ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠠᠮᠤᠷ ᠲᠦᠪᠰᠢᠨ᠎ᠤ ᠬᠥᠮᠦᠵᠢᠯ᠎ᠤᠨ ᠡᠳᠦᠷ! ᠬᠡᠦᠬᠡᠳ᠎ᠤᠨ ᠡᠨᠳᠡᠯ ᠭᠤᠤᠯᠳᠠᠭᠤ 10 ᠲᠠᠯ᠎ᠠ᠎ᠳᠤ ᠲᠥᠪᠯᠡᠷᠡᠵᠦ ᠪᠣᠢ᠂ ᠪᠠᠭᠰᠢ ᠪᠣᠯᠤᠨ ᠭᠡᠷ᠎ᠤᠨ ᠠᠬᠠᠮᠠᠳ ᠰᠡᠷᠡᠮᠵᠢᠯᠡᠭᠡᠷᠡᠢ!
ᠨᠡᠶ᠋ᠢᠲᠡᠯᠡᠭᠰᠡᠨ ᠴᠠᠭ᠄ 2022-03-30


      ᠥᠨᠥᠳᠦᠷ ᠪᠣᠯ 27᠎ᠳᠠᠬᠢ ᠪᠥᠬᠥ ᠤᠯᠤᠰ᠎ᠤᠨ ᠳᠤᠮᠳᠠᠳᠤ ᠪᠠᠭ᠎ᠠ ᠰᠤᠷᠭ᠋ᠠᠭᠤᠯᠢ
      ᠵᠢᠨ ᠰᠤᠷᠤᠭᠴᠢᠳ᠎ᠤᠨ ᠠᠮᠤᠷ ᠲᠦᠪᠰᠢᠨ᠎ᠤ ᠬᠥᠮᠦᠵᠢᠯ᠎ᠤᠨ ᠡᠳᠦᠷ
      ᠥᠨᠥ ᠵᠢᠯ᠎ᠤᠨ ᠭᠤᠤᠯ ᠰᠡᠳᠦᠪ ᠪᠣᠯ 《ᠭᠡᠷ ᠪᠦᠯᠢ᠂ ᠰᠤᠷᠭ᠋ᠠᠭᠤᠯᠢ᠂ ᠨᠠᠢ᠌ᠭᠡᠮ ᠬᠠᠮᠲᠤ᠎ᠪᠠᠷ ᠬᠦᠴᠦᠯᠡᠵᠦ᠂
      ᠳᠤᠮᠳᠠᠳᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠠᠮᠤᠷ ᠲᠦᠪᠰᠢᠨ᠎ᠢ ᠬᠠᠮᠠᠭ᠋ᠠᠯᠠᠰᠤᠭ᠋ᠠᠢ》


      ᠠᠮᠤᠷ ᠲᠦᠪᠰᠢᠨ᠎ᠤ ᠬᠥᠮᠦᠵᠢᠯ᠎ᠤᠨ ᠡᠳᠦᠷ᠎ᠤᠨ ᠲᠤᠬᠠᠶ
      ᠠᠮᠤᠷ ᠲᠦᠪᠰᠢᠨ᠎ᠤ ᠬᠥᠮᠦᠵᠢᠯ᠎ᠤᠨ ᠡᠳᠦᠷ ᠪᠣᠯ 1996 ᠣᠨ᠎ᠳᠤ᠂ ᠤᠯᠤᠰ᠎ᠤᠨ ᠰᠤᠷᠭ᠋ᠠᠨ ᠬᠥᠮᠦᠵᠢᠯ᠎ᠤᠨ ᠵᠥᠪᠯᠡᠯ᠂ ᠬᠥᠳᠡᠯᠮᠦᠷᠢ ᠵᠢᠨ ᠶᠠᠮᠤᠨ᠂ ᠳᠣᠲᠣᠭ᠋ᠠᠳᠤ ᠵᠢ ᠬᠠᠮᠠᠭ᠋ᠠᠯᠠᠬᠤ ᠶᠠᠮᠤᠨ᠂ ᠵᠠᠮ ᠬᠠᠷᠢᠯᠴᠠᠭ᠋ᠠᠨ᠎ᠤ ᠶᠠᠮᠤᠨ᠂ ᠲᠡᠮᠦᠷ ᠵᠠᠮ᠎ᠤᠨ ᠶᠠᠮᠤᠨ᠂ ᠤᠯᠤᠰ᠎ᠤᠨ ᠪᠡᠶ᠎ᠡ ᠵᠢᠨ ᠲᠠᠮᠢᠷ᠎ᠤᠨ ᠵᠥᠪᠯᠡᠯ᠂ ᠡᠷᠡᠭᠦᠯ ᠬᠠᠮᠠᠭ᠋ᠠᠯᠠᠯ᠎ᠤᠨ ᠶᠠᠮᠤᠨ ᠬᠠᠮᠲᠤᠷᠠᠨ ᠪᠥᠬᠥ ᠤᠯᠤᠰ᠎ᠤᠨ ᠳᠤᠮᠳᠠᠳᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠠᠮᠤᠷ ᠲᠦᠪᠰᠢᠨ᠎ᠤ ᠬᠥᠮᠦᠵᠢᠯ᠎ᠤᠨ ᠲᠤᠬᠠᠶ ᠮᠡᠳᠡᠭᠳᠡᠯ᠎ᠢ ᠨᠡᠶ᠋ᠢᠲᠡᠯᠡᠵᠦ᠂ ᠵᠢᠯ ᠪᠦᠷᠢ ᠵᠢᠨ 3 ᠰᠠᠷ᠎ᠠ ᠵᠢᠨ ᠬᠠᠮᠤᠭ᠎ᠤᠨ ᠰᠡᠭᠦᠯᠴᠢ ᠵᠢᠨ ᠭᠠᠷᠠᠭ᠎ᠤᠨ ᠨᠢᠭᠡᠨ᠎ᠢ ᠪᠥᠬᠥ ᠤᠯᠤᠰ᠎ᠤᠨ ᠳᠤᠮᠳᠠᠳᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠠᠮᠤᠷ ᠲᠦᠪᠰᠢᠨ᠎ᠤ ᠬᠥᠮᠦᠵᠢᠯ᠎ᠤᠨ ᠡᠳᠦᠷ ᠵᠶ᠋ᠠᠷ ᠲᠣᠭᠲᠠᠭ᠋ᠠᠪᠠ᠃
      ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠳᠤ ᠵᠠᠯᠠᠭᠤᠴᠤᠳ ᠪᠠᠭ᠋ᠠᠴᠤᠳ᠎ᠤᠨ ᠠᠮᠢᠳᠤᠷᠠᠯ ᠪᠠ ᠰᠤᠷᠤᠯᠴᠠᠯᠭ᠎ᠠ᠎ᠳᠤ ᠬᠣᠯᠪᠣᠭᠳᠠᠬᠤ ᠠᠮᠤᠷ ᠲᠦᠪᠰᠢᠨ᠎ᠤ ᠳᠠᠯᠳᠠ ᠬᠡᠮ 20 ᠭᠠᠷᠤᠶ ᠵᠦᠢ᠍ᠯ ᠪᠣᠶ᠄ ᠢᠳᠡᠭᠡᠨ᠎ᠳᠤ ᠬᠤᠤᠷᠳᠠᠭᠳᠠᠬᠤ᠂ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠤ ᠭᠡᠮᠲᠦᠯ᠂ ᠰᠦᠯᠵᠢᠶᠡᠨ᠎ᠳᠤ ᠠᠨᠳᠠᠯᠠᠬᠤ ᠠᠮᠤᠷ ᠲᠦᠪᠰᠢᠨ᠂ ᠵᠠᠮ ᠬᠠᠷᠢᠯᠴᠠᠭ᠋ᠠᠨ᠎ᠤ ᠡᠨᠳᠡᠯ᠂ ᠭᠠᠯ᠎ᠤᠨ ᠠᠶᠤᠯ᠂ ᠤᠰᠤᠨ᠎ᠤ ᠡᠨᠳᠡᠯ᠂ ᠬᠤᠤᠷᠲᠤ ᠡᠳ᠋᠎ᠤᠨ ᠬᠤᠤᠷ ᠬᠥᠨᠥᠭᠡᠯ᠂ ᠪᠡᠯᠭᠡ ᠵᠢᠨ ᠬᠠᠯᠳᠠᠯᠭ᠎ᠠ ᠵᠡᠷᠭᠡ ᠪᠠᠢ᠌ᠳᠠᠭ᠃
      ᠠᠮᠤᠷ ᠲᠦᠪᠰᠢᠨ᠎ᠤ ᠬᠥᠮᠦᠵᠢᠯ ᠵᠶ᠋ᠠᠷ ᠳᠠᠮᠵᠢᠭᠤᠯᠤᠨ᠂ ᠳᠤᠮᠳᠠᠳᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠥᠪᠡᠷ᠎ᠢ᠎ᠪᠠᠨ ᠬᠠᠮᠠᠭ᠋ᠠᠯᠠᠬᠤ ᠴᠢᠳᠠᠪᠤᠷᠢ ᠵᠢ ᠳᠡᠭᠡᠭᠰᠢᠯᠡᠭᠦᠯᠪᠡᠯ᠂ 80 % ᠵᠢᠨ ᠰᠠᠨᠠᠭ᠋ᠠᠨ᠎ᠳᠤ ᠥᠬᠡᠶ ᠰᠢᠷᠬᠠᠲᠤᠯ᠎ᠠᠴᠠ ᠵᠠᠶ᠋ᠢᠯᠠᠰᠬᠢᠵᠦ ᠪᠣᠯᠤᠨ᠎ᠠ ᠭᠡᠵᠦ ᠵᠠᠷᠢᠮ ᠲᠤᠰᠬᠠᠶ ᠮᠡᠷᠭᠡᠵᠢᠯᠲᠡᠨ ᠵᠢᠭ᠋ᠠᠵᠤ ᠭᠠᠷᠭ᠋ᠠᠪᠠ᠃
      ᠵᠢᠭ᠋ᠠᠯ ᠬᠦᠦ ᠵᠢᠨ ᠰᠤᠷᠬᠤ ᠪᠢᠴᠢᠭ᠎ᠤᠨ ᠮᠠᠶᠢᠭᠲᠤ ᠥᠪᠡᠷ᠎ᠤᠨ ᠠᠪᠤᠷᠠᠯᠲᠠ
      ᠲᠣᠭ᠎ᠠ ᠲᠣᠮᠰᠢ ᠦᠭᠡᠢ ᠰᠦᠯᠵᠢᠶᠡᠨ᠎ᠳᠠᠬᠢ ᠠᠨᠳᠠ ᠨᠠᠷ᠎ᠤᠨ ᠮᠠᠭᠲᠠᠭ᠋ᠠᠯ ᠰᠠᠢ᠌ᠰᠢᠶᠠᠯ᠎ᠢ ᠣᠯᠪᠠ

      ᠨᠢᠳᠤᠨᠤᠨ᠎ᠤ 12 ᠰᠠᠷ᠎ᠠ᠎ᠳᠤ᠂ 《ᠨᠢᠭᠡ ᠬᠦᠦ ᠨᠡᠶ᠋ᠢᠲᠡ ᠵᠢᠨ ᠮᠠᠰᠢᠨ ᠲᠡᠷᠭᠡᠨ᠎ᠳᠤ ᠬᠣᠴᠤᠷᠤᠭᠰᠠᠨ᠎ᠤ ᠳᠠᠷᠠᠭ᠎ᠠ ᠰᠤᠷᠬᠤ ᠪᠢᠴᠢᠭ᠎ᠤᠨ ᠮᠠᠶᠢᠭᠲᠤ ᠲᠤᠰᠠᠯᠠᠮᠵᠢ ᠭᠤᠶᠤᠭᠰᠠᠨ》 ᠭᠡᠬᠦ ᠪᠢᠴᠢᠯ ᠪᠯᠣᠭ ᠬᠠᠶ᠋ᠢᠯᠲᠠ ᠵᠢ ᠬᠥᠭᠵᠢᠭᠡᠵᠦ᠂ ᠣᠩᠰᠢᠭᠰᠠᠨ ᠲᠣᠭ᠎ᠠ 5000 ᠲᠦᠮᠡ ᠰᠢᠬᠠᠮ᠎ᠳᠤ ᠬᠦᠷᠴᠦ᠂ ᠰᠦᠯᠵᠢᠶᠡᠨ᠎ᠳᠠᠬᠢ ᠠᠨᠳᠠ ᠨᠠᠷ ᠡᠨᠡ ᠬᠦ᠌ 7 ᠨᠠᠰᠤᠲᠠᠶ ᠬᠦᠦ ᠵᠢᠨ ᠰᠠᠨᠳᠤᠷᠤᠭᠰᠠᠨ ᠦᠶ᠎ᠡ᠎ᠳᠤ ᠲᠠᠶ᠋ᠢᠪᠤᠭᠤᠨ ᠵᠶ᠋ᠠᠷ ᠥᠪᠡᠷ᠎ᠢ᠎ᠪᠠᠨ   ᠠᠪᠤᠷᠠᠭᠰᠠᠨ ᠪᠠ ᠴᠠᠭᠳᠠᠭ᠎ᠠ ᠠᠪᠠᠭ᠎ᠠ ᠵᠢᠨ ᠬᠠᠯᠠᠭᠤᠨ ᠲᠣᠲᠣᠨᠤᠰᠤᠭ ᠵᠶ᠋ᠠᠷ ᠲᠤᠰᠠᠯᠠᠭᠰᠠᠨ᠎ᠢ ᠮᠠᠭᠲᠠᠨ ᠰᠠᠶ᠋ᠢᠰᠢᠶᠠᠪᠠ᠃
     2021 ᠣᠨ᠎ᠤ 12 ᠰᠠᠷ᠎ᠠ ᠵᠢᠨ 1᠎ᠤ ᠡᠳᠦᠷ᠎ᠤᠨ 17 ᠴᠠᠭ 40 ᠮᠢᠨᠦ᠋ᠲ᠎ᠤᠨ ᠦᠶ᠎ᠡ᠎ᠪᠠᠷ ᠴᠦᠩᠴᠢᠩ ᠬᠣᠲᠠ ᠵᠢᠨ ᠵᠢᠦ ᠯᠦᠩ ᠫᠥᠸᠧ ᠲᠣᠭᠣᠷᠢᠭ᠎ᠤᠨ ᠳᠣᠲᠣᠭ᠋ᠠᠳᠤ ᠵᠢ ᠬᠠᠮᠠᠭ᠋ᠠᠯᠠᠬᠤ ᠬᠤᠪᠢᠶᠠᠷᠢ ᠳᠣᠪᠴᠢᠶᠠᠨ᠎ᠤ ᠵᠠᠮ ᠬᠠᠷᠢᠯᠴᠠᠭ᠋ᠠᠨ᠎ᠤ ᠴᠠᠭᠳᠠᠭ᠋ᠠᠨ᠎ᠤ ᠰᠠᠯᠪᠤᠷᠢ ᠠᠩᠭᠢ ᠵᠢᠨ ᠮᠣᠲ᠋ᠣᠷᠲᠤ ᠴᠠᠭᠳᠠᠭ᠋ᠠᠨ᠎ᠤ ᠶᠡᠬᠡ ᠠᠩᠭᠢ ᠵᠢᠨ᠎ᠬᠢᠨ ᠵᠢᠵᠢᠭᠦᠷᠯᠡᠵᠦ ᠪᠠᠢ᠌ᠭ᠎ᠠ ᠦᠶ᠎ᠡ᠎ᠳᠤ᠂ ᠨᠢᠭᠡ 7 ᠨᠠᠰᠤ ᠣᠷᠴᠢᠮ᠎ᠤᠨ ᠪᠢᠴᠢᠬᠠᠨ ᠬᠦᠦ ᠢᠷᠡᠵᠦ ᠲᠤᠰᠠᠯᠠᠮᠵᠢ ᠭᠤᠶᠤᠪᠠ᠃ 《ᠴᠠᠭᠳᠠᠭ᠎ᠠ ᠠᠪᠠᠭ᠎ᠠ ᠡ᠂ ᠤᠲᠠᠰᠤ᠎ᠪᠠᠨ ᠵᠢᠭᠡᠯᠡᠭᠦᠯᠵᠦ ᠪᠣᠯᠤᠨ᠎ᠠ ᠦᠦ? ᠪᠢ ᠡᠵᠢ᠎ᠪᠠᠨ ᠡᠷᠢᠵᠦ ᠣᠯᠬᠤ ᠦᠭᠡᠢ ᠪᠠᠢ᠌ᠨ᠎ᠠ!》 ᠭᠠᠪᠰᠢᠭ᠋ᠠᠢ ᠠᠩᠭᠢ ᠵᠢᠨ ᠬᠡᠰᠢᠭᠦᠨ ᠵᠧᠤ ᠮᠢᠩ ᠴᠢᠤᠸᠠᠨ᠂ ᠵᠠᠩ ᠴᠢ ᠯᠢᠨ ᠭᠠᠷ᠎ᠲᠠᠬᠢ ᠠᠵᠢᠯ ᠵᠶ᠋ᠠᠨ ᠵᠣᠭᠰᠣᠵᠤ᠂ ᠬᠡᠦᠬᠡᠳ᠎ᠠᠴᠠ ᠪᠠᠶ᠋ᠢᠳᠠᠯ᠎ᠢ ᠯᠠᠪᠯᠠᠨ ᠠᠰᠠᠭᠤᠪᠠ᠃



      ᠤᠤᠯ᠎ᠨᠢ ᠲᠡᠷᠡ ᠡᠳᠦᠷ ᠰᠤᠷᠭ᠋ᠠᠭᠤᠯᠢ ᠲᠠᠷᠬᠠᠭᠰᠠᠨ᠎ᠤ ᠳᠠᠷᠠᠭ᠎ᠠ᠂ ᠡᠵᠢ᠎ᠨᠢ ᠲᠡᠭᠦᠨ᠎ᠢ ᠲᠣᠰᠴᠤ᠂ ᠡᠵᠢ ᠬᠦᠦ ᠬᠣᠶᠠᠭᠤᠯᠠ ᠨᠡᠶ᠋ᠢᠲᠡ ᠵᠢᠨ ᠮᠠᠰᠢᠨ ᠲᠡᠷᠭᠡᠨ᠎ᠳᠤ ᠰᠠᠭᠤᠵᠤ ᠭᠡᠷ᠎ᠲᠤ᠎ᠪᠠᠨ ᠬᠠᠷᠢᠵᠠᠶ᠃ ᠲᠡᠷᠭᠡᠨ ᠳᠡᠭᠡᠷ᠎ᠡ ᠠᠶᠠᠨᠴᠢᠨ ᠤᠯᠠᠨ ᠪᠣᠯᠬᠣᠷ ᠡᠵᠢ ᠬᠦᠦ ᠬᠣᠶᠠᠭᠤᠯᠠ ᠬᠠᠮᠲᠤ ᠰᠠᠭᠤᠭᠰᠠᠨ ᠦᠭᠡᠢ᠂ ᠨᠡᠶ᠋ᠢᠲᠡ ᠵᠢᠨ ᠮᠠᠰᠢᠨ ᠲᠡᠷᠭᠡ ᠲᠡᠳᠡᠨ᠎ᠤ ᠪᠠᠭᠤᠬᠤ ᠵᠣᠭᠰᠤᠭ᠋ᠠᠯ᠎ᠳᠤ ᠬᠦᠷᠬᠦ᠎ᠳᠤ ᠡᠵᠢ᠎ᠨᠢ ᠲᠡᠷᠭᠡᠨ᠎ᠠᠴᠠ ᠪᠠᠭᠤᠬᠤ᠎ᠳᠤ᠎ᠪᠠᠨ ᠬᠦᠦ᠎ᠪᠠᠨ ᠳᠠᠭᠤᠳᠠᠬᠤ ᠵᠢ ᠮᠠᠷᠲᠠᠭᠰᠠᠨ ᠪᠠᠢ᠌ᠵᠠᠢ᠃
      ᠵᠣᠯ ᠵᠶ᠋ᠠᠷ ᠵᠢᠭ᠋ᠠᠯ ᠬᠦᠦ ᠠᠶᠤᠵᠤ ᠰᠠᠨᠳᠤᠷᠤᠭᠰᠠᠨ ᠦᠭᠡᠢ᠂ ᠬᠠᠷᠢᠨ ᠳᠠᠷᠠᠭ᠎ᠠ ᠥᠷᠲᠡᠭᠡᠨ᠎ᠳᠤ ᠪᠠᠭᠤᠵᠤ᠂ ᠵᠠᠮ ᠬᠠᠷᠢᠯᠴᠠᠭ᠋ᠠᠨ᠎ᠤ ᠴᠠᠭᠳᠠᠭ᠎ᠠ ᠠᠪᠠᠭ᠎ᠠ ᠵᠢ ᠡᠷᠢᠵᠦ ᠲᠤᠰᠠᠯᠠᠮᠵᠢ ᠭᠤᠶᠤᠵᠠᠢ᠃ ᠬᠡᠦᠬᠡᠳ ᠡᠵᠢ ᠵᠢᠨ ᠵᠶ᠋ᠠᠨ ᠤᠲᠠᠰᠤ ᠵᠢ ᠲᠣᠳᠣᠷᠬᠠᠶ ᠴᠡᠭᠡᠵᠢᠯᠡᠵᠦ᠂ ᠮᠠᠰᠢ ᠬᠢᠯᠪᠠᠷᠬᠠᠨ ᠬᠠᠷᠢᠯᠴᠠᠵᠤ᠂ ᠡᠴᠦᠰ᠎ᠲᠤ᠎ᠪᠠᠨ ᠵᠠᠮ ᠬᠠᠷᠢᠯᠴᠠᠭ᠋ᠠᠨ᠎ᠤ ᠴᠠᠭᠳᠠᠭ᠎ᠠ ᠠᠪᠠᠭ᠎ᠠ ᠵᠢᠨ ᠬᠠᠪᠰᠤᠷᠤᠯᠭ᠎ᠠ᠎ᠪᠠᠷ ᠡᠬᠡ ᠬᠦᠦ ᠬᠣᠶᠠᠷ ᠠᠭᠤᠯᠵᠠᠭᠰᠠᠨ ᠪᠠᠢ᠌ᠨ᠎ᠠ᠃
      ᠨᠡᠢ᠌ᠲᠡ ᠵᠢᠨ ᠮᠠᠰᠢᠨ ᠲᠡᠷᠭᠡᠨ ᠳᠡᠭᠡᠷ᠎ᠡ ᠬᠤᠴᠤᠷᠤᠭᠰᠠᠨ᠎ᠤ ᠳᠠᠷᠠᠭ᠎ᠠ᠂ ᠬᠡᠦᠬᠡᠳ ᠡᠴᠦᠰ᠎ᠲᠤ᠎ᠪᠠᠨ ᠠᠮᠤᠷ ᠲᠠᠢ᠌ᠪᠤᠩ ᠵᠶ᠋ᠠᠷ ᠭᠡᠷ᠎ᠤᠨ ᠬᠥᠮᠦᠰ᠎ᠲᠠᠢ᠎ᠪᠠᠨ ᠠᠭᠤᠯᠵᠠᠪᠠ᠃ 《ᠬᠡᠦᠬᠡᠳ ᠰᠤᠷᠬᠤ ᠪᠢᠴᠢᠭ᠎ᠢ ᠦᠵᠡᠭᠡᠳ ᠡᠵᠢ᠎ᠨᠢ ᠦᠵᠡᠭᠰᠡᠨ ᠦᠭᠡᠢ ᠁》 ᠰᠦᠯᠵᠢᠶᠡᠨ᠎ᠳᠠᠬᠢ ᠠᠨᠳᠠ ᠵᠢᠨ ᠰᠢᠭᠦᠮᠵᠢ ᠮᠠᠰᠢ ᠬᠤᠷᠴᠠ ᠰᠢᠷᠦᠭᠦᠨ᠂   ᠡᠴᠢᠭᠡ ᠡᠬᠡᠴᠤᠤᠯ ᠦᠨᠡᠭᠡᠷ ᠰᠡᠳᠬᠢᠨ ᠪᠣᠳᠣᠭᠤᠰᠢᠲᠠᠢ ᠪᠠᠢ᠌ᠨ᠎ᠠ᠃
      ᠠᠮᠤᠷ ᠲᠦᠪᠰᠢᠨ ᠪᠣᠯ ᠪᠠᠭ᠎ᠠ ᠶᠠᠪᠤᠳᠠᠯ ᠪᠢᠰᠢ᠂ ᠡᠨᠳᠡ 10 ᠲᠠᠯ᠎ᠠ ᠵᠢᠨ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠮᠡᠳᠡᠯᠭᠡ ᠵᠢ   ᠴᠤᠭᠯᠠᠭᠤᠯᠪᠠ᠂ ᠪᠠᠭᠰᠢ ᠪᠣᠯᠤᠨ ᠬᠡᠷ᠎ᠤᠨ ᠠᠬᠠᠮᠠᠳ ᠬᠡᠦᠬᠡᠳ᠎ᠤᠳ᠎ᠲᠤ ᠳᠠᠮᠵᠢᠭᠤᠯᠵᠤ ᠥᠭᠬᠦ ᠵᠢ ᠪᠢᠲᠡᠭᠡᠶ ᠮᠠᠷᠲᠠᠭ᠋ᠠᠷᠠᠶ᠃
      ᠡᠳᠡᠭᠡᠷ ᠠᠮᠤᠷ ᠲᠦᠪᠰᠢᠨ᠎ᠤ ᠬᠥᠮᠦᠵᠢᠯ᠎ᠤᠨ ᠮᠡᠳᠡᠯᠭᠡ ᠵᠢ ᠪᠠᠭᠰᠢ ᠭᠡᠷ᠎ᠤᠨ ᠠᠬᠠᠮᠠᠳ ᠥᠷᠭᠡᠨ ᠵᠶ᠋ᠠᠷ ᠳᠠᠮᠵᠢᠭᠤᠯᠤᠭ᠋ᠠᠷᠠᠢ!


     1 . ᠬᠢᠵᠢᠭ᠎ᠢ ᠰᠡᠷᠭᠡᠶ᠋ᠢᠯᠡᠬᠦ ᠠᠮᠤᠷ ᠲᠦᠪᠰᠢᠨ



     1 . ᠰᠤᠷᠤᠭᠴᠢᠳ ᠡᠳᠦᠷ ᠪᠦᠷᠢ ᠡᠷᠡᠭᠦᠯ ᠮᠡᠨᠳᠦ ᠵᠢᠨ ᠪᠠᠶ᠋ᠢᠳᠠᠯ ᠵᠶ᠋ᠠᠨ ᠬᠢᠨᠠᠨ ᠬᠡᠮᠵᠢᠵᠦ᠂ ᠬᠡᠷᠪᠡ ᠰᠡᠵᠢᠭᠯᠡᠯᠲᠡᠶ ᠡᠪᠡᠳᠴᠢᠨ᠎ᠤ ᠪᠠᠶ᠋ᠢᠳᠠᠯ ᠢᠯᠡᠷᠡᠪᠡᠯ ᠰᠠᠨᠠᠭ᠋ᠠᠴᠢᠯᠠᠭ᠎ᠠ᠎ᠠᠴᠠ᠎ᠪᠠᠨ ᠰᠤᠷᠭ᠋ᠠᠭᠤᠯᠢ᠎ᠳᠤ ᠮᠡᠳᠡᠭᠦᠯᠬᠦ ᠵᠢᠨ ᠬᠠᠮᠲᠤ ᠳᠠᠷᠤᠢ᠌ᠬᠠᠨ   ᠡᠮᠨᠡᠭᠦᠯᠬᠦ ᠬᠡᠷᠡᠭᠲᠡᠢ᠃
     2 . ᠰᠤᠷᠭ᠋ᠠᠭᠤᠯᠢ᠎ᠳᠤ ᠶᠠᠪᠤᠬᠤ᠎ᠳᠤ᠎ᠪᠠᠨ ᠣᠯᠠᠨ ᠨᠡᠶ᠋ᠢᠲᠡ ᠵᠢᠨ ᠵᠠᠮ ᠬᠠᠷᠢᠯᠴᠠᠭ᠋ᠠᠨ᠎ᠤ ᠮᠠᠰᠢᠨ ᠲᠡᠷᠭᠡᠨ᠎ᠳᠤ ᠰᠠᠭᠤᠬᠤ ᠦᠶ᠎ᠡ ᠪᠥᠬᠥ ᠶᠠᠪᠤᠴᠠ᠎ᠳᠤ ᠠᠮᠠᠪᠴᠢ ᠵᠡᠭᠦᠵᠦ᠂ ᠪᠤᠰᠤᠳ ᠬᠥᠮᠦᠨ᠎ᠠᠴᠠ ᠵᠠᠶ᠋ᠢᠲᠠᠶ ᠪᠠᠶ᠋ᠢᠬᠤ ᠵᠢ ᠠᠩᠬᠠᠷᠬᠤ ᠬᠡᠷᠡᠭᠲᠡᠢ᠃
     3 . ᠭᠠᠷ ᠵᠶ᠋ᠠᠨ ᠦᠷᠭᠦᠯᠵᠢ ᠤᠬᠢᠶᠠᠵᠤ᠂ ᠬᠣᠭᠣᠯᠠᠨ᠎ᠤ ᠡᠮᠦᠨ᠎ᠡ ᠭᠠᠳᠠᠭ᠋ᠠᠯᠠᠭᠰᠠᠨ᠎ᠤ ᠳᠠᠷᠠᠭ᠎ᠠ ᠭᠠᠷ ᠤᠬᠢᠶᠠᠬᠤ ᠰᠢᠩᠭᠡᠨ ᠪᠤᠶᠤ ᠰᠠᠪᠤᠩ ᠵᠶ᠋ᠠᠷ ᠭᠠᠷ ᠵᠶ᠋ᠠᠨ ᠤᠬᠢᠶᠠᠨ᠎ᠠ᠃
     4 . ᠬᠠᠨᠢᠶᠠᠬᠤ᠂ ᠨᠠᠶ᠋ᠢᠲᠠᠭ᠋ᠠᠬᠤ ᠦᠶ᠎ᠡ᠎ᠳᠤ ᠴᠠᠭ᠋ᠠᠰᠤ᠎ᠪᠠᠷ ᠠᠮᠠ ᠬᠠᠮᠠᠷ ᠵᠶ᠋ᠠᠨ ᠬᠠᠯᠬᠠᠯᠠᠵᠤ᠂ ᠬᠡᠷᠪᠡ ᠴᠠᠭ᠋ᠠᠰᠤ ᠦᠭᠡᠢ ᠪᠣᠯ ᠲᠣᠬᠣᠢ ᠪᠤᠶᠤ ᠬᠤᠪᠴᠠᠰᠤ ᠬᠤᠨᠠᠷ ᠵᠶ᠋ᠠᠷ ᠵᠶ᠋ᠠᠨ ᠬᠠᠯᠬᠠᠯᠠᠨ᠎ᠠ᠃
     5 . ᠰᠤᠷᠭ᠋ᠠᠭᠤᠯᠢ᠎ᠳᠤ ᠪᠠᠶ᠋ᠢᠬᠤ ᠬᠤᠭᠤᠴᠠᠭ᠋ᠠᠨ᠎ᠳᠤ᠂ ᠬᠡᠷᠪᠡ ᠪᠤᠰᠤᠳ ᠬᠥᠮᠦᠨ᠎ᠲᠠᠢ ᠣᠢ᠌ᠷᠠᠲᠤᠬᠤ ᠴᠢᠬᠤᠯᠠᠲᠠᠶ ᠪᠣᠯ ᠠᠮᠠᠪᠴᠢ᠎ᠪᠠᠨ ᠵᠥᠪ ᠵᠶ᠋ᠠᠷ ᠵᠡᠭᠦᠵᠦ᠂ ᠬᠥᠳᠡᠯᠭᠡᠭᠡᠨ᠎ᠤ ᠬᠡᠪᠴᠢᠶ᠎ᠡ᠎ᠪᠠᠨ ᠠᠯᠢ ᠴᠢᠳᠠᠬᠤ᠎ᠪᠠᠷ ᠪᠠᠭ᠋ᠠᠰᠬᠠᠨ᠎ᠠ᠃
     6 . ᠠᠵᠢᠯᠯᠠᠵᠤ ᠠᠮᠠᠷᠠᠬᠤ ᠰᠠᠢ᠌ᠨ ᠳᠠᠳᠬᠠᠯ᠎ᠢ ᠪᠣᠢ ᠪᠣᠯᠭ᠋ᠠᠵᠤ᠂ ᠴᠠᠭ᠎ᠲᠤ᠎ᠪᠠᠨ ᠦᠳᠡ ᠵᠢᠨ ᠤᠨᠲᠠᠯᠭ᠎ᠠ ᠬᠢᠵᠦ᠂ ᠡᠷᠲᠡ ᠤᠨᠲᠠᠵᠤ ᠡᠷᠲᠡ ᠪᠣᠰᠴᠤ᠂ ᠵᠣᠬᠢᠬᠤ ᠬᠡᠮᠵᠢᠶᠡᠨ᠎ᠤ ᠪᠡᠶ᠎ᠡ ᠵᠢᠨ ᠲᠠᠮᠢᠷ᠎ᠤᠨ ᠪᠣᠯᠪᠠᠰᠤᠷᠠᠯ ᠬᠢᠵᠦ᠂ ᠪᠡᠶ᠎ᠡ ᠮᠠᠬᠠᠪᠣᠳ ᠵᠶ᠋ᠠᠨ ᠴᠢᠬᠢᠷᠠᠭᠵᠢᠭᠤᠯᠵᠤ᠂ ᠬᠠᠯᠳᠠᠪᠤᠷᠢᠯᠠᠬᠤ ᠲᠦᠭᠰᠢᠭᠦᠷᠢ ᠵᠢ ᠪᠠᠭᠤᠷᠠᠭᠤᠯᠤᠨ᠎ᠠ᠃


     2 . ᠤᠰᠤᠨ᠎ᠳᠤ ᠡᠨᠳᠡᠬᠦ᠎ᠠᠴᠠ ᠰᠡᠷᠭᠡᠶ᠋ᠢᠯᠡᠬᠦ ᠠᠮᠤᠷ ᠲᠦᠪᠰᠢᠨ


     1 . ᠰᠤᠷᠭ᠋ᠠᠭᠤᠯᠢ᠎ᠳᠤ ᠣᠴᠢᠬᠤ ᠪᠠ ᠭᠡᠷ᠎ᠲᠤ᠎ᠪᠠᠨ ᠬᠠᠷᠢᠬᠤ ᠵᠠᠮ᠎ᠳᠤ᠎ᠪᠠᠨ ᠨᠠᠭ᠋ᠠᠳᠤᠮ᠎ᠳᠤ ᠰᠢᠨᠤᠬᠤ ᠥᠬᠡᠶ᠂ ᠨᠠᠭᠤᠷ᠂ ᠭᠤᠤ᠂ ᠭᠤᠤᠯ ᠮᠥᠷᠡᠨ᠂ ᠤᠰᠤᠨ ᠬᠠᠰᠢᠯᠭ᠎ᠠ᠂ ᠤᠰᠤᠨ ᠴᠥᠭᠥᠷᠥᠮ ᠵᠡᠷᠭᠡ ᠬᠡᠭᠡᠷ᠎ᠡ ᠭᠠᠳᠠᠨᠠᠬᠢ ᠤᠰᠤᠨ᠎ᠳᠤ ᠣᠴᠢᠵᠤ ᠤᠮᠪᠠᠬᠤ ᠥᠬᠡᠶ᠂ ᠵᠢᠭ᠋ᠠᠰᠤ ᠵᠢᠷᠠᠭ᠋ᠠᠬᠠᠶ ᠪᠠᠷᠢᠬᠤ ᠥᠬᠡᠶ᠂ ᠤᠰᠤ᠎ᠪᠠᠷ ᠨᠠᠭ᠋ᠠᠳᠬᠤ ᠥᠬᠡᠶ᠂ ᠰᠤᠷᠭ᠋ᠠᠭᠤᠯᠢ ᠲᠠᠷᠬᠠᠪᠠᠯ ᠳᠠᠷᠤᠢ᠌ᠬᠠᠨ ᠬᠡᠷ᠎ᠲᠤ᠎ᠪᠠᠨ ᠬᠠᠷᠢᠨ᠎ᠠ᠃
     2 . ᠪᠢᠴᠢᠬᠠᠨ ᠨᠠᠶ᠋ᠢᠵᠠ ᠴᠢᠨᠢ ᠤᠰᠤᠨ᠎ᠳᠤ ᠨᠠᠭ᠋ᠠᠳᠤᠨ᠎ᠠ ᠭᠡᠪᠡᠯ ᠳᠠᠷᠤᠢ᠎ᠳᠤ᠎ᠨᠢ ᠢᠳᠬᠠᠨ ᠬᠣᠷᠢᠭᠯᠠᠨ᠎ᠠ᠃ ᠢᠳᠬᠠᠨ ᠬᠣᠷᠢᠭᠯᠠᠭ᠋ᠠᠳ ᠲᠤᠰᠠ ᠭᠠᠷᠬᠤ ᠦᠭᠡᠢ ᠪᠣᠯ ᠤᠢ᠌ᠷ᠎ᠠ ᠬᠠᠪᠢ᠎ᠳᠤ ᠶᠠᠪᠤᠭ᠎ᠠ ᠬᠥᠮᠦᠨ᠎ᠠᠴᠠ ᠬᠠᠪᠰᠤᠷᠤᠯᠭ᠎ᠠ ᠭᠤᠶᠤᠨ᠎ᠠ᠃ ᠬᠡᠷᠪᠡ ᠤᠢ᠌ᠷ᠎ᠠ ᠬᠠᠪᠢ᠎ᠳᠤ ᠬᠥᠮᠦᠨ ᠦᠭᠡᠢ ᠪᠣᠯ ᠪᠠᠭᠰᠢ ᠪᠤᠶᠤ ᠭᠡᠷ᠎ᠤᠨ ᠠᠬᠠᠮᠠᠳ᠎ᠲᠤ᠎ᠪᠠᠨ     ᠬᠡᠯᠡᠨ᠎ᠡ᠃
     3 . ᠰᠤᠷᠭ᠋ᠠᠭᠤᠯᠢ᠎ᠳᠤ ᠣᠴᠢᠬᠤ ᠪᠠ ᠭᠡᠷ᠎ᠲᠤ᠎ᠪᠠᠨ ᠬᠠᠷᠢᠬᠤ ᠵᠠᠮ᠎ᠳᠤ᠎ᠪᠠᠨ ᠠᠶᠤᠯ᠎ᠲᠠᠢ ᠤᠰᠤᠨ᠎ᠠᠴᠠ ᠬᠣᠯᠠ ᠵᠠᠢ᠌ᠯᠠᠵᠤ᠂ ᠬᠡᠷᠪᠡ ᠪᠢᠴᠢᠭ᠎ᠤᠨ ᠪᠣᠭᠴᠣ᠂ ᠱᠠᠬᠠᠶ᠂ ᠪᠢᠴᠢᠭ᠎ᠤᠨ ᠬᠡᠷᠡᠭᠰᠡᠯ ᠵᠡᠷᠭᠡ ᠵᠢ ᠬᠢᠴᠢᠶᠡᠮᠵᠢ ᠥᠬᠡᠶ᠎ᠠᠴᠠ ᠪᠣᠯᠵᠣ ᠭᠤᠤᠯ᠎ᠤᠨ ᠤᠰᠤᠨ᠎ᠳᠤ ᠤᠨᠠᠭ᠋ᠠᠭᠰᠠᠨ ᠪᠣᠯ ᠥᠪᠡᠷ ᠵᠶ᠋ᠠᠨ ᠤᠰᠤᠨ᠎ᠳᠤ ᠣᠷᠣᠵᠤ ᠡᠷᠢᠵᠦ ᠪᠣᠯᠬᠤ ᠥᠬᠡᠶ᠂ ᠬᠡᠷ᠎ᠲᠤ᠎ᠪᠠᠨ ᠬᠠᠷᠢᠵᠤ ᠭᠡᠷ᠎ᠤᠨ   ᠠᠬᠠᠮᠠᠳ᠎ᠲᠤ᠎ᠪᠠᠨ ᠬᠡᠯᠡᠨ᠎ᠡ᠃
     4 . ᠬᠠᠮᠲᠤ ᠰᠤᠷᠤᠭᠴᠢ ᠴᠢᠨᠢ ᠤᠰᠤᠨ᠎ᠳᠤ ᠤᠨᠠᠭᠰᠠᠨ ᠪᠣᠯ ᠭᠠᠷ ᠬᠣᠯᠪᠤᠯᠴᠠᠨ ᠠᠪᠤᠷᠠᠬᠤ ᠪᠤᠶᠤ ᠰᠣᠬᠣᠷ ᠪᠠᠯᠠᠶ᠎ᠪᠠᠷ ᠤᠰᠤᠨ᠎ᠳᠤ ᠬᠠᠷᠠᠶ᠋ᠢᠨ ᠣᠷᠣᠵᠤ ᠠᠪᠤᠷᠠᠬᠤ᠎ᠠᠴᠠ ᠵᠠᠶ᠋ᠢᠯᠠᠰᠬᠢᠵᠦ᠂ ᠣᠶᠤᠨᠴᠢ᠎ᠪᠠᠷ ᠠᠪᠤᠷᠠᠨ ᠳᠤᠰᠠᠯᠠᠨ᠎ᠠ᠃

     3 . ᠰᠤᠷᠭ᠋ᠠᠭᠤᠯᠢ ᠵᠢᠨ ᠳᠣᠲᠣᠭ᠋ᠠᠳᠤ ᠵᠢᠨ ᠠᠮᠤᠷ ᠲᠦᠪᠰᠢᠨ
      ᠬᠢᠴᠢᠶᠡᠯ᠎ᠤᠨ ᠵᠠᠪᠰᠠᠷᠯᠠᠭ᠎ᠠ ᠵᠢᠨ ᠬᠥᠳᠡᠯᠭᠡᠭᠡᠨ᠎ᠤ ᠴᠠᠭ
     1 . ᠠᠩᠭᠢ ᠵᠢᠨ ᠭᠡᠷ᠎ᠲᠤ ᠡᠮᠬᠢ ᠵᠢᠷᠤᠮᠲᠠᠢ᠎ᠪᠠᠷ ᠣᠷᠣᠵᠤ ᠭᠠᠷᠴᠤ᠂ ᠠᠰᠠᠷ᠎ᠤᠨ ᠱᠠᠲᠤ᠎ᠪᠠᠷ ᠪᠠᠭᠤᠵᠤ ᠭᠠᠷᠬᠤ᠎ᠳᠤ᠎ᠪᠠᠨ ᠪᠠᠷᠠᠭᠤᠨ ᠭᠠᠷ ᠲᠠᠯ᠎ᠠ᠎ᠪᠠᠨ ᠪᠠᠷᠢᠨ ᠶᠠᠪᠤᠵᠤ᠂ ᠰᠢᠬᠠᠯᠳᠤᠬᠤ ᠦᠭᠡᠶ ᠪᠤᠶᠤ ᠬᠠᠷᠢᠯᠴᠠᠨ ᠲᠦᠯᠬᠢᠯᠴᠡᠬᠦ ᠦᠭᠡᠶ ᠪᠠᠶ᠋ᠢᠵᠤ᠂ ᠭᠢᠰᠬᠢᠯᠡᠬᠦ ᠬᠡᠷᠡᠭ ᠭᠠᠷᠬᠤ᠎ᠠᠴᠠ ᠰᠡᠷᠭᠡᠢ᠌ᠯᠡᠨ᠎ᠡ᠃
     2 . ᠠᠩᠭᠢ ᠵᠢᠨ ᠭᠡᠷ᠎ᠲᠤ ᠬᠥᠭᠡᠷᠴᠦ ᠳᠠᠭᠤᠯᠴᠠᠬᠤ ᠦᠭᠡᠢ᠂ ᠶᠠᠭᠤᠮ᠎ᠠ ᠬᠠᠶᠠᠯᠴᠠᠬᠤ ᠦᠭᠡᠢ᠂ ᠰᠢᠷᠡᠭᠡ ᠰᠠᠨᠳᠠᠯᠢ ᠵᠢᠨ ᠢᠷᠮᠡᠭ᠎ᠲᠤ ᠮᠥᠷᠭᠥᠵᠦ ᠰᠢᠷᠬᠠᠲᠤᠬᠤ᠎ᠠᠴᠠ ᠰᠡᠷᠭᠡᠶ᠋ᠢᠯᠡᠨ᠎ᠡ᠃
     3 . ᠳᠤᠷ᠎ᠠ᠎ᠪᠠᠷ ᠵᠶ᠋ᠠᠨ ᠠᠰᠠᠷ᠎ᠤᠨ ᠱᠠᠲᠤᠨ᠎ᠤ ᠲᠦᠰᠢᠭᠦᠷ᠎ᠲᠤ ᠠᠪᠠᠷᠢᠬᠤ ᠪᠤᠶᠤ ᠬᠢᠴᠢᠶᠡᠯ᠎ᠤᠨ ᠭᠡᠷ᠎ᠤᠨ ᠴᠣᠩᠬᠤᠨ ᠳᠡᠭᠡᠷ᠎ᠡ ᠡᠯᠢᠭᠡᠳᠡᠵᠦ ᠭᠠᠳᠠᠭᠰᠢ ᠬᠠᠷᠠᠵᠤ ᠪᠣᠯᠬᠤ ᠦᠭᠡᠶ᠂ ᠠᠰᠠᠷ᠎ᠠᠴᠠ ᠬᠠᠯᠲᠤᠷᠢᠵᠤ ᠤᠨᠠᠬᠤ ᠬᠡᠷᠡᠭ ᠭᠠᠷᠬᠤ᠎ᠠᠴᠠ ᠰᠡᠷᠭᠡᠢ᠌ᠯᠡᠨ᠎ᠡ᠃
      ᠬᠢᠴᠢᠶᠡᠯ ᠳᠡᠭᠡᠷ᠎ᠡ
     1 . ᠪᠡᠶ᠎ᠡ ᠵᠢᠨ ᠲᠠᠮᠢᠷ᠎ᠤᠨ ᠬᠢᠴᠢᠶᠡᠯ ᠳᠡᠭᠡᠷ᠎ᠡ ᠬᠥᠳᠡᠯᠭᠡᠭᠡᠨ᠎ᠤ ᠬᠡᠷᠡᠭᠰᠡᠯ᠎ᠢ ᠳᠤᠷ᠎ᠠ᠎ᠪᠠᠷ ᠵᠶ᠋ᠠᠨ ᠠᠪᠠᠷᠢᠵᠤ ᠪᠣᠯᠬᠤ ᠥᠬᠡᠶ᠂ ᠠᠶᠤᠯᠲᠠᠶ ᠬᠥᠳᠡᠯᠭᠡᠭᠡᠨ ᠬᠢᠵᠦ ᠪᠣᠯᠬᠤ ᠥᠬᠡᠶ᠃ ᠪᠣᠯᠪᠠᠰᠤᠷᠠᠯ ᠪᠠ ᠤᠷᠤᠯᠳᠤᠭ᠋ᠠᠨ᠎ᠤ ᠶᠠᠪᠤᠴᠠ᠎ᠳᠤ ᠪᠡᠶ᠎ᠡ ᠡᠪ ᠦᠭᠡᠢ ᠪᠠᠢ᠌ᠪᠠᠯ᠂ ᠳᠠᠷᠤᠢ᠌ᠬᠠᠨ ᠪᠠᠭᠰᠢ᠎ᠳᠤ᠎ᠪᠠᠨ ᠮᠡᠳᠡᠭᠳᠡᠵᠦ᠂ ᠴᠢᠬᠤᠯᠠᠲᠠᠶ ᠦᠶ᠎ᠡ᠎ᠳᠤ ᠡᠮᠨᠡᠭᠦᠯᠦᠨ᠎ᠡ᠃
     2 . ᠲᠤᠷᠰᠢᠯᠲᠠ ᠵᠢᠨ ᠬᠢᠴᠢᠶᠡᠯ᠎ᠠᠴᠠ ᠡᠮᠦᠨ᠎ᠡ᠂ ᠪᠠᠭᠰᠢ ᠵᠢᠨ ᠲᠠᠶ᠋ᠢᠯᠪᠤᠷᠢᠯᠠᠬᠤ ᠲᠤᠷᠰᠢᠯᠲᠠ ᠵᠢᠨ ᠠᠯᠬᠤᠮ ᠲᠠᠷᠠᠭ᠎ᠠ ᠵᠢ ᠨᠠᠷᠢᠨ ᠬᠢᠨᠠᠮᠠᠭ᠋ᠠᠢ ᠰᠣᠨᠣᠰᠴᠤ᠂ ᠲᠤᠷᠰᠢᠯᠲᠠ ᠵᠢᠨ ᠲᠠᠰᠤᠭ᠎ᠲᠤ ᠥᠪᠡᠷ᠎ᠤᠨ ᠰᠣᠨᠢᠭᠤᠴᠢ᠎ᠠᠴᠠ ᠪᠤᠯᠵᠤ ᠬᠢᠮᠢ ᠵᠢᠨ ᠤᠷᠪᠠᠯᠵᠢ ᠵᠢ ᠳᠤᠷ᠎ᠠ᠎ᠪᠠᠷ ᠬᠥᠳᠡᠯᠭᠡᠵᠦ ᠪᠣᠯᠬᠤ ᠦᠭᠡᠢ᠂ ᠲᠤᠷᠰᠢᠯᠲᠠ ᠬᠢᠬᠦ ᠦᠶᠡᠰ ᠪᠠᠭᠰᠢ ᠵᠢᠨ ᠵᠥᠪ ᠵᠢᠯᠤᠭᠤᠳᠤᠯᠭ᠎ᠠ ᠳᠣᠣᠷ᠎ᠠ ᠲᠤᠷᠰᠢᠯᠲᠠ ᠬᠢᠨ᠎ᠡ᠃
      ᠰᠤᠷᠭ᠋ᠠᠭᠤᠯᠢ ᠵᠢᠨ ᠬᠦᠷᠢᠶᠡᠨ᠎ᠤ ᠠᠮᠢᠳᠤᠷᠠᠯ
     1 ᠵᠠᠬᠢᠷᠤᠨ ᠬᠠᠮᠢᠶᠠᠷᠴᠤ ᠪᠠᠶ᠋ᠢᠭ᠎ᠠ ᠢᠷᠲᠦ ᠪᠠᠭ᠋ᠠᠵᠢ᠂ ᠲᠣᠭᠲᠠᠭ᠋ᠠᠯ᠎ᠠᠴᠠ ᠵᠥᠷᠢᠴᠡᠭᠰᠡᠨ ᠡᠳ᠋ ᠪᠣᠳᠠᠰ᠎ᠢ ᠠᠪᠴᠤ ᠰᠤᠷᠭ᠋ᠠᠭᠤᠯᠢ ᠵᠢᠨ ᠬᠦᠷᠢᠶᠡᠨ᠎ᠳᠤ ᠣᠷᠣᠵᠤ ᠪᠣᠯᠬᠤ ᠦᠭᠡᠶ᠃
     2 . ᠰᠤᠷᠭ᠋ᠠᠭᠤᠯᠢ ᠵᠢᠨ ᠬᠦᠷᠢᠶᠡᠨ᠎ᠤ ᠳᠣᠷᠤᠮᠵᠢᠯᠠᠯ᠎ᠤᠨ ᠡᠮᠦᠨ᠎ᠡ᠂ ᠪᠡᠶ᠎ᠡ᠎ᠳᠤ᠎ᠪᠠᠨ ᠢᠲᠡᠭᠡᠯ᠎ᠲᠠᠢ᠂ ᠡᠷᠡᠯᠬᠡᠭ ᠪᠠᠭ᠋ᠠᠲᠤᠷᠯᠢᠭ᠂ ᠡᠰᠡᠷᠭᠦᠴᠡᠬᠦ ᠰᠥᠰᠥ ᠵᠣᠷᠢᠭ᠎ᠲᠠᠢ ᠪᠠᠶ᠋ᠢᠵᠤ᠂ ᠪᠠᠭᠰᠢ᠂ ᠭᠡᠷ᠎ᠤᠨ ᠠᠬᠠᠮᠠᠳ᠂ ᠴᠠᠭᠳᠠᠭ᠎ᠠ᠎ᠠᠴᠠ ᠳᠠᠷᠤᠢ᠎ᠳᠤ᠎ᠨᠢ ᠲᠤᠰᠠᠯᠠᠮᠵᠢ ᠭᠤᠶᠤᠨ᠎ᠠ᠃ ᠠᠶᠤᠯᠲᠠᠢ ᠭᠠᠵᠠᠷ᠎ᠲᠤ ᠵᠣᠭᠰᠣᠬᠤ ᠵᠢ ᠠᠯᠢ ᠴᠢᠳᠠᠬᠤ᠎ᠪᠠᠷ ᠪᠠᠭ᠋ᠠᠰᠬᠠᠵᠤ᠂ ᠥᠪᠡᠷ ᠵᠶ᠋ᠠᠨ ᠰᠡᠷᠭᠡᠶ᠋ᠢᠯᠡᠬᠦ ᠵᠢ ᠰᠤᠷᠴᠤ᠂ ᠪᠣᠯᠭᠣᠮᠵᠢᠲᠠᠶ ᠨᠠᠶ᠋ᠢᠵᠠᠯᠠᠨ᠎ᠠ᠃
     3 . ᠬᠢᠬᠠᠬᠤ᠂ ᠵᠠᠮ ᠲᠤᠰᠴᠤ ᠳᠡᠭᠡᠷᠡᠮᠳᠡᠬᠦ᠎ᠲᠠᠢ ᠲᠠᠭ᠋ᠠᠷᠠᠪᠠᠯ᠂ ᠨᠥᠭᠥᠭᠡ ᠡᠲᠡᠭᠡᠳ᠎ᠲᠠᠢ᠎ᠪᠠᠨ ᠰᠢᠭᠤᠳ ᠮᠥᠷᠭᠥᠯᠳᠦᠭᠡᠨ ᠭᠠᠷᠴᠤ ᠪᠣᠯᠬᠤ ᠦᠭᠡᠢ᠂ ᠬᠡᠷᠡᠭ᠎ᠤᠨ ᠳᠠᠷᠠᠭ᠎ᠠ ᠳᠠᠷᠤᠢ᠌ᠬᠠᠨ ᠠᠪᠤ ᠡᠵᠢ᠎ᠳᠤ᠎ᠪᠠᠨ ᠮᠡᠳᠡᠭᠳᠡᠬᠦ ᠪᠤᠶᠤ ᠤᠲᠠᠰᠤᠳᠠᠵᠤ ᠴᠠᠭᠳᠠᠭ᠎ᠠ᠎ᠳᠤ ᠮᠡᠳᠡᠭᠦᠯᠦᠨ᠎ᠡ᠃


     4 . ᠵᠠᠮ ᠬᠠᠷᠢᠯᠴᠠᠭ᠋ᠠᠨ᠎ᠤ ᠠᠮᠤᠷ ᠲᠦᠪᠰᠢᠨ



     1 . ᠰᠤᠷᠭ᠋ᠠᠭᠤᠯᠢ᠎ᠳᠤ ᠣᠴᠢᠬᠤ ᠪᠠ ᠭᠡᠷ᠎ᠲᠤ᠎ᠪᠠᠨ ᠬᠠᠷᠢᠬᠤ ᠵᠠᠮ ᠵᠠᠭᠤᠷ᠎ᠠ᠂ ᠵᠠᠮ ᠬᠠᠷᠢᠯᠴᠠᠭ᠋ᠠᠨ᠎ᠤ ᠲᠦᠷᠢᠮ᠎ᠢ ᠵᠢᠷᠤᠮᠯᠠᠬᠤ ᠬᠡᠷᠡᠭᠲᠡᠶ᠄ ᠤᠯᠠᠭ᠋ᠠᠨ ᠳ᠋ᠧᠩ ᠨᠤᠴᠤᠪᠠᠯ ᠵᠣᠭᠰᠣᠬᠤ᠂ ᠨᠣᠭᠣᠭ᠋ᠠᠨ ᠳ᠋ᠧᠩ ᠨᠤᠴᠤᠪᠠᠯ ᠶᠠᠪᠤᠬᠤ᠂ ᠰᠢᠷ᠎ᠠ ᠳ᠋ᠧᠩ ᠨᠣᠴᠤᠪᠠᠯ ᠬᠦᠯᠢᠶᠡᠨ᠎ᠡ; ᠵᠠᠮ ᠥᠩᠭᠡᠷᠡᠬᠦ᠎ᠳᠤ ᠬᠥᠭᠡᠭᠡᠯᠴᠡᠵᠦ ᠲᠠᠭᠤᠯᠴᠠᠬᠤ ᠥᠬᠡᠶ᠂ ᠬᠥᠨᠳᠡᠯᠡᠨ ᠭᠤᠯᠳᠤ ᠳᠠᠭ᠋ᠠᠷᠢᠬᠤ ᠥᠬᠡᠶ᠂ ᠬᠤᠷᠳᠤᠨ ᠭᠦᠶᠦᠬᠦ ᠥᠬᠡᠶ᠂ ᠭᠡᠨᠡᠳᠲᠡ ᠬᠤᠷᠳᠤᠨ ᠭᠦᠶᠦᠬᠦ ᠥᠬᠡᠶ ᠪᠤᠶᠤ ᠵᠠᠮ ᠳᠤᠮᠳᠠ᠎ᠠᠴᠠ ᠪᠤᠴᠠᠬᠤ ᠥᠬᠡᠶ; ᠮᠠᠰᠢᠨ ᠲᠡᠷᠭᠡᠨ᠎ᠤ ᠵᠠᠮ᠎ᠤᠨ ᠬᠡᠷᠡᠰᠬᠡ ᠵᠢ ᠳᠠᠪᠠᠵᠤ ᠵᠠᠰᠠᠮᠠᠯ ᠵᠠᠮ᠎ᠢ ᠬᠥᠨᠳᠡᠯᠡᠨ ᠭᠡᠲᠦᠯᠬᠦ ᠦᠭᠡᠢ; ᠶᠠᠪᠠᠭ᠋ᠠᠨ ᠬᠥᠮᠦᠨ ᠵᠠᠮ ᠭᠡᠲᠦᠯᠬᠦ᠎ᠳᠤ ᠡᠷᠢᠶᠡᠨ ᠵᠢᠷᠤᠭ᠋ᠠᠰᠤ᠎ᠪᠠᠷ ᠶᠠᠪᠤᠨ᠎ᠠ᠃
     2 . ᠪᠦᠬᠦᠯᠢ 12 ᠨᠠᠰᠤ ᠬᠦᠷᠦᠭᠡᠳᠦᠢ ᠪᠣᠯ ᠳᠤᠭᠤᠶ ᠤᠨᠤᠵᠤ ᠵᠠᠮ ᠳᠡᠭᠡᠷ᠎ᠡ ᠭᠠᠷᠴᠤ ᠪᠣᠯᠬᠤ ᠥᠬᠡᠶ᠂ ᠪᠦᠬᠦᠯᠢ 16 ᠨᠠᠰᠤ ᠬᠦᠷᠦᠭᠡᠳᠦᠢ ᠪᠣᠯ ᠴᠠᠬᠢᠯᠭ᠋ᠠᠨ ᠬᠥᠳᠡᠯᠭᠡᠭᠦᠷᠲᠦ ᠳᠤᠭᠤᠶ ᠤᠨᠤᠵᠤ ᠵᠠᠮ ᠳᠡᠭᠡᠷ᠎ᠡ ᠭᠠᠷᠴᠤ ᠪᠣᠯᠬᠤ ᠥᠬᠡᠶ᠃
     3 . ᠣᠯᠠᠨ ᠨᠡᠶ᠋ᠢᠲᠡ ᠵᠢᠨ ᠵᠠᠮ ᠬᠠᠷᠢᠯᠴᠠᠭ᠋ᠠᠨ᠎ᠤ ᠮᠠᠰᠢᠨ᠎ᠳᠤ ᠰᠠᠭᠤᠬᠤ᠎ᠳᠤ ᠡᠮᠬᠢ ᠵᠢᠷᠤᠮ᠎ᠢ ᠵᠢᠷᠤᠮᠯᠠᠨ᠂ ᠲᠡᠷᠭᠡᠨ ᠳᠡᠭᠡᠷ᠎ᠡ ᠯᠠᠪᠳᠠᠭᠤᠨ ᠰᠠᠭᠤᠵᠤ ᠰᠠᠶ᠋ᠢᠲᠤᠷ ᠲᠦᠰᠢᠨ᠎ᠡ᠂ ᠭᠠᠷ᠂ ᠲᠣᠯᠤᠭ᠋ᠠᠢ᠎ᠪᠠᠨ ᠴᠣᠩᠬᠣᠨ ᠭᠠᠳᠠᠨ᠎ᠠ ᠳᠤᠷ᠎ᠠ᠎ᠪᠠᠷ ᠵᠶ᠋ᠠᠨ ᠭᠠᠷᠭ᠋ᠠᠵᠤ ᠪᠣᠯᠬᠤ ᠥᠬᠡᠶ᠃
     4 . ᠶᠠᠪᠤᠵᠤ ᠪᠠᠶ᠋ᠢᠭ᠎ᠠ ᠲᠡᠷᠭᠡᠨ ᠳᠡᠭᠡᠷ᠎ᠡ ᠶᠠᠭᠤᠮ᠎ᠠ ᠢᠳᠡᠵᠦ ᠪᠣᠯᠬᠤ ᠦᠭᠡᠢ᠂ ᠪᠠᠴᠢᠮ ᠲᠣᠷᠣᠮᠰᠤᠯᠠᠬᠤ ᠦᠶ᠎ᠡ᠎ᠳᠤ ᠬᠡᠯᠡ᠎ᠪᠠᠨ ᠬᠠᠵᠠᠬᠤ ᠪᠤᠶᠤ ᠢᠳᠡᠭᠡᠨ ᠪᠤᠷᠤᠭᠤ ᠬᠣᠭᠣᠯᠠᠢ᠎ᠪᠠᠷ ᠣᠷᠣᠭ᠋ᠠᠳ ᠠᠮᠢᠰᠬᠤᠯ ᠪᠥᠭᠯᠡᠷᠡᠬᠦ᠎ᠠᠴᠠ ᠰᠡᠷᠭᠡᠢ᠌ᠯᠡᠨ᠎ᠡ᠃
     5 . ᠰᠠᠭᠤᠳᠠᠯ᠎ᠤᠨ ᠮᠠᠰᠢᠨ᠎ᠳᠤ ᠰᠠᠭᠤᠬᠤ᠎ᠳᠤ᠎ᠪᠠᠨ ᠠᠷᠤ ᠵᠢᠨ ᠰᠠᠭᠤᠳᠠᠯ᠎ᠳᠤ ᠰᠠᠭᠤᠨ᠎ᠠ᠂ 4 ᠨᠠᠰᠤᠨ᠎ᠠᠴᠠ ᠳᠣᠷᠣᠭᠰᠢᠬᠢ ᠬᠡᠦᠬᠡᠳ ᠡᠷᠬᠡᠪᠰᠢ ᠬᠡᠦᠬᠡᠳ᠎ᠤᠨ ᠠᠮᠤᠷ ᠲᠦᠪᠰᠢᠨ᠎ᠤ ᠰᠠᠭᠤᠳᠠᠯ᠎ᠢ ᠬᠡᠷᠡᠭᠯᠡᠬᠦ ᠬᠡᠷᠡᠭᠲᠡᠢ ᠪᠥᠭᠡᠳ ᠲᠣᠮᠣ ᠬᠥᠮᠦᠨ ᠬᠡᠦᠬᠡᠳ ᠵᠶ᠋ᠠᠨ ᠲᠡᠪᠡᠷᠢᠵᠦ ᠳᠡᠳ᠋ ᠵᠢᠯᠣᠭᠣᠴᠢ ᠵᠢᠨ ᠰᠠᠭᠤᠳᠠᠯ᠎ᠳᠤ ᠰᠠᠭᠤᠵᠤ ᠪᠣᠯᠬᠤ ᠦᠭᠡᠢ᠃
     6 . ᠮᠠᠰᠢᠨ ᠲᠡᠷᠭᠡᠨ᠎ᠤ ᠪᠠᠯᠠᠶ ᠣᠷᠣᠨ᠎ᠢ ᠰᠡᠷᠡᠮᠵᠢᠯᠡᠵᠦ᠂ ᠮᠠᠰᠢᠨ ᠲᠡᠷᠭᠡ ᠬᠥᠳᠡᠯᠬᠦ ᠪᠠ ᠲᠡᠷᠭᠡ ᠤᠬᠤᠷᠢᠭᠤᠯᠬᠤ ᠦᠶ᠎ᠡ ᠵᠢᠨ ᠪᠠᠯᠠᠶ ᠣᠷᠣᠨ᠎ᠳᠤ ᠣᠶ᠋ᠢᠷᠠᠳᠴᠤ ᠪᠣᠯᠬᠤ ᠦᠭᠡᠶ᠂ ᠲᠡᠷᠭᠡᠨ ᠡᠮᠦᠨ᠎ᠡ ᠣᠴᠣᠶ᠋ᠢᠨ ᠰᠠᠭᠤᠵᠤ ᠨᠠᠭ᠋ᠠᠳᠴᠤ ᠪᠣᠯᠬᠤ ᠦᠭᠡᠶ᠂ ᠭᠡᠷ᠎ᠤᠨ ᠡᠭᠦᠳᠡ᠂ ᠰᠠᠭᠤᠭ᠋ᠠᠯᠢ ᠲᠣᠭᠣᠷᠢᠭ᠎ᠲᠤ ᠴᠤ᠌ ᠰᠣᠨᠣᠷ ᠰᠡᠷᠡᠮᠵᠢ᠎ᠪᠠᠨ ᠰᠤᠯᠠᠷᠠᠭᠤᠯᠵᠤ ᠪᠣᠯᠬᠤ ᠦᠭᠡᠶ᠃


     5 . ᠭᠡᠷ᠎ᠲᠤ᠎ᠪᠠᠨ ᠰᠠᠭᠤᠬᠤ ᠠᠮᠤᠷ ᠲᠦᠪᠰᠢᠨ



      ᠭᠡᠷ ᠳᠣᠲᠣᠷᠠᠬᠢ ᠠᠮᠤᠷ ᠲᠦᠪᠰᠢᠨ
     1 . ᠴᠣᠩᠬᠣ᠂ ᠨᠠᠷᠠᠪᠴᠢ ᠪᠤᠶᠤ ᠠᠰᠠᠷ᠎ᠤᠨ ᠱᠠᠲᠤᠨ᠎ᠤ ᠬᠠᠯᠬᠠᠪᠴᠢ ᠬᠡᠷᠡᠰᠬᠡ᠎ᠠᠴᠠ ᠳᠡᠩᠳᠡᠭᠦᠦ ᠣᠶ᠋ᠢᠷᠠᠬᠠᠨ ᠪᠠᠶ᠋ᠢᠵᠤ ᠪᠣᠯᠬᠤ ᠦᠭᠡᠢ᠂ ᠥᠨᠳᠥᠷ ᠳᠡᠭᠡᠷ᠎ᠡ᠎ᠠᠴᠠ ᠤᠨᠠᠬᠤ᠎ᠠᠴᠠ ᠵᠠᠢ᠌ᠯᠠᠰᠬᠢᠨ᠎ᠠ᠃
     2 . ᠴᠠᠬᠢᠯᠭ᠋ᠠᠨ ᠬᠡᠷᠡᠭᠰᠡᠯ ᠵᠶ᠋ᠠᠷ ᠨᠠᠭ᠋ᠠᠳᠴᠤ ᠪᠣᠯᠬᠤ ᠦᠭᠡᠢ᠂ ᠴᠠᠬᠢᠯᠭ᠋ᠠᠨ ᠬᠡᠷᠡᠭᠰᠡᠯ᠎ᠳᠤ ᠤᠰᠤ ᠬᠦᠷᠭᠡᠵᠦ ᠪᠣᠯᠬᠤ ᠦᠭᠡᠢ᠂ ᠨᠣᠶ᠋ᠢᠲᠠᠨ ᠭᠠᠷ᠂ ᠨᠣᠶ᠋ᠢᠲᠠᠨ ᠪᠦᠰ᠎ᠢ ᠴᠠᠬᠢᠯᠭ᠋ᠠᠨ ᠬᠡᠷᠡᠭᠰᠡᠯ᠎ᠲᠠᠢ ᠬᠦᠷᠦᠯᠴᠡᠭᠦᠯᠵᠦ ᠪᠣᠯᠬᠤ ᠦᠭᠡᠢ᠃
     3 . ᠬᠤᠭᠵᠢᠷᠠᠭᠰᠠᠨ ᠪᠤᠶᠤ ᠢᠯᠡ ᠭᠠᠷᠤᠭᠰᠠᠨ ᠴᠠᠬᠢᠯᠭ᠋ᠠᠨ ᠤᠲᠠᠰᠤᠨ᠎ᠤ ᠦᠵᠦᠭᠦᠷ᠎ᠠᠴᠠ ᠬᠣᠯᠠ ᠪᠠᠶ᠋ᠢᠵᠤ᠂ ᠴᠠᠬᠢᠯᠭ᠋ᠠᠨ ᠡᠭᠦᠰᠭᠡᠭᠴᠢ ᠤᠲᠠᠰᠤ᠂ ᠤᠭᠯᠠᠭᠤᠷᠭ᠎ᠠ᠂ ᠵᠠᠯᠭ᠋ᠠᠭᠤᠷ ᠵᠡᠷᠭᠡ ᠵᠢ ᠳᠤᠷ᠎ᠠ᠎ᠪᠠᠷ ᠵᠶ᠋ᠠᠨ ᠵᠠᠳᠠᠯᠬᠤ ᠪᠤᠶᠤ ᠤᠭᠰᠠᠷᠠᠵᠤ ᠪᠣᠯᠬᠤ ᠦᠭᠡᠢ᠃
     4 . ᠲᠣᠭᠣᠭ᠋ᠠᠨ ᠬᠡᠷ᠎ᠤᠨ ᠬᠡᠷᠡᠭᠰᠡᠯ᠎ᠢ ᠵᠥᠪ ᠬᠡᠷᠡᠭᠯᠡᠵᠦ᠂ ᠰᠢᠲᠠᠮᠠᠬᠠᠢ ᠬᠡᠶ ᠵᠢ ᠬᠡᠷᠡᠭᠯᠡᠬᠦ ᠠᠮᠤᠷ ᠲᠦᠪᠰᠢᠨ᠎ᠢ ᠠᠩᠬᠠᠷᠤᠨ᠎ᠠ᠃
     5 . ᠠᠷᠢᠭᠤᠳᠬᠠᠬᠤ ᠡᠳ᠋ ᠵᠡᠷᠭᠡ ᠬᠤᠤᠷᠲᠤ ᠡᠳ᠋᠎ᠲᠠᠢ ᠳᠤᠷ᠎ᠠ᠎ᠪᠠᠷ ᠵᠶ᠋ᠠᠨ ᠣᠢ᠌ᠷᠠᠳᠴᠤ ᠪᠣᠯᠬᠤ ᠥᠬᠡᠶ᠂ ᠨᠠᠩ ᠴᠤ᠌ ᠢᠳᠡᠵᠦ ᠪᠣᠯᠬᠤ ᠥᠬᠡᠶ᠃
     6 . ᠭᠠᠯ᠎ᠤᠨ ᠠᠶᠤᠯ ᠭᠠᠷᠪᠠᠯ ᠪᠤᠰᠢᠭᠤᠬᠠᠨ ᠳᠤᠲᠠᠭ᠋ᠠᠵᠤ ᠥᠪᠡᠷ᠎ᠢ᠎ᠪᠠᠨ ᠠᠪᠤᠷᠠᠨ᠎ᠠ᠂ ᠵᠣᠭᠣᠰ ᠮᠥᠩᠭᠥᠨ᠎ᠳᠤ ᠰᠢᠨᠤᠬᠤ ᠦᠭᠡᠶ᠂ ᠳᠠᠷᠤᠢ᠎ᠳᠤ᠎ᠨᠢ ᠴᠠᠭᠳᠠᠭ᠎ᠠ᠎ᠳᠤ ᠮᠡᠳᠡᠭᠦᠯᠵᠦ ᠲᠤᠰᠠᠯᠠᠮᠵᠢ ᠭᠤᠶᠤᠨ᠎ᠠ᠃
      ᠴᠠᠬᠢᠯᠭ᠋ᠠᠨ ᠱᠠᠲᠤᠨ᠎ᠤ ᠠᠮᠤᠷ ᠲᠦᠪᠰᠢᠨ
     1 . ᠴᠠᠬᠢᠯᠭ᠋ᠠᠨ ᠱᠠᠲᠤ᠎ᠪᠠᠷ ᠣᠷᠣᠵᠤ ᠭᠠᠷᠬᠤ᠎ᠳᠤ᠎ᠪᠠᠨ ᠤᠷᠢᠳ ᠵᠶ᠋ᠠᠷ ᠴᠠᠬᠢᠯᠭ᠋ᠠᠨ ᠱᠠᠲᠤ ᠬᠦᠷᠴᠦ ᠢᠷᠡᠭᠰᠡᠨ᠎ᠢ ᠨᠤᠲᠠᠯᠠᠭᠰᠠᠨ᠎ᠤ ᠳᠠᠷᠠᠭ᠎ᠠ ᠰᠠᠶᠢ ᠬᠥᠳᠡᠯᠦᠨ᠎ᠡ᠃
     2 . ᠴᠠᠬᠢᠯᠭ᠋ᠠᠨ ᠱᠠᠲᠤᠨ᠎ᠳᠤ ᠤᠷᠤᠭᠰᠠᠨ᠎ᠤ ᠳᠠᠷᠠᠭ᠎ᠠ᠂ ᠠᠮᠤᠷ ᠲᠦᠪᠰᠢᠨ ᠭᠠᠵᠠᠷ ᠵᠣᠭᠰᠣᠨ᠎ᠠ᠃ ᠴᠠᠬᠢᠯᠭ᠋ᠠᠨ ᠱᠠᠲᠤᠨ᠎ᠤ ᠡᠭᠦᠳᠡ ᠵᠢ ᠲᠦᠰᠢᠨ ᠵᠣᠭᠰᠤᠵᠤ ᠪᠣᠯᠬᠤ ᠦᠭᠡᠢ᠂ ᠴᠠᠬᠢᠯᠭ᠋ᠠᠨ ᠱᠠᠲᠤᠨ᠎ᠤ ᠡᠭᠦᠳᠡ ᠭᠡᠨᠡᠳᠲᠡ ᠨᠡᠭᠡᠭᠡᠭᠳᠡᠬᠦ᠎ᠠᠴᠠ ᠰᠡᠷᠭᠡᠢ᠌ᠯᠡᠨ᠎ᠡ᠃
     3 . ᠬᠤᠷᠤᠭᠤ᠎ᠪᠠᠨ ᠰᠢᠷᠬᠠᠲᠤᠭᠤᠯᠬᠤ᠎ᠠᠴᠠ ᠰᠡᠷᠭᠡᠶ᠋ᠢᠯᠡᠬᠦ ᠵᠢᠨ ᠲᠥᠯᠥᠭᠡ ᠭᠠᠷ ᠵᠶ᠋ᠠᠨ ᠴᠠᠬᠢᠯᠭ᠋ᠠᠨ ᠱᠠᠲᠤᠨ᠎ᠤ ᠡᠭᠦᠳᠡᠨ᠎ᠠᠴᠠ ᠣᠢ᠌ᠷᠠᠯᠴᠠᠭ᠎ᠠ ᠪᠠᠢ᠌ᠯᠭ᠋ᠠᠬᠤ ᠦᠭᠡᠢ᠃   ᠠᠶᠤᠯᠲᠠᠢ ᠬᠥᠳᠡᠯᠭᠡᠭᠡᠨ ᠬᠢᠬᠦ ᠦᠭᠡᠢ᠃
     4 . ᠴᠠᠬᠢᠯᠭ᠋ᠠᠨ ᠱᠠᠲᠤ ᠤᠨᠠᠬᠤ᠎ᠠᠴᠠ ᠰᠡᠷᠭᠡᠶ᠋ᠢᠯᠡᠬᠦ ᠵᠢᠨ ᠲᠥᠯᠥᠭᠡ ᠳᠤᠷ᠎ᠠ᠎ᠪᠠᠷ ᠵᠶ᠋ᠠᠨ ᠠᠯᠠᠭ᠋ᠠᠳᠠᠬᠤ᠂ ᠢᠰᠬᠦᠯᠬᠦ᠂ ᠦᠰᠦᠷᠬᠦ ᠵᠢ ᠴᠡᠭᠡᠷᠯᠡᠨ᠎ᠡ᠃
     5 . ᠴᠠᠬᠢᠯᠭ᠋ᠠᠨ ᠱᠠᠲᠤᠨ᠎ᠤ ᠬᠠᠵᠠᠭᠤ ᠵᠢᠨ ᠳᠠᠷᠤᠪᠴᠢ ᠵᠢ ᠳᠤᠷ᠎ᠠ᠎ᠪᠠᠷ ᠵᠶ᠋ᠠᠨ ᠳᠠᠷᠤᠵᠤ ᠪᠣᠯᠬᠤ ᠥᠬᠡᠶ᠂ ᠴᠠᠬᠢᠯᠭ᠋ᠠᠨ ᠱᠠᠲᠤ ᠭᠡᠮᠲᠦᠯ ᠭᠠᠷᠬᠤ᠎ᠠᠴᠠ ᠰᠡᠷᠭᠡᠢ᠌ᠯᠡᠨ᠎ᠡ᠃
     6 . ᠴᠠᠬᠢᠯᠭ᠋ᠠᠨ ᠱᠠᠲᠤᠨ᠎ᠳᠤ ᠬᠣᠷᠢᠭᠳᠠᠬᠤ ᠦᠶ᠎ᠡ ᠪᠡᠶ᠎ᠡ ᠵᠢᠨ ᠠᠮᠤᠷ ᠲᠦᠪᠰᠢᠨ ᠵᠶ᠋ᠠᠨ ᠵᠥᠪ ᠵᠶ᠋ᠠᠷ ᠬᠠᠮᠠᠭ᠋ᠠᠯᠠᠬᠤ ᠵᠢᠨ ᠬᠠᠮᠲᠤ ᠲᠤᠰᠠᠯᠠᠮᠵᠢ ᠭᠤᠶᠤᠨ᠎ᠠ᠃


     6 . ᠭᠠᠳᠠᠭᠰᠢ ᠭᠠᠷᠴᠤ ᠵᠤᠭ᠋ᠠᠴᠠᠬᠤ ᠠᠮᠤᠷ ᠲᠦᠪᠰᠢᠨ



     1 . ᠭᠣᠣᠯ᠎ᠤᠨ ᠬᠥᠪᠡᠭᠡ᠂ ᠤᠰᠤᠨ ᠴᠥᠭᠥᠷᠥᠮ᠂ ᠨᠠᠭᠤᠷ᠂ ᠬᠤᠳᠳᠤᠭ ᠵᠡᠷᠭᠡ ᠠᠶᠤᠯᠲᠠᠢ ᠭᠠᠵᠠᠷ᠎ᠲᠤ ᠣᠴᠢᠵᠤ ᠨᠠᠭ᠋ᠠᠳᠬᠤ ᠦᠭᠡᠢ᠂ ᠮᠥᠰᠦᠨ᠎ᠳᠤ ᠲᠡᠰᠢᠬᠦ ᠦᠭᠡᠢ᠂ ᠡᠳᠡᠭᠡᠷ ᠭᠠᠵᠠᠷ᠎ᠲᠤ ᠣᠴᠢᠵᠤ ᠵᠤᠭ᠋ᠠᠴᠠᠵᠤ ᠴᠡᠩᠭᠡᠯᠳᠦᠬᠦ᠎ᠳᠤ ᠡᠷᠬᠡᠪᠰᠢ ᠭᠡᠷ᠎ᠤᠨ ᠠᠬᠠᠮᠠᠳ ᠪᠠᠷ᠎ᠠ ᠪᠣᠯᠵᠤ᠂ ᠤᠰᠤᠨ᠎ᠤ ᠡᠨᠳᠡᠯ ᠭᠠᠷᠬᠤ᠎ᠠᠴᠠ ᠰᠡᠷᠭᠡᠢ᠌ᠯᠡᠨ᠎ᠡ᠃ ᠬᠠᠨᠢ ᠨᠥᠬᠥᠳ ᠴᠢᠨᠢ ᠤᠰᠤᠨ᠎ᠳᠤ ᠤᠨᠠᠪᠠᠯ ᠭᠠᠷ ᠬᠣᠯᠪᠤᠯᠴᠠᠨ ᠰᠣᠬᠣᠷ ᠪᠠᠯᠠᠶ᠎ᠪᠠᠷ ᠠᠪᠤᠷᠠᠯᠳᠠ ᠬᠢᠬᠦ᠎ᠠᠴᠠ ᠵᠠᠶ᠋ᠢᠯᠠᠰᠬᠢᠵᠦ᠂ ᠤᠶᠤᠨᠴᠢ ᠠᠪᠤᠷᠠᠯᠳᠠ ᠬᠢᠵᠦ᠂ ᠳᠠᠷᠤᠶ᠋ᠢᠬᠠᠨ ᠲᠣᠮᠤ ᠬᠥᠮᠦᠨ᠎ᠠᠴᠠ ᠲᠤᠰᠠᠯᠠᠮᠵᠢ ᠭᠤᠶᠤᠨ᠎ᠠ᠃
     2 . ᠰᠠᠭᠤᠭ᠋ᠠᠯᠢ ᠲᠣᠭᠣᠷᠢᠭ᠂ ᠴᠡᠴᠡᠷᠯᠢᠭ ᠵᠡᠷᠭᠡ ᠭᠠᠵᠠᠷ ᠣᠷᠣᠨ᠎ᠤ ᠪᠡᠶ᠎ᠡ ᠪᠣᠯᠪᠠᠰᠤᠷᠠᠭᠤᠯᠬᠤ ᠪᠠᠭ᠋ᠠᠵᠢ ᠬᠡᠷᠡᠭᠰᠡᠯ᠎ᠤᠨ ᠠᠮᠤᠷ ᠲᠦᠪᠰᠢᠨ᠎ᠢ ᠰᠡᠷᠡᠮᠵᠢᠯᠡᠵᠦ᠂ ᠠᠶᠤᠯᠲᠠᠶ ᠬᠥᠳᠡᠯᠭᠡᠭᠡᠨ ᠬᠢᠬᠦ ᠥᠬᠡᠶ᠃
     3 . ᠰᠡᠷᠡᠮᠵᠢᠯᠡᠭᠦᠯᠬᠦ ᠲᠡᠮᠳᠡᠭ᠂ ᠬᠣᠷᠢᠭᠯᠠᠬᠤ ᠲᠡᠮᠳᠡᠭ᠎ᠢ ᠠᠩᠬᠠᠷᠤᠨ᠎ᠠ᠃ ᠬᠤᠳᠳᠤᠭ᠎ᠤᠨ ᠠᠮᠠᠰᠠᠷ᠂ ᠪᠣᠬᠢᠷ ᠤᠰᠤᠨ᠎ᠤ ᠠᠮᠠᠰᠠᠷ᠂ ᠰᠡᠷᠡᠮᠵᠢᠯᠡᠭᠦᠯᠬᠦ ᠲᠡᠮᠳᠡᠭ᠂ ᠬᠣᠷᠢᠭᠯᠠᠬᠤ ᠲᠡᠮᠳᠡᠭ᠎ᠲᠠᠢ ᠭᠠᠵᠠᠷ᠎ᠠᠴᠠ ᠬᠣᠯᠠ ᠪᠠᠢ᠌ᠵᠤ᠂ ᠠᠶᠤᠯᠲᠠᠢ ᠭᠠᠵᠠᠷ ᠣᠴᠢᠬᠤ ᠦᠭᠡᠢ᠂ ᠠᠶᠤᠯᠲᠠᠢ ᠬᠥᠳᠡᠯᠭᠡᠭᠡᠨ ᠬᠢᠬᠦ ᠦᠭᠡᠢ᠃
     4 . ᠥᠨᠲᠦᠷ᠎ᠲᠤ ᠡᠯᠭᠦᠭᠰᠡᠨ ᠴᠠᠬᠢᠯᠭ᠋ᠠᠨ ᠳᠡᠭᠡᠰᠦ᠂ ᠴᠠᠬᠢᠯᠭ᠋ᠠᠨ ᠤᠲᠠᠰᠤ᠎ᠲᠠᠢ ᠭᠠᠵᠠᠷ᠎ᠲᠤ ᠴᠠᠭ᠋ᠠᠰᠤᠨ ᠰᠢᠪᠠᠭᠤ ᠨᠢᠰᠬᠡᠬᠦ ᠪᠤᠶᠤ ᠪᠥᠮᠪᠥᠭᠡᠨ᠎ᠤ ᠲᠥᠷᠥᠯ᠎ᠤᠨ ᠬᠥᠳᠡᠯᠭᠡᠭᠡᠨ ᠬᠢᠵᠦ ᠪᠣᠯᠬᠤ ᠥᠬᠡᠶ᠃
     5 . ᠤᠷᠤᠯᠳᠤᠭ᠋ᠠᠨ᠂ ᠲᠣᠭᠯᠠᠯᠲᠠ ᠪᠤᠶᠤ ᠺᠢᠨᠣ᠋ ᠦᠵᠡᠬᠦ ᠦᠶᠡᠰ᠂ ᠲᠠᠯᠠᠪᠠᠢ᠎ᠳᠤ ᠮᠥᠷᠯᠡᠨ ᠣᠷᠣᠵᠤ᠂ ᠳ᠋ᠤᠭ᠋ᠠᠷ ᠵᠶ᠋ᠠᠷ ᠵᠶ᠋ᠠᠨ ᠰᠠᠭᠤᠵᠤ᠂ ᠪᠣᠯᠪᠠᠰᠤᠨ ᠦᠵᠡᠭᠴᠢ ᠪᠣᠯᠤᠨ᠎ᠠ᠃ ᠤᠷᠤᠯᠳᠤᠭ᠋ᠠᠨ ᠪᠤᠶᠤ ᠲᠣᠭᠯᠠᠯᠲᠠ ᠥᠨᠳᠦᠷᠯᠡᠭᠰᠡᠨ᠎ᠤ ᠠᠩᠭᠢ᠎ᠪᠠᠨ᠎ᠲᠠᠭᠠᠨ ᠭᠠᠷᠴᠤ᠂ ᠲᠠᠯᠠᠪᠤᠷ᠎ᠠᠴᠠ ᠭᠠᠷᠬᠤ ᠣᠷᠭᠢᠯ ᠦᠶ᠎ᠡ᠎ᠳᠤ ᠰᠢᠬᠠᠯᠳᠤᠵᠤ ᠪᠣᠯᠬᠤ ᠦᠭᠡᠢ᠃


     7 . ᠭᠠᠯ᠎ᠢ ᠰᠡᠷᠭᠡᠶ᠋ᠢᠯᠡᠬᠦ ᠠᠮᠤᠷ ᠲᠦᠪᠰᠢᠨ



     1 . ᠭᠡᠷ᠎ᠲᠤ᠎ᠪᠠᠨ ᠴᠦᠢ᠍ᠳᠧᠩ᠂ ᠨᠣᠴᠣᠭ᠋ᠠᠭᠤᠷ ᠵᠡᠷᠭᠡ ᠶᠠᠭᠤᠮ᠎ᠠ᠎ᠪᠠᠷ ᠨᠠᠭ᠋ᠠᠳᠬᠤ ᠦᠭᠡᠢ᠂ ᠳᠤᠷ᠎ᠠ᠎ᠪᠠᠷ ᠵᠶ᠋ᠠᠨ ᠭᠠᠯ ᠨᠣᠴᠣᠭ᠋ᠠᠬᠤ ᠦᠭᠡᠢ᠂ ᠨᠣᠴᠣᠮᠠᠲᠠᠭ᠋ᠠᠢ ᠳᠡᠯᠪᠡᠷᠡᠮᠡᠲᠡᠭᠡᠢ ᠪᠣᠳᠠᠰ᠎ᠤᠨ ᠣᠶ᠋ᠢᠷᠠᠯᠴᠠᠭ᠎ᠠ ᠭᠠᠯ ᠬᠡᠷᠡᠭᠯᠡᠬᠦ ᠦᠭᠡᠢ᠃
     2 . ᠭᠠᠯ᠎ᠤᠨ ᠠᠶᠤᠯ ᠭᠠᠷᠤᠭᠰᠠᠨ᠎ᠢ ᠣᠯᠵᠤ ᠮᠡᠳᠡᠪᠡᠯ ᠳᠠᠷᠤᠢ᠌ᠬᠠᠨ 119᠎ᠳᠤ ᠤᠲᠠᠰᠤᠳᠠᠬᠤ ᠬᠡᠷᠡᠭᠲᠡᠢ᠂ ᠭᠠᠭᠴᠠᠭ᠋ᠠᠷ ᠭᠠᠯ ᠤᠨᠲᠠᠷᠠᠭ᠋ᠠᠬᠤ ᠭᠡᠵᠦ ᠣᠷᠣᠯᠳᠤᠵᠤ ᠪᠣᠯᠬᠤ ᠥᠬᠡᠶ᠂ ᠬᠡᠷᠪᠡ ᠰᠢᠲᠠᠵᠤ ᠡᠬᠢᠯᠡᠭᠰᠡᠨ ᠪᠣᠯ ᠲᠦᠷᠭᠡᠨ ᠨᠣᠶ᠋ᠢᠲᠠᠨ ᠠᠯᠴᠢᠭᠤᠷ ᠵᠶ᠋ᠠᠷ ᠠᠮᠠ ᠬᠠᠮᠠᠷ ᠵᠶ᠋ᠠᠨ ᠪᠥᠭᠯᠡᠵᠦ᠂ ᠨᠢᠷᠤᠭᠤ᠎ᠪᠠᠨ ᠪᠥᠬᠥᠶ᠋ᠢᠯᠭᠡᠵᠦ ᠣᠲᠣᠭ᠎ᠠ ᠤᠨᠢᠶᠠᠷ᠎ᠠᠴᠠ ᠵᠠᠶ᠋ᠢᠯᠠᠨ᠂ ᠠᠭᠤᠳᠠᠮ ᠭᠠᠵᠠᠷ᠎ᠲᠤ ᠳᠤᠲᠠᠭ᠋ᠠᠵᠤ᠂ ᠴᠠᠬᠢᠯᠭ᠋ᠠᠨ ᠱᠠᠲᠤᠨ᠎ᠳᠤ ᠰᠠᠭᠤᠬᠤ ᠥᠬᠡᠶ᠂ ᠣᠯᠠᠨ ᠬᠥᠮᠦᠨ᠎ᠲᠠᠢ ᠰᠢᠬᠠᠯᠳᠤᠬᠤ ᠥᠬᠡᠶ᠃
     3 . ᠭᠡᠷ᠎ᠲᠤ᠎ᠪᠠᠨ ᠭᠠᠯ ᠤᠨᠲᠠᠷᠠᠭ᠋ᠠᠬᠤ ᠠᠮᠤᠷ ᠲᠦᠪᠰᠢᠨ᠎ᠤ 《ᠳᠥᠷᠪᠡᠨ ᠡᠷᠳᠡᠨᠢ》 ᠵᠢ ᠪᠡᠯᠡᠳᠭᠡᠨ᠎ᠡ᠄ ᠭᠠᠯ ᠤᠨᠲᠠᠷᠠᠭ᠋ᠠᠭᠤᠷ᠂ ᠤᠲᠤᠭ᠎ᠠ ᠰᠡᠷᠭᠡᠶ᠋ᠢᠯᠡᠬᠦ ᠪᠠᠭ᠂ ᠰᠢᠲᠠᠮᠠᠬᠠᠶ ᠬᠡᠢ ᠵᠢᠨ ᠲᠦᠭᠰᠢᠭᠦᠷᠢ ᠮᠡᠳᠡᠭᠡᠯᠡᠬᠦ ᠪᠠᠭ᠋ᠠᠵᠢ᠂ ᠭᠠᠯ ᠤᠨᠲᠠᠷᠠᠭ᠋ᠠᠬᠤ ᠬᠡᠪᠢᠰ᠃


     8 . ᠢᠳᠡᠭᠡᠨ ᠤᠮᠳᠠᠭ᠋ᠠᠨ᠎ᠤ ᠠᠮᠤᠷ ᠲᠦᠪᠰᠢᠨ



     1 . ᠬᠤᠪᠢ ᠬᠥᠮᠦᠨ᠎ᠤ ᠡᠷᠡᠭᠦᠯ ᠬᠠᠮᠠᠭ᠋ᠠᠯᠠᠯ᠎ᠢ ᠰᠠᠢ᠌ᠲᠤᠷ ᠬᠢᠬᠦ ᠰᠠᠶ᠋ᠢᠨ ᠰᠠᠶ᠋ᠢᠬᠠᠨ ᠳᠠᠳᠬᠠᠯ᠎ᠢ ᠤᠬᠠᠮᠰᠠᠷ᠎ᠠᠴᠠ᠎ᠪᠠᠨ ᠪᠤᠢ ᠪᠣᠯᠭ᠋ᠠᠨ᠎ᠠ᠃ ᠬᠣᠭᠣᠯᠠᠨ᠎ᠤ ᠡᠮᠦᠨ᠎ᠡ ᠭᠠᠳᠠᠭ᠋ᠠᠯᠠᠭᠰᠠᠨ᠎ᠤ ᠳᠠᠷᠠᠭ᠎ᠠ ᠭᠠᠷ ᠵᠶ᠋ᠠᠨ     ᠤᠬᠢᠶᠠᠨ᠎ᠠ᠃
     2 . ᠪᠣᠭᠣᠳᠠᠯᠯᠠᠭᠰᠠᠨ ᠢᠳᠡᠭᠡᠨ᠎ᠢ ᠬᠤᠳᠠᠯᠳᠤᠨ ᠠᠪᠬᠤ᠎ᠳᠤ ᠲᠠᠸᠠᠷ᠎ᠤᠨ ᠲᠡᠮᠳᠡᠭ᠂ ᠦᠢ᠍ᠯᠡᠳᠪᠦᠷᠢᠯᠡᠭᠰᠡᠨ ᠡᠳᠦᠷ ᠬᠤᠭᠤᠴᠠᠭ᠎ᠠ᠂ ᠴᠢᠨᠠᠷ᠎ᠢ ᠪᠠᠲᠤᠯᠠᠬᠤ ᠬᠤᠭᠤᠴᠠᠭ᠎ᠠ ᠵᠡᠷᠭᠡ ᠵᠢ ᠲᠣᠳᠣᠷᠬᠠᠶ ᠦᠵᠡᠬᠦ ᠬᠡᠷᠡᠭᠲᠡᠶ᠃ 《ᠭᠤᠷᠪᠠ ᠦᠭᠡᠶ》 ᠢᠳᠡᠭᠡᠨ᠂ ᠬᠤᠭᠤᠴᠠᠭ᠎ᠠ᠎ᠨᠢ ᠥᠩᠭᠡᠷᠡᠭᠰᠡᠨ ᠢᠳᠡᠭᠡᠨ᠎ᠢ ᠶᠠᠭ᠋ᠠᠬᠢᠭᠰᠠᠨ ᠴᠤ᠌ ᠬᠤᠳᠠᠯᠳᠤᠨ ᠠᠪᠴᠤ ᠢᠳᠡᠵᠦ ᠪᠣᠯᠬᠤ ᠦᠭᠡᠶ᠃
     3 . ᠭᠤᠸᠠ ᠵᠢᠮᠢᠰ᠎ᠢ ᠲᠦᠭᠦᠬᠡᠶ᠎ᠪᠠᠷ ᠢᠳᠡᠬᠦ᠎ᠳᠤ᠎ᠪᠠᠨ ᠤᠬᠢᠶᠠᠵᠤ ᠴᠡᠪᠡᠷᠯᠡᠭᠡᠳ ᠢᠳᠡᠨ᠎ᠡ᠃ ᠢᠯᠵᠠᠷᠠᠭᠰᠠᠨ ᠭᠤᠸᠠ ᠵᠢᠮᠢᠰ ᠢᠳᠡᠬᠦ ᠦᠭᠡᠢ᠃
     4 . ᠬᠡᠲᠦᠷᠡᠲᠡᠯ᠎ᠡ ᠢᠳᠡᠵᠦ ᠤᠤᠭᠤᠬᠤ ᠦᠭᠡᠢ᠂ ᠰᠢᠩᠭᠡᠭᠡᠯᠲᠡ ᠮᠠᠭᠤᠳᠠᠬᠤ᠎ᠠᠴᠠ ᠰᠡᠷᠭᠡᠢ᠌ᠯᠡᠨ᠎ᠡ᠃ ᠢᠳᠡᠵᠦ ᠤᠤᠭᠤᠬᠤ᠎ᠪᠠᠨ ᠬᠢᠴᠢᠶᠡᠨ᠎ᠡ᠂ ᠬᠣᠪᠳᠣᠭᠯᠠᠵᠤ ᠢᠯᠡᠭᠦᠦ ᠢᠳᠡᠪᠡᠯ ᠬᠣᠳᠣᠭᠣᠳᠣ ᠭᠡᠳᠡᠰᠦ ᠡᠪ ᠦᠭᠡᠢ ᠪᠣᠯᠤᠨ᠎ᠠ᠃


     9 . ᠰᠦᠯᠵᠢᠶᠡᠨ᠎ᠤ ᠠᠮᠤᠷ ᠲᠦᠪᠰᠢᠨ



     1 . ᠰᠦᠯᠵᠢᠶ᠎ᠡ ᠵᠢ ᠵᠥᠪ ᠵᠶ᠋ᠡᠷ ᠬᠡᠷᠡᠭᠯᠡᠵᠦ᠂ ᠰᠦᠯᠵᠢᠶᠡᠨ᠎ᠳᠤ ᠭᠠᠷᠬᠤ ᠴᠠᠭ᠎ᠢ ᠬᠢᠵᠠᠭ᠋ᠠᠷᠯᠠᠬᠤ ᠬᠡᠷᠡᠭᠲᠡᠶ᠃
     2 . ᠰᠦᠯᠵᠢᠶᠡᠨ᠎ᠳᠤ ᠠᠨᠳᠠ ᠪᠣᠯᠤᠯᠴᠠᠬᠤ ᠵᠢ ᠰᠠᠨᠠᠭ᠋ᠠᠴᠢᠯᠠᠳᠠᠭ ᠲᠠᠨᠢᠯ ᠪᠤᠰᠤ ᠬᠥᠮᠦᠨ᠎ᠢ ᠰᠡᠷᠡᠮᠵᠢᠯᠡᠵᠦ᠂ ᠵᠢᠷᠭᠢᠶᠡᠨ᠎ᠤ ᠴᠤᠭᠯᠠᠷᠠᠯ ᠵᠶ᠋ᠠᠷ ᠵᠣᠭᠣᠭᠳᠠᠬᠤ ᠵᠢ ᠪᠣᠯᠭᠣᠮᠵᠢᠯᠠᠵᠤ᠂ ᠲᠠᠨᠢᠯ ᠪᠤᠰᠤ ᠬᠥᠮᠦᠨ᠎ᠢ ᠨᠡᠮᠡᠬᠦ ᠪᠤᠶᠤ ᠲᠠᠨᠢᠯ ᠪᠤᠰᠤ ᠵᠢᠷᠭᠢᠶᠡᠨ᠎ᠤ ᠴᠤᠭᠯᠠᠷᠠᠯ᠎ᠳᠤ ᠣᠷᠣᠬᠤ᠎ᠠᠴᠠ ᠡᠮᠦᠨ᠎ᠡ ᠵᠠᠪᠠᠯ ᠲᠣᠮᠣ ᠬᠥᠮᠦᠨ ᠵᠶ᠋ᠠᠷ ᠵᠶ᠋ᠠᠨ ᠨᠥᠭᠥᠭᠡ ᠡᠲᠡᠭᠡᠳ᠎ᠤᠨ ᠵᠶ᠋ᠠᠨ ᠪᠡᠶ᠎ᠡ ᠵᠢᠨ ᠭᠠᠷᠤᠯ᠎ᠢ ᠬᠢᠨᠠᠭᠤᠯᠬᠤ ᠬᠡᠷᠡᠭᠲᠡᠶ᠃
     3 . ᠬᠡᠷ᠎ᠤᠨ ᠠᠬᠠᠮᠠᠳ ᠥᠪᠡᠷ᠎ᠤᠨ ᠭᠠᠷ ᠤᠲᠠᠰᠤ᠎ᠪᠠᠷ ᠲᠣᠭ᠋ᠠᠴᠠᠭ᠎ᠠ ᠬᠢᠬᠦ ᠠᠮᠤᠷ ᠲᠦᠪᠰᠢᠨ᠎ᠤ ᠠᠷᠭ᠎ᠠ ᠬᠡᠮᠵᠢᠶ᠎ᠡ ᠵᠢ ᠰᠠᠶ᠋ᠢᠲᠤᠷ ᠬᠢᠬᠦ ᠬᠡᠷᠡᠭᠲᠡᠶ᠂ ᠬᠡᠦᠬᠡᠳ᠎ᠲᠤ᠎ᠪᠠᠨ ᠭᠠᠷ ᠤᠲᠠᠰᠤ᠎ᠪᠠᠷ ᠲᠣᠭ᠋ᠠᠴᠠᠭ᠎ᠠ ᠬᠢᠬᠦ ᠨᠢᠭᠤᠴᠠ ᠨᠣᠮᠧᠷ᠂ ᠪᠠᠩᠬᠢ ᠵᠢᠨ ᠲᠣᠭ᠋ᠠᠴᠠᠭ᠎ᠠ ᠬᠢᠬᠦ ᠨᠢᠭᠤᠴᠠ ᠨᠣᠮᠧᠷ ᠵᠡᠷᠭᠡ ᠴᠢᠬᠤᠯᠠ ᠮᠡᠳᠡᠭᠡ ᠵᠠᠩᠭᠢ᠎ᠪᠠᠨ ᠮᠡᠳᠡᠭᠦᠯᠬᠦ ᠦᠭᠡᠢ᠂ ᠬᠡᠦᠬᠡᠳ᠎ᠲᠤ᠎ᠪᠠᠨ ᠬᠣᠶᠠᠷ ᠬᠡᠮᠵᠢᠯᠳᠦ ᠺᠣᠳ᠋᠎ᠢ ᠰᠣᠬᠣᠷ ᠪᠠᠯᠠᠶ᠎ᠪᠠᠷ ᠰᠢᠷᠪᠢᠵᠦ ᠪᠣᠯᠬᠤ ᠥᠬᠡᠶ᠂ ᠨᠠᠩ ᠴᠤ᠌ ᠢᠷᠡᠯᠲᠡ᠎ᠨᠢ ᠲᠣᠳᠣᠷᠬᠠᠶ ᠥᠬᠡᠶ ᠴᠥᠷᠬᠡᠯᠡᠭᠡ ᠵᠢ ᠰᠣᠬᠣᠷ ᠪᠠᠯᠠᠶ᠎ᠪᠠᠷ ᠲᠣᠪᠴᠢᠳᠠᠵᠤ ᠪᠣᠯᠬᠤ ᠥᠬᠡᠶ ᠭᠡᠵᠦ ᠬᠡᠯᠡᠵᠦ ᠥᠭᠭᠦᠨ᠎ᠡ᠃
     4 . ᠰᠦᠯᠵᠢᠶᠡᠨ᠎ᠤ ᠦᠢ᠍ᠯᠡᠳᠦᠯ᠎ᠳᠤ ᠵᠥᠪ ᠵᠶ᠋ᠠᠷ ᠬᠠᠨᠳᠤᠵᠤ᠂ ᠡᠷᠡᠭᠦᠯ ᠪᠤᠰᠤ ᠮᠡᠳᠡᠭᠡ ᠵᠠᠩᠭᠢ ᠵᠢ ᠢᠯᠭ᠋ᠠᠨ ᠲᠠᠨᠢᠵᠤ᠂ ᠪᠤᠯᠬᠢ ᠪᠦᠳᠦᠭᠦᠯᠢᠭ ᠮᠡᠳᠡᠭᠡ ᠵᠠᠩᠭᠢ ᠵᠢᠨ ᠥᠳᠥᠭᠡᠯᠭᠡ ᠵᠢ ᠲᠡᠪᠴᠢᠵᠦ᠂ ᠬᠦᠰᠡᠯ ᠰᠢᠨᠤᠯ ᠵᠶ᠋ᠠᠨ ᠡᠵᠡᠮᠳᠡᠵᠦ᠂ ᠪᠡᠶ᠎ᠡ᠎ᠪᠠᠨ ᠪᠠᠷᠢᠬᠤ ᠵᠢ ᠰᠤᠷᠬᠤ ᠬᠡᠷᠡᠭᠲᠡᠢ᠃
     5 . ᠰᠦᠯᠵᠢᠶᠡᠨ᠎ᠳᠤ   ᠪᠤᠰᠤᠳ᠎ᠲᠠᠢ ᠬᠡᠷᠡᠯᠳᠦᠬᠦ ᠦᠭᠡᠢ᠂ ᠬᠠᠷᠢᠶᠠᠬᠤ ᠪᠤᠶᠤ ᠪᠤᠰᠤᠳ᠎ᠤᠨ ᠨᠢᠭᠤᠴᠠ ᠵᠢ ᠢᠯᠡᠷᠡᠭᠦᠯᠬᠦ ᠦᠭᠡᠢ᠃


     10 .   ᠪᠡᠯᠭᠡ ᠵᠢᠨ ᠬᠠᠯᠳᠠᠯᠭ᠎ᠠ ᠵᠢ ᠰᠡᠷᠭᠡᠢ᠌ᠯᠡᠬᠦ ᠬᠥᠮᠦᠵᠢᠯ



     1 . ᠬᠡᠦᠬᠡᠳ᠎ᠲᠤ ᠥᠪᠡᠷ᠎ᠤᠨ ᠪᠡᠶ᠎ᠡ ᠮᠠᠬᠠᠪᠣᠳ᠎ᠢ᠎ᠨᠢ ᠲᠠᠨᠢᠭᠤᠯᠵᠤ᠂ ᠠᠯᠢ᠎ᠨᠢ ᠨᠢᠭᠤᠴᠠ ᠭᠡᠳᠡᠭ᠎ᠢ ᠮᠡᠳᠡᠭᠦᠯᠬᠦ ᠬᠡᠷᠡᠭᠲᠡᠢ᠃ ᠬᠠᠮᠤᠭ ᠰᠠᠶ᠋ᠢᠨ ᠠᠷᠭ᠎ᠠ ᠪᠣᠯ ᠵᠢᠷᠤᠭ ᠵᠢᠷᠤᠵᠤ᠂ ᠲᠡᠳᠡᠨ᠎ᠳᠤ ᠣᠬᠣᠷ ᠥᠮᠥᠳᠥ ᠪᠣᠯᠤᠨ ᠡᠯᠢᠭᠡᠪᠴᠢ ᠵᠢᠨ ᠬᠠᠯᠬᠠᠯᠠᠭᠰᠠᠨ ᠭᠠᠵᠠᠷ ᠪᠣᠯ ᠪᠦᠷ ᠳᠤᠷ᠎ᠠ᠎ᠪᠠᠷ ᠵᠶ᠋ᠠᠨ ᠦᠵᠡᠭᠦᠯᠵᠦ ᠪᠣᠯᠬᠤ ᠦᠭᠡᠢ ᠭᠡᠵᠦ ᠵᠢᠭ᠋ᠠᠵᠤ ᠥᠭᠭᠦᠨ᠎ᠡ᠃
     2 . ᠬᠡᠦᠬᠡᠳ᠎ᠲᠤ᠎ᠪᠠᠨ ᠮᠠᠭᠤ ᠬᠥᠮᠦᠨ᠎ᠢ ᠢᠯᠭ᠋ᠠᠨ ᠲᠠᠨᠢᠬᠤ ᠠᠷᠭ᠎ᠠ ᠵᠢ ᠵᠢᠭ᠋ᠠᠵᠤ ᠥᠭᠭᠦᠨ᠎ᠡ᠂ ᠬᠡᠦᠬᠡᠳ᠎ᠲᠤ᠎ᠪᠠᠨ ᠮᠠᠭᠤ ᠬᠥᠮᠦᠨ᠎ᠢ ᠰᠢᠭᠤᠳ ᠦᠵᠡᠵᠦ ᠭᠠᠷᠬᠤ ᠦᠭᠡᠢ᠂ ᠲᠡᠳᠡ ᠪᠤᠰᠤᠳ ᠬᠥᠮᠦᠨ᠎ᠲᠠᠢ ᠶᠠᠮᠠᠷ ᠴᠤ᠌ ᠢᠯᠭ᠋ᠠᠭ᠎ᠠ ᠦᠭᠡᠢ᠂ ᠦᠵᠡᠬᠦ᠎ᠳᠤ ᠮᠠᠰᠢ ᠡᠶᠡᠯᠳᠡᠭ᠂ ᠢᠨᠢᠶᠡᠮᠰᠦᠭ ᠴᠢᠷᠠᠢ ᠭᠠᠷᠭ᠋ᠠᠵᠤ᠂ ᠪᠠᠰᠠ ᠠᠮᠲᠠᠲᠠᠢ ᠢᠳᠡᠭᠡᠨ ᠥᠭᠬᠦ ᠮᠠᠭ᠋ᠠᠳ ᠦᠭᠡᠢ ᠭᠡᠵᠦ ᠬᠡᠯᠡᠵᠦ ᠥᠭᠭᠦᠨ᠎ᠡ᠃
     3 . ᠠᠶᠤᠯᠭ᠋ᠠᠬᠤ ᠪᠠ ᠰᠦᠷᠳᠡᠭᠦᠯᠬᠦ᠎ᠳᠤ ᠶᠠᠭ᠋ᠠᠬᠢᠵᠤ ᠬᠠᠨᠳᠤᠬᠤ ᠵᠢ ᠬᠡᠦᠬᠡᠳ᠎ᠲᠤ᠎ᠪᠠᠨ ᠬᠡᠯᠡᠵᠦ ᠥᠭᠭᠦᠨ᠎ᠡ᠂ ᠪᠡᠯᠭᠡ ᠵᠢᠨ ᠬᠠᠯᠳᠠᠯᠭ᠎ᠠ᠎ᠳᠤ ᠤᠴᠠᠷᠠᠭᠰᠠᠨ ᠮᠠᠰᠢ ᠣᠯᠠᠨ ᠬᠡᠦᠬᠡᠳ ᠳᠤᠤᠭ᠋ᠠᠷᠴᠤ ᠴᠢᠳᠠᠬᠤ ᠦᠭᠡᠢ ᠪᠠᠢ᠌ᠳᠠᠭ᠎ᠨᠢ ᠪᠦᠷ ᠶᠠᠯᠠᠲᠠᠨ᠎ᠤ ᠠᠶᠤᠯᠭ᠋ᠠᠬᠤ ᠪᠠ ᠰᠦᠷᠳᠡᠭᠦᠯᠦᠭᠰᠡᠨ᠎ᠠᠴᠠ ᠪᠣᠯᠤᠭᠰᠠᠨ ᠶᠤᠮ᠃ ᠲᠡᠳᠡ ᠪᠡᠯᠭᠡ ᠵᠢᠨ ᠬᠠᠯᠳᠠᠯᠭ᠎ᠠ᠎ᠳᠤ ᠤᠴᠠᠷᠠᠭᠰᠠᠨ ᠵᠶ᠋ᠠᠨ ᠮᠡᠳᠡᠭᠰᠡᠨ ᠴᠦ᠍ ᠬᠡᠯᠡᠬᠦ ᠵᠣᠷᠢᠭ ᠦᠭᠡᠢ᠃
     4 . ᠪᠡᠯᠭᠡ ᠵᠢᠨ ᠬᠠᠯᠳᠠᠯᠭ᠎ᠠ᠎ᠳᠤ ᠤᠴᠠᠷᠠᠬᠤ᠎ᠨᠢ ᠬᠡᠦᠬᠡᠳ᠎ᠤᠨ ᠪᠤᠷᠤᠭᠤ ᠪᠢᠰᠢ᠂ ᠵᠠᠷᠢᠮ ᠬᠡᠦᠬᠡᠳ ᠪᠡᠯᠭᠡ ᠵᠢᠨ ᠬᠠᠯᠳᠠᠯᠭ᠎ᠠ᠎ᠳᠤ ᠤᠴᠠᠷᠠᠭᠰᠠᠨ᠎ᠤ ᠳᠠᠷᠠᠭ᠎ᠠ ᠠᠪᠤ ᠡᠵᠢ᠎ᠨᠢ ᠮᠡᠳᠡᠪᠡᠯ ᠬᠠᠷᠢᠶᠠᠵᠤ ᠵᠠᠩᠨᠠᠬᠤ᠎ᠠᠴᠠ     ᠠᠶᠤᠳᠠᠭ᠃
      ᠠᠪᠤ ᠡᠵᠢ᠎ᠨᠢ ᠬᠡᠦᠬᠡᠳ᠎ᠲᠤ᠎ᠪᠠᠨ ᠬᠡᠷᠪᠡ ᠬᠥᠮᠦᠨ ᠴᠢᠨᠦ ᠨᠢᠭᠤᠴᠠ ᠬᠡᠰᠡᠭ᠎ᠢ ᠬᠥᠨᠳᠡᠪᠡᠯ ᠪᠢᠲᠡᠭᠡᠢ ᠠᠶᠤ᠂ ᠴᠢ ᠪᠤᠷᠤᠭᠤ ᠶᠠᠪᠤᠳᠠᠯ ᠬᠢᠭᠰᠡᠨ ᠪᠢᠰᠢ᠂ ᠠᠪᠤ ᠡᠵᠢ᠎ᠳᠤ᠎ᠪᠠᠨ ᠬᠡᠯᠡᠨ᠎ᠡ᠂ ᠪᠢᠳᠡ ᠴᠢᠮ᠎ᠠ ᠵᠢ ᠵᠢᠮᠡᠯᠡᠬᠦ ᠦᠭᠡᠢ ᠶᠤᠮ ᠭᠡᠵᠦ ᠬᠡᠯᠡᠵᠦ ᠥᠭᠭᠦᠨ᠎ᠡ᠃


      ᠬᠠᠷᠠᠬᠠᠨ ᠪᠠᠭ᠎ᠠ᠎ᠠᠴᠠ᠎ᠨᠢ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠤᠬᠠᠮᠰᠠᠷ᠎ᠢ ᠬᠥᠮᠥᠵᠢᠭᠦᠯᠬᠦ᠎ᠨᠢ
      ᠬᠡᠦᠬᠡᠳ ᠥᠪᠡᠷ᠎ᠢ᠎ᠪᠠᠨ ᠵᠥᠪ ᠵᠶ᠋ᠠᠷ ᠬᠠᠮᠠᠭ᠋ᠠᠯᠠᠬᠤ ᠵᠢ ᠰᠤᠷᠬᠤ᠎ᠳᠤ ᠳᠤᠰᠠᠯᠠᠨ᠎ᠠ
      ᠠᠮᠤᠷ ᠲᠦᠪᠰᠢᠨ᠎ᠤ ᠤᠬᠠᠮᠰᠠᠷ᠎ᠢ ᠰᠠᠢ᠌ᠲᠤᠷ ᠪᠣᠶ ᠪᠣᠯᠭ᠋ᠠᠪᠠᠯ
      ᠬᠡᠦᠬᠡᠳ ᠨᠠᠰᠤᠨ ᠲᠤᠷᠰᠢᠳᠠ ᠲᠡᠭᠦᠨ᠎ᠤ ᠠᠰᠢᠭ᠎ᠢ ᠭᠦᠷᠲᠡᠵᠦ
      ᠠᠶᠤᠯ᠎ᠨᠢ ᠬᠡᠦᠬᠡᠳ᠎ᠠᠴᠠ ᠤᠯᠠᠮ ᠬᠣᠯᠠᠳᠠᠨ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
6 ᠲᠠᠯ᠎ᠠ᠎ᠪᠠᠷ ᠲᠣᠬᠢᠷᠠᠭᠤᠯᠤᠭᠰᠠᠨ᠄ ᠰᠤᠷᠭ᠋ᠠᠨ ᠬᠥᠮᠦᠵᠢᠯ᠎ᠤᠨ ᠶᠠᠮᠤᠨ ᠤᠯᠤᠰ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ᠎ᠲᠠᠢ ᠬᠠᠮᠲᠤᠷᠠᠨ ᠳᠡᠭᠡᠳᠦ ᠰᠤᠷᠭ᠋ᠠᠭᠤᠯᠢ᠂ ᠳᠤᠮᠳᠠᠳᠤ ᠪᠠᠭ᠎ᠠ ᠰᠤᠷᠭ᠋ᠠᠭᠤᠯᠢ ᠪᠣᠯᠤᠨ ᠬᠡᠦᠬᠡᠳ᠎ᠤᠨ ᠴᠡᠴᠡᠷᠯᠢᠭ ᠬᠡᠦᠬᠡᠳ ᠰᠠᠭ᠋ᠠᠲᠠᠭᠤᠯᠬᠤ ᠪᠠᠶ᠋ᠢᠭᠤᠯᠤᠮᠵᠢ ᠵᠢᠨ ᠰᠢᠨ᠎ᠡ ᠲᠢᠲᠢᠮᠯᠢᠭ ᠠᠭᠤᠰᠬᠢᠨ᠎ᠤ ᠦᠷᠪᠢᠰᠦᠯ᠎ᠤᠨ ᠬᠢᠵᠢᠭ᠎ᠢ ᠰᠡᠷᠭᠡᠶ᠋ᠢᠯᠡᠨ ᠡᠵᠡᠮᠳᠡᠬᠦ ᠮᠡᠷᠭᠡᠵᠢᠯ᠎ᠤᠨ ᠲᠥᠰᠦᠯ (ᠲᠠᠪᠤᠳᠤᠭ᠋ᠠᠷ ᠬᠡᠪᠯᠡᠯ)᠎ᠢ ᠳᠠᠷᠤᠮᠠᠯᠯᠠᠨ ᠲᠠᠷᠬᠠᠭ᠋ᠠᠪᠠ
ᠰᠤᠷᠭ᠋ᠠᠨ ᠬᠥᠮᠦᠵᠢᠯ᠎ᠤᠨ ᠶᠠᠮᠤᠨ ᠠᠯᠪᠠᠨ ᠪᠢᠴᠢᠭ ᠮᠠᠲ᠋ᠧᠷᠢᠶᠠᠯ ᠲᠠᠷᠬᠠᠭ᠋ᠠᠵᠤ᠂ 《5·1》᠎ᠤ ᠠᠮᠠᠷᠠᠯᠲᠠ ᠵᠢᠨ ᠬᠤᠭᠤᠴᠠᠭ᠋ᠠᠨ᠎ᠳᠠᠬᠢ ᠰᠤᠷᠭ᠋ᠠᠨ ᠬᠥᠮᠦᠵᠢᠯ᠎ᠤᠨ ᠰᠢᠰᠲ᠋ᠧᠮ᠎ᠤᠨ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠠᠵᠢᠯ᠎ᠢ ᠪᠠᠶ᠋ᠢᠷᠢᠯᠠᠭᠤᠯᠪᠠ
ᠪᠥᠬᠥ ᠣᠷᠣᠨ᠎ᠤ 《ᠰᠤᠷᠤᠭᠴᠢ ᠵᠢᠨ ᠬᠥᠳᠡᠯᠮᠦᠷᠢ ᠵᠢᠨ ᠬᠥᠮᠦᠵᠢᠯ᠎ᠤᠨ ᠤᠬᠠᠭᠤᠯᠭ᠎ᠠ ᠵᠢᠨ ᠰᠠᠷ᠎ᠠ》 ᠵᠢᠨ ᠠᠵᠢᠯᠯᠠᠭ᠎ᠠ ᠡᠬᠢᠯᠡᠪᠡ
ᠥᠪᠥᠷ ᠮᠣᠩᠭᠣᠯ᠎ᠤᠨ 2022 ᠣᠨ᠎ᠤ ᠡᠩ᠎ᠤᠨ ᠳᠡᠭᠡᠳᠦ ᠰᠤᠷᠭ᠋ᠠᠭᠤᠯᠢ᠎ᠳᠤ ᠰᠣᠷᠣᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠶ ᠰᠢᠯᠭ᠋ᠠᠯᠲᠠ᠎ᠳᠤ ᠰᠢᠯᠭ᠋ᠠᠭᠤᠯᠤᠭᠰᠠᠳ ᠠᠩᠬᠠᠷᠤᠭ᠋ᠠᠷᠠᠶ!
ᠬᠡᠦᠬᠡᠳ᠎ᠤᠨ ᠣᠢ᠌ᠷ᠎ᠠ ᠬᠠᠷᠠᠭ᠎ᠠ ᠵᠢ ᠶᠠᠭ᠋ᠠᠬᠢᠵᠤ ᠰᠡᠷᠭᠡᠶ᠋ᠢᠯᠡᠬᠦ ᠪᠣᠶ? ᠭᠡᠷ᠎ᠤᠨ ᠠᠬᠠᠮᠠᠳ ᠡᠳᠡᠭᠡᠷ ᠵᠦᠢ᠍ᠯ᠎ᠢ ᠠᠩᠬᠠᠷᠤᠭ᠋ᠠᠷᠠᠢ!
 
             蒙ICP备05000248号