ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠵᠢᠷᠤᠬᠲᠦ᠍ ᠨᠡᠶ᠋ᠢᠳᠡᠯᠡᠯ
《ᠰᠤᠳᠤᠷ ᠨᠣᠮ ᠵᠶ᠋ᠠᠷ ᠬᠡᠢ᠌ᠭᠦᠯᠦᠨ ᠰᠣᠶᠣᠯ ᠮᠡᠳᠡᠯᠭᠡ᠎ᠪᠠᠷ ᠤᠮᠳᠠᠯᠠᠵᠤ ᠤᠩᠰᠢᠯᠭ᠎ᠠ ᠵᠢᠨ ᠳᠤᠮᠳᠠ ᠥᠰᠦᠨ ᠪᠣᠢ᠌ᠵᠢᠨᠠᠮ》 ᠠᠵᠢᠯᠯᠠᠭ᠎ᠠ ᠵᠢ ᠥᠪᠥᠷ ᠮᠣᠩᠭᠣᠯ᠎ᠤᠨ ᠶᠡᠬᠡ ᠰᠤᠷᠭ᠋ᠠᠭᠤᠯᠢ᠎ᠳᠤ ᠶᠠᠪᠤᠭᠳᠠᠭᠤᠯᠪᠠ
ᠨᠡᠶ᠋ᠢᠲᠡᠯᠡᠭᠰᠡᠨ ᠴᠠᠭ᠄ 2025-06-04

ᠨᠠᠮ᠎ᠤᠨ ᠬᠣᠷᠢᠳᠤᠭ᠋ᠠᠷ ᠶᠡᠬᠡ ᠬᠤᠷᠠᠯ᠂ ᠬᠣᠷᠢᠳᠤᠭ᠋ᠠᠷ ᠬᠤᠭᠤᠴᠠᠭ᠋ᠠᠨ᠎ᠤ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠤᠯᠠᠮ ᠨᠢᠭᠡ ᠠᠯᠬᠤᠮ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠰᠢ᠎ᠵᠢᠨ᠎ᠫᠢᠩ᠎ᠤᠨ ᠰᠣᠶᠣᠯ᠎ᠤᠨ ᠦᠵᠡᠯ ᠰᠠᠨᠠᠭ᠎ᠠ ᠵᠢ ᠭᠦᠨᠵᠡᠭᠡᠢ ᠰᠤᠷᠤᠯᠴᠠᠨ᠂ ᠰᠤᠷᠭ᠋ᠠᠨ ᠬᠥᠮᠦᠵᠢᠯ᠎ᠤᠨ ᠬᠦᠴᠦᠷᠬᠡᠭ ᠤᠯᠤᠰ᠎ᠢ ᠥᠳᠲᠡᠷ ᠲᠦᠷᠭᠡᠨ ᠪᠦᠲᠦᠭᠡᠨ ᠪᠠᠶ᠋ᠢᠭᠤᠯᠵᠤ᠂ ᠤᠯᠤᠰ᠎ᠤᠨ ᠨᠡᠶ᠋ᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠳᠡᠯᠭᠡᠷᠡᠭᠦᠯᠬᠦ ᠡᠷᠴᠢᠮ᠎ᠢ  ᠴᠢᠩᠭ᠋ᠠᠳᠬᠠᠨ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠬᠥᠭᠵᠢᠭᠦᠯᠬᠦ ᠵᠢᠨ ᠲᠥᠯᠥᠭᠡ᠂ 5 ᠳ᠋ᠤᠭ᠋ᠠᠷ ᠰᠠᠷ᠎ᠠ ᠵᠢᠨ 29᠎ᠤ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠰᠤᠷᠭ᠋ᠠᠨ ᠬᠥᠮᠦᠵᠢᠯ᠎ᠤᠨ ᠠᠵᠢᠯ᠎ᠤᠨ ᠬᠣᠷᠢᠶ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠡᠭᠲᠡᠶ᠋ᠢᠴᠦᠳ᠎ᠤᠨ ᠬᠣᠯᠪᠣᠭ᠋ᠠᠲᠤ ᠬᠤᠷᠠᠯ᠂ ᠥᠪᠥᠷ ᠮᠣᠩᠭᠣᠯ᠎ᠤᠨ ᠷᠠᠳᠢᠣ᠋ ᠲᠧᠯᠸᠢᠰ ᠬᠣᠷᠢᠶ᠎ᠠ᠎ᠠᠴᠠ ᠬᠠᠮᠲᠤᠷᠠᠨ ᠡᠷᠬᠢᠯᠡᠭᠰᠡᠨ 《ᠰᠤᠳᠤᠷ ᠨᠣᠮ ᠵᠶ᠋ᠠᠷ ᠭᠡᠢ᠌ᠭᠦᠯᠦᠨ ᠰᠣᠶᠣᠯ ᠮᠡᠳᠡᠯᠭᠡ᠎ᠪᠠᠷ ᠤᠮᠳᠠᠯᠠᠵᠤ  ᠣᠩᠰᠢᠯᠭ᠎ᠠ ᠵᠢᠨ ᠳᠤᠮᠳᠠ ᠥᠰᠦᠨ ᠪᠣᠢ᠌ᠵᠢᠨᠠᠮ》 ᠰᠢᠭᠤᠳ ᠨᠡᠪᠲᠡᠷᠡᠭᠦᠯᠭᠡ ᠵᠢᠨ ᠠᠵᠢᠯᠯᠠᠭ᠎ᠠ ᠵᠢ ᠥᠪᠥᠷ ᠮᠣᠩᠭᠣᠯ᠎ᠤᠨ ᠶᠡᠬᠡ ᠰᠤᠷᠭ᠋ᠠᠭᠤᠯᠢ᠎ᠳᠤ ᠶᠠᠪᠤᠭᠳᠠᠭᠤᠯᠵᠤ᠂ 《ᠵᠢᠯᠣᠭᠣᠳᠬᠤ + ᠬᠤᠪᠢᠶᠠᠯᠴᠠᠬᠤ + ᠤᠩᠰᠢᠬᠤ》 ᠪᠣᠰᠣᠭ᠎ᠠ ᠴᠣᠭᠴᠠᠲᠤ ᠵᠠᠭᠪᠤᠷ ᠵᠶ᠋ᠠᠷ ᠣᠳᠣ ᠦᠶ᠎ᠡ ᠵᠢᠨ ᠤᠶᠤᠲᠠᠳ ᠳᠤᠮᠳᠠᠳᠤ ᠵᠢᠨ ᠤᠯᠠᠮᠵᠢᠯᠠᠯᠲᠤ ᠰᠣᠩᠭᠤᠳᠠᠭ ᠵᠣᠬᠢᠶᠠᠯ᠂ ᠬᠤᠪᠢᠰᠬᠠᠯ᠎ᠤᠨ ᠰᠣᠩᠭᠣᠳᠠᠭ ᠵᠣᠬᠢᠶᠠᠯ ᠪᠠ ᠣᠳᠣ ᠦᠶ᠎ᠡ ᠵᠢᠨ ᠰᠣᠩᠭᠣᠳᠠᠭ ᠵᠣᠬᠢᠶᠠᠯ᠎ᠢ ᠤᠩᠰᠢᠬᠤ ᠵᠢ ᠰᠠᠨᠠᠭ᠋ᠠᠴᠢᠯᠠᠵᠤ᠂ ᠵᠠᠯᠠᠭᠤᠴᠤᠳ᠎ᠢ ᠵᠣᠷᠢᠭᠵᠢᠭᠤᠯᠤᠨ ᠰᠣᠩᠭᠣᠳᠠᠭ ᠵᠣᠬᠢᠶᠠᠯ᠎ᠢ ᠣᠩᠰᠢᠭᠤᠯᠤᠨ᠂ ᠪᠡᠶ᠎ᠡ ᠰᠡᠳᠬᠢᠯ᠎ᠢ ᠤᠮᠳᠠᠯᠠᠵᠤ᠂ ᠰᠡᠳᠬᠢᠬᠦᠢ ᠵᠢ ᠥᠷᠭᠡᠳᠭᠡᠨ᠂ ᠦᠨᠳᠦᠰᠦ ᠵᠢ ᠪᠣᠢ᠌ᠵᠢᠭᠤᠯᠵᠤ᠂ ᠰᠦᠭ᠎ᠢ ᠱᠤᠭᠤᠪᠠ᠃

 

1.jpg

 

ᠡᠨᠡ ᠤᠳᠠᠭ᠋ᠠᠨ᠎ᠤ ᠠᠵᠢᠯᠯᠠᠭ᠎ᠠ ᠵᠢ ᠪᠦᠬᠦ ᠤᠯᠤᠰ᠎ᠤᠨ 《5 · 1》᠎ᠤ ᠬᠥᠳᠡᠯᠮᠦᠷᠢ ᠵᠢᠨ ᠵᠢᠱ᠌ᠢᠶᠡᠴᠢ ᠵᠢᠨ ᠱᠠᠩᠨᠠᠯ᠂ 18 ᠳ᠋ᠤᠭ᠋ᠠᠷ ᠬᠤᠭᠤᠴᠠᠭ᠋ᠠᠨ᠎ᠤ ᠴᠠᠩ ᠵᠢᠶᠠᠩ ᠲᠤᠤ ᠹᠧᠨ ᠱᠠᠩᠨᠠᠯ ᠭᠦᠷᠲᠡᠭᠴᠢ ᠥᠪᠥᠷ ᠮᠣᠩᠭᠣᠯ᠎ᠤᠨ ᠷᠠᠳᠢᠣ᠋ ᠲᠧᠯᠸᠢᠰ ᠬᠣᠷᠢᠶᠠᠨ᠎ᠤ ᠲᠡᠷᠢᠭᠦᠨ ᠰᠤᠷᠪᠤᠯᠵᠢᠯᠠᠭᠴᠢ᠂ ᠬᠥᠲᠥᠯᠥᠭᠴᠢ ᠯᠧᠢ ᠮᠧᠩ ᠡᠷᠬᠢᠯᠡᠵᠦ᠂ ᠥᠪᠥᠷ ᠮᠣᠩᠭᠣᠯ᠎ᠤᠨ ᠷᠠᠳᠢᠣ᠋ ᠲᠧᠯᠸᠢᠰ ᠬᠣᠷᠢᠶᠠᠨ᠎ᠤ ᠬᠥᠲᠥᠯᠥᠭᠴᠢ ᠴᠢᠶᠣᠤ ᠵᠢᠩ ᠤᠩᠰᠢᠯᠭ᠎ᠠ ᠵᠢ ᠵᠢᠯᠣᠭᠣᠳᠬᠤ ᠬᠦᠨᠳᠦᠲᠦ ᠵᠣᠴᠢᠨ ᠵᠶ᠋ᠠᠷ ᠵᠠᠯᠠᠭᠳᠠᠪᠠ᠃

2.jpg

3.jpg

  

ᠠᠵᠢᠯᠯᠠᠭ᠎ᠠ ᠵᠢᠨ ᠶᠠᠪᠤᠴᠠ᠎ᠳᠤ᠂ ᠥᠪᠥᠷ ᠮᠣᠩᠭᠣᠯ᠎ᠤᠨ ᠶᠡᠬᠡ ᠰᠤᠷᠭ᠋ᠠᠭᠤᠯᠢ ᠵᠢᠨ ᠮᠠᠷᠺᠰ᠎ᠤᠨ ᠦᠵᠡᠯ᠎ᠤᠨ ᠳᠡᠭᠡᠳᠦ ᠰᠤᠷᠭ᠋ᠠᠭᠤᠯᠢ ᠵᠢᠨ ᠳᠡᠳ᠋ ᠵᠠᠬᠢᠷᠤᠯ ᠹᠦ᠋ ᠰᠦᠸᠧ ᠭᠧᠨ ᠫᠷᠤᠹᠧᠰᠰᠤᠷ 《ᠰᠢ᠎ᠵᠢᠨ᠎ᠫᠢᠩ ᠨᠣᠮ ᠰᠤᠳᠤᠷ᠎ᠠᠴᠠ ᠡᠰᠢᠯᠡᠬᠦ᠎ᠨᠢ》 ᠭᠡᠬᠦ ᠨᠣᠮ᠎ᠢ ᠭᠦᠨᠵᠡᠭᠡᠢ ᠵᠠᠳᠠᠯᠪᠠ; ᠤᠳᠬ᠎ᠠ ᠵᠣᠬᠢᠶᠠᠯ ᠰᠣᠨᠢᠨ ᠮᠡᠳᠡᠭᠡᠯᠡᠯ᠎ᠤᠨ ᠳᠡᠭᠡᠳᠦ ᠰᠤᠷᠭ᠋ᠠᠭᠤᠯᠢ ᠵᠢᠨ ᠳᠡᠳ᠋ ᠫᠷᠤᠹᠧᠰᠰᠤᠷ ᠯᠢ ᠸᠠᠩ 《ᠵᠢᠮᠢᠰ ᠪᠠ ᠶᠢᠷᠲᠢᠨᠴᠦ ᠵᠢᠨ ᠬᠥᠮᠦᠨ》᠎ᠢ ᠭᠦᠨᠵᠡᠭᠡᠢ ᠵᠠᠳᠠᠯᠵᠤ᠂ ᠵᠥᠪᠬᠡᠨ ᠨᠢᠭᠡ ᠵᠢᠯ ᠬᠠᠭ᠋ᠠᠰ ᠪᠠᠭ᠎ᠠ ᠰᠤᠷᠭ᠋ᠠᠭᠤᠯᠢ᠎ᠳᠤ ᠰᠤᠷᠤᠯᠴᠠᠭᠰᠠᠨ ᠰᠢᠦ ᠶᠢᠩ ᠡᠮᠡᠭᠡ ᠨᠣᠮ ᠭᠠᠷᠭ᠋ᠠᠭᠰᠠᠨ ᠦᠯᠢᠭᠡᠷ᠎ᠢ ᠬᠤᠪᠢᠶᠠᠯᠴᠠᠬᠤ᠎ᠪᠠᠷ ᠳᠠᠮᠵᠢᠭᠤᠯᠤᠨ᠂ ᠬᠡᠦᠬᠡᠳ ᠪᠠᠭ᠋ᠠᠴᠤᠳ᠎ᠢ ᠰᠢᠦ ᠶᠢᠩ ᠡᠮᠡᠭᠡ᠎ᠲᠠᠢ ᠠᠳᠠᠯᠢ ᠠᠮᠢᠳᠤᠷᠠᠯ᠎ᠢ ᠬᠠᠢ᠌ᠷᠠᠯᠠᠵᠤ ᠠᠵᠢᠭᠯᠠᠬᠤ ᠵᠢ ᠪᠠᠷᠢᠮᠲᠠᠯᠠᠵᠤ᠂ ᠦᠰᠦᠭ ᠪᠢᠴᠢᠭ ᠵᠶ᠋ᠠᠷ ᠴᠠᠭ ᠦᠶ᠎ᠡ ᠵᠢ ᠪᠢᠴᠢᠭᠯᠡᠬᠦ ᠵᠢ ᠵᠣᠷᠢᠭᠵᠢᠭᠤᠯᠪᠠ; ᠭᠦᠨ ᠤᠬᠠᠭ᠋ᠠᠨ᠎ᠤ ᠳᠡᠭᠡᠳᠦ ᠰᠤᠷᠭ᠋ᠠᠭᠤᠯᠢ ᠵᠢᠨ ᠮᠠᠰᠲ᠋ᠧᠷ ᠵᠠᠩ ᠶᠠᠩ ᠰᠡᠳᠬᠢᠴᠡ ᠵᠦᠢ ᠵᠢᠨ ᠬᠠᠷᠠᠭ᠋ᠠᠰᠤ᠎ᠠᠴᠠ 《ᠴᠢ ᠢᠩᠭᠢᠵᠦ ᠰᠡᠳᠬᠢᠵᠦ ᠪᠣᠯᠬᠤ ᠮᠠᠭ᠋ᠠᠳ》᠎ᠢ ᠬᠤᠪᠢᠶᠠᠯᠴᠠᠵᠤ᠂ ᠭᠦᠨ ᠤᠬᠠᠭ᠋ᠠᠨ᠎ᠤ ᠰᠡᠳᠬᠢᠮᠵᠢ᠎ᠠᠴᠠ ᠣᠳᠣ ᠦᠶ᠎ᠡ ᠵᠢᠨ ᠵᠠᠯᠠᠭᠤᠴᠤᠳ᠎ᠢ ᠬᠠᠪᠰᠤᠷᠤᠨ ᠥᠷᠲᠡᠭ᠎ᠤᠨ ᠳᠣᠭᠲᠠᠯᠴᠠᠭ᠎ᠠ ᠵᠢ ᠪᠠᠶ᠋ᠢᠭᠤᠯᠬᠤ ᠲᠤᠬᠠᠢ ᠰᠤᠳᠤᠯᠤᠨ ᠶᠠᠷᠢᠯᠴᠠᠪᠠ᠃ ᠥᠪᠥᠷ ᠮᠣᠩᠭᠣᠯ᠎ᠤᠨ ᠶᠡᠬᠡ ᠰᠤᠷᠭ᠋ᠠᠭᠤᠯᠢ ᠵᠢᠨ ᠬᠠᠷᠢᠶᠠᠲᠤ ᠪᠠᠭ᠎ᠠ ᠰᠤᠷᠭ᠋ᠠᠭᠤᠯᠢ ᠵᠢᠨ ᠲᠠᠪᠤᠳᠤᠭ᠋ᠠᠷ ᠣᠨ᠎ᠤ ᠰᠤᠷᠤᠭᠴᠢ ᠠᠪᠢᠶᠠᠰ 《ᠰᠦ᠍ ᠳ᠋ᠦᠩ ᠫᠥᠸᠧ ᠵᠢᠨ ᠨᠠᠮᠲᠠᠷ》 ᠵᠶ᠋ᠠᠷ ᠵᠢᠱ᠌ᠢᠶᠡᠯᠡᠵᠦ᠂ ᠬᠡᠦᠬᠡᠳ᠎ᠤᠨ ᠬᠠᠷᠠᠭ᠋ᠠᠰᠤ᠎ᠠᠴᠠ ᠰᠦ᠍ ᠱ᠌ᠢ ᠵᠢᠨ 《ᠬᠤᠯᠤᠰᠤᠨ ᠲᠠᠶᠠᠭ ᠡᠪᠡᠰᠦᠨ ᠭᠤᠲᠤᠯ ᠵᠶ᠋ᠠᠨ ᠬᠤᠷᠳᠤᠨ ᠬᠥᠯᠦᠭ ᠵᠶ᠋ᠡᠷ ᠰᠣᠯᠢᠬᠤ ᠦᠭᠡᠢ》 ᠭᠡᠬᠦ ᠠᠭᠤᠳᠠᠮᠴᠢ ᠬᠥᠮᠦᠨ᠎ᠤ ᠠᠮᠢᠳᠤᠷᠠᠯ᠎ᠢ ᠵᠠᠳᠠᠯᠤᠨ᠂ ᠤᠯᠠᠮᠵᠢᠯᠠᠯᠲᠤ ᠰᠣᠶᠣᠯ ᠵᠠᠯᠠᠭᠤᠴᠤᠳ ᠪᠠᠭ᠋ᠠᠴᠤᠳ᠎ᠤᠨ ᠵᠠᠩ ᠴᠢᠨᠠᠷ᠎ᠢ ᠪᠥᠲᠦᠭᠡᠬᠦ᠎ᠳᠤ ᠭᠦᠨ  ᠭᠦᠨᠵᠡᠭᠡᠢ ᠨᠥᠯᠦᠭᠡ ᠦᠵᠡᠭᠦᠯᠬᠦ ᠵᠢ ᠣᠯᠠᠨ᠎ᠳᠤ ᠬᠠᠷᠠᠭᠤᠯᠪᠠ᠃

 

4.jpg

 

ᠡᠨᠡ ᠤᠳᠠᠭ᠋ᠠᠨ᠎ᠤ ᠠᠵᠢᠯᠯᠠᠭ᠎ᠠ ᠪᠣᠯ ᠪᠦᠬᠦ ᠤᠯᠤᠰ᠎ᠤᠨ ᠵᠠᠯᠠᠭᠤᠴᠤᠳ ᠪᠠᠭ᠋ᠠᠴᠤᠳ᠎ᠤᠨ ᠨᠣᠮ ᠤᠩᠰᠢᠬᠤ ᠠᠵᠢᠯᠯᠠᠭ᠎ᠠ·《ᠰᠤᠳᠤᠷ ᠨᠣᠮ ᠵᠶ᠋ᠠᠷ ᠳᠤᠮᠳᠠᠳᠤ᠎ᠪᠠᠨ ᠭᠡᠶ᠋ᠢᠭᠦᠯᠬᠦ》 ᠭᠣᠣᠯ ᠰᠡᠳᠦᠪᠲᠦ ᠨᠣᠮ ᠤᠩᠰᠢᠬᠤ ᠰᠢᠷᠢᠰ ᠠᠵᠢᠯᠯᠠᠭ᠎ᠠ ᠵᠢᠨ ᠨᠢᠭᠡ ᠪᠣᠯᠤᠨ᠎ᠠ᠂ ᠳᠤᠮᠳᠠᠳᠤ ᠵᠢᠨ ᠰᠣᠩᠭᠣᠳᠠᠭ ᠵᠣᠬᠢᠶᠠᠯ᠎ᠢ ᠤᠩᠰᠢᠬᠤ᠂ ᠤᠩᠰᠢᠵᠤ ᠳᠡᠯᠭᠡᠨ ᠦᠵᠡᠭᠦᠯᠬᠦ ᠲᠠᠪᠴᠠᠩ᠎ᠢ ᠪᠠᠶ᠋ᠢᠭᠤᠯᠬᠤ᠎ᠪᠠᠷ ᠳᠠᠮᠵᠢᠭᠤᠯᠤᠨ᠂ ᠨᠡᠶ᠋ᠢᠭᠡᠮ ᠨᠡᠢ᠌ᠲᠡ ᠣᠨᠴᠠᠭ᠋ᠠᠢ᠌ᠯᠠᠨ ᠵᠠᠯᠠᠭᠤᠴᠤᠳ ᠪᠠᠭ᠋ᠠᠴᠤᠳ᠎ᠢ ᠬᠥᠲᠥᠯᠥᠨ ᠵᠢᠯᠣᠭᠣᠳᠴᠤ  ᠨᠣᠮ ᠤᠩᠰᠢᠬᠤ ᠵᠢ ᠴᠢᠩᠭ᠋ᠠᠳᠬᠠᠵᠤ᠂ ᠨᠣᠮ ᠤᠩᠰᠢᠬᠤ ᠬᠡᠪ ᠰᠤᠷᠲᠠᠯ᠎ᠢ ᠪᠣᠢ ᠪᠣᠯᠭ᠋ᠠᠵᠤ᠂ ᠰᠣᠶᠣᠯ᠎ᠤᠨ ᠢᠲᠡᠭᠡᠯ᠎ᠢ ᠨᠡᠮᠡᠭᠳᠡᠭᠦᠯᠦᠨ᠎ᠡ᠃

 

5.jpg

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
 
             蒙ICP备05000248号