ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ
ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠪᠢᠴᠢᠭ ᠮᠠᠲ᠋ᠧᠷᠢᠶᠠᠯ
ᠥᠪᠥᠷ ᠵᠠᠰᠠᠭ ᠠᠯᠪᠠᠨ ᠲᠠᠷᠬᠠᠭ᠋ᠠᠭᠰᠠᠨ [2022] 56 ᠳ᠋ᠤᠭ᠋ᠠᠷ ᠲᠣᠭ᠋ᠠᠲᠤ
ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠨ ᠬᠥᠮᠦᠵᠢᠯ᠎ᠤᠨ ᠰᠣᠷᠣᠭᠴᠢ ᠵᠢ ᠮᠥᠩᠭᠦ᠎ᠪᠠᠷ ᠲᠤᠰᠠᠯᠠᠬᠤ ᠲᠥᠷᠥ ᠵᠢᠨ ᠪᠣᠳᠣᠯᠭ᠎ᠠ ᠵᠢ ᠲᠣᠬᠢᠷᠠᠭᠤᠯᠤᠨ ᠲᠡᠭᠦᠯᠳᠡᠷᠵᠢᠭᠦᠯᠬᠦ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠮᠡᠳᠡᠭᠳᠡᠯ
ᠡᠯ᠎ᠡ ᠠᠶ᠋ᠢᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠂ ᠡᠯ᠎ᠡ ᠬᠤᠰᠢᠭᠤ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠠᠵᠢᠯ ᠦᠢ᠍ᠯᠡᠰ᠎ᠤᠨ ᠨᠢᠭᠡᠴᠢ᠎ᠳᠤ᠄
《ᠲᠥᠰᠥᠪ᠎ᠤᠨ ᠠᠮᠵᠢᠯᠲᠠ ᠪᠦᠲᠦᠮᠵᠢ ᠵᠢᠨ ᠬᠠᠮᠢᠶᠠᠷᠤᠯᠲᠠ ᠵᠢ ᠪᠦᠬᠦ ᠲᠠᠯ᠎ᠠ᠎ᠪᠠᠷ ᠬᠡᠷᠡᠭᠵᠢᠭᠦᠯᠬᠦ ᠲᠤᠬᠠᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠲᠦᠷᠦ ᠵᠢᠨ ᠶᠠᠪᠤᠳᠠᠯ᠎ᠤᠨ ᠬᠤᠷᠢᠶᠠᠨ᠎ᠤ ᠰᠠᠨᠠᠯ》 (ᠲᠥᠪ ᠲᠠᠷᠬᠠᠭ᠋ᠠᠭᠰᠠᠨ [2018] 34 ᠳ᠋ᠦ᠍ᠭᠡᠷ ᠲᠣᠭ᠋ᠠᠲᠤ)᠎ᠤᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠨ ᠬᠥᠮᠦᠵᠢᠯ᠎ᠤᠨ ᠰᠤᠷᠤᠨᠨᠴᠢ ᠵᠢ ᠮᠥᠩᠭᠦ᠎ᠪᠠᠷ ᠲᠤᠰᠠᠯᠠᠬᠤ ᠲᠥᠷᠥ ᠵᠢᠨ ᠪᠣᠳᠣᠯᠭ᠎ᠠ ᠵᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠵᠢᠨ ᠲᠤᠰᠠᠳᠠ᠂ 《ᠰᠤᠷᠭ᠋ᠠᠨ ᠬᠥᠮᠦᠵᠢᠯ᠎ᠤᠨ ᠬᠦᠷᠢᠶ᠎ᠡ ᠴᠠᠷᠠᠭ᠋ᠠᠨ᠎ᠳᠠᠬᠢ ᠲᠥᠪ᠎ᠤᠨ ᠪᠠ ᠣᠷᠣᠨ ᠨᠤᠲᠤᠭ᠎ᠤᠨ ᠡᠳ᠋᠎ᠤᠨ ᠵᠠᠰᠠᠭ᠎ᠤᠨ ᠠᠵᠢᠯ ᠶᠠᠪᠤᠳᠠᠯ᠎ᠤᠨ ᠡᠷᠬᠡ ᠪᠠ ᠵᠠᠷᠤᠯᠭ᠎ᠠ ᠵᠢᠨ ᠬᠠᠷᠢᠭᠤᠴᠠᠯᠭ᠎ᠠ ᠵᠢ ᠬᠤᠪᠢᠶᠠᠷᠢᠯᠠᠬᠤ ᠥᠭᠡᠷᠡᠴᠢᠯᠡᠯᠲᠡ ᠵᠢᠨ ᠲᠥᠰᠥᠯ᠎ᠢ ᠳᠠᠷᠤᠮᠠᠯᠯᠠᠨ ᠶᠠᠪᠤᠭᠤᠯᠬᠤ ᠲᠤᠬᠠᠢ ᠲᠥᠷᠥ ᠵᠢᠨ ᠶᠠᠪᠤᠳᠠᠯ᠎ᠤᠨ ᠬᠤᠷᠢᠶᠠᠨ᠎ᠤ ᠠᠯᠪᠠᠨ ᠲᠢᠩᠬᠢᠮ᠎ᠤᠨ ᠮᠡᠳᠡᠭᠳᠡᠯ》 (ᠲᠥᠷᠥ ᠠᠯᠪᠠᠨ ᠲᠠᠷᠬᠠᠭ᠋ᠠᠭᠰᠠᠨ [2019] 27 ᠳ᠋ᠤᠭ᠋ᠠᠷ ᠲᠣᠭ᠋ᠠᠲᠤ)᠂ 《ᠡᠩ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠳᠠᠩᠰᠠ ᠡᠪᠬᠡᠮᠡᠯ ᠪᠠᠶ᠋ᠢᠭᠤᠯᠤᠨ ᠺᠠᠷᠲ᠎ᠲᠤ ᠣᠷᠣᠭᠤᠯᠤᠭᠰᠠᠨ ᠭᠡᠷ ᠪᠦᠯᠢ ᠵᠢᠨ ᠠᠵᠤ ᠠᠬᠤᠢ᠎ᠨᠢ ᠬᠦᠴᠢᠷᠳᠡᠯᠲᠡᠢ ᠰᠣᠷᠣᠭᠴᠢᠣᠨ᠎ᠤᠨ ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠬᠦ ᠲᠤᠬᠠᠢ ᠡᠳ᠋᠎ᠤᠨ ᠵᠠᠰᠠᠭ᠎ᠤᠨ ᠶᠠᠮᠤᠨ ᠰᠤᠷᠭ᠋ᠠᠨ ᠬᠥᠮᠦᠵᠢᠯ᠎ᠤᠨ ᠶᠠᠮᠤᠨ᠎ᠤ ᠰᠠᠨᠠᠯ》 (ᠡᠳ᠋᠎ᠤᠨ ᠵᠠᠰᠠᠭ ᠰᠤᠷᠭ᠋ᠠᠨ ᠬᠥᠮᠦᠵᠢᠯ [2016] 292 ᠳ᠋ᠤᠭ᠋ᠠᠷ ᠲᠣᠭ᠋ᠠᠲᠤ)᠂ 《〈ᠰᠤᠷᠤᠨᠨᠴᠢ ᠵᠢ ᠮᠥᠩᠭᠦ᠎ᠪᠠᠷ ᠲᠤᠰᠠᠯᠠᠬᠤ ᠵᠢᠨ ᠪᠡᠯᠡ ᠮᠥᠩᠭᠦᠨ᠎ᠤ ᠬᠠᠮᠢᠶᠠᠷᠤᠯᠲᠠ ᠵᠢᠨ ᠠᠷᠭ᠎ᠠ〉 ᠵᠢ ᠳᠠᠷᠤᠮᠠᠯᠯᠠᠨ ᠶᠠᠪᠤᠭᠤᠯᠬᠤ ᠲᠤᠬᠠᠢ ᠡᠳ᠋᠎ᠤᠨ ᠵᠠᠰᠠᠭ᠎ᠤᠨ ᠶᠠᠮᠤᠨ ᠰᠤᠷᠭ᠋ᠠᠨ ᠬᠥᠮᠦᠵᠢᠯ᠎ᠤᠨ ᠶᠠᠮᠤᠨ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠶᠠᠮᠤᠨ ᠴᠡᠷᠢᠭ᠎ᠤᠨ ᠠᠯᠪᠠ᠎ᠠᠴᠠ ᠬᠠᠯᠠᠭᠳᠠᠭᠰᠠᠳ᠎ᠤᠨ ᠶᠠᠮᠤᠨ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠳᠠᠶ᠋ᠢᠴᠢᠯᠠᠯᠲᠠ ᠵᠢᠨ ᠶᠠᠮᠤᠨ᠎ᠤ ᠮᠡᠳᠡᠭᠳᠡᠯ》 (ᠡᠳ᠋᠎ᠤᠨ ᠵᠠᠰᠠᠭ ᠰᠤᠷᠭ᠋ᠠᠨ ᠬᠥᠮᠦᠵᠢᠯ [2021] 310 ᠳ᠋ᠤᠭ᠋ᠠᠷ ᠲᠣᠭ᠋ᠠᠲᠤ) ᠵᠡᠷᠭᠡ ᠪᠢᠴᠢᠭ ᠮᠠᠲ᠋ᠧᠷᠢᠶᠠᠯ᠎ᠤᠳ᠎ᠤᠨ ᠱᠠᠭ᠋ᠠᠷᠳᠠᠯᠭ᠎ᠠ ᠶᠣᠰᠣᠭ᠋ᠠᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠵᠶ᠋ᠠᠷ ᠵᠥᠪᠰᠢᠶᠡᠷᠡᠭᠦᠯᠦᠭᠡᠳ᠂ ᠡᠳᠦᠭᠡ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠨ ᠬᠥᠮᠦᠵᠢᠯ᠎ᠤᠨ ᠰᠣᠷᠣᠭᠴᠢ ᠵᠢ ᠮᠥᠩᠭᠦ᠎ᠪᠠᠷ ᠲᠤᠰᠠᠯᠠᠬᠤ ᠲᠥᠷᠥ ᠵᠢᠨ ᠪᠣᠳᠣᠯᠭ᠎ᠠ ᠵᠢ ᠲᠣᠬᠢᠷᠠᠭᠤᠯᠤᠨ ᠲᠡᠭᠦᠯᠳᠡᠷᠵᠢᠭᠦᠯᠬᠦ ᠵᠢᠨ ᠬᠤᠯᠪᠣᠭᠳᠠᠯ ᠪᠦᠬᠦᠢ ᠤᠴᠢᠷ᠎ᠢ ᠳᠣᠣᠷᠠᠬᠢ ᠮᠡᠲᠦ ᠮᠡᠳᠡᠭᠳᠡᠶ᠎ᠡ᠃
ᠨᠢᠭᠡ᠂ ᠶᠡᠷᠦᠩᠬᠡᠢ ᠱᠠᠭ᠋ᠠᠷᠳᠠᠯᠭ᠎ᠠ
ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠤᠳᠤᠯᠭ᠎ᠠ ᠪᠣᠯᠭ᠋ᠠᠵᠤ᠂ ᠨᠠᠮ᠎ᠤᠨ ᠠᠷᠪᠠ ᠶᠢᠰᠦᠳᠦᠭᠡᠷ ᠶᠡᠭᠡ ᠬᠤᠷᠠᠯ ᠪᠠ ᠠᠷᠪᠠ ᠶᠢᠰᠦᠳᠦᠭᠡᠷ ᠬᠤᠭᠤᠴᠠᠭ᠋ᠠᠨ᠎ᠤ ᠬᠤᠷᠢᠶᠠᠨ᠎ᠤ ᠤᠳᠠᠭ᠎ᠠ ᠪᠦᠷᠢ ᠵᠢᠨ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠪᠦᠬᠦ ᠲᠠᠯ᠎ᠠ᠎ᠪᠠᠷ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠶᠡᠷᠦᠩᠬᠡᠢ ᠱᠦᠵᠢ ᠰᠢ ᠵᠢᠨ ᠫᠢᠩ᠎ᠤᠨ ᠰᠤᠷᠭ᠋ᠠᠨ ᠬᠥᠮᠦᠵᠢᠯ᠎ᠤᠨ ᠲᠤᠬᠠᠢ ᠴᠢᠬᠤᠯᠠ ᠥᠭᠦᠯᠡᠯᠲᠡ ᠪᠠ ᠪᠦᠬᠦ ᠤᠯᠤᠰ᠎ᠤᠨ ᠰᠤᠷᠭ᠋ᠠᠨ ᠬᠥᠮᠦᠵᠢᠯ᠎ᠤᠨ ᠶᠡᠭᠡ ᠬᠤᠷᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠨᠠᠮ᠎ᠤᠨ ᠲᠥᠪ ᠬᠤᠷᠢᠶ᠎ᠠ᠂ ᠲᠥᠷᠥ ᠵᠢᠨ ᠶᠠᠪᠤᠳᠠᠯ᠎ᠤᠨ ᠬᠤᠷᠢᠶᠠᠨ᠎ᠤ ᠰᠢᠢ᠍ᠳᠪᠦᠷᠢᠲᠦ ᠪᠣᠳᠣᠯᠭ᠎ᠠ ᠵᠢ ᠨᠠᠷᠢᠨ ᠬᠢᠨᠠᠮᠠᠭ᠋ᠠᠢ ᠨᠠᠶ᠋ᠢᠳᠠᠪᠤᠷᠢᠵᠢᠭᠤᠯᠤᠨ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠬᠦᠴᠦᠯᠡᠨ ᠪᠠᠲᠤ ᠴᠣᠭᠴᠠᠯᠠᠵᠤ᠂ ᠰᠤᠷᠭ᠋ᠠᠨ ᠬᠥᠮᠦᠵᠢᠯ᠎ᠤᠨ ᠭᠤᠣᠯᠴᠢ ᠪᠠᠶ᠋ᠢᠬᠤ ᠵᠢ ᠠᠬᠢᠭᠤᠯᠬᠤ᠂ ᠰᠤᠷᠭ᠋ᠠᠨ ᠬᠥᠮᠦᠵᠢᠯ᠎ᠤᠨ ᠪᠦᠲᠦᠴᠡ ᠵᠢ ᠰᠢᠯᠢᠳᠡᠭᠵᠢᠭᠦᠯᠬᠦ᠂ ᠬᠥᠳᠡᠯᠮᠦᠷᠢᠴᠢᠳ᠎ᠤᠨ ᠬᠡᠪ ᠴᠢᠨᠠᠷ᠎ᠢ ᠳᠡᠭᠡᠭᠰᠢᠯᠡᠭᠦᠯᠬᠦ᠎ᠪᠠᠷ ᠡᠭᠦᠰᠴᠡ ᠪᠠ ᠲᠤᠰᠤᠯᠲᠠ ᠪᠣᠯᠭ᠋ᠠᠵᠤ᠂ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠨ ᠬᠥᠮᠦᠵᠢᠯ᠎ᠤᠨ ᠰᠤᠷᠤᠨᠨᠴᠢ ᠵᠢ ᠮᠥᠩᠭᠦ᠎ᠪᠠᠷ ᠲᠤᠰᠠᠯᠠᠬᠤ ᠲᠦᠷᠦ ᠵᠢᠨ ᠪᠣᠳᠣᠯᠭ᠎ᠠ ᠵᠢ ᠲᠣᠬᠢᠷᠠᠭᠤᠯᠤᠨ ᠲᠡᠭᠦᠯᠳᠡᠷᠵᠢᠭᠦᠯᠵᠦ᠂ ᠬᠤᠳᠠ ᠬᠥᠳᠡᠭᠡ ᠵᠢᠨ ᠵᠣᠩᠬᠢᠯᠠᠬᠤ ᠲᠣᠭ᠋ᠠᠨ᠎ᠤ ᠰᠢᠨ᠎ᠡ᠎ᠪᠠᠷ ᠨᠡᠮᠡᠭᠳᠡᠭᠰᠡᠨ ᠬᠥᠳᠡᠯᠮᠦᠷᠢ ᠬᠦᠴᠦᠨ᠎ᠤ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠨ ᠬᠥᠮᠦᠵᠢᠯ ᠬᠥᠷᠳᠡᠬᠦ ᠵᠢ ᠪᠡᠶᠡᠯᠡᠭᠦᠯᠵᠦ᠂ ᠤᠯᠠᠨ ᠨᠡᠶ᠋ᠢᠲᠡ ᠵᠢᠨ ᠰᠤᠷᠭ᠋ᠠᠨ ᠬᠥᠮᠦᠵᠢᠯ᠎ᠤᠨ ᠦᠨᠳᠦᠰᠦᠨ ᠦᠢ᠍ᠯᠡᠴᠢᠯᠡᠭᠡᠨ᠎ᠤ ᠠᠳᠠᠯᠢ ᠲᠡᠭᠰᠢ ᠪᠣᠯᠬᠤ ᠵᠢ ᠤᠯᠠᠮ ᠨᠢᠭᠡ ᠠᠯᠬᠤᠮ ᠠᠬᠢᠭᠤᠯᠤᠨ᠎ᠠ᠃
ᠬᠤᠶᠠᠷ᠂ ᠭᠤᠣᠯ ᠠᠭᠤᠯᠭ᠎ᠠ
(ᠨᠢᠭᠡ) ᠡᠩ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠭ᠋ᠠᠨ ᠬᠥᠮᠦᠵᠢᠯ
1. ᠡᠩ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠣᠷᠣᠭᠴᠢ ᠵᠢᠨ ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠬᠦ ᠵᠢᠨ ᠬᠠᠮᠲᠤ ᠰᠦᠢ᠍ᠳᠬᠡᠯ ᠬᠤᠷᠢᠶᠠᠬᠤ ᠦᠭᠡᠢ᠎ᠪᠠᠷ ᠰᠤᠷᠬᠤ ᠪᠢᠴᠢᠭ ᠬᠠᠩᠭ᠋ᠠᠨ᠎ᠠ᠃
ᠪᠥᠬᠦ ᠣᠷᠣᠨ᠎ᠤ ᠰᠤᠷᠭ᠋ᠠᠭᠤᠯᠢ ᠵᠢᠨ ᠬᠠᠷᠢᠶ᠎ᠠ᠎ᠪᠠᠨ ᠵᠢᠩᠬᠢᠨᠢ᠎ᠪᠠᠷ ᠳᠠᠩᠰᠠᠯᠠᠭᠤᠯᠤᠭᠰᠠᠨ ᠪᠤᠢ ᠪᠦᠬᠦᠢ ᠡᠩ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠤᠭᠴᠢ᠎ᠠᠴᠠ ᠰᠤᠷᠤᠯᠭ᠎ᠠ ᠵᠢᠨ ᠰᠤᠯᠠ ᠵᠠᠷᠤᠳᠠᠯ ᠬᠤᠷᠢᠶᠠᠬᠤ ᠦᠭᠡᠢ ᠮᠥᠷᠲᠡᠭᠡᠨ ᠰᠦᠢ᠍ᠳᠬᠡᠯ ᠬᠤᠷᠢᠶᠠᠬᠤ ᠦᠭᠡᠢ᠎ᠪᠠᠷ ᠰᠤᠷᠬᠤ ᠪᠢᠴᠢᠭ ᠬᠠᠩᠭ᠋ᠠᠨ᠎ᠠ᠃
ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠬᠦ ᠪᠠᠷᠢᠮᠵᠢᠶ᠎ᠠ ᠪᠣᠯ ᠰᠣᠷᠣᠭᠴᠢ ᠪᠣᠯᠭ᠋ᠠᠨ᠎ᠳᠤ ᠵᠢᠯ ᠪᠦᠷᠢ 2000 ᠲᠥᠭᠦᠷᠢᠭ ᠪᠣᠯᠣᠨ᠎ᠠ᠃ ᠰᠤᠷᠭ᠋ᠠᠨ ᠬᠥᠮᠦᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠵᠶ᠋ᠠᠷ ᠬᠠᠤᠯᠢ ᠶᠣᠰᠣᠭ᠋ᠠᠷ ᠵᠥᠪᠰᠢᠶᠡᠷᠡᠭᠦᠯᠦᠭᠰᠡᠨ ᠠᠷᠠᠳ᠎ᠠᠴᠠ ᠡᠷᠭᠢᠯᠡᠭᠰᠡᠨ ᠡᠩ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ᠎ᠳᠤ ᠰᠤᠷᠤᠯᠴᠠᠵᠤ ᠪᠠᠶ᠋ᠢᠭ᠎ᠠ ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠬᠦ ᠲᠥᠷᠥ ᠵᠢᠨ ᠪᠣᠳᠣᠯᠭ᠎ᠠ ᠵᠢᠨ ᠨᠥᠬᠦᠴᠡᠯ᠎ᠳᠤ ᠨᠡᠶ᠋ᠢᠴᠡᠭᠰᠡᠨ ᠰᠣᠷᠣᠭᠴᠢ᠎ᠳᠤ ᠥᠪᠡᠷᠲᠡᠭᠡᠨ ᠵᠠᠰᠠᠬᠤ ᠣᠷᠣᠨ᠎ᠠᠴᠠ ᠠᠳᠠᠯᠢ ᠪᠠᠷᠢᠮᠵᠢᠶ᠎ᠠ᠎ᠪᠠᠷ ᠲᠡᠳᠬᠦᠮᠵᠢ ᠦᠵᠡᠭᠦᠯᠵᠦ᠂ ᠬᠤᠷᠢᠶᠠᠬᠤ ᠰᠤᠷᠤᠯᠭ᠎ᠠ ᠵᠢᠨ ᠰᠤᠯᠠ ᠵᠠᠷᠤᠳᠠᠯ᠎ᠨᠢ ᠲᠡᠳᠬᠦᠮᠵᠢ ᠵᠢᠨ ᠪᠠᠷᠢᠮᠵᠢᠶ᠎ᠠ᠎ᠠᠴᠠ ᠳᠡᠭᠡᠭᠦᠷ ᠪᠠᠶ᠋ᠢᠪᠠᠯ᠂ ᠰᠤᠷᠭ᠋ᠠᠭᠤᠯᠢ᠎ᠨᠢ ᠲᠣᠭᠲᠠᠭ᠋ᠠᠯ ᠶᠣᠰᠣᠭ᠋ᠠᠷ ᠰᠤᠷᠤᠭᠴᠢᠳ᠎ᠠᠴᠠ ᠵᠥᠷᠢᠶᠡᠲᠦ ᠲᠣᠭ᠋ᠠᠨ᠎ᠤ ᠬᠡᠰᠡᠭ᠎ᠢ᠎ᠨᠢ ᠦᠷᠭᠦᠯᠵᠢᠯᠡᠨ ᠬᠤᠷᠢᠶᠠᠵᠤ ᠪᠣᠯᠣᠨ᠎ᠠ᠃ ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠬᠦ᠎ᠳᠤ ᠬᠡᠷᠡᠭᠰᠡᠬᠦ ᠵᠠᠷᠤᠳᠠᠯ᠎ᠳᠤ᠂ ᠤᠯᠤᠰ᠎ᠠᠴᠠ ᠲᠣᠭᠲᠠᠭ᠋ᠠᠭᠰᠠᠨ ᠬᠡᠰᠡᠭ᠎ᠲᠤ ᠤᠯᠤᠰ᠎ᠤᠨ ᠰᠠᠭᠤᠷᠢ ᠪᠠᠷᠢᠮᠵᠢᠶ᠎ᠠ ᠵᠢ ᠬᠡᠷᠡᠭᠵᠢᠭᠦᠯᠦᠨ᠂ ᠲᠥᠪ ᠪᠠ ᠣᠷᠣᠨ ᠨᠤᠲᠤᠭ 8᠄ 2᠎ᠤᠨ ᠬᠠᠷᠢᠴᠠᠯ ᠵᠶ᠋ᠠᠷ ᠬᠤᠪᠢᠳᠠᠨ ᠡᠭᠦᠷᠭᠡᠯᠡᠵᠦ᠂ ᠣᠷᠣᠨ ᠨᠤᠲᠤᠭ᠎ᠤᠨ ᠬᠤᠪᠢᠳᠠᠨ ᠡᠭᠦᠷᠭᠡᠯᠡᠬᠦ 20% ᠵᠢᠨ ᠬᠡᠰᠡᠭ ᠵᠢᠴᠢ ᠥᠪᠡᠷᠲᠡᠭᠡᠨ ᠵᠠᠰᠠᠬᠤ ᠣᠷᠣᠨ᠎ᠤ ᠨᠡᠶ᠋ᠢᠲᠡᠯᠡᠭᠰᠡᠨ ᠡᠩ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠬᠦ ᠬᠠᠮᠢᠶ᠎ᠠ ᠪᠦᠬᠦᠢ ᠲᠥᠷᠥ ᠵᠢᠨ ᠪᠣᠳᠣᠯᠭ᠎ᠠ᠎ᠪᠠᠷ᠂ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠰᠤᠷᠭ᠋ᠠᠭᠤᠯᠢ ᠵᠢᠨ ᠰᠣᠷᠣᠭᠴᠢ ᠵᠢᠨ ᠬᠡᠷᠡᠭᠰᠡᠬᠦ ᠵᠠᠷᠤᠳᠠᠯ᠎ᠢ ᠴᠥᠮ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠡᠳ᠋᠎ᠤᠨ ᠵᠠᠰᠠᠭ ᠳᠠᠭ᠋ᠠᠭ᠋ᠠᠨ ᠡᠭᠦᠷᠭᠡᠯᠡᠵᠦ᠂ ᠪᠤᠰᠤᠳ ᠰᠣᠷᠣᠭᠴᠢᠣᠨ᠎ᠤᠨ ᠬᠡᠷᠡᠭᠰᠡᠬᠦ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠣᠭᠲᠠᠭ᠋ᠠᠭᠰᠠᠨ ᠵᠶ᠋ᠠᠷ ᠥᠪᠡᠷᠲᠡᠭᠡᠨ ᠵᠠᠰᠠᠬᠤ ᠣᠷᠣᠨ ᠬᠢᠭᠡᠳ ᠠᠶ᠋ᠢᠮᠠᠭ ᠬᠤᠲᠠ ᠵᠢᠨ ᠡᠳ᠋᠎ᠤᠨ ᠵᠠᠰᠠᠭ᠎ᠤᠨ ᠠᠵᠢᠯ ᠶᠠᠪᠤᠳᠠᠯ᠎ᠤᠨ ᠡᠷᠬᠡ ᠪᠠ ᠵᠠᠷᠤᠯᠭ᠎ᠠ ᠵᠢᠨ ᠬᠠᠷᠢᠭᠤᠴᠠᠯᠭ᠎ᠠ ᠵᠢᠨ ᠬᠤᠪᠢᠶᠠᠷᠢᠯᠠᠯ᠎ᠤᠨ ᠬᠠᠷᠢᠴᠠᠯ ᠶᠣᠰᠣᠭ᠋ᠠᠷ ᠬᠤᠪᠢᠳᠠᠨ ᠡᠭᠦᠷᠭᠡᠯᠡᠨ᠎ᠡ᠃
ᠰᠦᠢ᠍ᠳᠬᠡᠯ ᠬᠤᠷᠢᠶᠠᠬᠤ ᠦᠭᠡᠢ᠎ᠪᠠᠷ ᠰᠤᠷᠬᠤ ᠪᠢᠴᠢᠭ ᠬᠠᠩᠭ᠋ᠠᠬᠤ ᠪᠠᠷᠢᠮᠵᠢᠶ᠎ᠠ ᠪᠣᠯ ᠥᠨᠳᠥᠷ ᠳᠤᠮᠳᠠᠳᠤ ᠵᠢᠨ ᠨᠢᠭᠡᠳᠦᠭᠡᠷ ᠣᠨ᠂ ᠥᠨᠳᠥᠷ ᠳᠤᠮᠳᠠᠳᠤ ᠵᠢᠨ ᠬᠤᠶᠠᠳᠤᠭ᠋ᠠᠷ ᠣᠨ᠎ᠤ ᠰᠣᠷᠣᠭᠴᠢ ᠪᠣᠯᠭ᠋ᠠᠨ᠎ᠳᠤ ᠵᠢᠯ ᠪᠦᠷᠢ 550 ᠲᠥᠭᠦᠷᠢᠭ᠂ ᠥᠨᠳᠥᠷ ᠳᠤᠮᠳᠠᠳᠤ ᠵᠢᠨ ᠭᠤᠷᠪᠠᠳᠤᠭ᠋ᠠᠷ ᠣᠨ᠎ᠤ ᠰᠣᠷᠣᠭᠴᠢ ᠪᠣᠯᠭ᠋ᠠᠨ᠎ᠳᠤ ᠵᠢᠯ ᠪᠦᠷᠢ 100 ᠲᠥᠭᠦᠷᠢᠭ ᠪᠣᠯᠣᠨ᠎ᠠ᠃ ᠰᠦᠢ᠍ᠳᠬᠡᠯ ᠬᠤᠷᠢᠶᠠᠬᠤ ᠦᠭᠡᠢ᠎ᠪᠠᠷ ᠰᠤᠷᠬᠤ ᠪᠢᠴᠢᠭ ᠬᠠᠩᠭ᠋ᠠᠬᠤ᠎ᠳᠤ ᠬᠡᠷᠡᠭᠰᠡᠬᠦ ᠵᠠᠷᠤᠳᠠᠯ᠎ᠳᠠᠬᠢ᠂ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠰᠤᠷᠭ᠋ᠠᠭᠤᠯᠢ ᠵᠢᠨ ᠰᠣᠷᠣᠭᠴᠢ᠂ ᠤᠤᠯ᠎ᠨᠢ ᠮᠣᠩᠭᠤᠯ ᠬᠡᠯᠡ᠎ᠪᠠᠷ ᠬᠢᠴᠢᠶᠡᠯᠯᠡᠵᠦ ᠪᠠᠶ᠋ᠢᠭᠰᠠᠨ ᠪᠠ ᠰᠣᠯᠣᠩᠭᠤᠰ ᠬᠡᠯᠡ᠎ᠪᠠᠷ ᠬᠢᠴᠢᠶᠡᠯᠯᠡᠵᠦ ᠪᠠᠶ᠋ᠢᠭᠰᠠᠨ ᠰᠣᠷᠣᠭᠴᠢ ᠵᠢᠨ ᠬᠡᠷᠡᠭᠰᠡᠬᠦ ᠵᠠᠷᠤᠳᠠᠯ᠎ᠢ ᠴᠥᠮ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠡᠳ᠋᠎ᠤᠨ ᠵᠠᠰᠠᠭ ᠳᠠᠭ᠋ᠠᠭ᠋ᠠᠨ ᠡᠭᠦᠷᠭᠡᠯᠡᠵᠦ᠂ ᠪᠤᠰᠤᠳ ᠰᠣᠷᠣᠭᠴᠢᠣᠨ᠎ᠤᠨ ᠬᠡᠷᠡᠭᠰᠡᠬᠦ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠣᠭᠲᠠᠭ᠋ᠠᠭᠰᠠᠨ ᠵᠶ᠋ᠠᠷ ᠥᠪᠡᠷᠲᠡᠭᠡᠨ ᠵᠠᠰᠠᠬᠤ ᠣᠷᠣᠨ ᠬᠢᠭᠡᠳ ᠠᠶ᠋ᠢᠮᠠᠭ ᠬᠤᠲᠠ ᠵᠢᠨ ᠡᠳ᠋᠎ᠤᠨ ᠵᠠᠰᠠᠭ᠎ᠤᠨ ᠠᠵᠢᠯ ᠶᠠᠪᠤᠳᠠᠯ᠎ᠤᠨ ᠡᠷᠬᠡ ᠪᠠ ᠵᠠᠷᠤᠯᠭ᠎ᠠ ᠵᠢᠨ ᠬᠠᠷᠢᠭᠤᠴᠠᠯᠭ᠎ᠠ ᠵᠢᠨ ᠬᠤᠪᠢᠶᠠᠷᠢᠯᠠᠯ᠎ᠤᠨ ᠬᠠᠷᠢᠴᠠᠯ ᠶᠣᠰᠣᠭ᠋ᠠᠷ ᠬᠤᠪᠢᠳᠠᠨ ᠡᠭᠦᠷᠭᠡᠯᠡᠨ᠎ᠡ᠃
2. ᠤᠯᠤᠰ᠎ᠤᠨ ᠰᠤᠷᠤᠯᠭ᠎ᠠ ᠵᠢᠨ ᠲᠡᠳᠬᠦᠪᠦᠷᠢ ᠮᠥᠩᠭᠦ᠃
ᠪᠥᠬᠦ ᠣᠷᠣᠨ᠎ᠤ ᠰᠤᠷᠭ᠋ᠠᠭᠤᠯᠢ ᠵᠢᠨ ᠬᠠᠷᠢᠶ᠎ᠠ᠎ᠪᠠᠨ ᠵᠢᠩᠬᠢᠨᠢ᠎ᠪᠠᠷ ᠳᠠᠩᠰᠠᠯᠠᠭᠤᠯᠤᠭᠰᠠᠨ ᠪᠤᠢ ᠪᠦᠬᠦᠢ ᠡᠩ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ᠎ᠳᠤ ᠪᠠᠶ᠋ᠢᠭ᠎ᠠ ᠭᠡᠷ ᠪᠦᠯᠢ ᠵᠢᠨ ᠠᠵᠤ ᠠᠬᠤᠢ᠎ᠨᠢ ᠬᠦᠴᠢᠷᠳᠡᠯᠲᠡᠢ ᠰᠣᠷᠣᠨᠨᠴᠢ᠎ᠳᠤ ᠬᠠᠨᠳᠤᠭᠤᠯᠵᠤ ᠤᠯᠤᠰ᠎ᠤᠨ ᠰᠤᠷᠤᠯᠭ᠎ᠠ ᠵᠢᠨ ᠲᠡᠳᠬᠦᠪᠦᠷᠢ ᠮᠥᠩᠭᠦᠨ᠎ᠤ ᠳᠦᠷᠢᠮ ᠪᠠᠶ᠋ᠢᠭᠤᠯᠵᠤ᠂ ᠮᠥᠩᠭᠦ᠎ᠪᠠᠷ ᠲᠤᠰᠠᠯᠠᠬᠤ ᠵᠢᠨ ᠳᠤᠮᠳᠠᠴᠢ ᠪᠠᠷᠢᠮᠵᠢᠶ᠎ᠠ᠎ᠨᠢ ᠰᠣᠷᠣᠭᠴᠢ ᠪᠣᠯᠭ᠋ᠠᠨ᠎ᠳᠤ ᠵᠢᠯ ᠪᠦᠷᠢ 2000 ᠲᠥᠭᠦᠷᠢᠭ᠂ ᠪᠣᠳᠠᠲᠠᠢ ᠪᠠᠷᠢᠮᠵᠢᠶ᠎ᠠ ᠵᠢ ᠡᠯ᠎ᠡ ᠭᠠᠵᠠᠷ ᠣᠷᠣᠨ᠎ᠨᠢ ᠪᠣᠳᠠᠲᠠᠢ᠎ᠲᠠᠢ᠎ᠪᠠᠨ ᠤᠶᠠᠯᠳᠤᠭᠤᠯᠵᠤ 1000 ᠲᠥᠭᠦᠷᠢᠭ — 3000 ᠲᠥᠭᠦᠷᠢᠭ᠎ᠤᠨ ᠬᠡᠪᠴᠢᠶᠡᠨ᠎ᠳᠤ ᠲᠣᠭᠲᠠᠭ᠋ᠠᠵᠤ᠂ 2 — 3 ᠲᠠᠰ ᠬᠤᠪᠢᠶᠠᠵᠤ ᠪᠣᠯᠣᠨ᠎ᠠ᠃ ᠭᠡᠷ ᠪᠦᠯᠢ ᠵᠢᠨ ᠠᠵᠤ ᠠᠬᠤᠢ᠎ᠨᠢ ᠬᠦᠴᠢᠷᠳᠡᠯᠲᠡᠢ ᠰᠣᠷᠣᠭᠴᠢ ᠵᠢ ᠥᠪᠡᠷᠲᠡᠭᠡᠨ ᠵᠠᠰᠠᠬᠤ ᠣᠷᠣᠨ ᠰᠤᠷᠭ᠋ᠠᠭᠤᠯᠢ᠎ᠳᠤ ᠪᠠᠶ᠋ᠢᠭ᠎ᠠ ᠰᠤᠷᠤᠨᠨᠴᠢ ᠵᠢᠨ 30%᠎ᠪᠠᠷ ᠲᠥᠰᠥᠭᠡᠯᠡᠨ ᠪᠤᠳᠤᠵᠤ᠂ ᠡᠯ᠎ᠡ ᠠᠶ᠋ᠢᠮᠠᠭ ᠬᠤᠲᠠ᠎ᠨᠢ ᠪᠣᠳᠠᠲᠤ ᠪᠠᠶ᠋ᠢᠳᠠᠯ ᠵᠶ᠋ᠠᠨ ᠦᠨᠳᠦᠰᠦᠯᠡᠨ ᠬᠤᠰᠢᠭᠤ ᠰᠢᠶᠠᠨ (ᠬᠤᠲᠠ᠂ ᠲᠣᠭᠤᠷᠢᠭ) ᠵᠶ᠋ᠠᠷ᠂ ᠰᠤᠷᠭ᠋ᠠᠭᠤᠯᠢ᠎ᠪᠠᠷ ᠲᠥᠰᠥᠭᠡᠯᠡᠨ ᠪᠣᠳᠣᠨ᠎ᠡ᠃ ᠬᠡᠷᠡᠭᠰᠡᠬᠦ ᠵᠠᠷᠤᠳᠠᠯ᠎ᠢ ᠲᠥᠪ ᠪᠠ ᠣᠷᠣᠨ ᠨᠤᠲᠤᠭ 8᠄ 2᠎ᠤᠨ ᠬᠠᠷᠢᠴᠠᠯ ᠵᠶ᠋ᠠᠷ ᠬᠤᠪᠢᠳᠠᠨ ᠡᠭᠦᠷᠭᠡᠯᠡᠵᠦ᠂ ᠣᠷᠣᠨ ᠨᠤᠲᠤᠭ᠎ᠤᠨ ᠬᠤᠪᠢᠳᠠᠨ ᠡᠭᠦᠷᠭᠡᠯᠡᠬᠦ 20% ᠵᠢᠨ ᠬᠡᠰᠡᠭ ᠪᠠ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠰᠤᠷᠭ᠋ᠠᠭᠤᠯᠢ ᠵᠢᠨ ᠰᠣᠷᠣᠭᠴᠢ ᠵᠢᠨ ᠬᠡᠷᠡᠭᠰᠡᠬᠦ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠡᠳ᠋᠎ᠤᠨ ᠵᠠᠰᠠᠭ ᠳᠠᠭ᠋ᠠᠭ᠋ᠠᠨ ᠡᠭᠦᠷᠭᠡᠯᠡᠵᠦ᠂ ᠪᠤᠰᠤᠳ ᠰᠤᠷᠭ᠋ᠠᠭᠤᠯᠢ ᠵᠢᠨ ᠰᠣᠷᠣᠭᠴᠢᠣᠨ᠎ᠤᠨ ᠬᠡᠷᠡᠭᠰᠡᠬᠦ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠣᠭᠲᠠᠭ᠋ᠠᠭᠰᠠᠨ ᠵᠶ᠋ᠠᠷ ᠥᠪᠡᠷᠲᠡᠭᠡᠨ ᠵᠠᠰᠠᠬᠤ ᠣᠷᠣᠨ ᠬᠢᠭᠡᠳ ᠠᠶ᠋ᠢᠮᠠᠭ ᠬᠤᠲᠠ ᠵᠢᠨ ᠡᠳ᠋᠎ᠤᠨ ᠵᠠᠰᠠᠭ᠎ᠤᠨ ᠠᠵᠢᠯ ᠶᠠᠪᠤᠳᠠᠯ᠎ᠤᠨ ᠡᠷᠬᠡ ᠪᠠ ᠵᠠᠷᠤᠯᠭ᠎ᠠ ᠵᠢᠨ ᠬᠠᠷᠢᠭᠤᠴᠠᠯᠭ᠎ᠠ ᠵᠢᠨ ᠬᠤᠪᠢᠶᠠᠷᠢᠯᠠᠯ᠎ᠤᠨ ᠬᠠᠷᠢᠴᠠᠯ ᠵᠶ᠋ᠠᠷ ᠬᠤᠪᠢᠳᠠᠨ ᠡᠭᠦᠷᠭᠡᠯᠡᠨ᠎ᠡ᠃
(ᠬᠤᠶᠠᠷ) ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠃
1. ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠰᠣᠷᠣᠨᠨᠴᠢ ᠵᠢᠨ ᠰᠤᠷᠤᠯᠭ᠎ᠠ ᠵᠢᠨ ᠰᠦᠢ᠍ᠳᠬᠡᠯ᠎ᠢ ᠬᠡᠯᠲᠦᠷᠢᠭᠦᠯᠬᠦ ᠵᠢᠨ ᠬᠠᠮᠲᠤ ᠰᠦᠢ᠍ᠳᠬᠡᠯ ᠬᠤᠷᠢᠶᠠᠬᠤ ᠦᠭᠡᠢ᠎ᠪᠠᠷ ᠰᠤᠷᠬᠤ ᠪᠢᠴᠢᠭ ᠬᠠᠩᠭ᠋ᠠᠨ᠎ᠠ᠃
ᠪᠥᠬᠦ ᠣᠷᠣᠨ᠎ᠤ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ (ᠮᠡᠷᠭᠡᠵᠢᠯ᠎ᠤᠨ ᠠᠵᠢᠯᠴᠢᠨ᠎ᠤ ᠰᠤᠷᠭ᠋ᠠᠭᠤᠯᠢ ᠪᠠᠭᠲᠠᠨ᠎ᠠ᠂ ᠳᠣᠷᠣᠭᠰᠢ ᠠᠳᠠᠯᠢ) ᠵᠢᠨ ᠪᠦᠬᠦᠯᠢ ᠡᠳᠦᠷ᠎ᠤᠨ ᠳᠦᠷᠢᠮᠲᠦ ᠰᠤᠷᠤᠯᠭ᠎ᠠ ᠵᠢᠨ ᠨᠠᠮᠲᠠᠷ᠎ᠲᠠᠢ ᠰᠤᠷᠭ᠋ᠠᠨ ᠬᠥᠮᠦᠵᠢᠯ᠎ᠤᠨ ᠵᠢᠩᠬᠢᠨᠢ ᠰᠤᠷᠭ᠋ᠠᠭᠤᠯᠢ ᠵᠢᠨ ᠬᠠᠷᠢᠶ᠎ᠠ᠎ᠲᠠᠢ ᠰᠤᠷᠭ᠋ᠠᠭᠤᠯᠢ᠎ᠳᠤ ᠪᠠᠶ᠋ᠢᠭ᠎ᠠ ᠰᠣᠷᠣᠭᠴᠢ᠎ᠠᠴᠠ ᠰᠤᠷᠤᠯᠭ᠎ᠠ ᠵᠢᠨ ᠰᠦᠢ᠍ᠳᠬᠡᠯ ᠬᠤᠷᠢᠶᠠᠬᠤ ᠦᠭᠡᠢ ᠮᠥᠷᠲᠡᠭᠡᠨ ᠰᠦᠢ᠍ᠳᠬᠡᠯ ᠬᠤᠷᠢᠶᠠᠬᠤ ᠦᠭᠡᠢ᠎ᠪᠠᠷ ᠰᠤᠷᠬᠤ ᠪᠢᠴᠢᠭ ᠬᠠᠩᠭ᠋ᠠᠨ᠎ᠠ᠃
ᠰᠤᠷᠤᠯᠭ᠎ᠠ ᠵᠢᠨ ᠰᠦᠢ᠍ᠳᠬᠡᠯ᠎ᠢ ᠬᠡᠯᠲᠦᠷᠢᠭᠦᠯᠬᠦ ᠪᠠᠷᠢᠮᠵᠢᠶ᠎ᠠ ᠪᠣᠯ ᠰᠣᠷᠣᠭᠴᠢ ᠪᠣᠯᠭ᠋ᠠᠨ᠎ᠳᠤ ᠵᠢᠯ ᠪᠦᠷᠢ 2000 ᠲᠥᠭᠦᠷᠢᠭ ᠪᠣᠯᠣᠨ᠎ᠠ᠃ ᠰᠤᠷᠭ᠋ᠠᠨ ᠬᠥᠮᠦᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠵᠶ᠋ᠠᠷ ᠬᠠᠤᠯᠢ ᠶᠣᠰᠣᠭ᠋ᠠᠷ ᠵᠥᠪᠰᠢᠶᠡᠷᠡᠭᠦᠯᠦᠭᠰᠡᠨ ᠠᠷᠠᠳ᠎ᠠᠴᠠ ᠡᠷᠭᠢᠯᠡᠭᠰᠡᠨ ᠰᠤᠷᠭ᠋ᠠᠭᠤᠯᠢ ᠪᠣᠯᠣᠨ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠵᠶ᠋ᠠᠷ ᠬᠠᠤᠯᠢ ᠶᠣᠰᠣᠭ᠋ᠠᠷ ᠵᠥᠪᠰᠢᠶᠡᠷᠡᠭᠦᠯᠦᠭᠰᠡᠨ ᠠᠷᠠᠳ᠎ᠠᠴᠠ ᠡᠷᠭᠢᠯᠡᠭᠰᠡᠨ ᠮᠡᠷᠭᠡᠵᠢᠯ᠎ᠤᠨ ᠠᠵᠢᠯᠴᠢᠨ᠎ᠤ ᠰᠤᠷᠭ᠋ᠠᠭᠤᠯᠢ᠎ᠳᠤ ᠰᠤᠷᠤᠯᠴᠠᠵᠤ ᠪᠠᠶ᠋ᠢᠭ᠎ᠠ ᠰᠤᠷᠤᠯᠭ᠎ᠠ ᠵᠢᠨ ᠰᠦᠢ᠍ᠳᠬᠡᠯ᠎ᠢ ᠬᠡᠯᠲᠦᠷᠢᠭᠦᠯᠬᠦ ᠲᠥᠷᠥ ᠵᠢᠨ ᠪᠣᠳᠣᠯᠭ᠎ᠠ ᠵᠢᠨ ᠨᠥᠬᠦᠴᠡᠯ᠎ᠳᠤ ᠨᠡᠶ᠋ᠢᠴᠡᠭᠰᠡᠨ ᠰᠣᠷᠣᠭᠴᠢᠣᠨ᠎ᠲᠤ ᠥᠪᠡᠷᠲᠡᠭᠡᠨ ᠵᠠᠰᠠᠬᠤ ᠣᠷᠣᠨ᠎ᠠᠴᠠ ᠠᠳᠠᠯᠢ ᠪᠠᠷᠢᠮᠵᠢᠶ᠎ᠠ᠎ᠪᠠᠷ ᠲᠡᠳᠬᠦᠮᠵᠢ ᠦᠵᠡᠭᠦᠯᠵᠦ᠂ ᠰᠤᠷᠤᠯᠭ᠎ᠠ ᠵᠢᠨ ᠰᠦᠢ᠍ᠳᠬᠡᠯ᠎ᠨᠢ ᠲᠡᠳᠬᠦᠮᠵᠢ ᠵᠢᠨ ᠪᠠᠷᠢᠮᠵᠢᠶ᠎ᠠ᠎ᠠᠴᠠ ᠳᠡᠭᠡᠭᠦᠷ ᠪᠠᠶ᠋ᠢᠪᠠᠯ᠂ ᠰᠤᠷᠭ᠋ᠠᠭᠤᠯᠢ᠎ᠨᠢ ᠲᠣᠭᠲᠠᠭ᠋ᠠᠯ ᠶᠣᠰᠣᠭ᠋ᠠᠷ ᠰᠤᠷᠤᠨᠨᠴᠢ᠎ᠠᠴᠠ ᠵᠥᠷᠢᠶᠡᠲᠦ ᠲᠣᠭ᠋ᠠᠨ᠎ᠤ ᠬᠡᠰᠡᠭ᠎ᠢ᠎ᠨᠢ ᠦᠷᠭᠦᠯᠵᠢᠯᠡᠨ ᠬᠤᠷᠢᠶᠠᠵᠤ ᠪᠣᠯᠣᠨ᠎ᠠ᠃ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠤᠨᠴᠠᠭ᠋ᠠᠢ ᠲᠥᠷᠥᠯ᠎ᠤᠨ ᠲᠤᠰᠬᠠᠢ ᠮᠡᠷᠭᠡᠵᠢᠯ᠎ᠤᠨ ᠰᠣᠷᠣᠭᠴᠢ ᠵᠢᠨ ᠰᠤᠷᠤᠯᠭ᠎ᠠ ᠵᠢᠨ ᠰᠦᠢ᠍ᠳᠬᠡᠯ᠎ᠤᠨ ᠪᠠᠷᠢᠮᠵᠢᠶ᠎ᠠ ᠵᠢᠨ ᠥᠪᠡᠷᠲᠡᠭᠡᠨ ᠵᠠᠰᠠᠬᠤ ᠣᠷᠣᠨ᠎ᠤ ᠰᠦᠢ᠍ᠳᠬᠡᠯ ᠥᠯᠥ ᠬᠤᠷᠢᠶᠠᠬᠤ ᠪᠠᠷᠢᠮᠵᠢᠶ᠎ᠠ᠎ᠠᠴᠠ ᠳᠡᠭᠡᠭᠦᠷ ᠭᠠᠷᠤᠭᠰᠠᠨ ᠬᠡᠰᠡᠭ᠎ᠢ᠎ᠨᠢ ᠬᠤᠪᠢ ᠬᠥᠮᠥᠨ ᠦᠪᠡᠰᠦᠪᠡᠨ ᠡᠭᠦᠷᠭᠡᠯᠡᠬᠦ ᠬᠡᠷᠡᠭᠲᠡᠢ᠃ ᠰᠤᠷᠤᠯᠭ᠎ᠠ ᠵᠢᠨ ᠰᠦᠢ᠍ᠳᠬᠡᠯ᠎ᠢ ᠬᠡᠯᠲᠦᠷᠢᠭᠦᠯᠬᠦ᠎ᠳᠤ ᠬᠡᠷᠡᠭᠰᠡᠬᠦ ᠵᠠᠷᠤᠳᠠᠯ᠎ᠳᠤ᠂ ᠤᠯᠤᠰ᠎ᠠᠴᠠ ᠲᠣᠭᠲᠠᠭ᠋ᠠᠭᠰᠠᠨ ᠬᠡᠰᠡᠭ᠎ᠲᠤ ᠤᠯᠤᠰ᠎ᠤᠨ ᠰᠠᠭᠤᠷᠢ ᠪᠠᠷᠢᠮᠵᠢᠶ᠎ᠠ ᠵᠢ ᠬᠡᠷᠡᠭᠵᠢᠭᠦᠯᠵᠦ᠂ ᠲᠥᠪ ᠬᠢᠭᠡᠳ ᠣᠷᠣᠨ ᠨᠤᠲᠤᠭ 8᠄ 2᠎ᠤᠨ ᠬᠠᠷᠢᠴᠠᠯ ᠵᠶ᠋ᠠᠷ ᠬᠤᠪᠢᠳᠠᠨ ᠡᠭᠦᠷᠭᠡᠯᠡᠵᠦ᠂ ᠣᠷᠣᠨ ᠨᠤᠲᠤᠭ᠎ᠤᠨ ᠬᠤᠪᠢᠳᠠᠨ ᠡᠭᠦᠷᠭᠡᠯᠡᠬᠦ 20% ᠵᠢᠨ ᠬᠡᠰᠡᠭ ᠵᠢᠴᠢ ᠥᠪᠡᠷᠲᠡᠭᠡᠨ ᠵᠠᠰᠠᠬᠤ ᠣᠷᠣᠨ᠎ᠤ ᠨᠡᠶ᠋ᠢᠲᠡᠯᠡᠭᠰᠡᠨ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠰᠤᠷᠤᠯᠭ᠎ᠠ ᠵᠢᠨ ᠰᠦᠢ᠍ᠳᠬᠡᠯ᠎ᠢ ᠬᠡᠯᠲᠦᠷᠢᠭᠦᠯᠬᠦ ᠬᠠᠮᠢᠶ᠎ᠠ ᠪᠦᠬᠦᠢ ᠲᠥᠷᠥ ᠵᠢᠨ ᠪᠣᠳᠣᠯᠭ᠎ᠠ᠎ᠪᠠᠷ᠂ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠰᠤᠷᠭ᠋ᠠᠭᠤᠯᠢ ᠵᠢᠨ ᠰᠣᠷᠣᠭᠴᠢ ᠵᠢᠨ ᠬᠡᠷᠡᠭᠰᠡᠬᠦ ᠵᠠᠷᠤᠳᠠᠯ᠎ᠢ ᠴᠥᠮ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠡᠳ᠋᠎ᠤᠨ ᠵᠠᠰᠠᠭ ᠳᠠᠭ᠋ᠠᠭ᠋ᠠᠨ ᠡᠭᠦᠷᠭᠡᠯᠡᠵᠦ᠂ ᠪᠤᠰᠤᠳ ᠰᠤᠷᠭ᠋ᠠᠭᠤᠯᠢ ᠵᠢᠨ ᠰᠣᠷᠣᠭᠴᠢᠣᠨᠤ ᠬᠡᠷᠡᠭᠰᠡᠬᠦ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠣᠭᠲᠠᠭ᠋ᠠᠭᠰᠠᠨ ᠵᠶ᠋ᠠᠷ ᠥᠪᠡᠷᠲᠡᠭᠡᠨ ᠵᠠᠰᠠᠬᠤ ᠣᠷᠣᠨ ᠬᠢᠭᠡᠳ ᠠᠶ᠋ᠢᠮᠠᠭ ᠬᠤᠲᠠ ᠵᠢᠨ ᠡᠳ᠋᠎ᠤᠨ ᠵᠠᠰᠠᠭ᠎ᠤᠨ ᠠᠵᠢᠯ ᠶᠠᠪᠤᠳᠠᠯ᠎ᠤᠨ ᠡᠷᠬᠡ ᠪᠠ ᠵᠠᠷᠤᠯᠭ᠎ᠠ ᠵᠢᠨ ᠬᠠᠷᠢᠭᠤᠴᠠᠯᠭ᠎ᠠ ᠵᠢᠨ ᠬᠤᠪᠢᠶᠠᠷᠢᠯᠠᠯ᠎ᠤᠨ ᠬᠠᠷᠢᠴᠠᠯ ᠵᠶ᠋ᠠᠷ ᠬᠤᠪᠢᠳᠠᠨ ᠡᠭᠦᠷᠭᠡᠯᠡᠨ᠎ᠡ᠃
ᠰᠦᠢ᠍ᠳᠬᠡᠯ ᠬᠤᠷᠢᠶᠠᠬᠤ ᠦᠭᠡᠢ᠎ᠪᠠᠷ ᠰᠤᠷᠬᠤ ᠪᠢᠴᠢᠭ ᠬᠠᠩᠭ᠋ᠠᠬᠤ ᠪᠠᠷᠢᠮᠵᠢᠶ᠎ᠠ ᠪᠣᠯ ᠨᠢᠭᠡ ᠬᠤᠶᠠᠳᠤᠭ᠋ᠠᠷ ᠣᠨ᠎ᠤ ᠰᠣᠷᠣᠭᠴᠢ ᠪᠣᠯᠭ᠋ᠠᠨ᠎ᠳᠤ ᠵᠢᠯ ᠪᠦᠷᠢ 550 ᠲᠥᠭᠦᠷᠢᠭ᠂ ᠭᠤᠷᠪᠠᠳᠤᠭ᠋ᠠᠷ ᠣᠨ᠎ᠤ ᠰᠣᠷᠣᠭᠴᠢ ᠪᠣᠯᠭ᠋ᠠᠨ᠎ᠳᠤ ᠵᠢᠯ ᠪᠦᠷᠢ 100 ᠲᠥᠭᠦᠷᠢᠭ ᠪᠣᠯᠣᠨ᠎ᠠ᠃ ᠰᠦᠢ᠍ᠳᠬᠡᠯ ᠬᠤᠷᠢᠶᠠᠬᠤ ᠦᠭᠡᠢ᠎ᠪᠠᠷ ᠰᠤᠷᠬᠤ ᠪᠢᠴᠢᠭ ᠬᠠᠩᠭ᠋ᠠᠬᠤ᠎ᠳᠤ ᠬᠡᠷᠡᠭᠰᠡᠬᠦ ᠵᠠᠷᠤᠳᠠᠯ᠎ᠳᠤ᠂ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠰᠤᠷᠭ᠋ᠠᠭᠤᠯᠢ ᠵᠢᠨ ᠰᠤᠷᠤᠨᠨᠴᠢ ᠵᠢᠨ ᠬᠡᠷᠡᠭᠰᠡᠬᠦ ᠵᠠᠷᠤᠳᠠᠯ᠎ᠢ ᠴᠥᠮ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠡᠳ᠋᠎ᠤᠨ ᠵᠠᠰᠠᠭ ᠳᠠᠭ᠋ᠠᠭ᠋ᠠᠨ ᠡᠭᠦᠷᠭᠡᠯᠡᠵᠦ᠂ ᠪᠤᠰᠤᠳ ᠰᠣᠷᠣᠭᠴᠢᠣᠨ᠎ᠤᠨ ᠬᠡᠷᠡᠭᠰᠡᠬᠦ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠣᠭᠲᠠᠭ᠋ᠠᠭᠰᠠᠨ ᠵᠶ᠋ᠠᠷ ᠥᠪᠡᠷᠲᠡᠭᠡᠨ ᠵᠠᠰᠠᠬᠤ ᠣᠷᠣᠨ ᠬᠢᠭᠡᠳ ᠠᠶ᠋ᠢᠮᠠᠭ ᠬᠤᠲᠠ ᠵᠢᠨ ᠡᠳ᠋᠎ᠤᠨ ᠵᠠᠰᠠᠭ᠎ᠤᠨ ᠠᠵᠢᠯ ᠶᠠᠪᠤᠳᠠᠯ᠎ᠤᠨ ᠡᠷᠬᠡ ᠪᠠ ᠵᠠᠷᠤᠯᠭ᠎ᠠ ᠵᠢᠨ ᠬᠠᠷᠢᠭᠤᠴᠠᠯᠭ᠎ᠠ ᠵᠢᠨ ᠬᠤᠪᠢᠶᠠᠷᠢᠯᠠᠯ᠎ᠤᠨ ᠬᠠᠷᠢᠴᠠᠯ ᠵᠶ᠋ᠠᠷ ᠬᠤᠪᠢᠳᠠᠨ ᠡᠭᠦᠷᠭᠡᠯᠡᠨ᠎ᠡ᠃
2. ᠤᠯᠤᠰ᠎ᠤᠨ ᠰᠤᠷᠤᠯᠭ᠎ᠠ ᠵᠢᠨ ᠬᠦᠬᠢᠭᠦᠯᠬᠦ ᠮᠥᠩᠭᠦ᠃
ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠪᠦᠬᠦᠯᠢ ᠡᠳᠦᠷ᠎ᠤᠨ ᠳᠦᠷᠢᠮᠲᠦ ᠰᠤᠷᠭ᠋ᠠᠭᠤᠯᠢ᠎ᠳᠠᠬᠢ ᠰᠣᠷᠣᠭᠴᠢ ᠵᠢᠨ ᠰᠤᠷᠤᠯᠭ᠎ᠠ ᠵᠢᠨ ᠬᠢᠷᠢ ᠪᠦᠲᠦᠮᠵᠢ᠂ ᠮᠡᠷᠭᠡᠵᠢᠯ ᠴᠢᠳᠠᠪᠤᠷᠢ ᠵᠢᠨ ᠢᠯᠡᠷᠡᠯ ᠵᠡᠷᠭᠡ ᠲᠠᠯ᠎ᠠ᠎ᠳᠤ ᠣᠨᠴᠠ ᠰᠢᠯᠢᠳᠡᠭ ᠪᠠᠶ᠋ᠢᠭ᠎ᠠ ᠰᠤᠷᠤᠨᠨᠴᠢ ᠵᠢ ᠱᠠᠩᠨᠠᠨ ᠬᠥᠬᠢᠭᠦᠯᠵᠦ᠂ ᠱᠠᠩᠨᠠᠨ ᠬᠥᠬᠢᠭᠦᠯᠬᠦ ᠪᠠᠷᠢᠮᠵᠢᠶ᠎ᠠ ᠪᠣᠯ ᠰᠣᠷᠣᠭᠴᠢ ᠪᠣᠯᠭ᠋ᠠᠨ᠎ᠳᠤ ᠵᠢᠯ ᠪᠦᠷᠢ 6000 ᠲᠥᠭᠦᠷᠢᠭ᠂ ᠬᠡᠷᠡᠭᠰᠡᠬᠦ ᠵᠠᠷᠤᠳᠠᠯ᠎ᠢ ᠲᠥᠪ᠎ᠤᠨ ᠡᠳ᠋᠎ᠤᠨ ᠵᠠᠰᠠᠭ᠎ᠠᠴᠠ ᠳᠠᠭ᠋ᠠᠭ᠋ᠠᠨ ᠡᠭᠦᠷᠭᠡᠯᠡᠨ᠎ᠡ᠃
3. ᠤᠯᠤᠰ᠎ᠤᠨ ᠰᠤᠷᠤᠯᠭ᠎ᠠ ᠵᠢᠨ ᠲᠡᠳᠬᠦᠪᠦᠷᠢ ᠮᠥᠩᠭᠦ᠃
ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠪᠦᠬᠦᠯᠢ ᠡᠳᠦᠷ᠎ᠤᠨ ᠳᠦᠷᠢᠮᠲᠦ ᠰᠤᠷᠤᠯᠭ᠎ᠠ ᠵᠢᠨ ᠨᠠᠮᠲᠠᠷ᠎ᠲᠠᠢ ᠰᠤᠷᠭ᠋ᠠᠨ ᠬᠥᠮᠦᠵᠢᠯ᠎ᠤᠨ ᠵᠢᠩᠬᠢᠨᠢ ᠰᠤᠷᠭ᠋ᠠᠭᠤᠯᠢ ᠵᠢᠨ ᠬᠠᠷᠢᠶ᠎ᠠ᠎ᠲᠠᠢ ᠨᠢᠭᠡ ᠬᠤᠶᠠᠳᠤᠭ᠋ᠠᠷ ᠣᠨ᠎ᠤ ᠪᠣᠶ ᠪᠦᠬᠦᠢ ᠲᠠᠷᠢᠶᠠᠯᠠᠬᠤ ᠮᠠᠯᠵᠢᠬᠤ ᠣᠷᠣᠨ (ᠰᠢᠶᠠᠨ ᠪᠠᠯᠭ᠋ᠠᠰᠤ ᠪᠠᠭᠲᠠᠨ᠎ᠠ)᠎ᠤ ᠰᠤᠷᠭ᠋ᠠᠭᠤᠯᠢ᠎ᠳᠤ ᠪᠠᠶ᠋ᠢᠭ᠎ᠠ ᠰᠣᠷᠣᠭᠴᠢ ᠵᠢᠴᠢ ᠬᠤᠲᠠ ᠵᠢᠨ ᠲᠠᠷᠢᠶᠠᠯᠠᠩ᠎ᠳᠤ ᠬᠤᠯᠪᠣᠭᠳᠠᠬᠤ ᠲᠤᠰᠬᠠᠢ ᠮᠡᠷᠭᠡᠵᠢᠯ᠎ᠤᠨ ᠰᠣᠷᠣᠭᠴᠢ ᠪᠠ ᠲᠠᠷᠢᠶᠠᠯᠠᠩ᠎ᠳᠤ ᠦᠯᠦ ᠬᠤᠯᠪᠣᠭᠳᠠᠬᠤ ᠲᠤᠰᠬᠠᠢ ᠮᠡᠷᠭᠡᠵᠢᠯ᠎ᠤᠨ ᠭᠡᠷ ᠪᠦᠯᠢ ᠵᠢᠨ ᠠᠵᠤ ᠠᠬᠤᠢ᠎ᠨᠢ ᠬᠦᠴᠢᠷᠳᠡᠯᠲᠡᠢ ᠰᠤᠷᠤᠨᠨᠴᠢ᠎ᠳᠤ ᠬᠠᠨᠳᠤᠭᠤᠯᠵᠤ ᠤᠯᠤᠰ᠎ᠤᠨ ᠰᠤᠷᠤᠯᠭ᠎ᠠ ᠵᠢᠨ ᠲᠡᠳᠬᠦᠪᠦᠷᠢ ᠮᠥᠩᠭᠦᠨ᠎ᠤ ᠳᠦᠷᠢᠮ᠎ᠢ ᠪᠠᠶ᠋ᠢᠭᠤᠯᠵᠤ᠂ ᠮᠥᠩᠭᠦ᠎ᠪᠠᠷ ᠲᠤᠰᠠᠯᠠᠬᠤ ᠪᠠᠷᠢᠮᠵᠢᠶ᠎ᠠ ᠪᠣᠯ ᠪᠦᠬᠦᠯᠢ ᠡᠳᠦᠷ᠎ᠤᠨ ᠳᠦᠷᠢᠮᠲᠦ ᠰᠤᠷᠤᠯᠭ᠎ᠠ ᠵᠢᠨ ᠨᠠᠮᠲᠠᠷ᠎ᠲᠠᠢ ᠰᠤᠷᠭ᠋ᠠᠨ ᠬᠥᠮᠦᠵᠢᠯ᠎ᠤᠨ ᠵᠢᠩᠬᠢᠨᠢ ᠰᠤᠷᠭ᠋ᠠᠭᠤᠯᠢ ᠵᠢᠨ ᠬᠠᠷᠢᠶ᠎ᠠ᠎ᠲᠠᠢ᠂ ᠨᠢᠭᠡ ᠬᠤᠶᠠᠳᠤᠭ᠋ᠠᠷ ᠣᠨ᠎ᠤ ᠲᠠᠷᠢᠶᠠᠯᠠᠩ᠎ᠳᠤ ᠬᠤᠯᠪᠣᠭᠳᠠᠬᠤ ᠲᠤᠰᠬᠠᠢ ᠮᠡᠷᠭᠡᠵᠢᠯ ᠪᠠ ᠲᠠᠷᠢᠶᠠᠯᠠᠩ᠎ᠳᠤ ᠦᠯᠦ ᠬᠤᠯᠪᠣᠭᠳᠠᠬᠤ ᠲᠤᠰᠬᠠᠢ ᠮᠡᠷᠭᠡᠵᠢᠯ᠎ᠤᠨ ᠭᠡᠷ ᠪᠦᠯᠢ ᠵᠢᠨ ᠠᠵᠤ ᠠᠬᠤᠢ᠎ᠨᠢ ᠬᠦᠴᠢᠷᠳᠡᠯᠲᠡᠢ ᠰᠣᠷᠣᠭᠴᠢ ᠵᠢᠴᠢ ᠶᠡᠭᠡ ᠬᠢᠩᠭ᠋ᠠᠨ ᠳᠠᠪᠠᠭ᠋ᠠᠨ᠎ᠤ ᠡᠮᠦᠨ᠎ᠡ ᠬᠤᠷᠮᠣᠢ ᠵᠢᠨ ᠠᠭᠤᠯᠠᠷᠬᠠᠭ ᠣᠷᠣᠨ (ᠷᠠᠰᠢᠶᠠᠨ ᠬᠤᠲᠠ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ᠂ ᠵᠠᠯᠠᠶ᠋ᠢᠳ ᠬᠤᠰᠢᠭᠤ᠂ ᠲᠦᠴᠢᠦᠸᠠᠨ ᠰᠢᠶᠠᠨ)᠂ ᠶᠠᠨ ᠱᠠᠨ —ᠲᠠᠢ ᠬᠠᠩ ᠱᠠᠨ ᠠᠭᠤᠯᠠᠷᠬᠠᠭ ᠣᠷᠣᠨ (ᠬᠤᠸᠠᠳᠧ ᠰᠢᠶᠠᠨ᠂ ᠱᠠᠩᠳᠤ ᠰᠢᠶᠠᠨ᠂ ᠰᠢᠩᠾᠧ ᠰᠢᠶᠠᠨ)᠎ᠤ ᠲᠠᠷᠢᠶᠠᠯᠠᠬᠤ ᠮᠠᠯᠵᠢᠬᠤ ᠣᠷᠣᠨ (ᠰᠢᠶᠠᠨ᠎ᠤ ᠬᠤᠲᠠ ᠵᠢ ᠪᠠᠭᠲᠠᠭ᠋ᠠᠬᠤ ᠦᠭᠡᠢ)᠎ᠤ ᠰᠣᠷᠣᠭᠴᠢ ᠪᠣᠯᠭ᠋ᠠᠨ᠎ᠳᠤ ᠵᠢᠯ ᠪᠦᠷᠢ 2000 ᠲᠥᠭᠦᠷᠢᠭ᠂ ᠪᠤᠰᠤᠳ ᠰᠣᠷᠣᠭᠴᠢ᠎ᠳᠤ ᠬᠥᠮᠥᠨ ᠪᠣᠯᠭ᠋ᠠᠨ᠎ᠳᠤ ᠵᠢᠯ ᠪᠦᠷᠢ 1500 ᠲᠥᠭᠦᠷᠢᠭ ᠪᠣᠯᠣᠨ᠎ᠠ᠃ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠤᠯᠤᠰ᠎ᠤᠨ ᠰᠤᠷᠤᠯᠭ᠎ᠠ ᠵᠢᠨ ᠲᠡᠳᠬᠦᠪᠦᠷᠢ ᠮᠥᠩᠭᠦᠨ᠎ᠤ ᠤᠯᠤᠰ᠎ᠠᠴᠠ ᠲᠣᠭᠲᠠᠭ᠋ᠠᠭᠰᠠᠨ ᠬᠡᠰᠡᠭ᠎ᠲᠤ ᠤᠯᠤᠰ᠎ᠤᠨ ᠰᠠᠭᠤᠷᠢ ᠪᠠᠷᠢᠮᠵᠢᠶ᠎ᠠ ᠵᠢ ᠬᠡᠷᠡᠭᠵᠢᠭᠦᠯᠵᠦ᠂ ᠬᠡᠷᠡᠭᠰᠡᠬᠦ ᠵᠠᠷᠤᠳᠠᠯ᠎ᠢ ᠲᠥᠪ ᠪᠠ ᠣᠷᠣᠨ ᠨᠤᠲᠤᠭ 8᠄ 2᠎ᠤᠨ ᠬᠠᠷᠢᠴᠠᠯ ᠵᠶ᠋ᠠᠷ ᠬᠤᠪᠢᠳᠠᠨ ᠡᠭᠦᠷᠭᠡᠯᠡᠵᠦ᠂ ᠣᠷᠣᠨ ᠨᠤᠲᠤᠭ᠎ᠤᠨ ᠬᠤᠪᠢᠳᠠᠨ ᠡᠭᠦᠷᠭᠡᠯᠡᠬᠦ 20% ᠵᠢᠨ ᠬᠡᠰᠡᠭ ᠵᠢᠴᠢ ᠥᠪᠡᠷᠲᠡᠭᠡᠨ ᠵᠠᠰᠠᠬᠤ ᠣᠷᠣᠨ᠎ᠤ ᠨᠡᠶ᠋ᠢᠲᠡᠯᠡᠭᠰᠡᠨ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠤᠯᠤᠰ᠎ᠤᠨ ᠰᠤᠷᠤᠯᠭ᠎ᠠ ᠵᠢᠨ ᠲᠡᠳᠬᠦᠪᠦᠷᠢ ᠮᠥᠩᠭᠦᠨ᠎ᠤ ᠲᠥᠷᠥ ᠵᠢᠨ ᠪᠣᠳᠣᠯᠭ᠎ᠠ᠎ᠪᠠᠷ᠂ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠰᠤᠷᠭ᠋ᠠᠭᠤᠯᠢ ᠵᠢᠨ ᠰᠣᠷᠣᠭᠴᠢ ᠵᠢᠨ ᠬᠡᠷᠡᠭᠰᠡᠬᠦ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠡᠳ᠋᠎ᠤᠨ ᠵᠠᠰᠠᠭ ᠳᠠᠭ᠋ᠠᠭ᠋ᠠᠨ ᠡᠭᠦᠷᠭᠡᠯᠡᠵᠦ᠂ ᠪᠤᠰᠤᠳ ᠰᠤᠷᠭ᠋ᠠᠭᠤᠯᠢ ᠵᠢᠨ ᠰᠣᠷᠣᠭᠴᠢᠣᠨ᠎ᠤᠨ ᠬᠡᠷᠡᠭᠰᠡᠬᠦ ᠵᠠᠷᠤᠳᠠᠯ᠎ᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠣᠭᠲᠠᠭ᠋ᠠᠭᠰᠠᠨ ᠵᠶ᠋ᠠᠷ ᠥᠪᠡᠷᠲᠡᠭᠡᠨ ᠵᠠᠰᠠᠬᠤ ᠣᠷᠣᠨ ᠬᠢᠭᠡᠳ ᠠᠶ᠋ᠢᠮᠠᠭ ᠬᠤᠲᠠ ᠵᠢᠨ ᠡᠳ᠋᠎ᠤᠨ ᠵᠠᠰᠠᠭ᠎ᠤᠨ ᠠᠵᠢᠯ ᠶᠠᠪᠤᠳᠠᠯ᠎ᠤᠨ ᠡᠷᠬᠡ ᠪᠠ ᠵᠠᠷᠤᠯᠭ᠎ᠠ ᠵᠢᠨ ᠬᠠᠷᠢᠭᠤᠴᠠᠯᠭ᠎ᠠ ᠵᠢᠨ ᠬᠤᠪᠢᠶᠠᠷᠢᠯᠠᠯ᠎ᠤᠨ ᠬᠠᠷᠢᠴᠠᠯ ᠵᠶ᠋ᠠᠷ ᠬᠤᠪᠢᠳᠠᠨ ᠡᠭᠦᠷᠭᠡᠯᠡᠨ᠎ᠡ᠃
4. ᠪᠠᠶ᠋ᠢᠷᠢ᠎ᠳᠤ ᠰᠠᠭᠤᠭ᠎ᠠ ᠰᠤᠷᠤᠨᠨᠴᠢ᠎ᠳᠤ ᠬᠤᠨᠤᠭ᠎ᠤᠨ ᠵᠠᠷᠤᠳᠠᠯ᠎ᠤᠨ ᠲᠡᠳᠬᠦᠮᠵᠢ ᠦᠭᠭᠦ᠃
ᠪᠥᠬᠦ ᠣᠷᠣᠨ᠎ᠤ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠪᠦᠬᠦᠯᠢ ᠡᠳᠦᠷ᠎ᠤᠨ ᠳᠦᠷᠢᠮᠲᠦ ᠰᠤᠷᠤᠯᠭ᠎ᠠ ᠵᠢᠨ ᠨᠠᠮᠲᠠᠷ᠎ᠲᠠᠢ ᠰᠤᠷᠭ᠋ᠠᠨ ᠬᠥᠮᠦᠵᠢᠯ᠎ᠤᠨ ᠵᠢᠩᠬᠢᠨᠢ ᠰᠤᠷᠭ᠋ᠠᠭᠤᠯᠢ ᠵᠢᠨ ᠬᠠᠷᠢᠶ᠎ᠠ᠎ᠲᠠᠢ᠂ ᠨᠢᠭᠡᠳᠦᠭᠡᠷ ᠬᠤᠶᠠᠳᠤᠭ᠋ᠠᠷ ᠭᠤᠷᠪᠠᠳᠤᠭ᠋ᠠᠷ ᠣᠨ᠎ᠤ ᠪᠠᠶ᠋ᠢᠷᠢ᠎ᠳᠤ ᠰᠠᠭᠤᠭ᠎ᠠ ᠰᠣᠷᠣᠭᠴᠢ (ᠠᠵᠢᠯᠯᠠᠵᠤ ᠰᠤᠷᠤᠯᠴᠠᠬᠤ ᠵᠢᠨ ᠰᠣᠯᠪᠢᠴᠠᠬᠤ ᠵᠢ ᠬᠡᠷᠡᠭᠵᠢᠭᠦᠯᠦᠭᠰᠡᠨ ᠰᠣᠷᠣᠭᠴᠢ ᠪᠠᠭᠲᠠᠬᠤ ᠦᠭᠡᠢ)᠎ᠳᠤ ᠬᠤᠨᠤᠭ᠎ᠤᠨ ᠵᠠᠷᠤᠳᠠᠯ᠎ᠤᠨ ᠲᠡᠳᠬᠦᠮᠵᠢ ᠥᠭᠴᠦ᠂ ᠲᠡᠳᠬᠦᠮᠵᠢ ᠵᠢᠨ ᠪᠠᠷᠢᠮᠵᠢᠶ᠎ᠠ ᠪᠣᠯ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ᠎ᠳᠠᠬᠢ ᠳᠤᠮᠳᠠ ᠵᠡᠷᠭᠡ ᠵᠢᠨ ᠲᠤᠰᠬᠠᠢ ᠮᠡᠷᠭᠡᠵᠢᠯ᠎ᠤᠨ ᠰᠤᠷᠭ᠋ᠠᠭᠤᠯᠢ ᠵᠢᠨ ᠰᠣᠷᠣᠭᠴᠢ ᠪᠣᠯᠭ᠋ᠠᠨ᠎ᠳᠤ ᠵᠢᠯ ᠪᠦᠷᠢ 800 ᠲᠥᠭᠦᠷᠢᠭ; ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠰᠣᠷᠣᠭᠴᠢ ᠪᠣᠯᠭ᠋ᠠᠨ᠎ᠳᠤ ᠵᠢᠯ ᠪᠦᠷᠢ 500 ᠲᠥᠭᠦᠷᠢᠭ ᠪᠣᠯᠣᠨ᠎ᠠ᠃ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠪᠠᠶ᠋ᠢᠷᠢ᠎ᠳᠤ ᠰᠠᠭᠤᠬᠤ ᠰᠣᠷᠣᠭᠴᠢ᠎ᠳᠤ ᠣᠯᠭᠤᠬᠤ ᠬᠤᠨᠤᠭ᠎ᠤᠨ ᠵᠠᠷᠤᠳᠠᠯ᠎ᠤᠨ ᠲᠡᠳᠬᠦᠮᠵᠢ ᠵᠢᠨ ᠪᠡᠯᠡ ᠮᠥᠩᠭᠦ ᠵᠢ ᠴᠥᠮ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠡᠳ᠋᠎ᠤᠨ ᠵᠠᠰᠠᠭ ᠳᠠᠭ᠋ᠠᠭ᠋ᠠᠨ ᠡᠭᠦᠷᠭᠡᠯᠡᠨ᠎ᠡ᠃
ᠭᠤᠷᠪᠠ᠂ ᠪᠠᠲᠤᠯᠠᠭ᠎ᠠ ᠵᠢᠨ ᠠᠷᠭ᠎ᠠ ᠬᠡᠮᠵᠢᠶ᠎ᠡ
(ᠨᠢᠭᠡ) ᠵᠣᠬᠢᠶᠠᠨ ᠪᠠᠶ᠋ᠢᠭᠤᠯᠵᠤ ᠤᠳᠤᠷᠢᠳᠬᠤ᠎ᠪᠠᠨ ᠴᠢᠩᠭ᠋ᠠᠳᠬᠠᠵᠤ᠂ ᠠᠵᠢᠯ᠎ᠤᠨ ᠲᠣᠭᠲᠠᠴᠠ᠎ᠪᠠᠨ ᠲᠡᠭᠦᠯᠳᠡᠷᠵᠢᠭᠦᠯᠬᠦ ᠬᠡᠷᠡᠭᠲᠡᠢ᠃ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ᠎ᠨᠢ ᠲᠠᠨᠢᠯᠲᠠ᠎ᠪᠠᠨ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠵᠣᠬᠢᠶᠠᠨ ᠪᠠᠶ᠋ᠢᠭᠤᠯᠵᠤ ᠤᠳᠤᠷᠢᠳᠬᠤ᠎ᠪᠠᠨ ᠴᠢᠩᠭ᠋ᠠᠳᠬᠠᠨ᠂ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠵᠶ᠋ᠠᠨ ᠲᠣᠳᠣᠷᠬᠠᠶ᠋ᠢᠯᠠᠵᠤ᠂ ᠬᠠᠷᠢᠭᠤᠴᠠᠯᠭ᠎ᠠ ᠨᠡᠬᠡᠮᠵᠢᠯᠡᠬᠦ ᠳᠦᠷᠢᠮ᠎ᠢ ᠪᠠᠶ᠋ᠢᠭᠤᠯᠤᠨ ᠪᠦᠷᠢᠨᠰᠢᠭᠦᠯᠬᠦ ᠬᠡᠷᠡᠭᠲᠡᠢ᠃ ᠡᠯ᠎ᠡ ᠱᠠᠲᠤᠨ᠎ᠤ ᠡᠳ᠋᠎ᠤᠨ ᠵᠠᠰᠠᠭ᠂ ᠰᠤᠷᠭ᠋ᠠᠨ ᠬᠥᠮᠦᠵᠢᠯ᠂ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠰᠠᠯᠠᠭ᠎ᠠ ᠮᠥᠴᠢᠷ᠎ᠤᠳ ᠨᠢᠭᠲᠠ ᠬᠠᠮᠵᠢᠯᠴᠠᠨ᠂ ᠲᠥᠷᠥ ᠵᠢᠨ ᠪᠣᠳᠣᠯᠭ᠎ᠠ ᠵᠢᠨ ᠤᠷᠤᠭᠰᠢᠲᠠᠢ ᠬᠡᠷᠡᠭᠵᠢᠭᠦᠯᠦᠭᠳᠡᠬᠦ ᠵᠢ ᠦᠨᠡᠨ ᠬᠦ᠌ ᠪᠠᠲᠤᠯᠠᠬᠤ ᠬᠡᠷᠡᠭᠲᠡᠢ᠃
(ᠬᠤᠶᠠᠷ) ᠰᠦᠢ᠍ᠳᠬᠡᠯ ᠬᠤᠷᠢᠶᠠᠬᠤ ᠠᠵᠢᠯᠯᠠᠭ᠎ᠠ ᠵᠢ ᠵᠢᠷᠤᠮᠵᠢᠭᠤᠯᠵᠤ᠂ ᠰᠠᠭᠤᠷᠢ ᠬᠠᠮᠢᠶᠠᠷᠤᠯᠲᠠ ᠵᠢ ᠴᠢᠩᠭ᠋ᠠᠳᠬᠠᠬᠤ ᠬᠡᠷᠡᠭᠲᠡᠢ᠃ ᠠᠯᠪᠠᠨ᠎ᠠᠴᠠ ᠡᠷᠭᠢᠯᠡᠭᠰᠡᠨ ᠡᠩ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ᠎ᠨᠤᠭᠤᠳ ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠦᠭᠰᠡᠨ᠎ᠠᠴᠠ ᠪᠣᠯᠵᠤ ᠪᠤᠰᠤᠳ ᠰᠦᠢ᠍ᠳᠬᠡᠯ ᠬᠤᠷᠢᠶᠠᠬᠤ ᠪᠠᠷᠢᠮᠵᠢᠶ᠎ᠠ ᠵᠢ ᠳᠡᠭᠡᠭᠰᠢᠯᠡᠭᠦᠯᠬᠦ ᠪᠤᠶᠤ ᠳᠤᠷ᠎ᠠ᠎ᠪᠠᠷ ᠵᠶ᠋ᠠᠨ ᠰᠦᠢ᠍ᠳᠬᠡᠯ ᠬᠤᠷᠢᠶᠠᠬᠤ ᠲᠥᠷᠥᠯ ᠵᠦᠢ᠍ᠯ ᠭᠠᠷᠭ᠋ᠠᠵᠤ ᠪᠣᠯᠬᠤ ᠦᠭᠡᠢ᠃ ᠡᠯ᠎ᠡ ᠭᠠᠵᠠᠷ ᠣᠷᠣᠨ᠎ᠨᠢ 《ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠠᠷᠠᠳ᠎ᠠᠴᠠ ᠡᠷᠭᠢᠯᠡᠭᠰᠡᠨ ᠰᠤᠷᠭ᠋ᠠᠨ ᠬᠥᠮᠦᠵᠢᠯ᠎ᠢ ᠠᠬᠢᠭᠤᠯᠬᠤ ᠬᠠᠤᠯᠢ》 ᠵᠢᠴᠢ ᠬᠡᠷᠡᠭᠵᠢᠭᠦᠯᠬᠦ ᠳᠦᠷᠢᠮ᠎ᠤᠨ ᠱᠠᠭ᠋ᠠᠷᠳᠠᠯᠭ᠎ᠠ ᠶᠣᠰᠣᠭ᠋ᠠᠷ᠂ ᠠᠷᠠᠳ᠎ᠠᠴᠠ ᠡᠷᠭᠢᠯᠡᠭᠰᠡᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠳᠤ ᠬᠤᠷᠢᠶᠠᠬᠤ ᠡᠯ᠎ᠡ ᠵᠦᠢ᠍ᠯ᠎ᠤᠨ ᠰᠦᠢ᠍ᠳᠬᠡᠯ᠎ᠳᠠᠬᠢ ᠬᠠᠮᠢᠶᠠᠷᠤᠯᠲᠠ᠎ᠪᠠᠨ ᠤᠯᠠᠮ ᠨᠢᠭᠡ ᠠᠯᠬᠤᠮ ᠵᠢᠷᠤᠮᠵᠢᠭᠤᠯᠬᠤ ᠬᠡᠷᠡᠭᠲᠡᠢ᠃ ᠡᠯ᠎ᠡ ᠱᠠᠲᠤᠨ᠎ᠤ ᠰᠤᠷᠭ᠋ᠠᠨ ᠬᠥᠮᠦᠵᠢᠯ᠎ᠤᠨ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠥᠴᠢᠷ᠎ᠨᠢ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠳᠠᠬᠢ ᠰᠤᠷᠭ᠋ᠠᠭᠤᠯᠢ ᠵᠢᠨ ᠰᠣᠷᠣᠭᠴᠢ ᠵᠢᠨ ᠰᠤᠷᠭ᠋ᠠᠭᠤᠯᠢ ᠵᠢᠨ ᠬᠠᠷᠢᠶ᠎ᠠ ᠵᠢᠨ ᠬᠠᠮᠢᠶᠠᠷᠤᠯᠲᠠ᠎ᠪᠠᠨ ᠴᠢᠩᠭ᠋ᠠᠳᠬᠠᠵᠤ᠂ ᠰᠣᠷᠣᠭᠴᠢ ᠵᠢᠨ ᠰᠤᠷᠭ᠋ᠠᠭᠤᠯᠢ ᠵᠢᠨ ᠬᠠᠷᠢᠶ᠎ᠠ ᠵᠢᠨ ᠮᠡᠳᠡᠭᠡ ᠵᠠᠩᠭᠢ ᠪᠠ ᠮᠥᠩᠭᠦ᠎ᠪᠠᠷ ᠲᠤᠰᠠᠯᠠᠬᠤ ᠮᠡᠳᠡᠭᠡ ᠵᠠᠩᠭᠢ ᠵᠢᠨ ᠬᠠᠮᠢᠶᠠᠷᠤᠯᠲᠠ ᠵᠢᠨ ᠰᠢᠰᠲ᠋ᠧᠮ ᠵᠶ᠋ᠠᠨ ᠤᠯᠠᠮ ᠨᠢᠭᠡ ᠠᠯᠬᠤᠮ ᠲᠡᠭᠦᠯᠳᠡᠷᠵᠢᠭᠦᠯᠦᠨ᠂ 《ᠰᠤᠷᠭ᠋ᠠᠭᠤᠯᠢ ᠵᠢᠨ ᠳᠠᠪᠬᠤᠷ ᠬᠠᠷᠢᠶ᠎ᠠ》᠎ᠲᠠᠢ ᠪᠠᠶ᠋ᠢᠬᠤ ᠦᠵᠡᠭᠳᠡᠯ᠎ᠢ ᠡᠷᠡᠰ ᠬᠤᠷᠢᠭᠯᠠᠵᠤ᠂ ᠰᠣᠷᠣᠭᠴᠢᠣᠨ᠎ᠤᠨ ᠦᠨᠳᠦᠰᠦᠨ ᠮᠡᠳᠡᠭᠡ ᠵᠠᠩᠭᠢ ᠵᠢᠨ ᠪᠦᠷᠢᠨ ᠪᠦᠲᠦᠨ ᠪᠠ ᠣᠨᠣᠪᠴᠢᠲᠠᠶ ᠪᠠᠶ᠋ᠢᠬᠤ ᠵᠢ ᠪᠠᠲᠤᠯᠠᠬᠤ ᠬᠡᠷᠡᠭᠲᠡᠢ᠃ ᠠᠷᠠᠳ᠎ᠤᠨ ᠶᠠᠪᠤᠳᠠᠯ᠂ ᠬᠥᠳᠡᠭᠡ ᠲᠣᠰᠬᠤᠨ᠎ᠢ ᠬᠥᠭᠵᠢᠭᠦᠯᠦᠨ ᠮᠠᠨᠳᠤᠭᠤᠯᠬᠤ᠂ ᠵᠡᠮᠳᠡᠭᠴᠦᠳ᠎ᠤᠨ ᠬᠤᠯᠪᠣᠭ᠋ᠠᠲᠤ ᠬᠤᠷᠠᠯ᠂ ᠠᠵᠢᠯᠴᠢᠨ᠎ᠤ ᠡᠪᠯᠡᠯ ᠵᠡᠷᠭᠡ ᠰᠠᠯᠠᠭ᠎ᠠ ᠮᠥᠴᠢᠷ᠎ᠯᠦᠭᠡ ᠬᠠᠮᠢᠶ᠎ᠠ ᠪᠦᠬᠦᠢ ᠲᠤᠭ᠎ᠠ ᠪᠠᠷᠢᠮᠲᠠ ᠵᠢ ᠵᠠᠯᠭ᠋ᠠᠭᠤᠯᠬᠤ ᠠᠵᠢᠯ ᠵᠶ᠋ᠠᠨ ᠰᠠᠶ᠋ᠢᠲᠤᠷ ᠬᠢᠬᠦ ᠬᠡᠷᠡᠭᠲᠡᠢ᠃
(ᠭᠤᠷᠪᠠ) ᠵᠠᠷᠤᠳᠠᠯ᠎ᠤᠨ ᠬᠠᠷᠢᠭᠤᠴᠠᠯᠭ᠎ᠠ᠎ᠪᠠᠨ ᠨᠠᠶ᠋ᠢᠳᠠᠪᠤᠷᠢᠵᠢᠭᠤᠯᠵᠤ᠂ ᠪᠡᠯᠡ ᠮᠥᠩᠭᠦᠨ᠎ᠤ ᠬᠠᠮᠢᠶᠠᠷᠤᠯᠲᠠ᠎ᠪᠠᠨ ᠴᠢᠩᠭ᠋ᠠᠷᠠᠭᠤᠯᠬᠤ ᠬᠡᠷᠡᠭᠲᠡᠢ᠃ ᠡᠯ᠎ᠡ ᠠᠶ᠋ᠢᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠎ᠨᠢ ᠲᠥᠪ᠂ ᠥᠪᠡᠷᠲᠡᠭᠡᠨ ᠵᠠᠰᠠᠬᠤ ᠣᠷᠣᠨ᠎ᠤ ᠲᠡᠳᠬᠦᠮᠵᠢ ᠵᠢᠨ ᠪᠡᠯᠡ ᠮᠥᠩᠭᠦ ᠪᠠ ᠣᠷᠣᠨ ᠨᠤᠲᠤᠭ᠎ᠤᠨ ᠳᠠᠭ᠋ᠠᠭ᠋ᠠᠨ ᠡᠭᠦᠷᠭᠡᠯᠡᠪᠡᠰᠦ ᠵᠣᠬᠢᠬᠤ ᠪᠡᠯᠡ ᠮᠥᠩᠭᠦ ᠵᠢ ᠨᠢᠭᠡᠳᠦᠯᠲᠡᠢ ᠲᠥᠯᠥᠪᠯᠡᠨ ᠲᠣᠬᠢᠷᠠᠭᠤᠯᠬᠤ ᠵᠢᠨ ᠬᠠᠮᠲᠤ᠂ ᠴᠠᠭ ᠲᠤᠬᠠᠢᠳᠤᠨᠢ ᠲᠤᠭ᠎ᠠ ᠶᠣᠰᠣᠭ᠋ᠠᠷ ᠰᠠᠯᠭ᠋ᠠᠨ ᠥᠭᠴᠦ ᠪᠣᠳᠠᠲᠠᠶ᠋ᠢᠵᠢᠭᠤᠯᠬᠤ ᠵᠢ ᠦᠨᠡᠨ ᠬᠦ᠌ ᠪᠠᠲᠤᠯᠠᠬᠤ ᠬᠡᠷᠡᠭᠲᠡᠢ᠃ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠭᠤᠯᠢ ᠵᠢᠨ ᠪᠡᠯᠡ ᠮᠥᠩᠭᠦᠨ᠎ᠤ ᠲᠥᠰᠥᠪ᠎ᠤᠨ ᠬᠠᠮᠢᠶᠠᠷᠤᠯᠲᠠ᠎ᠪᠠᠨ ᠴᠢᠩᠭ᠋ᠠᠳᠬᠠᠵᠤ᠂ ᠲᠥᠰᠥᠪ᠎ᠢ ᠨᠠᠷᠢᠯᠢᠬ᠍ᠵᠢᠭᠤᠨ ᠨᠠᠶ᠋ᠢᠷᠠᠭᠤᠯᠤᠨ ᠵᠣᠬᠢᠶᠠᠵᠤ᠂ ᠲᠥᠰᠥᠪ᠎ᠤᠨ ᠬᠡᠷᠡᠭᠵᠢᠭᠦᠯᠦᠯᠲᠡ ᠵᠢ ᠴᠢᠩᠳᠠᠯᠠᠵᠤ᠂ ᠲᠥᠰᠥᠪ᠎ᠲᠤ ᠬᠢᠨᠠᠯᠲᠠ ᠲᠠᠯᠪᠢᠬᠤ᠎ᠪᠠᠨ ᠴᠢᠩᠭ᠋ᠠᠷᠠᠭᠤᠯᠬᠤ ᠬᠡᠷᠡᠭᠲᠡᠢ᠃ ᠰᠤᠷᠭ᠋ᠠᠭᠤᠯᠢ ᠵᠢᠨ ᠡᠳ᠋᠎ᠤᠨ ᠶᠠᠪᠤᠳᠠᠯ᠎ᠤᠨ ᠡᠳ᠋ ᠬᠥᠷᠥᠩᠭᠡ ᠵᠢᠨ ᠬᠠᠮᠢᠶᠠᠷᠤᠯᠲᠠ ᠵᠡᠷᠭᠡ ᠰᠠᠭᠤᠷᠢᠯᠠᠬᠤ ᠴᠢᠨᠠᠷᠲᠠᠢ ᠠᠵᠢᠯ ᠵᠶ᠋ᠠᠨ ᠴᠢᠩᠭ᠋ᠠᠳᠬᠠᠵᠤ᠂ ᠨᠢᠭᠲᠠᠯᠠᠨ ᠪᠤᠳᠤᠵᠦ ᠲᠣᠭ᠋ᠠᠴᠠᠭ᠎ᠠ ᠬᠢᠬᠦ᠎ᠪᠠᠨ ᠵᠢᠷᠤᠮᠵᠢᠭᠤᠯᠤᠨ᠂ ᠲᠣᠭᠲᠠᠭ᠋ᠠᠭᠰᠠᠨ ᠬᠡᠪᠴᠢᠶ᠎ᠡ ᠪᠠ ᠪᠠᠷᠢᠮᠵᠢᠶ᠎ᠠ ᠵᠢ ᠴᠢᠩᠭ᠎ᠠ ᠵᠢᠷᠤᠮᠯᠠᠨ ᠵᠠᠷᠤᠯᠭ᠎ᠠ ᠵᠠᠷᠤᠴᠠᠭᠤᠯᠵᠤ᠂ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠣᠷᠣᠭᠴᠢ ᠵᠢ ᠮᠥᠩᠭᠦ᠎ᠪᠠᠷ ᠲᠤᠰᠠᠯᠠᠬᠤ ᠡᠯ᠎ᠡ ᠵᠦᠢ᠍ᠯ᠎ᠤᠨ ᠪᠡᠯᠡ ᠮᠥᠩᠭᠦᠨ᠎ᠤ ᠬᠡᠷᠡᠭᠯᠡᠯᠲᠡ ᠵᠢᠨ ᠠᠮᠤᠷ ᠲᠦᠪᠰᠢᠨ᠂ ᠵᠢᠷᠤᠮᠵᠢᠯ᠎ᠲᠠᠢ ᠪᠥᠭᠡᠳ ᠪᠦᠲᠦᠮᠵᠢᠲᠡᠶ ᠪᠠᠶ᠋ᠢᠬᠤ ᠵᠢ ᠦᠨᠡᠨ ᠬᠦ᠌ ᠪᠠᠲᠤᠯᠠᠬᠤ ᠬᠡᠷᠡᠭᠲᠡᠢ᠃
(ᠳᠥᠷᠪᠡ) ᠮᠡᠳᠡᠭᠡ ᠵᠠᠩᠭᠢ ᠵᠢ ᠢᠯᠡ ᠪᠣᠯᠭ᠋ᠠᠬᠤ ᠵᠢ ᠠᠬᠢᠭᠤᠯᠵᠤ᠂ ᠬᠢᠨᠠᠯᠲᠠ ᠲᠠᠯᠪᠢᠵᠤ ᠪᠠᠶ᠋ᠢᠴᠠᠭ᠋ᠠᠬᠤ᠎ᠪᠠᠨ ᠴᠢᠩᠭ᠋ᠠᠷᠠᠭᠤᠯᠬᠤ ᠬᠡᠷᠡᠭᠲᠡᠢ᠃ ᠡᠯ᠎ᠡ ᠭᠠᠵᠠᠷ ᠣᠷᠣᠨ᠎ᠨᠢ ᠬᠢᠨᠠᠯᠲᠠ ᠲᠠᠯᠪᠢᠵᠤ ᠪᠠᠶ᠋ᠢᠴᠠᠭ᠋ᠠᠬᠤ ᠪᠠ ᠮᠡᠳᠡᠭᠡ ᠵᠠᠩᠭᠢ ᠵᠢ ᠢᠯᠡ ᠪᠣᠯᠭ᠋ᠠᠬᠤ ᠠᠵᠢᠯ ᠵᠶ᠋ᠠᠨ ᠴᠢᠩᠭ᠋ᠠᠳᠬᠠᠵᠤ᠂ ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠤᠭᠰᠠᠨ ᠪᠠᠶ᠋ᠢᠳᠠᠯ ᠵᠶ᠋ᠠᠨ ᠲᠣᠭᠲᠠᠭ᠋ᠠᠯ ᠶᠣᠰᠣᠭ᠋ᠠᠷ ᠨᠡᠶ᠋ᠢᠲᠡᠯᠡᠬᠦ ᠵᠢᠨ ᠬᠠᠮᠲᠤ᠂ ᠨᠡᠶ᠋ᠢᠭᠡᠮ᠎ᠤᠨ ᠬᠢᠨᠠᠯᠲᠠ ᠵᠢ ᠬᠦᠯᠢᠶᠡᠬᠦ ᠬᠡᠷᠡᠭᠲᠡᠢ᠃ ᠰᠣᠷᠣᠭᠴᠢ ᠵᠢᠨ ᠲᠤᠭ᠎ᠠ ᠵᠢ ᠬᠤᠳᠠᠯ ᠵᠶ᠋ᠠᠷ ᠮᠡᠳᠡᠭᠦᠯᠭᠦ᠂ ᠲᠡᠳᠬᠦᠮᠵᠢ ᠵᠢᠨ ᠪᠡᠯᠡ ᠮᠥᠩᠭᠦ ᠵᠢ ᠮᠡᠬᠡᠯᠡᠨ ᠠᠪᠬᠤ ᠵᠡᠷᠭᠡ ᠦᠢ᠍ᠯᠡ ᠠᠵᠢᠯᠯᠠᠭ᠎ᠠ ᠵᠢ 《ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠥᠰᠥᠪ᠎ᠤᠨ ᠬᠠᠤᠯᠢ》 《ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠢᠨᠠᠨ ᠪᠠᠶ᠋ᠢᠴᠠᠭ᠋ᠠᠬᠤ ᠬᠠᠤᠯᠢ》 《ᠡᠳ᠋᠎ᠤᠨ ᠵᠠᠰᠠᠭ᠎ᠤᠨ ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠰᠢᠢ᠍ᠳᠬᠡᠨ ᠲᠣᠷᠭ᠋ᠠᠬᠤ ᠳᠦᠷᠢᠮ》 ᠵᠡᠷᠭᠡ ᠤᠯᠤᠰ᠎ᠤᠨ ᠬᠤᠯᠪᠣᠭᠳᠠᠯ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠲᠣᠭᠲᠠᠭ᠋ᠠᠯ ᠵᠶ᠋ᠠᠷ ᠴᠢᠩᠭ᠎ᠠ ᠰᠢᠢ᠍ᠳᠪᠦᠷᠢᠯᠡᠬᠦ ᠵᠢᠨ ᠬᠠᠮᠲᠤ᠂ ᠬᠠᠤᠯᠢ ᠲᠣᠭᠲᠠᠭ᠋ᠠᠯ ᠶᠣᠰᠣᠭ᠋ᠠᠷ ᠬᠠᠮᠢᠶ᠎ᠠ ᠪᠦᠬᠦᠢ ᠬᠥᠮᠥᠰ᠎ᠠᠴᠠ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠃ ᠡᠯ᠎ᠡ ᠱᠠᠲᠤᠨ᠎ᠤ ᠬᠢᠨᠠᠨ ᠪᠤᠳᠤᠬᠤ ᠰᠠᠯᠠᠭ᠎ᠠ ᠮᠥᠴᠢᠷ᠎ᠨᠢ ᠲᠡᠳᠬᠦᠮᠵᠢ ᠵᠢᠨ ᠪᠡᠯᠡ ᠮᠥᠩᠭᠦ ᠵᠢ ᠲᠤᠰᠬᠠᠢ ᠵᠦᠢ᠍ᠯ ᠵᠶ᠋ᠠᠷ ᠬᠢᠨᠠᠨ ᠪᠤᠳᠤᠬᠤ ᠪᠠ ᠣᠨ᠎ᠤ ᠬᠢᠨᠠᠨ ᠪᠤᠳᠤᠬᠤ ᠠᠵᠢᠯ ᠵᠶ᠋ᠠᠨ ᠬᠢᠨᠠᠮᠠᠭ᠋ᠠᠢ ᠰᠠᠶ᠋ᠢᠲᠤᠷ ᠬᠢᠵᠦ᠂ ᠪᠡᠯᠡ ᠮᠥᠩᠭᠦ ᠵᠢ ᠨᠠᠶ᠋ᠢᠳᠠᠪᠤᠷᠢᠵᠢᠭᠤᠯᠵᠤ ᠪᠠᠶ᠋ᠢᠭ᠎ᠠ ᠪᠠᠶ᠋ᠢᠳᠠᠯ᠎ᠳᠤ ᠬᠢᠨᠠᠯᠲᠠ ᠲᠠᠯᠪᠢᠬᠤ ᠬᠡᠷᠡᠭᠲᠡᠢ᠃
(ᠲᠠᠪᠤ) ᠤᠬᠠᠭᠤᠯᠵᠤ ᠬᠥᠲᠥᠯᠥᠨ ᠵᠢᠯᠤᠭᠤᠳᠬᠤ᠎ᠪᠠᠨ ᠴᠢᠩᠭ᠋ᠠᠳᠬᠠᠵᠤ᠂ ᠰᠠᠶ᠋ᠢᠨ ᠰᠠᠶ᠋ᠢᠬᠠᠨ ᠠᠭᠤᠷ ᠠᠮᠢᠰᠬᠤᠯ᠎ᠢ ᠪᠦᠷᠢᠯᠳᠦᠭᠦᠯᠬᠦ ᠬᠡᠷᠡᠭᠲᠡᠢ᠃ ᠡᠯ᠎ᠡ ᠭᠠᠵᠠᠷ ᠣᠷᠣᠨ᠂ ᠡᠯ᠎ᠡ ᠰᠤᠷᠭ᠋ᠠᠭᠤᠯᠢ᠂ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ᠎ᠨᠢ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠨ ᠬᠥᠮᠦᠵᠢᠯ᠎ᠤᠨ ᠰᠤᠷᠤᠨᠨᠴᠢ ᠵᠢ ᠮᠥᠩᠭᠦ᠎ᠪᠠᠷ ᠲᠤᠰᠠᠯᠠᠬᠤ ᠲᠥᠷᠥ ᠵᠢᠨ ᠪᠣᠳᠣᠯᠭ᠎ᠠ ᠵᠢ ᠤᠬᠠᠭᠤᠯᠬᠤ ᠠᠵᠢᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠡᠯ᠎ᠡ ᠵᠦᠢ᠍ᠯ᠎ᠤᠨ ᠤᠬᠠᠭᠤᠯᠭ᠎ᠠ ᠵᠢᠨ ᠵᠠᠭᠤᠴᠢᠯᠠᠭᠤᠷ᠎ᠢ ᠥᠷᠭᠡᠨ ᠵᠶ᠋ᠠᠷ ᠠᠰᠢᠭᠯᠠᠨ᠂ ᠣᠯᠠᠨ ᠵᠦᠢ᠍ᠯ᠎ᠤᠨ ᠠᠷᠭ᠎ᠠ ᠮᠠᠶᠢᠭ ᠵᠶ᠋ᠠᠷ ᠨᠡᠶ᠋ᠢᠭᠡᠮ᠎ᠳᠤ ᠭᠦᠨᠵᠡᠭᠡᠢ ᠤᠬᠠᠭᠤᠯᠵᠤ᠂ ᠨᠠᠮ ᠪᠠ ᠵᠠᠰᠠᠭ᠎ᠤᠨ ᠣᠷᠳᠣᠨ᠎ᠤ ᠠᠷᠠᠳ᠎ᠲᠤ ᠠᠰᠢᠭ ᠬᠦᠷᠲᠡᠭᠡᠬᠦ ᠲᠥᠷᠥ ᠵᠢᠨ ᠪᠣᠳᠣᠯᠭ᠎ᠠ ᠵᠢ ᠬᠥᠮᠥᠨ ᠪᠦᠬᠦᠨ᠎ᠳᠤ ᠮᠡᠳᠡᠭᠦᠯᠵᠦ᠂ ᠬᠥᠮᠥᠰ᠎ᠤᠨ ᠰᠡᠳᠬᠢᠯ᠎ᠳᠤ ᠬᠠᠳᠠᠩᠰᠢᠭᠤᠯᠤᠨ᠂ ᠡᠯ᠎ᠡ ᠵᠦᠢ᠍ᠯ᠎ᠤᠨ ᠲᠥᠷᠥ ᠵᠢᠨ ᠪᠣᠳᠣᠯᠭ᠎ᠠ ᠵᠢ ᠪᠣᠳᠠᠲᠠᠢ ᠨᠠᠶ᠋ᠢᠳᠠᠪᠤᠷᠢᠵᠢᠭᠤᠯᠬᠤ ᠵᠢ ᠦᠨᠡᠨ ᠬᠦ᠌ ᠪᠠᠲᠤᠯᠠᠬᠤ ᠬᠡᠷᠡᠭᠲᠡᠢ᠃ ᠲᠣᠰ ᠮᠡᠳᠡᠭᠳᠡᠯ᠎ᠢ 2022 ᠣᠨ᠎ᠤ ᠨᠠᠮᠤᠷ᠎ᠤᠨ ᠤᠯᠠᠷᠢᠯ᠎ᠤᠨ ᠰᠤᠷᠤᠯᠭ᠎ᠠ ᠵᠢᠨ ᠬᠤᠭᠤᠴᠠᠭ᠎ᠠ᠎ᠠᠴᠠ ᠡᠬᠢᠯᠡᠵᠦ ᠬᠡᠷᠡᠭᠵᠢᠭᠦᠯᠦᠨ᠎ᠡ᠃ ᠤᠤᠯ᠎ᠳᠤ᠎ᠪᠠᠨ ᠬᠡᠷᠡᠭᠵᠢᠭᠦᠯᠵᠦ ᠪᠠᠶ᠋ᠢᠭᠰᠠᠨ 《ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠰᠣᠷᠣᠭᠴᠢ ᠪᠣᠯᠣᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠳᠠᠬᠢ ᠮᠣᠩᠭᠤᠯ ᠬᠡᠯᠡ (ᠰᠣᠯᠣᠩᠭᠤᠰ ᠬᠡᠯᠡ)᠎ᠪᠠᠷ ᠬᠢᠴᠢᠶᠡᠯᠯᠡᠵᠦ ᠪᠠᠶ᠋ᠢᠭ᠎ᠠ ᠰᠤᠷᠤᠨᠨᠴᠢ ᠵᠢᠨ ᠭᠡᠷ ᠪᠦᠯᠢ ᠵᠢᠨ ᠠᠵᠤ ᠠᠬᠤᠢ᠎ᠨᠢ ᠬᠦᠴᠢᠷᠳᠡᠯᠲᠡᠢ ᠰᠤᠷᠤᠭᠴᠢᠳ᠎ᠲᠤ 〈ᠬᠤᠶᠠᠷ᠎ᠢ ᠬᠡᠯᠲᠦᠷᠢᠭᠦᠯᠬᠦ〉 ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠲᠤᠬᠠᠢ ᠰᠠᠨᠠᠯ᠎ᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠠᠴᠠ ᠤᠯᠠᠮᠵᠢᠯᠠᠨ ᠶᠠᠪᠤᠭᠤᠯᠬᠤ ᠮᠡᠳᠡᠭᠳᠡᠯ》 (ᠥᠪᠥᠷ ᠵᠠᠰᠠᠭ ᠲᠠᠷᠬᠠᠭ᠋ᠠᠭᠰᠠᠨ [2011] 23 ᠳ᠋ᠤᠭ᠋ᠠᠷ ᠲᠣᠭ᠋ᠠᠲᠤ)᠂ 《ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠱᠠᠲᠤᠨ᠎ᠤ ᠰᠤᠷᠭ᠋ᠠᠨ ᠬᠥᠮᠦᠵᠢᠯ᠎ᠤᠨ 〈ᠬᠤᠶᠠᠷ᠎ᠢ ᠬᠡᠯᠲᠦᠷᠢᠭᠦᠯᠬᠦ〉 ᠲᠥᠷᠥ ᠵᠢᠨ ᠪᠣᠳᠣᠯᠭ᠎ᠠ ᠵᠢᠨ ᠬᠤᠯᠪᠣᠭᠳᠠᠯ ᠪᠦᠬᠦᠢ ᠵᠦᠢ᠍ᠯᠡᠰ᠎ᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠮᠡᠳᠡᠭᠳᠡᠯ》 (ᠥᠪᠥᠷ ᠵᠠᠰᠠᠭ ᠠᠯᠪᠠᠨ ᠲᠠᠷᠬᠠᠭ᠋ᠠᠭᠰᠠᠨ [2012] 147 ᠳ᠋ᠤᠭ᠋ᠠᠷ ᠲᠣᠭ᠋ᠠᠲᠤ)᠎ᠢ ᠬᠠᠮᠲᠤᠳᠤᠨᠢ ᠬᠦᠴᠦᠨ ᠦᠭᠡᠢ ᠪᠣᠯᠭ᠋ᠠᠨ᠎ᠠ᠃
2022 ᠣᠨ᠎ᠤ 8 ᠳ᠋ᠤᠭ᠋ᠠᠷ ᠰᠠᠷ᠎ᠠ ᠵᠢᠨ 1᠎ᠤ ᠡᠳᠦᠷ
(ᠲᠣᠰ ᠪᠢᠴᠢᠭ ᠮᠠᠲ᠋ᠧᠷᠢᠶᠠᠯ᠎ᠢ ᠢᠯᠡ ᠨᠡᠶ᠋ᠢᠲᠡᠯᠡᠨ᠎ᠡ)
ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ
ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ
2022 ᠣᠨ᠎ᠤ 8 ᠳ᠋ᠤᠭ᠋ᠠᠷ ᠰᠠᠷ᠎ᠠ ᠵᠢᠨ 1᠎ᠤ ᠡᠳᠦᠷ ᠳᠠᠷᠤᠮᠠᠯᠯᠠᠨ ᠲᠠᠷᠬᠠᠭ᠋ᠠᠪᠠ