ᠣᠶ᠋ᠢᠷ᠎ᠠ ᠵᠢᠨ ᠵᠢᠯ᠎ᠠᠴᠠ ᠨᠠᠭ᠋ᠠᠰᠢ᠂ ᠣᠷᠳᠣᠰ ᠬᠤᠳᠠ ᠬᠢᠮᠡᠯ ᠣᠶᠤᠨ᠎ᠢ ᠠᠰᠢᠭᠯᠠᠨ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠲᠣᠭᠲᠠᠴᠠ ᠵᠢ ᠪᠦᠬᠦ ᠲᠠᠯ᠎ᠠ᠎ᠪᠠᠷ ᠳᠡᠰ ᠳᠡᠪᠰᠢᠭᠦᠯᠦᠨ᠂ ᠰᠤᠷᠭ᠋ᠠᠨ ᠬᠥᠮᠦᠵᠢᠯ ᠪᠡᠶ᠎ᠡ ᠵᠢᠨ ᠲᠠᠮᠢᠷ᠎ᠤᠨ ᠰᠢᠰᠲ᠋ᠧᠮ᠎ᠤᠨ ᠠᠮᠤᠷ ᠲᠦᠪᠰᠢᠨ᠎ᠤ ᠬᠠᠮᠢᠶᠠᠷᠤᠯᠲᠠ ᠵᠢ ᠬᠠᠷᠢᠭᠤᠴᠠᠬᠤ ᠳᠣᠭᠲᠠᠯᠴᠠᠭ᠎ᠠ ᠵᠢ ᠪᠦᠬᠦ ᠲᠠᠯ᠎ᠠ᠎ᠪᠠᠷ ᠪᠠᠶ᠋ᠢᠭᠤᠯᠵᠤ᠂ ᠥᠷᠭᠡᠨ ᠣᠯᠠᠨ ᠰᠤᠷᠤᠭᠴᠢ᠎ᠳᠤ ᠠᠮᠤᠷ ᠲᠦᠪᠰᠢᠨ᠎ᠤ ᠪᠠᠲᠤ ᠪᠡᠬᠢ ᠬᠠᠯᠬᠠᠪᠴᠢ ᠵᠢ ᠪᠠᠶ᠋ᠢᠭᠤᠯᠵᠤ ᠥᠭᠪᠡ᠃
ᠣᠷᠳᠣᠰ ᠬᠤᠳᠠ ᠠᠶᠤᠯ ᠦᠭᠡᠢ ᠦᠢ᠍ᠯᠡᠳᠪᠦᠷᠢᠯᠡᠯ᠎ᠢ ᠦᠨᠳᠦᠰᠦ᠎ᠠᠴᠠ᠎ᠨᠢ ᠵᠠᠰᠠᠬᠤ ᠪᠣᠭᠣᠮᠲᠠ ᠰᠢᠪᠲᠤᠯᠬᠤ ᠭᠤᠷᠪᠠᠨ ᠵᠢᠯ᠎ᠤᠨ ᠠᠵᠢᠯᠯᠠᠭ᠎ᠠ᠎ᠲᠠᠢ ᠤᠶᠠᠯᠳᠤᠭᠤᠯᠤᠨ᠂ ᠠᠮᠤᠷ ᠲᠦᠪᠰᠢᠨ᠎ᠤ ᠠᠵᠢᠯ᠎ᠤᠨ ᠳᠣᠭᠲᠠᠯᠴᠠᠭ᠎ᠠ ᠵᠢ ᠰᠢᠰᠲ᠋ᠧᠮ᠎ᠲᠠᠢ ᠪᠠᠶ᠋ᠢᠭᠤᠯᠵᠤ᠂ 《ᠣᠷᠳᠣᠰ ᠬᠣᠲᠠ ᠵᠢᠨ ᠰᠤᠷᠭ᠋ᠠᠨ ᠬᠥᠮᠦᠵᠢᠯ ᠪᠡᠶ᠎ᠡ ᠵᠢᠨ ᠲᠠᠮᠢᠷ᠎ᠤᠨ ᠰᠢᠰᠲ᠋ᠧᠮ᠎ᠤᠨ 〈ᠭᠤᠷᠪᠠ ᠵᠢ ᠬᠠᠮᠢᠶᠠᠷᠬᠤ᠎ᠳᠤ ᠭᠤᠷᠪᠠᠨ ᠡᠷᠬᠡᠪᠰᠢ ᠵᠢ ᠪᠠᠷᠢᠮᠳᠠᠯᠬᠤ〉 ᠵᠢᠨ ᠬᠡᠷᠡᠭᠵᠢᠭᠦᠯᠬᠦ ᠠᠷᠭ᠎ᠠ》 ᠵᠢ ᠨᠡᠢ᠌ᠲᠡᠯᠡᠨ᠂ 《ᠬᠣᠶᠠᠷ ᠨᠠᠷᠢᠨ ᠳᠠᠩᠰᠠ》᠂ ᠲᠤᠬᠠᠶ᠋ᠢᠯᠠᠪᠠᠯ᠂ 《ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠠᠵᠢᠯ᠎ᠤᠨ ᠪᠠᠶ᠋ᠢᠷᠢ ᠵᠢᠨ ᠡᠭᠦᠷᠭᠡ ᠬᠠᠷᠢᠭᠤᠴᠠᠯᠭ᠎ᠠ ᠵᠢᠨ ᠨᠠᠷᠢᠨ ᠳᠠᠩᠰᠠ》 ᠪᠠ 《ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠡᠭᠦᠷᠭᠡ ᠬᠠᠷᠢᠭᠤᠴᠠᠯᠭ᠎ᠠ ᠵᠢᠨ ᠨᠠᠷᠢᠨ ᠳᠠᠩᠰᠠ》 ᠵᠢ ᠵᠣᠬᠢᠶᠠᠵᠤ᠂ ᠰᠤᠷᠭ᠋ᠠᠭᠤᠯᠢ ᠵᠢᠨ 40 ᠠᠵᠢᠯ᠎ᠤᠨ ᠪᠠᠶ᠋ᠢᠷᠢ ᠵᠢᠨ ᠪᠣᠳᠠᠲᠠᠢ ᠬᠠᠷᠢᠭᠤᠴᠠᠯᠭ᠋ᠠᠲᠠᠨ ᠵᠢᠴᠢ ᠠᠮᠤᠷ ᠲᠦᠪᠰᠢᠨ᠎ᠤ ᠠᠵᠢᠯ᠎ᠤᠨ ᠪᠠᠶ᠋ᠢᠷᠢ ᠵᠢᠨ ᠲᠤᠰᠢᠶᠠᠯ ᠬᠠᠷᠢᠭᠤᠴᠠᠯᠭ᠎ᠠ ᠵᠢ ᠲᠣᠳᠤᠷᠬᠠᠢ᠌ᠯᠠᠨ᠂ ᠰᠤᠷᠭ᠋ᠠᠭᠤᠯᠢ ᠵᠢᠨ ᠠᠮᠤᠷ ᠲᠦᠪᠰᠢᠨ᠎ᠤ ᠬᠠᠮᠢᠶᠠᠷᠤᠯᠲᠠ ᠵᠢᠨ 10 ᠲᠠᠯ᠎ᠠ ᠵᠢᠨ 807 ᠪᠣᠳᠠᠲᠠᠢ ᠠᠭᠤᠯᠭ᠎ᠠ ᠵᠢ ᠲᠣᠳᠣᠷᠬᠠᠶ᠋ᠢᠯᠠᠵᠤ᠂ 《ᠪᠦᠬᠦ ᠠᠵᠢᠯᠲᠠᠨ᠂ ᠪᠦᠬᠦ ᠲᠠᠯ᠎ᠠ᠂ ᠪᠦᠬᠦ ᠶᠠᠪᠤᠴᠠ》᠎ᠳᠤ ᠠᠮᠤᠷ ᠲᠦᠪᠰᠢᠨ᠎ᠤ ᠬᠠᠮᠢᠶᠠᠷᠤᠯᠲᠠ ᠵᠢ ᠪᠠᠢ᠌ᠷᠢᠯᠠᠭᠤᠯᠪᠠ᠃ ᠡᠭᠦᠨ᠎ᠤ ᠬᠠᠮᠲᠤ᠂ ᠰᠤᠷᠭ᠋ᠠᠭᠤᠯᠢ ᠵᠢᠨ ᠠᠮᠤᠷ ᠲᠦᠪᠰᠢᠨ᠎ᠤ ᠬᠠᠮᠢᠶᠠᠷᠤᠯᠲᠠ ᠵᠢ ᠲᠣᠣᠷᠵᠢᠭᠤᠯᠬᠤ ᠪᠠ ᠨᠠᠷᠢᠯᠢᠭᠵᠢᠭᠤᠯᠬᠤ ᠵᠢ ᠪᠦᠬᠦ ᠲᠠᠯ᠎ᠠ᠎ᠪᠠᠷ ᠠᠬᠢᠭᠤᠯᠵᠤ᠂ ᠬᠢᠮᠡᠯ ᠣᠶᠤᠨ᠎ᠢ ᠣᠷᠣᠭᠤᠯᠵᠤ᠂ 《ᠪᠦᠬᠦ ᠬᠣᠲᠠ ᠵᠢᠨ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠸᠢᠳᠢᠤ᠋ ᠵᠢ ᠲᠣᠣᠷᠵᠢᠭᠤᠯᠬᠤ ᠰᠢᠰᠲ᠋ᠧᠮ》 ᠵᠶ᠋ᠠᠷ ᠳᠠᠮᠵᠢᠭᠤᠯᠤᠨ᠂ ᠰᠤᠷᠭ᠋ᠠᠭᠤᠯᠢ᠂ ᠬᠡᠦᠬᠡᠳ᠎ᠤᠨ ᠴᠡᠴᠡᠷᠯᠢᠭ᠎ᠤᠨ ᠣᠯᠠᠨ ᠨᠡᠶ᠋ᠢᠲᠡ ᠵᠢᠨ ᠲᠠᠯᠠᠪᠤᠷ᠎ᠤᠨ ᠠᠬᠤᠢ ᠲᠠᠯᠠᠪᠠᠢ ᠵᠢᠨ ᠪᠤᠰᠤ ᠬᠢᠨᠠᠯᠲᠠ ᠬᠠᠮᠢᠶᠠᠷᠤᠯᠲᠠ ᠵᠢ ᠪᠡᠶᠡᠯᠡᠭᠦᠯᠵᠦ᠂ 86724 ᠸᠢᠳᠢᠤ᠋ ᠵᠢ ᠵᠠᠯᠭ᠋ᠠᠵᠤ᠂ ᠰᠤᠷᠭ᠋ᠠᠭᠤᠯᠢ ᠵᠢᠨ ᠵᠠᠯᠭ᠋ᠠᠭᠰᠠᠨ ᠨᠣᠷᠮ᠎ᠠ 100% ᠬᠦᠷᠴᠦ᠂ ᠸᠢᠳᠢᠤ᠋ ᠵᠢᠨ ᠰᠦᠯᠵᠢᠶᠡᠨ᠎ᠳᠤ ᠭᠠᠷᠤᠭᠰᠠᠨ ᠨᠣᠷᠮ᠎ᠠ 95% ᠵᠢ ᠳᠠᠪᠠᠨ᠂ ᠠᠮᠤᠷ ᠲᠦᠪᠰᠢᠨ᠎ᠤ ᠬᠠᠮᠢᠶᠠᠷᠤᠯᠲᠠ ᠵᠢᠨ ᠣᠨᠣᠪᠴᠢ ᠵᠢᠨ ᠬᠡᠮᠵᠢᠶ᠎ᠡ ᠪᠠ ᠴᠠᠭ ᠬᠤᠭᠤᠴᠠᠭ᠋ᠠᠲᠤ ᠴᠢᠨᠠᠷ᠎ᠢ ᠪᠦᠬᠦ ᠲᠠᠯ᠎ᠠ᠎ᠪᠠᠷ ᠳᠡᠭᠡᠭᠰᠢᠯᠡᠭᠦᠯᠪᠡ᠃
ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠳᠠᠯᠳᠠ ᠭᠡᠮ᠎ᠢ ᠵᠢᠭᠰᠠᠭ᠋ᠠᠨ ᠪᠠᠶ᠋ᠢᠴᠠᠭ᠋ᠠᠬᠤ ᠲᠠᠯ᠎ᠠ᠎ᠪᠠᠷ᠂ 《ᠰᠤᠷᠭ᠋ᠠᠭᠤᠯᠢ ᠵᠢᠨ ᠠᠮᠤᠷ ᠲᠦᠪᠰᠢᠨ᠎ᠤ ᠲᠦᠭᠰᠢᠭᠦᠷᠢ ᠵᠢ ᠳᠡᠰ ᠬᠤᠪᠢᠶᠠᠨ ᠬᠠᠮᠢᠶᠠᠷᠤᠨ ᠡᠵᠡᠮᠳᠡᠬᠦ ᠪᠠ ᠳᠠᠯᠳᠠ ᠭᠡᠮ᠎ᠢ ᠵᠢᠭᠰᠠᠭ᠋ᠠᠨ ᠪᠠᠶ᠋ᠢᠴᠠᠭ᠋ᠠᠵᠤ ᠵᠠᠰᠠᠬᠤ ᠳᠣᠭᠲᠠᠯᠴᠠᠭ᠎ᠠ ᠵᠢᠨ ᠵᠢᠯᠣᠭᠣᠳᠬᠤ ᠭᠠᠷ ᠠᠪᠤᠯᠭ᠎ᠠ》 ᠵᠢ ᠵᠣᠬᠢᠶᠠᠵᠤ᠂ ᠰᠤᠷᠭ᠋ᠠᠨ ᠬᠥᠮᠦᠵᠢᠯ ᠪᠡᠶ᠎ᠡ ᠵᠢᠨ ᠲᠠᠮᠢᠷ᠎ᠤᠨ ᠰᠢᠰᠲ᠋ᠧᠮ᠎ᠤᠨ ᠠᠮᠤᠷ ᠲᠦᠪᠰᠢᠨ᠎ᠤ ᠳᠠᠯᠳᠠ ᠭᠡᠮ᠎ᠤᠨ 14 ᠲᠥᠷᠥᠯ 43 ᠵᠦᠢ᠍ᠯ᠎ᠤᠨ ᠭᠣᠣᠯᠳᠠᠯᠭ᠎ᠠ᠎ᠲᠠᠢ ᠠᠭᠤᠯᠭ᠎ᠠ᠎ᠲᠠᠢ ᠤᠶᠠᠯᠳᠤᠭᠤᠯᠤᠨ᠂ ᠰᠤᠷᠭ᠋ᠠᠭᠤᠯᠢ ᠵᠢᠨ ᠠᠮᠤᠷ ᠲᠦᠪᠰᠢᠨ᠎ᠤ ᠲᠦᠭᠰᠢᠭᠦᠷᠢ ᠵᠢ ᠢᠯᠭ᠋ᠠᠨ ᠲᠠᠨᠢᠵᠤ ᠬᠠᠮᠢᠶᠠᠷᠤᠨ ᠡᠵᠡᠮᠳᠡᠬᠦ ᠨᠠᠷᠢᠨ ᠳᠠᠩᠰᠠ ᠵᠢ ᠪᠠᠢ᠌ᠭᠤᠯᠪᠠ᠃ ᠬᠢᠮᠡᠯ ᠣᠶᠤᠨ᠎ᠤ ᠳᠤᠰᠠᠯᠠᠮᠵᠢ ᠵᠢ ᠠᠰᠢᠭᠯᠠᠨ ᠠᠮᠤᠷ ᠲᠦᠪᠰᠢᠨ᠎ᠤ ᠳᠠᠯᠳᠠ ᠭᠡᠮ᠎ᠢ ᠵᠢᠭᠰᠠᠭ᠋ᠠᠨ ᠪᠠᠶ᠋ᠢᠴᠠᠭ᠋ᠠᠵᠤ᠂ ᠰᠤᠷᠤᠯᠭ᠎ᠠ ᠵᠢᠨ ᠬᠤᠭᠤᠴᠠᠭ᠎ᠠ ᠪᠦᠷᠢ ᠵᠢᠨ ᠰᠤᠷᠭ᠋ᠠᠭᠤᠯᠢ ᠡᠬᠢᠯᠡᠬᠦ᠎ᠠᠴᠠ ᠬᠣᠶᠠᠷ ᠭᠠᠷᠠᠭ᠎ᠤᠨ ᠡᠮᠦᠨ᠎ᠡ᠂ ᠱᠦᠵᠢ᠂ ᠰᠤᠷᠭ᠋ᠠᠭᠤᠯᠢ ᠵᠢᠨ ᠵᠠᠬᠢᠷᠤᠯ ᠪᠡᠶ᠎ᠡ᠎ᠪᠠᠷ ᠵᠶ᠋ᠠᠨ ᠳᠠᠭ᠋ᠠᠭᠤᠯᠵᠤ᠂ ᠪᠦᠬᠦ ᠲᠠᠯ᠎ᠠ᠎ᠪᠠᠷ᠂ ᠥᠨᠴᠥᠭ ᠪᠤᠯᠤᠩ ᠦᠯᠡᠳᠡᠭᠡᠯ ᠦᠭᠡᠢ ᠵᠢᠭᠰᠠᠭ᠋ᠠᠨ ᠪᠠᠢ᠌ᠴᠠᠭ᠋ᠠᠵᠤ᠂ ᠳᠠᠯᠳᠠ ᠭᠡᠮ᠎ᠢ ᠡᠷᠲᠡ ᠢᠯᠡᠷᠡᠭᠦᠯᠦᠨ᠂ ᠡᠷᠲᠡ ᠴᠡᠭᠴᠡᠯᠡᠨ ᠵᠠᠰᠠᠬᠤ ᠵᠢ ᠦᠨᠡᠨ ᠬᠦ᠌ ᠪᠠᠲᠤᠯᠠᠪᠠ᠃
ᠵᠥᠷᠢᠴᠡᠯ ᠪᠠ ᠠᠶᠤᠯ ᠲᠦᠭᠰᠢᠭᠦᠷᠢ ᠵᠢ ᠨᠠᠮᠬᠠᠳᠬᠠᠬᠤ ᠲᠠᠯ᠎ᠠ᠎ᠪᠠᠷ᠂ ᠲᠤᠰᠬᠠᠢ ᠵᠠᠰᠠᠬᠤ ᠠᠵᠢᠯ᠎ᠤᠨ ᠲᠥᠰᠦᠯ᠎ᠢ ᠲᠣᠭᠲᠠᠭ᠋ᠠᠵᠤ᠂ 5 ᠵᠦᠢ᠍ᠯ᠎ᠤᠨ ᠭᠣᠣᠯᠳᠠᠯᠭ᠎ᠠ᠎ᠲᠠᠢ ᠡᠭᠦᠷᠭᠡ ᠵᠢᠨ ᠲᠣᠭᠣᠷᠢᠨ᠎ᠳᠤ 12 ᠲᠥᠷᠥᠯ᠎ᠤᠨ 52 ᠠᠶᠤᠯ ᠲᠦᠭᠰᠢᠭᠦᠷᠢ ᠵᠢᠨ ᠴᠡᠭ᠎ᠢ ᠡᠮᠬᠢᠯᠡᠵᠦ᠂ ᠤᠳᠤᠷᠢᠳᠬᠤ ᠳᠤᠭᠤᠶ᠋ᠢᠯᠠᠩ ᠪᠠ 4 ᠠᠵᠢᠯ᠎ᠤᠨ ᠲᠤᠰᠬᠠᠢ ᠠᠩᠭᠢ ᠪᠠᠶ᠋ᠢᠭᠤᠯᠤᠨ᠂ ᠵᠢᠭᠰᠠᠭ᠋ᠠᠨ ᠪᠠᠶ᠋ᠢᠴᠠᠭ᠋ᠠᠵᠤ ᠴᠡᠭᠴᠡᠯᠡᠨ ᠵᠠᠰᠠᠬᠤ ᠠᠵᠢᠯ᠎ᠢ ᠱᠠᠲᠤ ᠬᠤᠪᠢᠶᠠᠨ ᠠᠬᠢᠭᠤᠯᠪᠠ᠃ ᠬᠢᠮᠡᠯ ᠣᠶᠤᠨ᠎ᠤ ᠳᠤᠰᠠᠯᠠᠮᠵᠢ᠎ᠪᠠᠷ ᠵᠠᠳᠠᠯᠵᠤ᠂ ᠠᠶᠤᠯ ᠲᠦᠭᠰᠢᠭᠦᠷᠢ ᠵᠢᠨ ᠴᠡᠭ᠎ᠢ ᠣᠨᠣᠪᠴᠢᠲᠠᠢ ᠢᠯᠭ᠋ᠠᠨ ᠲᠠᠨᠢᠵᠤ᠂ ᠵᠥᠷᠢᠴᠡᠯ ᠪᠠ ᠵᠢᠭᠤᠷᠠᠯᠳᠤᠭ᠋ᠠᠨ᠎ᠢ ᠳᠠᠷᠤᠢ᠎ᠳᠤ᠎ᠨᠢ ᠨᠠᠮᠬᠠᠳᠬᠠᠵᠤ᠂ ᠰᠤᠷᠭ᠋ᠠᠭᠤᠯᠢ ᠵᠢᠨ ᠬᠦᠷᠢᠶᠡᠨ᠎ᠤ ᠡᠶ᠎ᠡ ᠵᠣᠬᠢᠴᠠᠯ᠎ᠲᠠᠢ ᠲᠣᠭᠲᠠᠭᠤᠨ᠎ᠢ ᠦᠨᠡᠨ ᠬᠦ᠌ ᠪᠠᠲᠤᠯᠠᠪᠠ᠃
ᠠᠮᠤᠷ ᠲᠦᠪᠰᠢᠨ᠎ᠤ ᠬᠥᠮᠦᠵᠢᠯ᠎ᠢ ᠲᠦᠭᠡᠮᠡᠯᠵᠢᠭᠦᠯᠦᠨ ᠳᠡᠭᠡᠭᠰᠢᠯᠡᠭᠦᠯᠬᠦ ᠲᠠᠯ᠎ᠠ᠎ᠪᠠᠷ᠂ ᠠᠮᠤᠷ ᠲᠦᠪᠰᠢᠨ᠎ᠤ ᠬᠥᠮᠦᠵᠢᠯ᠎ᠢ ᠪᠠᠶ᠋ᠢᠩᠭᠤ ᠬᠡᠷᠡᠭᠵᠢᠭᠦᠯᠬᠦ ᠵᠢ ᠪᠠᠷᠢᠮᠲᠠᠯᠠᠵᠤ᠂ ᠠᠮᠤᠷ ᠲᠦᠪᠰᠢᠨ᠎ᠤ ᠬᠥᠮᠦᠵᠢᠯ᠎ᠤᠨ ᠬᠢᠴᠢᠶᠡᠯ᠎ᠢ ᠣᠷᠣᠨ ᠨᠤᠲᠤᠭ᠎ᠤᠨ ᠬᠢᠴᠢᠶᠡᠯ᠎ᠤᠨ ᠵᠢᠭ᠋ᠠᠨ ᠰᠤᠷᠭ᠋ᠠᠯᠲᠠ ᠵᠢᠨ ᠲᠥᠯᠥᠪᠯᠡᠭᠡ᠎ᠳᠤ ᠣᠷᠣᠭᠤᠯᠬᠤ ᠵᠢᠨ ᠬᠠᠮᠲᠤ 《ᠢᠨᠲ᠋ᠧᠷ ᠰᠦᠯᠵᠢᠶ᠎ᠡ + ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠬᠠᠮᠢᠶᠠᠷᠤᠯᠲᠠ》 ᠵᠢᠨ ᠵᠠᠭᠪᠤᠷ ᠵᠶ᠋ᠠᠷ ᠳᠠᠮᠵᠢᠭᠤᠯᠤᠨ᠂ ᠠᠮᠤᠷ ᠲᠦᠪᠰᠢᠨ᠎ᠤ ᠬᠥᠮᠦᠵᠢᠯ᠎ᠢ ᠰᠦᠯᠵᠢᠶᠡᠵᠢᠭᠦᠯᠬᠦ ᠪᠠ ᠤᠶᠤᠨᠴᠢᠯᠠᠬᠤ ᠵᠢ ᠪᠡᠶᠡᠯᠡᠭᠦᠯᠪᠡ᠃ ᠰᠤᠷᠤᠭᠴᠢᠳ ᠭᠠᠷ ᠤᠲᠠᠰᠤ ᠪᠤᠶᠤ ᠺᠣᠮᠫᠢᠦ᠋ᠲ᠋ᠧᠷ ᠵᠶ᠋ᠠᠷ ᠳᠠᠮᠵᠢᠭᠤᠯᠤᠨ᠂ ᠠᠮᠤᠷ ᠲᠦᠪᠰᠢᠨ᠎ᠤ ᠮᠡᠳᠡᠯᠭᠡ ᠵᠢ ᠰᠤᠷᠤᠯᠴᠠᠵᠤ᠂ ᠥᠪᠡᠷ᠎ᠢ᠎ᠪᠠᠨ ᠬᠠᠮᠠᠭ᠋ᠠᠯᠠᠬᠤ ᠴᠢᠳᠠᠪᠤᠷᠢ᠎ᠪᠠᠨ ᠳᠡᠭᠡᠭᠰᠢᠯᠡᠭᠦᠯᠪᠡ᠃
ᠳᠠᠷᠠᠭ᠎ᠠ ᠠᠯᠬᠤᠮ᠎ᠳᠤ᠂ ᠣᠷᠳᠣᠰ ᠬᠤᠳᠠ AI ᠮᠡᠷᠭᠡᠵᠢᠯ᠎ᠤᠨ ᠬᠡᠷᠡᠭᠯᠡᠯᠲᠡ ᠵᠢ ᠦᠷᠭᠦᠯᠵᠢᠯᠡᠨ ᠭᠦᠨᠵᠡᠭᠡᠶ᠋ᠢᠷᠡᠭᠦᠯᠵᠦ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠢ ᠵᠢᠷᠤᠮᠵᠢᠭᠤᠯᠬᠤ᠂ ᠪᠠᠷᠢᠮᠵᠢᠶᠠᠵᠢᠭᠤᠯᠬᠤ᠂ ᠤᠶᠤᠨᠴᠢᠯᠠᠬᠤ ᠪᠠᠶ᠋ᠢᠭᠤᠯᠤᠯᠲᠠ ᠵᠢ ᠠᠬᠢᠭᠤᠯᠤᠨ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠢ ᠴᠠᠭ ᠢᠮᠠᠭᠲᠠ ᠴᠢᠩᠭ᠎ᠠ ᠠᠳᠬᠤᠵᠤ᠂ ᠣᠶᠤᠨ ᠤᠬᠠᠭ᠋ᠠᠨ ᠵᠶ᠋ᠠᠷ ᠰᠤᠷᠭ᠋ᠠᠭᠤᠯᠢ ᠵᠢᠨ ᠬᠦᠷᠢᠶ᠎ᠡ ᠵᠢ ᠤᠮᠳᠠᠯᠠᠵᠤ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ ᠵᠶ᠋ᠠᠷ ᠠᠮᠤᠷ ᠲᠦᠪᠰᠢᠨ᠎ᠢ ᠪᠠᠲᠤᠯᠠᠨ᠂ 《ᠪᠣᠳᠠᠰ ᠵᠶ᠋ᠠᠷ ᠰᠡᠷᠭᠡᠢ᠌ᠯᠡᠬᠦ + ᠮᠡᠷᠭᠡᠵᠢᠯ ᠵᠶ᠋ᠠᠷ ᠰᠡᠷᠭᠡᠶ᠋ᠢᠯᠡᠬᠦ + ᠬᠥᠮᠦᠨ ᠵᠶ᠋ᠠᠷ ᠰᠡᠷᠭᠡᠢ᠌ᠯᠡᠬᠦ》 ᠭᠤᠷᠪᠠᠨ ᠰᠡᠷᠭᠡᠶ᠋ᠢᠯᠡᠯᠲᠡ ᠵᠢ ᠵᠡᠷᠭᠡ᠎ᠪᠠᠷ ᠠᠳᠬᠤᠨ᠂ 《ᠰᠤᠷᠭ᠋ᠠᠭᠤᠯᠢ ᠵᠢ ᠬᠠᠮᠠᠭ᠋ᠠᠯᠠᠵᠤ ᠬᠡᠦᠬᠡᠳ᠎ᠤᠨ ᠴᠡᠴᠡᠷᠯᠢᠭ᠎ᠢ ᠠᠮᠤᠷᠵᠢᠭᠤᠯᠬᠤ》 ᠠᠵᠢᠯ᠎ᠤᠨ ᠰᠠᠭᠤᠷᠢ ᠵᠢ ᠪᠡᠬᠢᠵᠢᠭᠦᠯᠵᠦ᠂ ᠠᠮᠤᠷ ᠲᠠᠢ᠌ᠪᠤᠭᠤᠨ ᠰᠤᠷᠭ᠋ᠠᠭᠤᠯᠢ ᠵᠢᠨ ᠬᠦᠷᠢᠶᠡᠨ᠎ᠤ ᠰᠢᠨ᠎ᠡ ᠬᠡᠪ ᠳᠠᠭᠤᠷᠢᠶᠠᠯ᠎ᠢ ᠴᠢᠷᠮᠠᠶ᠋ᠢᠨ ᠪᠠᠢ᠌ᠭᠤᠯᠤᠨ᠎ᠠ᠃