ᠋ᠠᠨ᠎ᠤ ᠦᠷ᠎ᠡ ᠪᠦᠲᠦᠭᠡᠯ ᠡᠯᠪᠡᠭ ᠪᠠᠶᠠᠯᠢᠭ᠂ ᠰᠣᠶᠣᠯ ᠢᠷᠭᠡᠨᠰᠢᠯ᠎ᠤᠨ ᠰᠣᠯᠢᠯᠴᠠᠭ᠎ᠠ ᠪᠠᠶᠠᠯᠢᠭ ᠰᠠᠶ᠋ᠢᠬᠠᠨ ᠪᠣᠯᠵᠤ᠂ ᠳᠡᠯᠡᠬᠡᠢ ᠵᠢᠨ ᠪᠠ ᠭᠠᠵᠠᠷ ᠣᠷᠣᠨ᠎ᠤ ᠬᠡᠷᠡᠭ ᠶᠠᠪᠤᠳᠠᠯ ᠳᠤᠮᠳᠠ ᠨᠢᠭᠲᠠ ᠵᠣᠬᠢᠴᠠᠯᠳᠤᠨ ᠬᠠᠮᠵᠢᠯᠴᠠᠵᠤ᠂ ᠬᠠᠷᠢᠯᠴᠠᠨ ᠬᠦᠨᠳᠦᠳᠬᠡᠬᠦ᠂ ᠲᠥᠪ ᠭᠤᠣᠯᠴᠢ ᠰᠢᠳᠤᠷᠭᠤ ᠶᠣᠰᠣ ᠵᠢ ᠡᠷᠭᠢᠮᠯᠡᠭᠦ᠂ ᠬᠠᠮᠲᠤᠷᠠᠯᠴᠠᠵᠤ ᠬᠠᠮᠲᠤ᠎ᠪᠠᠷ ᠠᠰᠢᠭ ᠭᠦᠷᠳᠡᠭᠦ ᠰᠢᠨ᠎ᠡ ᠭᠡᠯᠪᠡᠷᠢ ᠵᠢᠨ ᠤᠯᠠᠨ ᠤᠯᠤᠰ᠎ᠤᠨ ᠬᠠᠷᠢᠯᠴᠠᠭ᠎ᠠ᠎ᠳᠤ ᠦᠯᠢᠭᠡᠷ ᠳᠠᠭᠤᠷᠢᠶᠠᠯ           ᠦᠵᠡᠭᠦᠯᠪᠡ᠃ ᠡᠨᠡ ᠵᠢᠯ ᠪᠣᠯ ᠳᠤᠮᠳᠠᠳᠤ ᠬᠠᠩᠭ᠋ᠠᠷᠢ ᠵᠢᠨ ᠬᠠᠷᠢᠯᠴᠠᠭ᠎ᠠ ᠪᠠᠶ᠋ᠢᠭᠤᠯᠤᠭᠰᠠᠨ 75 ᠵᠢᠯ᠎ᠤᠨ ᠤᠢ ᠮᠥᠨ᠂ ᠬᠤᠶᠠᠷ ᠤᠯᠤᠰ᠎ᠤᠨ ᠬᠠᠷᠢᠯᠴᠠᠭ᠋ᠠᠨ᠎ᠤ ᠬᠥᠭᠵᠢᠯᠲᠡ ᠴᠢᠬᠤᠯᠠ ᠠᠵᠠ ᠲᠣᠭᠢᠶᠠᠯ᠎ᠢ ᠤᠭᠲᠤᠨ ᠠᠪᠴᠢᠷᠠᠪᠠ᠃ ᠪᠢ ᠶᠡᠷᠦᠩᠬᠡᠶ᠋ᠢᠯᠡᠭᠴᠢ ᠱᠦᠶᠦ᠋ᠺ᠂ ᠶᠡᠷᠦᠩᠬᠡᠢ ᠰᠠᠶ᠋ᠢᠳ ᠡᠸᠦ᠋ᠷᠪᠠᠨ ᠵᠡᠷᠭᠡ ᠬᠠᠩᠭ᠋ᠠᠷᠢ ᠵᠢᠨ ᠤᠳᠤᠷᠢᠳᠬᠤ ᠬᠥᠮᠥᠰ᠎ᠲᠠᠢ ᠠᠭᠤᠯᠵᠠᠯᠲᠠ ᠬᠢᠵᠦ᠂ ᠬᠤᠶᠠᠷ ᠤᠯᠤᠰ᠎ᠤᠨ ᠬᠠᠮᠲᠤᠷᠠᠯᠴᠠᠭ᠎ᠠ ᠬᠥᠭᠵᠢᠯᠲᠡ ᠵᠢᠨ ᠰᠢᠨ᠎ᠡ ᠵᠢᠷᠤᠭ ᠲᠥᠰᠥᠪ᠎ᠢ ᠬᠠᠮᠲᠤ᠎ᠪᠠᠷ ᠲᠥᠯᠥᠪᠵᠢᠭᠦᠯᠵᠦ᠂ ᠳᠤᠮᠳᠠᠳᠤ ᠬᠠᠩᠭ᠋ᠠᠷᠢ ᠵᠢᠨ ᠬᠠᠷᠢᠯᠴᠠᠭ᠎ᠠ ᠵᠢ ᠨᠡᠩ ᠥᠨᠳᠥᠷ ᠲᠦᠪᠰᠢᠨ ᠲᠡᠶ᠋ᠢᠰᠢ ᠬᠥᠲᠥᠯᠥᠨ ᠳᠠᠭ᠋ᠠᠭᠤᠯᠬᠤ ᠵᠢ ᠬᠦᠰᠡᠵᠦ ᠪᠠᠶ᠋ᠢᠨ᠎ᠠ᠃ ᠳᠡᠯᠡᠬᠡᠢ ᠵᠢᠨ ᠪᠠᠶ᠋ᠢᠳᠠᠯ ᠶᠠᠭ᠋ᠠᠬᠢᠵᠤ ᠬᠤᠪᠢᠷᠠᠭᠰᠠᠨ ᠴᠤ᠌᠂ ᠳᠤᠮᠳᠠᠳᠤ ᠬᠠᠩᠭ᠋ᠠᠷᠢ ᠬᠤᠶᠠᠷ ᠤᠯᠤᠰ ᠯᠠᠪᠲᠠᠢ ᠥᠷᠭᠡᠨ ᠬᠠᠷᠠᠭ᠋ᠠᠰᠤ᠂ ᠠᠯᠤᠰ ᠭᠡᠳᠦ ᠵᠢᠨ ᠬᠠᠷᠠᠴᠠ᠎ᠪᠠᠷ ᠬᠤᠶᠠᠷ ᠲᠠᠯ᠎ᠠ ᠵᠢᠨ ᠬᠠᠷᠢᠯᠴᠠᠭ᠎ᠠ᠎ᠳᠤ ᠬᠠᠨᠳᠤᠵᠤ ᠲᠡᠭᠦᠨ᠎ᠢ ᠡᠵᠡᠮᠳᠡᠨ᠂ ᠣᠮᠤᠭ ᠪᠠᠳᠠᠷᠠᠩᠭᠤᠢ᠎ᠪᠠᠷ ᠡᠷᠡᠮᠡᠬᠡᠶ᠋ᠢᠯᠡᠨ ᠤᠷᠤᠭᠰᠢᠯᠠᠵᠤ᠂ ᠬᠥᠮᠥᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢ ᠭᠠᠷ ᠬᠤᠯᠪᠣᠨ ᠪᠠᠶ᠋ᠢᠭᠤᠯᠵᠤ᠂ ᠳᠡᠯᠡᠬᠡᠢ ᠵᠢᠨ ᠡᠩᠬᠡ ᠲᠠᠶ᠋ᠢᠪᠤᠩ ᠲᠣᠭᠲᠠᠭᠤᠨ ᠪᠠᠶ᠋ᠢᠳᠠᠯ ᠪᠣᠯᠣᠨ ᠬᠥᠭᠵᠢᠯ ᠴᠡᠴᠡᠭᠯᠡᠯ᠎ᠢ ᠠᠬᠢᠭᠤᠯᠬᠤ᠎ᠳᠤ ᠦᠵᠡᠭᠦᠯᠪᠡᠰᠦ ᠵᠣᠬᠢᠬᠤ ᠬᠤᠪᠢ ᠨᠡᠮᠡᠷᠢ᠎ᠪᠠᠨ ᠦᠵᠡᠭᠦᠯᠭᠦ ᠵᠢ ᠪᠢ ᠢᠲᠡᠭᠡᠵᠦ ᠪᠠᠶ᠋ᠢᠨ᠎ᠠ᠃ ᠬᠤᠶᠠᠷ ᠲᠠᠯ᠎ᠠ ᠵᠢᠨ ᠬᠠᠮᠲᠤ ᠵᠢᠨ ᠴᠢᠷᠮᠠᠶ᠋ᠢᠯᠭ᠎ᠠ᠎ᠪᠠᠷ᠂ ᠲᠤᠰ ᠤᠳᠠᠭ᠎ᠠ ᠵᠢᠨ ᠠᠶ᠋ᠢᠯᠴᠢᠯᠠᠯᠲᠠ ᠯᠠᠪᠲᠠᠢ ᠲᠡᠭᠦᠰ ᠠᠮᠵᠢᠯᠲᠠ ᠣᠯᠵᠤ᠂ ᠳᠤᠮᠳᠠᠳᠤ ᠬᠠᠩᠭ᠋ᠠᠷᠢ ᠵᠢᠨ ᠬᠠᠷᠢᠯᠴᠠᠭ᠎ᠠ ᠨᠡᠩ ᠰᠠᠶ᠋ᠢᠨ ᠰᠠᠶ᠋ᠢᠬᠠᠨ ᠢᠷᠡᠭᠡᠳᠦᠢ᠎ᠪᠠᠨ ᠤᠭᠲᠤᠬᠤ ᠵᠢ ᠠᠬᠢᠭᠤᠯᠬᠤ ᠵᠢ ᠢᠲᠡᠭᠡᠵᠦ ᠪᠠᠶ᠋ᠢᠨ᠎ᠠ ᠭᠡᠵᠦ ᠵᠢᠭ᠋ᠠᠵᠤ ᠭᠠᠷᠭ᠋ᠠᠪᠠ᠃
      ᠲᠡᠷᠢᠭᠦᠯᠡᠭᠴᠢ ᠰᠢ ᠵᠢᠨ ᠫᠢᠩ᠎ᠤᠨ ᠬᠠᠳᠤᠨ ᠫᠧᠩ ᠯᠢ ᠶᠤᠸᠠᠨ᠂ ᠨᠠᠮ᠎ᠤᠨ ᠲᠥᠪ ᠬᠤᠷᠢᠶ᠎ᠠ ᠵᠢᠨ ᠤᠯᠤᠰ ᠲᠦᠷᠦ ᠵᠢᠨ ᠲᠣᠪᠴᠢᠶ᠎ᠠ ᠵᠢᠨ ᠪᠠᠶ᠋ᠢᠩᠭᠤ ᠵᠢᠨ ᠭᠡᠰᠢᠭᠦᠨ᠂ ᠲᠥᠪ᠎ᠤᠨ ᠠᠯᠪᠠᠨ ᠲᠢᠩᠬᠢᠮ᠎ᠤᠨ ᠡᠷᠭᠢᠯᠡᠭᠴᠢ ᠼᠠᠢ ᠴᠢ᠂ ᠨᠠᠮ᠎ᠤᠨ ᠲᠥᠪ ᠬᠤᠷᠢᠶ᠎ᠠ ᠵᠢᠨ ᠤᠯᠤᠰ ᠲᠦᠷᠦ ᠵᠢᠨ ᠲᠣᠪᠴᠢᠶ᠎ᠠ ᠵᠢᠨ ᠭᠡᠰᠢᠭᠦᠨ᠂ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠶ᠋ᠢᠳ ᠸᠠᠩ ᠢ ᠵᠡᠷᠭᠡ ᠪᠠᠷ᠎ᠠ ᠪᠣᠯᠣᠭᠰᠠᠳ ᠨᠢᠰᠬᠡᠯ ᠵᠶ᠋ᠠᠷ ᠬᠠᠮᠲᠤ ᠭᠦᠷᠪᠡ᠃
      ᠬᠠᠩᠭ᠋ᠠᠷᠢ᠎ᠳᠤ ᠰᠠᠭᠤᠭ᠎ᠠ ᠳᠤᠮᠳᠠᠳᠤ ᠤᠯᠤᠰ᠎ᠤᠨ ᠡᠯᠴᠢᠨ ᠰᠠᠶ᠋ᠢᠳ ᠭᠦᠩ ᠲᠤᠤ ᠪᠠᠰᠠ ᠨᠢᠰᠬᠡᠯ᠎ᠤᠨ ᠪᠠᠭᠤᠳᠠᠯ᠎ᠳᠤ ᠬᠦᠷᠴᠦ ᠤᠭᠲᠤᠵᠠᠢ᠃
      ᠰᠢ ᠵᠢᠨ ᠫᠢᠩ ᠮᠠᠰᠢᠨ ᠲᠡᠷᠭᠡᠨ᠎ᠳᠤ ᠰᠠᠭᠤᠵᠤ ᠨᠢᠰᠬᠡᠯ᠎ᠤᠨ ᠪᠠᠭᠤᠳᠠᠯ᠎ᠠᠴᠠ ᠵᠣᠴᠢᠳ᠎ᠤᠨ ᠪᠠᠭᠤᠳᠠᠯ᠎ᠳᠤ ᠬᠦᠷᠬᠦ ᠵᠠᠮ ᠵᠠᠭᠤᠷ᠎ᠠ᠂ ᠲᠤᠬᠠᠢ ᠵᠢᠨ ᠭᠠᠵᠠᠷ᠎ᠤᠨ ᠬᠡᠳᠦᠨ ᠵᠠᠭᠤᠨ ᠳᠤᠮᠳᠠᠳᠤ ᠵᠢᠨ ᠬᠠᠷᠢᠶᠠᠲᠤ ᠪᠣᠯᠣᠨ ᠳᠤᠮᠳᠠᠳᠤ ᠤᠯᠤᠰ᠎ᠤᠨ ᠰᠤᠷᠤᠬ᠍ᠴᠢᠳ ᠵᠠᠮ᠎ᠤᠨ ᠬᠤᠶᠠᠷ ᠲᠠᠯ᠎ᠠ᠎ᠪᠠᠷ ᠴᠤᠭᠯᠠᠷᠠᠵᠤ᠂ ᠳᠤᠮᠳᠠᠳᠤ ᠬᠠᠩᠭ᠋ᠠᠷᠢ ᠬᠤᠶᠠᠷ ᠤᠯᠤᠰ᠎ᠤᠨ ᠤᠯᠤᠰ᠎ᠤᠨ ᠲᠤᠭ᠎ᠢ ᠬᠤᠷᠤᠶ᠋ᠢᠯᠠᠵᠤ᠂ 《ᠳᠤᠮᠳᠠᠳᠤ ᠬᠠᠩᠭ᠋ᠠᠷᠢ ᠵᠢᠨ ᠨᠥᠬᠦᠷᠯᠡᠯ ᠥᠨᠢ ᠮᠥᠩᠬᠡ》᠂ 《ᠲᠡᠷᠢᠭᠦᠯᠡᠭᠴᠢ ᠰᠢ ᠵᠢᠨ ᠫᠢᠩ᠎ᠤᠨ ᠬᠠᠩᠭ᠋ᠠᠷᠢ᠎ᠳᠤ ᠠᠶ᠋ᠢᠯᠴᠢᠯᠠᠬᠰᠠᠨ᠎ᠢ ᠪᠠᠶᠠᠷᠯᠠᠨ ᠤᠭᠲᠤᠶ᠎ᠠ》 ᠵᠡᠷᠭᠡ ᠬᠥᠨᠳᠡᠯᠡᠨ ᠪᠢᠴᠢᠭᠡᠰᠦ ᠵᠢ ᠡᠷᠭᠦᠵᠦ᠂ ᠲᠡᠷᠢᠭᠦᠯᠡᠭᠴᠢ ᠰᠢ ᠵᠢᠨ ᠫᠢᠩ᠎ᠤᠨ ᠠᠶ᠋ᠢᠯᠴᠢᠯᠠᠷ᠎ᠠ ᠢᠷᠡᠭᠰᠡᠨ᠎ᠢ ᠬᠠᠯᠠᠭᠤᠨ ᠵᠶ᠋ᠠᠷ ᠤᠭᠲᠤᠪᠠ᠃



ᠢᠷᠡᠯᠲᠡ᠄ ᠥᠪᠥᠷ ᠮᠣᠩᠭᠤᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠰᠢ ᠵᠢᠨ ᠫᠢᠩ ᠰᠤᠷᠭ᠋ᠠᠭᠤᠯᠢ ᠵᠢᠨ ᠦᠵᠡᠯ ᠰᠠᠨᠠᠭ᠎ᠠ ᠤᠯᠤᠰ ᠲᠥᠷᠥ ᠵᠢᠨ ᠬᠢᠴᠢᠶᠡᠯ᠎ᠤᠨ ᠪᠠᠶ᠋ᠢᠭᠤᠯᠤᠯᠲᠠ᠎ᠳᠤ ᠴᠢᠬᠤᠯᠠ ᠵᠢᠭ᠋ᠠᠪᠤᠷᠢ ᠥᠭᠴᠦ ᠴᠢᠬᠤᠯᠠᠴᠢᠯᠠᠭᠰᠠᠨ᠎ᠨᠢ ᠰᠢᠨ᠎ᠡ ᠴᠠᠭ ᠦᠶ᠎ᠡ ᠵᠢᠨ ᠦᠵᠡᠯ ᠰᠠᠨᠠᠭ᠎ᠠ ᠤᠯᠤᠰ ᠲᠥᠷᠥ ᠵᠢᠨ ᠰᠤᠷᠭ᠋ᠠᠨ ᠬᠥᠮᠦᠵᠢᠯ᠎ᠤᠨ ᠰᠢᠨ᠎ᠡ ᠪᠠᠶ᠋ᠢᠳᠠᠯ᠎ᠢ ᠲᠠᠰᠤᠷᠠᠯᠲᠠ ᠦᠭᠡᠢ ᠡᠭᠦᠳᠴᠦ ᠨᠠᠮ᠎ᠢ ᠰᠠᠨᠠᠭ᠎ᠠ ᠠᠮᠤᠷ ᠪᠠᠶ᠋ᠢᠯᠭ᠋ᠠᠬᠤ ᠤᠯᠤᠰ ᠵᠶ᠋ᠠᠨ ᠬᠠᠶ᠋ᠢᠷᠠᠯᠠᠵᠤ ᠬᠤᠪᠢ ᠨᠡᠮᠡᠷᠢ ᠦᠵᠡᠭᠦᠯᠭᠦ ᠦᠨᠳᠦᠰᠦᠲᠡᠨ ᠵᠶ᠋ᠠᠨ ᠰᠡᠷᠭᠦᠭᠡᠨ ᠮᠠᠨᠳᠤᠭᠤᠯᠬᠤ ᠬᠦᠨᠳᠦ ᠡᠭᠦᠷᠭᠡ ᠵᠢ ᠡᠭᠦᠷᠭᠡᠯᠡᠬᠦ ᠴᠠᠭ ᠦᠶ᠎ᠡ ᠵᠢᠨ ᠰᠢᠨ᠎ᠡ ᠬᠥᠮᠥᠨ᠎ᠢ ᠨᠠᠩ ᠣᠯᠠᠨ ᠴᠢᠷᠮᠠᠶ᠋ᠢᠨ ᠬᠥᠮᠥᠵᠢᠭᠦᠯᠬᠦ ᠬᠡᠷᠡᠭᠲᠡᠢ ᠳ᠋ᠢᠩ ᠰᠢᠤᠸᠠᠢ ᠰᠢᠶᠠᠩ ᠰᠢᠨ᠎ᠡ ᠴᠠᠭ ᠦᠶ᠎ᠡ ᠵᠢᠨ ᠰᠤᠷᠭ᠋ᠠᠭᠤᠯᠢ ᠵᠢᠨ ᠦᠵᠡᠯ ᠰᠠᠨᠠᠭ᠎ᠠ ᠤᠯᠤᠰ ᠲᠦᠷᠦ ᠵᠢᠨ ᠬᠢᠴᠢᠶᠡᠯ᠎ᠤᠨ ᠪᠠᠶ᠋ᠢᠭᠤᠯᠤᠯᠲᠠ ᠵᠢ ᠠᠬᠢᠭᠤᠯᠬᠤ ᠬᠤᠷᠠᠯ᠎ᠳᠤ ᠣᠷᠣᠯᠴᠠᠵᠤ ᠶᠠᠷᠢᠶ᠎ᠠ ᠲᠠᠯᠪᠢᠪᠠ
ᠰᠢ ᠵᠢᠨ ᠫᠢᠩ ᠪᠡᠭᠡᠵᠢᠩ ᠬᠤᠲᠠ ᠵᠢᠨ ᠪᠠ ᠳ᠋ᠠ ᠯᠢᠩ ᠳᠠᠪᠠᠭ᠎ᠠ ᠵᠢᠨ ᠤᠷᠲᠤ ᠴᠠᠭ᠋ᠠᠨ ᠬᠡᠷᠡᠮ᠎ᠤᠨ ᠬᠤᠷᠮᠣᠢ᠎ᠳᠠᠬᠢ ᠨᠤᠲᠤᠭ᠎ᠤᠨ ᠠᠬ᠎ᠠ ᠳᠡᠭᠦᠦ ᠨᠠᠷ᠎ᠲᠤ ᠬᠠᠷᠢᠭᠤ ᠵᠠᠬᠢᠳᠠᠯ ᠢᠯᠡᠭᠡᠵᠦ ᠵᠣᠷᠢᠭᠵᠢᠭᠤᠯᠤᠭᠰᠠᠨ᠎ᠨᠢ ᠨᠡᠩ ᠣᠯᠠᠨ ᠬᠥᠮᠥᠰ᠎ᠢ ᠳᠠᠶ᠋ᠢᠴᠢᠯᠠᠨ ᠤᠷᠲᠤ ᠴᠠᠭ᠋ᠠᠨ ᠬᠡᠷᠡᠮ᠎ᠢ ᠣᠶ᠋ᠢᠯᠠᠭ᠋ᠠᠭᠤᠯᠤᠨ ᠤᠷᠲᠤ ᠴᠠᠭ᠋ᠠᠨ ᠬᠡᠷᠡᠮ᠎ᠢ ᠬᠠᠮᠠᠭ᠋ᠠᠯᠠᠵᠤ ᠡᠪᠦᠭᠡ ᠳᠡᠭᠡᠳᠦᠰ᠎ᠤᠨ ᠦᠯᠡᠳᠡᠭᠡᠭᠰᠡᠨ ᠡᠨᠡ ᠬᠦ᠌ ᠬᠤᠪᠣᠷ ᠨᠠᠨᠳᠢᠨ ᠥᠪ ᠬᠥᠷᠥᠩᠭᠡ ᠵᠢ ᠦᠶ᠎ᠡ ᠵᠢᠨ ᠦᠶ᠎ᠡ᠎ᠳᠤ ᠤᠯᠠᠮᠵᠢᠯᠠᠬᠤ ᠬᠡᠷᠡᠭᠲᠡᠢ
《ᠦᠨᠡᠨ》 ᠰᠡᠳᠬᠦᠯ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠵᠣᠬᠢᠶᠠᠯ᠎ᠢ ᠨᠡᠶ᠋ᠢᠲᠡᠯᠡᠵᠦ ᠥᠭᠡᠷᠡᠴᠢᠯᠡᠯᠲᠡ ᠨᠡᠭᠡᠭᠡᠯᠲᠡ ᠵᠢ ᠪᠦᠭᠦ ᠲᠠᠯ᠎ᠠ᠎ᠪᠠᠷ ᠭᠦᠨᠵᠡᠭᠡᠶ᠋ᠢᠷᠡᠭᠦᠯᠵᠦ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠳᠤ ᠦᠷᠭᠦᠯᠵᠢᠯᠡᠨ ᠬᠦᠴᠦᠷᠬᠡᠭ ᠶᠡᠭᠡ ᠬᠥᠳᠡᠯᠭᠡᠬᠦ ᠬᠦᠴᠦᠨ ᠨᠡᠮᠡᠷᠢᠯᠡᠬᠦ ᠬᠡᠷᠡᠭᠲᠡᠢ
ᠰᠢ ᠵᠢᠨ ᠫᠢᠩ ᠣᠷᠣᠰ᠎ᠤᠨ ᠶᠡᠷᠦᠩᠬᠡᠶ᠋ᠢᠯᠡᠭᠴᠢ ᠫᠦᠲ᠋ᠢᠨ᠎ᠲᠠᠢ ᠬᠠᠮᠲᠤ᠎ᠪᠠᠷ ᠰᠤᠷᠪᠤᠯᠵᠢᠯᠠᠭᠴᠢᠳ᠎ᠲᠠᠢ ᠠᠭᠤᠯᠵᠠᠪᠠ
ᠰᠢ ᠵᠢᠨ ᠫᠢᠩ ᠵᠢᠭᠤᠯᠴᠢᠯᠠᠯ᠎ᠤᠨ ᠠᠵᠢᠯ᠎ᠳᠤ ᠴᠢᠬᠤᠯᠠ ᠵᠢᠭ᠋ᠠᠪᠤᠷᠢ ᠥᠭᠴᠦ ᠴᠢᠬᠤᠯᠠᠴᠢᠯᠠᠭᠰᠠᠨ᠎ᠨᠢ ᠤᠳᠤ ᠦᠶ᠎ᠡ ᠵᠢᠨ ᠵᠢᠭᠤᠯᠴᠢᠯᠠᠯ᠎ᠤᠨ ᠦᠢ᠍ᠯᠡᠰ᠎ᠤᠨ ᠰᠢᠰᠲ᠋ᠧᠮ᠎ᠢ ᠬᠦᠴᠦᠯᠡᠨ ᠲᠡᠭᠦᠯᠳᠡᠷᠵᠢᠭᠦᠯᠵᠦ ᠵᠢᠭᠤᠯᠴᠢᠯᠠᠯ᠎ᠤᠨ ᠬᠦᠴᠦᠷᠬᠡᠭ ᠤᠯᠤᠰ᠎ᠢ ᠲᠦᠷᠭᠡᠳᠬᠡᠨ ᠪᠦᠲᠦᠭᠡᠨ ᠪᠠᠶ᠋ᠢᠭᠤᠯᠵᠤ ᠵᠢᠭᠤᠯᠴᠢᠯᠠᠯ᠎ᠤᠨ ᠦᠢ᠍ᠯᠡᠰ᠎ᠤᠨ ᠴᠢᠨᠠᠷ ᠰᠠᠶ᠋ᠢᠲᠠᠢ ᠬᠥᠭᠵᠢᠯᠲᠡ ᠵᠢᠨ ᠯᠠᠪᠳᠠᠭᠤᠨ ᠵᠶ᠋ᠠᠷ ᠬᠤᠯᠠ ᠠᠶᠠᠯᠠᠬᠤ ᠵᠢ ᠠᠬᠢᠭᠤᠯᠬᠤ ᠬᠡᠷᠡᠭᠲᠡᠢ
 
             蒙ICP备05000248号