ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠪᠢᠴᠢᠭ ᠮᠠᠲ᠋ᠧᠷᠢᠶᠠᠯ
2024 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠢ ᠰᠠᠶ᠋ᠢᠲᠤᠷ ᠬᠢᠬᠦ ᠲᠤᠬᠠᠢ ᠮᠡᠳᠡᠭᠳᠡᠯ
ᠨᠡᠶ᠋ᠢᠲᠡᠯᠡᠭᠰᠡᠨ ᠴᠠᠭ᠄ 2024-04-29

             ᠥᠪᠥᠷ ᠰᠤᠷᠭ᠋ᠠᠨ ᠰᠢᠨᠵᠢᠯᠡᠬᠦ ᠤᠬᠠᠭ᠋ᠠᠨ ᠭᠠᠳᠠᠭ᠋ᠠᠳᠤ

              ᠪᠢᠴᠢᠭ [2024] 97 ᠳ᠋ᠤᠭ᠋ᠠᠷ ᠲᠣᠭ᠋ᠠᠲᠤ


ᠡᠯ᠎ᠡ ᠳᠡᠭᠡᠳᠦ ᠰᠤᠷᠭ᠋ᠠᠭᠤᠯᠢ᠎ᠳᠤ᠄
      ᠪᠦᠬᠦ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠢ ᠨᠢᠭᠡᠳᠦᠯᠲᠡᠢ ᠲᠥᠯᠦᠪᠵᠢᠭᠦᠯᠬᠦ ᠵᠢ ᠴᠢᠩᠭ᠋ᠠᠳᠬᠠᠵᠤ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠡᠳᠦᠷ ᠲᠤᠲᠤᠮ᠎ᠤᠨ ᠬᠠᠮᠢᠶᠠᠷᠤᠯᠲᠠ ᠵᠢ ᠵᠢᠷᠤᠮᠵᠢᠭᠤᠯᠬᠤ ᠵᠢᠨ ᠲᠥᠯᠦᠭᠡ᠂ 《ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠳᠦᠷᠢᠮ》 (ᠳᠣᠷᠣᠭᠰᠢ 《ᠳᠦᠷᠢᠮ》 ᠭᠡᠵᠦ ᠳᠦᠭᠦᠮᠴᠢᠯᠡᠨ᠎ᠡ) ᠵᠢᠴᠢ ᠬᠡᠷᠡᠭᠵᠢᠭᠦᠯᠬᠦ ᠠᠷᠭ᠎ᠠ ᠵᠢᠨ ᠱᠠᠭ᠋ᠠᠷᠳᠠᠯᠭ᠎ᠠ ᠵᠢ ᠦᠨᠳᠦᠰᠦᠯᠡᠨ᠂ ᠡᠳᠦᠭᠡ 2024 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠢ ᠥᠷᠨᠢᠭᠦᠯᠬᠦ ᠬᠣᠯᠪᠣᠭᠳᠠᠯ ᠪᠦᠬᠦᠢ ᠵᠦᠢ᠍ᠯ᠎ᠢ ᠳᠣᠣᠷᠠᠬᠢ ᠮᠡᠲᠦ ᠮᠡᠳᠡᠭᠳᠡᠪᠡ᠄
      ᠨᠢᠭᠡ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠳᠦᠷᠢᠮ᠎ᠢ ᠵᠢᠷᠤᠮᠵᠢᠭᠤᠯᠬᠤ ᠵᠢ

      ᠪᠦᠷᠢᠨᠰᠢᠭᠦᠯᠦᠨ ᠲᠡᠭᠦᠯᠳᠡᠷᠵᠢᠭᠦᠯᠪᠡ
      ᠣᠶ᠋ᠢᠷ᠎ᠠ ᠵᠢᠨ ᠵᠢᠯ᠂ ᠮᠠᠨ᠎ᠤ ᠣᠷᠣᠨ᠎ᠤ ᠬᠠᠮᠢᠶ᠎ᠠ ᠪᠦᠬᠦᠢ ᠶᠡᠬᠡ ᠳᠡᠭᠡᠳᠦ ᠰᠤᠷᠭ᠋ᠠᠭᠤᠯᠢ ᠵᠢᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ ᠨᠡᠯᠢᠶᠡᠳ ᠲᠣᠪᠤᠢ᠌ᠮ᠎ᠠ ᠠᠮᠵᠢᠯᠲᠠ ᠣᠯᠪᠠ᠂ ᠭᠡᠪᠡᠴᠦ ᠪᠠᠰᠠ ᠵᠠᠷᠢᠮ ᠠᠰᠠᠭᠤᠳᠠᠯ ᠣᠷᠣᠰᠢᠵᠤ ᠪᠣᠢ᠂ ᠵᠢᠱ᠌ᠢᠶᠡᠯᠡᠪᠡᠯ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠬᠠᠮᠢᠶᠠᠷᠤᠯᠲᠠ ᠵᠢᠨ ᠠᠷᠭ᠎ᠠ ᠪᠦᠷᠢᠨ ᠪᠣᠰᠤ᠂ ᠬᠣᠯᠪᠤᠭ᠋ᠠᠯᠠᠨ ᠬᠠᠮᠢᠶᠠᠷᠬᠤ ᠵᠦᠪᠯᠡᠯ᠎ᠤᠨ ᠠᠵᠢᠯᠯᠠᠭ᠎ᠠ ᠰᠠᠭ᠋ᠠᠳ᠎ᠲᠠᠢ᠂ ᠰᠤᠷᠭ᠋ᠠᠭᠤᠯᠢ᠎ᠳᠠᠬᠢ ᠬᠠᠮᠢᠶ᠎ᠠ ᠪᠦᠬᠦᠢ ᠰᠠᠯᠠᠭ᠎ᠠ ᠮᠥᠴᠢᠷ᠎ᠤᠨ ᠡᠷᠬᠡ ᠲᠤᠰᠢᠶᠠᠯ ᠡᠭᠦᠷᠭᠡ ᠬᠠᠷᠢᠭᠤᠴᠠᠯᠭ᠎ᠠ ᠲᠣᠳᠣᠷᠬᠠᠢ ᠦᠭᠡᠢ᠂ ᠡᠳ᠋᠎ᠤᠨ ᠶᠠᠪᠤᠳᠠᠯ᠎ᠤᠨ ᠳᠦᠷᠢᠮ ᠪᠦᠷᠢᠨ ᠲᠡᠭᠦᠯᠳᠡᠷ ᠪᠤᠰᠤ᠂ ᠴᠢᠨᠠᠷ ᠴᠢᠨᠰᠠᠭ᠋ᠠᠨ᠎ᠤ ᠪᠠᠲᠤᠯᠠᠭ᠋ᠠᠨ᠎ᠤ ᠳᠣᠭᠲᠠᠯᠴᠠᠭ᠎ᠠ ᠪᠦᠷᠢᠨ ᠪᠤᠰᠤ ᠵᠡᠷᠭᠡ ᠠᠰᠠᠭᠤᠳᠠᠯ ᠎ᠨᠢ ᠨᠢᠭᠡᠨᠲᠡ ᠳᠤᠮᠳᠠᠳᠤ           ᠭᠠᠳᠠᠭ᠋ᠠᠳᠤ ᠬᠠᠮᠲᠤᠷᠠᠨ ᠬᠡᠪ᠎ᠤᠨ ᠶᠣᠰᠣᠭ᠋ᠠᠷ ᠰᠤᠷᠭ᠋ᠠᠭᠤᠯᠢ ᠡᠷᠬᠢᠯᠡᠬᠦ ᠪᠠ ᠠᠵᠢᠯᠯᠠᠬᠤ ᠵᠢ ᠨᠥᠯᠥᠭᠡᠯᠡᠭᠰᠡᠨ            ᠪᠠᠶ᠋ᠢᠨ᠎ᠠ᠃ 《ᠳᠦᠷᠢᠮ》 ᠵᠢᠴᠢ ᠲᠡᠭᠦᠨ᠎ᠤ ᠬᠡᠷᠡᠭᠵᠢᠭᠦᠯᠬᠦ ᠠᠷᠭ᠎ᠠ᠂ ᠨᠢᠭᠡᠨᠲᠡ ᠭᠠᠷ᠎ᠤᠨ ᠦᠰᠦᠭ ᠵᠢᠷᠤᠭᠰᠠᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠬᠡᠯᠡᠯᠴᠡᠭᠡᠷ᠎ᠤᠨ ᠱᠠᠭ᠋ᠠᠷᠳᠠᠯᠭ᠎ᠠ ᠪᠠ ᠪᠠᠷᠢᠮᠵᠢᠶ᠎ᠠ ᠵᠢ ᠦᠨᠳᠦᠰᠦᠯᠡᠨ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠳᠦᠷᠢᠮ᠎ᠢ ᠵᠢᠷᠤᠮᠵᠢᠭᠤᠯᠬᠤ ᠵᠢ ᠤᠯᠠᠮ ᠨᠢᠭᠡ ᠠᠯᠬᠤᠮ ᠪᠦᠷᠢᠨᠰᠢᠭᠦᠯᠦᠨ ᠲᠡᠭᠦᠯᠳᠡᠷᠵᠢᠭᠦᠯᠵᠦ᠂ ᠣᠳᠣ ᠵᠢᠨ ᠪᠠᠶ᠋ᠢᠭ᠎ᠠ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠳᠦᠷᠢᠮ ᠲᠣᠭᠲᠠᠭ᠋ᠠᠯ᠎ᠢ ᠡᠮᠬᠢᠯᠡᠨ᠂ ᠵᠠᠰᠠᠪᠤᠷᠢ ᠣᠷᠣᠭᠤᠯᠵᠤ᠂ ᠳᠤᠲᠠᠭᠳᠠᠵᠤ ᠪᠠᠶ᠋ᠢᠭ᠎ᠠ ᠵᠦᠢ᠍ᠯ᠎ᠢ ᠨᠥᠬᠦᠪᠦᠷᠢᠯᠡᠬᠦ ᠬᠡᠷᠡᠭᠲᠡᠢ᠃ ᠡᠯ᠎ᠡ ᠰᠤᠷᠭ᠋ᠠᠭᠤᠯᠢ ᠡᠷᠬᠢᠯᠡᠬᠦ ᠨᠢᠭᠡᠴᠢ  ᠵᠢᠨ᠎ᠬᠢᠨ ᠡᠷᠬᠡᠪᠰᠢ 5 ᠳ᠋ᠤᠭ᠋ᠠᠷ ᠰᠠᠷ᠎ᠠ ᠵᠢᠨ 13᠎ᠤ ᠡᠳᠦᠷ᠎ᠠᠴᠠ ᠡᠮᠦᠨ᠎ᠡ 《ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠤᠨ ᠡᠷᠬᠡ ᠲᠤᠰᠢᠶᠠᠯ ᠡᠭᠦᠷᠭᠡ ᠬᠠᠷᠢᠭᠤᠴᠠᠯᠭ᠎ᠠ ᠵᠢᠨ ᠬᠦᠰᠦᠨᠦᠭᠲᠦ》 (ᠳᠠᠭ᠋ᠠᠯᠳᠤᠭᠤᠯᠤᠯ 1) ᠵᠢ ᠲᠠᠭᠯᠠᠬᠤ ᠵᠢᠨ ᠬᠠᠮᠲᠤ ᠲᠤᠰ ᠰᠤᠷᠭ᠋ᠠᠭᠤᠯᠢ ᠵᠢᠨ ᠵᠶ᠋ᠡᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠳᠦᠷᠢᠮ ᠲᠣᠭᠲᠠᠭ᠋ᠠᠯ᠎ᠢ ᠡᠮᠬᠢᠯᠡᠨ ᠨᠠᠭ᠋ᠠᠵᠤ ᠳᠡᠪᠲᠡᠷᠯᠡᠭᠰᠡᠨ᠎ᠤ ᠳᠠᠷᠠᠭ᠎ᠠ ᠨᠢᠭᠡ ᠮᠠᠶᠢᠭ ᠬᠣᠶᠠᠷ ᠬᠤᠪᠢ ᠵᠢ ᠮᠠᠨ᠎ᠤ ᠲᠢᠩᠬᠢᠮ᠎ᠳᠤ ᠮᠡᠳᠡᠭᠦᠯᠦᠨ ᠳᠠᠩᠰᠠᠯᠠᠭᠤᠯᠵᠤ᠂ ᠡᠯᠧᠺᠲᠷᠣᠨ ᠮᠠᠲ᠋ᠧᠷᠢᠶᠠᠯ᠎ᠢ ᠪᠣᠭᠣᠳᠠᠯᠯᠠᠭᠰᠠᠨ᠎ᠤ ᠳᠠᠷᠠᠭ᠎ᠠ ᠢᠮᠧᠯ᠎ᠲᠤ ᠢᠯᠡᠭᠡᠬᠦ ᠬᠡᠷᠡᠭᠲᠡᠢ᠃
      ᠬᠣᠶᠠᠷ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠭᠰᠡᠨ ᠵᠢᠯ᠎ᠤᠨ ᠮᠡᠳᠡᠭᠦᠯᠦᠯᠲᠡ᠎ᠢ

      ᠴᠠᠭ ᠲᠤᠬᠠᠢ᠎ᠳᠤ᠎ᠨᠢ ᠳᠡᠭᠡᠭᠰᠢ ᠮᠡᠳᠡᠭᠦᠯᠦᠨ᠎ᠡ
      1. ᠵᠢᠩᠬᠢᠨᠢ ᠠᠩᠭᠢ ᠵᠢᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠄ ᠡᠯ᠎ᠡ ᠰᠤᠷᠭ᠋ᠠᠭᠤᠯᠢ ᠡᠷᠬᠢᠯᠡᠬᠦ ᠨᠢᠭᠡᠴᠢ ᠰᠤᠷᠭ᠋ᠠᠨ ᠬᠥᠮᠦᠵᠢᠯ᠎ᠤᠨ ᠶᠠᠮᠤᠨ᠎ᠤ ᠣᠯᠠᠨ ᠤᠯᠤᠰ᠎ᠤᠨ ᠬᠠᠮᠲᠤᠷᠠᠯᠴᠠᠬᠤ ᠪᠠ ᠰᠣᠯᠢᠯᠴᠠᠬᠤ ᠵᠤᠷᠭ᠋ᠠᠨ᠎ᠤ 《ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠪᠠᠶ᠋ᠢᠭᠤᠯᠤᠮᠵᠢ ᠪᠠ ᠲᠥᠷᠥᠯ ᠵᠦᠢ᠍ᠯ᠎ᠤᠨ ᠵᠢᠯ᠎ᠤᠨ ᠰᠤᠷᠭ᠋ᠠᠭᠤᠯᠢ ᠡᠷᠬᠢᠯᠡᠬᠦ ᠮᠡᠳᠡᠭᠦᠯᠦᠯᠲᠡ ᠵᠢᠨ ᠠᠵᠢᠯ᠎ᠢ ᠥᠷᠨᠢᠭᠦᠯᠬᠦ ᠲᠤᠬᠠᠢ ᠮᠡᠳᠡᠭᠳᠡᠯ》᠎ᠤᠨ ᠱᠠᠭ᠋ᠠᠷᠳᠠᠯᠭ᠎ᠠ ᠵᠢ ᠦᠨᠳᠦᠰᠦᠯᠡᠨ᠂ ᠲᠣᠭᠲᠠᠭᠰᠠᠨ ᠴᠠᠭ᠎ᠲᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠮᠡᠳᠡᠭᠡ ᠵᠠᠩᠭᠢ ᠵᠢᠨ ᠵᠢᠯ᠎ᠤᠨ ᠮᠡᠳᠡᠭᠦᠯᠦᠯᠲᠡ ᠵᠢᠨ ᠰᠢᠰᠲ᠋ᠧᠮ ᠵᠶ᠋ᠠᠷ ᠳᠠᠮᠵᠢᠭᠤᠯᠤᠨ 2022 ᠣᠨ᠎ᠤ ᠪᠠ 2023 ᠣᠨ᠎ᠤ ᠰᠤᠷᠭ᠋ᠠᠭᠤᠯᠢ ᠡᠷᠬᠢᠯᠡᠬᠦ ᠮᠡᠳᠡᠭᠦᠯᠦᠯᠲᠡ ᠵᠢ ᠲᠤᠰᠢᠶᠠᠬᠤ  ᠵᠢᠨ ᠬᠠᠮᠲᠤ 5 ᠳ᠋ᠤᠭ᠋ᠠᠷ ᠰᠠᠷ᠎ᠠ ᠵᠢᠨ 13᠎ᠤ ᠡᠳᠦᠷ᠎ᠠᠴᠠ ᠡᠮᠦᠨ᠎ᠡ ᠰᠤᠷᠭ᠋ᠠᠭᠤᠯᠢ ᠡᠷᠬᠢᠯᠡᠬᠦ ᠮᠠᠲ᠋ᠧᠷᠢᠶᠠᠯ᠎ᠤᠨ ᠮᠡᠳᠡᠭᠦᠯᠦᠯᠲᠡ ᠵᠢᠨ ᠳᠠᠷᠤᠮᠠᠯᠯᠠᠯ ᠨᠢᠭᠡ ᠮᠠᠶᠢᠭ ᠬᠣᠶᠠᠷ ᠬᠤᠪᠢ ᠵᠢ ᠮᠠᠨ᠎ᠤ ᠲᠢᠩᠬᠢᠮ᠎ᠳᠤ ᠬᠠᠭᠤᠯᠤᠨ ᠬᠦᠷᠭᠡᠵᠦ ᠳᠠᠩᠰᠠᠯᠠᠭᠤᠯᠤᠨ᠂ ᠡᠯᠧᠺᠲᠷᠣᠨ ᠰᠤᠷᠭ᠋ᠠᠭᠤᠯᠢ ᠡᠷᠬᠢᠯᠡᠬᠦ ᠮᠡᠳᠡᠭᠦᠯᠦᠯᠲᠡ ᠵᠢ ᠪᠣᠭᠣᠳᠠᠯᠯᠠᠭᠰᠠᠨ᠎ᠤ ᠳᠠᠷᠠᠭ᠎ᠠ ᠢᠮᠧᠯ᠎ᠲᠤ ᠢᠯᠡᠭᠡᠬᠦ           ᠬᠡᠷᠡᠭᠲᠡᠢ᠃
      2. ᠲᠤᠰᠬᠠᠢ ᠮᠡᠷᠭᠡᠵᠢᠯ᠎ᠤᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠄ ᠡᠯ᠎ᠡ ᠰᠤᠷᠭ᠋ᠠᠭᠤᠯᠢ ᠡᠷᠬᠢᠯᠡᠬᠦ ᠨᠢᠭᠡᠴᠢ 《ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠵᠢᠯ᠎ᠤᠨ ᠮᠡᠳᠡᠭᠦᠯᠦᠯᠲᠡ (ᠲᠤᠰᠬᠠᠢ ᠮᠡᠷᠭᠡᠵᠢᠯ᠎ᠤᠨ ᠳᠡᠰ)》 (ᠳᠠᠭ᠋ᠠᠯᠳᠤᠭᠤᠯᠤᠯ 2) ᠵᠢ ᠨᠠᠷᠢᠨ ᠬᠢᠨᠠᠮᠠᠭ᠋ᠠᠢ ᠲᠠᠭᠯᠠᠬᠤ ᠵᠢᠨ ᠬᠠᠮᠲᠤ 5 ᠳ᠋ᠤᠭ᠋ᠠᠷ ᠰᠠᠷ᠎ᠠ ᠵᠢᠨ 13᠎ᠤ ᠡᠳᠦᠷ᠎ᠠᠴᠠ ᠡᠮᠦᠨ᠎ᠡ 2022 ᠣᠨ᠂ 2023 ᠣᠨ᠎ᠤ ᠰᠤᠷᠭ᠋ᠠᠭᠤᠯᠢ ᠡᠷᠬᠢᠯᠡᠬᠦ ᠮᠡᠳᠡᠭᠦᠯᠦᠯᠲᠡ ᠵᠢᠨ ᠳᠠᠷᠤᠮᠠᠯᠯᠠᠯ ᠨᠢᠭᠡ ᠮᠠᠶᠢᠭ ᠬᠣᠶᠠᠷ ᠬᠤᠪᠢ ᠵᠢ ᠮᠠᠨ᠎ᠤ ᠲᠢᠩᠬᠢᠮ᠎ᠳᠤ ᠮᠡᠳᠡᠭᠦᠯᠦᠨ ᠬᠦᠷᠭᠡᠵᠦ ᠬᠢᠨᠠᠨ ᠪᠠᠢ᠌ᠴᠠᠭ᠋ᠠᠯᠭ᠋ᠠᠵᠤ ᠳᠠᠩᠰᠠᠯᠠᠭᠤᠯᠤᠨ᠂  ᠡᠯᠧᠺᠲᠷᠣᠨ ᠰᠤᠷᠭ᠋ᠠᠭᠤᠯᠢ ᠡᠷᠬᠢᠯᠡᠬᠦ ᠮᠡᠳᠡᠭᠦᠯᠦᠯᠲᠡ ᠵᠢ ᠪᠣᠭᠣᠳᠠᠯᠯᠠᠭᠰᠠᠨ᠎ᠤ ᠳᠠᠷᠠᠭ᠎ᠠ ᠢᠮᠧᠯ᠎ᠳᠤ ᠢᠯᠡᠭᠡᠬᠦ ᠬᠡᠷᠡᠭᠲᠡᠢ᠃
      3. ᠠᠵᠢᠯ᠎ᠤᠨ ᠱᠠᠭ᠋ᠠᠷᠳᠠᠯᠭ᠎ᠠ᠄ ᠡᠯ᠎ᠡ ᠰᠤᠷᠭ᠋ᠠᠭᠤᠯᠢ ᠡᠷᠬᠢᠯᠡᠬᠦ ᠨᠢᠭᠡᠴᠢ ᠨᠠᠷᠢᠨ ᠬᠢᠨᠠᠮᠠᠭ᠋ᠠᠢ ᠪᠡᠯᠡᠳᠬᠡᠵᠦ᠂ ᠨᠢᠭᠡᠳᠦᠯᠲᠡᠢ ᠲᠥᠯᠥᠪᠯᠡᠨ ᠵᠣᠬᠢᠴᠠᠭᠤᠯᠬᠤ᠎ᠪᠠᠨ ᠴᠢᠩᠭ᠋ᠠᠳᠬᠠᠨ᠂ ᠡᠯ᠎ᠡ ᠨᠢᠭᠡᠴᠢ ᠵᠢᠨ ᠳᠣᠲᠣᠭ᠋ᠠᠳᠤ ᠵᠢᠨ ᠡᠯ᠎ᠡ ᠰᠠᠯᠠᠭ᠎ᠠ ᠮᠥᠴᠢᠷ᠎ᠤᠨ᠎ᠬᠢᠨ ᠠᠵᠢᠯ᠎ᠤᠨ ᠲᠥᠪ ᠴᠢᠩᠭ᠎ᠠ ᠴᠢᠨᠠᠷ᠎ᠢ ᠲᠣᠳᠣᠷᠬᠠᠶ᠋ᠢᠯᠠᠵᠤ᠂ ᠲᠦᠷᠦᠭᠦᠯᠡᠨ ᠬᠠᠷᠢᠭᠤᠴᠠᠬᠤ ᠰᠠᠯᠠᠭ᠎ᠠ ᠮᠥᠴᠢᠷ᠎ᠲᠠᠢ ᠢᠳᠡᠪᠬᠢᠲᠡᠢ ᠰᠠᠨᠠᠭ᠋ᠠᠴᠢᠯᠠᠭ᠎ᠠ᠎ᠠᠴᠠ᠎ᠪᠠᠨ ᠬᠠᠮᠵᠢᠯᠴᠠᠬᠤ ᠬᠡᠷᠡᠭᠲᠡᠢ᠃ ᠡᠯ᠎ᠡ ᠰᠤᠷᠭ᠋ᠠᠭᠤᠯᠢ ᠡᠷᠬᠢᠯᠡᠬᠦ ᠨᠢᠭᠡᠴᠢ ᠵᠢᠨ᠎ᠬᠢᠨ ᠰᠤᠷᠭ᠋ᠠᠭᠤᠯᠢ ᠡᠷᠬᠢᠯᠡᠭᠰᠡᠨ ᠮᠡᠳᠡᠭᠦᠯᠦᠯᠲᠡ᠎ᠪᠠᠨ ᠦᠨᠡᠨ ᠪᠣᠳᠠᠲᠠᠢ ᠪᠤᠰᠤᠳᠴᠢ᠎ᠪᠠᠷ ᠲᠠᠭᠯᠠᠵᠤ᠂ ᠰᠤᠷᠭ᠋ᠠᠭᠤᠯᠢ ᠡᠷᠬᠢᠯᠡᠭᠰᠡᠨ ᠪᠣᠳᠠᠲᠤ ᠪᠠᠶ᠋ᠢᠳᠠᠯ ᠵᠶ᠋ᠠᠨ ᠦᠨᠡᠨ ᠪᠣᠳᠠᠲᠠᠢ ᠲᠤᠰᠬᠠᠵᠤ᠂ ᠬᠤᠳᠠᠯ ᠬᠠᠭᠤᠷᠮᠠᠭ ᠮᠡᠳᠡᠭᠡ ᠵᠠᠩᠭᠢ ᠵᠢ ᠲᠠᠭᠯᠠᠨ ᠮᠡᠳᠡᠭᠦᠯᠵᠦ ᠪᠣᠯᠬᠤ ᠦᠭᠡᠢ᠃  ᠵᠢᠯ᠎ᠤᠨ ᠰᠤᠷᠭ᠋ᠠᠭᠤᠯᠢ ᠡᠷᠬᠢᠯᠡᠬᠦ ᠮᠡᠳᠡᠭᠦᠯᠦᠯᠲᠡ ᠵᠢ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠢ ᠤᠷᠲᠤᠳᠬᠠᠬᠤ ᠪᠤᠶᠤ ᠬᠤᠪᠢᠷᠠᠭᠤᠯᠬᠤ ᠴᠢᠬᠤᠯᠠ ᠯᠠᠪᠯᠠᠯᠲᠠ ᠪᠣᠯᠭ᠋ᠠᠨ᠎ᠠ᠃
      ᠭᠤᠷᠪᠠ᠂ ᠰᠢᠨ᠎ᠡ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠪᠠᠶ᠋ᠢᠭᠤᠯᠤᠮᠵᠢ ᠪᠠ ᠲᠥᠷᠥᠯ

      ᠵᠦᠢ᠍ᠯ᠎ᠢ ᠮᠡᠳᠡᠭᠦᠯᠬᠦ ᠴᠤᠪᠤᠷᠠᠯ
      《ᠳᠦᠷᠢᠮ》 ᠵᠢᠴᠢ ᠬᠡᠷᠡᠭᠵᠢᠭᠦᠯᠬᠦ ᠠᠷᠭ᠎ᠠ ᠵᠢᠨ ᠱᠠᠭ᠋ᠠᠷᠳᠠᠯᠭ᠎ᠠ ᠵᠢ ᠦᠨᠳᠦᠰᠦᠯᠡᠨ᠂ ᠮᠠᠨ᠎ᠤ ᠲᠢᠩᠬᠢᠮ ᠡᠨᠡ ᠵᠢᠯ᠎ᠤᠨ 4 ᠳ᠋ᠦ᠍ᠭᠡᠷ ᠰᠠᠷ᠎ᠠ ᠪᠠ 9 ᠳ᠋ᠦ᠍ᠭᠡᠷ ᠰᠠᠷ᠎ᠠ᠎ᠳᠤ ᠡᠯ᠎ᠡ ᠰᠤᠷᠭ᠋ᠠᠭᠤᠯᠢ ᠵᠢᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠪᠠᠶ᠋ᠢᠭᠤᠯᠤᠮᠵᠢ ᠪᠠ ᠲᠥᠷᠥᠯ ᠵᠦᠢ᠍ᠯ᠎ᠢ ᠮᠡᠳᠡᠭᠦᠯᠬᠦ ᠠᠵᠢᠯ᠎ᠢ ᠲᠤᠰ ᠲᠤᠰ ᠬᠦᠯᠢᠶᠡᠨ ᠠᠪᠴᠤ ᠰᠢᠢ᠍ᠳᠪᠦᠷᠢᠯᠡᠨ᠎ᠡ᠃ ᠰᠢᠨ᠎ᠡ᠎ᠪᠠᠷ ᠮᠡᠳᠡᠭᠦᠯᠬᠦ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠪᠠᠶ᠋ᠢᠭᠤᠯᠤᠮᠵᠢ ᠪᠣᠯᠤᠨ ᠲᠥᠷᠥᠯ ᠵᠦᠢ᠍ᠯ᠎ᠨᠢ ᠤᠯᠤᠰ᠎ᠤᠨ ᠪᠠᠶ᠋ᠢᠯᠳᠤᠬᠤ ᠪᠣᠳᠣᠯᠭ᠎ᠠ ᠪᠣᠯᠤᠨ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢᠨ ᠬᠡᠷᠡᠭᠴᠡᠭᠡ ᠱᠠᠭ᠋ᠠᠷᠳᠠᠯᠭ᠎ᠠ ᠵᠢᠨ ᠲᠣᠭᠣᠷᠢᠨ᠎ᠳᠤ᠂ ᠥᠪᠡᠷᠲᠡᠭᠡᠨ ᠵᠠᠰᠠᠬᠤ ᠣᠷᠣᠨ᠎ᠤ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠪᠣᠯᠤᠨ ᠲᠤᠰ ᠰᠤᠷᠭ᠋ᠠᠭᠤᠯᠢ ᠵᠢᠨ ᠰᠢᠨᠵᠢᠯᠡᠭᠡᠨ᠎ᠤ ᠰᠠᠯᠠᠭ᠋ᠠᠨ᠎ᠤ ᠪᠠᠶ᠋ᠢᠭᠤᠯᠤᠯᠲᠠ᠂ ᠴᠢᠳᠠᠪᠤᠷᠢᠲᠠᠨ ᠬᠥᠮᠦᠵᠢᠭᠦᠯᠬᠦ ᠬᠡᠷᠡᠭᠴᠡᠭᠡ᠎ᠳᠤ ᠦᠢ᠍ᠯᠡᠴᠢᠯᠡᠵᠦ᠂ ᠠᠵᠤ ᠠᠬᠤᠢ ᠵᠢᠨ ᠤᠬᠠᠭ᠋ᠠᠨ᠂ ᠮᠥᠩᠭᠥᠨ ᠭᠦᠢ᠍ᠯᠭᠡᠭᠡᠨ᠎ᠤ ᠤᠬᠠᠭ᠋ᠠᠨ ᠵᠡᠷᠭᠡ 《ᠬᠠᠯᠠᠮᠰᠢᠯ》 ᠰᠢᠨᠵᠢᠯᠡᠭᠡᠨ᠎ᠤ ᠰᠠᠯᠠᠭ᠋ᠠᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠵᠢ ᠡᠵᠡᠮᠳᠡᠵᠦ᠂ ᠮᠠᠨ᠎ᠤ ᠣᠷᠣᠨ᠎ᠤ ᠡᠯ᠎ᠡ ᠳᠡᠭᠡᠳᠦ ᠰᠤᠷᠭ᠋ᠠᠭᠤᠯᠢ ᠵᠢᠨ ᠪᠠᠶ᠋ᠢᠭ᠋ᠠᠯᠢ ᠠᠵᠤ ᠦᠢ᠍ᠯᠡᠳᠪᠦᠷᠢ ᠲᠠᠷᠢᠶᠠᠯᠠᠩ ᠡᠮᠨᠡᠯᠭᠡ ᠵᠢᠨ ᠤᠬᠠᠭ᠋ᠠᠨ᠂ ᠰᠣᠯᠪᠢᠴᠠᠯ ᠰᠢᠨᠵᠢᠯᠡᠭᠡᠨ᠎ᠤ ᠰᠠᠯᠠᠭ᠎ᠠ᠂ ᠬᠣᠰᠢᠭᠤᠴᠢ ᠰᠢᠨᠵᠢᠯᠡᠭᠡᠨ᠎ᠤ ᠰᠠᠯᠠᠭ᠎ᠠ ᠵᠡᠷᠭᠡ ᠣᠨᠴᠠᠯᠢᠭᠲᠤ ᠰᠢᠨᠵᠢᠯᠡᠭᠡᠨ᠎ᠤ ᠰᠠᠯᠠᠭ᠎ᠠ᠂ ᠳᠠᠪᠠᠭᠤᠯᠢᠭ ᠰᠢᠨᠵᠢᠯᠡᠭᠡᠨ᠎ᠤ ᠰᠠᠯᠠᠭ᠎ᠠ ᠵᠡᠷᠭᠡ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠵᠢ ᠵᠣᠷᠢᠭᠵᠢᠭᠤᠯᠵᠤ᠂ ᠮᠠᠨ᠎ᠤ ᠣᠷᠣᠨ᠎ᠤ ᠡᠯ᠎ᠡ ᠳᠡᠭᠡᠳᠦ ᠰᠤᠷᠭ᠋ᠠᠭᠤᠯᠢ ᠵᠢᠨ ᠤᠯᠤᠰ᠎ᠤᠨ ᠭᠠᠳᠠᠭ᠋ᠠᠳᠤ ᠵᠢᠨ ᠥᠨᠳᠥᠷ ᠬᠢᠷᠢ ᠲᠦᠪᠰᠢᠨᠲᠦ ᠶᠡᠬᠡ ᠰᠤᠷᠭ᠋ᠠᠭᠤᠯᠢ᠎ᠯᠤᠭ᠎ᠠ ᠬᠠᠮᠲᠤᠷᠠᠨ ᠳᠤᠮᠳᠠᠳᠤ ᠭᠠᠳᠠᠭ᠋ᠠᠳᠤ ᠰᠤᠷᠭ᠋ᠠᠭᠤᠯᠢ ᠡᠷᠬᠢᠯᠡᠬᠦ ᠵᠢ ᠳᠡᠮᠵᠢᠨ᠎ᠡ᠃
      1. ᠵᠢᠩᠬᠢᠨᠢ ᠠᠩᠭᠢ ᠵᠢᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠪᠠᠶ᠋ᠢᠭᠤᠯᠤᠮᠵᠢ ᠪᠠ ᠲᠥᠷᠥᠯ ᠵᠦᠢ᠍ᠯ᠄ ᠡᠯ᠎ᠡ ᠮᠡᠳᠡᠭᠦᠯᠬᠦ ᠰᠤᠷᠭ᠋ᠠᠭᠤᠯᠢ ᠡᠷᠬᠡᠪᠰᠢ 4 ᠰᠠᠷ᠎ᠠ ᠵᠢᠨ 30᠎ᠤ ᠡᠳᠦᠷ ᠪᠠ 9 ᠰᠠᠷ᠎ᠠ ᠵᠢᠨ 30᠎ᠤ ᠡᠳᠦᠷ᠎ᠠᠴᠠ ᠡᠮᠦᠨ᠎ᠡ ᠰᠤᠷᠭ᠋ᠠᠨ ᠬᠥᠮᠦᠵᠢᠯ᠎ᠤᠨ ᠶᠠᠮᠤᠨ᠎ᠤ ᠠᠯᠪᠠᠨ ᠰᠦᠯᠵᠢᠶᠡᠨ᠎ᠳᠤ ᠣᠷᠣᠵᠤ ᠮᠡᠳᠡᠭᠦᠯᠬᠦ ᠮᠠᠲ᠋ᠧᠷᠢᠶᠠᠯ ᠵᠶ᠋ᠠᠨ ᠲᠤᠰᠢᠶᠠᠬᠤ ᠵᠢᠨ ᠬᠠᠮᠲᠤ ᠮᠡᠳᠡᠭᠦᠯᠬᠦ ᠮᠠᠲ᠋ᠧᠷᠢᠶᠠᠯ᠎ᠤᠨ ᠳᠠᠷᠤᠮᠠᠯᠯᠠᠯ ᠨᠢᠭᠡ ᠬᠡᠯᠪᠡᠷᠢ ᠲᠠᠪᠤᠨ ᠬᠤᠪᠢ (ᠳᠥᠷᠪᠡᠨ ᠬᠤᠪᠢ ᠵᠢ  ᠨᠡᠢ᠌ᠯᠡᠭᠦᠯᠦᠨ ᠳᠡᠪᠲᠡᠷᠯᠡᠵᠦ᠂ ᠨᠢᠭᠡ ᠬᠤᠪᠢ ᠵᠢ ᠲᠤᠰᠠᠭ᠋ᠠᠷ ᠪᠠᠶ᠋ᠢᠯᠭ᠋ᠠᠬᠤ) ᠵᠢ ᠮᠠᠨ ᠎ᠤ ᠲᠢᠩᠬᠢᠮ ᠎ᠳᠤ ᠮᠡᠳᠡᠭᠦᠯᠦᠨ ᠬᠢᠨᠠᠨ ᠪᠠᠢ᠌ᠴᠠᠯᠭ᠋ᠠᠵᠤ᠂ ᠡᠯᠧᠺᠲᠷᠣᠨ ᠮᠡᠳᠡᠭᠦᠯᠬᠦ ᠮᠠᠲ᠋ᠧᠷᠢᠶᠠᠯ᠎ᠢ ᠪᠣᠭᠣᠳᠠᠯᠯᠠᠭᠰᠠᠨ᠎ᠤ ᠳᠠᠷᠠᠭ᠎ᠠ ᠢᠮᠧᠯ᠎ᠲᠤ ᠢᠯᠡᠭᠡᠬᠦ ᠬᠡᠷᠡᠭᠲᠡᠢ᠃
      2. ᠲᠤᠰᠬᠠᠢ ᠮᠡᠷᠭᠡᠵᠢᠯ᠎ᠤᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠪᠠᠶ᠋ᠢᠭᠤᠯᠤᠮᠵᠢ ᠪᠠ ᠲᠥᠷᠥᠯ ᠵᠦᠢ᠍ᠯ᠄ ᠡᠯ᠎ᠡ ᠮᠡᠳᠡᠭᠦᠯᠬᠦ ᠰᠤᠷᠭ᠋ᠠᠭᠤᠯᠢ ᠡᠷᠬᠡᠪᠰᠢ 4 ᠰᠠᠷ᠎ᠠ ᠵᠢᠨ 30᠎ᠤ ᠡᠳᠦᠷ ᠪᠠ 9 ᠰᠠᠷ᠎ᠠ ᠵᠢᠨ 30᠎ᠤ ᠡᠳᠦᠷ᠎ᠠᠴᠠ ᠡᠮᠦᠨ᠎ᠡ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠰᠦᠯᠵᠢᠶ᠎ᠡ᠎ᠪᠠᠷ ᠮᠡᠳᠡᠭᠦᠯᠬᠦ ᠮᠠᠲ᠋ᠧᠷᠢᠶᠠᠯ ᠵᠶ᠋ᠠᠨ ᠲᠤᠰᠢᠶᠠᠬᠤ ᠵᠢᠨ ᠬᠠᠮᠲᠤ ᠮᠡᠳᠡᠭᠦᠯᠬᠦ ᠮᠠᠲ᠋ᠧᠷᠢᠶᠠᠯ᠎ᠤᠨ ᠳᠠᠷᠤᠮᠠᠯᠯᠠᠯ ᠲᠠᠪᠤᠨ ᠬᠤᠪᠢ (ᠳᠥᠷᠪᠡᠨ ᠬᠤᠪᠢ ᠵᠢ ᠨᠡᠢ᠌ᠯᠡᠭᠦᠯᠦᠨ ᠳᠡᠪᠲᠡᠷᠯᠡᠵᠦ᠂ ᠨᠢᠭᠡ ᠬᠤᠪᠢ ᠵᠢ ᠲᠤᠰᠠᠭ᠋ᠠᠷ ᠪᠠᠶ᠋ᠢᠯᠭ᠋ᠠᠬᠤ) ᠵᠢ ᠮᠠᠨ᠎ᠤ ᠲᠢᠩᠬᠢᠮ᠎ᠳᠤ ᠮᠡᠳᠡᠭᠦᠯᠦᠨ ᠬᠢᠨᠠᠨ  ᠪᠠᠢ᠌ᠴᠠᠭ᠋ᠠᠯᠭ᠋ᠠᠵᠤ᠂ ᠡᠯᠧᠺᠲᠷᠣᠨ ᠮᠡᠳᠡᠭᠦᠯᠬᠦ ᠮᠠᠲ᠋ᠧᠷᠢᠶᠠᠯ᠎ᠢ ᠪᠣᠭᠣᠳᠠᠯᠯᠠᠭᠰᠠᠨ᠎ᠤ ᠳᠠᠷᠠᠭ᠎ᠠ ᠢᠮᠧᠯ᠎ᠲᠤ ᠢᠯᠡᠭᠡᠬᠦ ᠬᠡᠷᠡᠭᠲᠡᠢ᠃
      3. ᠠᠵᠢᠯ᠎ᠤᠨ ᠱᠠᠭ᠋ᠠᠷᠳᠠᠯᠭ᠎ᠠ᠄ ᠡᠯ᠎ᠡ ᠮᠡᠳᠡᠭᠦᠯᠦᠭᠰᠡᠨ ᠰᠤᠷᠭ᠋ᠠᠭᠤᠯᠢ 《ᠳᠦᠷᠢᠮ》 ᠵᠢᠴᠢ ᠬᠡᠷᠡᠭᠵᠢᠭᠦᠯᠬᠦ ᠠᠷᠭ᠎ᠠ ᠵᠢᠨ ᠱᠠᠭ᠋ᠠᠷᠳᠠᠯᠭ᠎ᠠ ᠶᠣᠰᠣᠭ᠋ᠠᠷ᠂ ᠲᠤᠰ ᠰᠤᠷᠭ᠋ᠠᠭᠤᠯᠢ ᠵᠢᠨ ᠵᠶ᠋ᠠᠨ ᠮᠡᠳᠡᠭᠦᠯᠬᠦ ᠮᠠᠲ᠋ᠧᠷᠢᠶᠠᠯ᠎ᠢ ᠨᠠᠷᠢᠨ ᠬᠢᠨᠠᠮᠠᠭ᠋ᠠᠢ ᠪᠡᠯᠡᠳᠭᠡᠵᠦ᠂ ᠮᠡᠳᠡᠭᠦᠯᠬᠦ ᠮᠠᠲ᠋ᠧᠷᠢᠶᠠᠯ᠎ᠤᠨ ᠪᠣᠯᠤᠮᠵᠢᠲᠤ ᠴᠢᠨᠠᠷ᠎ᠢ ᠰᠢᠨᠵᠢᠯᠡᠬᠦ ᠤᠬᠠᠭ᠋ᠠᠨᠴᠢ᠎ᠪᠠᠷ ᠨᠤᠲᠠᠯᠠᠵᠤ᠂ ᠮᠡᠳᠡᠭᠦᠯᠬᠦ ᠮᠠᠲ᠋ᠧᠷᠢᠶᠠᠯ᠎ᠢ ᠴᠠᠭ ᠲᠤᠬᠠᠢ᠎ᠳᠤ᠎ᠨᠢ ᠲᠤᠰᠢᠶᠠᠬᠤ ᠬᠡᠷᠡᠭᠲᠡᠢ᠃ ᠮᠡᠳᠡᠭᠦᠯᠬᠦ ᠨᠥᠬᠥᠴᠡᠯ᠎ᠳᠤ ᠨᠡᠶ᠋ᠢᠴᠡᠬᠦ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠳᠤ᠂ ᠮᠠᠨ᠎ᠤ ᠲᠢᠩᠬᠢᠮ᠎ᠠᠴᠠ ᠲᠤᠰᠬᠠᠢ ᠮᠡᠷᠭᠡᠵᠢᠯᠲᠡᠨ᠎ᠢ ᠵᠣᠬᠢᠶᠠᠨ ᠪᠠᠶ᠋ᠢᠭᠤᠯᠤᠨ ᠬᠢᠨᠠᠨ ᠲᠣᠭᠲᠠᠭ᠋ᠠᠬᠤ ᠠᠵᠢᠯ᠎ᠢ ᠥᠷᠨᠢᠭᠦᠯᠵᠦ᠂ ᠪᠣᠳᠠᠲᠠᠢ ᠬᠢᠨᠠᠨ ᠲᠣᠭᠲᠠᠭ᠋ᠠᠬᠤ ᠨᠠᠷᠢᠨ ᠳᠦᠷᠢᠮ ᠪᠠ ᠱᠠᠭ᠋ᠠᠷᠳᠠᠯᠭ᠎ᠠ ᠵᠢ ᠠᠰ᠎ᠲᠤ᠎ᠨᠢ ᠮᠡᠳᠡᠭᠳᠡᠨ᠎ᠡ᠃ 《ᠳᠦᠷᠢᠮ》 ᠵᠢᠴᠢ ᠬᠡᠷᠡᠭᠵᠢᠭᠦᠯᠬᠦ ᠠᠷᠭ᠎ᠠ ᠵᠢᠨ ᠲᠣᠭᠲᠠᠭ᠋ᠠᠯ ᠶᠣᠰᠣᠭ᠋ᠠᠷ᠂ ᠲᠤᠰᠬᠠᠢ ᠮᠡᠷᠭᠡᠵᠢᠯᠲᠡᠨ ᠬᠢᠨᠠᠨ ᠲᠣᠭᠲᠠᠭ᠋ᠠᠬᠤ ᠴᠠᠭ᠎ᠢ ᠬᠠᠤᠯᠢ᠎ᠪᠠᠷ ᠲᠣᠭᠲᠠᠭ᠋ᠠᠭᠰᠠᠨ ᠬᠢᠨᠠᠨ ᠵᠥᠪᠰᠢᠶᠡᠷᠡᠬᠦ ᠴᠠᠭ᠎ᠤᠨ ᠬᠢᠵᠠᠭ᠋ᠠᠷ᠎ᠲᠤ ᠪᠣᠳᠣᠵᠤ ᠣᠷᠣᠭᠤᠯᠬᠤ ᠦᠭᠡᠢ᠃
      ᠳᠥᠷᠪᠡ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠵᠢ ᠬᠤᠪᠢᠷᠠᠭᠤᠯᠬᠤ  ᠵᠢ ᠥᠷᠨᠢᠭᠦᠯᠦᠨ᠎ᠡ
      《ᠳᠦᠷᠢᠮ》 ᠵᠢᠴᠢ ᠬᠡᠷᠡᠭᠵᠢᠭᠦᠯᠬᠦ ᠠᠷᠭ᠎ᠠ ᠵᠢᠨ ᠱᠠᠭ᠋ᠠᠷᠳᠠᠯᠭ᠎ᠠ ᠵᠢ ᠦᠨᠳᠦᠰᠦᠯᠡᠨ᠂ ᠮᠠᠨ᠎ᠤ ᠲᠢᠩᠬᠢᠮ ᠡᠨᠡ ᠵᠢᠯ᠎ᠤᠨ 4 ᠳ᠋ᠦ᠍ᠭᠡᠷ ᠰᠠᠷ᠎ᠠ ᠪᠠ 9 ᠳ᠋ᠦ᠍ᠭᠡᠷ ᠰᠠᠷ᠎ᠠ᠎ᠳᠤ ᠡᠯ᠎ᠡ ᠰᠤᠷᠭ᠋ᠠᠭᠤᠯᠢ ᠡᠷᠬᠢᠯᠡᠬᠦ ᠨᠢᠭᠡᠴᠢ ᠵᠢᠨ ᠲᠤᠰ ᠵᠢᠯ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠡᠯ᠎ᠡ ᠲᠥᠷᠥᠯ᠎ᠤᠨ ᠬᠤᠪᠢᠷᠠᠭᠤᠯᠬᠤ ᠵᠦᠢ᠍ᠯ᠎ᠤᠨ ᠠᠵᠢᠯ᠎ᠢ ᠲᠤᠰ ᠲᠤᠰ ᠬᠦᠯᠢᠶᠡᠨ ᠠᠪᠴᠤ ᠰᠢᠢ᠍ᠳᠪᠦᠷᠢᠯᠡᠨ᠂ ᠬᠤᠪᠢᠷᠠᠭᠤᠯᠬᠤ ᠠᠭᠤᠯᠭ᠎ᠠ᠎ᠨᠢ ᠬᠠᠤᠯᠢ ᠵᠢᠨ ᠡᠷᠬᠡᠲᠦ ᠬᠥᠮᠦᠨ ᠎ᠢ  ᠬᠤᠪᠢᠷᠠᠭᠤᠯᠬᠤ᠂ ᠰᠤᠷᠤᠭᠴᠢ ᠡᠯᠰᠡᠬᠦ ᠵᠢᠯ᠎ᠢ ᠬᠤᠪᠢᠷᠠᠭᠤᠯᠬᠤ᠂ ᠰᠤᠷᠤᠭᠴᠢ ᠡᠯᠰᠡᠬᠦ ᠵᠢ ᠵᠣᠭᠰᠣᠭ᠋ᠠᠬᠤ ᠵᠡᠷᠭᠡ᠎ᠳᠤ ᠬᠣᠯᠪᠣᠭᠳᠠᠵᠤ᠂ ᠡᠯ᠎ᠡ ᠰᠤᠷᠭ᠋ᠠᠭᠤᠯᠢ ᠡᠷᠬᠢᠯᠡᠬᠦ ᠨᠢᠭᠡᠴᠢ ᠎ᠠᠴᠠ 《ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠮᠡᠳᠡᠭᠡ ᠵᠠᠩᠭᠢ ᠵᠢᠨ ᠬᠦᠰᠦᠨᠦᠭᠲᠦ》 (ᠳᠠᠭ᠋ᠠᠯᠳᠤᠭᠤᠯᠤᠯ 3) ᠵᠢ ᠲᠠᠭᠯᠠᠬᠤ ᠵᠢᠨ ᠬᠠᠮᠲᠤ 5 ᠳ᠋ᠤᠭ᠋ᠠᠷ ᠰᠠᠷ᠎ᠠ ᠵᠢᠨ 13᠎ᠤ ᠡᠳᠦᠷ ᠪᠠ 9 ᠳ᠋ᠦ᠍ᠭᠡᠷ ᠰᠠᠷ᠎ᠠ ᠵᠢᠨ 30᠎ᠤ ᠡᠳᠦᠷ᠎ᠠᠴᠠ ᠡᠮᠦᠨ᠎ᠡ ᠳᠠᠷᠤᠮᠠᠯᠯᠠᠯ ᠮᠠᠲ᠋ᠧᠷᠢᠶᠠᠯ ᠨᠢᠭᠡ ᠮᠠᠶᠢᠭ ᠭᠤᠷᠪᠠᠨ ᠬᠤᠪᠢ (ᠭᠡᠷᠡᠴᠢᠯᠡᠬᠦ ᠮᠠᠲ᠋ᠧᠷᠢᠶᠠᠯ᠎ᠢ ᠪᠠᠭᠲᠠᠭ᠋ᠠᠨ᠎ᠠ᠂ ᠬᠣᠶᠠᠷ ᠬᠤᠪᠢ  ᠵᠢ ᠨᠠᠭ᠋ᠠᠵᠤ ᠳᠡᠪᠲᠡᠷᠯᠡᠨ᠂ ᠨᠢᠭᠡ ᠬᠤᠪᠢ ᠵᠢ ᠲᠤᠰᠠᠭ᠋ᠠᠷ ᠪᠠᠶ᠋ᠢᠯᠭ᠋ᠠᠬᠤ) ᠵᠢ ᠮᠠᠨ᠎ᠤ ᠲᠢᠩᠬᠢᠮ᠎ᠳᠤ ᠮᠡᠳᠡᠭᠦᠯᠦᠨ ᠬᠦᠷᠭᠡᠵᠦ ᠬᠢᠨᠠᠨ ᠪᠠᠢ᠌ᠴᠠᠭ᠋ᠠᠯᠭ᠋ᠠᠵᠤ᠂ ᠡᠯᠧᠺᠲᠷᠣᠨ ᠮᠠᠲ᠋ᠧᠷᠢᠶᠠᠯ᠎ᠢ ᠪᠣᠭᠣᠳᠠᠯᠯᠠᠭᠰᠠᠨ᠎ᠤ ᠳᠠᠷᠠᠭ᠎ᠠ ᠢᠮᠧᠯ᠎ᠲᠤ ᠢᠯᠡᠭᠡᠬᠦ ᠬᠡᠷᠡᠭᠲᠡᠢ᠃ ᠡᠭᠦᠨ᠎ᠠᠴᠠ ᠭᠠᠳᠠᠨ᠎ᠠ᠂ ᠲᠤᠰᠬᠠᠢ ᠮᠡᠷᠭᠡᠵᠢᠯ᠎ᠤᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠢ ᠬᠤᠪᠢᠷᠠᠭᠤᠯᠬᠤ᠎ᠳᠤ ᠪᠠᠰᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠰᠦᠯᠵᠢᠶ᠎ᠡ᠎ᠳᠤ ᠣᠷᠣᠵᠤ ᠮᠡᠳᠡᠭᠦᠯᠬᠦ ᠮᠠᠲ᠋ᠧᠷᠢᠶᠠᠯ᠎ᠢ ᠬᠤᠪᠢᠷᠠᠭᠤᠯᠬᠤ ᠪᠤᠶᠤ ᠭᠡᠷᠡᠴᠢᠯᠡᠬᠦ ᠮᠠᠲ᠋ᠧᠷᠢᠶᠠᠯ᠎ᠢ ᠳᠤᠰᠢᠶᠠᠵᠤ ᠪᠣᠯᠤᠨ᠎ᠠ᠃
      ᠲᠠᠪᠤ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠵᠢ ᠦᠨᠡᠯᠡᠬᠦ ᠵᠢ ᠥᠷᠨᠢᠭᠦᠯᠦᠨ᠎ᠡ
     《ᠳᠦᠷᠢᠮ》 ᠵᠢᠴᠢ ᠬᠡᠷᠡᠭᠵᠢᠭᠦᠯᠬᠦ ᠠᠷᠭ᠎ᠠ ᠵᠢᠨ ᠱᠠᠭ᠋ᠠᠷᠳᠠᠯᠭ᠎ᠠ ᠵᠢ ᠦᠨᠳᠦᠰᠦᠯᠡᠨ᠂ ᠵᠢᠩᠬᠢᠨᠢ ᠠᠩᠭᠢ ᠵᠢᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠳᠤ ᠰᠤᠷᠭ᠋ᠠᠨ ᠬᠥᠮᠦᠵᠢᠯ᠎ᠤᠨ ᠶᠠᠮᠤᠨ᠎ᠠᠴᠠ ᠦᠨᠡᠯᠡᠬᠦ ᠵᠢ ᠵᠣᠬᠢᠶᠠᠨ ᠪᠠᠶ᠋ᠢᠭᠤᠯᠤᠨ ᠥᠷᠨᠢᠭᠦᠯᠵᠦ᠂ ᠲᠤᠰᠬᠠᠢ ᠮᠡᠷᠭᠡᠵᠢᠯ᠎ᠤᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠳᠤ ᠮᠠᠨ᠎ᠤ ᠲᠢᠩᠬᠢᠮ᠎ᠠᠴᠠ ᠦᠨᠡᠯᠡᠬᠦ ᠠᠵᠢᠯ᠎ᠢ ᠵᠣᠬᠢᠶᠠᠨ ᠪᠠᠶ᠋ᠢᠭᠤᠯᠵᠤ ᠥᠷᠨᠢᠭᠦᠯᠦᠨ᠎ᠡ᠃
      1. ᠵᠢᠩᠬᠢᠨᠢ ᠠᠩᠭᠢ ᠵᠢᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠢ ᠦᠨᠡᠯᠡᠬᠦ᠄ 《ᠰᠤᠷᠭ᠋ᠠᠨ ᠬᠥᠮᠦᠵᠢᠯ᠎ᠤᠨ ᠶᠠᠮᠤᠨ᠎ᠤ ᠠᠯᠪᠠᠨ ᠲᠢᠩᠬᠢᠮ᠎ᠤᠨ 2023 ᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠵᠢ ᠦᠨᠡᠯᠡᠬᠦ ᠠᠵᠢᠯ᠎ᠢ ᠥᠷᠨᠢᠭᠦᠯᠬᠦ ᠲᠤᠬᠠᠢ ᠮᠡᠳᠡᠭᠳᠡᠯ》 (ᠰᠤᠷᠭ᠋ᠠᠨ ᠬᠢᠨᠠᠬᠤ ᠲᠢᠩᠬᠢᠮ ᠪᠢᠴᠢᠭ [2024] 3 ᠳ᠋ᠤᠭ᠋ᠠᠷ ᠲᠣᠭ᠋ᠠᠲᠤ)᠎ᠤᠨ ᠱᠠᠭ᠋ᠠᠷᠳᠠᠯᠭ᠎ᠠ ᠵᠢ ᠦᠨᠳᠦᠰᠦᠯᠡᠨ᠂ ᠡᠨᠡ ᠤᠳᠠᠭ᠋ᠠᠨ᠎ᠤ ᠦᠨᠡᠯᠡᠬᠦ ᠠᠵᠢᠯ᠎ᠳᠤ ᠣᠷᠣᠯᠴᠠᠭᠰᠠᠨ ᠶᠡᠬᠡ ᠳᠡᠭᠡᠳᠦ ᠰᠤᠷᠭ᠋ᠠᠭᠤᠯᠢ (ᠨᠢᠭᠡᠨᠲᠡ ᠠᠰ᠎ᠲᠤ᠎ᠨᠢ ᠮᠡᠳᠡᠭᠳᠡᠯ ᠲᠠᠷᠬᠠᠭ᠋ᠠᠭᠰᠠᠨ) 1 ᠪᠣᠢ᠂ ᠦᠨᠡᠯᠡᠬᠦ᠎ᠳᠤ ᠣᠷᠣᠯᠴᠠᠭᠰᠠᠨ ᠶᠡᠬᠡ ᠳᠡᠭᠡᠳᠦ ᠰᠤᠷᠭ᠋ᠠᠭᠤᠯᠢ ᠥᠪᠡᠷ᠎ᠢ ᠵᠶ᠋ᠠᠨ ᠦᠨᠡᠯᠡᠵᠦ᠂ ᠦᠨᠡᠯᠡᠬᠦ ᠪᠠᠶ᠋ᠢᠭᠤᠯᠤᠮᠵᠢ᠎ᠲᠠᠢ ᠬᠠᠮᠵᠢᠯᠴᠠᠨ ᠬᠠᠮᠢᠶ᠎ᠠ ᠪᠦᠬᠦᠢ ᠮᠠᠲ᠋ᠧᠷᠢᠶᠠᠯ ᠎ᠢ ᠪᠡᠯᠡᠳᠬᠡᠬᠦ ᠵᠢᠨ ᠬᠠᠮᠲᠤ 5 ᠳ᠋ᠤᠭ᠋ᠠᠷ ᠰᠠᠷ᠎ᠠ ᠵᠢᠨ 13᠎ᠤ ᠡᠳᠦᠷ᠎ᠠᠴᠠ ᠡᠮᠦᠨ᠎ᠡ ᠳᠠᠷᠤᠮᠠᠯᠯᠠᠯ ᠦᠨᠡᠯᠡᠬᠦ ᠮᠠᠲ᠋ᠧᠷᠢᠶᠠᠯ᠎ᠢ ᠮᠠᠨ᠎ᠤ ᠲᠢᠩᠬᠢᠮ᠎ᠳᠤ ᠮᠡᠳᠡᠭᠦᠯᠦᠨ ᠬᠦᠷᠭᠡᠵᠦ᠂ ᠡᠯᠧᠺᠲᠷᠣᠨ ᠦᠨᠡᠯᠡᠬᠦ ᠮᠠᠲ᠋ᠧᠷᠢᠶᠠᠯ᠎ᠢ ᠪᠣᠭᠣᠳᠠᠯᠯᠠᠭᠰᠠᠨ᠎ᠤ ᠳᠠᠷᠠᠭ᠎ᠠ ᠢᠮᠧᠯ᠎ᠲᠤ ᠢᠯᠡᠭᠡᠬᠦ ᠬᠡᠷᠡᠭᠲᠡᠢ᠃
      2. ᠵᠢᠩᠬᠢᠨᠢ ᠠᠩᠭᠢ ᠵᠢᠨ ᠳᠡᠰ ᠪᠠ ᠲᠤᠰᠬᠠᠢ ᠮᠡᠷᠭᠡᠵᠢᠯ᠎ᠤᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠢ   ᠤᠷᠢᠳᠴᠢᠯᠠᠨ ᠦᠨᠡᠯᠡᠬᠦ ᠪᠠ ᠦᠨᠡᠯᠡᠬᠦ᠄ ᠲᠤᠰ ᠠᠵᠢᠯ᠎ᠢ ᠮᠠᠨ᠎ᠤ ᠲᠢᠩᠬᠢᠮ᠎ᠠᠴᠠ ᠳᠤᠮᠳᠠᠳᠤ ᠤᠯᠤᠰ᠎ᠤᠨ ᠰᠤᠷᠭ᠋ᠠᠨ ᠬᠥᠮᠦᠵᠢᠯ᠎ᠤᠨ ᠣᠯᠠᠨ ᠤᠯᠤᠰ᠎ᠤᠨ ᠰᠣᠯᠢᠯᠴᠠᠭ᠋ᠠᠨ᠎ᠤ ᠨᠡᠶ᠋ᠢᠭᠡᠮᠯᠢᠭ᠎ᠲᠤ ᠨᠠᠶ᠋ᠢᠳᠠᠨ ᠥᠷᠨᠢᠭᠦᠯᠵᠦ᠂ 2024 ᠣᠨ᠎ᠤ ᠵᠢᠩᠬᠢᠨᠢ ᠠᠩᠭᠢ ᠵᠢᠨ ᠳᠡᠰ᠎ᠤᠨ ᠤᠷᠢᠳᠴᠢᠯᠠᠨ ᠦᠨᠡᠯᠡᠬᠦ᠎ᠳᠤ ᠣᠷᠣᠯᠴᠠᠬᠤ ᠲᠥᠷᠥᠯ ᠵᠦᠢ᠍ᠯ 3᠂ ᠲᠤᠰᠬᠠᠢ ᠮᠡᠷᠭᠡᠵᠢᠯ᠎ᠤᠨ ᠳᠡᠰ᠎ᠤᠨ ᠦᠨᠡᠯᠡᠬᠦ᠎ᠳᠤ ᠣᠷᠣᠯᠴᠠᠬᠤ ᠲᠥᠷᠥᠯ ᠵᠦᠢ᠍ᠯ 6 (ᠳᠠᠭ᠋ᠠᠯᠳᠤᠭᠤᠯᠤᠯ 4᠎ᠳᠤ ᠨᠠᠷᠢᠨ ᠦᠵᠡᠭᠡᠷᠡᠢ) ᠪᠣᠯᠤᠨ᠎ᠠ᠃ ᠦᠨᠡᠯᠡᠬᠦ ᠠᠵᠢᠯ᠎ᠤᠨ ᠴᠠᠭ 2024 ᠣᠨ᠎ᠤ 4 - 2024 ᠣᠨ᠎ᠤ 7 ᠰᠠᠷ᠎ᠠ ᠪᠣᠯᠤᠨ᠎ᠠ᠃ ᠪᠣᠳᠠᠲᠠᠢ ᠦᠨᠡᠯᠡᠬᠦ ᠨᠠᠷᠢᠨ ᠵᠦᠢ᠍ᠯ ᠪᠣᠯᠤᠨ ᠲᠤᠰᠢᠶᠠᠬᠤ ᠮᠠᠲ᠋ᠧᠷᠢᠶᠠᠯ᠎ᠢ ᠠᠰ᠎ᠲᠤ᠎ᠨᠢ ᠮᠡᠳᠡᠭᠳᠡᠨ᠎ᠡ᠃
      ᠵᠢᠷᠭᠤᠭ᠎ᠠ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠴᠢᠨᠠᠷ ᠴᠢᠨᠰᠠᠭ᠎ᠠ  ᠵᠢ

      ᠳᠡᠭᠡᠭᠰᠢᠯᠡᠭᠦᠯᠬᠦ ᠢᠨᠵᠧᠨᠧᠷᠢᠩ᠎ᠢ ᠬᠡᠷᠡᠭᠵᠢᠭᠦᠯᠦᠨ᠎ᠡ
      ᠮᠠᠨ᠎ᠤ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠵᠦ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠨᠥᠯᠥᠭᠡᠯᠡᠬᠦ ᠬᠦᠴᠦᠨ᠎ᠢ ᠳᠡᠭᠡᠭᠰᠢᠯᠡᠭᠦᠯᠬᠦ ᠵᠢᠨ ᠲᠥᠯᠦᠭᠡ᠂ ᠮᠠᠨ᠎ᠤ ᠲᠢᠩᠬᠢᠮ ᠡᠨᠡ ᠵᠢᠯ᠎ᠠᠴᠠ ᠡᠬᠢᠯᠡᠨ 《ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠢᠨᠵᠧᠨᠧᠷᠢᠩ (2024 - 2026 ᠣᠨ)》᠎ᠢ ᠬᠡᠷᠡᠭᠵᠢᠭᠦᠯᠵᠦ᠂ ᠪᠦᠬᠦ ᠣᠷᠣᠨ᠎ᠤ ᠡᠷᠬᠢᠯᠡᠵᠦ ᠪᠠᠶ᠋ᠢᠭ᠎ᠠ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ 10 ᠲᠥᠷᠥᠯ ᠵᠦᠢ᠍ᠯ᠎ᠢ ᠵᠣᠬᠢᠬᠤ ᠪᠡᠯᠡ ᠮᠥᠩᠭᠥ᠎ᠪᠠᠷ ᠳᠡᠳᠬᠦᠨ ᠳᠤᠰᠠᠯᠠᠬᠤ (ᠳᠠᠭ᠋ᠠᠯᠳᠤᠭᠤᠯᠤᠯ 5 ᠵᠢ ᠨᠠᠷᠢᠯᠢᠭ ᠦᠵᠡᠭᠡᠷᠡᠢ) ᠵᠢ ᠬᠡᠷᠡᠭᠵᠢᠭᠦᠯᠵᠦ᠂ ᠮᠠᠨ᠎ᠤ ᠲᠢᠩᠬᠢᠮ ᠲᠥᠷᠥᠯ ᠵᠦᠢ᠍ᠯ᠎ᠤᠨ ᠰᠤᠷᠭ᠋ᠠᠭᠤᠯᠢ ᠵᠢ ᠢᠵᠢ ᠪᠦᠷᠢᠳᠦᠭᠦᠯᠬᠦ ᠪᠡᠯᠡ ᠮᠥᠩᠭᠥ᠎ᠪᠠᠷ ᠳᠡᠳᠬᠦᠨ ᠳᠤᠰᠠᠯᠠᠬᠤ ᠵᠢ ᠵᠣᠷᠢᠭᠵᠢᠭᠤᠯᠵᠤ᠂ ᠲᠥᠷᠥᠯ ᠵᠦᠢ᠍ᠯ᠎ᠤᠨ ᠪᠡᠯᠡ ᠮᠥᠩᠭᠥ ᠵᠢ ᠭᠣᠣᠯᠳᠠᠭᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠨᠠᠮ᠎ᠤᠨ ᠪᠠᠶ᠋ᠢᠭᠤᠯᠤᠯᠲᠠ᠂ ᠴᠢᠨᠠᠷ ᠴᠢᠨᠰᠠᠭ᠎ᠠ ᠪᠠᠷᠢᠮᠵᠢᠶᠠᠨ᠎ᠤ ᠳᠣᠭᠲᠠᠯᠴᠠᠭ᠋ᠠᠨ᠎ᠤ ᠪᠠᠶ᠋ᠢᠭᠤᠯᠤᠯᠲᠠ᠂ ᠬᠥᠮᠦᠵᠢᠭᠦᠯᠬᠦ ᠲᠥᠰᠦᠯ᠎ᠤᠨ ᠪᠠᠶ᠋ᠢᠭᠤᠯᠤᠯᠲᠠ᠂ ᠭᠠᠵᠠᠷ ᠣᠷᠣᠨ᠎ᠳᠤ ᠳᠡᠯᠡᠬᠡᠢ᠌ᠵᠢᠭᠦᠯᠬᠦ ᠪᠠᠶ᠋ᠢᠭᠤᠯᠤᠯᠲᠠ᠂ ᠪᠠᠭᠰᠢ ᠵᠢᠨ ᠡᠩᠨᠡᠭᠡᠨ᠎ᠤ ᠪᠠᠶ᠋ᠢᠭᠤᠯᠤᠯᠲᠠ ᠵᠡᠷᠭᠡ ᠠᠭᠤᠯᠭ᠎ᠠ᠎ᠳᠤ ᠬᠡᠷᠡᠭᠯᠡᠵᠦ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠴᠢᠨᠠᠷ ᠴᠢᠨᠰᠠᠭ᠎ᠠ ᠵᠢ ᠪᠦᠬᠦ ᠲᠠᠯ᠎ᠠ᠎ᠪᠠᠷ ᠳᠡᠭᠡᠭᠰᠢᠯᠡᠭᠦᠯᠦᠨ᠂ ᠨᠢᠭᠡ ᠰᠤᠷᠭ᠋ᠠᠭᠤᠯᠢ ᠨᠢᠭᠡ ᠣᠨᠴᠠᠯᠢᠭᠲᠤ ᠨᠡᠷᠡᠲᠦ  ᠲᠡᠮᠳᠡᠭᠲᠦ ᠵᠢᠨ ᠲᠥᠷᠥᠯ ᠵᠦᠢ᠍ᠯ᠎ᠢ ᠪᠦᠷᠢᠯᠳᠦᠭᠦᠯᠦᠨ᠎ᠡ᠃
      ᠠᠵᠢᠯ᠎ᠤᠨ ᠱᠠᠭ᠋ᠠᠷᠳᠠᠯᠭ᠎ᠠ᠄ ᠡᠯ᠎ᠡ ᠲᠥᠷᠥᠯ ᠵᠦᠢ᠍ᠯ᠎ᠤᠨ ᠰᠤᠷᠭ᠋ᠠᠭᠤᠯᠢ ᠲᠤᠰ ᠲᠥᠷᠥᠯ ᠵᠦᠢ᠍ᠯ᠎ᠤᠨ ᠣᠷᠣᠨ᠎ᠤ ᠭᠠᠳᠠᠨᠠᠬᠢ 《ᠠᠳᠠᠯᠢᠳᠬᠠᠵᠤ ᠰᠤᠷᠤᠯᠴᠠᠵᠤ  ᠭᠦᠢ᠍ᠴᠡᠵᠦ ᠳᠠᠪᠠᠬᠤ》 ᠶᠡᠬᠡ ᠳᠡᠭᠡᠳᠦ ᠰᠤᠷᠭ᠋ᠠᠭᠤᠯᠢ ᠵᠢᠨ ᠨᠡᠷᠡᠰ᠎ᠢ ᠥᠪᠡᠰᠦᠪᠡᠨ ᠲᠣᠭᠲᠠᠭ᠋ᠠᠵᠤ᠂ ᠬᠠᠮᠢᠶ᠎ᠠ ᠪᠦᠬᠦᠢ ᠲᠤᠰᠬᠠᠢ ᠮᠡᠷᠭᠡᠵᠢᠯ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠲᠥᠰᠦᠯ᠎ᠢ ᠲᠣᠭᠲᠠᠭ᠋ᠠᠨ᠂ ᠬᠠᠮᠢᠶ᠎ᠠ ᠪᠦᠬᠦᠢ ᠲᠤᠰᠬᠠᠢ ᠮᠡᠷᠭᠡᠵᠢᠯᠲᠡᠨ᠎ᠢ ᠵᠣᠬᠢᠶᠠᠨ ᠪᠠᠢ᠌ᠭᠤᠯᠤᠨ ᠦᠨᠡᠯᠡᠭᠦᠯᠵᠦ ᠰᠤᠷᠭ᠋ᠠᠭᠤᠯᠢ ᠵᠢ ᠬᠢᠨᠠᠨ ᠲᠣᠭᠲᠠᠭ᠋ᠠᠭᠰᠠᠨ᠎ᠤ ᠳᠠᠷᠠᠭ᠎ᠠ᠂ 5 ᠳ᠋ᠤᠭ᠋ᠠᠷ ᠰᠠᠷ᠎ᠠ ᠵᠢᠨ 20᠎ᠤ ᠡᠳᠦᠷ᠎ᠠᠴᠠ ᠡᠮᠦᠨ᠎ᠡ ᠮᠠᠨ᠎ᠤ ᠲᠢᠩᠬᠢᠮ᠎ᠳᠤ ᠳᠠᠷᠤᠮᠠᠯᠯᠠᠯ 《ᠠᠳᠠᠯᠢᠳᠬᠠᠵᠤ ᠰᠤᠷᠤᠯᠴᠠᠵᠤ ᠭᠦᠢ᠍ᠴᠡᠵᠦ ᠳᠠᠪᠠᠬᠤ ᠨᠡᠷᠡᠰ》᠂ ᠲᠥᠷᠥᠯ ᠵᠦᠢ᠍ᠯ᠎ᠤᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠲᠥᠰᠦᠯ ᠪᠠ ᠲᠤᠰᠬᠠᠢ ᠮᠡᠷᠭᠡᠵᠢᠯᠲᠡᠨ ᠬᠢᠨᠠᠨ ᠲᠣᠭᠲᠠᠭ᠋ᠠᠬᠤ ᠰᠠᠨᠠᠯ᠎ᠢ ᠲᠤᠰᠢᠶᠠᠵᠤ᠂ ᠡᠯᠧᠺᠲᠷᠣᠨ ᠮᠠᠲ᠋ᠧᠷᠢᠶᠠᠯ᠎ᠢ ᠪᠣᠭᠣᠳᠠᠯᠯᠠᠭᠰᠠᠨ᠎ᠤ ᠳᠠᠷᠠᠭ᠎ᠠ ᠢᠮᠧᠯ᠎ᠲᠤ ᠢᠯᠡᠭᠡᠨ᠎ᠡ᠃
      ᠳᠣᠯᠣᠭ᠎ᠠ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠵᠦ ᠪᠣᠶ᠋ᠢᠵᠢᠭᠤᠯᠬᠤ ᠢᠨᠵᠧᠨᠧᠷᠢᠩ᠎ᠢ

      ᠬᠡᠷᠡᠭᠵᠢᠭᠦᠯᠦᠨ᠎ᠡ
      ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ᠎ᠨᠢ ᠳᠡᠭᠡᠳᠦ ᠰᠤᠷᠭ᠋ᠠᠭᠤᠯᠢ ᠵᠢᠨ ᠣᠯᠠᠨ ᠤᠯᠤᠰᠴᠢᠯᠠᠬᠤ ᠵᠢ ᠬᠥᠲᠥᠯᠥᠨ ᠳᠠᠭ᠋ᠠᠭᠤᠯᠵᠤ ᠳᠠᠭᠤᠷᠢᠶᠠᠯ ᠦᠵᠡᠭᠦᠯᠬᠦ ᠦᠢ᠍ᠯᠡᠳᠦᠯ᠎ᠢ ᠪᠠᠳᠠᠷᠠᠭᠤᠯᠵᠤ᠂ ᠮᠠᠨ᠎ᠤ ᠣᠷᠣᠨ᠎ᠤ ᠳᠡᠭᠡᠳᠦ ᠰᠤᠷᠭ᠋ᠠᠭᠤᠯᠢ ᠵᠢᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠢᠳᠡᠪᠬᠢᠵᠢᠯ᠎ᠢ  ᠳᠠᠢ᠌ᠴᠢᠯᠠᠨ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠨᠢᠭᠡ ᠪᠦᠯᠦᠭ ᠲᠥᠷᠥᠯ ᠵᠦᠢ᠍ᠯ᠎ᠢ ᠨᠡᠪᠴᠢᠭᠦᠯᠬᠦ ᠵᠢᠨ ᠲᠥᠯᠥᠭᠡ᠂ ᠮᠠᠨ᠎ᠤ ᠲᠢᠩᠬᠢᠮ ᠡᠨᠡ ᠵᠢᠯ᠎ᠠᠴᠠ ᠡᠬᠢᠯᠡᠨ 《ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠵᠦ ᠪᠣᠶ᠋ᠢᠵᠢᠭᠤᠯᠬᠤ ᠢᠨᠵᠧᠨᠧᠷᠢᠩ (2024 - 2026 ᠣᠨ)》᠎ᠢ ᠬᠡᠷᠡᠭᠵᠢᠭᠦᠯᠵᠦ᠂ ᠵᠢᠯ ᠪᠦᠷᠢ 2 - 3 ᠰᠤᠷᠭ᠋ᠠᠭᠤᠯᠢ ᠡᠷᠬᠢᠯᠡᠬᠦ ᠪᠣᠳᠠᠲᠤ ᠬᠦᠴᠦᠨ ᠴᠢᠩᠭ᠎ᠠ᠂ ᠲᠤᠰᠬᠠᠢ ᠮᠡᠷᠭᠡᠵᠢᠯ᠎ᠤᠨ ᠣᠨᠴᠠᠯᠢᠭ ᠲᠣᠪᠤᠢ᠌ᠮ᠎ᠠ ᠰᠤᠷᠭ᠋ᠠᠭᠤᠯᠢ ᠵᠢ ᠨᠥᠭᠡᠴᠡᠯᠡᠵᠦ ᠬᠥᠮᠥᠷᠭᠡ᠎ᠳᠤ ᠣᠷᠣᠭᠤᠯᠬᠤ ᠠᠵᠢᠯ᠎ᠢ ᠭᠣᠣᠯᠳᠠᠯᠭ᠎ᠠ᠎ᠲᠠᠢ ᠳᠡᠮᠵᠢᠵᠦ᠂ ᠬᠥᠮᠥᠷᠭᠡ᠎ᠳᠤ ᠣᠷᠣᠭᠤᠯᠤᠭᠰᠠᠨ᠎ᠤ ᠳᠠᠷᠠᠭ᠎ᠠ ᠮᠠᠨ᠎ᠤ ᠲᠢᠩᠬᠢᠮ᠎ᠠᠴᠠ ᠲᠥᠷᠥ ᠵᠢᠨ ᠪᠣᠳᠣᠯᠭ᠎ᠠ ᠵᠢᠨ ᠵᠢᠯᠣᠭᠣᠳᠣᠯᠭ᠎ᠠ᠂ ᠪᠡᠯᠡ ᠮᠥᠩᠭᠦᠨ᠎ᠤ ᠳᠡᠮᠵᠢᠯᠭᠡ᠂ ᠲᠥᠷᠥᠯ ᠵᠦᠢ᠍ᠯ᠎ᠤᠨ ᠪᠣᠯᠪᠠᠰᠤᠷᠠᠯ᠂ ᠳᠦᠷᠢᠮ᠎ᠤᠨ ᠪᠠᠶ᠋ᠢᠭᠤᠯᠤᠯᠲᠠ ᠵᠡᠷᠭᠡ ᠲᠠᠯ᠎ᠠ ᠵᠢᠨ ᠵᠢᠯᠣᠭᠣᠳᠣᠯᠭ᠎ᠠ ᠦᠵᠡᠭᠦᠯᠵᠦ᠂ ᠲᠥᠷᠥᠯ ᠵᠦᠢ᠍ᠯ᠎ᠢ ᠬᠤᠪᠢᠷᠠᠭᠤᠯᠤᠨ ᠨᠠᠶ᠋ᠢᠳᠠᠪᠤᠷᠢᠵᠢᠭᠤᠯᠬᠤ ᠵᠢ ᠢᠳᠡᠪᠬᠢᠲᠡᠢ ᠠᠬᠢᠭᠤᠯᠤᠨ᠎ᠠ᠃
      ᠠᠵᠢᠯ᠎ᠤᠨ ᠱᠠᠭ᠋ᠠᠷᠳᠠᠯᠭ᠎ᠠ᠄ ᠮᠡᠳᠡᠭᠦᠯᠬᠦ ᠰᠤᠷᠭ᠋ᠠᠭᠤᠯᠢ ᠡᠷᠬᠡᠪᠰᠢ 《ᠳᠦᠷᠢᠮ》 ᠵᠢᠴᠢ ᠬᠡᠷᠡᠭᠵᠢᠭᠦᠯᠬᠦ ᠠᠷᠭ᠎ᠠ ᠵᠢᠨ ᠱᠠᠭ᠋ᠠᠷᠳᠠᠯᠭ᠎ᠠ᠎ᠳᠤ ᠨᠡᠢ᠌ᠴᠡᠵᠦ᠂ ᠵᠣᠬᠢᠬᠤ ᠣᠯᠠᠨ ᠤᠯᠤᠰ᠎ᠤᠨ ᠬᠠᠮᠲᠤᠷᠠᠯᠴᠠᠭ᠎ᠠ ᠰᠣᠯᠢᠯᠴᠠᠭ᠋ᠠᠨ᠎ᠤ ᠰᠠᠭᠤᠷᠢ᠎ᠲᠠᠢ᠂ ᠮᠡᠳᠡᠭᠦᠯᠬᠦ ᠬᠦᠰᠡᠯ ᠢᠳᠡᠪᠬᠢᠲᠡᠢ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠲᠤᠰᠬᠠᠢ ᠮᠡᠷᠭᠡᠵᠢᠯ᠎ᠤᠨ ᠣᠨᠴᠠᠯᠢᠭ ᠲᠣᠪᠣᠢ᠌ᠮ᠎ᠠ ᠪᠠᠢ᠌ᠵᠤ᠂ ᠮᠠᠨ᠎ᠤ ᠲᠢᠩᠬᠢᠮ ᠲᠤᠰᠬᠠᠢ ᠮᠡᠷᠭᠡᠵᠢᠯᠲᠡᠨ᠎ᠢ ᠵᠣᠬᠢᠶᠠᠨ ᠪᠠᠢ᠌ᠭᠤᠯᠤᠨ ᠬᠢᠨᠠᠨ ᠳᠣᠭᠲᠠᠭ᠋ᠠᠵᠤ᠂ ᠬᠥᠮᠥᠷᠭᠡ᠎ᠳᠤ ᠣᠷᠣᠭᠤᠯᠤᠭᠰᠠᠨ᠎ᠤ ᠳᠠᠷᠠᠭ᠎ᠠ ᠬᠥᠳᠡᠯᠦᠩᠭᠦᠢ  ᠬᠠᠮᠢᠶᠠᠷᠤᠨ᠎ᠠ᠃ ᠪᠣᠳᠠᠲᠠᠢ ᠮᠡᠳᠡᠭᠦᠯᠬᠦ ᠨᠠᠷᠢᠨ ᠵᠦᠢ᠍ᠯ ᠪᠠ ᠲᠤᠰᠢᠶᠠᠬᠤ ᠮᠠᠲ᠋ᠧᠷᠢᠶᠠᠯ᠎ᠢ ᠠᠰ᠎ᠲᠤ᠎ᠨᠢ ᠮᠡᠳᠡᠭᠳᠡᠨ᠎ᠡ᠃
      ᠨᠠᠢ᠍ᠮᠠ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠤᠰᠬᠠᠢ ᠮᠡᠷᠭᠡᠵᠢᠯᠲᠡᠨ᠎ᠤ

      ᠬᠥᠮᠥᠷᠭᠡ ᠵᠢ ᠵᠣᠬᠢᠶᠠᠨ ᠪᠠᠢ᠌ᠭᠤᠯᠤᠨ᠎ᠠ
      ᠲᠥᠷᠥ ᠵᠢᠨ ᠪᠣᠳᠣᠯᠭ᠎ᠠ ᠵᠢ ᠣᠢ᠌ᠯᠠᠭ᠋ᠠᠵᠤ᠂ ᠲᠤᠬᠠᠶ᠋ᠢᠯᠠᠭᠰᠠᠨ ᠠᠵᠢᠯ᠎ᠳᠤ᠎ᠪᠠᠨ ᠴᠠᠭ᠋ᠠᠷᠠᠭᠰᠠᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠨᠢᠭᠡ ᠪᠦᠯᠦᠭ ᠲᠤᠰᠬᠠᠢ ᠮᠡᠷᠭᠡᠵᠢᠯᠲᠡᠨ᠎ᠤ ᠡᠩᠨᠡᠭᠡ ᠵᠢ ᠬᠥᠮᠦᠵᠢᠭᠦᠯᠵᠦ᠂ ᠮᠠᠨ᠎ᠤ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠤᠰᠬᠠᠢ ᠮᠡᠷᠭᠡᠵᠢᠯᠲᠡᠨ᠎ᠤ ᠬᠥᠮᠥᠷᠭᠡ ᠵᠢᠨ ᠪᠠᠶ᠋ᠢᠭᠤᠯᠤᠯᠲᠠ ᠵᠢ ᠲᠡᠭᠦᠯᠳᠡᠷᠵᠢᠭᠦᠯᠦᠨ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠤᠰᠬᠠᠢ ᠮᠡᠷᠭᠡᠵᠢᠯᠲᠡᠨ᠎ᠤ ᠵᠥᠪᠯᠡᠯᠭᠡ ᠥᠭᠬᠦ᠂ ᠬᠢᠨᠠᠨ ᠲᠣᠭᠲᠠᠭ᠋ᠠᠬᠤ ᠵᠡᠷᠭᠡ ᠦᠢ᠍ᠯᠡᠳᠦᠯ᠎ᠢ ᠪᠠᠳᠠᠷᠠᠭᠤᠯᠬᠤ ᠵᠢᠨ ᠲᠥᠯᠥᠭᠡ᠂ ᠮᠠᠨ᠎ᠤ ᠲᠢᠩᠬᠢᠮ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠤᠰᠬᠠᠢ ᠮᠡᠷᠭᠡᠵᠢᠯᠲᠡᠨ᠎ᠤ ᠬᠥᠮᠥᠷᠭᠡ ᠵᠢ ᠪᠠᠶ᠋ᠢᠭᠤᠯᠬᠤ᠎ᠪᠠᠷ ᠲᠣᠭᠲᠠᠵᠤ᠂ ᠬᠥᠮᠥᠷᠭᠡ᠎ᠳᠤ ᠣᠷᠣᠭᠤᠯᠬᠤ ᠲᠤᠰᠬᠠᠢ ᠮᠡᠷᠭᠡᠵᠢᠯᠲᠡᠨ ᠣᠷᠣᠨ᠎ᠤ ᠳᠣᠲᠤᠨ᠎ᠠ ᠭᠠᠳᠠᠨᠠᠬᠢ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠪᠣᠯᠪᠠᠰᠤᠷᠠᠯ᠂ ᠲᠥᠷᠥᠯ ᠵᠦᠢ᠍ᠯ ᠪᠠ ᠪᠠᠶ᠋ᠢᠭᠤᠯᠤᠮᠵᠢ ᠵᠢᠨ ᠬᠢᠨᠠᠨ ᠲᠣᠭᠲᠠᠭ᠋ᠠᠬᠤ᠂ ᠵᠢᠯ᠎ᠤᠨ ᠮᠡᠳᠡᠭᠦᠯᠦᠯᠲᠡ ᠵᠢ ᠬᠢᠨᠠᠨ ᠳᠣᠭᠲᠠᠭ᠋ᠠᠬᠤ ᠵᠡᠷᠭᠡ ᠠᠵᠢᠯ᠎ᠳᠤ ᠣᠷᠣᠯᠴᠠᠬᠤ ᠪᠣᠯᠤᠨ᠎ᠠ᠃ ᠪᠣᠳᠠᠲᠠᠢ ᠮᠡᠳᠡᠭᠦᠯᠬᠦ ᠨᠠᠷᠢᠨ ᠵᠦᠢ᠍ᠯ ᠪᠠ ᠪᠣᠯᠪᠠᠰᠤᠷᠠᠭᠤᠯᠬᠤ ᠵᠦᠢ᠍ᠯ᠎ᠢ ᠠᠰ᠎ᠲᠤ᠎ᠨᠢ ᠮᠡᠳᠡᠭᠳᠡᠨ᠎ᠡ᠃
      ᠶᠢᠰᠦ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠵᠢ ᠠᠬᠢᠭᠤᠯᠬᠤ ᠬᠤᠷᠠᠯ

      ᠬᠤᠷᠠᠯᠳᠤᠭᠤᠯᠤᠨ᠎ᠠ
      ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠢ ᠴᠢᠩᠭ᠋ᠠᠳᠬᠠᠬᠤ ᠲᠤᠬᠠᠢ ᠰᠤᠷᠭ᠋ᠠᠨ ᠬᠥᠮᠦᠵᠢᠯ᠎ᠤᠨ ᠶᠠᠮᠤᠨ᠎ᠤ ᠱᠠᠭ᠋ᠠᠷᠳᠠᠯᠭ᠎ᠠ ᠵᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥ ᠵᠢᠨ ᠪᠣᠳᠣᠯᠭ᠎ᠠ ᠵᠢ ᠤᠬᠠᠭᠤᠯᠤᠨ ᠲᠠᠶ᠋ᠢᠯᠪᠤᠷᠢᠯᠠᠬᠤ ᠵᠢ ᠴᠢᠩᠭ᠋ᠠᠳᠬᠠᠵᠤ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠤᠨ ᠤᠳᠤᠷᠢᠳᠬᠤ ᠺᠠᠳ᠋ᠷᠴᠤᠳ᠎ᠤᠨ ᠲᠤᠬᠠᠶ᠋ᠢᠯᠠᠭᠰᠠᠨ ᠠᠵᠢᠯ᠎ᠤᠨ ᠬᠢᠷᠢ ᠲᠦᠪᠰᠢᠨ᠎ᠢ ᠳᠡᠭᠡᠭᠰᠢᠯᠡᠭᠦᠯᠦᠨ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠵᠦ᠂ ᠨᠢᠳᠤᠨᠤᠨ᠎ᠤ ᠬᠤᠷᠠᠯ ᠡᠷᠬᠢᠯᠡᠭᠰᠡᠨ ᠲᠤᠷᠰᠢᠯᠭ᠎ᠠ᠎ᠪᠠᠨ ᠳ᠋ᠦᠩᠨᠡᠭᠰᠡᠨ ᠰᠠᠭᠤᠷᠢᠨ ᠳᠡᠭᠡᠷ᠎ᠡ᠂ ᠮᠠᠨ᠎ᠤ ᠲᠢᠩᠬᠢᠮ ᠡᠨᠡ ᠵᠢᠯ 2024 ᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠢ ᠠᠬᠢᠭᠤᠯᠬᠤ ᠬᠤᠷᠠᠯ᠎ᠢ ᠵᠣᠬᠢᠶᠠᠨ ᠪᠠᠶ᠋ᠢᠭᠤᠯᠤᠨ ᠬᠤᠷᠠᠯᠳᠤᠭᠤᠯᠬᠤ ᠪᠣᠯᠤᠨ᠎ᠠ᠃ ᠬᠤᠷᠠᠯ᠎ᠢ 5 ᠳ᠋ᠤᠭ᠋ᠠᠷ ᠰᠠᠷ᠎ᠠ ᠵᠢᠨ ᠰᠡᠭᠦᠯᠴᠢ᠎ᠪᠠᠷ ᠬᠢᠬᠦ ᠲᠦᠷ ᠲᠣᠭᠲᠠᠵᠤ᠂ ᠨᠠᠷᠢᠨ ᠵᠦᠢ᠍ᠯ᠎ᠢ ᠠᠰ᠎ᠲᠤ᠎ᠨᠢ  ᠮᠡᠳᠡᠭᠳᠡᠨ᠎ᠡ᠃
      ᠠᠷᠪᠠ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠴᠢᠨᠠᠷ ᠴᠢᠨᠰᠠᠭ᠎ᠠ ᠵᠢ  ᠵᠠᠳᠠᠯᠵᠤ

      ᠰᠣᠳᠤᠯᠬᠤ ᠵᠢ ᠥᠷᠨᠢᠭᠦᠯᠦᠨ᠎ᠡ
      ᠮᠠᠨ᠎ᠤ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠭᠰᠡᠨ ᠣᠳᠣᠬᠢ ᠪᠠᠶ᠋ᠢᠳᠠᠯ᠂ ᠠᠰᠠᠭᠤᠳᠠᠯ᠎ᠢ ᠪᠦᠬᠦ ᠲᠠᠯ᠎ᠠ᠎ᠪᠠᠷ ᠡᠮᠬᠢᠯᠡᠵᠦ᠂ ᠣᠳᠣ ᠵᠢᠨ ᠪᠠᠶ᠋ᠢᠭ᠎ᠠ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠠᠵᠢᠯᠯᠠᠭ᠋ᠠᠨ᠎ᠤ ᠪᠠᠶ᠋ᠢᠳᠠᠯ᠎ᠢ ᠡᠵᠡᠮᠰᠢᠵᠦ᠂ ᠮᠠᠨ᠎ᠤ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠰᠢᠨ᠎ᠡ ᠲᠥᠷᠥᠯ ᠵᠦᠢ᠍ᠯ᠎ᠢ ᠪᠣᠢ᠌ᠵᠢᠭᠤᠯᠤᠨ᠂ ᠳᠡᠭᠡᠳᠦ ᠰᠤᠷᠭ᠋ᠠᠭᠤᠯᠢ ᠵᠢᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠢᠳᠡᠪᠬᠢᠵᠢᠯ᠎ᠢ ᠳᠠᠢ᠌ᠴᠢᠯᠠᠵᠤ᠂ ᠳᠠᠷᠠᠭ᠎ᠠ ᠠᠯᠬᠤᠮ᠎ᠳᠤ᠂ ᠮᠠᠨ᠎ᠤ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠤᠨ ᠵᠣᠷᠢᠯᠲᠠ ᠰᠡᠳᠭᠢᠮᠵᠢ ᠪᠠ ᠬᠥᠭᠵᠢᠯᠲᠡ ᠵᠢᠨ ᠴᠢᠭᠯᠡᠯ᠎ᠢ ᠵᠠᠳᠠᠯᠤᠨ ᠰᠤᠳᠤᠯᠵᠤ ᠮᠠᠭ᠋ᠠᠳᠯᠠᠬᠤ ᠵᠢᠨ ᠲᠥᠯᠦᠭᠡ᠂ ᠮᠠᠨ᠎ᠤ ᠲᠢᠩᠬᠢᠮ᠎ᠠᠴᠠ ᠳᠤᠮᠳᠠᠳᠤ ᠭᠠᠳᠠᠭ᠋ᠠᠳᠤ  ᠬᠠᠮᠲᠤᠷᠠᠨ ᠰᠤᠷᠭ᠋ᠠᠭᠤᠯᠢ ᠡᠷᠬᠢᠯᠡᠬᠦ ᠴᠢᠨᠠᠷ ᠴᠢᠨᠰᠠᠭ᠎ᠠ ᠵᠢ ᠰᠣᠳᠤᠯᠬᠤ ᠰᠡᠳᠦᠪ᠎ᠤᠨ ᠰᠤᠳᠤᠯᠭ᠋ᠠᠨ᠎ᠢ ᠥᠷᠨᠢᠭᠦᠯᠦᠨ᠎ᠡ᠃ ᠪᠣᠳᠠᠲᠠᠢ ᠰᠡᠳᠦᠪ᠎ᠤᠨ ᠰᠤᠳᠤᠯᠭ᠋ᠠᠨ᠎ᠤ ᠠᠭᠤᠯᠭ᠎ᠠ ᠪᠠ ᠴᠤᠭᠯᠠᠭᠤᠯᠬᠤ ᠬᠡᠷᠡᠭᠴᠡᠭᠡ ᠱᠠᠭ᠋ᠠᠷᠳᠠᠯᠭ᠎ᠠ ᠵᠢ ᠠᠰ᠎ᠲᠤ᠎ᠨᠢ ᠮᠡᠳᠡᠭᠳᠡᠨ᠎ᠡ᠃
      ᠠᠷᠪᠠᠨ ᠨᠢᠭᠡ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠢ ᠪᠠᠶ᠋ᠢᠴᠠᠭ᠋ᠠᠨ

      ᠰᠣᠳᠤᠯᠤᠨ᠎ᠠ
      ᠣᠷᠣᠨ᠎ᠤ ᠭᠠᠳᠠᠨᠠᠬᠢ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠤᠨ ᠲᠤᠷᠰᠢᠯᠭ᠎ᠠ ᠠᠷᠭ᠎ᠠ ᠪᠠᠷᠢᠯ᠎ᠢ ᠰᠤᠷᠤᠯᠴᠠᠵᠤ᠂ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠬᠢᠷᠢ ᠲᠦᠪᠰᠢᠨ᠎ᠢ ᠳᠡᠭᠡᠭᠰᠢᠯᠡᠭᠦᠯᠦᠨ᠂ ᠮᠠᠨ᠎ᠤ ᠣᠷᠣᠨ᠎ᠤ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠤᠨ ᠴᠢᠨᠠᠷᠯᠢᠭ ᠬᠥᠭᠵᠢᠯᠲᠡ ᠵᠢ ᠠᠬᠢᠭᠤᠯᠬᠤ ᠵᠢᠨ ᠲᠥᠯᠥᠭᠡ᠂ ᠮᠠᠨ᠎ᠤ ᠲᠢᠩᠬᠢᠮ ᠡᠨᠡ ᠵᠢᠯ ᠬᠠᠮᠢᠶ᠎ᠠ ᠪᠦᠬᠦᠢ ᠳᠡᠭᠡᠳᠦ ᠰᠤᠷᠭ᠋ᠠᠭᠤᠯᠢ ᠵᠢ ᠵᠣᠬᠢᠶᠠᠨ ᠪᠠᠶ᠋ᠢᠭᠤᠯᠵᠤ ᠣᠷᠣᠨ᠎ᠤ ᠭᠠᠳᠠᠨᠠᠬᠢ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠪᠠᠶ᠋ᠢᠭᠤᠯᠤᠮᠵᠢ ᠪᠠ ᠲᠥᠷᠥᠯ ᠵᠦᠢ᠍ᠯ᠎ᠤᠨ ᠰᠤᠷᠭ᠋ᠠᠭᠤᠯᠢ᠎ᠳᠤ ᠬᠦᠷᠴᠦ ᠪᠠᠶ᠋ᠢᠴᠠᠭ᠋ᠠᠨ  ᠰᠣᠳᠤᠯᠵᠤ ᠰᠤᠷᠤᠯᠴᠠᠭᠤᠯᠤᠨ᠎ᠠ᠃ ᠪᠣᠳᠠᠲᠠᠢ ᠪᠠᠶ᠋ᠢᠴᠠᠭ᠋ᠠᠨ ᠰᠤᠳᠤᠯᠬᠤ ᠴᠠᠭ ᠪᠠ ᠨᠠᠷᠢᠨ ᠵᠦᠢ᠍ᠯ᠎ᠢ ᠠᠰ᠎ᠲᠤ᠎ᠨᠢ ᠮᠡᠳᠡᠭᠳᠡᠨ᠎ᠡ᠃
      ᠬᠠᠷᠢᠯᠴᠠᠬᠤ ᠬᠥᠮᠦᠨ᠄ ᠴᠢ ᠸᠧᠨ ᠴᠧᠩ᠂ ᠰᠢᠦᠢ ᠽᠢ ᠵᠢᠶᠠᠨ
      ᠬᠠᠷᠢᠯᠴᠠᠬᠤ ᠤᠲᠠᠰᠤ᠄ 0471 - 2857134
      ᠢᠮᠧᠯ᠄ nmgjytwsc@163.com


      ᠳᠠᠭ᠋ᠠᠯᠳᠤᠭᠤᠯᠤᠯ᠄
      1. ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠤᠨ ᠡᠷᠬᠡ ᠳᠤᠰᠢᠶᠠᠯ ᠡᠭᠦᠷᠭᠡ ᠬᠠᠷᠢᠭᠤᠴᠠᠯᠭ᠎ᠠ ᠵᠢᠨ ᠬᠦᠰᠦᠨᠦᠭᠲᠦ
      2. ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠵᠢᠯ᠎ᠤᠨ ᠮᠡᠳᠡᠭᠦᠯᠦᠯᠲᠡ (ᠲᠤᠰᠬᠠᠢ ᠮᠡᠷᠭᠡᠵᠢᠯ᠎ᠤᠨ ᠳᠡᠰ)
      3. ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠮᠡᠳᠡᠭᠡ ᠵᠠᠩᠭᠢ ᠵᠢᠨ ᠬᠦᠰᠦᠨᠦᠭᠲᠦ
      4. ᠵᠢᠩᠬᠢᠨᠢ ᠠᠩᠭᠢ ᠵᠢᠨ ᠳᠡᠰ ᠪᠣᠯᠤᠨ ᠲᠤᠰᠬᠠᠢ ᠮᠡᠷᠭᠡᠵᠢᠯ᠎ᠤᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠢ ᠤᠷᠢᠳᠴᠢᠯᠠᠨ ᠦᠨᠡᠯᠡᠬᠦ ᠪᠠ ᠦᠨᠡᠯᠡᠬᠦ ᠨᠡᠷᠡᠰ
      5. ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠢᠨᠵᠧᠨᠧᠷᠢᠩ (2024-2026 ᠣᠨ)᠎ᠤᠨ ᠲᠥᠷᠥᠯ ᠵᠦᠢ᠍ᠯ᠎ᠤᠨ ᠰᠤᠷᠭ᠋ᠠᠭᠤᠯᠢ  ᠵᠢᠨ ᠨᠡᠷᠡᠰ


      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ
               2024 ᠣᠨ᠎ᠤ 4 ᠰᠠᠷ᠎ᠠ ᠵᠢᠨ 24᠎ᠤ ᠡᠳᠦᠷ


ᠳᠠᠭ᠋ᠠᠯᠳᠤᠭᠤᠯᠤᠯ᠄ 1. ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠠᠵᠢᠯ᠎ᠤᠨ  ᠡᠷᠬᠡ ᠳᠤᠰᠢᠶᠠᠯ ᠡᠭᠦᠷᠭᠡ ᠬᠠᠷᠢᠭᠤᠴᠠᠯᠭ᠎ᠠ ᠵᠢᠨ ᠬᠦᠰᠦᠨᠦᠭᠲᠦ . xls
ᠳᠠᠭ᠋ᠠᠯᠳᠤᠭᠤᠯᠤᠯ᠄ 2. ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠵᠢᠯ᠎ᠤᠨ ᠮᠡᠳᠡᠭᠦᠯᠦᠯᠲᠡ (ᠲᠤᠰᠬᠠᠢ ᠮᠡᠷᠭᠡᠵᠢᠯ᠎ᠤᠨ ᠳᠡᠰ).docx
ᠳᠠᠭ᠋ᠠᠯᠳᠤᠭᠤᠯᠤᠯ᠄ 3. ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠤᠨ ᠮᠡᠳᠡᠭᠡ ᠵᠠᠩᠭᠢ ᠵᠢᠨ ᠬᠦᠰᠦᠨᠦᠭᠲᠦ.docx
ᠳᠠᠭ᠋ᠠᠯᠳᠤᠭᠤᠯᠤᠯ᠄ 4. ᠵᠢᠩᠬᠢᠨᠢ ᠠᠩᠭᠢ ᠵᠢᠨ ᠳᠡᠰ ᠪᠣᠯᠤᠨ ᠲᠤᠰᠬᠠᠢ ᠮᠡᠷᠭᠡᠵᠢᠯ᠎ᠤᠨ ᠳᠡᠰ᠎ᠤᠨ ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠲᠥᠷᠥᠯ ᠵᠦᠢ᠍ᠯ᠎ᠢ ᠤᠷᠢᠳᠴᠢᠯᠠᠨ ᠦᠨᠡᠯᠡᠬᠦ ᠪᠠ ᠦᠨᠡᠯᠡᠬᠦ  ᠨᠡᠷᠡᠰ. xlsx
ᠳᠠᠭ᠋ᠠᠯᠳᠤᠭᠤᠯᠤᠯ᠄ 5. ᠳᠤᠮᠳᠠᠳᠤ ᠭᠠᠳᠠᠭ᠋ᠠᠳᠤ ᠬᠠᠮᠲᠤᠷᠠᠨ ᠰᠤᠷᠭ᠋ᠠᠭᠤᠯᠢ ᠡᠷᠬᠢᠯᠡᠬᠦ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠢᠨᠵᠧᠨᠧᠷᠢᠩ (2024-2026 ᠣᠨ)᠎ᠤᠨ ᠲᠥᠷᠥᠯ ᠵᠦᠢ᠍ᠯ ᠎ᠤᠨ ᠰᠤᠷᠭ᠋ᠠᠭᠤᠯᠢ ᠵᠢᠨ ᠨᠡᠷᠡᠰ. xlsx


 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠵᠡᠷᠭᠡ ᠨᠠᠢ᠍ᠮᠠᠨ ᠰᠠᠯᠠᠭ᠎ᠠ ᠮᠥᠴᠢᠷ᠎ᠤᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠷᠢᠭᠦᠨ᠎ᠤ ᠰᠢᠨᠵᠢᠯᠡᠭᠡᠨ᠎ᠤ ᠰᠠᠯᠠᠭ᠋ᠠᠨ᠎ᠤ ᠪᠠᠶ᠋ᠢᠭᠤᠯᠤᠯᠲᠠ ᠵᠢ ᠠᠬᠢᠭᠤᠯᠬᠤ ᠠᠵᠢᠯᠯᠠᠭ᠋ᠠᠨ᠎ᠤ ᠲᠥᠯᠥᠪᠯᠡᠭᠡ (2024-2027)》 ᠵᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠭᠤᠯᠢ ᠭᠡᠷ ᠪᠦᠯᠢ ᠨᠡᠶ᠋ᠢᠭᠡᠮ ᠬᠠᠮᠵᠢᠯᠴᠠᠨ ᠬᠥᠮᠦᠨ ᠬᠥᠮᠦᠵᠢᠭᠦᠯᠬᠦ ᠲᠣᠭᠲᠠᠴᠠ ᠵᠢ ᠲᠡᠭᠦᠯᠳᠡᠷᠵᠢᠭᠦᠯᠬᠦ ᠲᠤᠬᠠᠢ ᠬᠡᠷᠡᠭᠵᠢᠭᠦᠯᠬᠦ ᠰᠠᠨᠠᠯ》᠎ᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠵᠡᠷᠭᠡ ᠠᠷᠪᠠᠨ ᠭᠤᠷᠪᠠᠨ ᠰᠠᠯᠠᠭ᠎ᠠ ᠮᠥᠴᠢᠷ᠎ᠤᠨ ᠰᠢᠨ᠎ᠡ ᠴᠠᠭ ᠦᠶ᠎ᠡ ᠵᠢᠨ ᠳᠤᠮᠳᠠᠳᠤ ᠪᠠᠭ᠎ᠠ ᠰᠤᠷᠭ᠋ᠠᠭᠤᠯᠢ ᠵᠢᠨ ᠰᠢᠨᠵᠢᠯᠡᠬᠦ ᠤᠬᠠᠭ᠋ᠠᠨ᠎ᠤ ᠰᠤᠷᠭ᠋ᠠᠨ ᠬᠥᠮᠦᠵᠢᠯ᠎ᠤᠨ ᠠᠵᠢᠯ᠎ᠢ ᠴᠢᠩᠭ᠋ᠠᠳᠬᠠᠬᠤ ᠲᠤᠬᠠᠢ ᠬᠡᠷᠡᠭᠵᠢᠭᠦᠯᠬᠦ ᠲᠥᠰᠦᠯ》᠎ᠢ ᠳᠠᠷᠤᠮᠠᠯᠯᠠᠨ ᠶᠠᠪᠤᠭᠤᠯᠬᠤ ᠲᠤᠬᠠᠢ ᠮᠡᠳᠡᠭᠳᠡᠯ
 
             蒙ICP备05000248号