


ᠠᠵᠢᠯᠯᠠᠭ᠋ᠠᠨ᠎ᠤ ᠶᠠᠪᠤᠴᠠ᠎ᠳᠤ ᠰᠤᠷᠤᠭᠴᠢᠳ ᠥᠪᠥᠷ ᠮᠣᠩᠭᠣᠯ᠎ᠤᠨ ᠰᠤᠷᠭ᠋ᠠᠨ ᠬᠥᠮᠦᠵᠢᠯ᠎ᠤᠨ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠲᠠᠪᠴᠠᠩ ᠪᠠ 《ᠬᠥᠮᠦᠨ ᠪᠦᠬᠦᠨ ᠨᠡᠪᠲᠡᠷᠡᠬᠦ ᠣᠷᠣᠨ ᠵᠠᠶ》 ᠭᠡᠬᠦ ᠭᠠᠷ ᠤᠲᠠᠰᠤᠨ᠎ᠤ ᠬᠡᠷᠡᠭᠯᠡᠭᠴᠢ ᠵᠢᠨ ᠦᠵᠦᠭᠦᠷ ᠵᠡᠷᠭᠡ ᠠᠷᠭ᠎ᠠ ᠵᠠᠮ ᠵᠶ᠋ᠠᠷ ᠳᠠᠮᠵᠢᠭᠤᠯᠤᠨ᠂ ᠥᠪᠡᠷ᠎ᠤᠨ ᠣᠩᠰᠢᠭᠰᠠᠨ ᠪᠦᠲᠦᠭᠡᠯ᠂ ᠭᠤᠷᠪᠠᠨ ᠪᠢᠷ᠎ᠤᠨ ᠥᠰᠥᠭ ᠪᠣᠯᠪᠠᠰᠤᠷᠠᠭᠰᠠᠨ ᠸᠢᠳᠢᠣ᠋ ᠪᠤᠶᠤ ᠬᠡᠷᠡᠯ ᠵᠢᠷᠤᠭ᠂ ᠪᠡᠶ᠎ᠡ ᠵᠢᠨ ᠲᠠᠮᠢᠷ ᠭᠤᠸ᠎ᠠ ᠰᠠᠶ᠋ᠢᠬᠠᠨ᠎ᠤ ᠬᠥᠮᠦᠵᠢᠯ᠂ ᠬᠥᠳᠡᠯᠮᠦᠷᠢ ᠵᠢᠨ ᠬᠥᠮᠦᠵᠢᠯ᠎ᠤᠨ ᠤᠷ᠎ᠠ ᠴᠢᠳᠠᠪᠤᠷᠢ ᠵᠢᠨ ᠦᠵᠡᠭᠦᠯᠭᠡ᠂ ᠦᠵᠡᠵᠦ ᠰᠣᠨᠣᠰᠤᠭᠰᠠᠨ ᠬᠡᠷᠡᠯ ᠵᠢᠷᠤᠭ ᠪᠠ ᠸᠢᠳᠢᠣ᠋᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠵᠢᠵᠢᠭ ᠪᠦᠲᠦᠭᠡᠯ ᠵᠡᠷᠭᠡ ᠵᠢ ᠳᠠᠮᠵᠢᠭᠤᠯᠪᠠ᠃
7 ᠰᠠᠷ᠎ᠠ ᠵᠢᠨ 9᠎ᠤ ᠡᠳᠦᠷ᠎ᠠᠴᠠ ᠨᠠᠭ᠋ᠠᠰᠢ᠂ ᠪᠥᠬᠥ ᠣᠷᠣᠨ᠎ᠤ ᠳᠤᠮᠳᠠᠳᠤ ᠪᠠᠭ᠎ᠠ ᠰᠤᠷᠭ᠋ᠠᠭᠤᠯᠢ ᠵᠢᠨ ᠰᠤᠷᠤᠭᠴᠢᠳ 《ᠥᠪᠥᠷ ᠮᠣᠩᠭᠣᠯ᠎ᠤᠨ ᠰᠤᠷᠭ᠋ᠠᠨ ᠬᠥᠮᠦᠵᠢᠯ᠎ᠤᠨ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠲᠠᠪᠴᠠᠩ》ᠵᠶ᠋ᠠᠷ ᠳᠠᠮᠵᠢᠭᠤᠯᠤᠨ᠂ 《2022 ᠣᠨ᠎ᠤ ᠵᠣᠨ᠎ᠤ ᠠᠮᠠᠷᠠᠯᠲᠠ ᠵᠢᠨ 〈ᠬᠣᠶᠠᠷ᠎ᠢ ᠬᠥᠩᠭᠡᠷᠡᠭᠦᠯᠬᠦ〉 ᠠᠵᠢᠯᠯᠠᠭ᠎ᠠ — ᠠᠮᠠᠷᠠᠯᠲᠠ ᠵᠢᠨ ᠬᠤᠭᠤᠴᠠᠭ᠋ᠠᠨ᠎ᠤ ᠪᠠᠶᠠᠷ ᠪᠠᠶᠠᠰᠤᠯᠲᠤ ᠭᠤᠤᠯ ᠰᠡᠳᠦᠪᠲᠦ ᠰᠢᠷᠢᠰ ᠠᠵᠢᠯᠯᠠᠭ᠎ᠠ》᠎ᠳᠤ ᠣᠷᠣᠯᠴᠠᠵᠤ᠂ ᠣᠷᠣᠯᠴᠠᠭᠰᠠᠳ 50 ᠭᠠᠷᠤᠶ ᠲᠦᠮᠡᠨ ᠬᠥᠮᠦᠨ ᠤᠳᠠᠭ᠎ᠠ᠂ ᠣᠷᠣᠯᠴᠠᠭᠰᠠᠨ ᠪᠥᠲᠦᠭᠡᠯ 36 ᠲᠦᠮᠡ ᠭᠠᠷᠤᠶ᠎ᠳᠤ ᠬᠦᠷᠪᠡ᠃
ᠵᠤᠨ᠎ᠤ ᠠᠮᠠᠷᠠᠯᠲᠠ ᠬᠠᠭ᠋ᠠᠰ᠎ᠨᠢ ᠥᠩᠭᠡᠷᠡᠵᠦ᠂ ᠨᠡᠩ ᠤᠯᠠᠨ ᠬᠡᠦᠬᠡᠳ ᠠᠵᠢᠯᠯᠠᠭ᠎ᠠ᠎ᠳᠤ ᠣᠷᠣᠯᠴᠠᠵᠤ᠂ 《ᠡᠭᠦᠯᠡᠨᠴᠢᠷ ᠦᠵᠦᠭᠦᠷ》᠎ᠲᠤ ᠬᠠᠷᠢᠯᠴᠠᠨ ᠮᠥᠷᠥᠶ᠋ᠢᠴᠡᠵᠦ᠂ ᠬᠠᠮᠲᠤ᠎ᠪᠠᠷ ᠦᠰᠦᠨ ᠪᠣᠶ᠋ᠢᠵᠢᠬᠤ ᠵᠢ ᠬᠦᠰᠡᠵᠦ ᠪᠠᠶ᠋ᠢᠨ᠎ᠠ᠃ ᠰᠤᠷᠤᠭᠴᠢᠳ ᠵᠢᠴᠢ ᠪᠠᠭᠰᠢ ᠨᠠᠷ ᠺᠣᠮᠫᠢᠦ᠋ᠲ᠋ᠧᠷ᠎ᠤᠨ ᠦᠵᠦᠭᠦᠷ᠎ᠲᠤ 《ᠥᠪᠥᠷ ᠮᠣᠩᠭᠣᠯ᠎ᠤᠨ ᠰᠤᠷᠭ᠋ᠠᠨ ᠬᠥᠮᠦᠵᠢᠯ᠎ᠤᠨ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠲᠠᠪᠴᠠᠩ》 ᠪᠤᠶᠤ 《ᠥᠪᠥᠷ ᠮᠣᠩᠭᠣᠯ᠎ᠤᠨ ᠰᠤᠷᠭ᠋ᠠᠨ ᠬᠥᠮᠦᠵᠢᠯ᠎ᠤᠨ ᠡᠭᠦᠯᠡᠨᠴᠢᠷ ᠦᠵᠦᠭᠦᠷ》 (https://www.nmgjyyun.cn)᠎ᠪᠠᠷ ᠬᠠᠶ᠋ᠢᠪᠠᠯ ᠠᠵᠢᠯᠯᠠᠭ᠋ᠠᠨ᠎ᠤ ᠭᠤᠤᠯ ᠨᠢᠭᠤᠷ᠎ᠲᠤ ᠣᠷᠣᠬᠤ ᠪᠣᠯᠤᠨ᠎ᠠ᠃ ᠭᠠᠷ ᠤᠲᠠᠰᠤᠨ᠎ᠤ ᠦᠵᠦᠭᠦᠷ ᠵᠶ᠋ᠠᠷ ᠬᠥᠳᠡᠯᠭᠡᠭᠡᠨ᠎ᠳᠤ ᠣᠷᠣᠯᠴᠠᠬᠤ᠎ᠳᠤ ᠤᠷᠢᠳ ᠵᠶ᠋ᠠᠷ ᠭᠠᠷ ᠤᠲᠠᠰᠤᠨ᠎ᠤ ᠦᠵᠦᠭᠦᠷ᠎ᠲᠤ 《ᠬᠥᠮᠦᠨ ᠪᠦᠬᠦᠨ ᠨᠡᠪᠲᠡᠷᠡᠬᠦ ᠣᠷᠣᠨ ᠵᠠᠶ》 ᠭᠡᠬᠦ APP ᠵᠢ ᠪᠠᠭᠤᠯᠭ᠋ᠠᠵᠤ᠂ ᠪᠠᠭᠤᠯᠭ᠋ᠠᠭᠰᠠᠨ᠎ᠤ ᠳᠠᠷᠠᠭ᠎ᠠ ᠰᠣᠷᠣᠭᠴᠢ ᠵᠢᠨ ᠲᠠᠩᠰᠠᠨ ᠨᠣᠮᠧᠷ ᠵᠢᠴᠢ ᠨᠢᠭᠤᠴᠠ ᠨᠣᠮᠧᠷ ᠵᠶ᠋ᠡᠷ ᠵᠶ᠋ᠡᠨ ᠣᠷᠣᠵᠤ ᠠᠵᠢᠯᠯᠠᠭ᠎ᠠ᠎ᠳᠤ ᠣᠷᠣᠯᠴᠠᠨ᠎ᠠ᠃