5 ᠰᠠᠷ᠎ᠠ ᠵᠢᠨ 24᠎ᠤ ᠡᠳᠦᠷ᠎ᠤᠨ ᠦᠳᠡ ᠵᠢᠨ ᠡᠮᠦᠨ᠎ᠡ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠬᠡᠰᠢᠭᠦᠨ᠂ ᠶᠡᠷᠦᠩᠬᠡᠶ ᠰᠤᠷᠭ᠋ᠠᠭᠤᠯᠢ ᠪᠠᠶ᠋ᠢᠴᠠᠭ᠋ᠠᠭᠴᠢ ᠵᠦ᠍ ᠪᠦᠦ ᠵᠢᠶᠠᠩ ᠨᠠᠷ ᠪᠤᠭᠤᠲᠤ ᠬᠣᠲᠠ᠎ᠳᠤ ᠬᠦᠷᠴᠦ᠂ ᠪᠤᠭᠤᠲᠤ ᠵᠢᠨ ᠪᠣᠯᠣᠳ ᠲᠡᠮᠦᠷ᠎ᠤᠨ ᠨᠢᠭᠡᠳᠦᠭᠡᠷ ᠳᠤᠮᠳᠠᠳᠤ ᠰᠤᠷᠭ᠋ᠠᠭᠤᠯᠢ᠂ ᠪᠤᠭᠤᠲᠤ ᠬᠣᠲᠠ ᠵᠢᠨ ᠶᠢᠰᠦᠳᠦᠭᠡᠷ ᠳᠤᠮᠳᠠᠳᠤ ᠰᠤᠷᠭ᠋ᠠᠭᠤᠯᠢ᠂ ᠪᠤᠭᠤᠲᠤ ᠬᠣᠲᠠ ᠵᠢᠨ ᠮᠣᠩᠭᠣᠯ ᠦᠨᠳᠦᠰᠦᠲᠡᠨ᠎ᠤ ᠳᠤᠮᠳᠠᠳᠤ ᠰᠤᠷᠭ᠋ᠠᠭᠤᠯᠢ ᠵᠡᠷᠭᠡ ᠭᠤᠷᠪᠠᠨ ᠰᠤᠷᠭ᠋ᠠᠭᠤᠯᠢ ᠵᠢᠨ ᠡᠩ᠎ᠤᠨ ᠳᠡᠭᠡᠳᠦ ᠰᠤᠷᠭ᠋ᠠᠭᠤᠯᠢ᠎ᠳᠤ ᠰᠣᠷᠣᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠶ ᠰᠢᠯᠭ᠋ᠠᠯᠲᠠ ᠵᠢᠨ ᠶᠡᠷᠦᠩᠬᠡᠶ᠋ᠢᠯᠡᠭᠰᠡᠨ ᠥᠭᠡᠷᠡᠴᠢᠯᠡᠯᠲᠡ ᠵᠢᠨ ᠠᠵᠢᠯ᠎ᠢ ᠠᠬᠢᠭᠤᠯᠤᠭᠰᠠᠨ ᠪᠠᠶ᠋ᠢᠳᠠᠯ᠂ ᠣᠨᠴᠠᠭ᠋ᠠᠢ᠌ᠯᠠᠨ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠨᠢᠭᠡᠳᠦᠭᠡᠷ ᠣᠨ᠎ᠤ ᠰᠤᠷᠤᠭᠴᠢᠳ᠎ᠤᠨ ᠶᠡᠷᠦᠩᠬᠡᠶ᠋ᠢᠯᠡᠭᠰᠡᠨ ᠬᠡᠪ ᠴᠢᠨᠠᠷ᠎ᠢ ᠦᠨᠡᠯᠡᠬᠦ ᠠᠵᠢᠯ᠎ᠤᠨ ᠲᠣᠭᠣᠷᠢᠨ᠎ᠳᠤ ᠲᠤᠬᠠᠶ ᠵᠢᠨ ᠭᠠᠵᠠᠷ᠎ᠲᠤᠨᠢ ᠪᠠᠶ᠋ᠢᠴᠠᠭ᠋ᠠᠨ ᠰᠣᠳᠤᠯᠪᠠ᠃


ᠡᠨᠡ ᠤᠳᠠᠭ᠋ᠠᠨ᠎ᠤ ᠪᠠᠶ᠋ᠢᠴᠠᠭ᠋ᠠᠨ ᠰᠤᠳᠤᠯᠤᠯ᠎ᠲᠠᠢ ᠠᠰᠠᠭᠤᠯᠲᠠ ᠵᠢᠨ ᠬᠠᠭᠤᠳᠠᠰᠤ᠎ᠪᠠᠷ ᠪᠠᠶ᠋ᠢᠴᠠᠭ᠋ᠠᠬᠤ᠂ ᠭᠦᠨᠵᠡᠭᠡᠶ ᠰᠤᠷᠪᠤᠯᠵᠢᠯᠠᠨ ᠶᠠᠷᠢᠯᠴᠠᠬᠤ᠂ ᠶᠠᠷᠢᠯᠴᠠᠵᠤ ᠣᠶ᠋ᠢᠯᠠᠭ᠋ᠠᠬᠤ᠂ ᠲᠤᠬᠠᠶ ᠵᠢᠨ ᠭᠠᠵᠠᠷ᠎ᠢ ᠪᠠᠶ᠋ᠢᠴᠠᠭ᠋ᠠᠨ ᠦᠵᠡᠬᠦ ᠵᠡᠷᠭᠡ ᠬᠡᠯᠪᠡᠷᠢ᠎ᠪᠠᠷ ᠵᠣᠬᠢᠶᠠᠨ ᠪᠠᠶ᠋ᠢᠭᠤᠯᠵᠤ ᠶᠠᠪᠤᠭᠳᠠᠭᠤᠯᠪᠠ᠃ ᠪᠠᠶ᠋ᠢᠴᠠᠭ᠋ᠠᠨ ᠰᠤᠳᠤᠯᠬᠤ ᠳᠤᠭᠤᠶ᠋ᠢᠯᠠᠩ᠎ᠤᠨ᠎ᠬᠢᠨ ᠰᠤᠷᠭ᠋ᠠᠭᠤᠯᠢ ᠵᠢᠨ ᠶᠡᠷᠦᠩᠬᠡᠶ᠋ᠢᠯᠡᠭᠰᠡᠨ ᠬᠡᠪ ᠴᠢᠨᠠᠷ᠎ᠢ ᠦᠨᠡᠯᠡᠬᠦ ᠠᠵᠢᠯ᠎ᠢ ᠥᠷᠨᠢᠭᠦᠯᠦᠭᠰᠡᠨ ᠪᠠᠶ᠋ᠢᠳᠠᠯ᠎ᠤᠨ ᠲᠤᠬᠠᠶ ᠬᠠᠷᠢᠭᠤ ᠮᠡᠳᠡᠭᠦᠯᠦᠯᠲᠡ ᠵᠢ ᠰᠣᠨᠣᠰᠴᠤ᠂ ᠣᠳᠣᠬᠠᠨ᠎ᠤ ᠡᠯ᠎ᠡ ᠰᠤᠷᠭ᠋ᠠᠭᠤᠯᠢ ᠵᠢᠨ ᠬᠢᠴᠢᠶᠡᠯ ᠰᠣᠩᠭᠤᠨ ᠠᠩᠭᠢ ᠰᠢᠯᠵᠢᠬᠦ ᠠᠵᠢᠯ᠎ᠤᠨ ᠡᠮᠦᠨᠡᠬᠢ ᠬᠤᠭᠤᠴᠠᠭ᠋ᠠᠨ᠎ᠤ ᠪᠡᠯᠡᠳᠬᠡᠯ ᠠᠵᠢᠯ᠎ᠤᠨ ᠪᠠᠶ᠋ᠢᠳᠠᠯ᠎ᠢ ᠨᠠᠷᠢᠨ ᠣᠶ᠋ᠢᠯᠠᠭ᠋ᠠᠵᠤ᠂ ᠡᠯ᠎ᠡ ᠰᠤᠷᠭ᠋ᠠᠭᠤᠯᠢ᠎ᠲᠠᠢ ᠰᠢᠨ᠎ᠡ ᠡᠩ᠎ᠤᠨ ᠳᠡᠭᠡᠳᠦ ᠰᠤᠷᠭ᠋ᠠᠭᠤᠯᠢ᠎ᠳᠤ ᠰᠣᠷᠣᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠥᠭᠡᠷᠡᠴᠢᠯᠡᠯᠲᠡ ᠵᠢ ᠠᠬᠢᠭᠤᠯᠬᠤ ᠶᠠᠪᠤᠴᠠ᠎ᠳᠠᠬᠢ ᠰᠤᠷᠤᠭᠴᠢᠳ᠎ᠤᠨ ᠭᠠᠳᠠᠭᠰᠢ ᠭᠠᠷᠭ᠋ᠠᠯᠲᠠ᠂ ᠪᠠᠭᠰᠢ ᠵᠢᠨ ᠪᠠᠲᠤᠯᠠᠭ᠎ᠠ᠂ ᠵᠢᠭ᠋ᠠᠨ ᠰᠤᠷᠭ᠋ᠠᠯᠲᠠ ᠵᠢᠨ ᠬᠦᠴᠢᠷᠳᠡᠯ᠂ ᠮᠡᠳᠡᠭᠡ ᠵᠠᠩᠭᠢᠴᠢᠯᠠᠯᠲᠠ ᠵᠢᠨ ᠳᠡᠮᠵᠢᠯᠭᠡ ᠵᠡᠷᠭᠡ ᠠᠰᠠᠭᠤᠳᠠᠯ᠎ᠢ ᠭᠦᠨᠵᠡᠭᠡᠶ ᠰᠤᠳᠤᠯᠤᠨ ᠶᠠᠷᠢᠯᠴᠠᠵᠤ᠂ ᠳᠠᠷᠠᠭ᠎ᠠ ᠠᠯᠬᠤᠮ᠎ᠤᠨ ᠬᠠᠮᠢᠶ᠎ᠠ ᠪᠥᠬᠥᠶ ᠠᠵᠢᠯ᠎ᠢ ᠠᠬᠢᠭᠤᠯᠬᠤ᠎ᠳᠤ ᠪᠠᠲᠤ ᠪᠠᠬᠢ ᠰᠠᠭᠤᠷᠢ ᠲᠠᠯᠪᠢᠵᠤ ᠥᠭᠴᠡᠶ᠃

ᠪᠠᠶ᠋ᠢᠴᠠᠭ᠋ᠠᠨ ᠰᠤᠳᠤᠯᠬᠤ ᠳᠤᠭᠤᠶ᠋ᠢᠯᠠᠩ ᠪᠤᠭᠤᠲᠤ ᠬᠣᠲᠠ ᠵᠢᠨ ᠰᠢᠭᠤᠶ᠋ᠢᠲᠤ ᠲᠣᠭᠣᠷᠢᠭ᠎ᠤᠨ ᠮᠢᠩ ᠳ᠋ᠧ ᠬᠡᠦᠬᠡᠳ᠎ᠤᠨ ᠴᠡᠴᠡᠷᠯᠢᠭ᠂ ᠿᠦᠢ ᠳ᠋ᠧ ᠬᠡᠦᠬᠡᠳ᠎ᠤᠨ ᠴᠡᠴᠡᠷᠯᠢᠭ᠎ᠲᠤ ᠬᠦᠷᠴᠦ᠂ ᠰᠤᠷᠭ᠋ᠠᠭᠤᠯᠢ ᠵᠢᠨ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠎ᠤᠨ ᠲᠥᠭᠡᠮᠡᠯ ᠬᠠᠷᠠᠭ᠋ᠠᠯᠵᠠᠯ᠎ᠤᠨ ᠠᠵᠢᠯ᠎ᠢ ᠥᠷᠨᠢᠭᠦᠯᠦᠭᠰᠡᠨ ᠪᠠᠶ᠋ᠢᠳᠠᠯ᠎ᠢ ᠲᠤᠬᠠᠶ ᠵᠢᠨ ᠭᠠᠵᠠᠷ᠎ᠲᠤᠨᠢ ᠬᠢᠨᠠᠨ ᠵᠢᠯᠣᠭᠣᠳᠪᠠ᠃
ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠤᠨ ᠬᠠᠮᠢᠶ᠎ᠠ ᠪᠥᠬᠥᠶ ᠭᠠᠵᠠᠷ ᠳᠠᠰᠤᠭ᠎ᠤᠨ ᠬᠠᠷᠢᠭᠤᠴᠠᠯᠭ᠋ᠠᠲᠠᠨ ᠪᠠᠶ᠋ᠢᠴᠠᠭ᠋ᠠᠨ ᠰᠤᠳᠤᠯᠤᠯᠲᠠ᠎ᠳᠤ ᠣᠷᠣᠯᠴᠠᠪᠠ᠃