ᠥᠪᠥᠷ ᠰᠤᠷᠭ᠋ᠠᠨ ᠳᠡᠭᠡᠳᠦ ᠪᠢᠴᠢᠭ [2024] 54 ᠳ᠋ᠦ᠍ᠭᠡᠷ ᠲᠣᠭ᠋ᠠᠲᠤ
ᠳᠤᠮᠳᠠᠳᠤ ᠤᠯᠤᠰ᠎ᠤᠨ ᠣᠯᠠᠨ ᠤᠯᠤᠰ᠎ᠤᠨ ᠤᠶᠤᠲᠠᠳ᠎ᠤᠨ ᠰᠢᠨ᠎ᠡ ᠵᠢ ᠡᠭᠦᠳᠬᠦ ᠤᠷᠤᠯᠳᠤᠭ᠋ᠠᠨ (2024)᠎ᠤ ᠥᠪᠥᠷ ᠮᠣᠩᠭᠣᠯ᠎ᠤᠨ ᠤᠷᠤᠯᠳᠤᠭ᠋ᠠᠨ᠎ᠤ ᠲᠣᠭᠣᠷᠢᠭ᠎ᠤᠨ ᠰᠢᠯᠭ᠋ᠠᠷᠠᠭᠤᠯᠬᠤ ᠤᠷᠤᠯᠳᠤᠭ᠋ᠠᠨ᠎ᠤ ᠪᠦᠬᠦ ᠤᠷᠤᠯᠳᠤᠭ᠋ᠠᠨ ᠨᠢᠭᠡᠨᠲᠡ ᠤᠷᠤᠭᠰᠢᠲᠠᠢ ᠥᠨᠳᠦᠷᠯᠡᠵᠦ᠂ ᠠᠵᠢᠯ᠎ᠤᠨ ᠳᠡᠰ ᠳᠠᠷᠠᠭ᠋ᠠᠯᠠᠯ ᠶᠣᠰᠣᠭ᠋ᠠᠷ᠂ ᠡᠳᠦᠭᠡ ᠰᠢᠯᠭ᠋ᠠᠷᠠᠭᠤᠯᠤᠭᠰᠠᠨ ᠦᠷ᠎ᠡ ᠳ᠋ᠦᠩ᠎ᠢ ᠢᠯᠡ ᠨᠡᠶ᠋ᠢᠲᠡᠯᠡᠬᠦ ᠵᠢᠨ ᠬᠠᠮᠲᠤ ᠮᠡᠳᠡᠭᠡ ᠵᠠᠩᠭᠢ ᠵᠢ ᠬᠠᠷᠭᠤᠭᠤᠯᠪᠠ᠃
ᠢᠯᠡ ᠨᠡᠶ᠋ᠢᠲᠡᠯᠡᠬᠦ ᠬᠤᠭᠤᠴᠠᠭ᠎ᠠ ᠮᠡᠳᠡᠭᠳᠡᠯ ᠪᠠᠭᠤᠯᠭ᠋ᠠᠭᠰᠠᠨ ᠡᠳᠦᠷ᠎ᠠᠴᠠ ᠡᠬᠢᠯᠡᠨ 8 ᠰᠠᠷ᠎ᠠ ᠵᠢᠨ 19᠎ᠤ ᠡᠳᠦᠷ ᠪᠣᠯᠣᠨ᠎ᠠ᠂ ᠢᠯᠡ ᠨᠡᠶ᠋ᠢᠲᠡᠯᠡᠬᠦ ᠬᠤᠭᠤᠴᠠᠭ᠋ᠠᠨ᠎ᠳᠤ᠂ ᠱᠠᠩᠨᠠᠯ ᠭᠦᠷᠲᠡᠭᠰᠡᠨ ᠲᠥᠷᠥᠯ ᠵᠦᠢ᠍ᠯ᠎ᠳᠤ ᠰᠠᠨᠠᠯ᠎ᠲᠠᠢ ᠪᠣᠯ᠂ ᠰᠤᠷᠭ᠋ᠠᠭᠤᠯᠢ ᠵᠢᠨ ᠨᠡᠷ᠎ᠡ᠎ᠪᠠᠷ (ᠠᠯᠪᠠᠨ ᠲᠠᠮᠠᠭ᠎ᠠ ᠳᠠᠷᠤᠨ᠎ᠠ) ᠮᠠᠨ᠎ᠤ ᠲᠢᠩᠬᠢᠮ᠎ᠳᠤ ᠲᠤᠰᠬᠠᠬᠤ᠎ᠳᠤ᠎ᠪᠠᠨ ᠬᠠᠮᠢᠶ᠎ᠠ ᠪᠦᠬᠦᠢ ᠭᠡᠷᠡᠴᠢᠯᠡᠬᠦ ᠮᠠᠲ᠋ᠧᠷᠢᠶᠠᠯ᠎ᠢ ᠬᠠᠩᠭ᠋ᠠᠬᠤ ᠵᠢᠨ ᠬᠠᠮᠲᠤ ᠬᠠᠷᠢᠯᠴᠠᠬᠤ ᠬᠥᠮᠦᠨ᠎ᠤ ᠣᠪᠣᠭ ᠨᠡᠷ᠎ᠡ᠂ ᠬᠠᠷᠢᠯᠴᠠᠬᠤ ᠠᠷᠭ᠎ᠠ ᠮᠠᠶᠢᠭ᠎ᠢ ᠲᠣᠳᠤᠷᠬᠠᠢ ᠪᠢᠴᠢᠨ᠎ᠡ᠂ ᠬᠤᠭᠤᠴᠠᠭ᠎ᠠ ᠬᠡᠲᠦᠷᠡᠭᠰᠡᠨ᠎ᠢ ᠬᠦᠯᠢᠶᠡᠨ ᠠᠪᠴᠤ ᠰᠢᠢ᠍ᠳᠪᠦᠷᠢᠯᠡᠬᠦ ᠦᠭᠡᠢ᠃
ᠡᠯ᠎ᠡ ᠶᠡᠬᠡ ᠳᠡᠭᠡᠳᠦ ᠰᠤᠷᠭ᠋ᠠᠭᠤᠯᠢ ᠲᠥᠷᠥᠯ ᠵᠦᠢ᠍ᠯ᠎ᠤᠨ ᠮᠡᠳᠡᠭᠡ ᠵᠠᠩᠭᠢ ᠵᠢ ᠨᠠᠷᠢᠨ ᠬᠢᠨᠠᠮᠠᠭ᠋ᠠᠢ ᠬᠠᠷᠭᠤᠭᠤᠯᠵᠤ᠂ ᠲᠥᠷᠥᠯ ᠵᠦᠢ᠍ᠯ᠎ᠤᠨ ᠬᠠᠷᠢᠭᠤᠴᠠᠯᠭ᠋ᠠᠲᠠᠨ᠂ ᠲᠥᠷᠥᠯ ᠵᠦᠢ᠍ᠯ᠎ᠤᠨ ᠪᠦᠷᠢᠯᠳᠦᠬᠦᠨ ᠵᠢᠴᠢ ᠵᠢᠭᠰᠠᠭ᠋ᠠᠯᠲᠠ᠂ ᠵᠢᠯᠣᠭᠣᠳᠬᠤ ᠪᠠᠭᠰᠢ ᠵᠢᠴᠢ ᠵᠢᠭᠰᠠᠭ᠋ᠠᠯᠲᠠ᠂ ᠲᠥᠷᠥᠯ ᠵᠦᠢ᠍ᠯ᠎ᠤᠨ ᠨᠡᠷᠡᠶ᠋ᠢᠳᠦᠯ ᠵᠡᠷᠭᠡ ᠦᠨᠳᠦᠰᠦᠨ ᠮᠡᠳᠡᠭᠡ ᠵᠠᠩᠭᠢ ᠵᠢ ᠰᠤᠷᠭ᠋ᠠᠭᠤᠯᠢ ᠵᠢᠨ ᠡᠮᠦᠨᠡᠬᠢ ᠬᠤᠭᠤᠴᠠᠭ᠋ᠠᠨ᠎ᠤ ᠮᠡᠳᠡᠭᠦᠯᠦᠭᠰᠡᠨ ᠬᠠᠮᠢᠶ᠎ᠠ ᠪᠦᠬᠦᠢ ᠮᠡᠳᠡᠭᠡ ᠵᠠᠩᠭᠢ᠎ᠪᠠᠷ ᠪᠠᠷᠢᠮᠵᠢᠶ᠎ᠠ ᠪᠣᠯᠭ᠋ᠠᠵᠤ᠂ ᠵᠠᠷᠴᠢᠮ ᠳᠡᠭᠡᠷ᠎ᠡ᠎ᠪᠠᠨ ᠬᠤᠪᠢᠷᠠᠭᠤᠯᠬᠤ ᠦᠭᠡᠢ; ᠬᠡᠷᠪᠡ ᠪᠤᠰᠤᠳ ᠪᠤᠷᠤᠭᠤ᠎ᠲᠠᠢ ᠪᠣᠯ ᠮᠡᠳᠡᠭᠡ ᠵᠠᠩᠭᠢ᠎ᠳᠤ ᠵᠠᠰᠠᠪᠤᠷᠢ ᠣᠷᠣᠭᠤᠯᠬᠤ ᠬᠦᠰᠦᠨᠦᠭ᠎ᠢ ᠲᠠᠭᠯᠠᠵᠤ᠂ ᠰᠤᠷᠭ᠋ᠠᠭᠤᠯᠢ ᠵᠢᠨ ᠠᠯᠪᠠᠨ ᠲᠠᠮᠠᠭ᠎ᠠ ᠵᠢ ᠳᠠᠷᠤᠭᠰᠠᠨ ᠤ ᠳᠠᠷᠠᠭ᠎ᠠ᠂ 8 ᠳ᠋ᠤᠭ᠋ᠠᠷ ᠰᠠᠷ᠎ᠠ ᠵᠢᠨ 19᠎ᠤ ᠡᠳᠦᠷ᠎ᠤᠨ 18᠄ 00᠎ᠠᠴᠠ ᠡᠮᠦᠨ᠎ᠡ ᠢᠮᠧᠯ ᠲᠤ ᠢᠯᠡᠭᠡᠵᠦ᠂ ᠬᠤᠭᠤᠴᠠᠭ᠎ᠠ ᠬᠡᠲᠦᠷᠡᠭᠰᠡᠨ᠎ᠢ ᠬᠦᠯᠢᠶᠡᠨ ᠠᠪᠴᠤ ᠰᠢᠢ᠍ᠳᠪᠦᠷᠢᠯᠡᠬᠦ ᠦᠭᠡᠢ᠃
ᠠᠵᠢᠯᠯᠠᠬᠤ ᠡᠳᠦᠷ᠎ᠤᠨ ᠦᠳᠡ ᠵᠢᠨ ᠡᠮᠦᠨ᠎ᠡ 9᠄ 00 - 12᠄ 00᠂
ᠦᠳᠡ ᠵᠢᠨ ᠬᠣᠶ᠋ᠢᠨ᠎ᠠ 14᠄ 30 - 17᠄ 30
ᠬᠠᠷᠢᠯᠴᠠᠬᠤ ᠤᠲᠠᠰᠤ᠄ 0471 - 2856606
ᠢᠮᠧᠯ᠄ 851415594@qq.com
ᠳᠠᠭ᠋ᠠᠯᠳᠤᠭᠤᠯᠤᠯ᠄
1. ᠳᠤᠮᠳᠠᠳᠤ ᠤᠯᠤᠰ᠎ᠤᠨ ᠣᠯᠠᠨ ᠤᠯᠤᠰ᠎ᠤᠨ ᠤᠶᠤᠲᠠᠳ᠎ᠤᠨ ᠰᠢᠨ᠎ᠡ ᠵᠢ ᠡᠭᠦᠳᠬᠦ ᠤᠷᠤᠯᠳᠤᠭ᠋ᠠᠨ (2024)᠎ᠤ ᠥᠪᠥᠷ ᠮᠣᠩᠭᠣᠯ᠎ᠤᠨ ᠤᠷᠤᠯᠳᠤᠭ᠋ᠠᠨ᠎ᠤ ᠲᠣᠭᠣᠷᠢᠭ᠎ᠤᠨ ᠰᠢᠯᠭ᠋ᠠᠷᠠᠭᠤᠯᠬᠤ ᠤᠷᠤᠯᠳᠤᠭ᠋ᠠᠨ᠎ᠳᠤ ᠱᠠᠩᠨᠠᠯ ᠭᠦᠷᠲᠡᠭᠰᠡᠳ
2. ᠮᠡᠳᠡᠭᠡ ᠵᠠᠩᠭᠢ᠎ᠳᠤ ᠵᠠᠰᠠᠪᠤᠷᠢ ᠣᠷᠣᠭᠤᠯᠬᠤ ᠬᠦᠰᠦᠨᠦᠭ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ
2024 ᠣᠨ᠎ᠤ 8 ᠰᠠᠷ᠎ᠠ ᠵᠢᠨ 12᠎ᠤᠨ ᠡᠳᠦᠷ
ᠳᠠᠭ᠋ᠠᠯᠳᠤᠭᠤᠯᠤᠯ᠄ 1. ᠳᠤᠮᠳᠠᠳᠤ ᠤᠯᠤᠰ᠎ᠤᠨ ᠣᠯᠠᠨ ᠤᠯᠤᠰ᠎ᠤᠨ ᠤᠶᠤᠲᠠᠳ᠎ᠤᠨ ᠰᠢᠨ᠎ᠡ ᠵᠢ ᠡᠭᠦᠳᠬᠦ ᠤᠷᠤᠯᠳᠤᠭ᠋ᠠᠨ (2024)᠎ᠤ ᠥᠪᠥᠷ ᠮᠣᠩᠭᠣᠯ᠎ᠤᠨ ᠤᠷᠤᠯᠳᠤᠭ᠋ᠠᠨ᠎ᠤ ᠲᠣᠭᠣᠷᠢᠭ ᠤᠨ ᠰᠢᠯᠭ᠋ᠠᠷᠠᠭᠤᠯᠬᠤ ᠤᠷᠤᠯᠳᠤᠭ᠋ᠠᠨ᠎ᠳᠤ ᠱᠠᠩᠨᠠᠯ ᠭᠦᠷᠲᠡᠭᠰᠡᠳ. xls
ᠳᠠᠭ᠋ᠠᠯᠳᠤᠭᠤᠯᠤᠯ᠄ 2. ᠮᠡᠳᠡᠭᠡ ᠵᠠᠩᠭᠢ᠎ᠳᠤ ᠵᠠᠰᠠᠪᠤᠷᠢ ᠣᠷᠣᠭᠤᠯᠬᠤ ᠬᠦᠰᠦᠨᠦᠭ. xls