ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠦᠨᠦᠳᠣᠷ᠎ᠤᠨ ᠰᠣᠨᠢᠨ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠵᠢᠩᠬᠢᠨᠢ ᠠᠩᠭᠢᠲᠤ ᠳᠡᠭᠡᠳᠦ ᠰᠤᠷᠭ᠋ᠠᠭᠤᠯᠢ ᠵᠢ ᠵᠣᠬᠢᠶᠠᠨ ᠪᠠᠢ᠌ᠭᠤᠯᠤᠨ ᠴᠢᠩᠬᠤᠸᠠ ᠶᠡᠬᠡ ᠰᠤᠷᠭ᠋ᠠᠭᠤᠯᠢ᠎ᠳᠤ ᠬᠦᠷᠴᠦ ᠬᠢᠮᠡᠯ ᠣᠶᠤᠨ ᠵᠶ᠋ᠠᠷ ᠲᠤᠰᠬᠠᠢ ᠮᠡᠷᠭᠡᠵᠢᠯ᠎ᠤᠨ ᠬᠢᠴᠢᠶᠡᠯ᠎ᠤᠨ ᠪᠠᠶ᠋ᠢᠭᠤᠯᠤᠯᠲᠠ᠎ᠳᠤ ᠡᠨᠧᠷᠭᠢ ᠣᠯᠭᠣᠬᠤ ᠲᠤᠬᠠᠢ ᠰᠤᠷᠤᠯᠴᠠᠵᠤ ᠪᠠᠶ᠋ᠢᠴᠠᠭ᠋ᠠᠨ ᠰᠣᠳᠤᠯᠪᠠ
ᠨᠡᠶ᠋ᠢᠲᠡᠯᠡᠭᠰᠡᠨ ᠴᠠᠭ᠄ 2025-06-13

ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠢ ᠲᠣᠭ᠋ᠠᠵᠢᠭᠤᠯᠤᠭᠰᠠᠨ ᠬᠡᠯᠪᠡᠷᠢ ᠲᠡᠢ᠌ᠰᠢ ᠬᠤᠪᠢᠷᠠᠭᠤᠯᠬᠤ ᠵᠢ ᠠᠬᠢᠭᠤᠯᠵᠤ᠂ ᠬᠢᠮᠡᠯ ᠣᠶᠤᠨ  ᠪᠠ ᠰᠢᠨᠵᠢᠯᠡᠭᠡᠨ᠎ᠤ  ᠰᠠᠯᠠᠭ᠋ᠠᠨ᠎ᠤ ᠲᠤᠰᠬᠠᠢ ᠮᠡᠷᠭᠡᠵᠢᠯ ᠎ᠤᠨ ᠪᠠᠶ᠋ᠢᠭᠤᠯᠤᠯᠲᠠ ᠠᠭᠤᠰᠤᠯᠴᠠᠨ ᠬᠥᠭᠵᠢᠬᠦ ᠵᠢ ᠭᠦᠨᠵᠡᠭᠡᠶ᠋ᠢᠷᠡᠭᠦᠯᠬᠦ ᠵᠢᠨ ᠲᠥᠯᠥᠭᠡ᠂ ᠲᠦᠷᠦᠭᠦᠬᠡᠨ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠣᠷᠣᠨ᠎ᠤ ᠳᠣᠲᠣᠷᠠᠬᠢ ᠡᠯ᠎ᠡ ᠵᠢᠩᠬᠢᠨᠢ ᠠᠩᠭᠢᠲᠤ ᠳᠡᠭᠡᠳᠦ ᠰᠤᠷᠭ᠋ᠠᠭᠤᠯᠢ ᠵᠢᠨ ᠤᠳᠤᠷᠢᠳᠤᠯᠭ᠎ᠠ ᠵᠢᠴᠢ ᠬᠢᠴᠢᠶᠡᠯ ᠬᠥᠮᠦᠵᠢᠯ᠎ᠤᠨ ᠭᠠᠵᠠᠷ᠎ᠤᠨ ᠬᠠᠷᠢᠭᠤᠴᠠᠯᠭ᠋ᠠᠲᠠᠨ᠎ᠢ ᠵᠣᠬᠢᠶᠠᠨ ᠪᠠᠢ᠌ᠭᠤᠯᠤᠨ᠂ ᠴᠢᠩᠬᠤᠸᠠ ᠶᠡᠬᠡ ᠰᠤᠷᠭ᠋ᠠᠭᠤᠯᠢ᠎ᠳᠤ ᠬᠦᠷᠴᠦ᠂ ᠬᠢᠮᠡᠯ ᠣᠶᠤᠨ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠳᠤ ᠡᠨᠧᠷᠭᠢ ᠣᠯᠭᠣᠬᠤ ᠲᠤᠬᠠᠢ ᠲᠤᠰᠬᠠᠢ ᠰᠡᠳᠦᠪ ᠵᠶ᠋ᠡᠷ ᠪᠠᠢ᠌ᠴᠠᠭ᠋ᠠᠨ ᠰᠣᠳᠤᠯᠵᠤ ᠰᠤᠷᠤᠯᠴᠠᠭᠤᠯᠬᠤ ᠵᠢᠨ ᠬᠠᠮᠲᠤ ᠴᠢᠩᠬᠤᠸᠠ ᠶᠡᠬᠡ ᠰᠤᠷᠭ᠋ᠠᠭᠤᠯᠢ ᠵᠢᠨ ᠰᠠᠭᠤᠷᠢ ᠠᠵᠤ ᠦᠢ᠍ᠯᠡᠳᠪᠦᠷᠢ ᠵᠢᠨ ᠪᠣᠯᠪᠠᠰᠤᠷᠠᠯ᠎ᠤᠨ ᠲᠥᠪ ᠎ᠲᠤ ᠬᠦᠷᠴᠦ᠂ AI ᠮᠠᠰᠢᠨ ᠬᠥᠮᠦᠨ᠎ᠢ ᠪᠣᠳᠠᠲᠠᠢ ᠪᠣᠯᠪᠠᠰᠤᠷᠠᠭᠤᠯᠬᠤ ᠲᠣᠭᠣᠷᠢᠭ᠂ ᠣᠶᠤᠨᠲᠤ ᠵᠢᠱ᠌ᠢᠮᠡᠭ ᠦᠨᠡᠨ ᠲᠤᠷᠰᠢᠯᠲᠠ ᠵᠢᠨ ᠲᠠᠰᠤᠭ ᠵᠡᠷᠭᠡ ᠵᠢᠭ᠋ᠠᠨ ᠰᠤᠷᠭ᠋ᠠᠯᠲᠠ ᠵᠢᠨ ᠲᠠᠯᠠᠪᠤᠷ ᠎ᠢ ᠲᠣᠭᠣᠷᠢᠨ ᠦᠵᠡᠪᠡ᠃

   

1.jpg

 

ᠴᠢᠩᠬᠤᠸᠠ ᠶᠡᠬᠡ ᠰᠤᠷᠭ᠋ᠠᠭᠤᠯᠢ ᠵᠢᠨ ᠳᠡᠳ᠋ ᠵᠠᠬᠢᠷᠤᠯ ᠫᠧᠩ ᠭᠠᠩ ᠰᠤᠷᠭ᠋ᠠᠭᠤᠯᠢ ᠵᠢᠨ ᠵᠶ᠋ᠠᠨ ᠬᠢᠮᠡᠯ ᠣᠶᠤᠨ ᠪᠠ ᠴᠢᠳᠠᠪᠤᠷᠢᠲᠠᠨ ᠬᠥᠮᠥᠵᠢᠭᠦᠯᠬᠦ ᠵᠢ  ᠠᠭᠤᠰᠬᠠᠭᠰᠠᠨ ᠰᠢᠨ᠎ᠡ ᠵᠢ ᠡᠭᠦᠳᠬᠦ ᠦᠢ᠍ᠯᠡᠳᠦᠯᠭᠡ ᠵᠢ ᠲᠠᠨᠢᠯᠴᠠᠭᠤᠯᠵᠤ᠂ ᠰᠢᠨ᠎ᠡ ᠵᠢᠩᠬᠢᠨᠢ ᠠᠩᠭᠢ ᠵᠢᠨ ᠶᠡᠷᠦᠩᠬᠡᠢ᠌ᠯᠡᠭᠰᠡᠨ ᠪᠣᠯᠪᠠᠰᠤᠷᠠᠯ᠎ᠤᠨ ᠪᠢᠴᠢᠭ᠎ᠤᠨ ᠬᠦᠷᠢᠶᠡᠯᠡᠩ ᠪᠠᠶ᠋ᠢᠭᠤᠯᠬᠤ᠂ ᠬᠢᠮᠡᠯ ᠣᠶᠤᠨ ᠪᠠ ᠣᠯᠠᠨ ᠰᠢᠨᠵᠢᠯᠡᠭᠡᠨ᠎ᠤ ᠰᠠᠯᠠᠭ᠎ᠠ ᠰᠣᠯᠪᠢᠴᠠᠭᠰᠠᠨ ᠬᠠᠮ ᠴᠢᠳᠠᠪᠤᠷᠢᠲᠠᠨ᠎ᠢ ᠬᠦᠴᠦᠯᠡᠨ ᠬᠥᠮᠦᠵᠢᠭᠦᠯᠬᠦ᠂ ᠣᠷᠣᠶ᠋ᠢᠯᠠᠭᠰᠠᠨ ᠰᠢᠨ᠎ᠡ  ᠵᠢ ᠡᠭᠦᠳᠬᠦ ᠴᠢᠳᠠᠪᠤᠷᠢᠲᠠᠨ᠎ᠢ ᠪᠡᠶ᠎ᠡ᠎ᠪᠠᠨ ᠳᠠᠭ᠋ᠠᠭ᠋ᠠᠵᠤ ᠬᠥᠮᠦᠵᠢᠭᠦᠯᠬᠦ ᠴᠢᠳᠠᠪᠤᠷᠢ ᠵᠢ ᠳᠡᠭᠡᠭᠰᠢᠯᠡᠭᠦᠯᠬᠦ ᠵᠡᠷᠭᠡ ᠲᠡᠷᠢᠭᠦᠨ᠎ᠤ ᠣᠶ᠋ᠢᠯᠠᠭ᠋ᠠᠭᠳᠠᠬᠤᠨ ᠪᠠ ᠰᠢᠨ᠎ᠡ ᠵᠢ ᠡᠭᠦᠳᠬᠦ ᠠᠷᠭ᠎ᠠ ᠬᠡᠮᠵᠢᠶ᠎ᠡ  ᠵᠢ ᠬᠠᠮᠲᠤ᠎ᠳᠤ᠎ᠪᠠᠨ ᠬᠤᠪᠢᠶᠠᠯᠴᠠᠨ ᠡᠳ᠋ᠯᠡᠪᠡ᠃

ᠴᠢᠩᠬᠤᠸᠠ ᠶᠡᠬᠡ ᠰᠤᠷᠭ᠋ᠠᠭᠤᠯᠢ ᠵᠢᠨ ᠰᠦᠯᠵᠢᠶᠡᠨ᠎ᠳᠠᠬᠢ ᠰᠤᠷᠭ᠋ᠠᠨ ᠬᠥᠮᠦᠵᠢᠯ᠎ᠤᠨ ᠲᠥᠪ ᠎ᠤᠨ ᠡᠷᠬᠢᠯᠡᠭᠴᠢ ᠸᠠᠩ ᠭᠦᠸᠧ ᠱᠤᠸᠠᠢ 《ᠴᠢᠩᠬᠤᠸᠠ ᠶᠡᠬᠡ ᠰᠤᠷᠭ᠋ᠠᠭᠤᠯᠢ ᠵᠢᠨ AI ᠰᠤᠷᠭ᠋ᠠᠨ ᠬᠥᠮᠦᠵᠢᠯ ᠵᠢᠭ᠋ᠠᠨ ᠰᠤᠷᠭ᠋ᠠᠯᠲᠠ᠎ᠳᠤ ᠡᠨᠧᠷᠭᠢ ᠣᠯᠭᠣᠬᠤ ᠵᠢ ᠰᠦᠪᠡᠭᠴᠢᠯᠡᠭᠰᠡᠨ ᠲᠣᠢ᠌ᠮᠤᠯᠠᠯ》 ᠭᠡᠬᠦ ᠰᠡᠳᠦᠪ ᠵᠶ᠋ᠠᠷ᠂ ᠴᠢᠩᠬᠤᠸᠠ ᠶᠡᠬᠡ ᠰᠤᠷᠭ᠋ᠠᠭᠤᠯᠢ ᠣᠶᠤᠨᠲᠤ ᠵᠢᠭ᠋ᠠᠨ ᠰᠤᠷᠭ᠋ᠠᠯᠲᠠ ᠵᠢ ᠰᠢᠰᠲ᠋ᠧᠮ᠎ᠲᠠᠢ ᠪᠠᠢ᠌ᠭᠤᠯᠤᠭᠰᠠᠨ ᠦᠷ᠎ᠡ ᠪᠦᠲᠦᠭᠡᠯ᠎ᠤᠨ ᠰᠦᠪᠡᠭᠴᠢᠯᠡᠯᠲᠡ ᠵᠢ ᠰᠢᠰᠲ᠋ᠧᠮ᠎ᠲᠠᠢ ᠲᠣᠳᠣᠷᠬᠠᠶ᠋ᠢᠯᠠᠨ ᠥᠭᠦᠯᠡᠪᠡ; ᠬᠢᠮᠢ ᠵᠢᠨ ᠠᠵᠤ ᠦᠢ᠍ᠯᠡᠳᠪᠦᠷᠢ ᠵᠢᠨ ᠰᠠᠯᠪᠤᠷᠢ ᠵᠢᠨ ᠯᠦ᠍ ᠳ᠋ᠢᠶᠠᠨ ᠨᠠᠨ ᠫᠷᠤᠹᠧᠰᠰᠤᠷ ᠲᠧᠭᠨᠢᠭ᠎ᠤᠨ ᠤᠬᠠᠭ᠋ᠠᠨ᠎ᠤ ᠵᠢᠭ᠋ᠠᠨ ᠰᠤᠷᠭ᠋ᠠᠯᠲᠠ ᠵᠢᠨ ᠦᠢ᠍ᠯᠡᠳᠦᠯᠭᠡ᠎ᠲᠠᠢ ᠤᠶᠠᠯᠳᠤᠭᠤᠯᠤᠨ᠂ AI ᠬᠢᠴᠢᠶᠡᠯ᠎ᠤᠨ ᠪᠠᠶ᠋ᠢᠭᠤᠯᠤᠯᠲᠠ ᠵᠢᠨ ᠠᠷᠭ᠎ᠠ ᠵᠠᠮ ᠵᠢᠴᠢ ᠣᠨᠴᠠᠯᠢᠭ᠎ᠢ ᠭᠦᠨᠵᠡᠭᠡᠢ ᠵᠠᠳᠠᠯᠪᠠ; ᠺᠣᠮᠫᠢᠦ᠋ᠲ᠋ᠧᠷ᠎ᠤᠨ ᠰᠠᠯᠪᠤᠷᠢ ᠵᠢᠨ ᠮᠠ ᠢᠦᠢ ᠴᠦᠨ ᠫᠷᠤᠹᠧᠰᠰᠤᠷ 《ᠫᠷᠣᠭ᠌ᠷᠠᠮ ᠨᠠᠢ᠌ᠷᠠᠭᠤᠯᠬᠤ》 ᠬᠢᠴᠢᠶᠡᠯ᠎ᠤᠨ ᠥᠭᠡᠷᠡᠴᠢᠯᠡᠯᠲᠡ᠎ᠪᠠᠷ ᠵᠢᠱ᠌ᠢᠶᠡᠯᠡᠵᠦ᠂ AI ᠲᠣᠮᠤ ᠵᠠᠭᠪᠤᠷ ᠵᠶ᠋ᠠᠷ ᠺᠣᠳ᠋᠎ᠢ ᠵᠠᠯᠠᠷᠠᠭᠤᠯᠬᠤ᠂ ᠫᠷᠣᠭ᠌ᠷᠠᠮ ᠨᠠᠢ᠌ᠷᠠᠭᠤᠯᠬᠤ ᠰᠡᠳᠬᠢᠮᠵᠢ ᠵᠢᠨ ᠪᠣᠯᠪᠠᠰᠤᠷᠠᠯ ᠵᠡᠷᠭᠡ ᠵᠢᠭ᠋ᠠᠨ ᠰᠤᠷᠭ᠋ᠠᠯᠲᠠ ᠵᠢᠨ ᠭᠣᠭᠴᠤᠭ᠋ᠠᠨ᠎ᠤ ᠰᠢᠨ᠎ᠡ ᠡᠭᠦᠳᠦᠯᠲᠡ ᠬᠡᠷᠡᠭᠯᠡᠯᠲᠡ ᠵᠢ ᠳᠡᠯᠭᠡᠨ ᠦᠵᠡᠭᠦᠯᠪᠡ᠃

ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠬᠢᠮᠡᠯ ᠣᠶᠤᠨ ᠵᠶ᠋ᠡᠷ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠳᠤ ᠡᠨᠧᠷᠭᠢ ᠣᠯᠭᠣᠬᠤ ᠵᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠲᠡᠭᠦᠨ᠎ᠢ ᠳᠡᠭᠡᠳᠦ ᠰᠤᠷᠭ᠋ᠠᠭᠤᠯᠢ ᠵᠢᠨ ᠰᠤᠷᠭ᠋ᠠᠨ ᠬᠥᠮᠦᠵᠢᠯ᠎ᠤᠨ ᠥᠭᠡᠷᠡᠴᠢᠯᠡᠯᠲᠡ ᠬᠥᠭᠵᠢᠭᠦᠯᠦᠯᠲᠡ ᠵᠢ ᠠᠬᠢᠭᠤᠯᠬᠤ ᠴᠢᠬᠤᠯᠠ ᠭᠠᠷᠳᠠᠴᠠ ᠪᠣᠯᠭ᠋ᠠᠪᠠ᠃ ᠡᠨᠡ ᠤᠳᠠᠭ᠋ᠠᠨ᠎ᠤ ᠪᠠᠶ᠋ᠢᠴᠠᠭ᠋ᠠᠨ ᠰᠣᠳᠤᠯᠵᠤ ᠰᠤᠷᠤᠯᠴᠠᠭᠰᠠᠨ ᠪᠣᠯ ᠡᠯ᠎ᠡ ᠳᠡᠭᠡᠳᠦ ᠰᠤᠷᠭ᠋ᠠᠭᠤᠯᠢ ᠵᠢᠨ ᠬᠢᠮᠡᠯ ᠣᠶᠤᠨ᠎ᠤ ᠬᠡᠪ ᠪᠣᠯᠪᠠᠰᠤᠷᠠᠯ᠎ᠢ ᠳᠡᠭᠡᠭᠰᠢᠯᠡᠭᠦᠯᠬᠦ ᠪᠦᠲᠦᠮᠵᠢᠲᠡᠢ ᠠᠷᠭ᠎ᠠ ᠬᠡᠮᠵᠢᠶ᠎ᠡ ᠪᠣᠯᠬᠤ᠎ᠪᠠᠷ ᠪᠠᠷᠠᠬᠤ ᠦᠭᠡᠢ᠂ ᠪᠠᠰᠠ ᠥᠪᠡᠷᠲᠡᠭᠡᠨ ᠵᠠᠰᠠᠬᠤ ᠣᠷᠣᠨ᠎ᠤ ᠬᠢᠮᠡᠯ ᠣᠶᠤᠨ ᠵᠶ᠋ᠠᠷ ᠰᠢᠨᠵᠢᠯᠡᠭᠡᠨ᠎ᠤ ᠰᠠᠯᠠᠭ᠋ᠠᠨ᠎ᠤ ᠲᠤᠰᠬᠠᠢ ᠮᠡᠷᠭᠡᠵᠢᠯ᠎ᠤᠨ ᠪᠠᠶ᠋ᠢᠭᠤᠯᠤᠯᠲᠠ᠎ᠳᠤ ᠡᠨᠧᠷᠭᠢ ᠣᠯᠭᠣᠬᠤ ᠠᠵᠢᠯᠯᠠᠭ᠎ᠠ ᠵᠢᠨ ᠲᠥᠰᠦᠯ᠎ᠢ ᠲᠡᠭᠦᠯᠳᠡᠷᠵᠢᠭᠦᠯᠬᠦ ᠭᠦᠨᠵᠡᠭᠡᠢ ᠰᠣᠯᠢᠯᠴᠠᠭ᠎ᠠ ᠪᠣᠯᠤᠨ᠎ᠠ᠃ ᠪᠠᠶ᠋ᠢᠴᠠᠭ᠋ᠠᠨ ᠰᠤᠳᠤᠯᠵᠤ ᠰᠤᠷᠤᠯᠴᠠᠬᠤ᠎ᠪᠠᠷ ᠳᠠᠮᠵᠢᠨ᠂ ᠥᠪᠡᠷᠲᠡᠭᠡᠨ ᠵᠠᠰᠠᠬᠤ ᠣᠷᠣᠨ᠎ᠤ ᠳᠡᠭᠡᠳᠦ ᠰᠤᠷᠭ᠋ᠠᠭᠤᠯᠢ ᠵᠢᠨ ᠲᠥᠯᠥᠭᠡᠯᠡᠭᠴᠢ ᠲᠡᠷᠢᠭᠦᠨ᠎ᠤ ᠳᠡᠭᠡᠳᠦ ᠰᠤᠷᠭ᠋ᠠᠭᠤᠯᠢ ᠵᠢᠨ 《AI + ᠰᠤᠷᠭ᠋ᠠᠨ ᠬᠥᠮᠦᠵᠢᠯ》᠎ᠤᠨ ᠬᠦᠷᠢᠶᠡᠨ᠎ᠳᠠᠬᠢ ᠡᠮᠦᠨ᠎ᠡ ᠵᠠᠬ᠎ᠠ ᠵᠢᠨ ᠰᠥᠪᠡᠭᠴᠢᠯᠡᠯᠲᠡ ᠵᠢ ᠪᠡᠶᠡᠴᠢᠯᠡᠨ ᠣᠶ᠋ᠢᠯᠠᠭ᠋ᠠᠵᠤ᠂ ᠬᠢᠮᠡᠯ ᠣᠶᠤᠨ ᠵᠶ᠋ᠡᠷ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠳᠤ ᠡᠨᠧᠷᠭᠢ ᠣᠯᠭᠣᠬᠤ ᠵᠢ ᠠᠬᠢᠭᠤᠯᠬᠤ ᠲᠤᠯᠭ᠋ᠠᠮ ᠰᠡᠳᠬᠢᠯᠭᠡ ᠪᠠ ᠡᠭᠦᠷᠭᠡᠲᠦ ᠰᠡᠳᠬᠢᠯᠭᠡ ᠵᠢ ᠤᠯᠠᠮ ᠨᠢᠭᠡ ᠠᠯᠬᠤᠮ ᠴᠢᠩᠭ᠋ᠠᠳᠬᠠᠪᠠ᠃  ᠣᠷᠣᠯᠴᠠᠭᠰᠠᠳ ᠡᠨᠡ ᠤᠳᠠᠭ᠋ᠠᠨ᠎ᠤ ᠰᠤᠷᠤᠯᠴᠠᠯᠭ᠎ᠠ᠎ᠪᠠᠷ ᠠᠵᠠ ᠲᠣᠬᠢᠶᠠᠯ ᠪᠣᠯᠭ᠋ᠠᠵᠤ᠂ AI ᠮᠡᠷᠭᠡᠵᠢᠯ ᠪᠠ ᠰᠢᠨᠵᠢᠯᠡᠭᠡᠨ᠎ᠤ ᠰᠠᠯᠠᠭ᠋ᠠᠨ᠎ᠤ ᠲᠤᠰᠬᠠᠢ ᠮᠡᠷᠭᠡᠵᠢᠯ᠎ᠤᠨ ᠭᠦᠨᠵᠡᠭᠡᠢ ᠠᠭᠤᠰᠤᠯᠴᠠᠭ᠎ᠠ ᠵᠢ ᠲᠦᠷᠭᠡᠳᠬᠡᠨ ᠠᠬᠢᠭᠤᠯᠵᠤ᠂ ᠥᠪᠡᠷᠲᠡᠭᠡᠨ ᠵᠠᠰᠠᠬᠤ ᠣᠷᠣᠨ᠎ᠤ  ᠲᠣᠭ᠋ᠠᠨ᠎ᠤ ᠬᠡᠪ ᠪᠣᠯᠪᠠᠰᠤᠷᠠᠯ ᠪᠠ ᠰᠢᠨ᠎ᠡ ᠵᠢ ᠡᠭᠦᠳᠬᠦ ᠴᠢᠳᠠᠪᠤᠷᠢ ᠵᠢ ᠬᠣᠣᠰᠯᠠᠭᠤᠯᠤᠭᠰᠠᠨ ᠬᠠᠮ ᠴᠢᠳᠠᠪᠤᠷᠢᠲᠠᠨ᠎ᠢ ᠬᠥᠮᠦᠵᠢᠭᠦᠯᠬᠦ ᠰᠠᠭᠤᠷᠢ ᠵᠢ ᠪᠡᠬᠢᠵᠢᠭᠦᠯᠦᠨ᠎ᠡ ᠭᠡᠵᠡᠭᠡᠪᠡ᠃

 

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠳ᠋ᠦ᠋ ᠬᠤᠢ ᠯᠢᠶᠠᠩ ᠨᠠᠷ ᠭᠢᠷᠢᠨ ᠶᠡᠬᠡ ᠰᠤᠷᠭ᠋ᠠᠭᠤᠯᠢ᠎ᠳᠤ ᠬᠦᠷᠴᠦ ᠰᠤᠷᠪᠤᠯᠵᠢᠯᠠᠨ ᠠᠵᠢᠯ ᠵᠶ᠋ᠠᠨ ᠵᠣᠯᠭ᠋ᠠᠭᠤᠯᠪᠠ
2025 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠶᠤᠲᠠᠳ᠎ᠤᠨ ᠠᠯᠠᠭ᠋ᠠᠳᠠᠬᠤ ᠪᠥᠮᠪᠥᠭᠡ ᠵᠢᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ (ᠵᠢᠩᠬᠢᠨᠢ ᠠᠩᠭᠢ ᠵᠢᠨ ᠳᠤᠭᠤᠶ᠋ᠢᠯᠠᠩ) ᠥᠨᠳᠦᠷᠯᠡᠪᠡ
2025 ᠣᠨ᠎ᠤ 《ᠵᠠᠭᠤᠨ ᠬᠤᠲᠠ ᠮᠢᠩᠭ᠋ᠠᠨ ᠰᠤᠷᠭ᠋ᠠᠭᠤᠯᠢ ᠲᠦᠮᠡᠨ ᠠᠵᠤ ᠠᠬᠤᠶ᠋ᠢᠯᠠᠯ》 ᠠᠵᠢᠯ ᠣᠯᠭᠤᠯᠲᠠ ᠵᠢ ᠠᠬᠢᠭᠤᠯᠬᠤ ᠰᠢᠷᠢᠰ ᠠᠵᠢᠯᠯᠠᠭ᠎ᠠ ᠡᠬᠢᠯᠡᠪᠡ ᠬᠦᠦᠳᠠᠭᠤᠯᠠ ᠠᠨ ᠷᠦᠩ ᠱᠧᠩ ᠣᠷᠣᠯᠴᠠᠵᠠᠢ
ᠶᠡᠭᠡ ᠳᠡᠭᠡᠳᠦ ᠰᠤᠷᠭ᠋ᠠᠭᠤᠯᠢ ᠲᠡᠭᠦᠰᠦᠭᠰᠡᠳ ᠨᠡᠮᠡᠭᠦᠷᠢ ᠠᠪᠬᠤ᠎ᠪᠠᠨ ᠪᠢᠲᠡᠭᠡᠢ ᠮᠠᠷᠲᠠᠭ᠋ᠠᠷᠠᠢ!
 
             蒙ICP备05000248号