11 ᠰᠠᠷ᠎ᠠ ᠵᠢᠨ 15᠎ᠤ ᠦᠳᠡ ᠵᠢᠨ ᠬᠣᠶ᠋ᠢᠨ᠎ᠠ᠂ ᠥᠪᠥᠷ ᠮᠣᠩᠭᠣᠯ᠎ᠤᠨ ᠬᠤᠳᠠᠯᠳᠤᠭ᠎ᠠ ᠠᠷᠠᠯᠵᠢᠶᠠᠨ᠎ᠤ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠵᠢᠨ ᠨᠠᠮ᠎ᠤᠨ ᠬᠣᠷᠢᠶᠠᠨ᠎ᠤ ᠱᠦᠵᠢ ᠰᠢᠶᠤᠤ ᠶᠠᠨ ᠾᠦᠢ᠂ ᠨᠠᠮ᠎ᠤᠨ ᠬᠣᠷᠢᠶᠠᠨ᠎ᠤ ᠳᠡᠳ᠋ ᠱᠦᠵᠢ᠂ ᠵᠠᠬᠢᠷᠤᠯ ᠹᠠᠨ ᠸᠧᠨ ᠪᠢᠨ ᠰᠦᠯᠵᠢᠶᠡᠨ᠎ᠳᠤ ᠬᠢᠴᠢᠶᠡᠯᠯᠡᠬᠦ ᠬᠡᠯᠪᠡᠷᠢ᠎ᠪᠠᠷ 2022 ᠣᠨ᠎ᠤ ᠰᠤᠷᠤᠭᠴᠢᠳ᠎ᠲᠤ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠵᠣᠷᠢᠭ ᠰᠠᠨᠠᠭ᠎ᠠ ᠵᠢ ᠰᠤᠷᠤᠯᠴᠠᠬᠤ ᠲᠤᠰᠬᠠᠶ ᠰᠡᠳᠦᠪᠲᠦ ᠦᠵᠡᠯ ᠰᠠᠨᠠᠭ᠎ᠠ ᠤᠯᠤᠰ ᠲᠥᠷᠥ ᠵᠢᠨ ᠬᠢᠴᠢᠶᠡᠯ ᠣᠷᠣᠪᠠ᠃

ᠰᠢᠶᠤᠤ ᠶᠠᠨ ᠾᠦᠢ 《ᠰᠢᠨ᠎ᠡ ᠴᠠᠭ ᠦᠶ᠎ᠡ᠎ᠳᠤ ᠨᠠᠮ᠎ᠢ ᠪᠦᠬᠦ ᠲᠠᠯ᠎ᠠ᠎ᠪᠠᠷ ᠴᠢᠩᠭ᠎ᠠ ᠵᠠᠰᠠᠬᠤ ᠠᠭᠤᠤ ᠶᠡᠬᠡ ᠦᠢ᠍ᠯᠡᠳᠦᠯᠭᠡ》 ᠭᠡᠬᠦ ᠰᠡᠳᠦᠪ ᠵᠶ᠋ᠠᠷ ᠶᠡᠬᠡ ᠬᠤᠷᠠᠯ᠎ᠤᠨ ᠭᠣᠣᠯ ᠰᠡᠳᠦᠪ᠂ ᠭᠣᠣᠯ ᠦᠷ᠎ᠡ ᠪᠦᠲᠦᠭᠡᠯ ᠪᠣᠯᠤᠨ ᠴᠢᠬᠤᠯᠠ ᠶᠡᠬᠡ ᠠᠴᠢ ᠬᠣᠯᠪᠣᠭᠳᠠᠯ᠎ᠲᠠᠢ ᠤᠶᠠᠯᠳᠤᠭᠤᠯᠤᠨ᠂ ᠭᠣᠣᠯᠳᠠᠭᠤ ᠬᠣᠷᠢᠳᠤᠭ᠋ᠠᠷ ᠶᠡᠬᠡ ᠬᠤᠷᠠᠯ᠎ᠤᠨ ᠢᠯᠡᠳᠬᠡᠯ᠎ᠤᠨ ᠠᠷᠪᠠᠨ ᠲᠠᠪᠤᠳᠤᠭ᠋ᠠᠷ ᠬᠡᠰᠡᠭ᠎ᠲᠠᠬᠢ 《ᠡᠷᠡᠰ ᠭᠤᠶ᠋ᠢᠪᠢᠰᠢ ᠦᠭᠡᠢ᠎ᠪᠠᠷ ᠨᠠᠮ᠎ᠢ ᠪᠦᠬᠦ ᠲᠠᠯ᠎ᠠ᠎ᠪᠠᠷ ᠴᠢᠩᠭ᠎ᠠ ᠵᠠᠰᠠᠵᠤ᠂ ᠰᠢᠨ᠎ᠡ ᠴᠠᠭ ᠦᠶ᠎ᠡ᠎ᠳᠠᠬᠢ ᠨᠠᠮ᠎ᠤᠨ ᠪᠠᠶ᠋ᠢᠭᠤᠯᠤᠯᠲᠠ ᠵᠢᠨ ᠰᠢᠨ᠎ᠡ ᠠᠭᠤᠤ ᠶᠡᠬᠡ ᠢᠨᠵᠧᠨᠧᠷᠢᠩ᠎ᠢ ᠭᠦᠨᠵᠡᠭᠡᠢ ᠠᠬᠢᠭᠤᠯᠰᠤᠭ᠋ᠠᠢ》 ᠭᠡᠬᠦ ᠠᠭᠤᠯᠭ᠎ᠠ ᠵᠢᠨ ᠲᠣᠭᠣᠷᠢᠨ᠎ᠳᠤ ᠰᠤᠷᠤᠭᠴᠢᠳ᠎ᠲᠤ ᠠᠭᠤᠯᠭ᠎ᠠ ᠡᠯᠪᠡᠭ ᠪᠠᠶᠠᠯᠢᠭ᠂ ᠠᠮᠢᠳᠤᠯᠢᠭ ᠭᠣᠶ᠋ᠢᠳᠠ ᠲᠤᠰᠬᠠᠢ ᠰᠡᠳᠦᠪᠲᠦ ᠦᠵᠡᠯ ᠰᠠᠨᠠᠭ᠎ᠠ ᠤᠯᠤᠰ ᠲᠦᠷᠦ ᠵᠢᠨ ᠬᠢᠴᠢᠶᠡᠯ ᠣᠷᠣᠪᠠ᠃ ᠰᠢᠶᠤᠤ ᠶᠠᠨ ᠾᠦᠢ 《ᠨᠠᠮ ᠨᠠᠮ ᠵᠶ᠋ᠠᠨ ᠬᠠᠮᠢᠶᠠᠷᠬᠤ ᠴᠢᠩᠭ᠎ᠠ ᠭᠣᠣᠯ ᠬᠦᠭ ᠠᠶᠠᠰ᠎ᠢ ᠭᠤᠶ᠋ᠢᠪᠢᠰᠢ ᠦᠭᠡᠢ ᠪᠠᠷᠢᠮᠲᠠᠯᠠᠪᠠ》᠂ 《ᠨᠠᠮ᠎ᠢ ᠴᠢᠩᠭ᠎ᠠ ᠵᠠᠰᠠᠵᠤ ᠪᠦᠬᠦ ᠲᠠᠯ᠎ᠠ ᠵᠢᠨ ᠭᠦᠨ ᠳᠠᠪᠬᠤᠷᠭ᠎ᠠ ᠵᠢᠨ ᠨᠥᠯᠥᠭᠡ ᠦᠵᠡᠭᠦᠯᠪᠡ》᠂ 《ᠨᠠᠮ᠎ᠢ ᠪᠦᠬᠦ ᠲᠠᠯ᠎ᠠ᠎ᠪᠠᠷ ᠴᠢᠩᠭ᠎ᠠ ᠵᠠᠰᠠᠬᠤ ᠵᠢ ᠴᠥᠬᠥᠷᠡᠰᠢ ᠦᠭᠡᠢ ᠭᠦᠨᠵᠡᠭᠡᠶ᠋ᠢᠷᠡᠭᠦᠯᠦᠨ ᠠᠬᠢᠭᠤᠯᠪᠠ》 ᠭᠡᠬᠦ ᠭᠤᠷᠪᠠᠨ ᠲᠠᠯ᠎ᠠ᠎ᠠᠴᠠ ᠰᠤᠷᠤᠭᠴᠢᠳ᠎ᠲᠤ ᠳᠤᠮᠳᠠᠳᠤ ᠤᠯᠤᠰ᠎ᠤᠨ ᠡᠪ ᠬᠠᠮᠲᠤ ᠨᠠᠮ ᠵᠠᠭᠤᠨ ᠵᠢᠯ᠎ᠤᠨ ᠲᠡᠦᠬᠡ᠎ᠲᠠᠢ ᠶᠡᠬᠡ ᠨᠠᠮ ᠪᠣᠯᠤᠭᠰᠠᠨ᠎ᠤ ᠬᠤᠪᠢ᠎ᠳᠤ ᠶᠠᠭ᠋ᠠᠬᠢᠵᠤ ᠲᠡᠷᠢᠭᠦᠨ᠎ᠤ ᠴᠢᠨᠠᠷ ᠪᠣᠯᠤᠨ ᠴᠢᠭᠡᠴᠢ ᠴᠢᠨᠠᠷ ᠵᠶ᠋ᠠᠨ ᠡᠭᠦᠷᠢᠳᠡ ᠪᠠᠲᠤᠯᠠᠵᠤ᠂ ᠵᠠᠯᠠᠭᠤ ᠨᠠᠰᠤᠨ᠎ᠤ ᠠᠮᠢᠵᠢᠷᠠᠯ᠎ᠤᠨ ᠬᠦᠴᠦᠨ ᠵᠶ᠋ᠠᠨ ᠡᠭᠦᠷᠢᠳᠡ ᠪᠠᠲᠤᠯᠠᠨ᠂ ᠶᠠᠭ᠋ᠠᠬᠢᠵᠤ ᠥᠨᠢ ᠡᠭᠦᠷᠢᠳᠡ ᠠᠷᠠᠳ ᠲᠦᠮᠡᠨ᠎ᠤ ᠬᠦᠷᠢᠶᠡᠯᠡᠯ ᠪᠣᠯᠤᠨ ᠳᠡᠮᠵᠢᠯᠭᠡ ᠵᠢ ᠣᠯᠵᠤ᠂ ᠤᠷᠳᠤ ᠬᠤᠭᠤᠴᠠᠭ᠎ᠠ᠎ᠪᠠᠷ ᠲᠦᠷᠦ ᠪᠠᠷᠢᠬᠤ ᠵᠢ ᠪᠡᠶᠡᠯᠡᠭᠦᠯᠦᠭᠰᠡᠨ ᠲᠤᠬᠠᠢ ᠶᠠᠷᠢᠵᠤ ᠥᠭᠪᠡ᠃ ᠲᠡᠷᠡ᠎ᠪᠠᠷ ᠬᠠᠮᠤᠭ᠎ᠤᠨ ᠰᠡᠭᠦᠯ᠎ᠳᠤ ᠰᠤᠷᠤᠭᠴᠢᠳ᠎ᠤᠨ ᠬᠢᠵᠢᠭ᠎ᠤᠨ ᠪᠠᠶ᠋ᠢᠳᠠᠯ᠎ᠤᠨ ᠬᠤᠭᠤᠴᠠᠭ᠋ᠠᠨ᠎ᠳᠤ ᠰᠤᠷᠭ᠋ᠠᠭᠤᠯᠢ ᠵᠢᠨ ᠬᠠᠮᠢᠶᠠᠷᠤᠯᠲᠠ ᠵᠢ ᠳᠠᠭ᠋ᠠᠵᠤ᠂ ᠬᠢᠵᠢᠭ᠎ᠲᠠᠢ ᠲᠡᠮᠡᠴᠡᠨ ᠠᠮᠤᠷ ᠲᠠᠢ᠌ᠪᠤᠭᠤᠨ ᠰᠤᠷᠭ᠋ᠠᠭᠤᠯᠢ ᠵᠢᠨ ᠬᠦᠷᠢᠶ᠎ᠡ ᠵᠢ ᠰᠠᠬᠢᠨ ᠬᠠᠮᠠᠭ᠋ᠠᠯᠠᠬᠤ᠎ᠳᠤ ᠭᠠᠷᠭ᠋ᠠᠭᠰᠠᠨ ᠴᠢᠷᠮᠠᠶ᠋ᠢᠯᠭ᠎ᠠ᠎ᠳᠤ ᠲᠠᠯᠠᠷᠬᠠᠵᠤ ᠪᠠᠶ᠋ᠢᠬᠤ᠎ᠪᠠᠨ ᠢᠯᠡᠳᠬᠡᠵᠦ᠂ ᠰᠤᠷᠤᠭᠴᠢᠳ᠎ᠢ ᠰᠢᠨ᠎ᠡ ᠴᠠᠭ ᠦᠶ᠎ᠡ ᠵᠢᠨ ᠠᠭᠤᠤ ᠶᠡᠬᠡ ᠲᠡᠦᠬᠡᠨ ᠠᠬᠢᠴᠠ ᠵᠢᠨ ᠣᠷᠣᠯᠴᠠᠭᠴᠢ᠂ ᠭᠡᠷᠡᠴᠢᠯᠡᠭᠴᠢ ᠪᠣᠯᠤᠭᠰᠠᠨ᠎ᠤ ᠬᠤᠪᠢ᠎ᠳᠤ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠥᠬᠥ ᠲᠠᠯ᠎ᠠ᠎ᠪᠠᠷ ᠠᠬᠢᠭᠤᠯᠬᠤ ᠠᠶᠠᠯᠠᠯ᠎ᠳᠤ ᠡᠷᠡᠰ ᠭᠤᠶ᠋ᠢᠪᠢᠰᠢ ᠥᠬᠡᠶ᠎ᠪᠠᠷ ᠨᠠᠮ᠎ᠤᠨ ᠦᠭᠡ ᠵᠢ ᠰᠣᠨᠣᠰᠴᠤ᠂ ᠨᠠᠮ ᠵᠶ᠋ᠠᠨ ᠳᠠᠭ᠋ᠠᠵᠤ᠂ ᠬᠦᠰᠡᠯᠡᠩ᠎ᠲᠠᠢ᠂ ᠵᠣᠷᠢᠭᠲᠠᠶ ᠬᠠᠷᠢᠭᠤᠴᠠᠯᠭ᠎ᠠ ᠡᠭᠦᠷᠭᠡᠯᠡᠬᠦ᠂ ᠵᠣᠪᠠᠭᠤᠷᠢ ᠵᠦᠳᠡᠭᠦᠷᠢ ᠵᠢ ᠳᠠᠭ᠋ᠠᠭ᠋ᠠᠬᠤ᠂ ᠵᠣᠷᠢᠭᠲᠠᠶ ᠲᠡᠮᠡᠴᠡᠬᠦ ᠰᠢᠨ᠎ᠡ ᠴᠠᠭ ᠦᠶ᠎ᠡ ᠵᠢᠨ ᠰᠠᠶ᠋ᠢᠨ ᠵᠠᠯᠠᠭᠤ ᠪᠣᠯᠬᠤ᠎ᠪᠠᠷ ᠵᠣᠷᠢᠭ ᠰᠢᠭᠤᠳᠤᠭ᠋ᠠᠷᠠᠶ ᠭᠡᠵᠦ ᠵᠣᠷᠢᠭᠵᠢᠭᠤᠯᠪᠠ᠃

ᠹᠠᠨ ᠸᠸᠨ ᠪᠢᠨ 《ᠠᠭᠤᠤ ᠶᠡᠬᠡ ᠴᠠᠭ ᠦᠶ᠎ᠡ᠎ᠳᠠᠬᠢ ᠲᠡᠦᠬᠡ ᠵᠢᠨ ᠳᠠᠪᠠᠯᠲᠠ》 ᠭᠡᠬᠦ ᠰᠡᠳᠦᠪ ᠵᠶ᠋ᠠᠷ ᠬᠣᠷᠢᠳᠤᠭ᠋ᠠᠷ ᠶᠡᠬᠡ ᠬᠤᠷᠠᠯ᠎ᠤᠨ ᠢᠯᠡᠳᠬᠡᠯ᠎ᠳᠤ ᠳᠤᠷᠠᠳᠤᠭᠰᠠᠨ ᠥᠩᠭᠡᠷᠡᠭᠰᠡᠨ 5 ᠵᠢᠯ᠎ᠤᠨ ᠠᠵᠢᠯ ᠪᠣᠯᠤᠨ ᠰᠢᠨ᠎ᠡ ᠴᠠᠭ ᠦᠶ᠎ᠡ ᠵᠢᠨ 10 ᠵᠢᠯ᠎ᠤᠨ ᠠᠭᠤᠤ ᠶᠡᠬᠡ ᠬᠤᠪᠢᠰᠤᠯᠲᠠ᠂ ᠮᠠᠷᠺᠰ᠎ᠤᠨ ᠦᠵᠡᠯ᠎ᠢ ᠳᠤᠮᠳᠠᠳᠤ ᠤᠯᠤᠰᠴᠢᠯᠠᠬᠤ ᠴᠠᠭ ᠦᠶᠡᠴᠢᠯᠡᠬᠦ ᠰᠢᠨ᠎ᠡ ᠠᠬᠤᠢ ᠪᠠᠶ᠋ᠢᠳᠠᠯ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠮᠥᠨ ᠴᠢᠨᠠᠷ᠎ᠤᠨ ᠱᠠᠭ᠋ᠠᠷᠳᠠᠯᠭ᠎ᠠ ᠵᠡᠷᠭᠡ ᠠᠭᠤᠯᠭ᠎ᠠ᠎ᠠᠴᠠ ᠭᠠᠷᠳᠠᠵᠤ᠂ ᠰᠤᠷᠤᠭᠴᠢᠳ᠎ᠲᠤ ᠭᠣᠶ᠋ᠢᠳᠠ ᠰᠠᠶ᠋ᠢᠬᠠᠨ ᠬᠢᠴᠢᠶᠡᠯ ᠣᠷᠣᠪᠠ᠃ ᠲᠡᠷᠡ᠎ᠪᠠᠷ ᠭᠤᠤᠯᠳᠠᠭᠤ 《ᠰᠢᠨ᠎ᠡ ᠴᠠᠭ ᠦᠶ᠎ᠡ ᠵᠢᠨ ᠠᠷᠪᠠᠨ ᠵᠢᠯ᠎ᠤᠨ ᠠᠭᠤᠤ ᠶᠡᠬᠡ ᠬᠤᠪᠢᠰᠤᠯᠲᠠ᠂ ᠰᠢᠨ᠎ᠡ ᠴᠠᠭ ᠦᠶ᠎ᠡ ᠰᠢᠨ᠎ᠡ ᠠᠶᠠᠯᠠᠯ᠎ᠳᠠᠬᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠡᠭᠦᠷᠭᠡ ᠬᠠᠷᠢᠭᠤᠴᠠᠯᠭ᠎ᠠ᠂ 〈ᠠᠰᠢᠭᠲᠠᠢ ᠨᠥᠬᠥᠴᠡᠯ〉᠎ᠢ ᠰᠠᠶ᠋ᠢᠲᠤᠷ ᠠᠰᠢᠭᠯᠠᠵᠤ 〈ᠡᠷᠬᠡᠪᠰᠢ ᠵᠠᠮᠨᠠᠬᠤ ᠵᠠᠮ〉᠎ᠢ ᠰᠠᠶ᠋ᠢᠲᠤᠷ ᠵᠠᠮᠨᠠᠬᠤ》 ᠵᠡᠷᠭᠡ ᠭᠤᠷᠪᠠᠨ ᠲᠠᠯ᠎ᠠ ᠵᠢᠨ ᠲᠣᠭᠣᠷᠢᠨ᠎ᠳᠤ ᠮᠠᠨ᠎ᠤ ᠤᠯᠤᠰ᠎ᠤᠨ ᠡᠨᠡ 10 ᠵᠢᠯ᠎ᠤᠨ ᠲᠤᠷᠰᠢᠬᠢ ᠠᠵᠤ ᠠᠬᠤᠶ᠂ ᠤᠯᠤᠰ ᠲᠤᠢ᠍ᠷᠦ᠂ ᠰᠣᠶᠣᠯ᠂ ᠨᠡᠶ᠋ᠢᠭᠡᠮ᠂ ᠠᠮᠢ ᠠᠬᠤᠶ ᠵᠡᠷᠭᠡ ᠲᠠᠪᠤᠨ ᠲᠠᠯ᠎ᠠ᠎ᠪᠠᠷ ᠣᠯᠤᠭᠰᠠᠨ ᠰᠢᠨ᠎ᠡ ᠠᠮᠵᠢᠯᠲᠠ ᠪᠦᠲᠦᠮᠵᠢ᠂ ᠪᠡᠶᠡᠯᠡᠭᠦᠯᠦᠭᠰᠡᠨ ᠰᠢᠨ᠎ᠡ ᠳᠠᠪᠠᠯᠲᠠ ᠵᠢ ᠰᠢᠰᠲ᠋ᠧᠮᠲᠡᠢ ᠲᠠᠢ᠌ᠯᠪᠤᠷᠢᠯᠠᠨ᠂ ᠤᠯᠠᠨ᠎ᠢ ᠳᠠᠭ᠋ᠠᠭᠤᠯᠤᠨ ᠰᠢᠨ᠎ᠡ ᠴᠠᠭ ᠦᠶ᠎ᠡ ᠰᠢᠨ᠎ᠡ ᠠᠶᠠᠯᠠᠯ᠎ᠳᠠᠬᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠡᠭᠦᠷᠭᠡ ᠬᠠᠷᠢᠭᠤᠴᠠᠯᠭ᠎ᠠ ᠵᠢ ᠰᠤᠷᠤᠯᠴᠠᠵᠤ᠂ ᠰᠢᠨ᠎ᠡ ᠲᠡᠦᠬᠡᠨ ᠴᠠᠭ ᠦᠶ᠎ᠡ᠎ᠳᠤ ᠪᠢᠳᠡ ᠡᠷᠬᠡᠪᠰᠢ 《ᠠᠰᠢᠭᠲᠠᠢ ᠨᠥᠬᠥᠴᠡᠯ》᠎ᠢ ᠰᠠᠶ᠋ᠢᠲᠤᠷ ᠠᠰᠢᠭᠯᠠᠵᠤ᠂ 《ᠵᠠᠪᠠᠯ ᠶᠠᠪᠤᠬᠤ ᠵᠠᠮ》᠎ᠢ ᠰᠠᠶ᠋ᠢᠲᠤᠷ ᠵᠠᠮᠨᠠᠨ᠂ ᠥᠴᠥᠭᠡᠳᠦᠷ᠎ᠤᠨ ᠬᠦᠴᠢᠷ ᠪᠡᠷᠬᠡ ᠪᠠ ᠭᠡᠷᠡᠯ ᠭᠢᠯᠪᠠᠭ᠎ᠠ ᠵᠢ ᠮᠠᠷᠲᠠᠬᠤ ᠦᠭᠡᠢ᠂ ᠥᠨᠥᠳᠦᠷ᠎ᠤᠨ ᠡᠭᠦᠷᠭᠡ ᠬᠠᠷᠢᠭᠤᠴᠠᠯᠭ᠎ᠠ᠎ᠳᠤ᠎ᠪᠠᠨ ᠣᠰᠣᠯᠳᠠᠬᠤ ᠦᠭᠡᠢ᠂ ᠮᠠᠷᠭ᠋ᠠᠰᠢ ᠵᠢᠨ ᠠᠭᠤᠤ ᠶᠡᠬᠡ ᠬᠦᠰᠡᠯ ᠵᠡᠭᠦᠳᠦ᠎ᠪᠠᠨ ᠬᠥᠰᠡᠷᠳᠡᠭᠦᠯᠬᠦ ᠦᠭᠡᠢ ᠪᠠᠢ᠌ᠬᠤ ᠬᠡᠷᠡᠭᠲᠡᠢ ᠭᠡᠵᠦ ᠴᠢᠬᠤᠯᠠᠴᠢᠯᠠᠪᠠ᠃
ᠨᠠᠮ᠎ᠤᠨ ᠬᠣᠷᠢᠳᠤᠭ᠋ᠠᠷ ᠶᠡᠬᠡ ᠬᠤᠷᠠᠯ᠎ᠢ ᠬᠤᠷᠠᠯᠳᠤᠭᠤᠯᠤᠭᠰᠠᠨ᠎ᠤ ᠳᠠᠷᠠᠭ᠎ᠠ᠂ ᠳᠡᠭᠡᠳᠦ ᠰᠤᠷᠭ᠋ᠠᠭᠤᠯᠢ ᠵᠢᠨ ᠨᠠᠮ᠎ᠤᠨ ᠬᠣᠷᠢᠶᠠᠨ᠎ᠤ ᠱᠦᠵᠢ᠂ ᠵᠠᠬᠢᠷᠤᠯ ᠦᠵᠡᠯ ᠰᠠᠨᠠᠭ᠎ᠠ ᠤᠯᠤᠰ ᠲᠥᠷᠥ ᠵᠢᠨ ᠬᠢᠴᠢᠶᠡᠯ᠎ᠤᠨ ᠪᠠᠭᠰᠢ᠎ᠲᠠᠢ ᠲᠦᠷᠦᠭᠦᠯᠡᠨ ᠬᠠᠷᠢᠯᠴᠠᠵᠤ᠂ ᠬᠠᠮᠲᠤ᠎ᠪᠠᠷ ᠬᠢᠴᠢᠶᠡᠯ ᠪᠡᠯᠡᠳᠬᠡᠬᠦ ᠵᠢ ᠵᠢᠯᠣᠭᠣᠳᠤᠨ ᠥᠷᠨᠢᠭᠦᠯᠪᠡ; ᠲᠦᠷᠦᠭᠦᠯᠡᠨ ᠬᠢᠴᠢᠶᠡᠯ᠎ᠤᠨ ᠲᠠᠩᠬᠢᠮ᠎ᠳᠤ ᠣᠷᠣᠵᠤ᠂ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠵᠣᠷᠢᠭ ᠰᠠᠨᠠᠭ᠎ᠠ ᠵᠢ ᠰᠤᠷᠤᠯᠴᠠᠨ ᠤᠬᠠᠭᠤᠯᠬᠤ ᠲᠤᠰᠬᠠᠶ ᠰᠡᠳᠦᠪᠲᠦ ᠦᠵᠡᠯ ᠰᠠᠨᠠᠭ᠎ᠠ ᠤᠯᠤᠰ ᠲᠥᠷᠥ ᠵᠢᠨ ᠬᠢᠴᠢᠶᠡᠯ ᠣᠷᠣᠪᠠ᠃ ᠬᠢᠴᠢᠶᠡᠯ᠎ᠤᠨ ᠠᠭᠤᠯᠭ᠎ᠠ᠎ᠨᠢ ᠶᠣᠰᠣ᠎ᠪᠠᠷ ᠬᠥᠮᠦᠨ᠎ᠢ ᠬᠥᠮᠦᠵᠢᠭᠦᠯᠬᠦ᠂ ᠰᠡᠳᠬᠢᠯᠭᠡ᠎ᠪᠠᠷ ᠬᠥᠮᠦᠨ᠎ᠢ ᠤᠶᠠᠷᠠᠭᠤᠯᠬᠤ ᠵᠢ ᠴᠢᠬᠤᠯᠠᠴᠢᠯᠠᠵᠤ᠂ ᠳᠠᠲᠠᠭᠰᠠᠨ ᠵᠢᠱ᠌ᠢᠶ᠎ᠡ᠎ᠨᠢ ᠰᠤᠷᠤᠭᠴᠢᠳ᠎ᠤᠨ ᠰᠤᠷᠤᠯᠴᠠᠯᠭ᠎ᠠ ᠠᠮᠢᠳᠤᠷᠠᠯ᠎ᠤᠨ ᠪᠣᠳᠠᠲᠤ ᠪᠠᠶ᠋ᠢᠳᠠᠯ᠎ᠲᠠᠢ ᠨᠢᠭᠲᠠ ᠬᠣᠯᠪᠣᠭᠳᠠᠵᠤ᠂ ᠰᠤᠷᠤᠭᠴᠢᠳ᠎ᠲᠤ ᠭᠦᠨ ᠰᠠᠭᠤᠭᠳᠠᠯ ᠥᠭᠴᠦ᠂ ᠪᠠᠭ᠎ᠠ ᠪᠤᠰᠤ ᠠᠰᠢᠭ ᠬᠦᠷᠲᠡᠭᠡᠵᠦ᠂ ᠦᠵᠡᠯ ᠰᠠᠨᠠᠭ᠎ᠠ ᠤᠯᠤᠰ ᠲᠥᠷᠥ ᠵᠢᠨ ᠬᠢᠴᠢᠶᠡᠯ᠎ᠤᠨ ᠬᠠᠨᠳᠤᠯᠭ᠋ᠠᠲᠤ ᠴᠢᠨᠠᠷ᠂ ᠪᠣᠳᠠᠲᠤ ᠦᠷ᠎ᠡ ᠪᠦᠲᠦᠮᠵᠢᠲᠦ ᠴᠢᠨᠠᠷ ᠪᠠ ᠨᠥᠯᠥᠭᠡᠯᠡᠬᠦ ᠬᠦᠴᠦᠨ᠎ᠢ ᠦᠨᠡᠨ ᠬᠦ᠌ ᠴᠢᠩᠭ᠋ᠠᠷᠠᠭᠤᠯᠪᠠ᠃