ᠣᠶ᠋ᠢᠷ᠎ᠠ ᠵᠢᠨ ᠵᠢᠯ᠂ ᠣᠷᠳᠣᠰ ᠬᠤᠳᠠ ᠳᠤᠲᠠᠭᠤᠳᠠᠯ᠎ᠢ ᠨᠥᠬᠥᠪᠥᠷᠢᠯᠡᠬᠦ᠂ ᠪᠦᠲᠦᠴᠡ ᠵᠢ ᠲᠣᠬᠢᠷᠠᠭᠤᠯᠬᠤ᠂ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ᠂ ᠲᠡᠩᠴᠡᠭᠦᠷᠢᠲᠡᠢ ᠪᠠᠶ᠋ᠢᠯᠭ᠋ᠠᠬᠤ ᠵᠢ ᠬᠦᠴᠦᠯᠡᠨ ᠠᠬᠢᠭᠤᠯᠵᠤ᠂ ᠰᠤᠷᠭ᠋ᠠᠨ ᠬᠥᠮᠦᠵᠢᠯ᠎ᠤᠨ ᠴᠢᠨᠠᠷᠯᠢᠭ ᠬᠥᠭᠵᠢᠯᠲᠡ ᠵᠢ ᠦᠷᠭᠦᠯᠵᠢᠯᠡᠨ ᠠᠬᠢᠭᠤᠯᠵᠤ᠂ ᠰᠤᠷᠭ᠋ᠠᠭᠤᠯᠢ ᠵᠢᠨ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠤᠨ ᠲᠠᠯ᠎ᠠ᠎ᠪᠠᠷ 《ᠬᠣᠶᠠᠷ ᠬᠥᠨᠳᠡᠯᠡᠨ ᠭᠤᠷᠪᠠᠨ ᠭᠤᠯᠳᠤ》 ᠠᠵᠢᠯ᠎ᠤᠨ ᠠᠷᠭ᠎ᠠ ᠵᠢ ᠲᠣᠭᠲᠠᠭ᠋ᠠᠵᠤ᠂ ᠰᠠᠶ᠋ᠢᠨ ᠦᠷ᠎ᠡ ᠪᠦᠲᠦᠮᠵᠢ ᠣᠯᠪᠠ᠃
ᠨᠢᠭᠡ ᠲᠠᠯ᠎ᠠ᠎ᠪᠠᠷ᠂ ᠬᠥᠨᠳᠡᠯᠡᠨ ᠴᠢᠭᠯᠡᠯ ᠵᠶ᠋ᠠᠷ ᠬᠠᠮᠵᠢᠯᠴᠠᠵᠤ᠂ ᠴᠢᠨᠠᠷᠯᠢᠭ ᠡᠬᠢ ᠪᠠᠶᠠᠯᠢᠭ ᠢ ᠬᠠᠮᠲᠤ᠎ᠳᠤ᠎ᠪᠠᠨ ᠡᠳ᠋ᠯᠡᠪᠡ᠃ ᠨᠢᠭᠡ᠎ᠳᠤ᠂ ᠭᠡᠷ ᠪᠥᠯᠢ ᠪᠠ ᠬᠡᠦᠬᠡᠳ᠎ᠤᠨ ᠴᠡᠴᠡᠷᠯᠢᠭ ᠬᠠᠮᠲᠤ᠎ᠳᠤ᠎ᠪᠠᠨ ᠬᠥᠮᠥᠵᠢᠭᠦᠯᠬᠦ᠂ 《ᠪᠦᠬᠦ ᠬᠣᠲᠠ ᠵᠢᠨ ᠭᠡᠷ ᠪᠥᠯᠢ ᠪᠠ ᠬᠡᠦᠬᠡᠳ᠎ᠤᠨ ᠴᠡᠴᠡᠷᠯᠢᠭ ᠬᠠᠮᠲᠤ᠎ᠳᠤ᠎ᠪᠠᠨ ᠬᠥᠮᠥᠵᠢᠭᠦᠯᠬᠦ ᠬᠢᠴᠢᠶᠡᠯ᠎ᠤᠨ ᠬᠡᠷᠡᠭᠵᠢᠭᠦᠯᠬᠦ ᠲᠥᠰᠦᠯ》᠎ᠢ ᠲᠣᠭᠲᠠᠭ᠋ᠠᠨ ᠳᠠᠷᠤᠮᠠᠯᠯᠠᠨ ᠲᠠᠷᠬᠠᠭ᠋ᠠᠵᠤ᠂ 《ᠭᠡᠷ ᠪᠦᠯᠢ ᠬᠡᠦᠬᠡᠳ᠎ᠤᠨ ᠴᠡᠴᠡᠷᠯᠢᠭ ᠨᠡᠢ᠌ᠭᠡᠮ》 ᠬᠠᠮᠵᠢᠯᠴᠠᠨ ᠬᠥᠮᠦᠨ ᠬᠥᠮᠥᠵᠢᠭᠦᠯᠬᠦ ᠵᠢ ᠬᠡᠦᠬᠡᠳ᠎ᠤᠨ ᠴᠡᠴᠡᠷᠯᠢᠭ᠎ᠤᠨ ᠬᠢᠴᠢᠶᠡᠯ᠎ᠤᠨ ᠪᠠᠶ᠋ᠢᠭᠤᠯᠤᠯᠲᠠ ᠪᠠ ᠬᠣᠲᠠ᠎ᠠᠴᠠ ᠬᠣᠰᠢᠭᠤ ᠲᠣᠭᠣᠷᠢᠭ᠎ᠢ ᠦᠨᠡᠯᠡᠨ ᠵᠢᠱ᠌ᠢᠵᠦ ᠰᠢᠯᠭ᠋ᠠᠨ ᠬᠢᠨᠠᠬᠤ᠎ᠳᠤ ᠣᠷᠣᠭᠤᠯᠪᠠ; 《ᠳᠤᠯᠠᠭ᠋ᠠᠨ ᠬᠤᠳᠠ ᠵᠢᠨ ᠭᠡᠷ᠎ᠤᠨ ᠰᠤᠷᠭ᠋ᠠᠯ》 ᠭᠡᠬᠦ ᠰᠤᠷᠭ᠋ᠠᠭᠤᠯᠢ ᠭᠡᠷ ᠪᠦᠯᠢ ᠨᠡᠶ᠋ᠢᠭᠡᠮ ᠬᠠᠮᠵᠢᠯᠴᠠᠨ ᠬᠥᠮᠦᠨ ᠬᠥᠮᠥᠵᠢᠭᠦᠯᠵᠦ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠠᠵᠢᠯᠯᠠᠭ᠎ᠠ ᠵᠢ ᠶᠠᠪᠤᠭᠳᠠᠭᠤᠯᠤᠨ᠂ ᠠᠩᠭᠢ ᠵᠢᠨ ᠡᠷᠬᠢᠯᠡᠭᠴᠢ ᠵᠢᠨ ᠦᠨᠳᠦᠰᠦᠨ ᠴᠢᠳᠠᠪᠤᠷᠢ᠂ ᠠᠩᠭᠢ ᠵᠢᠨ ᠡᠷᠬᠢᠯᠡᠭᠴᠢ ᠵᠢᠨ ᠳᠠᠭ᠋ᠠᠭᠤᠯᠤᠭᠴᠢ᠂ ᠬᠠᠯᠠᠭᠤᠨ ᠳᠤᠯᠠᠭ᠋ᠠᠨ ᠠᠩᠭᠢ ᠵᠡᠷᠭᠡ ᠰᠢᠯᠭ᠋ᠠᠷᠠᠭᠤᠯᠬᠤ ᠠᠵᠢᠯᠯᠠᠭ᠎ᠠ ᠵᠢ ᠥᠷᠨᠢᠭᠦᠯᠵᠦ᠂ ᠪᠠᠭᠰᠢ ᠵᠢᠨ ᠭᠡᠷ ᠪᠥᠯᠢ ᠪᠠ ᠬᠡᠦᠬᠡᠳ᠎ᠤᠨ ᠴᠡᠴᠡᠷᠯᠢᠭ ᠬᠠᠮᠲᠤ᠎ᠳᠤ᠎ᠪᠠᠨ ᠬᠥᠮᠥᠵᠢᠭᠦᠯᠬᠦ ᠠᠵᠢᠯ᠎ᠤᠨ ᠴᠢᠳᠠᠪᠤᠷᠢ ᠵᠢ ᠦᠷᠭᠦᠯᠵᠢᠯᠡᠨ ᠳᠡᠭᠡᠭᠰᠢᠯᠡᠭᠦᠯᠪᠡ᠃ 《ᠠᠷᠪᠠᠨ ᠳᠥᠷᠪᠡᠳᠦᠭᠡᠷ ᠲᠠᠪᠤᠨ ᠵᠢᠯ》᠎ᠠᠴᠠ ᠨᠠᠭ᠋ᠠᠰᠢ 1300 ᠭᠠᠷᠤᠢ ᠪᠠᠭᠰᠢ ᠰᠢᠯᠭ᠋ᠠᠷᠠᠭᠤᠯᠤᠯᠲᠠ᠎ᠳᠤ ᠣᠷᠣᠯᠴᠠᠪᠠ᠃ ᠬᠣᠶᠠᠷ᠎ᠲᠤ᠂ ᠬᠠᠮᠲᠤᠷᠠᠨ ᠠᠵᠢᠯᠯᠠᠵᠤ ᠬᠠᠮᠲᠤ᠎ᠳᠤ᠎ᠪᠠᠨ ᠪᠠᠶ᠋ᠢᠭᠤᠯᠵᠤ᠂ ᠬᠡᠦᠬᠡᠳ᠎ᠤᠨ ᠴᠡᠴᠡᠷᠯᠢᠭ᠎ᠤᠨ ᠬᠣᠭᠣᠷᠣᠨᠳᠣᠬᠢ ᠦᠢ᠍ᠯᠡᠳᠦᠯᠴᠡᠨ ᠰᠣᠯᠢᠯᠴᠠᠬᠤ᠂ 《ᠢᠨᠲ᠋ᠧᠷ ᠰᠦᠯᠵᠢᠶ᠎ᠡ + ᠬᠣᠲᠠ ᠬᠥᠳᠡᠭᠡ ᠵᠢᠨ ᠰᠤᠷᠭ᠋ᠠᠨ ᠬᠥᠮᠦᠵᠢᠯ ᠬᠠᠮᠵᠢᠯᠴᠠᠨ ᠬᠥᠭᠵᠢᠬᠦ》 ᠵᠡᠷᠭᠡ ᠵᠢ ᠥᠷᠨᠢᠭᠦᠯᠵᠦ᠂ ᠣᠷᠣᠨ ᠪᠦᠰᠡ ᠵᠢᠨ ᠬᠣᠭᠣᠷᠣᠨᠳᠣᠬᠢ ᠲᠤᠷᠰᠢᠯᠭ᠎ᠠ᠎ᠪᠠᠨ ᠬᠤᠪᠢᠶᠠᠯᠴᠠᠬᠤ᠂ ᠬᠠᠮᠲᠤᠷᠠᠨ ᠵᠢᠭ᠋ᠠᠬᠤ ᠵᠢ ᠰᠤᠳᠤᠯᠬᠤ ᠪᠠ ᠠᠵᠢᠯ ᠤᠨ ᠪᠠᠶ᠋ᠢᠷᠢ ᠳᠠᠭ᠋ᠠᠵᠤ ᠰᠤᠷᠤᠯᠴᠠᠬᠤ ᠵᠡᠷᠭᠡ ᠠᠷᠭ᠎ᠠ ᠮᠠᠶᠢᠭ ᠵᠶ᠋ᠠᠷ ᠳᠠᠮᠵᠢᠭᠤᠯᠤᠨ᠂ ᠬᠣᠷᠰᠢᠯᠴᠠᠨ ᠬᠠᠮᠲᠤ᠎ᠳᠤ᠎ᠪᠠᠨ ᠪᠠᠶ᠋ᠢᠭᠤᠯᠬᠤ ᠵᠢ ᠵᠢᠯᠣᠭᠣᠳᠴᠤ᠂ ᠬᠡᠦᠬᠡᠳ᠎ᠤᠨ ᠴᠡᠴᠡᠷᠯᠢᠭ᠎ᠤᠨ ᠬᠣᠭᠣᠷᠣᠨᠳᠣᠬᠢ᠂ ᠣᠷᠣᠨ ᠪᠦᠰᠡ᠂ ᠬᠣᠲᠠ ᠬᠥᠳᠡᠭᠡ ᠵᠢᠨ ᠵᠥᠷᠢᠶ᠎ᠡ ᠵᠢ ᠪᠠᠭ᠋ᠠᠰᠬᠠᠵᠤ᠂ ᠰᠤᠷᠭ᠋ᠠᠭᠤᠯᠢ ᠵᠢᠨ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠤᠨ ᠴᠢᠨᠠᠷᠯᠢᠭ ᠮᠥᠷᠲᠡᠭᠡᠨ ᠲᠡᠩᠴᠡᠭᠦᠷᠢᠲᠡᠢ ᠬᠥᠭᠵᠢᠯᠲᠡ ᠵᠢ ᠠᠬᠢᠭᠤᠯᠪᠠ᠃ ᠣᠳᠣᠬᠠᠨ᠎ᠳᠤ᠂ ᠪᠦᠬᠦ ᠬᠣᠲᠠ᠎ᠳᠤ 300 ᠬᠡᠦᠬᠡᠳ᠎ᠤᠨ ᠴᠡᠴᠡᠷᠯᠢᠭ ᠪᠣᠯᠤᠨ ᠬᠣᠲᠠ ᠵᠢᠨ ᠳᠣᠲᠣᠨ᠎ᠠ ᠭᠠᠳᠠᠨᠠᠬᠢ ᠬᠡᠦᠬᠡᠳ᠎ᠤᠨ ᠴᠡᠴᠡᠷᠯᠢᠭ ᠬᠣᠷᠰᠢᠶᠠᠯᠠᠵᠤ᠂ ᠬᠣᠷᠰᠢᠶᠠᠯᠠᠵᠤ ᠬᠠᠮᠲᠤᠷᠠᠨ ᠪᠠᠢ᠌ᠭᠤᠯᠬᠤ ᠨᠢᠭᠡᠨᠲᠡ ᠪᠦᠬᠦᠨ᠎ᠢ ᠬᠠᠮᠤᠷᠬᠤ ᠵᠢ ᠪᠡᠶᠡᠯᠡᠭᠦᠯᠪᠡ᠃
ᠨᠥᠭᠥᠭᠡ ᠲᠠᠯ᠎ᠠ᠎ᠪᠠᠷ᠂ ᠭᠤᠯᠳᠤ ᠴᠢᠭᠯᠡᠯ ᠵᠶ᠋ᠠᠷ ᠨᠡᠪᠲᠡᠷᠡᠭᠦᠯᠵᠦ᠂ ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠬᠤ ᠵᠢ ᠦᠨᠡᠨ ᠬᠦ᠌ ᠪᠠᠲᠤᠯᠠᠪᠠ᠃ ᠨᠢᠭᠡ᠎ᠳᠤ᠂ ᠠᠵᠢᠯᠯᠠᠬᠤ ᠲᠠᠰᠤᠭ ᠬᠣᠯᠪᠤᠯᠳᠤᠨ ᠬᠥᠳᠡᠯᠦᠯᠴᠡᠵᠦ᠂ ᠨᠠᠷᠠᠲᠤ ᠬᠡᠦᠬᠡᠳ᠎ᠤᠨ ᠴᠡᠴᠡᠷᠯᠢᠭ᠎ᠤᠨ ᠳᠠᠷᠤᠭ᠎ᠠ᠂ ᠨᠠᠷᠠᠲᠤ ᠠᠩᠭᠢ ᠵᠢᠨ ᠡᠷᠬᠢᠯᠡᠭᠴᠢ᠂ ᠨᠡᠷᠡᠲᠦ ᠪᠠᠭᠰᠢ ᠵᠡᠷᠭᠡ ᠵᠢᠨ ᠠᠵᠢᠯᠯᠠᠬᠤ ᠭᠠᠵᠠᠷ᠎ᠢ ᠪᠠᠶ᠋ᠢᠭᠤᠯᠵᠤ᠂ ᠪᠠᠭᠰᠢ ᠵᠢᠨ ᠲᠤᠰᠬᠠᠢ ᠰᠡᠳᠦᠪᠲᠦ ᠰᠤᠳᠤᠯᠤᠨ ᠰᠤᠷᠤᠯᠴᠠᠬᠤ ᠠᠵᠢᠯᠯᠠᠭ᠎ᠠ ᠵᠢ ᠪᠠᠶ᠋ᠢᠩᠭᠤᠵᠢᠭᠤᠯᠤᠨ ᠥᠷᠨᠢᠭᠦᠯᠪᠡ᠃ ᠬᠣᠲᠠ ᠵᠢᠨ ᠳᠡᠰ᠂ ᠬᠣᠰᠢᠭᠤ ᠲᠣᠭᠣᠷᠢᠭ᠎ᠤᠨ ᠲᠠᠰ᠂ ᠬᠡᠦᠬᠡᠳ᠎ᠤᠨ ᠴᠡᠴᠡᠷᠯᠢᠭ᠎ᠤᠨ ᠳᠡᠰ᠎ᠤᠨ ᠰᠤᠷᠭ᠋ᠠᠭᠤᠯᠢ ᠵᠢᠨ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠤᠨ ᠠᠵᠢᠯᠯᠠᠬᠤ ᠭᠠᠵᠠᠷ 67 ᠵᠢ ᠪᠠᠶ᠋ᠢᠭᠤᠯᠵᠤ᠂ ᠠᠵᠢᠯ᠎ᠤᠨ ᠬᠠᠷᠠᠯᠲᠠ᠂ ᠠᠵᠢᠯ᠎ᠤᠨ ᠠᠭᠤᠯᠭ᠎ᠠ᠂ ᠠᠵᠢᠯ ᠤᠨ ᠠᠷᠭ᠎ᠠ ᠮᠠᠶᠢᠭ ᠵᠡᠷᠭᠡ ᠲᠠᠯ᠎ᠠ᠎ᠪᠠᠷ ᠳᠡᠭᠡᠳᠦ ᠳᠣᠣᠷᠠᠳᠤ ᠱᠠᠲᠤ ᠨᠡᠪᠲᠡᠷᠡᠭᠰᠡᠨ᠂ ᠬᠠᠷᠢᠯᠴᠠᠨ ᠨᠥᠬᠥᠴᠡᠯᠳᠦᠭᠰᠡᠨ ᠠᠵᠢᠯ᠎ᠤᠨ ᠪᠠᠢ᠌ᠷᠢᠰᠢᠯᠠᠭᠤᠯᠤᠯᠲᠠ ᠵᠢ ᠪᠠᠢ᠌ᠭᠤᠯᠵᠤ᠂ ᠲᠥᠷᠥ ᠵᠢᠨ ᠪᠣᠳᠣᠯᠭ᠎ᠠ ᠵᠢ ᠲᠤᠭᠤᠰᠢᠯᠠᠭᠤᠯᠬᠤ ᠡᠷᠴᠢᠮ ᠪᠠ ᠠᠵᠢᠯ᠎ᠤᠨ ᠦᠷ᠎ᠡ ᠪᠦᠲᠦᠮᠵᠢ ᠵᠢ ᠳᠡᠭᠡᠭᠰᠢᠯᠡᠭᠦᠯᠪᠡ᠃ ᠬᠣᠶᠠᠷ᠎ᠲᠤ᠂ ᠲᠤᠷᠰᠢᠯᠲᠠ ᠵᠢᠨ ᠣᠷᠣᠨ᠎ᠢ ᠡᠭᠦᠳᠦᠨ ᠪᠠᠶ᠋ᠢᠭᠤᠯᠵᠤ᠂ 《ᠤᠯᠤᠰ᠎ᠤᠨ ᠰᠢᠶᠠᠨ᠎ᠤ ᠬᠡᠪᠴᠢᠶᠡᠨ᠎ᠤ ᠰᠤᠷᠭ᠋ᠠᠭᠤᠯᠢ ᠵᠢᠨ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ ᠤᠨ ᠲᠥᠭᠡᠮᠡᠯ ᠬᠠᠷᠠᠭ᠋ᠠᠯᠵᠠᠯᠲᠤ ᠰᠢᠶᠠᠨ》᠎ᠢ ᠡᠭᠦᠳᠦᠨ ᠪᠠᠶ᠋ᠢᠭᠤᠯᠬᠤ ᠵᠢ ᠡᠮᠬᠢ ᠵᠢᠷᠤᠮ᠎ᠲᠠᠢ ᠠᠬᠢᠭᠤᠯᠵᠤ᠂ ᠦᠦᠰᠢᠨ ᠬᠣᠰᠢᠭᠤ᠂ ᠣᠲᠣᠭ᠎ᠤᠨ ᠡᠮᠦᠨᠡᠲᠦ ᠬᠣᠰᠢᠭᠤ ᠪᠣᠯᠤᠨ ᠬᠠᠩᠭᠢᠨ ᠬᠣᠰᠢᠭᠤ ᠨᠢᠭᠡᠨᠲᠡ ᠤᠯᠤᠰ᠎ᠤᠨ ᠮᠠᠭ᠋ᠠᠳᠯᠠᠨ ᠲᠣᠭᠲᠠᠭ᠋ᠠᠯᠲᠠ ᠵᠢ ᠥᠩᠭᠡᠷᠡᠭᠡᠪᠡ᠃ ᠲᠤᠷᠰᠢᠯᠲᠠ ᠵᠢᠨ ᠣᠷᠣᠨ᠎ᠤ ᠠᠵᠢᠯ᠎ᠢ ᠨᠢᠭᠡᠳᠦᠯᠲᠡᠢ ᠲᠥᠯᠥᠪᠯᠡᠨ ᠠᠬᠢᠭᠤᠯᠵᠤ᠂ ᠭᠠᠵᠠᠷ ᠣᠷᠣᠨ᠎ᠤ ᠪᠦᠬᠦᠯᠢ ᠴᠣᠭᠴᠠ ᠵᠢᠨ ᠬᠡᠦᠬᠡᠳ ᠤᠨ ᠴᠡᠴᠡᠷᠯᠢᠭ ᠡᠷᠬᠢᠯᠡᠬᠦ ᠬᠢᠷᠢ ᠲᠦᠪᠰᠢᠨ᠎ᠢ ᠳᠡᠭᠡᠭᠰᠢᠯᠡᠭᠦᠯᠪᠡ᠃ ᠳᠠᠯᠠᠳ ᠬᠣᠰᠢᠭᠤ᠂ ᠬᠢᠶ᠎ᠠ ᠪᠠᠭᠰᠢ ᠲᠣᠭᠣᠷᠢᠭ ᠰᠤᠷᠭ᠋ᠠᠨ ᠬᠥᠮᠦᠵᠢᠯ᠎ᠤᠨ ᠶᠠᠮᠤᠨ᠎ᠤ ᠠᠨ ᠵᠢᠢ ᠲᠣᠭᠯᠠᠭ᠋ᠠᠮ᠂ ᠠᠰᠠᠷᠠᠨ ᠬᠥᠮᠦᠵᠢᠭᠦᠯᠬᠦ ᠰᠤᠷᠭ᠋ᠠᠨ ᠬᠥᠮᠦᠵᠢᠯ᠎ᠤᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠲᠤᠷᠰᠢᠯᠲᠠ ᠵᠢᠨ ᠲᠣᠭᠣᠷᠢᠭ ᠵᠶ᠋ᠠᠷ ᠲᠣᠭᠲᠠᠭ᠋ᠠᠭᠳᠠᠪᠠ; ᠡᠵᠡᠨ ᠬᠣᠷᠣᠭ᠎ᠠ ᠬᠣᠰᠢᠭᠤ᠂ ᠬᠠᠩᠭᠢᠨ ᠬᠣᠰᠢᠭᠤ ᠵᠢ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠠᠨ ᠵᠢᠢ ᠲᠣᠭᠯᠠᠭ᠋ᠠᠮ᠂ ᠬᠡᠦᠬᠡᠳ᠎ᠤᠨ ᠴᠡᠴᠡᠷᠯᠢᠭ ᠪᠠ ᠪᠠᠭ᠎ᠠ ᠰᠤᠷᠭ᠋ᠠᠭᠤᠯᠢ ᠵᠢ ᠵᠣᠯᠭ᠋ᠠᠭᠤᠯᠬᠤ ᠲᠤᠷᠰᠢᠯᠲᠠ ᠵᠢᠨ ᠲᠣᠭᠣᠷᠢᠭ ᠵᠶ᠋ᠠᠷ ᠲᠣᠭᠲᠠᠭ᠋ᠠᠪᠠ᠃ ᠭᠤᠷᠪᠠ᠎ᠳᠤ᠂ ᠰᠤᠷᠭ᠋ᠠᠨ ᠬᠥᠮᠥᠵᠢᠯ᠎ᠤᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ ᠵᠶ᠋ᠡᠷ ᠬᠥᠲᠥᠯᠥᠨ ᠳᠠᠭ᠋ᠠᠭᠤᠯᠪᠠ᠃ ᠰᠠᠷ᠎ᠠ ᠪᠦᠷᠢ 《ᠲᠠᠪᠤᠨ ᠨᠢᠭᠡ》 (ᠲᠤᠬᠠᠢ᠌ᠯᠠᠪᠠᠯ᠂ ᠨᠢᠭᠡ ᠬᠣᠰᠢᠭᠤ ᠲᠣᠭᠣᠷᠢᠭ᠎ᠢ ᠳᠠᠭ᠋ᠠᠬᠤ᠂ ᠨᠢᠭᠡ ᠤᠳᠠᠭ᠎ᠠ ᠨᠡᠪᠴᠢᠬᠦ ᠮᠠᠶᠢᠭ᠎ᠤᠨ ᠵᠢᠯᠣᠭᠣᠳᠤᠯᠭ᠎ᠠ ᠥᠷᠨᠢᠭᠦᠯᠬᠦ᠂ ᠤᠳᠠᠭ᠎ᠠ ᠪᠣᠯᠭ᠋ᠠᠨ ᠨᠢᠭᠡ ᠭᠣᠣᠯ ᠰᠡᠳᠦᠪ᠎ᠲᠤ ᠲᠥᠪᠯᠡᠷᠡᠭᠦᠯᠬᠦ᠂ ᠨᠢᠭᠡ ᠤᠳᠠᠭ᠎ᠠ ᠳᠤᠰᠬᠠᠢ ᠰᠡᠳᠦᠪᠲᠦ ᠵᠢᠭ᠋ᠠᠬᠤ ᠵᠢ ᠰᠣᠳᠤᠯᠬᠤ ᠵᠢ ᠵᠣᠬᠢᠶᠠᠨ ᠪᠠᠶ᠋ᠢᠭᠤᠯᠬᠤ᠂ ᠨᠢᠭᠡ ᠨᠡᠶ᠋ᠢᠲᠡᠯᠢᠭ ᠴᠢᠨᠠᠷᠲᠠᠢ ᠠᠰᠠᠭᠤᠳᠠᠯ᠎ᠢ ᠰᠢᠢ᠍ᠳᠪᠦᠷᠢᠯᠡᠬᠦ) ᠵᠢᠨ ᠨᠡᠪᠴᠢᠬᠦ ᠮᠠᠶᠢᠭ᠎ᠤᠨ ᠵᠢᠭ᠋ᠠᠬᠤ ᠵᠢ ᠰᠣᠳᠤᠯᠬᠤ ᠵᠢ ᠵᠣᠬᠢᠶᠠᠨ ᠪᠠᠶ᠋ᠢᠭᠤᠯᠬᠤ᠂ ᠤᠯᠠᠷᠢᠯ ᠪᠣᠯᠭ᠋ᠠᠨ᠎ᠳᠤ ᠣᠷᠳᠣᠰ ᠬᠣᠲᠠ ᠵᠢᠨ ᠶᠡᠬᠡ ᠡᠷᠡᠭᠦᠯ ᠮᠡᠨᠳᠦ ᠵᠢᠨ ᠬᠥᠮᠦᠵᠢᠯ᠎ᠤᠨ ᠲᠣᠭᠣᠷᠢᠨ᠎ᠳᠤ ᠲᠤᠰᠬᠠᠢ ᠰᠡᠳᠦᠪᠲᠦ ᠶᠡᠬᠡ ᠵᠢᠭ᠋ᠠᠬᠤ ᠵᠢ ᠰᠣᠳᠤᠯᠬᠤ ᠵᠢ ᠥᠷᠨᠢᠭᠦᠯᠵᠦ᠂ ᠪᠣᠳᠠᠲᠠᠢ ᠭᠠᠵᠠᠷ᠎ᠢ ᠲᠣᠭᠣᠷᠢᠨ ᠦᠵᠡᠬᠦ᠂ ᠲᠤᠷᠰᠢᠯᠭ᠎ᠠ ᠰᠣᠯᠢᠯᠴᠠᠬᠤ᠂ ᠲᠤᠰᠬᠠᠢ ᠮᠡᠷᠭᠡᠵᠢᠯᠲᠡᠨ ᠵᠢᠯᠣᠭᠣᠳᠬᠤ ᠵᠡᠷᠭᠡ ᠠᠷᠭ᠎ᠠ ᠬᠡᠯᠪᠡᠷᠢ᠎ᠪᠠᠷ ᠳᠠᠮᠵᠢᠭᠤᠯᠤᠨ ᠵᠢᠯᠣᠭᠣᠳᠪᠠ; ᠰᠡᠳᠦᠪ ᠰᠤᠳᠤᠯᠬᠤ᠎ᠠᠴᠠ ᠭᠠᠷᠳᠠᠵᠤ᠂ ᠨᠥᠬᠥᠴᠡᠯ᠎ᠲᠠᠢ᠂ ᠰᠠᠨᠠᠮᠵᠢ᠎ᠲᠠᠢ ᠬᠣᠰᠢᠭᠤ ᠲᠣᠭᠣᠷᠢᠭ᠂ ᠬᠡᠦᠬᠡᠳ᠎ᠤᠨ ᠴᠡᠴᠡᠷᠯᠢᠭ ᠪᠤᠶᠤ ᠬᠤᠪᠢ ᠬᠥᠮᠦᠨ᠎ᠢ ᠳᠠᠶ᠋ᠢᠴᠢᠯᠠᠨ ᠬᠤᠪᠢᠶᠠᠷᠢ ᠰᠡᠳᠦᠪ᠎ᠢ ᠡᠭᠦᠷᠭᠡᠯᠡᠭᠦᠯᠵᠦ᠂ ᠭᠣᠣᠯ ᠰᠡᠳᠦᠪ᠎ᠲᠤ ᠲᠥᠪᠯᠡᠷᠡᠭᠦᠯᠦᠭᠰᠡᠨ 《ᠰᠡᠳᠦᠪ᠎ᠤᠨ ᠴᠤᠭᠯᠠᠷᠠᠯ》᠎ᠢ ᠪᠦᠷᠢᠯᠳᠦᠭᠦᠯᠦᠨ᠂ ᠬᠦᠴᠦ᠎ᠪᠠᠨ ᠬᠠᠮᠲᠤᠳᠬᠠᠨ ᠲᠥᠷᠥᠯ ᠵᠦᠢ᠍ᠯ᠎ᠤᠨ ᠰᠤᠳᠤᠯᠭ᠋ᠠᠨ ᠪᠠ ᠦᠷ᠎ᠡ ᠪᠦᠲᠦᠭᠡᠯ᠎ᠤᠨ ᠨᠠᠢ᠌ᠳᠠᠪᠤᠷᠢᠵᠢᠭᠤᠯᠤᠯᠲᠠ ᠵᠢ ᠠᠬᠢᠭᠤᠯᠪᠠ᠃ ᠣᠶ᠋ᠢᠷ᠎ᠠ ᠵᠢᠨ ᠭᠤᠷᠪᠠᠨ ᠵᠢᠯ᠎ᠳᠤ᠂ ᠪᠦᠬᠦ ᠬᠣᠲᠠ ᠵᠢᠨ ᠰᠡᠳᠦᠪ ᠲᠣᠭᠲᠠᠭ᠋ᠠᠭᠰᠠᠨ ᠥᠪᠡᠷᠲᠡᠭᠡᠨ ᠵᠠᠰᠠᠬᠤ ᠣᠷᠣᠨ᠎ᠤ ᠳᠡᠰ᠎ᠤᠨ ᠲᠥᠷᠦᠯ ᠵᠦᠢ᠍ᠯ᠎ᠤᠨ ᠲᠣᠭ᠎ᠠ ᠵᠢᠯ ᠳᠠᠷᠠᠭ᠋ᠠᠯᠠᠨ ᠳᠠᠬᠢᠨ ᠵᠶ᠋ᠠᠷ ᠨᠡᠮᠡᠭᠳᠡᠵᠦ᠂ ᠥᠪᠡᠷᠲᠡᠭᠡᠨ ᠵᠠᠰᠠᠬᠤ ᠣᠷᠣᠨ ᠵᠢᠴᠢ ᠲᠡᠭᠦᠨ᠎ᠠᠴᠠ ᠳᠡᠭᠡᠭᠰᠢᠬᠢ ᠰᠡᠳᠦᠪ ᠳᠣᠭᠲᠠᠭ᠋ᠠᠭᠰᠠᠨ ᠲᠥᠷᠦᠯ ᠵᠦᠢ᠍ᠯ 151᠂ ᠰᠡᠳᠦᠪ ᠪᠡᠶᠡᠯᠡᠭᠦᠯᠦᠭᠰᠡᠨ ᠲᠥᠷᠦᠯ ᠵᠦᠢ᠍ᠯ 67 ᠪᠣᠢ᠃