ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠪᠢᠴᠢᠭ ᠮᠠᠲ᠋ᠧᠷᠢᠶᠠᠯ
2022 ᠣᠨ᠎ᠤ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ᠎ᠢ ᠵᠣᠬᠢᠶᠠᠨ ᠪᠠᠶ᠋ᠢᠭᠤᠯᠵᠤ ᠮᠡᠳᠡᠭᠦᠯᠬᠦ ᠲᠤᠬᠠᠶ ᠮᠡᠳᠡᠭᠳᠡᠯ
ᠨᠡᠶ᠋ᠢᠲᠡᠯᠡᠭᠰᠡᠨ ᠴᠠᠭ᠄ 2022-04-07


ᠡᠯ᠎ᠡ ᠠᠶ᠋ᠢᠮᠠᠭ ᠬᠣᠲᠠ ᠵᠢᠨ ᠰᠤᠷᠭ᠋ᠠᠨ ᠬᠥᠮᠦᠵᠢᠯ (ᠰᠤᠷᠭ᠋ᠠᠨ ᠬᠥᠮᠦᠵᠢᠯ ᠪᠡᠶ᠎ᠡ ᠵᠢᠨ ᠲᠠᠮᠢᠷ)᠎ᠤᠨ ᠲᠣᠪᠴᠢᠶ᠎ᠠ᠂ ᠡᠯ᠎ᠡ ᠳᠡᠭᠡᠳᠦ ᠰᠤᠷᠭ᠋ᠠᠭᠤᠯᠢ᠎ᠳᠤ᠄
      ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠳᠤᠭᠤᠶ᠋ᠢᠯᠠᠩ ᠵᠶ᠋ᠠᠷ   ᠵᠦᠪᠰᠢᠶᠡᠷᠡᠭᠦᠯᠵᠦ᠂ 《ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ᠎ᠤᠨ ᠬᠠᠮᠢᠶᠠᠷᠤᠯᠲᠠ》 ᠵᠢᠨ ᠬᠣᠯᠪᠤᠭᠳᠠᠬᠤ ᠲᠣᠭᠲᠠᠭ᠋ᠠᠯ ᠶᠣᠰᠤ᠎ᠪᠠᠷ ᠡᠳᠦᠭᠡ 2022 ᠣᠨ᠎ᠤ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ᠎ᠢ ᠮᠡᠳᠡᠭᠦᠯᠬᠦ ᠠᠵᠢᠯ᠎ᠤᠨ ᠬᠣᠯᠪᠤᠭᠳᠠᠬᠤ ᠵᠦᠢ᠍ᠯ᠎ᠢ ᠮᠡᠳᠡᠭᠳᠡᠶ᠎ᠡ᠄
      ᠨᠢᠭᠡ᠂ ᠵᠢᠯᠣᠭᠣᠳᠬᠤ ᠦᠵᠡᠯ ᠰᠠᠨᠠᠭ᠎ᠠ
     2022 ᠣᠨ᠎ᠤ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ᠎ᠢ ᠮᠡᠳᠡᠭᠦᠯᠬᠦ ᠪᠠ ᠬᠢᠨᠠᠨ ᠲᠣᠭᠲᠠᠭ᠋ᠠᠬᠤ ᠠᠵᠢᠯ᠎ᠢ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ ᠪᠥᠬᠦᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠭᠤᠯᠵᠤ᠂ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ ᠪᠠ ᠠᠷᠪᠠ ᠶᠢᠰᠦᠳᠦᠭᠡᠷ ᠬᠤᠭᠤᠴᠠᠭ᠋ᠠᠨ᠎ᠤ ᠤᠳᠠᠭ᠎ᠠ ᠪᠦᠷᠢ ᠵᠢᠨ ᠪᠥᠬᠥᠳᠡ ᠬᠤᠷᠠᠯ᠎ᠤᠨ ᠵᠣᠷᠢᠭ ᠰᠠᠨᠠᠭ᠎ᠠ ᠵᠢ ᠪᠥᠬᠥ ᠲᠠᠯ᠎ᠠ᠎ᠪᠠᠷ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ 《ᠳᠤᠮᠳᠠᠳᠤ ᠤᠯᠤᠰ᠎ᠤᠨ ᠣᠨᠴᠠᠯᠢᠭ ᠪᠦᠬᠦᠢ ᠭᠦᠨ ᠤᠬᠠᠭ᠋ᠠᠨ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠢ ᠥᠳᠲᠡᠷ ᠲᠦᠷᠭᠡᠨ ᠪᠠᠶ᠋ᠢᠭᠤᠯᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠰᠠᠨᠠᠯ》᠎ᠢ ᠭᠦᠨᠵᠡᠭᠡᠶ ᠬᠡᠷᠡᠭᠵᠢᠭᠦᠯᠵᠦ᠂ ᠶᠡᠷᠦᠩᠬᠡᠶ ᠱᠦᠵᠢ ᠰᠢ ᠵᠢᠨ ᠫᠢᠩ᠎ᠤᠨ ᠰᠤᠷᠭ᠋ᠠᠨ ᠬᠥᠮᠦᠵᠢᠯ᠎ᠤᠨ ᠲᠤᠬᠠᠶ ᠴᠢᠬᠤᠯᠠ ᠥᠭᠦᠯᠡᠯᠲᠡ ᠪᠠ ᠪᠦᠬᠦ ᠤᠯᠤᠰ᠂ ᠪᠦᠬᠦ ᠣᠷᠣᠨ᠎ᠤ ᠰᠤᠷᠭ᠋ᠠᠨ ᠬᠥᠮᠦᠵᠢᠯ᠎ᠤᠨ ᠶᠡᠬᠡ ᠬᠤᠷᠠᠯ᠎ᠤᠨ ᠵᠣᠷᠢᠭ ᠰᠠᠨᠠᠭ᠎ᠠ ᠵᠢ ᠪᠦᠬᠦ ᠲᠠᠯ᠎ᠠ᠎ᠪᠠᠷ ᠨᠠᠢ᠌ᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠥᠭᠡᠷᠡᠴᠢᠯᠡᠯᠲᠡ ᠪᠠ ᠬᠥᠭᠵᠢᠭᠦᠯᠦᠯᠲᠡ ᠵᠢᠨ ᠰᠢᠨ᠎ᠡ ᠬᠠᠷᠠᠯᠲᠠ ᠪᠠ ᠰᠢᠨ᠎ᠡ ᠬᠠᠨᠳᠤᠰᠢ᠎ᠠᠴᠠ ᠡᠭᠦᠰᠴᠦ᠂ ᠰᠤᠷᠭ᠋ᠠᠨ ᠬᠥᠮᠦᠵᠢᠯ ᠵᠢᠭ᠋ᠠᠨ ᠰᠤᠷᠭ᠋ᠠᠯᠲᠠ ᠵᠢᠨ ᠥᠭᠡᠷᠡᠴᠢᠯᠡᠯᠲᠡ ᠪᠠ ᠬᠥᠭᠵᠢᠭᠦᠯᠦᠯᠲᠡ ᠵᠢᠨ ᠬᠠᠯᠠᠮᠰᠢᠯ ᠠᠰᠠᠭᠤᠳᠠᠯ᠂ ᠬᠦᠴᠢᠷ ᠠᠰᠠᠭᠤᠳᠠᠯ᠂ ᠭᠣᠣᠯᠳᠠᠯᠭ᠋ᠠᠲᠠᠢ ᠠᠰᠠᠭᠤᠳᠠᠯ᠎ᠤᠨ ᠲᠣᠭᠣᠷᠢᠨ᠎ᠳᠤ ᠴᠢᠬᠤᠯᠠ ᠶᠡᠬᠡ ᠪᠣᠳᠠᠲᠤ ᠠᠰᠠᠭᠤᠳᠠᠯ ᠵᠶ᠋ᠠᠷ ᠭᠣᠣᠯ ᠰᠢᠪᠲᠤᠯᠬᠤ ᠴᠢᠭᠯᠡᠯ ᠪᠣᠯᠭ᠋ᠠᠬᠤ ᠵᠢ ᠪᠠᠷᠢᠮᠲᠠᠯᠠᠵᠤ᠂ ᠰᠠᠭᠤᠷᠢ ᠤᠨᠤᠯ᠎ᠤᠨ ᠰᠤᠳᠤᠯᠭ᠋ᠠᠨ ᠪᠠ ᠬᠡᠷᠡᠭᠯᠡᠭᠡᠨ᠎ᠤ ᠠᠷᠭ᠎ᠠ ᠪᠤᠳᠤᠯᠭ᠎ᠠ ᠵᠢᠨ ᠰᠤᠳᠤᠯᠭ᠋ᠠᠨ᠎ᠢ ᠵᠡᠷᠭᠡ᠎ᠪᠠᠷ ᠴᠢᠬᠤᠯᠠᠴᠢᠯᠠᠬᠤ᠂ ᠰᠤᠷᠭ᠋ᠠᠨ ᠬᠥᠮᠦᠵᠢᠯ᠎ᠤᠨ ᠠᠰᠠᠭᠤᠳᠠᠯ᠎ᠤᠨ ᠰᠣᠳᠤᠯᠭ᠋ᠠᠨ ᠪᠠ ᠵᠢᠭ᠋ᠠᠨ ᠰᠤᠷᠭ᠋ᠠᠯᠲᠠ ᠵᠢᠨ ᠦᠢ᠍ᠯᠡᠳᠦᠯᠭᠡ ᠵᠢᠨ ᠰᠣᠳᠤᠯᠭ᠋ᠠᠨ᠎ᠢ ᠵᠡᠷᠭᠡ᠎ᠪᠠᠷ ᠴᠢᠬᠤᠯᠠᠴᠢᠯᠠᠬᠤ᠂ ᠵᠥᠪᠯᠡᠯᠭᠡ ᠥᠭᠬᠦ ᠰᠢᠢ᠍ᠳᠪᠦᠷᠢᠲᠦ ᠪᠤᠳᠤᠯᠭ᠎ᠠ ᠵᠢᠨ ᠰᠤᠳᠤᠯᠭ᠋ᠠᠨ ᠪᠠ ᠬᠣᠷᠸ᠎ᠠ ᠪᠠᠶ᠋ᠢᠯᠳᠤᠬᠤ ᠪᠤᠳᠤᠯᠭ᠎ᠠ ᠵᠢᠨ ᠰᠤᠳᠤᠯᠭ᠋ᠠᠨ᠎ᠢ ᠵᠡᠷᠭᠡ᠎ᠪᠠᠷ ᠴᠢᠬᠤᠯᠠᠴᠢᠯᠠᠬᠤ ᠵᠠᠷᠴᠢᠮ᠎ᠢ ᠪᠠᠷᠢᠮᠲᠠᠯᠠᠵᠤ᠂ ᠨᠠᠩ ᠰᠠᠶ᠋ᠢᠨ ᠵᠶ᠋ᠠᠷ ᠣᠨᠣᠯ᠎ᠤᠨ ᠰᠢᠨ᠎ᠡ ᠵᠢ ᠡᠭᠦᠳᠴᠦ᠂ ᠦᠢ᠍ᠯᠡᠳᠦᠯᠭᠡ ᠵᠢ ᠵᠢᠯᠣᠭᠣᠳᠴᠤ᠂ ᠰᠢᠢ᠍ᠳᠪᠦᠷᠢᠲᠦ ᠪᠤᠳᠤᠯᠭ᠎ᠠ᠎ᠳᠤ ᠦᠢ᠍ᠯᠡᠴᠢᠯᠡᠵᠦ᠂ ᠶᠠᠷᠢᠶ᠎ᠠ ᠬᠡᠯᠡᠯᠴᠡᠭᠡ᠎ᠪᠠᠷ ᠬᠥᠲᠥᠯᠥᠨ ᠳᠠᠭ᠋ᠠᠭᠤᠯᠵᠤ᠂ ᠮᠠᠨ᠎ᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠢ ᠴᠡᠴᠡᠭᠯᠡᠭᠦᠯᠦᠨ ᠬᠥᠭᠵᠢᠭᠦᠯᠬᠦ᠎ᠳᠤ ᠦᠢ᠍ᠯᠡᠴᠢᠯᠡᠭᠦᠯᠦᠨ᠎ᠡ᠃
      ᠬᠣᠶᠠᠷ᠂ ᠮᠡᠳᠡᠭᠦᠯᠬᠦ ᠱᠠᠭ᠋ᠠᠷᠳᠠᠯᠭ᠎ᠠ
     (ᠨᠢᠭᠡ) ᠲᠥᠰᠦᠯ ᠮᠡᠳᠡᠭᠦᠯᠦᠭᠴᠢ᠂ ᠳᠠᠷᠤᠢ ᠲᠥᠰᠦᠯ ᠡᠷᠬᠢᠯᠡᠭᠴᠢ᠂ ᠡᠷᠬᠡᠪᠰᠢ ᠵᠢᠩᠬᠢᠨᠢ᠎ᠪᠠᠷ ᠳᠠᠭ᠋ᠠᠭ᠋ᠠᠨ ᠡᠭᠦᠷᠭᠡᠯᠡᠵᠦ᠂ ᠵᠣᠬᠢᠶᠠᠨ ᠪᠠᠶ᠋ᠢᠭᠤᠯᠵᠤ᠂ ᠬᠡᠷᠡᠭᠵᠢᠭᠦᠯᠬᠦ ᠵᠢᠨ ᠬᠠᠮᠲᠤ ᠪᠣᠳᠠᠲᠠᠢ ᠰᠤᠳᠤᠯᠭ᠋ᠠᠨ᠎ᠤ ᠠᠵᠢᠯ᠎ᠢ ᠬᠢᠵᠦ ᠴᠢᠳᠠᠬᠤ ᠠᠵᠢᠯᠲᠠᠨ ᠪᠠᠶ᠋ᠢᠬᠤ ᠬᠡᠷᠡᠭᠲᠡᠶ᠃ ᠲᠥᠰᠦᠯ ᠨᠢᠭᠡ ᠪᠦᠷᠢ᠎ᠳᠤ ᠨᠢᠭᠡ ᠡᠷᠬᠢᠯᠡᠭᠴᠢ ᠵᠢ ᠮᠡᠳᠡᠭᠦᠯᠬᠦ᠎ᠪᠠᠷ ᠬᠢᠵᠠᠭ᠋ᠠᠷᠯᠠᠵᠤ᠂ ᠲᠥᠰᠦᠯ᠎ᠤᠨ ᠳᠤᠭᠤᠶ᠋ᠢᠯᠠᠩ᠎ᠤᠨ ᠬᠡᠰᠢᠭᠦᠨ᠎ᠢ ᠬᠦᠰᠦᠨᠦᠭ᠎ᠲᠤ ᠲᠠᠭᠯᠠᠨ ᠮᠡᠳᠡᠭᠦᠯᠬᠦ᠎ᠳᠤ᠎ᠪᠠᠨ ᠡᠷᠬᠡᠪᠰᠢ ᠲᠤᠰ ᠬᠥᠮᠦᠨ᠎ᠤ ᠵᠥᠪᠰᠢᠶᠡᠷᠡᠯ᠎ᠢ ᠣᠯᠬᠤ ᠵᠢᠨ ᠬᠠᠮᠲᠤ ᠭᠠᠷ᠎ᠤᠨ ᠦᠰᠦᠭ ᠵᠢᠷᠤᠭᠤᠯᠬᠤ ᠬᠡᠷᠡᠭᠲᠡᠶ᠃ ᠲᠥᠰᠦᠯ ᠡᠷᠬᠢᠯᠡᠭᠴᠢ ᠨᠢᠭᠡ ᠪᠦᠷᠢ᠎ᠨᠢ ᠵᠥᠪᠬᠡᠨ ᠨᠢᠭᠡ ᠯᠡ ᠲᠥᠰᠦᠯ᠎ᠢ ᠮᠡᠳᠡᠭᠦᠯᠵᠦ ᠪᠣᠯᠬᠤ ᠪᠥᠭᠡᠳ ᠲᠥᠰᠦᠯ᠎ᠤᠨ ᠳᠤᠭᠤᠶ᠋ᠢᠯᠠᠩ᠎ᠤᠨ ᠬᠡᠰᠢᠭᠦᠨ᠎ᠤ ᠬᠤᠪᠢ᠎ᠪᠠᠷ ᠥᠪᠡᠷᠲᠡᠭᠡᠨ ᠵᠠᠰᠠᠬᠤ ᠣᠷᠣᠨ᠎ᠤ ᠪᠤᠰᠤᠳ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ᠎ᠢ ᠮᠡᠳᠡᠭᠦᠯᠬᠦ᠎ᠳᠤ ᠣᠷᠣᠯᠴᠠᠵᠤ ᠪᠣᠯᠬᠤ ᠦᠭᠡᠶ; ᠲᠥᠰᠦᠯ᠎ᠤᠨ ᠳᠤᠭᠤᠶ᠋ᠢᠯᠠᠩ᠎ᠤᠨ ᠬᠡᠰᠢᠭᠦᠨ᠎ᠨᠢ ᠬᠠᠮᠤᠭ᠎ᠤᠨ ᠣᠯᠠᠨ᠎ᠳᠤ᠎ᠪᠠᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠬᠣᠶᠠᠷ ᠵᠦᠢ᠍ᠯ᠎ᠤᠨ ᠲᠥᠰᠦᠯ᠎ᠳᠤ ᠵᠡᠷᠭᠡ᠎ᠪᠠᠷ ᠣᠷᠣᠯᠴᠠᠵᠤ ᠪᠣᠯᠤᠨ᠎ᠠ᠃ ᠳᠡᠭᠡᠳᠦ ᠰᠤᠷᠭ᠋ᠠᠭᠤᠯᠢ (ᠦᠨᠳᠦᠰᠦᠨ ᠠᠩᠭᠢᠲᠤ ᠳᠡᠭᠡᠳᠦ ᠰᠤᠷᠭ᠋ᠠᠭᠤᠯᠢ ᠵᠢᠴᠢ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢ ᠪᠠᠭᠲᠠᠭ᠋ᠠᠨ᠎ᠠ) ᠵᠢᠨ ᠮᠡᠳᠡᠭᠦᠯᠦᠭᠰᠡᠳ᠎ᠨᠢ ᠡᠷᠬᠡᠪᠰᠢ ᠳᠡᠭᠡᠳᠦ ᠵᠡᠷᠭᠡ ᠵᠢᠨ ᠳᠡᠳ᠋ ᠮᠡᠷᠭᠡᠵᠢᠯ᠎ᠤᠨ ᠴᠣᠯᠠ (ᠲᠤᠰᠢᠶᠠᠯ) ᠪᠤᠶᠤ ᠳ᠋ᠣᠺᠲ᠋ᠣᠷ ᠴᠤᠯᠠᠲᠠᠢ ᠪᠠᠶ᠋ᠢᠬᠤ ᠬᠡᠷᠡᠭᠲᠡᠶ; ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ᠂ ᠳᠤᠮᠳᠠᠳᠤ ᠪᠠᠭ᠎ᠠ ᠰᠤᠷᠭ᠋ᠠᠭᠤᠯᠢ ᠵᠢᠴᠢ ᠬᠡᠦᠬᠡᠳ᠎ᠤᠨ ᠴᠡᠴᠡᠷᠯᠢᠭ᠎ᠤᠨ ᠮᠡᠳᠡᠭᠦᠯᠦᠭᠰᠡᠳ᠎ᠨᠢ ᠡᠷᠬᠡᠪᠰᠢ ᠳᠤᠮᠳᠠ ᠵᠡᠷᠭᠡ (ᠳᠤᠮᠳᠠ ᠵᠡᠷᠭᠡ ᠵᠢ ᠪᠠᠭᠲᠠᠭ᠋ᠠᠨ᠎ᠠ)᠎ᠠᠴᠠ ᠳᠡᠭᠡᠭᠰᠢᠬᠢ ᠮᠡᠷᠭᠡᠵᠢᠯ᠎ᠤᠨ ᠴᠤᠯᠠᠲᠠᠢ ᠪᠠᠶ᠋ᠢᠬᠤ ᠵᠢᠨ ᠬᠠᠮᠲᠤ ᠠᠳᠠᠯᠢ ᠰᠤᠳᠤᠯᠭ᠋ᠠᠨ᠎ᠤ ᠬᠦᠷᠢᠶᠡᠨ᠎ᠳᠠᠬᠢ ᠳᠡᠭᠡᠳᠦ ᠵᠡᠷᠭᠡ ᠵᠢᠨ ᠳᠡᠳ᠋ ᠮᠡᠷᠭᠡᠵᠢᠯ᠎ᠤᠨ ᠴᠣᠯᠠ᠎ᠠᠴᠠ ᠳᠡᠭᠡᠭᠰᠢᠬᠢ ᠮᠡᠷᠭᠡᠵᠢᠯ᠎ᠤᠨ ᠴᠤᠯᠠᠲᠠᠢ ᠬᠣᠶᠠᠷ ᠲᠤᠰᠬᠠᠶ ᠮᠡᠷᠭᠡᠵᠢᠯᠲᠡᠨ᠎ᠠᠴᠠ ᠪᠢᠴᠢᠭ ᠵᠶ᠋ᠠᠷ ᠪᠠᠲᠤᠯᠠᠨ ᠲᠠᠨᠢᠯᠴᠠᠭᠤᠯᠤᠨ᠎ᠠ᠃ ᠨᠢᠭᠡᠨᠲᠡ ᠳᠡᠭᠡᠳᠦ ᠵᠡᠷᠭᠡ ᠵᠢᠨ ᠳᠡᠳ᠋ ᠮᠡᠷᠭᠡᠵᠢᠯ᠎ᠤᠨ ᠴᠣᠯᠠ (ᠳᠡᠭᠡᠳᠦ ᠵᠡᠷᠭᠡ ᠵᠢᠨ ᠳᠡᠳ᠋ ᠮᠡᠷᠭᠡᠵᠢᠯ᠎ᠤᠨ ᠴᠣᠯᠠ ᠵᠢ ᠪᠠᠭᠲᠠᠭ᠋ᠠᠨ᠎ᠠ)᠎ᠠᠴᠠ ᠳᠡᠭᠡᠭᠰᠢᠬᠢ ᠮᠡᠷᠭᠡᠵᠢᠯ᠎ᠤᠨ ᠴᠤᠯᠠᠲᠠᠢ ᠮᠡᠳᠡᠭᠦᠯᠦᠭᠴᠢ ᠲᠤᠰᠬᠠᠶ ᠮᠡᠷᠭᠡᠵᠢᠯᠲᠡᠨ ᠵᠶ᠋ᠠᠷ ᠲᠠᠨᠢᠯᠴᠠᠭᠤᠯᠬᠤ ᠴᠢᠬᠤᠯᠠ ᠥᠬᠡᠶ᠃
     (ᠬᠣᠶᠠᠷ) ᠡᠨᠡ ᠵᠢᠯ᠎ᠤᠨ ᠲᠥᠯᠥᠪᠵᠢᠭᠦᠯᠭᠡ ᠵᠢᠨ ᠲᠥᠰᠦᠯ᠎ᠲᠤ ᠵᠦᠭᠯᠡᠭᠦᠷ ᠲᠣᠬᠢᠷᠠᠭᠤᠯᠬᠤ ᠦᠭᠡᠶ᠂ ᠲᠥᠰᠦᠯ ᠮᠡᠳᠡᠭᠦᠯᠦᠭᠴᠢ ᠥᠪᠡᠷ᠎ᠤᠨ ᠰᠤᠳᠤᠯᠭ᠋ᠠᠨ᠎ᠤ ᠰᠠᠭᠤᠷᠢ᠂ ᠳᠤᠷ᠎ᠠ ᠪᠠᠬ᠎ᠠ ᠪᠠ ᠣᠨᠴᠠ ᠴᠢᠳᠠᠪᠤᠷᠢ᠎ᠲᠠᠢ᠎ᠪᠠᠨ ᠤᠶᠠᠯᠳᠤᠭᠤᠯᠤᠨ ᠥᠪᠡᠰᠦᠪᠡᠨ ᠰᠡᠳᠦᠪ᠎ᠪᠠᠨ ᠳᠣᠭᠲᠠᠭ᠋ᠠᠵᠤ᠂ ᠰᠡᠳᠦᠪ ᠵᠶ᠋ᠠᠨ ᠰᠢᠨᠵᠢᠯᠡᠬᠦ ᠤᠬᠠᠭ᠋ᠠᠨᠴᠢ᠂ ᠴᠢᠩᠭ᠎ᠠ ᠨᠢᠮᠪᠠᠶ᠂ ᠵᠢᠷᠤᠮᠵᠢᠯ᠎ᠲᠠᠢ᠂ ᠲᠣᠪᠴᠢ ᠠᠪᠰᠠᠷ ᠢᠯᠡᠳᠭᠡᠬᠦ ᠬᠡᠷᠡᠭᠲᠡᠢ (ᠲᠠᠪᠴᠠᠩ᠎ᠳᠤ ᠲᠠᠭᠯᠠᠨ ᠮᠡᠳᠡᠭᠦᠯᠬᠦ᠎ᠳᠤ᠎ᠪᠠᠨ ᠵᠦᠭᠯᠡᠭᠦᠷ᠎ᠤᠨ ᠬᠦᠰᠦᠨᠦᠭ᠎ᠤᠨ ᠲᠠᠰᠤᠯᠪᠤᠷᠢ᠎ᠳᠤ 《ᠪᠠᠶ᠋ᠢᠬᠤ ᠦᠭᠡᠶ》 ᠭᠡᠵᠦ ᠲᠠᠭᠯᠠᠨ᠎ᠠ)᠃ ᠮᠠᠨ᠎ᠤ ᠣᠷᠣᠨ᠎ᠤ ᠬᠡᠷᠡᠭᠴᠡᠭᠡ ᠪᠠ ᠪᠠᠷᠠᠯᠠᠯᠲᠤ ᠴᠢᠨᠠᠷᠲᠠᠶ᠂ ᠰᠢᠨ᠎ᠡ ᠵᠢ ᠡᠭᠦᠳᠬᠦ ᠴᠢᠨᠠᠷᠲᠠᠶ ᠰᠡᠳᠦᠪ᠎ᠤᠨ ᠰᠤᠳᠤᠯᠭ᠋ᠠᠨ᠂ ᠰᠤᠷᠭ᠋ᠠᠨ ᠬᠥᠮᠦᠵᠢᠯ᠎ᠤᠨ ᠰᠠᠭᠤᠷᠢ ᠣᠨᠣᠯ᠂ ᠰᠤᠷᠭ᠋ᠠᠨ ᠬᠥᠮᠦᠵᠢᠯ᠎ᠤᠨ ᠬᠦᠴᠢᠷ ᠠᠰᠠᠭᠤᠳᠠᠯ ᠪᠠ ᠰᠤᠷᠭ᠋ᠠᠨ ᠬᠥᠮᠦᠵᠢᠯ᠎ᠤᠨ ᠲᠤᠷᠰᠢᠯᠲᠠ ᠵᠢᠨ ᠰᠤᠳᠤᠯᠭ᠋ᠠᠨ᠎ᠢ ᠥᠷᠨᠢᠭᠦᠯᠬᠦ ᠵᠢ ᠵᠣᠷᠢᠭᠵᠢᠭᠤᠯᠤᠨ᠎ᠠ᠃ ᠡᠯ᠎ᠡ ᠮᠡᠳᠡᠭᠦᠯᠬᠦ ᠨᠢᠭᠡᠴᠢ ᠮᠡᠳᠡᠭᠦᠯᠬᠦ ᠴᠢᠨᠠᠷ ᠴᠢᠨᠰᠠᠭ᠎ᠠ᠎ᠪᠠᠨ ᠬᠦᠴᠦᠯᠡᠨ ᠳᠡᠭᠡᠭᠰᠢᠯᠡᠭᠦᠯᠵᠦ᠂ ᠠᠳᠠᠯᠢ ᠲᠥᠷᠥᠯ᠎ᠤᠨ ᠲᠥᠰᠦᠯ᠎ᠢ ᠳᠠᠪᠬᠤᠷᠳᠠᠭᠤᠯᠤᠨ ᠮᠡᠳᠡᠭᠦᠯᠬᠦ ᠵᠢ ᠪᠠᠭ᠋ᠠᠰᠬᠠᠨ᠎ᠠ᠃
     (ᠭᠤᠷᠪᠠ) ᠡᠨᠡ ᠵᠢᠯ ᠰᠦᠯᠵᠢᠶᠡᠨ᠎ᠳᠤ ᠮᠡᠳᠡᠭᠦᠯᠬᠦ ᠬᠡᠯᠪᠡᠷᠢ᠎ᠪᠠᠷ ᠮᠡᠳᠡᠭᠦᠯᠦᠨ᠎ᠡ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠰᠣᠳᠤᠯᠭ᠋ᠠᠨ᠎ᠤ ᠬᠠᠮᠢᠶᠠᠷᠤᠯᠲᠠ ᠵᠢᠨ ᠲᠠᠪᠴᠠᠩ᠎ᠤᠨ ᠰᠦᠯᠵᠢᠶᠡᠨ ᠬᠠᠶᠢᠭ (
https://jyky.nmgov.edu.cn/nmgkypt)᠎ᠳᠤ ᠣᠷᠣᠵᠤ ᠮᠡᠳᠡᠭᠦᠯᠦᠨ᠎ᠡ᠃ ᠲᠥᠰᠦᠯ ᠮᠡᠳᠡᠭᠦᠯᠦᠭᠴᠢ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ ᠮᠡᠳᠡᠭᠦᠯᠬᠦ ᠠᠵᠢᠯᠯᠠᠭ᠋ᠠᠨ᠎ᠤ ᠭᠠᠷ ᠠᠪᠤᠯᠭ᠎ᠠ》 (ᠳᠠᠭ᠋ᠠᠯᠳᠤᠭᠤᠯᠤᠯ) ᠵᠢ ᠨᠠᠷᠢᠨ ᠬᠢᠨᠠᠮᠠᠭ᠋ᠠᠶ ᠤᠩᠰᠢᠬᠤ ᠬᠡᠷᠡᠭᠲᠡᠶ᠃ ᠮᠡᠳᠡᠭᠦᠯᠬᠦ ᠠᠵᠢᠯ᠎ᠤᠨ ᠤᠷᠤᠭᠰᠢᠲᠠᠢ ᠶᠠᠪᠤᠭᠳᠠᠬᠤ ᠵᠢ ᠪᠠᠲᠤᠯᠠᠬᠤ ᠵᠢᠨ ᠲᠥᠯᠥᠭᠡ ᠳᠣᠣᠷᠠᠬᠢ ᠬᠣᠶᠠᠷ ᠵᠦᠢ᠍ᠯ᠎ᠢ ᠠᠩᠬᠠᠷᠤᠭ᠋ᠠᠷᠠᠢ᠄
     1 . ᠳᠡᠭᠡᠳᠦ ᠰᠤᠷᠭ᠋ᠠᠭᠤᠯᠢ (ᠦᠨᠳᠦᠰᠦᠨ ᠠᠩᠭᠢᠲᠤ ᠳᠡᠭᠡᠳᠦ ᠰᠤᠷᠭ᠋ᠠᠭᠤᠯᠢ ᠵᠢᠴᠢ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢ ᠪᠠᠭᠲᠠᠭ᠋ᠠᠨ᠎ᠠ) ᠵᠢᠨ ᠮᠡᠳᠡᠭᠦᠯᠬᠦ ᠮᠠᠲ᠋ᠧᠷᠢᠶᠠᠯ᠎ᠨᠢ ᠲᠣᠰ ᠰᠤᠷᠭ᠋ᠠᠭᠤᠯᠢ ᠵᠢᠨ ᠡᠷᠳᠡᠮ ᠰᠢᠨᠵᠢᠯᠡᠭᠡᠨ᠎ᠢ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠤᠨ ᠰᠦᠯᠵᠢᠶᠡᠨ᠎ᠳᠠᠬᠢ ᠬᠢᠨᠠᠨ ᠰᠢᠯᠭ᠋ᠠᠯᠲᠠ᠎ᠳᠤ ᠬᠢᠷᠢ ᠲᠡᠩᠴᠡᠭᠰᠡᠨ ᠪᠠᠶ᠋ᠢᠬᠤ ᠬᠡᠷᠡᠭᠲᠡᠶ᠃ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ᠂ ᠳᠤᠮᠳᠠᠳᠤ ᠪᠠᠭ᠎ᠠ ᠰᠤᠷᠭ᠋ᠠᠭᠤᠯᠢ ᠵᠢᠴᠢ ᠬᠡᠦᠬᠡᠳ᠎ᠤᠨ ᠴᠡᠴᠡᠷᠯᠢᠭ ᠵᠡᠷᠭᠡ ᠨᠢᠭᠡᠴᠢ ᠵᠢᠨ ᠮᠡᠳᠡᠭᠦᠯᠦᠭᠰᠡᠨ ᠮᠠᠲ᠋ᠧᠷᠢᠶᠠᠯ᠎ᠨᠢ ᠠᠶ᠋ᠢᠮᠠᠭ ᠬᠣᠲᠠ ᠵᠢᠨ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠰᠣᠳᠤᠯᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠨ ᠰᠦᠯᠵᠢᠶᠡᠨ᠎ᠳᠠᠬᠢ ᠬᠢᠨᠠᠨ ᠰᠢᠯᠭ᠋ᠠᠯᠲᠠ᠎ᠳᠤ ᠬᠢᠷᠢ ᠲᠡᠩᠴᠡᠭᠰᠡᠨ ᠪᠠᠶ᠋ᠢᠬᠤ ᠬᠡᠷᠡᠭᠲᠡᠶ᠃
     2 . ᠡᠯ᠎ᠡ ᠨᠢᠭᠡᠴᠢ ᠵᠢᠨ ᠰᠢᠨᠵᠢᠯᠡᠬᠦ ᠤᠬᠠᠭ᠋ᠠᠨ᠎ᠤ ᠰᠣᠳᠤᠯᠭ᠋ᠠᠨ᠎ᠢ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠤᠨ᠎ᠬᠢᠨ ᠮᠡᠷᠭᠡᠵᠢᠯ᠎ᠢ ᠳᠡᠮᠵᠢᠭᠴᠢ᠎ᠲᠠᠢ ᠳᠠᠷᠤᠢ᠎ᠳᠤ᠎ᠨᠢ ᠬᠠᠷᠢᠯᠴᠠᠵᠤ ᠰᠦᠯᠵᠢᠶᠡᠨ᠎ᠳᠤ ᠬᠢᠨᠠᠨ ᠰᠢᠯᠭ᠋ᠠᠬᠤ ᠬᠢᠷᠢ ᠬᠡᠮ᠎ᠢ ᠨᠡᠭᠡᠭᠡᠵᠦ᠂ ᠰᠦᠯᠵᠢᠶᠡᠨ᠎ᠳᠤ ᠲᠤᠰᠢᠶᠠᠬᠤ ᠪᠣᠶ ᠪᠥᠬᠥᠶ ᠮᠡᠳᠡᠭᠦᠯᠬᠦ ᠮᠠᠲ᠋ᠧᠷᠢᠶᠠᠯ᠎ᠢ ᠮᠡᠳᠡᠭᠦᠯᠦᠭᠴᠢ᠎ᠠᠴᠠ ᠱᠠᠭ᠋ᠠᠷᠳᠠᠯᠭ᠎ᠠ ᠶᠣᠰᠤ᠎ᠪᠠᠷ ᠨᠠᠷᠢᠨ ᠬᠢᠨᠠᠮᠠᠭ᠋ᠠᠶ᠎ᠪᠠᠷ ᠬᠦᠰᠦᠨᠦᠭ᠎ᠢ ᠲᠠᠭᠯᠠᠨ ᠪᠢᠴᠢᠨ᠎ᠡ᠃ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠠᠯᠪᠠᠨ ᠬᠡᠷ᠎ᠨᠢ ᠬᠤᠪᠢ ᠬᠥᠮᠦᠨ᠎ᠤ ᠮᠡᠳᠡᠭᠦᠯᠬᠦ ᠵᠢ ᠭᠥᠯᠢᠶᠡᠨ ᠠᠪᠴᠤ ᠰᠢᠢ᠍ᠳᠪᠦᠷᠢᠯᠡᠬᠦ ᠥᠬᠡᠶ᠃ ᠮᠡᠳᠡᠭᠦᠯᠦᠭᠰᠡᠨ ᠨᠢᠭᠡᠴᠢ ᠵᠢᠨ ᠬᠢᠨᠠᠨ ᠰᠢᠯᠭ᠋ᠠᠯᠲᠠ᠎ᠪᠠᠷ ᠪᠠᠲᠤᠯᠠᠭᠳᠠᠭᠰᠠᠨ ᠥᠬᠡᠶ ᠰᠡᠳᠦᠪ᠎ᠢ ᠬᠢᠨᠠᠨ ᠲᠣᠭᠲᠠᠭ᠋ᠠᠬᠤ ᠥᠬᠡᠶ᠃
     3 . ᠲᠥᠰᠦᠯ᠎ᠤᠨ ᠰᠣᠳᠤᠯᠭ᠋ᠠᠨ᠎ᠤ ᠴᠢᠨᠠᠷ ᠴᠢᠨᠰᠠᠭ᠎ᠠ ᠵᠢ ᠦᠨᠡᠨ ᠬᠦ᠌ ᠪᠠᠲᠤᠯᠠᠬᠤ ᠵᠢᠨ ᠲᠥᠯᠦᠭᠡ᠂ ᠳᠡᠭᠡᠳᠦ ᠰᠤᠷᠭ᠋ᠠᠭᠤᠯᠢ ᠵᠢᠨ ᠰᠤᠷᠭ᠋ᠠᠨ ᠬᠥᠮᠦᠵᠢᠯ᠎ᠤᠨ ᠥᠭᠡᠷᠡᠴᠢᠯᠡᠯᠲᠡ ᠵᠢᠨ ᠲᠥᠰᠦᠯ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠥᠰᠦᠯ ᠵᠡᠷᠭᠡ ᠨᠢᠭᠡᠨᠲᠡ ᠰᠡᠳᠦᠪ ᠲᠣᠭᠲᠠᠭ᠋ᠠᠭᠰᠠᠨ ᠤᠯᠤᠰ᠂ ᠥᠪᠡᠷᠲᠡᠭᠡᠨ ᠵᠠᠰᠠᠬᠤ ᠣᠷᠣᠨ ᠪᠣᠯᠤᠨ ᠰᠤᠷᠭ᠋ᠠᠨ ᠬᠥᠮᠦᠵᠢᠯ᠎ᠤᠨ ᠲᠢᠩᠬᠢᠮ᠎ᠤᠨ ᠲᠥᠰᠦᠯ ᠵᠢᠴᠢ ᠥᠩᠭᠡᠷᠡᠭᠰᠡᠨ ᠵᠢᠯ᠎ᠤᠨ ᠲᠥᠰᠦᠯ ᠵᠶ᠋ᠠᠨ ᠪᠡᠶᠡᠯᠡᠭᠦᠯᠦᠭᠰᠡᠨ ᠦᠭᠡᠶ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ᠎ᠢ ᠡᠨᠡ ᠤᠳᠠᠭ᠎ᠠ ᠳᠠᠬᠢᠨ ᠮᠡᠳᠡᠭᠦᠯᠵᠦ ᠪᠣᠯᠬᠤ ᠦᠭᠡᠶ᠃
      ᠭᠤᠷᠪᠠ᠂ ᠲᠥᠰᠦᠯ᠎ᠢ ᠬᠢᠨᠠᠨ ᠲᠣᠭᠲᠠᠭ᠋ᠠᠬᠤ
      ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠠᠯᠪᠠᠨ ᠬᠡᠷ᠎ᠠᠴᠠ ᠬᠣᠯᠪᠤᠭᠳᠠᠬᠤ ᠲᠤᠰᠬᠠᠶ ᠮᠡᠷᠭᠡᠵᠢᠯᠲᠡᠨ᠎ᠢ ᠤᠷᠢᠵᠤ ᠬᠢᠨᠠᠨ ᠲᠣᠭᠲᠠᠭ᠋ᠠᠬᠤ ᠳᠤᠭᠤᠶ᠋ᠢᠯᠠᠩ᠎ᠢ ᠪᠠᠢ᠌ᠭᠤᠯᠵᠤ᠂ ᠦᠨᠳᠦᠰᠦᠨ ᠠᠩᠭᠢᠲᠤ ᠳᠡᠭᠡᠳᠦ ᠰᠤᠷᠭ᠋ᠠᠭᠤᠯᠢ᠂ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠳᠡᠭᠡᠳᠦ ᠵᠡᠷᠭᠡ ᠵᠢᠨ ᠲᠤᠰᠬᠠᠶ ᠮᠡᠷᠭᠡᠵᠢᠯ᠎ᠤᠨ ᠰᠤᠷᠭ᠋ᠠᠭᠤᠯᠢ (ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢ ᠪᠠᠭᠲᠠᠭ᠋ᠠᠨ᠎ᠠ)᠂ ᠳᠤᠮᠳᠠᠳᠤ ᠪᠠᠭ᠎ᠠ ᠰᠤᠷᠭ᠋ᠠᠭᠤᠯᠢ ᠵᠢᠴᠢ ᠬᠡᠦᠬᠡᠳ᠎ᠤᠨ ᠴᠡᠴᠡᠷᠯᠢᠭ ᠵᠡᠷᠭᠡ ᠳᠥᠷᠪᠡᠨ ᠰᠢᠨᠵᠢᠯᠡᠭᠡᠨ᠎ᠤ ᠰᠠᠯᠠᠭ᠋ᠠᠨ᠎ᠤ ᠳᠤᠭᠤᠶ᠋ᠢᠯᠠᠩ ᠬᠤᠪᠢᠶᠠᠵᠤ᠂ ᠰᠦᠯᠵᠢᠶᠡᠨ᠎ᠳᠤ ᠨᠡᠷ᠎ᠡ ᠪᠤᠷᠤᠭᠤᠯᠠᠨ ᠬᠢᠨᠠᠨ ᠳᠣᠭᠲᠠᠭ᠋ᠠᠵᠤ᠂ ᠲᠠᠰ ᠳᠠᠪᠬᠤᠷᠭ᠎ᠠ ᠬᠤᠪᠢᠶᠠᠨ ᠰᠢᠯᠢᠳᠡᠭ᠎ᠢ᠎ᠨᠢ ᠰᠣᠩᠭᠣᠵᠤ᠂ ᠲᠥᠰᠦᠯ᠎ᠢ ᠳᠣᠭᠲᠠᠭ᠋ᠠᠬᠤ ᠪᠣᠯᠤᠨ᠎ᠠ᠃
      ᠳᠥᠷᠪᠡ᠂ ᠲᠥᠰᠦᠯ᠎ᠤᠨ ᠬᠠᠮᠢᠶᠠᠷᠤᠯᠲᠠ
      ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ᠎ᠢ ᠱᠠᠲᠤ ᠬᠤᠪᠢᠶᠠᠨ ᠬᠠᠮᠢᠶᠠᠷᠬᠤ ᠳᠦᠷᠢᠮ᠎ᠢ ᠬᠡᠷᠡᠭᠵᠢᠭᠦᠯᠦᠨ᠎ᠡ᠃ ᠲᠥᠰᠦᠯ᠎ᠢ ᠵᠦᠪᠰᠢᠶᠡᠷᠡᠭᠰᠡᠨ 《ᠮᠡᠳᠡᠭᠦᠯᠦᠭᠰᠡᠨ ᠲᠥᠰᠦᠯ᠎ᠢ ᠬᠢᠨᠠᠨ ᠳᠣᠭᠲᠠᠭ᠋ᠠᠭᠰᠠᠨ ᠪᠢᠴᠢᠭ》᠎ᠢ ᠬᠢᠵᠠᠭ᠋ᠠᠷᠯᠠᠬᠤ ᠬᠦᠴᠦᠨᠲᠡᠢ ᠭᠡᠷ᠎ᠡ ᠵᠢᠨ ᠪᠢᠴᠢᠭ ᠵᠶ᠋ᠠᠷ ᠦᠵᠡᠨ᠎ᠡ᠃ ᠳᠣᠭᠲᠠᠭ᠋ᠠᠭᠰᠠᠨ ᠲᠥᠰᠦᠯ᠎ᠢ 1 - 3 ᠵᠢᠯ᠎ᠤᠨ ᠳᠣᠲᠣᠷ᠎ᠠ ᠪᠡᠶᠡᠯᠡᠭᠦᠯᠬᠦ᠎ᠪᠠᠷ ᠱᠠᠭ᠋ᠠᠷᠳᠠᠵᠤ᠂ ᠰᠢᠢ᠍ᠳᠪᠦᠷᠢᠲᠦ ᠪᠣᠳᠣᠯᠭ᠎ᠠ ᠵᠢᠨ ᠴᠢᠨᠠᠷᠲᠠᠶ ᠰᠤᠳᠤᠯᠭ᠋ᠠᠨ᠎ᠢ 1 ᠵᠢᠯ᠎ᠤᠨ ᠳᠣᠲᠣᠷ᠎ᠠ ᠪᠡᠶᠡᠯᠡᠭᠦᠯᠦᠨ᠎ᠡ᠂ ᠰᠤᠳᠤᠯᠭ᠋ᠠᠨ᠎ᠤ ᠬᠤᠭᠤᠴᠠᠭ᠎ᠠ ᠵᠢ ᠲᠥᠰᠦᠯ ᠲᠣᠭᠲᠠᠭ᠋ᠠᠬᠤ ᠵᠢ ᠵᠥᠪᠰᠢᠶᠡᠷᠡᠭᠰᠡᠨ ᠡᠳᠦᠷ᠎ᠠᠴᠠ ᠡᠬᠢᠯᠡᠵᠦ ᠪᠤᠳᠤᠨ᠎ᠠ᠃ ᠲᠥᠰᠦᠯ᠎ᠢ ᠬᠠᠮᠢᠶᠠᠷᠬᠤ ᠨᠢᠭᠡᠴᠢ ᠵᠢᠴᠢ ᠲᠥᠰᠦᠯ᠎ᠢ ᠡᠷᠬᠢᠯᠡᠭᠴᠢ ᠲᠥᠰᠦᠯ᠎ᠤᠨ ᠰᠣᠳᠤᠯᠭ᠋ᠠᠨ᠎ᠤ ᠬᠤᠭᠤᠴᠠᠭ᠋ᠠᠨ᠎ᠳᠤ ᠡᠯ᠎ᠡ ᠵᠦᠢ᠍ᠯ᠎ᠤᠨ ᠠᠮᠠᠯᠠᠯᠲᠠ᠎ᠪᠠᠨ ᠵᠢᠷᠤᠮᠯᠠᠨ᠂ ᠪᠣᠯᠵᠣᠨ ᠲᠣᠭᠲᠠᠭᠰᠠᠨ ᠡᠭᠦᠷᠭᠡ᠎ᠪᠠᠨ ᠭᠦᠢ᠍ᠴᠡᠳᠭᠡᠵᠦ᠂ ᠰᠤᠳᠤᠯᠭ᠋ᠠᠨ᠎ᠤ ᠡᠭᠦᠷᠭᠡ᠎ᠪᠠᠨ ᠬᠤᠭᠤᠴᠠᠭ᠎ᠠ   ᠶᠣᠰᠤ᠎ᠪᠠᠷ ᠪᠡᠶᠡᠯᠡᠭᠦᠯᠦᠨ᠎ᠡ᠃
      ᠡᠯ᠎ᠡ ᠳᠡᠭᠡᠳᠦ ᠰᠤᠷᠭ᠋ᠠᠭᠤᠯᠢ ᠵᠢᠨ ᠰᠢᠨᠵᠢᠯᠡᠬᠦ ᠤᠬᠠᠭ᠋ᠠᠨ᠎ᠤ ᠰᠣᠳᠤᠯᠭ᠋ᠠᠨ᠎ᠢ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ᠂ ᠠᠶ᠋ᠢᠮᠠᠭ ᠬᠣᠲᠠ ᠵᠢᠨ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠰᠣᠳᠤᠯᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠨ᠎ᠬᠢᠨ ᠲᠤᠰ   ᠵᠢᠯ᠎ᠤᠨ ᠲᠥᠰᠦᠯ ᠮᠡᠳᠡᠭᠦᠯᠬᠦ ᠠᠵᠢᠯ᠎ᠢ ᠤᠬᠠᠭᠤᠯᠬᠤ᠂ ᠵᠣᠬᠢᠶᠠᠨ ᠪᠠᠶ᠋ᠢᠭᠤᠯᠬᠤ ᠪᠠ ᠵᠢᠯᠣᠭᠣᠳᠬᠤ᠎ᠪᠠᠨ ᠴᠢᠩᠭ᠋ᠠᠳᠬᠠᠵᠤ᠂ ᠪᠣᠭᠣᠮᠲᠠ ᠵᠢ ᠴᠢᠩᠭ᠎ᠠ ᠠᠳᠬᠤᠵᠤ᠂ 《ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ᠎ᠤᠨ ᠬᠠᠮᠢᠶᠠᠷᠤᠯᠲᠠ ᠵᠢᠨ ᠠᠷᠭ᠎ᠠ》 ᠵᠢᠨ ᠬᠣᠯᠪᠤᠭᠳᠠᠬᠤ ᠲᠣᠭᠲᠠᠭ᠋ᠠᠯ ᠪᠣᠯᠤᠨ ᠲᠤᠰ ᠮᠡᠳᠡᠭᠳᠡᠯ᠎ᠤᠨ ᠱᠠᠭ᠋ᠠᠷᠳᠠᠯᠭ᠎ᠠ ᠶᠣᠰᠤ᠎ᠪᠠᠷ ᠲᠥᠰᠦᠯ ᠮᠡᠳᠡᠭᠦᠯᠬᠦ ᠮᠠᠲ᠋ᠧᠷᠢᠶᠠᠯ᠎ᠢ ᠬᠢᠨᠠᠨ ᠰᠢᠯᠭ᠋ᠠᠵᠤ᠂ ᠲᠥᠰᠦᠯ ᠮᠡᠳᠡᠭᠦᠯᠦᠭᠴᠢ ᠵᠢᠨ ᠬᠢᠷᠢ ᠬᠡᠮ᠎ᠤᠨ ᠢᠲᠡᠭᠡᠯ ᠬᠦᠨᠳᠦ᠂ ᠡᠮᠦᠨᠡᠬᠢ ᠬᠤᠭᠤᠴᠠᠭ᠋ᠠᠨ᠎ᠤ ᠰᠣᠳᠤᠯᠭ᠋ᠠᠨ᠎ᠤ ᠰᠠᠭᠤᠷᠢ᠂ ᠰᠡᠳᠦᠪ᠎ᠤᠨ ᠳᠤᠭᠤᠶ᠋ᠢᠯᠠᠩ᠎ᠤᠨ ᠰᠣᠳᠤᠯᠭ᠋ᠠᠨ᠎ᠤ ᠴᠢᠳᠠᠪᠤᠷᠢ ᠪᠣᠯᠤᠨ ᠲᠤᠯᠭ᠋ᠠᠭᠤᠷᠢᠯᠠᠬᠤ ᠨᠥᠬᠥᠴᠡᠯ ᠵᠡᠷᠭᠡ ᠵᠢ ᠨᠠᠷᠢᠨ ᠬᠢᠨᠠᠮᠠᠭ᠋ᠠᠶ ᠬᠢᠨᠠᠨ ᠰᠢᠯᠭ᠋ᠠᠵᠤ᠂ ᠲᠥᠰᠦᠯ ᠮᠡᠳᠡᠭᠦᠯᠦᠭᠴᠢ ᠵᠢᠨ ᠬᠦᠰᠦᠨᠦᠭ᠎ᠲᠤ ᠲᠠᠭᠯᠠᠭᠰᠠᠨ ᠠᠭᠤᠯᠭ᠎ᠠ ᠵᠢᠨ ᠦᠨᠡᠨ ᠪᠣᠳᠠᠲᠤ ᠴᠢᠨᠠᠷ᠎ᠢ ᠪᠠᠲᠤᠯᠠᠵᠤ᠂ ᠲᠥᠰᠦᠯ᠎ᠤᠨ ᠰᠣᠳᠤᠯᠭ᠋ᠠᠨ᠎ᠤ   ᠴᠢᠨᠠᠷ ᠴᠢᠨᠰᠠᠭ᠎ᠠ ᠵᠢ ᠦᠨᠡᠨ ᠬᠦ᠌ ᠪᠠᠲᠤᠯᠠᠬᠤ ᠬᠡᠷᠡᠭᠲᠡᠶ᠃
      ᠲᠠᠪᠤ᠂ ᠪᠤᠰᠤᠳ ᠵᠦᠢ᠍ᠯ
     1 . ᠡᠨᠡ ᠵᠢᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠲᠥᠰᠦᠯ ᠮᠡᠳᠡᠭᠦᠯᠬᠦ ᠴᠠᠭ᠎ᠨᠢ 2022 ᠣᠨ᠎ᠤ 4 ᠰᠠᠷ᠎ᠠ ᠵᠢᠨ 1᠎ᠤ ᠡᠳᠦᠷ᠎ᠠᠴᠠ 30᠎ᠤ ᠡᠳᠦᠷ ᠪᠣᠯᠤᠨ᠎ᠠ᠃
     2 . ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠲᠥᠯᠥᠪᠵᠢᠭᠦᠯᠭᠡ ᠵᠢᠨ ᠤᠳᠤᠷᠢᠳᠬᠤ ᠳᠤᠭᠤᠶ᠋ᠢᠯᠠᠩ᠎ᠤᠨ ᠠᠯᠪᠠᠨ ᠭᠡᠷ᠎ᠢ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ ᠤᠬᠠᠭ᠋ᠠᠨ᠎ᠤ ᠰᠣᠳᠤᠯᠭ᠋ᠠᠨ ᠪᠣᠯᠤᠨ ᠬᠢᠨᠠᠨ ᠬᠡᠮᠵᠢᠵᠦ ᠦᠨᠡᠯᠡᠨ ᠵᠢᠱ᠌ᠢᠬᠦ ᠬᠦᠷᠢᠶᠡᠯᠡᠩ᠎ᠳᠤ ᠭᠠᠷᠭ᠋ᠠᠨ᠎ᠠ᠃
     3 . ᠲᠥᠰᠦᠯ᠎ᠤᠨ ᠪᠣᠳᠠᠲᠠᠢ   ᠬᠠᠷᠢᠯᠴᠠᠭᠰᠠᠳ᠄
      ᠡᠩ᠎ᠤᠨ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠤᠨ ᠬᠠᠷᠢᠯᠴᠠᠬᠤ ᠬᠥᠮᠦᠨ᠄ ᠹᠠᠨ ᠵᠢᠩ ᠿᠦ᠍
      ᠤᠲᠠᠰᠤ᠄ 0471 - 2856419
      ᠳᠡᠭᠡᠳᠦ ᠵᠡᠷᠭᠡ (ᠳᠤᠮᠲᠠ ᠵᠡᠷᠭᠡ) ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠬᠠᠷᠢᠯᠴᠠᠬᠤ ᠬᠥᠮᠦᠨ᠄ ᠤᠷᠠᠨᠴᠡᠴᠡᠭ
      ᠤᠲᠠᠰᠤ᠄ 0471 - 2857127
      ᠳᠤᠮᠳᠠᠳᠤ ᠪᠠᠭ᠎ᠠ ᠰᠤᠷᠭ᠋ᠠᠭᠤᠯᠢ᠂ ᠬᠡᠦᠬᠡᠳ᠎ᠤᠨ ᠴᠡᠴᠡᠷᠯᠢᠭ᠎ᠤᠨ ᠬᠥᠮᠦᠵᠢᠯ᠎ᠤᠨ ᠬᠠᠷᠢᠯᠴᠠᠬᠤ ᠬᠥᠮᠦᠨ᠄ ᠸᠠᠩ ᠺᠠᠶ ᠯᠤ᠌
      ᠤᠲᠠᠰᠤ᠄ 0471 - 2856419
      ᠰᠦᠯᠵᠢᠶᠡᠨ᠎ᠤ ᠮᠡᠷᠭᠡᠵᠢᠯ᠎ᠢ ᠳᠡᠮᠵᠢᠬᠦ ᠤᠲᠠᠰᠤ᠄ 0531 - 89701233

      ᠳᠠᠭ᠋ᠠᠯᠳᠤᠭᠤᠯᠤᠯ᠄ ᠰᠦᠯᠵᠢᠶᠡᠨ᠎ᠤ ᠲᠠᠪᠴᠠᠩ᠎ᠳᠤ ᠠᠵᠢᠯᠯᠠᠬᠤ ᠭᠠᠷ ᠠᠪᠤᠯᠭ᠎ᠠ


      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠨᠵᠢᠯᠡᠬᠦ
      ᠤᠬᠠᠭ᠋ᠠᠨ᠎ᠤ ᠲᠥᠯᠥᠪᠵᠢᠭᠦᠯᠭᠡ ᠵᠢᠨ ᠤᠳᠤᠷᠢᠳᠬᠤ ᠳᠤᠭᠤᠶ᠋ᠢᠯᠠᠩ᠎ᠤᠨ ᠠᠯᠪᠠᠨ ᠬᠡᠷ
                 2022 ᠣᠨ᠎ᠤ 4 ᠰᠠᠷ᠎ᠠ ᠵᠢᠨ 6᠎ᠤ ᠡᠳᠦᠷ


ᠳᠠᠭ᠋ᠠᠯᠳᠤᠭᠤᠯᠤᠯ᠄
ᠳᠠᠭ᠋ᠠᠯᠳᠤᠭᠤᠯᠤᠯ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠤᠨ ᠰᠢᠨᠵᠢᠯᠡᠬᠦ ᠤᠬᠠᠭ᠋ᠠᠨ᠎ᠤ ᠰᠣᠳᠤᠯᠭ᠋ᠠᠨ᠎ᠤ ᠬᠠᠮᠢᠶᠠᠷᠤᠯᠲᠠ ᠵᠢᠨ ᠲᠠᠪᠴᠠᠩ᠎ᠳᠤ ᠠᠵᠢᠯᠯᠠᠬᠤ ᠭᠠᠷ ᠠᠪᠤᠯᠭ᠎ᠠ (ᠪᠠᠭᠰᠢ ᠨᠠᠷ ᠮᠡᠳᠡᠭᠦᠯᠬᠦ) ᠲᠠᠰ ᠳᠡᠪᠰᠢᠭᠦᠯᠬᠦ v 2 . 0 docx


ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
2022 ᠣᠨ᠎ᠤ ᠠᠩᠬ᠎ᠠ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠤᠯᠭ᠎ᠠ ᠵᠢᠨ ᠬᠢᠷᠢ ᠬᠡᠮᠵᠢᠶᠡᠨ᠎ᠤ ᠰᠢᠯᠭ᠋ᠠᠯᠲᠠ ᠵᠢᠨ ᠰᠡᠳᠦᠪ᠎ᠢ ᠶᠠᠭ᠋ᠠᠬᠢᠵᠤ ᠭᠠᠷᠭ᠋ᠠᠬᠤ ᠪᠣᠶ? ᠰᠤᠷᠭ᠋ᠠᠨ ᠬᠥᠮᠦᠵᠢᠯ᠎ᠤᠨ ᠶᠠᠮᠤᠨ᠎ᠤ ᠮᠡᠳᠡᠭᠳᠡᠯ
ᠰᠤᠷᠭ᠋ᠠᠨ ᠬᠥᠮᠦᠵᠢᠯ᠎ᠤᠨ ᠶᠠᠮᠤᠨ᠄ ᠳᠡᠭᠡᠳᠦ ᠵᠡᠷᠭᠡ ᠵᠢᠨ ᠰᠤᠷᠤᠯᠭ᠎ᠠ ᠵᠢᠨ ᠨᠠᠮᠲᠠᠷ᠎ᠤᠨ ᠦᠷᠭᠦᠯᠵᠢᠯᠡᠯ ᠰᠤᠷᠭ᠋ᠠᠨ ᠬᠥᠮᠦᠵᠢᠯ᠎ᠤᠨ ᠰᠤᠷᠭ᠋ᠠᠭᠤᠯᠢ ᠵᠢᠨ ᠭᠠᠳᠠᠨᠠᠬᠢ ᠵᠢᠭ᠋ᠠᠨ ᠰᠤᠷᠭ᠋ᠠᠯᠲᠠ ᠵᠢᠨ ᠴᠡᠭ᠎ᠢ ᠪᠠᠢ᠌ᠭᠤᠯᠬᠤ ᠪᠠ ᠬᠠᠮᠢᠶᠠᠷᠬᠤ ᠵᠢ ᠴᠢᠩᠭ᠎ᠠ ᠳᠦᠷᠢᠮᠵᠢᠭᠦᠯᠬᠦ ᠬᠡᠷᠡᠭᠲᠡᠢ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠭᠤᠯᠢ ᠵᠢᠨ ᠰᠢᠯᠭ᠋ᠠᠯᠲᠠ᠎ᠪᠠᠷ ᠰᠤᠷᠤᠭᠴᠢ ᠡᠯᠰᠡᠬᠦ ᠳᠦᠷᠢᠮ᠎ᠤᠨ ᠥᠭᠡᠷᠡᠴᠢᠯᠡᠯᠲᠡ ᠵᠢᠨ ᠭᠦᠨᠵᠡᠭᠡᠢ᠌ᠷᠡᠭᠦᠯᠦᠯᠲᠡ ᠵᠢ ᠬᠡᠷᠡᠭᠵᠢᠭᠦᠯᠬᠦ ᠲᠥᠰᠦᠯ》᠎ᠢ ᠳᠠᠷᠤᠮᠠᠯᠯᠠᠨ ᠲᠠᠷᠬᠠᠭ᠋ᠠᠬᠤ ᠲᠤᠬᠠᠶ ᠮᠡᠳᠡᠭᠳᠡᠯ
ᠥᠪᠡᠷᠲᠡᠭᠡᠨ ᠵᠠᠰᠠᠬᠤ ᠣᠷᠣᠨ᠎ᠤ ᠡᠩ᠎ᠤᠨ ᠳᠡᠭᠡᠳᠦ ᠰᠤᠷᠭ᠋ᠠᠭᠤᠯᠢ ᠵᠢᠨ ᠰᠢᠯᠭ᠋ᠠᠯᠲᠠ᠎ᠪᠠᠷ ᠰᠤᠷᠤᠭᠴᠢ ᠡᠯᠰᠡᠬᠦ ᠶᠡᠷᠦᠩᠬᠡᠶ᠋ᠢᠯᠡᠭᠰᠡᠨ ᠥᠭᠡᠷᠡᠴᠢᠯᠡᠯᠲᠡ ᠵᠢᠨ ᠭᠦᠨᠵᠡᠭᠡᠢ᠌ᠷᠡᠭᠦᠯᠦᠯᠲᠡ ᠵᠢ ᠬᠡᠷᠡᠭᠵᠢᠭᠦᠯᠬᠦ ᠲᠥᠰᠦᠯ᠎ᠢ ᠳᠠᠷᠤᠮᠠᠯᠯᠠᠨ ᠲᠠᠷᠬᠠᠭ᠋ᠠᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤ ᠣᠷᠳᠣᠨ᠎ᠤ ᠮᠡᠳᠡᠭᠳᠡᠯ
ᠰᠤᠷᠭ᠋ᠠᠨ ᠬᠥᠮᠦᠵᠢᠯ᠎ᠤᠨ ᠶᠠᠮᠤᠨ ᠵᠡᠷᠭᠡ 10 ᠰᠠᠯᠠᠭ᠎ᠠ ᠮᠥᠴᠢᠷ ᠬᠠᠮᠲᠤᠷᠠᠨ ᠪᠢᠴᠢᠭ ᠮᠠᠲ᠋ᠧᠷᠢᠶᠠᠯ ᠪᠠᠭᠤᠯᠭ᠋ᠠᠵᠤ 《ᠦᠵᠡᠯ ᠰᠠᠨᠠᠭ᠎ᠠ ᠤᠯᠤᠰ ᠲᠥᠷᠥ ᠵᠢᠨ ᠲᠣᠮᠤ ᠬᠢᠴᠢᠶᠡᠯ》᠎ᠤᠨ ᠪᠠᠶ᠋ᠢᠭᠤᠯᠤᠯᠲᠠ ᠵᠢ ᠪᠥᠬᠥ ᠲᠠᠯ᠎ᠠ᠎ᠪᠠᠷ ᠳᠥᠯᠭᠢᠨ ᠠᠬᠢᠭᠤᠯᠪᠠ
 
             蒙ICP备05000248号