2025 ᠤᠨ᠎ᠤ 12 ᠰᠠᠷ᠎ᠠ᠎ᠶ᠋ᠢᠨ 30 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠪᠠᠢᠩᠭᠤ᠎ᠶ᠋ᠢᠨ ᠬᠤᠷᠠᠯ ᠬᠤᠷᠠᠯᠳᠤᠭᠤᠯᠵᠤ᠂ ᠶᠡᠷᠦᠩᠬᠡᠢ ᠱᠦᠵᠢ ᠰᠢ᠎ᠵᠢᠨ᠎ᠫᠢᠩ᠎ᠦᠨ ᠤᠢ᠍ᠢᠷ᠎ᠠ᠎ᠶ᠋ᠢᠨ ᠬᠤᠭᠤᠴᠠᠭᠠᠨ᠎ᠤ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠰᠤᠷᠤᠯᠴᠠᠨ ᠲᠤᠭᠤᠱᠢᠯᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶᠢᠨ ᠠᠷᠪᠠᠨ ᠨᠢᠭᠡᠳᠦᠭᠡᠷ ᠬᠤᠭᠤᠴᠠᠭᠠᠨ᠎ᠤ ᠠᠷᠪᠠᠨ ᠨᠢᠭᠡᠳᠦᠭᠡᠷ ᠤᠳᠠᠭ᠎ᠠ᠎ᠶᠢᠨ ᠪᠦᠬᠦᠳᠠ ᠬᠤᠷᠠᠯ ᠵᠢᠴᠢ ᠪᠦᠬᠦ᠌ ᠣᠷᠣᠨ᠎ᠤ ᠠᠵᠤ ᠠᠬᠤᠢ᠎ᠶ᠋ᠢᠨ ᠠᠵᠢᠯ᠎ᠤᠨ ᠬᠤᠷᠠᠯ᠎ᠤᠨ ᠵᠣᠷᠢᠭ ᠰᠠᠨᠠᠭ᠎ᠠ᠎ᠶ᠋ᠢ ᠨᠠᠢᠳᠠᠪᠤᠷᠢᠵᠢᠭᠤᠯᠬᠤ ᠠᠵᠢᠯ᠎ᠢ ᠪᠠᠢᠷᠢᠯᠠᠭᠤᠯᠪᠠ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭ᠌ᠴᠢ ᠪᠦᠦ ᠭᠠᠩ ᠬᠤᠷᠠᠯ᠎ᠢ ᠡᠷᠭᠢᠯᠡᠵᠡᠶ᠃
ᠬᠤᠷᠠᠯ᠎ᠡᠴᠡ᠂ 2025 ᠤᠨ᠎ᠤ 12 ᠰᠠᠷ᠎ᠠ᠎ᠶ᠋ᠢᠨ 25 ᠤ ᠡᠳᠦᠷ᠎ᠦᠨ ᠲᠥᠪ᠎ᠦᠨ ᠤᠯᠤᠰ ᠲᠦᠷᠦ᠍᠎ᠶ᠋ᠢᠨ ᠲᠣᠪᠴᠢᠶᠠᠨ᠎ᠤ ᠬᠤᠷᠠᠯ᠎ᠤᠨ ᠵᠣᠷᠢᠭ ᠰᠠᠨᠠᠭ᠎ᠠ᠂ ᠶᠡᠷᠦᠩᠬᠡᠢ ᠱᠦᠵᠢ ᠰᠢ᠎ᠵᠢᠨ᠎ᠫᠢᠩ᠎ᠦᠨ ᠲᠥᠪ᠎ᠦᠨ ᠠᠵᠤ ᠠᠬᠤᠢᠯᠠᠯ᠎ᠤᠨ ᠠᠵᠢᠯ᠎ᠳᠤ ᠥᠭ᠌ᠭᠦᠭ᠌ᠰᠡᠨ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠣᠢᠯᠠᠭᠠᠵᠤ᠂ ᠢᠯᠵᠢᠷᠠᠯ᠎ᠢ ᠡᠰᠡᠷᠭᠦᠴᠡᠬᠦ᠌ ᠲᠡᠮᠡᠴᠡᠯ᠎ᠢ ᠡᠷᠡᠰ ᠭᠤᠢᠪᠢᠰᠢ ᠦᠭᠡᠢ ᠠᠬᠢᠭᠤᠯᠵᠤ᠂ ᠡᠷᠬᠡ ᠲᠥᠪᠯᠡᠷᠡᠭ᠌ᠰᠡᠨ᠂ ᠪᠡᠯᠡ ᠮᠥᠩᠭᠥ᠌ ᠲᠥᠪᠯᠡᠷᠡᠭ᠌ᠰᠡᠨ᠂ ᠡᠬᠢ ᠪᠠᠶᠠᠯᠢᠭ ᠲᠥᠪᠯᠡᠷᠡᠭ᠌ᠰᠡᠨ ᠬᠦᠷᠢᠶᠡᠨ᠎ᠳᠡᠬᠢ ᠢᠯᠵᠢᠷᠡᠯ᠎ᠢ ᠭᠦᠨᠵᠡᠭᠡᠢ ᠰᠡᠷᠭᠡᠢᠯᠡᠨ ᠵᠠᠰᠠᠵᠤ᠂ ᠲᠦᠷᠦᠯ ᠵᠦᠢᠯ᠂ ᠢᠨᠵᠧᠨᠧᠷᠢᠩ ᠪᠣᠯᠤᠨ ᠪᠡᠯᠡ ᠮᠥᠩᠭᠥ᠎ᠶ᠋ᠢᠨ ᠬᠤᠪᠢᠶᠠᠷᠢᠯᠠᠯᠲᠠ᠎ᠳᠤ ᠲᠣᠭ᠍ᠲᠠᠭᠠᠯ᠎ᠡᠴᠡ ᠵᠥᠷᠢᠴᠡᠨ ᠭᠠᠷ ᠲᠦᠷᠦᠭᠦ᠎ᠶ᠋ᠢ ᠴᠢᠩᠭ᠎ᠠ ᠴᠠᠭᠠᠵᠠᠯᠠᠵᠤ᠂ ᠤᠯᠠᠨ ᠲᠦᠮᠡᠨ᠎ᠦ ᠳᠡᠷᠭᠡᠳᠡᠬᠢ ᠲᠥᠪ ᠪᠤᠰᠤ ᠰᠤᠷᠲᠠᠯ ᠪᠣᠯᠤᠨ ᠢᠯᠵᠢᠷᠡᠯ᠎ᠦᠨ ᠠᠰᠠᠭᠤᠳᠠᠯ᠎ᠢ ᠲᠥᠪᠯᠡᠷᠡᠭᠦᠯᠦᠨ ᠴᠡᠭ᠌ᠴᠡᠯᠡᠨ ᠵᠠᠰᠠᠬᠤ᠎ᠶ᠋ᠢ ᠭᠦᠨᠵᠡᠭᠡᠢᠷᠡᠭᠦᠯᠬᠦ᠌ ᠬᠡᠷᠡᠭ᠌ᠲᠡᠢ᠃ ᠠᠵᠢᠯ᠎ᠤᠨ ᠪᠦᠲᠦᠮᠵᠢ᠎ᠶ᠋ᠢᠨ ᠲᠤᠬᠠᠢ ᠵᠥᠪ ᠦᠵᠡᠯᠲᠡ᠎ᠶ᠋ᠢ ᠪᠤᠢ ᠪᠣᠯᠭᠠᠨ ᠦᠢᠯᠡᠳᠦᠯᠭᠡᠵᠢᠭᠦᠯᠵᠦ᠍᠂ ᠲᠥᠪ᠎ᠦᠨ ᠨᠠᠢ᠍ᠮᠠᠨ ᠲᠣᠭ᠍ᠲᠠᠭᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠲᠤᠭᠤᠱᠢᠯᠠᠭᠤᠯᠬᠤ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠭᠡᠯ᠎ᠢ ᠪᠡᠬᠢᠵᠢᠭᠦᠯᠦᠨ ᠥᠷᠭᠡᠳᠭᠡᠵᠦ᠍᠂ ᠰᠤᠷᠲᠠᠯ᠎ᠤᠨ ᠪᠠᠢᠭᠤᠯᠤᠯᠲᠠ᠎ᠶ᠋ᠢ ᠪᠠᠢᠩᠭᠤᠵᠢᠭᠤᠯᠤᠨ ᠤᠷᠳᠤ ᠬᠤᠭᠤᠴᠠᠭ᠎ᠠ ᠪᠦᠲᠦᠮᠵᠢᠲᠡᠢ ᠪᠣᠯᠭᠠᠬᠤ᠎ᠶ᠋ᠢ ᠠᠬᠢᠭᠤᠯᠬᠤ ᠬᠡᠷᠡᠭ᠌ᠲᠡᠢ᠃ ᠤᠯᠤᠰ᠎ᠤᠨ ᠥᠮᠴᠢᠯᠡᠯ᠎ᠦᠨ ᠠᠵᠤ ᠠᠬᠤᠢᠯᠠᠯ᠎ᠤᠨ ᠥᠭᠡᠷᠡᠴᠢᠯᠡᠯᠲᠡ᠎ᠶ᠋ᠢ ᠤᠯᠠᠮ ᠨᠢᠭᠡ ᠠᠯᠬᠤᠮ ᠭᠦᠨᠵᠡᠭᠡᠢᠷᠡᠭᠦᠯᠵᠦ᠍᠂ ᠤᠳᠤ ᠦᠶ᠎ᠡ᠎ᠶ᠋ᠢᠨ ᠠᠵᠤ ᠠᠬᠤᠢᠯᠠᠯ᠎ᠤᠨ ᠬᠠᠮᠢᠶᠠᠷᠤᠯᠲᠠ᠎ᠶ᠋ᠢᠨ ᠲᠦᠷᠢᠮ᠎ᠢ ᠲᠤᠭᠳᠠᠭᠠᠨ ᠲᠡᠭᠦᠯᠳᠡᠷᠵᠢᠭᠦᠯᠵᠦ᠍᠂ ᠭᠣᠣᠯ ᠬᠠᠷᠢᠭᠤᠴᠠᠯᠭ᠎ᠠ ᠭᠣᠣᠯ ᠠᠵᠢᠯ ᠲᠦᠷᠦᠯ᠎ᠢ ᠬᠦᠴᠦ᠍᠎ᠪᠡᠨ ᠲᠥᠪᠯᠡᠷᠡᠭᠦᠯᠦᠨ ᠬᠦᠴᠦᠷᠬᠡᠭ᠌ᠵᠢᠭᠦᠯᠵᠦ᠍᠂ 《ᠨᠢᠭᠡ ᠠᠵᠤ ᠠᠬᠤᠢᠯᠠᠯ᠎ᠳᠤ ᠨᠢᠭᠡ ᠲᠦᠷᠦ᠍᠎ᠶ᠋ᠢᠨ ᠪᠤᠳᠤᠯᠭ᠎ᠠ ᠬᠡᠷᠡᠭᠵᠢᠭᠦᠯᠬᠦ》᠎ᠪᠡᠷ ᠠᠯᠳᠠᠭ᠍ᠳᠠᠯᠲᠠᠶ ᠪᠠᠢᠭ᠍ᠰᠠᠨ᠎ᠢ ᠬᠤᠪᠢᠷᠠᠭᠤᠯᠬᠤ ᠲᠥᠰᠦᠯ᠎ᠢ ᠲᠣᠭ᠍ᠲᠠᠭᠠᠵᠤ᠂ ᠤᠯᠤᠰ᠎ᠤᠨ ᠥᠮᠴᠢᠯᠡᠯ᠎ᠦᠨ ᠬᠦᠷᠦᠨᠭ᠌ᠭᠡ᠎ᠶ᠋ᠢᠨ ᠡᠵᠡᠩᠨᠡᠯᠲᠡ᠎ᠶ᠋ᠢᠨ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠬᠦ᠌ ᠬᠡᠷᠡᠭ᠌ᠲᠡᠢ ᠭᠡᠵᠦ ᠴᠢᠬᠤᠯᠠᠴᠢᠯᠠᠪᠠ᠃
ᠬᠤᠷᠠᠯ᠎ᠡᠴᠡ᠂ ᠥᠪᠡᠷᠲᠡᠭᠡᠨ ᠵᠠᠰᠠᠬᠤ ᠣᠷᠣᠨ᠎ᠤ ᠨᠠᠮ ᠤ᠋ᠨ ᠬᠤᠷᠢᠶ᠎ᠠ᠎ᠶᠢᠨ ᠠᠷᠪᠠᠨ ᠨᠢᠭᠡᠳᠦᠭᠡᠷ ᠬᠤᠭᠤᠴᠠᠭᠠᠨ᠎ᠤ ᠠᠷᠪᠠᠨ ᠨᠢᠭᠡᠳᠦᠭᠡᠷ ᠤᠳᠠᠭ᠎ᠠ᠎ᠶᠢᠨ ᠪᠦᠬᠦᠳᠡ ᠬᠤᠷᠠᠯ ᠵᠢᠴᠢ ᠪᠦᠬᠦ᠌ ᠣᠷᠣᠨ᠎ᠤ ᠠᠵᠤ ᠠᠬᠤᠢ᠎ᠶ᠋ᠢᠨ ᠠᠵᠢᠯ᠎ᠤᠨ ᠬᠤᠷᠠᠯ᠎ᠤᠨ ᠵᠣᠷᠢᠭ ᠰᠠᠨᠠᠭ᠎ᠠ᠎ᠶ᠋ᠢ ᠪᠦᠬᠦ᠌ ᠲᠠᠯ᠎ᠠ᠎ᠪᠠᠷ ᠨᠠᠢᠳᠠᠪᠤᠷᠢᠵᠢᠭᠤᠯᠵᠤ᠂ 《1571》ᠠᠵᠢᠯ᠎ᠤᠨ ᠪᠠᠢᠷᠢᠯᠠᠭᠤᠯᠤᠯᠲᠠ᠎ᠶ᠋ᠢᠨ ᠲᠣᠭᠣᠷᠢᠨ᠎ᠳᠤ ᠡᠭᠦᠷᠭᠡ᠎ᠪᠡᠨ ᠨᠢᠭᠡᠳ ᠨᠢᠭᠡ᠎ᠪᠡᠷ ᠬᠤᠪᠢᠶᠠᠷᠢᠯᠠᠵᠤ᠂ ᠨᠠᠢᠳᠠᠪᠤᠷᠢᠵᠢᠭᠤᠯᠬᠤ ᠠᠷᠭ᠎ᠠ ᠬᠡᠮᠵᠢᠶ᠎ᠡ᠎ᠪᠡᠨ ᠨᠠᠷᠢᠯᠢᠬ᠍ᠵᠢᠭᠤᠯᠵᠤ᠂ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ᠎ᠢᠶᠠᠨ ᠲᠣᠳᠣᠷᠬᠠᠢᠯᠠᠵᠤ᠂ ᠴᠢᠬᠤᠯᠠ ᠶᠡᠬᠡ ᠲᠦᠷᠦᠯ ᠵᠦᠢᠯ ᠴᠢᠬᠤᠯᠠ ᠵᠦᠢᠯᠡᠰ᠎ᠢ ᠪᠣᠳᠠᠲᠠᠢ᠎ᠳᠤ ᠨᠠᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ᠎ᠶ᠋ᠢ ᠲᠦᠷᠭᠡᠳᠭᠡᠨ ᠠᠬᠢᠭᠤᠯᠵᠤ᠂ 《ᠠᠷᠪᠠᠨ ᠲᠠᠪᠤᠳᠤᠭᠠᠷ ᠲᠠᠪᠤᠨ ᠵᠢᠯ》᠎ᠤᠨ ᠰᠠᠢ᠌ᠨ ᠰᠠᠢᠬᠠᠨ ᠡᠬᠢᠯᠡᠯᠲᠡ᠎ᠶ᠋ᠢ ᠪᠡᠶᠡᠯᠡᠭᠦᠯᠬᠦ᠌᠎ᠶ᠋ᠢ ᠪᠠᠲᠤᠯᠠᠬᠤ ᠬᠡᠷᠡᠭ᠌ᠲᠡᠢ ᠭᠡᠵᠦ᠍ ᠴᠢᠬᠤᠯᠠᠴᠢᠯᠠᠪᠠ᠃
ᠬᠤᠷᠠᠯ᠎ᠡᠴᠡ 《2025 ᠣᠨ᠎ᠤ ᠲᠥᠷᠥ᠎ᠶ᠋ᠢᠨ ᠶᠠᠪᠤᠳᠠᠯ᠎ᠤᠨ ᠬᠣᠷᠢᠶ᠎ᠠ᠎ᠶᠢᠨ ᠶᠡᠷᠦᠩᠬᠡᠢᠯᠡᠨ ᠱᠠᠯᠠᠪᠳᠠᠭᠤᠯᠤᠨ ᠪᠠᠢᠴᠠᠭᠠᠵᠤ ᠬᠠᠷᠢᠭᠤ ᠲᠤᠰᠭᠠᠭ᠍ᠰᠠᠨ ᠠᠰᠠᠭᠤᠳᠠᠯ᠎ᠢ ᠴᠡᠭ᠌ᠴᠡᠯᠡᠨ ᠰᠠᠢᠵᠢᠷᠠᠭᠤᠯᠬᠤ ᠠᠵᠢᠯ᠎ᠤᠨ ᠲᠥᠰᠦᠯ》᠎ᠢ ᠬᠢᠨᠠᠨ ᠵᠥᠪᠯᠡᠵᠦ᠍᠂ ᠵᠣᠭ᠍ᠰᠣᠴᠠ᠎ᠪᠠᠨ ᠳᠡᠭᠡᠭ᠌ᠰᠢᠯᠡᠭᠦᠯᠵᠦ᠍᠂ ᠴᠡᠭ᠌ᠴᠡᠯᠡᠨ ᠰᠠᠢᠵᠢᠷᠠᠭᠤᠯᠬᠤ ᠬᠠᠷᠢᠭᠤᠴᠠᠯᠭ᠎ᠠ᠎ᠶ᠋ᠢ ᠪᠣᠳᠠᠲᠠᠢᠵᠢᠭᠤᠯᠵᠤ᠂ ᠮᠥᠷᠳᠡᠨ ᠱᠠᠯᠠᠪᠳᠠᠭᠤᠯᠤᠨ ᠱᠢᠶ᠋ᠳᠪᠦᠷᠢᠯᠡᠬᠦ᠌᠎ᠪᠡᠨ ᠴᠢᠩᠭᠠᠳᠭᠠᠵᠤ᠂ ᠴᠢᠨᠠᠷ ᠰᠠᠢᠲᠠᠶ ᠥᠨᠳᠥᠷ ᠪᠦᠲᠦᠮᠵᠢᠲᠡᠶ ᠴᠡᠭ᠌ᠴᠡᠯᠡᠨ ᠰᠠᠢᠵᠢᠷᠠᠭᠤᠯᠬᠤ᠎ᠪᠠᠷ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠬᠤ ᠬᠡᠷᠡᠭ᠌ᠲᠡᠶ ᠭᠡᠵᠦ᠍ ᠱᠠᠭᠠᠷᠳᠠᠪᠠ᠃
ᠬᠤᠷᠠᠯ᠎ᠡᠴᠡ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ 2025 ᠣᠨ᠎ᠤ ᠲᠦᠷᠢᠮ ᠲᠣᠭ᠍ᠲᠠᠭᠠᠯ ᠬᠠᠤᠯᠢ ᠲᠣᠭ᠍ᠲᠠᠭᠠᠬᠤ ᠲᠥᠯᠥᠪᠯᠡᠭᠡ᠎ᠶ᠋ᠢ ᠬᠡᠷᠡᠭ᠌ᠵᠢᠭᠦᠯᠦᠭ᠌ᠰᠡᠨ ᠪᠠᠢᠳᠠᠯ᠎ᠤᠨ ᠮᠡᠳᠡᠭᠦᠯᠦᠯᠲᠡ᠎ᠶ᠋ᠢ ᠰᠣᠨᠣᠰᠴᠤ᠌᠂ 《ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ 2026 ᠣᠨ᠎ᠤ ᠲᠦᠷᠢᠮ ᠲᠣᠭ᠍ᠲᠠᠭᠠᠯ ᠬᠠᠤᠯᠢ ᠲᠣᠭ᠍ᠲᠠᠭᠠᠬᠤ ᠲᠥᠯᠥᠪᠯᠡᠭᠡ (ᠲᠥᠰᠦᠯ)》᠎ᠶᠢ ᠰᠤᠳᠤᠯᠪᠠ; 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠢᠭᠤᠯᠭ᠎ᠠ᠂ ᠪᠦᠯᠬᠦᠮ᠂ ᠠᠵᠤ ᠠᠬᠤᠢᠯᠠᠯ᠂ ᠠᠵᠢᠯ ᠦᠶ᠋ᠯᠡᠰ᠎ᠦᠨ ᠨᠢᠭᠡᠴᠢ᠎ᠶ᠋ᠢᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠲᠣᠭ᠍ᠲᠠᠭᠠᠯ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠭ᠎ᠠ ᠨᠢᠭᠡᠴᠢ ᠪᠠᠭ᠎ᠠ ᠲᠠᠯᠠᠪᠤᠷ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠲᠣᠭ᠍ᠲᠠᠭᠠᠯ》᠎ᠢ ᠬᠢᠨᠠᠨ ᠵᠥᠪᠯᠡᠵᠦ᠍ ᠪᠠᠲᠤᠯᠠᠪᠠ᠃
ᠬᠤᠷᠠᠯ᠎ᠡᠴᠡ ᠪᠠᠰᠠ ᠪᠤᠰᠤᠳ ᠵᠦᠢᠯ᠎ᠢ ᠰᠤᠳᠤᠯᠵᠠᠢ᠃