ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠦᠨᠦᠳᠣᠷ᠎ᠤᠨ ᠰᠣᠨᠢᠨ ᠮᠡᠳᠡᠭᠡ
2025 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠶᠤᠲᠠᠳ᠎ᠤᠨ ᠠᠯᠠᠭ᠋ᠠᠳᠠᠬᠤ ᠪᠥᠮᠪᠥᠭᠡ ᠵᠢᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ (ᠵᠢᠩᠬᠢᠨᠢ ᠠᠩᠭᠢ ᠵᠢᠨ ᠳᠤᠭᠤᠶ᠋ᠢᠯᠠᠩ) ᠥᠨᠳᠦᠷᠯᠡᠪᠡ
ᠨᠡᠶ᠋ᠢᠲᠡᠯᠡᠭᠰᠡᠨ ᠴᠠᠭ᠄ 2025-06-13

6 ᠳ᠋ᠤᠭ᠋ᠠᠷ ᠰᠠᠷ᠎ᠠ ᠵᠢᠨ 11᠎ᠤ ᠡᠳᠦᠷ᠂ 2025 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠶᠤᠲᠠᠳ᠎ᠤᠨ ᠠᠯᠠᠭ᠋ᠠᠳᠠᠬᠤ ᠪᠥᠮᠪᠥᠭᠡ ᠵᠢᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ (ᠵᠢᠩᠬᠢᠨᠢ ᠠᠩᠭᠢ ᠵᠢᠨ ᠳᠤᠭᠤᠶ᠋ᠢᠯᠠᠩ) ᠥᠪᠥᠷ ᠮᠣᠩᠭᠣᠯ᠎ᠤᠨ ᠠᠨᠠᠭ᠋ᠠᠬᠤ ᠤᠬᠠᠭ᠋ᠠᠨ᠎ᠤ ᠶᠡᠬᠡ ᠰᠤᠷᠭ᠋ᠠᠭᠤᠯᠢ᠎ᠳᠤ ᠡᠬᠢᠯᠡᠪᠡ᠃  ᠡᠨᠡ ᠤᠳᠠᠭ᠋ᠠᠨ᠎ᠤ ᠤᠷᠤᠯᠳᠤᠭ᠋ᠠᠨ᠎ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠠᠴᠠ ᠭᠣᠣᠯᠯᠠᠨ ᠡᠷᠬᠢᠯᠡᠵᠦ᠂ ᠥᠪᠥᠷ ᠮᠣᠩᠭᠣᠯ᠎ᠤᠨ ᠰᠤᠷᠤᠭᠴᠢᠳ᠎ᠤᠨ ᠪᠡᠶ᠎ᠡ ᠵᠢᠨ ᠲᠠᠮᠢᠷ᠎ᠤᠨ ᠨᠡᠶ᠋ᠢᠭᠡᠮᠯᠢᠭ ᠶᠠᠪᠤᠭᠳᠠᠭᠤᠯᠵᠤ᠂ ᠥᠪᠥᠷ ᠮᠣᠩᠭᠣᠯ᠎ᠤᠨ ᠠᠨᠠᠭ᠋ᠠᠬᠤ ᠤᠬᠠᠭ᠋ᠠᠨ᠎ᠤ ᠶᠡᠬᠡ ᠰᠤᠷᠭ᠋ᠠᠭᠤᠯᠢ ᠳᠠᠭ᠋ᠠᠭ᠋ᠠᠴᠢᠯᠠᠨ ᠡᠷᠬᠢᠯᠡᠵᠦ᠂ ᠪᠦᠬᠦ ᠣᠷᠣᠨ᠎ᠤ 13 ᠵᠢᠩᠬᠢᠨᠢ ᠠᠩᠭᠢᠲᠤ ᠳᠡᠭᠡᠳᠦ ᠰᠤᠷᠭ᠋ᠠᠭᠤᠯᠢ ᠵᠢᠨ 32 ᠳᠤᠭᠤᠢ᠌ᠯᠠᠩ᠎ᠤᠨ 500 ᠭᠠᠷᠤᠢ ᠲᠠᠮᠢᠷᠴᠢᠨ ᠤᠷᠤᠯᠳᠤᠭ᠋ᠠᠨ᠎ᠳᠤ ᠣᠷᠣᠯᠴᠠᠵᠠᠢ᠃

 

1.jpg

 

ᠡᠨᠡ ᠤᠳᠠᠭ᠋ᠠᠨ᠎ᠤ ᠤᠷᠤᠯᠳᠤᠭ᠋ᠠᠨ᠎ᠢ ᠰᠤᠷᠭ᠋ᠠᠭᠤᠯᠢ ᠵᠢᠨ ᠬᠦᠷᠢᠶᠡᠨ᠎ᠤ ᠡᠷᠡᠭᠲᠡᠢ ᠵᠢᠨ ᠳᠤᠭᠤᠶ᠋ᠢᠯᠠᠩ᠂ ᠰᠤᠷᠭ᠋ᠠᠭᠤᠯᠢ ᠵᠢᠨ ᠬᠦᠷᠢᠶᠡᠨ᠎ᠤ ᠡᠮᠡᠭᠲᠡᠢ ᠵᠢᠨ ᠳᠤᠭᠤᠶ᠋ᠢᠯᠠᠩ᠂ ᠳᠡᠰ᠎ᠠᠴᠠ ᠳᠠᠪᠠᠭᠰᠠᠨ ᠡᠷᠡᠭᠲᠡᠢ ᠵᠢᠨ ᠳᠤᠭᠤᠶ᠋ᠢᠯᠠᠩ᠂ ᠳᠡᠰ᠎ᠠᠴᠠ ᠳᠠᠪᠠᠭᠰᠠᠨ ᠡᠮᠡᠭᠲᠡᠢ ᠵᠢᠨ ᠳᠤᠭᠤᠶ᠋ᠢᠯᠠᠩ ᠭᠡᠬᠦ ᠳᠥᠷᠪᠡᠨ ᠳᠤᠭᠤᠶ᠋ᠢᠯᠠᠩ ᠬᠤᠪᠢᠶᠠᠵᠠᠢ᠃ ᠤᠷᠤᠯᠳᠤᠭ᠋ᠠᠨ᠎ᠢ ᠡᠷᠬᠡ ᠲᠡᠭᠰᠢ ᠲᠥᠪ ᠭᠣᠣᠯᠴᠢ᠂ ᠠᠮᠤᠷ ᠲᠦᠪᠰᠢᠨ ᠡᠮᠬᠢ ᠵᠢᠷᠤᠮ᠎ᠲᠠᠢ ᠶᠠᠪᠤᠭᠳᠠᠭᠤᠯᠬᠤ ᠵᠢ ᠪᠠᠲᠤᠯᠠᠬᠤ ᠵᠢᠨ ᠲᠥᠯᠥᠭᠡ᠂ ᠤᠷᠤᠯᠳᠤᠭ᠋ᠠᠨ ᠎ᠠᠴᠠ ᠡᠮᠦᠨ᠎ᠡ᠂ ᠵᠣᠬᠢᠶᠠᠨ ᠪᠠᠶ᠋ᠢᠭᠤᠯᠬᠤ ᠺᠣᠮᠢᠰ᠎ᠠᠴᠠ ᠳᠠᠭ᠋ᠠᠭᠤᠯᠤᠭᠴᠢ᠂ ᠰᠤᠷᠭ᠋ᠠᠭᠴᠢ᠂ ᠬᠢᠨᠠᠭᠴᠢ ᠵᠢᠨ ᠬᠠᠮᠲᠤᠷᠠᠭᠰᠠᠨ ᠬᠤᠷᠠᠯ ᠪᠠ ᠤᠷᠤᠯᠳᠤᠭ᠋ᠠᠨ᠎ᠤ ᠰᠤᠷᠲᠠᠯ ᠤᠷᠤᠯᠳᠤᠭ᠋ᠠᠨ᠎ᠤ ᠰᠠᠬᠢᠯᠭ᠎ᠠ ᠪᠠᠲᠤ ᠵᠢᠨ ᠲᠤᠬᠠᠢ ᠲᠤᠰᠬᠠᠢ ᠰᠡᠳᠦᠪᠲᠦ ᠬᠤᠷᠠᠯ᠎ᠢ ᠵᠣᠬᠢᠶᠠᠨ ᠪᠠᠶ᠋ᠢᠭᠤᠯᠤᠨ ᠬᠤᠷᠠᠯᠳᠤᠭᠤᠯᠵᠤ᠂ ᠪᠡᠶ᠎ᠡ ᠵᠢᠨ ᠲᠠᠮᠢᠷ᠎ᠤᠨ ᠶᠣᠰᠣ ᠮᠣᠷᠠᠯ᠎ᠢ ᠵᠢᠷᠤᠮᠯᠠᠵᠤ᠂ ᠪᠡᠶ᠎ᠡ ᠵᠢᠨ ᠲᠠᠮᠢᠷ᠎ᠤᠨ ᠵᠣᠷᠢᠭ ᠰᠠᠨᠠᠭ᠎ᠠ ᠵᠢ ᠪᠠᠳᠠᠷᠠᠭᠤᠯᠤᠨ᠂ ᠤᠷᠤᠯᠳᠤᠭ᠋ᠠᠨ᠎ᠤ ᠡᠮᠬᠢ ᠵᠢᠷᠤᠮ᠎ᠢ ᠬᠠᠮᠠᠭ᠋ᠠᠯᠠᠬᠤ ᠵᠢᠨ ᠴᠢᠬᠤᠯᠠ ᠴᠢᠨᠠᠷ᠎ᠢ ᠭᠣᠣᠯᠳᠠᠯᠭ᠎ᠠ᠎ᠲᠠᠢ ᠴᠢᠬᠤᠯᠠᠴᠢᠯᠠᠵᠤ᠂  ᠡᠨᠡ ᠤᠳᠠᠭ᠋ᠠᠨ᠎ᠤ ᠤᠷᠤᠯᠳᠤᠭ᠋ᠠᠨ᠎ᠤ ᠤᠷᠤᠭᠰᠢᠲᠠᠢ ᠶᠠᠪᠤᠭᠳᠠᠬᠤ᠎ᠳᠤ ᠪᠠᠲᠤ ᠪᠡᠬᠢ ᠰᠠᠭᠤᠷᠢ ᠵᠢ ᠲᠠᠯᠪᠢᠭᠰᠠᠨ ᠪᠠᠶ᠋ᠢᠨ᠎ᠠ᠃

ᠤᠯᠠᠨ ᠡᠭᠡᠯᠵᠢ ᠵᠢᠨ ᠬᠤᠷᠴᠠ ᠰᠢᠷᠦᠭᠦᠨ ᠮᠥᠷᠦᠢ᠌ᠴᠡᠭᠡᠨ ᠵᠶ᠋ᠠᠷ ᠳᠠᠮᠵᠢᠨ᠂ ᠡᠯ᠎ᠡ ᠳᠤᠭᠤᠶ᠋ᠢᠯᠠᠩ᠎ᠤᠨ ᠱᠠᠩᠨᠠᠯ ᠭᠦᠷᠲᠡᠭᠰᠡᠨ ᠪᠠᠢ᠌ᠳᠠᠯ ᠲᠣᠳᠤᠷᠠᠪᠠ᠃ ᠡᠴᠦᠰ᠎ᠲᠤ᠂ ᠵᠢᠩᠬᠢᠨᠢ ᠠᠩᠭᠢ ᠵᠢᠨ ᠰᠤᠷᠭ᠋ᠠᠭᠤᠯᠢ ᠵᠢᠨ ᠬᠦᠷᠢᠶᠡᠨ᠎ᠤ ᠳᠤᠭᠤᠶ᠋ᠢᠯᠠᠩ᠎ᠳᠤ᠂ ᠡᠷᠡᠭᠲᠡᠢ ᠵᠢᠨ ᠳᠤᠭᠤᠶ᠋ᠢᠯᠠᠩ᠎ᠤᠨ ᠮᠠᠩᠯᠠᠢ᠎ᠳᠤ ᠥᠪᠥᠷ ᠮᠣᠩᠭᠣᠯ᠎ᠤᠨ ᠠᠨᠠᠭ᠋ᠠᠬᠤ ᠤᠬᠠᠭ᠋ᠠᠨ᠎ᠤ ᠶᠡᠬᠡ ᠰᠤᠷᠭ᠋ᠠᠭᠤᠯᠢ ᠲᠣᠳᠤᠷᠠᠨ᠂ ᠥᠪᠥᠷ ᠮᠣᠩᠭᠣᠯ᠎ᠤᠨ ᠡᠳ᠋᠎ᠤᠨ ᠵᠠᠰᠠᠭ ᠠᠵᠤ ᠠᠬᠤᠢ ᠵᠢᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠠᠵᠤ ᠦᠢ᠍ᠯᠡᠳᠪᠦᠷᠢ ᠵᠢᠨ ᠶᠡᠬᠡ ᠰᠤᠷᠭ᠋ᠠᠭᠤᠯᠢ ᠲᠤᠰ ᠲᠤᠰ ᠳᠡᠳ᠋ ᠪᠠ ᠭᠤᠲᠠᠭ᠋ᠠᠷ᠎ᠲᠤ ᠲᠣᠳᠤᠷᠠᠪᠠ; ᠡᠮᠡᠭᠲᠡᠢ ᠵᠢᠨ ᠳᠤᠭᠤᠶ᠋ᠢᠯᠠᠩ᠎ᠤᠨ ᠮᠠᠩᠯᠠᠢ᠎ᠳᠤ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ ᠲᠣᠳᠤᠷᠠᠵᠤ᠂ ᠥᠪᠥᠷ ᠮᠣᠩᠭᠣᠯ᠎ᠤᠨ ᠡᠳ᠋᠎ᠤᠨ ᠵᠠᠰᠠᠭ ᠠᠵᠤ ᠠᠬᠤᠢ ᠵᠢᠨ ᠶᠡᠬᠡ ᠰᠤᠷᠭ᠋ᠠᠭᠤᠯᠢ ᠪᠠ ᠥᠪᠥᠷ ᠮᠣᠩᠭᠣᠯ᠎ᠤᠨ ᠠᠨᠠᠭ᠋ᠠᠬᠤ ᠤᠬᠠᠭ᠋ᠠᠨ᠎ᠤ ᠶᠡᠬᠡ ᠰᠤᠷᠭ᠋ᠠᠭᠤᠯᠢ ᠲᠤᠰ ᠲᠤᠰ ᠳᠡᠳ᠋ ᠪᠠ ᠭᠤᠲᠠᠭ᠋ᠠᠷ᠎ᠲᠤ ᠲᠣᠳᠤᠷᠠᠪᠠ᠃ ᠵᠢᠩᠬᠢᠨᠢ ᠠᠩᠭᠢ ᠵᠢᠨ ᠳᠡᠰ᠎ᠠᠴᠠ ᠳᠠᠪᠠᠭᠰᠠᠨ ᠡᠷᠡᠭᠲᠡᠢ ᠵᠢᠨ ᠳᠤᠭᠤᠶ᠋ᠢᠯᠠᠩ᠎ᠤᠨ ᠤᠷᠤᠯᠳᠤᠭ᠋ᠠᠨ᠎ᠳᠤ᠂ ᠥᠪᠥᠷ ᠮᠣᠩᠭᠣᠯ᠎ᠤᠨ ᠠᠵᠤ ᠦᠢ᠍ᠯᠡᠳᠪᠦᠷᠢ ᠵᠢᠨ ᠶᠡᠬᠡ ᠰᠤᠷᠭ᠋ᠠᠭᠤᠯᠢ ᠮᠠᠩᠯᠠᠶ᠋ᠢᠯᠠᠵᠤ᠂ ᠥᠪᠥᠷ ᠮᠣᠩᠭᠣᠯ᠎ᠤᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠪᠠᠭᠰᠢ ᠵᠢᠨ ᠶᠡᠬᠡ ᠰᠤᠷᠭ᠋ᠠᠭᠤᠯᠢ ᠲᠤᠰ ᠲᠤᠰ  ᠳᠡᠳ᠋ ᠪᠠ ᠭᠤᠲᠠᠭ᠋ᠠᠷ᠎ᠲᠤ ᠲᠤᠳᠤᠷᠠᠪᠠ; ᠵᠢᠩᠬᠢᠨᠢ ᠠᠩᠭᠢ ᠵᠢᠨ ᠳᠡᠰ᠎ᠠᠴᠠ ᠳᠠᠪᠠᠭᠰᠠᠨ ᠡᠮᠡᠭᠲᠡᠢ ᠵᠢᠨ ᠳᠤᠭᠤᠶ᠋ᠢᠯᠠᠩ᠎ᠤᠨ ᠤᠷᠤᠯᠳᠤᠭ᠋ᠠᠨ᠎ᠳᠤ ᠥᠪᠥᠷ ᠮᠣᠩᠭᠣᠯ᠎ᠤᠨ ᠠᠵᠤ ᠦᠢ᠍ᠯᠡᠳᠪᠦᠷᠢ ᠵᠢᠨ ᠶᠡᠬᠡ ᠰᠤᠷᠭ᠋ᠠᠭᠤᠯᠢ ᠮᠠᠩᠯᠠᠶ᠋ᠢᠯᠠᠵᠤ᠂ ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠪᠠᠭᠰᠢ ᠵᠢᠨ ᠶᠡᠬᠡ ᠰᠤᠷᠭ᠋ᠠᠭᠤᠯᠢ ᠲᠤᠰ ᠲᠤᠰ ᠳᠡᠳ᠋ ᠪᠠ  ᠭᠤᠲᠠᠭ᠋ᠠᠷ᠎ᠲᠤ ᠣᠷᠣᠪᠠ᠃

 

2.jpg

 

ᠳᠡᠰ᠎ᠠᠴᠠ ᠳᠠᠪᠠᠭᠰᠠᠨ ᠡᠷᠡᠭᠲᠡᠢ ᠵᠢᠨ ᠳᠤᠭᠤᠶ᠋ᠢᠯᠠᠩ᠎ᠤᠨ ᠲᠡᠷᠢᠭᠦᠨ᠄ ᠥᠪᠥᠷ ᠮᠣᠩᠭᠣᠯ᠎ᠤᠨ ᠠᠵᠤ ᠦᠢ᠍ᠯᠡᠳᠪᠦᠷᠢ ᠵᠢᠨ ᠶᠡᠬᠡ ᠰᠤᠷᠭ᠋ᠠᠭᠤᠯᠢ
 

3.jpg

 

ᠳᠡᠰ᠎ᠠᠴᠠ ᠳᠠᠪᠠᠭᠰᠠᠨ ᠡᠮᠡᠭᠲᠡᠢ ᠵᠢᠨ ᠳᠤᠭᠤᠶ᠋ᠢᠯᠠᠩ᠎ᠤᠨ ᠲᠡᠷᠢᠭᠦᠨ᠄ ᠥᠪᠥᠷ ᠮᠣᠩᠭᠣᠯ ᠎ᠤᠨ ᠠᠵᠤ ᠦᠢ᠍ᠯᠡᠳᠪᠦᠷᠢ ᠵᠢᠨ ᠶᠡᠬᠡ ᠰᠤᠷᠭ᠋ᠠᠭᠤᠯᠢ

 

4.jpg

 

ᠰᠤᠷᠭ᠋ᠠᠭᠤᠯᠢ ᠵᠢᠨ ᠬᠦᠷᠢᠶᠡᠨ᠎ᠤ ᠡᠷᠡᠭᠲᠡᠢ ᠵᠢᠨ ᠳᠤᠭᠤᠶ᠋ᠢᠯᠠᠩ᠎ᠤᠨ ᠲᠡᠷᠢᠭᠦᠨ᠄ ᠥᠪᠥᠷ ᠮᠣᠩᠭᠣᠯ᠎ᠤᠨ ᠠᠨᠠᠭ᠋ᠠᠬᠤ ᠤᠬᠠᠭ᠋ᠠᠨ᠎ᠤ ᠶᠡᠬᠡ ᠰᠤᠷᠭ᠋ᠠᠭᠤᠯᠢ

 

5.jpg

 

ᠰᠤᠷᠭ᠋ᠠᠭᠤᠯᠢ ᠵᠢᠨ ᠬᠦᠷᠢᠶᠡᠨ᠎ᠤ ᠡᠮᠡᠭᠲᠡᠢ ᠵᠢᠨ ᠳᠤᠭᠤᠶ᠋ᠢᠯᠠᠩ᠎ᠤᠨ ᠲᠡᠷᠢᠭᠦᠨ᠄ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ
            

ᠤᠷᠤᠯᠳᠤᠭ᠋ᠠᠨ᠎ᠤ ᠬᠢᠷᠢ ᠪᠦᠲᠦᠮᠵᠢ

 

6.jpg

 

ᠡᠨᠡ ᠤᠳᠠᠭ᠋ᠠᠨ᠎ᠤ ᠤᠷᠤᠯᠳᠤᠭ᠋ᠠᠨ᠎ᠨᠢ ᠰᠤᠷᠭ᠋ᠠᠭᠤᠯᠢ ᠵᠢᠨ ᠬᠦᠷᠢᠶᠡᠨ᠎ᠤ ᠪᠡᠶ᠎ᠡ ᠵᠢᠨ ᠲᠠᠮᠢᠷ᠎ᠤᠨ ᠰᠣᠯᠢᠯᠴᠠᠭ᠎ᠠ᠎ᠳᠤ ᠰᠣᠯᠢᠯᠴᠠᠵᠤ ᠬᠠᠷᠢᠯᠴᠠᠨ ᠲᠣᠯᠢᠯᠠᠬᠤ ᠲᠠᠪᠴᠠᠩ᠎ᠢ ᠪᠠᠶ᠋ᠢᠭᠤᠯᠵᠤ ᠥᠭᠭᠦᠭᠰᠡᠨ ᠵᠶ᠋ᠠᠷ ᠪᠠᠷᠠᠬᠤ ᠦᠭᠡᠢ᠂ ᠨᠡᠩ ᠴᠤ᠌ ᠤᠷᠤᠯᠳᠤᠭ᠋ᠠᠨ ᠵᠶ᠋ᠠᠷ ᠰᠤᠷᠤᠯᠴᠠᠯᠭ᠎ᠠ ᠵᠢ ᠠᠬᠢᠭᠤᠯᠬᠤ᠂ ᠤᠷᠤᠯᠳᠤᠭ᠋ᠠᠨ ᠵᠶ᠋ᠠᠷ ᠪᠣᠯᠪᠠᠰᠤᠷᠠᠯ᠎ᠢ ᠠᠬᠢᠭᠤᠯᠬᠤ ᠦᠢ᠍ᠯᠡᠳᠦᠯᠭᠡ ᠵᠢᠨ ᠬᠡᠯᠪᠡᠷᠢ᠎ᠪᠠᠷ ᠳᠠᠮᠵᠢᠭᠤᠯᠤᠨ᠂ ᠰᠤᠷᠤᠭᠴᠢᠳ᠎ᠤᠨ ᠪᠡᠶ᠎ᠡ ᠮᠠᠬᠠᠪᠣᠳ᠎ᠤᠨ ᠡᠷᠡᠭᠦᠯ ᠮᠡᠨᠳᠦ ᠵᠢᠨ ᠬᠢᠷᠢ ᠲᠦᠪᠰᠢᠨ᠎ᠤ ᠳᠡᠭᠡᠭᠰᠢᠯᠡᠯᠲᠡ ᠵᠢ ᠦᠨᠡᠨ ᠬᠦ᠌ ᠠᠬᠢᠭᠤᠯᠪᠠ᠃ ᠥᠷᠭᠡᠨ ᠣᠯᠠᠨ ᠵᠠᠯᠠᠭᠤ ᠰᠤᠷᠤᠭᠴᠢ ᠵᠢ ᠪᠡᠶ᠎ᠡ ᠵᠢᠨ ᠲᠠᠮᠢᠷ᠎ᠤᠨ ᠪᠣᠯᠪᠠᠰᠤᠷᠠᠯ ᠪᠣᠯᠤᠨ ᠤᠷᠤᠯᠳᠤᠭ᠋ᠠᠨ᠎ᠤ ᠠᠵᠢᠯᠯᠠᠭ᠎ᠠ᠎ᠳᠤ ᠦᠷᠭᠦᠯᠵᠢᠯᠡᠨ ᠢᠳᠡᠪᠬᠢᠲᠡᠢ ᠣᠷᠣᠯᠴᠠᠵᠤ᠂ ᠪᠡᠶ᠎ᠡ ᠮᠠᠬᠠᠪᠣᠳ ᠵᠶ᠋ᠠᠨ ᠪᠣᠯᠪᠠᠰᠤᠷᠠᠭᠤᠯᠤᠨ᠂ ᠵᠣᠷᠢᠭ ᠰᠠᠨᠠᠭ᠎ᠠ᠎ᠪᠠᠨ ᠳᠠᠪᠲᠠᠨ ᠪᠣᠯᠪᠠᠰᠤᠷᠠᠭᠤᠯᠬᠤ ᠶᠠᠪᠤᠴᠠ᠎ᠳᠤ ᠪᠡᠶ᠎ᠡ ᠮᠠᠬᠠᠪᠣᠳ᠎ᠤᠨ ᠡᠷᠡᠭᠦᠯ ᠮᠡᠨᠳᠦ ᠵᠢᠨ ᠰᠠᠭᠤᠷᠢ ᠵᠢ ᠪᠡᠬᠢᠵᠢᠭᠦᠯᠵᠦ᠂ ᠨᠡᠩ ᠪᠦᠷᠢᠨ ᠲᠡᠭᠦᠯᠳᠡᠷ ᠪᠠᠢ᠌ᠳᠠᠯ᠂ ᠨᠡᠩ ᠴᠣᠭ ᠪᠠᠳᠠᠷᠠᠩᠭᠤᠢ ᠲᠥᠷᠬᠦ᠎ᠪᠠᠷ ᠰᠤᠷᠤᠯᠴᠠᠬᠤ ᠪᠠ ᠦᠰᠦᠨ ᠪᠣᠶ᠋ᠢᠵᠢᠵᠤ ᠴᠢᠳᠠᠪᠤᠷᠢᠲᠠᠨ ᠪᠣᠯᠬᠤ ᠵᠢ ᠵᠣᠷᠢᠭᠵᠢᠭᠤᠯᠪᠠ᠃

 

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
 
             蒙ICP备05000248号