ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠪᠦᠬᠦ ᠣᠷᠣᠨ᠎ᠤ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠬᠥᠮᠦᠵᠢᠯ᠎ᠤᠨ ᠪᠦᠲᠦᠭᠡᠯ ᠡᠯᠰᠡᠬᠦ ᠠᠵᠢᠯᠯᠠᠭ᠎ᠠ
ᠨᠡᠶ᠋ᠢᠲᠡᠯᠡᠭᠰᠡᠨ ᠴᠠᠭ᠄ 2023-05-08


      ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠤᠬᠠᠭᠤᠯᠭ᠎ᠠ ᠬᠥᠮᠦᠵᠢᠯ᠎ᠢ ᠤᠯᠠᠮ ᠨᠢᠭᠡ ᠠᠯᠬᠤᠮ ᠴᠢᠩᠭ᠋ᠠᠳᠬᠠᠵᠤ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠦᠵᠡᠯ ᠤᠬᠠᠮᠰᠠᠷ᠎ᠢ ᠲᠠᠷᠢᠬᠢᠨ᠎ᠳᠤ᠎ᠨᠢ ᠬᠠᠳᠠᠩᠰᠢᠭᠤᠯᠬᠤ ᠵᠢ ᠠᠬᠢᠭᠤᠯᠤᠨ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠬᠥᠮᠦᠵᠢᠯ᠎ᠤᠨ ᠬᠠᠮᠢᠶᠠᠷᠤᠯᠲᠠ ᠵᠢᠨ ᠬᠢᠷᠢ ᠲᠦᠪᠰᠢᠨ ᠵᠢᠴᠢ ᠥᠷᠭᠡᠨ ᠣᠯᠠᠨ ᠪᠠᠭᠰᠢ ᠰᠤᠷᠤᠭᠴᠢ ᠵᠢᠨ ᠬᠡᠷ᠎ᠤᠨ ᠠᠬᠠᠮᠠᠳ᠎ᠤᠨ ᠠᠮᠤᠷ ᠲᠦᠪᠰᠢᠨ᠎ᠤ ᠦᠵᠡᠯ ᠤᠬᠠᠮᠰᠠᠷ ᠪᠣᠯᠤᠨ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠬᠠᠮᠢᠶᠠᠷᠤᠯᠲᠠ᠎ᠳᠤ ᠣᠷᠣᠯᠴᠠᠬᠤ ᠢᠳᠡᠪᠬᠢᠵᠢᠯ᠎ᠢ ᠳᠡᠭᠡᠭᠰᠢᠯᠡᠭᠦᠯᠬᠦ ᠵᠢᠨ ᠲᠥᠯᠦᠭᠡ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠠᠴᠠ ᠪᠥᠬᠥ ᠣᠷᠣᠨ᠎ᠤ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠬᠥᠮᠦᠵᠢᠯ᠎ᠤᠨ ᠪᠦᠲᠦᠭᠡᠯ ᠡᠯᠰᠡᠬᠦ ᠠᠵᠢᠯᠯᠠᠭ᠎ᠠ ᠵᠢ ᠵᠣᠬᠢᠶᠠᠨ ᠪᠠᠶ᠋ᠢᠭᠤᠯᠪᠠ᠃ ᠡᠯᠰᠡᠬᠦ ᠴᠠᠭ᠎ᠨᠢ 6 ᠰᠠᠷ᠎ᠠ ᠵᠢᠨ 9᠎ᠤ ᠡᠳᠦᠷ ᠪᠣᠯᠲᠠᠯ᠎ᠠ ᠪᠣᠯᠤᠨ᠎ᠠ᠂ ᠥᠷᠭᠡᠨ ᠣᠯᠠᠨ ᠰᠤᠷᠭ᠋ᠠᠨ ᠬᠥᠮᠦᠵᠢᠯ᠎ᠤᠨ ᠠᠵᠢᠯᠲᠠᠳ᠎ᠤᠨ ᠢᠳᠡᠪᠬᠢᠲᠡᠶ ᠣᠷᠣᠯᠴᠠᠬᠤ ᠵᠢ ᠬᠦᠰᠡᠵᠦ ᠪᠠᠶ᠋ᠢᠨ᠎ᠠ᠃
      ᠡᠯᠰᠡᠬᠦ ᠡᠲᠡᠭᠡᠳ
      ᠡᠯ᠎ᠡ ᠱᠠᠲᠤᠨ᠎ᠤ ᠰᠤᠷᠭ᠋ᠠᠨ ᠬᠥᠮᠦᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠂ ᠰᠤᠷᠭ᠋ᠠᠨ ᠬᠥᠮᠦᠵᠢᠯ ᠡᠷᠳᠡᠮ ᠰᠢᠨᠵᠢᠯᠡᠭᠡᠨ᠎ᠤ ᠰᠠᠯᠠᠭ᠎ᠠ ᠮᠥᠴᠢᠷ᠎ᠤᠨ ᠠᠵᠢᠯᠲᠠᠨ᠂ ᠡᠯ᠎ᠡ ᠱᠠᠲᠤᠨ᠎ᠤ ᠡᠯ᠎ᠡ ᠲᠥᠷᠥᠯ᠎ᠤᠨ ᠰᠤᠷᠭ᠋ᠠᠭᠤᠯᠢ ᠵᠢᠨ ᠪᠠᠭᠰᠢ ᠰᠤᠷᠤᠭᠴᠢ᠃
      ᠡᠯᠰᠡᠬᠦ ᠠᠭᠤᠯᠭ᠎ᠠ
      ᠡᠭᠦᠨ᠎ᠳᠤ ᠰᠤᠷᠤᠭᠴᠢᠳ᠎ᠤᠨ ᠳᠣᠷᠣᠮᠵᠢᠯᠠᠯ᠎ᠢ ᠰᠡᠷᠭᠡᠶ᠋ᠢᠯᠡᠬᠦ᠂ ᠤᠰᠤᠨ᠎ᠳᠤ ᠡᠨᠳᠡᠬᠦ ᠵᠢ ᠰᠡᠷᠭᠡᠶ᠋ᠢᠯᠡᠬᠦ᠂ ᠮᠡᠬᠡᠯᠡᠯ᠎ᠢ ᠰᠡᠷᠭᠡᠶ᠋ᠢᠯᠡᠬᠦ᠂ ᠬᠤᠤᠷᠲᠤ ᠡᠳ᠋᠎ᠢ ᠰᠡᠷᠭᠡᠶ᠋ᠢᠯᠡᠬᠦ᠂ ᠪᠠᠶ᠋ᠢᠭ᠋ᠠᠯᠢ ᠵᠢᠨ ᠭᠠᠮᠰᠢᠭ᠎ᠢ ᠰᠡᠷᠭᠡᠶ᠋ᠢᠯᠡᠬᠦ᠂ ᠰᠤᠷᠭ᠋ᠠᠭᠤᠯᠢ ᠵᠢᠨ ᠬᠦᠷᠢᠶᠡᠨ᠎ᠤ ᠵᠢᠭᠡᠯᠡᠯᠭᠡ ᠵᠢ ᠬᠣᠷᠢᠭᠯᠠᠬᠤ᠂ ᠤᠯᠤᠰ᠎ᠤᠨ ᠠᠮᠤᠷ ᠲᠦᠪᠰᠢᠨ᠂ ᠢᠳᠡᠭᠡᠨ᠎ᠤ ᠡᠷᠡᠭᠦᠯ ᠬᠠᠮᠠᠭ᠋ᠠᠯᠠᠯ᠎ᠤᠨ ᠠᠮᠤᠷ ᠲᠦᠪᠰᠢᠨ᠂ ᠵᠠᠮ ᠬᠠᠷᠢᠯᠴᠠᠭ᠋ᠠᠨ᠎ᠤ ᠠᠮᠤᠷ ᠲᠦᠪᠰᠢᠨ᠂ ᠭᠠᠯ ᠰᠡᠷᠭᠡᠶ᠋ᠢᠯᠡᠬᠦ ᠠᠮᠤᠷ ᠲᠦᠪᠰᠢᠨ᠂ ᠰᠤᠷᠭ᠋ᠠᠭᠤᠯᠢ ᠵᠢᠨ ᠬᠦᠷᠢᠶᠡᠨ᠎ᠤ ᠡᠷᠬᠢᠨ ᠲᠣᠭᠣᠷᠢᠨ᠎ᠤ ᠠᠮᠤᠷ ᠲᠦᠪᠰᠢᠨ᠂ ᠰᠡᠳᠬᠢᠴᠡ ᠵᠢᠨ ᠡᠷᠡᠭᠦᠯ ᠮᠡᠨᠳᠦ᠂ ᠨᠠᠰᠤᠨ᠎ᠳᠤ ᠥᠯᠥ ᠬᠦᠷᠦᠭᠰᠡᠳ᠎ᠤᠨ ᠶᠠᠯ᠎ᠠ ᠬᠢᠬᠦ ᠵᠢ ᠰᠡᠷᠭᠡᠶ᠋ᠢᠯᠡᠬᠦ ᠵᠡᠷᠭᠡ ᠲᠠᠯ᠎ᠠ ᠵᠢᠨ ᠪᠢᠴᠢᠯ ᠸᠢᠳᠢᠣ᠋᠂ ᠪᠢᠴᠢᠯ ᠺᠢᠨᠣ᠋᠂ ᠺᠠᠷᠲ᠋ᠣᠨ ᠵᠢᠷᠤᠭ᠂ ᠨᠡᠶ᠋ᠢᠲᠡ ᠵᠢᠨ ᠠᠰᠠᠷᠠᠮᠵᠢ ᠵᠢᠨ ᠵᠠᠷ᠂ ᠰᠤᠷᠭ᠋ᠠᠭᠤᠯᠢ ᠵᠢᠨ ᠬᠦᠷᠢᠶᠡᠨ᠎ᠤ ᠳᠠᠭᠤᠤ᠂ ᠪᠤᠰᠤᠳ ᠲᠥᠷᠥᠯ᠎ᠤᠨ ᠰᠦᠯᠵᠢᠶᠡᠨ᠎ᠳᠠᠬᠢ ᠰᠢᠨ᠎ᠡ ᠵᠢ ᠡᠭᠦᠳᠬᠦ ᠪᠦᠲᠦᠭᠡᠯ᠎ᠢ ᠪᠠᠭᠲᠠᠭ᠋ᠠᠬᠤ ᠪᠣᠯᠪᠠᠴᠤ ᠬᠢᠵᠠᠭ᠋ᠠᠷᠯᠠᠬᠤ ᠦᠭᠡᠢ᠃
      ᠡᠯᠰᠡᠬᠦ ᠳᠡᠰ ᠳᠠᠷᠠᠭ᠋ᠠᠯᠠᠯ
      ᠡᠯ᠎ᠡ ᠠᠶ᠋ᠢᠮᠠᠭ ᠬᠣᠲᠠ ᠵᠢᠨ ᠰᠤᠷᠭ᠋ᠠᠨ ᠬᠥᠮᠦᠵᠢᠯ (ᠰᠤᠷᠭ᠋ᠠᠨ ᠬᠥᠮᠦᠵᠢᠯ ᠪᠡᠶ᠎ᠡ ᠵᠢᠨ ᠲᠠᠮᠢᠷ)᠎ᠤᠨ ᠲᠣᠪᠴᠢᠶ᠎ᠠ ᠪᠦᠲᠦᠭᠡᠯ᠎ᠢ ᠲᠥᠷᠥᠯ ᠬᠤᠪᠢᠶᠠᠵᠤ᠂ ᠡᠯ᠎ᠡ ᠲᠥᠷᠥᠯ᠎ᠤᠨ ᠪᠦᠲᠦᠭᠡᠯ᠎ᠢ ᠲᠤᠰ ᠲᠤᠰ 4᠎ᠠᠴᠠ ᠳᠡᠭᠡᠭᠰᠢ ᠪᠠᠲᠤᠯᠠᠨ ᠲᠠᠨᠢᠯᠴᠠᠭᠤᠯᠤᠨ᠎ᠠ; ᠡᠯ᠎ᠡ ᠳᠡᠭᠡᠳᠦ ᠰᠤᠷᠭ᠋ᠠᠭᠤᠯᠢ ᠪᠦᠲᠦᠭᠡᠯ᠎ᠢ ᠲᠥᠷᠥᠯ ᠬᠤᠪᠢᠶᠠᠭᠰᠠᠨ   ᠶᠣᠰᠤ᠎ᠪᠠᠷ ᠲᠤᠰ ᠲᠤᠰ 1᠎ᠠᠴᠠ ᠳᠡᠭᠡᠭᠰᠢ ᠵᠢ ᠪᠠᠲᠤᠯᠠᠨ ᠲᠠᠨᠢᠯᠴᠠᠭᠤᠯᠤᠨ᠎ᠠ᠃
      ᠪᠥᠲᠦᠭᠡᠯ᠎ᠤᠨ ᠰᠢᠯᠭ᠋ᠠᠷᠠᠭᠤᠯᠤᠯᠲᠠ
      ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠠᠴᠠ ᠲᠤᠰᠬᠠᠶ ᠮᠡᠷᠭᠡᠵᠢᠯᠲᠡᠳ᠎ᠢ ᠵᠣᠬᠢᠶᠠᠨ ᠪᠠᠢ᠌ᠭᠤᠯᠵᠤ᠂ ᠪᠠᠲᠤᠯᠠᠨ ᠲᠠᠨᠢᠯᠴᠠᠭᠤᠯᠤᠭᠰᠠᠨ ᠪᠦᠲᠦᠭᠡᠯ᠎ᠢ ᠬᠢᠨᠠᠨ ᠪᠠᠢ᠌ᠴᠠᠭ᠋ᠠᠵᠤ᠂ ᠬᠠᠮᠤᠭ᠎ᠤᠨ ᠡᠴᠦᠰ᠎ᠲᠤ ᠡᠯ᠎ᠡ ᠲᠥᠷᠥᠯ᠎ᠤᠨ ᠪᠦᠲᠦᠭᠡᠯ᠎ᠳᠤ ᠲᠤᠰ ᠲᠤᠰ ᠨᠢᠭᠡ ᠬᠣᠶᠠᠷ ᠭᠤᠷᠪᠠᠳᠤᠭ᠋ᠠᠷ ᠳᠡᠰ᠎ᠤᠨ ᠱᠠᠩᠨᠠᠯ᠂ ᠰᠢᠯᠢᠳᠡᠭ ᠵᠣᠬᠢᠶᠠᠨ ᠪᠠᠶ᠋ᠢᠭᠤᠯᠤᠭᠰᠠᠨ ᠱᠠᠩᠨᠠᠯ ᠪᠠ ᠰᠢᠯᠢᠳᠡᠭ ᠬᠠᠪᠰᠤᠷᠤᠨ ᠵᠢᠯᠣᠭᠣᠳᠣᠭᠴᠢ ᠵᠢ ᠰᠢᠯᠭ᠋ᠠᠷᠠᠭᠤᠯᠤᠨ ᠭᠠᠷᠭ᠋ᠠᠬᠤ ᠵᠢᠨ ᠬᠠᠮᠲᠤ ᠢᠷᠠᠭᠤ ᠠᠯᠳᠠᠷ᠎ᠤᠨ ᠦᠨᠡᠮᠯᠡᠯ ᠣᠯᠭᠣᠨ᠎ᠠ᠃
      ᠤᠬᠠᠭᠤᠯᠵᠤ ᠳᠡᠯᠭᠡᠨ ᠦᠵᠡᠭᠦᠯᠬᠦ
      ᠰᠢᠯᠢᠳᠡᠭ ᠪᠦᠲᠦᠭᠡᠯ᠎ᠢ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠤᠨ ᠰᠦᠯᠵᠢᠶᠡᠨ᠎ᠳᠤ ᠦᠵᠡᠭᠦᠯᠦᠨ ᠨᠡᠪᠲᠡᠷᠡᠭᠦᠯᠵᠦ᠂ ᠰᠤᠷᠭ᠋ᠠᠭᠤᠯᠢ ᠵᠢᠨ ᠬᠦᠷᠢᠶᠡᠨ᠎ᠤ ᠠᠮᠤᠷ ᠲᠦᠪᠰᠢᠨ᠎ᠤ ᠬᠥᠮᠦᠵᠢᠯ᠎ᠤᠨ ᠨᠡᠶ᠋ᠢᠲᠡ ᠵᠢᠨ ᠠᠰᠠᠷᠠᠮᠵᠢ ᠵᠢᠨ ᠤᠬᠠᠭᠤᠯᠭ᠎ᠠ᠎ᠳᠤ ᠬᠡᠷᠡᠭᠯᠡᠨ᠎ᠡ᠃
      ᠵᠣᠬᠢᠶᠠᠯ᠎ᠤᠨ ᠱᠠᠭ᠋ᠠᠷᠳᠠᠯᠭ᠎ᠠ
     1 . ᠪᠢᠴᠢᠯ ᠸᠢᠳᠢᠣ᠋ ᠵᠢᠨ ᠲᠥᠷᠥᠯ᠄ ᠪᠣᠳᠠᠲᠤ ᠲᠡᠮᠳᠡᠭᠯᠡᠯ᠂ ᠰᠢᠨ᠎ᠡ ᠵᠢ ᠡᠭᠦᠳᠬᠦ ᠪᠦᠲᠦᠭᠡᠯᠴᠢ ᠰᠡᠳᠬᠢᠮᠵᠢ ᠭᠡᠵᠦ ᠬᠣᠶᠠᠷ ᠲᠥᠷᠥᠯ᠎ᠳᠤ ᠬᠤᠪᠢᠶᠠᠨ᠎ᠠ᠃ ᠬᠡᠯᠪᠡᠷᠢ MPEG/MP4᠂ ᠮᠠᠲ᠋ᠧᠷᠢᠶᠠᠯ 300 M ᠎ᠠᠴᠠ ᠪᠠᠭ᠎ᠠ᠃ ᠵᠢᠷᠤᠭ ᠲᠣᠳᠣᠷᠬᠠᠶ᠂ ᠳᠠᠭᠤ ᠲᠣᠳᠣᠷᠬᠠᠶ᠂ ᠠᠭᠤᠯᠭ᠎ᠠ᠎ᠨᠢ ᠳᠡᠯᠭᠡᠴᠡ ᠵᠢᠨ ᠦᠰᠦᠭ᠎ᠲᠠᠢ᠂ ᠴᠠᠭ᠎ᠤᠨ ᠤᠷᠲᠤ ᠵᠢ 5 ᠮᠢᠨᠦ᠋ᠲ᠎ᠠᠴᠠ ᠬᠡᠲᠦᠷᠡᠭᠦᠯᠬᠦ ᠦᠭᠡᠢ᠃ ᠪᠦᠲᠦᠭᠡᠯ ᠪᠦᠷᠢ ᠵᠢᠨ ᠵᠣᠬᠢᠶᠠᠭᠴᠢ ᠵᠢ 4 ᠬᠥᠮᠦᠨ᠎ᠤ ᠳᠣᠲᠣᠷ᠎ᠠ ᠬᠢᠵᠠᠭ᠋ᠠᠷᠯᠠᠵᠤ᠂ 1 ᠵᠢᠯᠣᠭᠣᠳᠤᠭᠴᠢ ᠪᠠᠭᠰᠢ ᠲᠣᠬᠢᠷᠠᠭᠤᠯᠵᠤ ᠪᠣᠯᠤᠨ᠎ᠠ᠃
     2 . ᠪᠢᠴᠢᠯ ᠺᠢᠨᠣ᠋ ᠵᠢᠨ ᠲᠥᠷᠥᠯ᠄ ᠵᠦᠴᠦᠭᠡ ᠵᠢᠨ ᠦᠢ᠍ᠯᠡ ᠶᠠᠪᠤᠳᠠᠯ᠎ᠤᠨ ᠲᠥᠷᠥᠯ ᠪᠠ ᠶᠡᠷᠦᠩᠬᠡᠶ᠋ᠢᠯᠡᠭᠰᠡᠨ ᠲᠥᠷᠥᠯ (ᠺᠠᠷᠲ᠋ᠣᠨ ᠵᠢᠷᠤᠭ᠎ᠢ ᠪᠠᠭᠲᠠᠭ᠋ᠠᠬᠤ ᠦᠭᠡᠶ) ᠭᠡᠵᠦ ᠬᠤᠪᠢᠶᠠᠨ᠎ᠠ᠂ AVI/MP4/MOV ᠬᠡᠯᠪᠡᠷᠢ ᠵᠢᠨ ᠠᠩᠬᠠᠨ᠎ᠤ ᠪᠦᠲᠦᠭᠡᠯ᠂ ᠢᠯᠭ᠋ᠠᠮᠵᠢ 1920*1080᠂ ᠴᠠᠭ᠎ᠤᠨ ᠤᠷᠲᠤ ᠵᠢ 10 ᠮᠢᠨᠦ᠋ᠲ᠎ᠠᠴᠠ ᠬᠡᠲᠦᠷᠡᠭᠦᠯᠬᠦ ᠦᠭᠡᠶ᠂ ᠢᠨᠲ᠋ᠧᠷ ᠰᠦᠯᠵᠢᠶᠡᠨ᠎ᠤ ᠳᠠᠮᠵᠢᠭᠤᠯᠭ᠎ᠠ᠎ᠳᠤ ᠲᠣᠬᠢᠷᠠᠮᠵᠢᠲᠠᠶ ᠪᠠᠢ᠌ᠬᠤ ᠬᠡᠷᠡᠭᠲᠡᠢ᠃ ᠭᠤᠤᠯ ᠰᠡᠳᠦᠪ ᠲᠣᠪᠣᠶ᠋ᠢᠮ᠎ᠠ᠂ ᠥᠯᠢᠭᠡᠷ᠎ᠨᠢ ᠦᠢ᠍ᠯᠡ ᠶᠠᠪᠤᠳᠠᠯ᠎ᠲᠠᠢ ᠪᠠᠶ᠋ᠢᠵᠤ᠂ ᠲᠣᠭᠯᠠᠭᠴᠢ ᠵᠢᠨ ᠲᠣᠭᠯᠠᠯᠲᠠ ᠠᠮᠢᠳᠤᠯᠢᠭ᠂ ᠰᠡᠭᠦᠳᠡᠷᠯᠡᠭᠰᠡᠨ ᠵᠢᠷᠤᠭ ᠲᠣᠳᠣᠷᠬᠠᠶ ᠪᠥᠭᠡᠳ ᠠᠪᠴᠠᠯᠳᠤᠩᠭᠤᠶ᠂ ᠲᠠᠭᠤ ᠰᠢᠩᠭᠡᠭᠡᠯᠲᠡ ᠲᠣᠳᠣᠷᠬᠠᠶ᠂ ᠳᠡᠯᠭᠡᠴᠡ ᠵᠢᠨ ᠥᠰᠥᠭ᠎ᠨᠢ ᠲᠠᠭᠤ᠎ᠲᠠᠢ᠎ᠪᠠᠨ ᠲᠣᠬᠢᠷᠠᠮᠵᠢᠲᠠᠶ᠂ ᠪᠢᠴᠢᠭ ᠮᠠᠲ᠋ᠧᠷᠢᠶᠠᠯ 600 M᠎ᠠᠴᠠ ᠪᠠᠭ᠎ᠠ ᠪᠠᠶ᠋ᠢᠬᠤ ᠵᠢ ᠱᠠᠭ᠋ᠠᠷᠳᠠᠨ᠎ᠠ᠃ ᠪᠦᠲᠦᠭᠡᠯ ᠪᠦᠷᠢ ᠵᠢᠨ ᠵᠣᠬᠢᠶᠠᠭᠴᠢ ᠵᠢ 6 ᠬᠥᠮᠦᠨ ᠵᠶ᠋ᠡᠷ ᠬᠢᠵᠠᠭ᠋ᠠᠷᠯᠠᠵᠤ᠂ 1 ᠵᠢᠯᠣᠭᠣᠳᠤᠭᠴᠢ ᠪᠠᠭᠰᠢ ᠲᠣᠬᠢᠷᠠᠭᠤᠯᠵᠤ ᠪᠣᠯᠤᠨ᠎ᠠ᠃
     3 . ᠺᠠᠷᠲ᠋ᠣᠨ᠎ᠤ ᠲᠥᠷᠥᠯ᠄ ᠱᠣᠭ ᠵᠢᠷᠤᠭ᠎ᠤᠨ ᠪᠦᠲᠦᠭᠡᠯ ᠪᠠ ᠺᠠᠷᠲ᠋ᠣᠨ ᠣᠬᠣᠷ ᠺᠢᠨᠣ᠋ ᠭᠡᠵᠦ ᠬᠣᠶᠠᠷ ᠲᠥᠷᠥᠯ᠎ᠳᠤ ᠬᠤᠪᠢᠶᠠᠨ᠎ᠠ᠃ ᠱᠣᠭ ᠵᠢᠷᠤᠭ᠎ᠤᠨ ᠪᠦᠲᠦᠭᠡᠯ᠎ᠢ ᠳᠥᠷᠪᠡᠨ ᠲᠠᠰᠤᠯᠪᠤᠷᠢᠲᠤ ᠱᠣᠭ ᠵᠢᠷᠤᠭ (ᠳᠥᠷᠪᠡᠨ ᠵᠢᠷᠤᠭ᠎ᠤᠨ ᠲᠠᠰᠤᠯᠪᠤᠷᠢ᠎ᠪᠠᠷ ᠨᠢᠭᠡ ᠵᠢᠵᠢᠭ ᠥᠯᠢᠭᠡᠷ᠎ᠢ ᠢᠯᠡᠳᠭᠡᠬᠦ ᠪᠤᠶᠤ ᠨᠢᠭᠡ ᠪᠦᠲᠦᠭᠡᠯᠴᠢ ᠰᠡᠳᠬᠢᠮᠵᠢ ᠵᠢ ᠢᠯᠡᠷᠡᠭᠦᠯᠬᠦ ᠬᠡᠯᠪᠡᠷᠢ ᠵᠢ ᠪᠡᠶᠡᠯᠡᠭᠦᠯᠦᠨ᠎ᠡ) ᠪᠤᠶᠤ ᠲᠠᠩ ᠭᠠᠭᠴᠠ ᠵᠡᠭᠦᠯᠲᠡ ᠵᠢᠷᠤᠭ ᠭᠡᠵᠦ ᠬᠤᠪᠢᠶᠠᠨ᠂ ᠵᠢᠷᠤᠭ᠎ᠤᠨ ᠡᠬᠡ ᠨᠤᠤᠷᠠᠭ᠎ᠢ A 4 ᠴᠠᠭ᠋ᠠᠰᠤᠨ᠎ᠳᠤ ᠵᠣᠬᠢᠶᠠᠨ   ᠪᠥᠲᠦᠭᠡᠵᠦ᠂ ᠵᠢᠷᠤᠭ᠎ᠤᠨ ᠡᠬᠡ ᠨᠤᠤᠷᠠᠭ᠎ᠤᠨ ᠳᠥᠷᠪᠡᠨ ᠲᠠᠯ᠎ᠠ᠎ᠳᠤ᠎ᠨᠢ 2 cm ᠵᠢᠨ ᠬᠣᠭᠣᠰᠣᠨ ᠵᠠᠢ ᠦᠯᠡᠳᠡᠭᠡᠨ᠎ᠡ᠃ ᠵᠢᠷᠤᠭ ᠲᠣᠳᠣᠷᠬᠠᠶ᠂ ᠨᠢᠭᠤᠷ᠎ᠤᠨ ᠲᠣᠭ᠎ᠠ ᠵᠢ ᠲᠣᠳᠣᠷᠬᠠᠢ᠍ᠯᠠᠬᠤ ᠵᠢ ᠱᠠᠭ᠋ᠠᠷᠳᠠᠨ᠎ᠠ᠃ ᠺᠣᠮᠫᠢᠦ᠋ᠲ᠋ᠧᠷ ᠪᠤᠶᠤ ᠰᠢᠯᠵᠢᠮᠡᠯ ᠲᠥᠬᠥᠭᠡᠷᠦᠮᠵᠢ᠎ᠳᠤ ᠰᠠᠭᠤᠷᠢᠯᠠᠭᠰᠠᠨ ᠰᠢᠨ᠎ᠡ ᠵᠠᠭᠤᠴᠢᠯᠠᠭᠤᠷ᠎ᠤᠨ ᠪᠦᠲᠦᠭᠡᠯ᠎ᠨᠢ ᠭᠠᠷ ᠤᠲᠠᠰᠤᠨ᠎ᠤ ᠺᠠᠷᠲ᠋ᠣᠨ ᠵᠢᠷᠤᠭ᠎ᠤᠨ ᠠᠵᠢᠯ ᠲᠥᠷᠥᠯ᠎ᠤᠨ ᠪᠠᠷᠢᠮᠵᠢᠶ᠎ᠠ ᠵᠡᠷᠭᠡ ᠵᠢᠷᠤᠮᠵᠢᠯ᠎ᠳᠤ ᠨᠡᠶ᠋ᠢᠴᠡᠭᠰᠡᠨ ᠪᠠᠶ᠋ᠢᠬᠤ ᠬᠡᠷᠡᠭᠲᠡᠶ᠃ ᠲᠤᠰᠢᠶᠠᠬᠤ ᠡᠯᠧᠺᠲᠷᠣᠨ ᠵᠢᠷᠤᠭ᠎ᠤᠨ ᠬᠡᠯᠪᠡᠷᠢ ᠵᠢᠨ ᠱᠠᠭ᠋ᠠᠷᠳᠠᠯᠭ᠎ᠠ JPEG᠄ RGB ᠵᠢᠷᠤᠭ᠂ ᠢᠯᠭ᠋ᠠᠮᠵᠢ100 DPI (ᠬᠠᠮᠲᠤ᠎ᠳᠤ᠎ᠨᠢ TIFF ᠪᠢᠴᠢᠭ ᠮᠠᠲ᠋ᠧᠷᠢᠶᠠᠯ᠎ᠢ ᠬᠠᠩᠭ᠋ᠠᠨ᠎ᠠ) ᠪᠣᠯᠤᠨ᠎ᠠ᠃ ᠤᠩᠰᠢᠬᠤ ᠳᠡᠰ ᠳᠠᠷᠠᠭ᠎ᠠ ᠵᠢ ᠬᠤᠪᠢ ᠬᠥᠮᠦᠨ᠎ᠤ ᠳᠠᠳᠬᠠᠯ ᠵᠶ᠋ᠠᠨ ᠦᠨᠳᠦᠰᠦᠯᠡᠨ ᠵᠡᠭᠦᠨ᠎ᠠᠴᠠ ᠪᠠᠷᠠᠭᠤᠨᠰᠢ ᠪᠤᠶᠤ ᠪᠠᠷᠠᠭᠤᠨ᠎ᠠᠴᠠ ᠵᠡᠭᠦᠨᠰᠢ ᠰᠣᠩᠭᠣᠵᠤ ᠪᠣᠯᠤᠨ᠎ᠠ᠂ ᠪᠦᠲᠦᠭᠡᠯ᠎ᠤᠨ ᠲᠦᠷᠦᠭᠦᠦ ᠨᠢᠭᠤᠷ᠎ᠲᠤ ᠲᠣᠳᠣᠷᠬᠠᠶ᠋ᠢᠯᠠᠬᠤ ᠬᠡᠷᠡᠭᠲᠡᠶ᠃ ᠺᠠᠷᠲ᠋ᠣᠨ ᠣᠬᠣᠷ ᠺᠢᠨᠣ᠋ AVI / MOV / MP 4 ᠬᠡᠯᠪᠡᠷᠢ ᠵᠢᠨ ᠠᠩᠬᠠᠨ᠎ᠤ ᠪᠦᠲᠦᠭᠡᠯ ᠪᠠᠶ᠋ᠢᠵᠤ᠂ ᠢᠯᠭ᠋ᠠᠮᠵᠢ 1920 * 1080᠂ ᠴᠠᠭ᠎ᠤᠨ ᠣᠷᠳᠣ ᠵᠢ 10 ᠮᠢᠨᠦ᠋ᠲ᠎ᠠᠴᠠ ᠬᠡᠲᠦᠷᠡᠭᠦᠯᠬᠦ ᠥᠬᠡᠶ᠂ ᠪᠢᠴᠢᠭ ᠮᠠᠲ᠋ᠧᠷᠢᠶᠠᠯ 600 M  ᠎ᠠᠴᠠ ᠪᠠᠭ᠎ᠠ ᠪᠠᠶ᠋ᠢᠬᠤ ᠬᠡᠷᠡᠭᠲᠡᠶ᠃ ᠱᠣᠭ ᠵᠢᠷᠤᠭ᠎ᠤᠨ ᠪᠦᠲᠦᠭᠡᠯ᠎ᠤᠨ ᠪᠦᠲᠦᠭᠡᠯ ᠨᠢᠭᠡ ᠪᠦᠷᠢ ᠵᠢ 2 ᠬᠥᠮᠦᠨ᠎ᠤ ᠳᠣᠲᠣᠷ᠎ᠠ ᠬᠢᠵᠠᠭ᠋ᠠᠷᠯᠠᠵᠤ᠂ ᠺᠠᠷᠲ᠋ᠣᠨ ᠣᠬᠣᠷ ᠺᠢᠨᠣ᠋ ᠵᠢᠨ ᠪᠦᠲᠦᠭᠡᠯ ᠨᠢᠭᠡ ᠪᠦᠷᠢ ᠵᠢ 6 ᠬᠥᠮᠦᠨ᠎ᠤ ᠳᠣᠲᠣᠷ᠎ᠠ ᠬᠢᠵᠠᠭ᠋ᠠᠷᠯᠠᠨ᠎ᠠ; ᠨᠢᠭᠡ ᠵᠢᠭ᠋ᠠᠨ ᠵᠢᠯᠣᠭᠣᠳᠬᠤ ᠪᠠᠭᠰᠢ ᠲᠣᠬᠢᠷᠠᠭᠤᠯᠵᠤ ᠪᠣᠯᠤᠨ᠎ᠠ᠃
     4 . ᠨᠡᠶ᠋ᠢᠲᠡ ᠵᠢᠨ ᠠᠰᠠᠷᠠᠮᠵᠢ ᠵᠢᠨ ᠵᠠᠷ᠎ᠤᠨ ᠲᠥᠷᠥᠯ᠄ ᠳᠠᠷᠤᠮᠠᠯᠯᠠᠭᠰᠠᠨ ᠵᠠᠷ ᠮᠡᠳᠡᠭᠡ ᠪᠠ ᠳᠡᠯᠭᠡᠴᠡ ᠵᠢᠨ ᠵᠠᠷ ᠮᠡᠳᠡᠭᠡ ᠭᠡᠵᠦ ᠬᠣᠶᠠᠷ ᠲᠥᠷᠥᠯ᠎ᠳᠤ ᠬᠤᠪᠢᠶᠠᠵᠤ᠂ ᠠᠭᠤᠯᠭ᠎ᠠ ᠵᠢᠨ ᠤᠳᠤᠷᠢᠳᠤᠮᠵᠢ ᠢᠯᠡ ᠲᠣᠳᠣ᠂ ᠠᠭᠤᠯᠤᠭᠳᠠᠬᠤᠨ ᠵᠶ᠋ᠠᠷ ᠪᠠᠶᠠᠯᠢᠭ᠂ ᠬᠥᠮᠦᠰ᠎ᠤᠨ ᠰᠡᠳᠬᠢᠯ᠎ᠢ ᠵᠣᠷᠢᠭᠵᠢᠭᠤᠯᠬᠤ ᠵᠢ ᠱᠠᠭ᠋ᠠᠷᠳᠠᠨ᠎ᠠ᠃ ᠳᠠᠷᠤᠮᠠᠯᠯᠠᠭᠰᠠᠨ ᠵᠠᠷ᠎ᠲᠤ ᠰᠣᠨᠢᠨ ᠰᠡᠳᠬᠦᠯ᠎ᠤᠨ ᠵᠠᠷ᠂ ᠮᠡᠳᠡᠭᠳᠡᠯ᠎ᠤᠨ ᠵᠢᠷᠤᠭ ᠲᠥᠯᠥᠪᠯᠡᠭᠡ ᠵᠡᠷᠭᠡ ᠵᠢ ᠪᠠᠭᠲᠠᠭ᠋ᠠᠵᠤ᠂ ᠬᠡᠯᠪᠡᠷᠢ JPEG᠂ ᠥᠩᠭᠡ ᠪᠤᠳᠤᠭ᠎ᠤᠨ ᠵᠠᠭᠪᠤᠷ RGB᠂ ᠨᠢᠭᠡ ᠵᠢᠷᠤᠭ᠎ᠤᠨ ᠶᠡᠬᠡ ᠪᠠᠭ᠎ᠠ᠎ᠨᠢ 10 M ᠵᠢᠨ ᠳᠣᠲᠣᠷ᠎ᠠ ᠪᠠᠶ᠋ᠢᠵᠤ᠂ ᠰᠢᠷᠢᠰ ᠪᠦᠲᠦᠭᠡᠯ᠎ᠢ 3᠎ᠠᠴᠠ ᠬᠡᠲᠦᠷᠡᠭᠦᠯᠵᠦ ᠪᠣᠯᠬᠤ ᠥᠬᠡᠶ᠃ ᠳᠡᠯᠭᠡᠴᠡ ᠵᠢᠨ ᠵᠠᠷ᠎ᠤᠨ ᠠᠭᠤᠯᠭ᠎ᠠ ᠪᠦᠷᠢᠨ ᠲᠡᠭᠦᠯᠳᠡᠷ ᠪᠥᠭᠡᠳ ᠪᠣᠳᠠᠲᠠᠶ ᠪᠠᠶ᠋ᠢᠵᠤ᠂ ᠬᠥᠮᠦᠰ᠎ᠢ ᠰᠡᠩᠬᠡᠷᠡᠭᠦᠯᠬᠦ ᠵᠢᠨ ᠬᠠᠮᠲᠤ ᠭᠤᠤᠯ ᠰᠡᠳᠦᠪ᠎ᠲᠠᠢ᠎ᠪᠠᠨ ᠨᠡᠶ᠋ᠢᠴᠡᠵᠦ᠂ ᠬᠡᠯᠪᠡᠷᠢ MP 4᠂ ᠵᠢᠷᠤᠭ ᠲᠣᠳᠣᠷᠬᠠᠶ᠂ ᠲᠠᠭᠤ ᠲᠣᠳᠣᠷᠬᠠᠶ᠂ ᠠᠭᠤᠯᠭ᠎ᠠ᠎ᠨᠢ ᠳᠡᠯᠭᠡᠴᠡ ᠵᠢᠨ ᠥᠰᠥᠭ᠎ᠲᠠᠢ᠎ᠪᠠᠨ ᠳᠣᠭᠢᠷᠠᠵᠤ᠂ ᠴᠠᠭ᠎ᠤᠨ ᠣᠷᠳᠣ 1 ᠮᠢᠨᠦ᠋ᠲ᠎ᠠᠴᠠ ᠣᠬᠣᠷ᠂ ᠪᠢᠴᠢᠭ ᠮᠠᠲ᠋ᠧᠷᠢᠶᠠᠯ 200 M ᠎ᠠᠴᠠ ᠪᠠᠭ᠎ᠠ ᠪᠠᠢ᠌ᠬᠤ ᠬᠡᠷᠡᠭᠲᠡᠢ᠃ ᠳᠠᠷᠤᠮᠠᠯᠯᠠᠭᠰᠠᠨ ᠵᠠᠷ᠎ᠤᠨ ᠪᠦᠲᠦᠭᠡᠯ ᠨᠢᠭᠡ ᠪᠦᠷᠢ ᠵᠢ 2 ᠬᠥᠮᠦᠨ᠎ᠤ ᠳᠣᠲᠣᠷ᠎ᠠ ᠬᠢᠵᠠᠭ᠋ᠠᠷᠯᠠᠵᠤ᠂ ᠳᠡᠯᠭᠡᠴᠡ ᠵᠢᠨ ᠵᠠᠷ᠎ᠤᠨ ᠪᠦᠲᠦᠭᠡᠯ ᠨᠢᠭᠡ ᠪᠦᠷᠢ ᠵᠢ 4 ᠬᠥᠮᠦᠨ᠎ᠤ ᠳᠣᠲᠣᠷ᠎ᠠ ᠬᠢᠵᠠᠭ᠋ᠠᠷᠯᠠᠨ᠎ᠠ; 1 ᠵᠢᠯᠣᠭᠣᠳᠤᠭᠴᠢ ᠪᠠᠭᠰᠢ ᠲᠣᠬᠢᠷᠠᠭᠤᠯᠵᠤ ᠪᠣᠯᠤᠨ᠎ᠠ᠃
     5 . ᠰᠤᠷᠭ᠋ᠠᠭᠤᠯᠢ ᠵᠢᠨ ᠬᠦᠷᠢᠶᠡᠨ᠎ᠤ ᠳᠠᠭᠤᠤ ᠵᠢᠨ ᠲᠥᠷᠥᠯ᠎ᠢ ᠠᠩᠬ᠎ᠠ ᠵᠣᠬᠢᠶᠠᠭᠰᠠᠨ ᠳᠠᠭᠤᠤ ᠪᠠ ᠥᠭᠡᠷᠡᠴᠢᠯᠡᠨ ᠨᠠᠶ᠋ᠢᠷᠠᠭᠤᠯᠤᠭᠰᠠᠨ ᠳᠠᠭᠤᠤ ᠭᠡᠵᠦ ᠬᠣᠶᠠᠷ ᠲᠥᠷᠥᠯ᠎ᠳᠤ ᠬᠤᠪᠢᠶᠠᠨ᠎ᠠ᠃ ᠠᠩᠬ᠎ᠠ ᠵᠣᠬᠢᠶᠠᠭᠰᠠᠨ ᠳᠠᠭᠤᠤ ᠭᠡᠳᠡᠭ ᠪᠣᠯ ᠦᠭᠡ ᠠᠶ᠎ᠠ ᠵᠢ ᠪᠦᠷᠢᠮᠦᠰᠦᠨ ᠥᠪᠡᠷ ᠵᠶ᠋ᠠᠨ ᠵᠣᠬᠢᠶᠠᠨ ᠪᠦᠲᠦᠭᠡᠭᠰᠡᠨ ᠳᠠᠭᠤᠨ᠎ᠤ ᠪᠦᠲᠦᠭᠡᠯ ᠪᠤᠶᠤ ᠨᠠᠢ᠍ᠮᠠᠨ ᠵᠢᠵᠢᠭ ᠬᠡᠰᠡᠭ (ᠨᠠᠢ᠍ᠮᠠᠨ ᠵᠢᠵᠢᠭ ᠬᠡᠰᠡᠭ᠎ᠠᠴᠠ ᠬᠡᠲᠦᠷᠡᠭᠦᠯᠬᠦ ᠥᠬᠡᠶ) ᠵᠶ᠋ᠠᠷ ᠯᠠᠪᠯᠠᠯᠲᠠ ᠪᠣᠯᠭ᠋ᠠᠭᠰᠠᠨ ᠪᠡᠯᠡᠨ ᠪᠠᠶ᠋ᠢᠭ᠎ᠠ ᠪᠦᠲᠦᠭᠡᠯ᠎ᠤᠨ ᠳᠠᠭᠤᠨ᠎ᠤ ᠡᠯᠧᠮᠧᠨ᠋ᠲ ᠵᠶ᠋ᠠᠷ ᠵᠣᠬᠢᠶᠠᠨ ᠪᠦᠲᠦᠭᠡᠭᠰᠡᠨ ᠳᠠᠭᠤᠨ᠎ᠤ ᠪᠦᠲᠦᠭᠡᠯ᠎ᠢ ᠬᠡᠯᠡᠨ᠎ᠡ; ᠥᠭᠡᠷᠡᠴᠢᠯᠡᠨ ᠨᠠᠶ᠋ᠢᠷᠠᠭᠤᠯᠤᠭᠰᠠᠨ ᠳᠠᠭᠤᠤ ᠭᠡᠳᠡᠭ᠎ᠨᠢ ᠶᠠᠮᠠᠷ ᠨᠢᠭᠡᠨ ᠳᠠᠭᠤᠨ᠎ᠤ ᠪᠦᠲᠦᠭᠡᠯ᠎ᠢ ᠠᠩᠬ᠎ᠠ ᠲᠠᠷᠬᠠᠭ᠋ᠠᠬᠤ ᠲᠣᠭᠯᠠᠯᠲᠠ ᠵᠢᠨ ᠬᠡᠯᠪᠡᠷᠢ ᠵᠢᠨ ᠰᠠᠭᠤᠷᠢᠨ ᠳᠡᠭᠡᠷ᠎ᠡ ᠥᠭᠡᠷᠡᠴᠢᠯᠡᠨ ᠨᠠᠶ᠋ᠢᠷᠠᠭᠤᠯᠤᠭᠰᠠᠨ ᠪᠠ ᠰᠢᠨ᠎ᠡ ᠵᠢ ᠡᠭᠦᠳᠦᠭᠰᠡᠨ ᠬᠣᠶᠠᠳᠠᠬᠢ ᠵᠣᠬᠢᠶᠠᠨ ᠪᠦᠲᠦᠭᠡᠯ᠎ᠢ ᠵᠢᠭ᠋ᠠᠵᠤ ᠪᠣᠶ᠃ ᠵᠣᠬᠢᠶᠠᠭᠰᠠᠨ ᠳᠠᠭᠤᠤ᠎ᠨᠢ ᠪᠦᠷᠢᠨ ᠪᠦᠲᠦᠨ ᠠᠦ᠋ᠳᠢᠤ᠋ ᠪᠤᠶᠤ ᠸᠢᠳᠢᠣ᠋᠂ ᠳᠠᠭᠤᠨ᠎ᠤ ᠦᠭᠡ ᠪᠠ ᠠᠶ᠎ᠠ ᠵᠢᠨ ᠨᠣᠲ᠎ᠢ ᠬᠠᠩᠭ᠋ᠠᠬᠤ ᠬᠡᠷᠡᠭᠲᠡᠶ᠃ ᠳᠠᠭᠤᠤ ᠵᠢ ᠥᠭᠡᠷᠡᠴᠢᠯᠡᠨ ᠨᠠᠢ᠌ᠷᠠᠭᠤᠯᠬᠤ᠎ᠳᠤ ᠠᠦ᠋ᠳᠢᠤ᠋ ᠪᠤᠶᠤ ᠸᠢᠳᠢᠣ᠋ ᠪᠠ ᠬᠥᠭᠵᠢᠮ᠎ᠤᠨ ᠨᠣᠲ᠎ᠢ ᠬᠠᠩᠭ᠋ᠠᠬᠤ ᠬᠡᠷᠡᠭᠲᠡᠶ᠃ ᠪᠦᠲᠦᠭᠡᠯ ᠪᠦᠷᠢ ᠵᠢᠨ ᠵᠣᠬᠢᠶᠠᠭᠴᠢ ᠵᠢ 3 ᠬᠥᠮᠦᠨ᠎ᠤ ᠳᠣᠲᠣᠷ᠎ᠠ ᠬᠢᠵᠠᠭ᠋ᠠᠷᠯᠠᠵᠤ᠂ 1 ᠵᠢᠭ᠋ᠠᠨ ᠵᠢᠯᠣᠭᠣᠳᠬᠤ ᠪᠠᠭᠰᠢ ᠲᠣᠬᠢᠷᠠᠭᠤᠯᠵᠤ ᠪᠣᠯᠤᠨ᠎ᠠ᠃
     6 . ᠪᠤᠰᠤᠳ ᠲᠥᠷᠥᠯ᠎ᠤᠨ ᠰᠦᠯᠵᠢᠶᠡᠨ᠎ᠳᠠᠬᠢ ᠰᠢᠨ᠎ᠡ ᠵᠢ ᠡᠭᠦᠳᠦᠭᠰᠡᠨ ᠪᠦᠲᠦᠭᠡᠯ᠎ᠤᠨ ᠲᠥᠷᠥᠯ᠄ ᠣᠷᠳᠣ ᠵᠢᠷᠤᠭ᠂ H 5 ᠬᠠᠭᠤᠳᠠᠰᠤᠨ ᠨᠢᠭᠤᠷ᠂ ᠸᠢᠴᠠᠲ᠎ᠤᠨ ᠵᠣᠬᠢᠶᠠᠯ (500 ᠥᠰᠥᠭ᠎ᠤᠨ ᠳᠣᠲᠣᠷ᠎ᠠ) ᠭᠡᠵᠦ ᠭᠤᠷᠪᠠᠨ ᠲᠥᠷᠥᠯ᠎ᠳᠤ ᠬᠤᠪᠢᠶᠠᠨ᠎ᠠ᠃ ᠤᠷᠲᠤ ᠵᠢᠷᠤᠭ᠎ᠤᠨ ᠪᠦᠲᠦᠭᠡᠯ᠎ᠲᠤ ᠵᠢᠷᠤᠭᠲᠤ ᠮᠠᠲ᠋ᠧᠷᠢᠶᠠᠯ ᠳᠤᠰᠢᠶᠠᠵᠤ᠂ ᠬᠡᠯᠪᠡᠷᠢ JPEG᠂ ᠮᠠᠲ᠋ᠧᠷᠢᠶᠠᠯ 10 M ᠎ᠠᠴᠠ ᠪᠠᠭ᠎ᠠ ᠪᠠᠢ᠌ᠬᠤ ᠬᠡᠷᠡᠭᠲᠡᠢ᠃ H 5 ᠬᠠᠭᠤᠳᠠᠰᠤᠨ ᠨᠢᠭᠤᠷ᠎ᠤᠨ ᠲᠥᠷᠦᠯ᠎ᠤᠨ ᠪᠦᠲᠦᠭᠡᠯ᠎ᠨᠢ ᠰᠦᠯᠵᠢᠶᠡᠨ᠎ᠤ ᠴᠥᠷᠬᠡᠯᠡᠭᠡ᠎ᠪᠠᠨ ᠳᠤᠰᠢᠶᠠᠨ᠎ᠠ᠃ ᠸᠢᠴᠠᠲ᠎ᠤᠨ ᠵᠣᠬᠢᠶᠠᠯ᠎ᠨᠢ ᠵᠣᠬᠢᠶᠠᠯ᠎ᠤᠨ ᠴᠥᠷᠬᠡᠯᠡᠭᠡ᠎ᠪᠠᠨ ᠳᠤᠰᠢᠶᠠᠨ᠎ᠠ᠃ ᠪᠦᠲᠦᠭᠡᠯ ᠪᠦᠷᠢ ᠵᠢᠨ ᠵᠣᠬᠢᠶᠠᠭᠴᠢ ᠵᠢ 1 ᠬᠥᠮᠦᠨ ᠵᠶ᠋ᠠᠷ ᠬᠢᠵᠠᠭ᠋ᠠᠷᠯᠠᠵᠤ᠂ 1 ᠵᠢᠯᠣᠭᠣᠳᠤᠭᠴᠢ ᠪᠠᠭᠰᠢ ᠲᠣᠬᠢᠷᠠᠭᠤᠯᠵᠤ ᠪᠣᠯᠤᠨ᠎ᠠ᠃

      ᠪᠤᠰᠤᠳ ᠠᠩᠬᠠᠷᠬᠤ ᠵᠦᠢ᠍ᠯ
     1 . ᠤᠷᠤᠯᠳᠤᠭ᠋ᠠᠨ᠎ᠳᠤ ᠣᠷᠣᠯᠴᠠᠭᠰᠠᠨ ᠪᠦᠲᠦᠭᠡᠯ᠎ᠨᠢ ᠲᠣᠰ ᠨᠢᠭᠡᠴᠢ ᠪᠤᠶᠤ ᠲᠣᠰ ᠬᠥᠮᠦᠨ᠎ᠤ ᠠᠩᠬᠠᠨ᠎ᠤ ᠪᠦᠲᠦᠭᠡᠯ ᠪᠠᠶ᠋ᠢᠬᠤ ᠬᠡᠷᠡᠭᠲᠡᠶ᠂ ᠬᠠᠭᠤᠯᠬᠤ ᠵᠢ ᠴᠢᠩᠭ᠎ᠠ ᠬᠣᠷᠢᠭᠯᠠᠨ᠎ᠠ᠃ ᠵᠣᠬᠢᠶᠠᠭᠴᠢ᠎ᠠᠴᠠ ᠬᠦᠷᠦᠭ ᠵᠢᠷᠤᠭ᠎ᠤᠨ ᠡᠷᠬᠡ᠂ ᠨᠡᠷ᠎ᠡ ᠲᠦᠷᠦ ᠵᠢᠨ ᠡᠷᠬᠡ᠂ ᠬᠤᠪᠢ ᠵᠢᠨ ᠨᠢᠭᠤᠴᠠ ᠵᠢᠨ ᠡᠷᠬᠡ᠂ ᠵᠣᠬᠢᠶᠠᠯ ᠪᠦᠲᠦᠭᠡᠯ᠎ᠤᠨ ᠡᠷᠬᠡ᠂ ᠲᠠᠸᠠᠷ᠎ᠤᠨ ᠲᠡᠮᠳᠡᠭᠲᠦ ᠵᠢᠨ ᠡᠷᠬᠡ ᠵᠡᠷᠭᠡ ᠬᠠᠤᠯᠢ ᠴᠠᠭ᠋ᠠᠵᠠ ᠵᠢᠨ ᠵᠢᠭᠤᠷᠠᠯᠳᠤᠭ᠋ᠠᠨ᠎ᠳᠤ ᠬᠣᠯᠪᠣᠭᠳᠠᠬᠤ ᠦᠭᠡᠢ ᠪᠠᠶ᠋ᠢᠬᠤ ᠵᠢ ᠪᠠᠲᠤᠯᠠᠬᠤ ᠬᠡᠷᠡᠭᠲᠡᠢ᠂ ᠡᠰᠡ ᠲᠡᠭᠡᠪᠡᠯ   ᠬᠠᠤᠯᠢ ᠵᠢᠨ ᠬᠠᠷᠢᠭᠤᠴᠠᠯᠭ᠎ᠠ ᠵᠢ ᠵᠣᠬᠢᠶᠠᠭᠴᠢ᠎ᠠᠴᠠ ᠡᠭᠦᠷᠭᠡᠯᠡᠨ᠎ᠡ᠃
     2 . ᠤᠷᠤᠯᠳᠤᠭ᠋ᠠᠨ᠎ᠳᠤ ᠣᠷᠣᠯᠴᠠᠭᠰᠠᠨ ᠪᠦᠲᠦᠭᠡᠯ᠎ᠨᠢ ᠭᠤᠤᠯ ᠰᠡᠳᠦᠪ᠎ᠲᠠᠢ ᠨᠢᠭᠲᠠ ᠤᠶᠠᠯᠳᠤᠭᠤᠯᠤᠨ᠂ ᠦᠵᠡᠯᠲᠡ ᠵᠥᠪ ᠣᠨᠣᠪᠴᠢᠲᠠᠶ᠂ ᠢᠳᠡᠪᠬᠢᠲᠡᠶ ᠥᠭᠡᠳᠡᠷᠬᠡᠭ ᠪᠠᠢ᠌ᠬᠤ ᠬᠡᠷᠡᠭᠲᠡᠶ; ᠪᠦᠲᠦᠭᠡᠯᠴᠢ ᠰᠢᠨ᠎ᠡ ᠰᠣᠷᠭᠣᠭ᠂ ᠨᠡᠯᠢᠶᠡᠳ ᠴᠢᠩᠭ᠎ᠠ ᠦᠵᠡᠯ ᠰᠠᠨᠠᠭ᠋ᠠᠴᠢ ᠴᠢᠨᠠᠷ᠂ ᠵᠢᠯᠣᠭᠣᠳᠬᠤ ᠴᠢᠨᠠᠷ᠂ ᠰᠤᠷᠭ᠋ᠠᠨ ᠬᠥᠮᠦᠵᠢᠭᠦᠯᠬᠦ ᠴᠢᠨᠠᠷ᠎ᠲᠠᠢ ᠪᠠᠢ᠌ᠬᠤ ᠬᠡᠷᠡᠭᠲᠡᠢ᠃ ᠶᠠᠮᠠᠷ ᠴᠤ᠌ ᠬᠤᠳᠠᠯᠳᠤᠭ᠋ᠠᠨ᠎ᠤ ᠵᠠᠷ ᠬᠠᠪᠴᠢᠭᠤᠯᠵᠤ ᠪᠣᠯᠬᠤ ᠦᠭᠡᠢ᠃ ᠤᠯᠤᠰ᠎ᠤᠨ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠢ ᠵᠥᠷᠢᠴᠡᠭᠰᠡᠨ᠂ ᠰᠢᠨᠵᠢᠯᠡᠬᠦ ᠤᠬᠠᠭ᠋ᠠᠨ᠎ᠤ ᠶᠡᠷᠦ ᠵᠢᠨ ᠮᠡᠳᠡᠯᠭᠡ ᠵᠢ ᠵᠥᠷᠢᠴᠡᠭᠰᠡᠨ ᠠᠭᠤᠯᠭ᠎ᠠ ᠪᠠᠢ᠌ᠵᠤ ᠪᠣᠯᠬᠤ ᠦᠭᠡᠶ; ᠱᠠᠯᠢᠭ ᠵᠠᠪᠬᠠᠶ᠂ ᠲᠤᠢ᠌ᠯ᠎ᠤᠨ ᠬᠦᠴᠦᠷᠬᠡᠭᠯᠡᠯ᠂ ᠬᠢᠲᠤᠯᠭ᠎ᠠ ᠵᠡᠷᠭᠡ ᠮᠠᠭᠤ ᠠᠭᠤᠯᠭ᠎ᠠ᠎ᠲᠠᠢ ᠪᠠᠶ᠋ᠢᠵᠤ ᠪᠣᠯᠬᠤ ᠦᠭᠡᠢ; ᠥᠩᠭᠡᠷᠡᠭᠰᠡᠨ᠎ᠳᠤ ᠤᠷᠤᠯᠳᠤᠭ᠋ᠠᠨ᠎ᠳᠤ ᠣᠷᠣᠯᠴᠠᠭ᠋ᠠᠳ ᠱᠠᠩᠨᠠᠯ ᠣᠯᠤᠭᠰᠠᠨ ᠪᠦᠲᠦᠭᠡᠯ᠎ᠢ ᠡᠨᠡ ᠤᠳᠠᠭ᠋ᠠᠨ᠎ᠤ ᠠᠵᠢᠯᠯᠠᠭ᠎ᠠ᠎ᠳᠤ ᠬᠡᠷᠡᠭᠯᠡᠵᠦ ᠪᠣᠯᠬᠤ ᠥᠬᠡᠶ᠃
     3 . ᠤᠷᠤᠯᠳᠤᠭ᠋ᠠᠨ᠎ᠳᠤ ᠣᠷᠣᠯᠴᠠᠭᠰᠠᠨ ᠪᠦᠲᠦᠭᠡᠯ᠎ᠤᠨ ᠬᠡᠪᠯᠡᠯ᠎ᠤᠨ ᠡᠷᠬᠡ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠳᠤ ᠥᠮᠴᠢᠯᠡᠭᠳᠡᠵᠦ᠂ ᠵᠣᠬᠢᠶᠠᠭᠴᠢ ᠨᠡᠷ᠎ᠡ᠎ᠪᠠᠨ ᠪᠢᠴᠢᠬᠦ ᠡᠷᠬᠡ᠎ᠲᠠᠢ᠂ ᠰᠤᠷᠭ᠋ᠠᠨ ᠬᠥᠮᠦᠵᠢᠯ᠎ᠤᠨ ᠲᠢᠩᠬᠢᠮ ᠬᠠᠮᠢᠶ᠎ᠠ ᠪᠥᠬᠥᠶ ᠠᠵᠢᠯᠯᠠᠭ᠋ᠠᠨ᠎ᠤ ᠶᠠᠪᠤᠴᠠ᠎ᠳᠤ ᠪᠦᠲᠦᠭᠡᠯ᠎ᠢ ᠦᠯᠡᠳᠡᠭᠡᠨ ᠬᠡᠷᠡᠭᠯᠡᠬᠦ ᠡᠷᠬᠡ᠎ᠲᠠᠢ᠃ ᠵᠣᠬᠢᠶᠠᠭᠴᠢ᠎ᠠᠴᠠ ᠡᠰᠢᠯᠡᠭᠰᠡᠨ ᠪᠠ ᠲᠣᠯᠢᠯᠠᠭᠤᠯᠤᠭᠰᠠᠨ ᠬᠡᠰᠡᠭ᠎ᠤᠨ ᠬᠡᠪᠯᠡᠯ᠎ᠤᠨ ᠡᠷᠬᠡ ᠵᠢ ᠬᠠᠷᠢᠭᠤᠴᠠᠨ᠎ᠠ᠃
     4 . ᠡᠨᠡ ᠤᠳᠠᠭ᠋ᠠᠨ᠎ᠤ ᠡᠯᠰᠡᠬᠦ ᠠᠵᠢᠯᠯᠠᠭ᠎ᠠ᠎ᠳᠤ ᠵᠥᠪᠬᠡᠨ ᠤᠷᠤᠯᠳᠤᠭ᠋ᠠᠨ᠎ᠳᠤ ᠣᠷᠣᠯᠴᠠᠭᠰᠠᠨ ᠪᠦᠲᠦᠭᠡᠯ᠎ᠤᠨ ᠣᠭ ᠮᠠᠲ᠋ᠧᠷᠢᠶᠠᠯ᠎ᠢ ᠭᠥᠯᠢᠶᠡᠨ ᠠᠪᠴᠤ᠂ ᠭᠥᠯᠢᠶᠡᠨ ᠠᠪᠤᠭᠰᠠᠨ᠎ᠤ ᠳᠠᠷᠠᠭ᠎ᠠ ᠳᠠᠭᠢᠵᠤ ᠪᠤᠴᠠᠭ᠋ᠠᠬᠤ ᠥᠬᠡᠶ᠃
     5 . ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ ᠪᠣᠳᠠᠲᠤ ᠪᠠᠶ᠋ᠢᠳᠠᠯ ᠵᠶ᠋ᠠᠨ ᠦᠨᠳᠦᠰᠦᠯᠡᠨ ᠡᠯᠰᠡᠬᠦ ᠠᠵᠢᠯᠯᠠᠭ᠋ᠠᠨ᠎ᠤ ᠠᠭᠤᠯᠭ᠎ᠠ᠂ ᠳᠦᠷᠢᠮ᠂ ᠱᠠᠩᠨᠠᠯ᠎ᠤᠨ ᠵᠦᠢ᠍ᠯ᠎ᠢ ᠲᠣᠬᠢᠷᠠᠭᠤᠯᠬᠤ ᠵᠡᠷᠭᠡ ᠬᠣᠯᠪᠣᠭᠳᠠᠯ ᠪᠦᠬᠦᠢ ᠵᠦᠢ᠍ᠯ᠎ᠳᠤ ᠲᠣᠬᠢᠷᠠᠭᠤᠯᠤᠯᠲᠠ ᠬᠢᠬᠦ ᠡᠷᠬᠡ᠎ᠲᠠᠢ᠂ ᠲᠠᠶ᠋ᠢᠯᠪᠤᠷᠢᠯᠠᠬᠤ ᠡᠷᠬᠡ᠎ᠨᠢ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠳᠤ ᠬᠠᠷᠢᠶᠠᠯᠠᠭᠳᠠᠨ᠎ᠠ᠃


ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
2023 ᠣᠨ᠎ᠤ ᠳᠡᠭᠡᠷ᠎ᠡ ᠬᠠᠭ᠋ᠠᠰ ᠵᠢᠯ᠎ᠤᠨ ᠳᠤᠮᠳᠠᠳᠤ ᠪᠠᠭ᠎ᠠ ᠰᠤᠷᠭ᠋ᠠᠭᠤᠯᠢ ᠵᠢᠨ ᠪᠠᠭᠰᠢ ᠵᠢᠨ ᠬᠢᠷᠢ ᠬᠡᠮ᠎ᠤᠨ ᠰᠢᠯᠭ᠋ᠠᠯᠲᠠ (ᠨᠢᠭᠤᠷᠲᠠᠨ ᠰᠢᠯᠭ᠋ᠠᠯᠲᠠ)᠎ᠠᠴᠠ ᠡᠮᠦᠨᠡᠬᠢ ᠰᠠᠨᠠᠭᠤᠯᠤᠮᠵᠢ᠂ 5 ᠰᠠᠷ᠎ᠠ ᠵᠢᠨ 8᠎ᠤ ᠡᠳᠦᠷ᠎ᠠᠴᠠ ᠡᠬᠢᠯᠡᠨ ᠰᠢᠯᠭ᠋ᠠᠭᠤᠯᠬᠤ ᠲᠡᠮᠳᠡᠭ᠎ᠢ ᠳᠠᠷᠤᠮᠠᠯᠯᠠᠵᠤ ᠪᠣᠯᠤᠨ᠎ᠠ
2023 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠩ᠎ᠤᠨ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠤᠨ ᠲᠤᠰᠬᠠᠶ ᠮᠡᠷᠭᠡᠵᠢᠯ᠎ᠤᠨ ᠠᠩᠭᠢ᠎ᠠᠴᠠ ᠦᠨᠳᠦᠰᠦᠨ ᠠᠩᠭᠢ᠎ᠳᠤ ᠳᠡᠪᠰᠢᠬᠦ ᠰᠣᠷᠣᠭᠴᠢ ᠡᠯᠰᠡᠬᠦ ᠰᠢᠯᠭ᠋ᠠᠯᠲᠠ ᠵᠢᠨ ᠬᠠᠮᠤᠭ᠎ᠤᠨ ᠳᠤᠤᠷ᠎ᠠ ᠬᠢᠵᠠᠭ᠋ᠠᠷ ᠬᠤᠪᠢ ᠵᠢᠨ ᠠᠯᠪᠠᠨ ᠵᠠᠷᠯᠠᠯ
2023 ᠣᠨ᠎ᠤ 《ᠨᠠᠷᠠᠨ ᠭᠡᠷᠡᠯᠲᠦ ᠵᠠᠯᠠᠭᠤ ᠨᠠᠰᠤ 〈5·25〉 ᠤᠶᠤᠲᠠᠳ᠎ᠤᠨ ᠰᠡᠳᠬᠢᠴᠡ ᠵᠢᠨ ᠡᠷᠡᠭᠦᠯ ᠮᠡᠨᠳᠦ ᠵᠢᠨ ᠶᠠᠷᠢᠶᠠᠨ᠎ᠤ ᠳᠠᠪᠴᠠᠩ》 — ᠬᠠᠮᠲᠤ᠎ᠳᠤ᠎ᠪᠠᠨ ᠰᠣᠨᠣᠰᠴᠠᠭ᠋ᠠᠶ᠎ᠠ
@ ᠪᠠᠭᠰᠢ ᠰᠤᠷᠤᠭᠴᠢ ᠭᠡᠷ᠎ᠤᠨ ᠠᠬᠠᠮᠠᠳ ᠵᠤᠨ᠎ᠤ ᠠᠮᠠᠷᠠᠯᠲᠠ ᠪᠣᠯᠬᠤ ᠭᠡᠵᠦ ᠪᠠᠶ᠋ᠢᠨ᠎ᠠ᠂ ᠤᠰᠤᠨ᠎ᠤ ᠡᠨᠳᠡᠯ᠎ᠠᠴᠠ ᠰᠡᠷᠭᠡᠶ᠋ᠢᠯᠡᠬᠦ ᠠᠮᠤᠷ ᠲᠦᠪᠰᠢᠨ᠎ᠤ ᠮᠡᠳᠡᠯᠭᠡ ᠵᠢ ᠬᠠᠮᠲᠤ᠎ᠳᠤ᠎ᠪᠠᠨ ᠰᠤᠷᠤᠯᠴᠠᠵᠠᠭ᠋ᠠᠶ᠎ᠠ!
ᠡᠩ᠎ᠤᠨ ᠳᠡᠭᠡᠳᠦ ᠰᠤᠷᠭ᠋ᠠᠭᠤᠯᠢ᠎ᠳᠤ ᠰᠣᠷᠣᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠳᠠᠭᠤᠰᠤᠭᠰᠠᠨ᠎ᠤ ᠳᠠᠷᠠᠭ᠎ᠠ ᠡᠨᠡ ᠬᠦ᠌ 6 ᠠᠮᠢᠳᠤᠷᠠᠯ᠎ᠤᠨ ᠰᠠᠨᠠᠭᠤᠯᠤᠮᠵᠢ ᠲᠠᠨ᠎ᠢ ᠬᠠᠪᠰᠤᠷᠴᠤ ᠠᠮᠠᠷᠠᠯᠲᠠ ᠵᠢᠨ ᠬᠤᠭᠤᠴᠠᠭ᠎ᠠ ᠵᠢ ᠪᠠᠶᠠᠷ ᠬᠥᠷᠲᠡᠢ ᠥᠩᠭᠡᠷᠡᠭᠦᠯᠬᠦ ᠪᠣᠯᠤᠨ᠎ᠠ!
 
             蒙ICP备05000248号