ᠠᠷᠪᠠᠨ ᠤᠯᠤᠰᠤᠨ ᠦᠨᠳᠦᠰᠦᠨ ᠬᠠᠤᠯᠢ ᠵᠢᠨ ᠡᠳᠦᠷᠢ ᠤᠭᠲᠤᠬᠤ ᠵᠢᠨ ᠲᠥᠯᠥᠭᠡ᠂ 12 ᠰᠠᠷ᠎ᠠ ᠵᠢᠨ 4ᠤ ᠡᠳᠦᠷᠤᠨ ᠦᠳᠡ ᠵᠢᠨ ᠡᠮᠦᠨ᠎ᠡ᠂ ᠰᠤᠷᠭ᠋ᠠᠨ ᠬᠥᠮᠦᠵᠢᠯᠤᠨ ᠶᠠᠮᠤᠨ 2025 ᠣᠨᠤ ᠤᠯᠤᠰᠤᠨ ᠦᠨᠳᠦᠰᠦᠨ ᠬᠠᠤᠯᠢ ᠵᠢᠨ ᠡᠳᠦᠷᠤᠨ 《ᠦᠨᠳᠦᠰᠦᠨ ᠬᠠᠤᠯᠢ ᠵᠢᠨ ᠥᠷᠯᠥᠭᠡ ᠵᠢᠨ ᠤᠩᠰᠢᠯᠭ᠎ᠠ》 ᠵᠢᠨ ᠠᠵᠢᠯᠯᠠᠭ᠎ᠠ ᠵᠢ ᠵᠣᠬᠢᠶᠠᠨ ᠪᠠᠶ᠋ᠢᠭᠤᠯᠤᠨ ᠥᠷᠨᠢᠭᠦᠯᠪᠡ᠃ ᠠᠵᠢᠯᠯᠠᠭ᠎ᠠᠨᠢ ᠪᠡᠭᠡᠵᠢᠩᠳᠤ ᠭᠤᠤᠯ ᠬᠤᠷᠠᠯᠤᠨ ᠲᠠᠯᠠᠪᠠᠶ ᠂ ᠥᠪᠥᠷ ᠮᠣᠩᠭᠤᠯᠤᠨ ᠥᠪᠡᠷᠲᠡᠭᠡᠨ ᠵᠠᠰᠠᠬᠤ ᠣᠷᠣᠨ ᠥᠪᠥᠷ ᠮᠣᠩᠭᠤᠯᠤᠨ ᠠᠵᠤ ᠦᠢ᠍ᠯᠡᠳᠪᠦᠷᠢ ᠵᠢᠨ ᠶᠡᠭᠡ ᠰᠤᠷᠭ᠋ᠠᠭᠤᠯᠢᠳᠤ ᠬᠤᠪᠢᠶᠠᠷᠢ ᠬᠤᠷᠠᠯᠤᠨ ᠲᠠᠯᠠᠪᠠᠶ ᠭᠠᠷᠭ᠋ᠠᠪᠠ᠃

ᠦᠳᠡ ᠵᠢᠨ ᠡᠮᠦᠨᠡᠬᠢ 10 ᠴᠠᠭᠲᠤ᠂ ᠥᠪᠥᠷ ᠮᠣᠩᠭᠤᠯᠤᠨ ᠥᠪᠡᠷᠲᠡᠭᠡᠨ ᠵᠠᠰᠠᠬᠤ ᠣᠷᠣᠨᠤ ᠬᠤᠪᠢᠶᠠᠷᠢ ᠬᠤᠷᠠᠯᠤᠨ ᠲᠠᠯᠠᠪᠠᠢ ᠸᠢᠳᠢᠤ᠋ᠪᠠᠷ ᠂ ᠭᠤᠤᠯ ᠬᠤᠷᠠᠯᠤᠨ ᠲᠠᠯᠠᠪᠠᠢᠲᠠᠢ ᠬᠠᠮᠲᠤᠪᠠᠷ 《ᠪᠦᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰᠤᠨ ᠦᠨᠳᠦᠰᠦᠨ ᠬᠠᠤᠯᠢ》 ᠬᠡᠰᠡᠭ ᠵᠦᠢ᠍ᠯ ᠵᠤᠷᠪᠤᠰᠢ ᠤᠩᠰᠢᠵᠤ᠂ ᠦᠨᠳᠦᠰᠦᠨ ᠬᠠᠤᠯᠢ ᠵᠢ ᠬᠠᠮᠲᠤ ᠰᠤᠷᠤᠯᠴᠠᠪᠠ᠃ ᠪᠥᠬᠦ ᠣᠷᠣᠨᠤ ᠶᠡᠭᠡ ᠪᠠᠭ᠎ᠠ ᠰᠤᠷᠭ᠋ᠠᠭᠤᠯᠢ ᠵᠢᠴᠢ ᠭᠠᠳᠠᠭ᠋ᠠᠳᠤ ᠬᠠᠮᠲᠤᠯᠢᠭ ᠬᠠᠤᠯᠢ ᠲᠦᠭᠡᠮᠡᠯᠵᠢᠭᠦᠯᠬᠦ ᠰᠦᠯᠵᠢᠶᠡᠪᠠᠷ ᠳᠠᠮᠵᠢᠭᠤᠯᠤᠨ ᠰᠦᠯᠵᠢᠶᠡᠨᠤ ᠰᠢᠭᠤᠳ ᠨᠡᠪᠲᠡᠷᠡᠭᠦᠯᠭᠡ ᠵᠢ ᠭᠥᠯᠢᠶᠡᠨ ᠠᠪᠴᠤ ᠂ ᠵᠡᠷᠭᠡᠪᠠᠷ ᠥᠷᠯᠥᠭᠡ ᠵᠢᠨ ᠤᠩᠰᠢᠯᠭ᠎ᠠ ᠬᠢᠵᠦ᠂ ᠬᠠᠮᠲᠤ ᠣᠷᠣᠯᠴᠠᠵᠠᠶ᠃


ᠰᠤᠷᠭ᠋ᠠᠨ ᠬᠥᠮᠦᠵᠢᠯᠤᠨ ᠶᠠᠮᠤᠨ《ᠦᠨᠳᠦᠰᠦᠨ ᠬᠠᠤᠯᠢ ᠵᠢ ᠰᠤᠷᠤᠯᠴᠠᠵᠤ ᠦᠨᠳᠦᠰᠦᠨ ᠬᠠᠤᠯᠢ ᠵᠢ ᠡᠷᠬᠢᠮᠯᠡᠬᠦ》 ᠰᠢᠷᠢᠰ ᠠᠵᠢᠯᠯᠠᠭ᠎ᠠ ᠵᠢ ᠵᠣᠬᠢᠶᠠᠨ ᠪᠠᠶ᠋ᠢᠭᠤᠯᠤᠨ ᠥᠷᠨᠢᠭᠦᠯᠦᠭᠰᠡᠨ 10 ᠵᠢᠯᠤᠨ ᠤᠢᠠᠴᠠ ᠂ ᠪᠥᠬᠦ ᠣᠷᠣᠨ 52 ᠶᠡᠭᠡ ᠪᠠᠭ᠎ᠠ ᠰᠤᠷᠭ᠋ᠠᠭᠤᠯᠢ 70 ᠭᠠᠷᠤᠶ ᠬᠥᠮᠦᠨ ᠡᠯ᠎ᠡ ᠱᠠᠲᠤᠨᠤ ᠡᠯ᠎ᠡ ᠲᠥᠷᠥᠯᠤᠨ ᠱᠠᠩᠨᠠᠯ ᠭᠥᠷᠳᠡᠵᠦ᠂ ᠪᠥᠬᠦ ᠣᠷᠣᠨᠤ ᠶᠡᠭᠡ ᠪᠠᠭ᠎ᠠ ᠰᠤᠷᠭ᠋ᠠᠭᠤᠯᠢ ᠵᠢᠨ ᠬᠠᠤᠯᠢ᠎ᠪᠠᠷ ᠵᠠᠰᠠᠬᠤ ᠤᠬᠠᠭᠤᠯᠭ᠎ᠠ ᠬᠥᠮᠦᠵᠢᠯᠤᠨ ᠠᠵᠢᠯᠯᠠᠭ᠎ᠠ ᠪᠦᠯᠦᠭ ᠰᠢᠯᠢᠳᠡᠭ ᠨᠡᠶ᠋ᠢᠲᠡᠯᠢᠭ ᠵᠢᠱ᠌ᠢᠶ᠎ᠡ ᠵᠢ ᠰᠣᠩᠭᠤᠨ ᠪᠣᠶ ᠪᠣᠯᠭ᠋ᠠᠪᠠ᠃