ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠥᠪᠥᠷ ᠮᠣᠩᠭᠣᠯ᠎ᠤᠨ 2023 ᠣᠨ᠎ᠤ ᠳᠡᠳᠬᠦᠨ ᠲᠤᠰᠠᠯᠠᠬᠤ ᠲᠥᠷᠥ ᠵᠢᠨ ᠪᠣᠳᠣᠯᠭ᠎ᠠ (ᠬᠣᠶᠠᠷ)
ᠨᠡᠶ᠋ᠢᠲᠡᠯᠡᠭᠰᠡᠨ ᠴᠠᠭ᠄ 2023-06-27


     《ᠨᠢᠭᠡ ᠰᠣᠷᠣᠭᠴᠢ ᠵᠢ ᠴᠤ᠌ ᠬᠡᠷ᠎ᠤᠨ ᠠᠮᠢᠳᠤᠷᠠᠯ᠎ᠨᠢ ᠬᠦᠴᠢᠷᠳᠡᠯᠲᠡᠶ᠎ᠠᠴᠠ ᠪᠣᠯᠵᠣ ᠰᠤᠷᠤᠯᠭ᠎ᠠ ᠠᠯᠳᠠᠭᠤᠯᠬᠤ ᠥᠬᠡᠶ》 ᠪᠣᠯ ᠨᠠᠮ ᠪᠠ ᠵᠠᠰᠠᠭ᠎ᠤᠨ ᠣᠷᠳᠣᠨ᠎ᠤ ᠲᠥᠪ ᠴᠢᠩᠭ᠎ᠠ ᠠᠮᠠᠯᠠᠯᠲᠠ ᠮᠥᠨ᠃ ᠬᠡᠷ᠎ᠤᠨ ᠠᠮᠢᠳᠤᠷᠠᠯ᠎ᠨᠢ ᠬᠦᠴᠢᠷᠳᠡᠯᠲᠡᠶ ᠰᠤᠷᠤᠭᠴᠢᠳ᠎ᠤᠨ ᠰᠤᠷᠭ᠋ᠠᠨ ᠬᠥᠮᠦᠵᠢᠯ ᠭᠥᠷᠳᠡᠬᠦ ᠡᠷᠬᠡ ᠵᠢ ᠦᠨᠡᠨ ᠬᠦ᠌ ᠪᠠᠲᠤᠯᠠᠵᠤ᠂ ᠰᠤᠷᠭ᠋ᠠᠨ ᠬᠥᠮᠦᠵᠢᠯ᠎ᠤᠨ ᠡᠷᠬᠡ ᠲᠡᠭᠰᠢ ᠪᠠᠶ᠋ᠢᠬᠤ ᠵᠢ ᠠᠬᠢᠭᠤᠯᠬᠤ ᠵᠢᠨ ᠲᠥᠯᠦᠭᠡ᠂ ᠡᠳᠦᠭᠡ 2023 ᠣᠨ᠎ᠤ ᠤᠯᠤᠰ ᠪᠠ ᠥᠪᠡᠷᠲᠡᠭᠡᠨ ᠵᠠᠰᠠᠬᠤ ᠣᠷᠣᠨ᠎ᠤ ᠳᠡᠭᠡᠳᠦ ᠰᠤᠷᠭ᠋ᠠᠭᠤᠯᠢ ᠵᠢᠨ ᠰᠤᠷᠤᠭᠴᠢᠳ᠎ᠢ ᠳᠡᠳᠬᠦᠨ ᠲᠤᠰᠠᠯᠠᠬᠤ ᠲᠥᠷᠥ ᠵᠢᠨ ᠪᠣᠳᠣᠯᠭ᠎ᠠ ᠵᠢ ᠳᠤᠤᠷᠠᠬᠢ ᠮᠡᠲᠦ ᠡᠮᠬᠢᠯᠡᠪᠡ᠄


        ᠡᠩ᠎ᠤᠨ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ

        ᠰᠤᠷᠭ᠋ᠠᠨ   ᠬᠥᠮᠦᠵᠢᠯ  ᠎ᠤᠨ   ᠳᠡᠳᠬᠦᠨ   ᠲᠤᠰᠠᠯᠠᠮᠵᠢ


      ᠡᠩ᠎ᠤᠨ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠤᠯᠭ᠎ᠠ ᠵᠢᠨ ᠰᠤᠯᠠ

      ᠵᠠᠷᠤᠳᠠᠯ᠎ᠢ ᠬᠡᠯᠲᠦᠷᠢᠭᠦᠯᠵᠦ᠂ ᠬᠢᠴᠢᠶᠡᠯ᠎ᠤᠨ ᠪᠢᠴᠢᠭ᠎ᠢ ᠲᠥᠯᠥᠪᠦᠷᠢ ᠦᠭᠡᠶ ᠬᠠᠩᠭ᠋ᠠᠨ᠎ᠠ
      ᠡᠲᠡᠭᠡᠳ᠄ ᠵᠢᠩᠬᠢᠨᠢ᠎ᠪᠠᠷ ᠳᠠᠩᠰᠠᠯᠠᠭᠤᠯᠤᠭᠰᠠᠨ ᠪᠣᠶ ᠪᠥᠬᠥᠶ ᠡᠩ᠎ᠤᠨ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠭ᠋ᠠᠭᠤᠯᠢ᠎ᠳᠤ ᠪᠠᠶ᠋ᠢᠭ᠎ᠠ ᠰᠣᠷᠣᠭᠴᠢ᠃
      ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠬᠦ ᠪᠠᠷᠢᠮᠵᠢᠶ᠎ᠠ᠄ ᠰᠤᠷᠤᠭᠴᠢ ᠪᠦᠷᠢ᠎ᠳᠤ ᠵᠢᠯ᠎ᠳᠤ 2000 ᠲᠥᠭᠥᠷᠢᠭ᠂ ᠰᠤᠷᠭ᠋ᠠᠨ ᠬᠥᠮᠦᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠵᠶ᠋ᠠᠷ ᠬᠠᠤᠯᠢ ᠶᠣᠰᠤ᠎ᠪᠠᠷ ᠵᠥᠪᠰᠢᠶᠡᠷᠡᠭᠦᠯᠦᠭᠰᠡᠨ ᠠᠷᠠᠳ᠎ᠠᠴᠠ ᠡᠷᠬᠢᠯᠡᠭᠰᠡᠨ ᠡᠩ᠎ᠤᠨ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ᠎ᠳᠤ ᠰᠤᠷᠤᠯᠴᠠᠵᠤ ᠪᠠᠶ᠋ᠢᠭ᠎ᠠ ᠰᠤᠷᠤᠯᠭ᠎ᠠ ᠵᠢᠨ ᠰᠤᠯᠠ ᠵᠠᠷᠤᠳᠠᠯ᠎ᠢ ᠬᠡᠯᠲᠦᠷᠢᠭᠦᠯᠬᠦ ᠨᠥᠬᠥᠴᠡᠯ᠎ᠳᠤ ᠨᠡᠶ᠋ᠢᠴᠡᠬᠦ ᠰᠤᠷᠦᠭ᠍ᠴᠢ ᠵᠢ ᠥᠪᠡᠷᠲᠡᠭᠡᠨ ᠵᠠᠰᠠᠬᠤ ᠣᠷᠣᠨ᠎ᠠᠴᠠ ᠠᠳᠠᠯᠢ ᠪᠠᠷᠢᠮᠵᠢᠶ᠎ᠠ᠎ᠪᠠᠷ ᠳᠡᠳᠬᠦᠨ ᠳᠤᠰᠠᠯᠠᠨ᠎ᠠ᠂ᠰᠤᠷᠤᠯᠭ᠎ᠠ ᠵᠢᠨ ᠰᠤᠯᠠ ᠵᠠᠷᠤᠳᠠᠯ᠎ᠤᠨ ᠬᠤᠷᠢᠶᠠᠬᠤ ᠰᠦᠢ᠍ᠳᠬᠡᠯ᠎ᠨᠢ ᠲᠤᠰᠠᠯᠠᠮᠵᠢ ᠵᠢᠨ ᠪᠠᠷᠢᠮᠵᠢᠶ᠎ᠠ᠎ᠠᠴᠠ ᠥᠨᠳᠥᠷ ᠪᠣᠯ ᠰᠤᠷᠭ᠋ᠠᠭᠤᠯᠢ᠎ᠨᠢ ᠲᠣᠭᠲᠠᠭ᠋ᠠᠯ ᠶᠣᠰᠤ᠎ᠪᠠᠷ ᠰᠤᠷᠤᠭᠴᠢᠳ᠎ᠠᠴᠠ ᠵᠥᠷᠢᠶ᠎ᠡ ᠲᠣᠭ᠎ᠠ ᠵᠢ ᠦᠷᠭᠦᠯᠵᠢᠯᠡᠨ ᠬᠤᠷᠢᠶᠠᠵᠤ ᠪᠣᠯᠤᠨ᠎ᠠ᠃
      ᠡᠩ᠎ᠤᠨ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠤᠯᠤᠰ᠎ᠤᠨ

      ᠰᠤᠷᠤᠯᠭ᠎ᠠ ᠵᠢᠨ ᠲᠡᠳᠬᠦᠮᠵᠢ ᠵᠢᠨ ᠮᠥᠩᠭᠥ
      ᠡᠲᠡᠭᠡᠳ᠄ ᠵᠢᠩᠬᠢᠨᠢ᠎ᠪᠠᠷ ᠳᠠᠩᠰᠠᠯᠠᠭᠤᠯᠤᠭᠰᠠᠨ ᠰᠤᠷᠭ᠋ᠠᠭᠤᠯᠢ ᠵᠢᠨ ᠬᠠᠷᠢᠶᠠᠯᠠᠯ᠎ᠲᠠᠢ ᠡᠩ᠎ᠤᠨ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠭ᠋ᠠᠭᠤᠯᠢ᠎ᠳᠤ ᠪᠠᠶ᠋ᠢᠭ᠎ᠠ ᠰᠤᠷᠤᠭᠴᠢᠳ᠎ᠤᠨ ᠳᠣᠲᠣᠷᠠᠬᠢ ᠭᠡᠷ᠎ᠤᠨ ᠠᠮᠢᠳᠤᠷᠠᠯ᠎ᠨᠢ ᠬᠦᠴᠢᠷᠳᠡᠯᠲᠡᠶ ᠰᠤᠷᠤᠭᠴᠢ᠃
      ᠪᠠᠷᠢᠮᠵᠢᠶ᠎ᠠ᠄ ᠰᠤᠷᠤᠭᠴᠢ ᠪᠦᠷᠢ᠎ᠳᠤ ᠳᠤᠮᠳᠠᠴᠢ᠎ᠪᠠᠷ ᠵᠢᠯ ᠪᠦᠷᠢ 2000 ᠲᠥᠭᠥᠷᠢᠭ᠂ ᠪᠣᠳᠠᠲᠠᠶ ᠪᠠᠷᠢᠮᠵᠢᠶ᠎ᠠ ᠵᠢ ᠡᠯ᠎ᠡ ᠭᠠᠵᠠᠷ᠎ᠤᠨ ᠪᠣᠳᠠᠲᠤ ᠪᠠᠶ᠋ᠢᠳᠠᠯ᠎ᠲᠠᠢ᠎ᠪᠠᠨ ᠤᠶᠠᠯᠳᠤᠭᠤᠯᠤᠨ 1000 - 3000 ᠲᠥᠭᠥᠷᠢᠭ᠎ᠤᠨ ᠬᠡᠪᠴᠢᠶᠡᠨ ᠳᠣᠲᠣᠷ᠎ᠠ ᠲᠣᠭᠲᠠᠭ᠋ᠠᠵᠤ᠂ 2 - 3 ᠳᠡᠰ ᠬᠤᠪᠢᠶᠠᠵᠤ ᠪᠣᠯᠤᠨ᠎ᠠ᠃


      ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ

      ᠬᠥᠮᠦᠵᠢᠯ᠎ᠤᠨ ᠳᠡᠳᠬᠦᠨ ᠲᠤᠰᠠᠯᠠᠮᠵᠢ


      ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠰᠤᠷᠤᠯᠭ᠎ᠠ ᠵᠢᠨ

      ᠰᠦᠢ᠍ᠳᠬᠡᠯ᠎ᠢ ᠬᠡᠯᠲᠦᠷᠢᠭᠦᠯᠵᠦ᠂ ᠬᠢᠴᠢᠶᠡᠯ᠎ᠤᠨ ᠪᠢᠴᠢᠭ᠎ᠢ ᠲᠦᠯᠦᠪᠦᠷᠢ ᠦᠭᠡᠶ ᠬᠠᠩᠭ᠋ᠠᠨ᠎ᠠ
      ᠡᠲᠡᠭᠡᠳ ᠄ ᠪᠣᠶ ᠪᠥᠬᠥᠶ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ (ᠮᠡᠷᠭᠡᠵᠢᠯ᠎ᠤᠨ ᠠᠵᠢᠯᠴᠢᠨ᠎ᠤ ᠰᠤᠷᠭ᠋ᠠᠭᠤᠯᠢ ᠵᠢ ᠪᠠᠭᠲᠠᠭ᠋ᠠᠨ᠎ᠠ᠂ ᠳᠣᠷᠣᠭᠰᠢ ᠠᠳᠠᠯᠢ) ᠵᠢᠨ ᠪᠦᠬᠦᠯᠢ ᠡᠳᠦᠷ᠎ᠤᠨ ᠳᠦᠷᠢᠮᠲᠦ ᠰᠤᠷᠭ᠋ᠠᠨ ᠬᠥᠮᠦᠵᠢᠯ᠎ᠤᠨ ᠵᠢᠩᠬᠢᠨᠢ ᠰᠤᠷᠭ᠋ᠠᠭᠤᠯᠢ ᠵᠢᠨ ᠬᠠᠷᠢᠶᠠᠯᠠᠯ᠎ᠲᠠᠢ ᠰᠣᠷᠣᠭᠴᠢ᠃
      ᠰᠤᠷᠤᠯᠭ᠎ᠠ ᠵᠢᠨ ᠰᠦᠢ᠍ᠳᠬᠡᠯ᠎ᠢ ᠬᠡᠯᠲᠦᠷᠢᠭᠦᠯᠬᠦ ᠪᠠᠷᠢᠮᠵᠢᠶ᠎ᠠ᠄ ᠰᠤᠷᠤᠭᠴᠢ ᠪᠦᠷᠢ᠎ᠳᠤ ᠵᠢᠯ᠎ᠳᠤ 2000 ᠲᠥᠭᠥᠷᠢᠭ᠂ ᠰᠤᠷᠭ᠋ᠠᠨ ᠬᠥᠮᠦᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠵᠶ᠋ᠠᠷ ᠬᠠᠤᠯᠢ ᠶᠣᠰᠤ᠎ᠪᠠᠷ ᠵᠥᠪᠰᠢᠶᠡᠷᠡᠭᠦᠯᠦᠭᠰᠡᠨ ᠠᠷᠠᠳ᠎ᠠᠴᠠ ᠡᠷᠬᠢᠯᠡᠭᠰᠡᠨ ᠰᠤᠷᠭ᠋ᠠᠭᠤᠯᠢ ᠪᠣᠯᠤᠨ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠵᠶ᠋ᠠᠷ ᠬᠠᠤᠯᠢ ᠶᠣᠰᠤ᠎ᠪᠠᠷ ᠵᠥᠪᠰᠢᠶᠡᠷᠡᠭᠦᠯᠦᠭᠰᠡᠨ ᠠᠷᠠᠳ᠎ᠠᠴᠠ ᠡᠷᠬᠢᠯᠡᠭᠰᠡᠨ ᠮᠡᠷᠭᠡᠵᠢᠯ᠎ᠤᠨ ᠠᠵᠢᠯᠴᠢᠨ᠎ᠤ ᠰᠤᠷᠭ᠋ᠠᠭᠤᠯᠢ᠎ᠳᠤ ᠰᠤᠷᠤᠯᠴᠠᠭᠰᠠᠨ ᠰᠤᠷᠤᠯᠭ᠎ᠠ ᠵᠢᠨ ᠰᠦᠢ᠍ᠳᠬᠡᠯ᠎ᠢ ᠬᠡᠯᠲᠦᠷᠢᠭᠦᠯᠬᠦ ᠲᠥᠷᠥ ᠵᠢᠨ ᠪᠣᠳᠣᠯᠭ᠎ᠠ ᠵᠢᠨ ᠨᠥᠬᠥᠴᠡᠯ᠎ᠳᠤ ᠨᠡᠶ᠋ᠢᠴᠡᠬᠦ ᠰᠤᠷᠤᠭᠴᠢ ᠵᠢ ᠥᠪᠡᠷᠲᠡᠭᠡᠨ ᠵᠠᠰᠠᠬᠤ ᠣᠷᠣᠨ᠎ᠠᠴᠠ ᠠᠳᠠᠯᠢ ᠪᠠᠷᠢᠮᠵᠢᠶ᠎ᠠ᠎ᠪᠠᠷ ᠳᠡᠳᠬᠦᠨ ᠳᠤᠰᠠᠯᠠᠨ᠎ᠠ᠂ ᠰᠤᠷᠤᠯᠭ᠎ᠠ ᠵᠢᠨ ᠰᠦᠢ᠍ᠳᠬᠡᠯ᠎ᠨᠢ ᠲᠤᠰᠠᠯᠠᠮᠵᠢ ᠵᠢᠨ ᠪᠠᠷᠢᠮᠵᠢᠶ᠎ᠠ᠎ᠠᠴᠠ ᠥᠨᠳᠥᠷ ᠪᠣᠯ ᠰᠤᠷᠭ᠋ᠠᠭᠤᠯᠢ᠎ᠨᠢ ᠲᠣᠭᠲᠠᠭ᠋ᠠᠯ ᠶᠣᠰᠤ᠎ᠪᠠᠷ ᠰᠤᠷᠤᠭᠴᠢᠳ᠎ᠠᠴᠠ ᠵᠥᠷᠢᠶ᠎ᠡ ᠲᠣᠭ᠎ᠠ ᠵᠢ ᠦᠷᠭᠦᠯᠵᠢᠯᠡᠨ ᠬᠤᠷᠢᠶᠠᠵᠤ ᠪᠣᠯᠤᠨ᠎ᠠ᠃ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠣᠨᠴᠠᠭ᠋ᠠᠢ ᠲᠥᠷᠥᠯ᠎ᠤᠨ ᠲᠤᠰᠬᠠᠶ ᠮᠡᠷᠭᠡᠵᠢᠯ᠎ᠤᠨ ᠰᠤᠷᠤᠭᠴᠢ ᠵᠢᠨ ᠰᠤᠷᠤᠯᠭ᠎ᠠ ᠵᠢᠨ ᠰᠦᠢ᠍ᠳᠬᠡᠯ᠎ᠤᠨ ᠪᠠᠷᠢᠮᠵᠢᠶ᠎ᠠ᠎ᠨᠢ ᠥᠪᠡᠷᠲᠡᠭᠡᠨ ᠵᠠᠰᠠᠬᠤ ᠣᠷᠣᠨ᠎ᠤ ᠰᠦᠢ᠍ᠳᠬᠡᠯ᠎ᠢ ᠬᠡᠯᠲᠦᠷᠢᠭᠦᠯᠬᠦ ᠪᠠᠷᠢᠮᠵᠢᠶ᠎ᠠ᠎ᠠᠴᠠ ᠥᠨᠳᠥᠷ ᠪᠠᠶ᠋ᠢᠬᠤ ᠬᠡᠰᠡᠭ᠎ᠢ ᠬᠤᠪᠢ ᠬᠥᠮᠦᠨ ᠡᠭᠦᠷᠭᠡᠯᠡᠨ᠎ᠡ᠃
      ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠤᠯᠤᠰ᠎ᠤᠨ

      ᠰᠤᠷᠤᠯᠭ᠎ᠠ ᠵᠢᠨ ᠱᠠᠩᠨᠠᠯ᠎ᠤᠨ ᠮᠥᠩᠭᠥ
      ᠡᠲᠡᠭᠡᠳ᠄ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠪᠦᠬᠦᠯᠢ ᠡᠳᠦᠷ᠎ᠤᠨ ᠳᠦᠷᠢᠮᠲᠦ ᠬᠣᠶᠠᠳᠤᠭ᠋ᠠᠷ ᠣᠨ ᠵᠢᠴᠢ ᠲᠡᠭᠦᠨ᠎ᠠᠴᠠ ᠳᠡᠭᠡᠭᠰᠢᠬᠢ ᠰᠤᠷᠤᠭᠴᠢᠳ᠎ᠤᠨ ᠳᠣᠲᠣᠷ᠎ᠠ᠂ ᠰᠤᠷᠤᠯᠭ᠎ᠠ ᠵᠢᠨ ᠬᠢᠷᠢ ᠪᠦᠲᠦᠮᠵᠢ ᠵᠢᠨ ᠨᠡᠷᠡᠰ᠎ᠤᠨ ᠵᠢᠭᠰᠠᠭ᠋ᠠᠯᠲᠠ᠎ᠳᠤ ᠠᠳᠠᠯᠢ ᠣᠨ᠎ᠤ ᠠᠳᠠᠯᠢ ᠲᠤᠰᠬᠠᠶ ᠮᠡᠷᠭᠡᠵᠢᠯ᠎ᠤᠨ ᠡᠮᠦᠨ᠎ᠡ 5 % (5 % ᠵᠢ   ᠪᠠᠭᠲᠠᠭ᠋ᠠᠨ᠎ᠠ)᠎ᠳᠤ ᠣᠷᠣᠭᠰᠠᠨ ᠰᠤᠷᠤᠭᠴᠢ ᠪᠣᠯᠤᠨ ᠰᠤᠷᠤᠯᠭ᠎ᠠ ᠵᠢᠨ ᠬᠢᠷᠢ ᠪᠦᠲᠦᠮᠵᠢ ᠵᠢᠨ ᠨᠡᠷᠡᠰ᠎ᠤᠨ ᠵᠢᠭᠰᠠᠭ᠋ᠠᠯᠲᠠ᠎ᠳᠤ ᠠᠳᠠᠯᠢ ᠣᠨ᠎ᠤ ᠠᠳᠠᠯᠢ ᠲᠤᠰᠬᠠᠶ ᠮᠡᠷᠭᠡᠵᠢᠯ᠎ᠤᠨ ᠨᠡᠷᠡᠰ᠎ᠤᠨ ᠵᠢᠭᠰᠠᠭ᠋ᠠᠯᠲᠠ᠎ᠳᠤ 5 %᠎ᠳᠤ ᠣᠷᠣᠭᠰᠠᠨ ᠥᠬᠡᠶ ᠪᠣᠯᠪᠠᠴᠤ ᠡᠮᠦᠨᠡᠬᠢ 30 % (30 % ᠵᠢ   ᠪᠠᠭᠲᠠᠭ᠋ᠠᠨ᠎ᠠ)᠎ᠳᠤ ᠣᠷᠣᠭᠰᠠᠨ ᠮᠥᠷᠲᠡᠭᠡᠨ ᠶᠣᠰᠣ ᠮᠣᠷᠠᠯ ᠬᠡᠪ ᠰᠤᠷᠲᠠᠯ᠂ ᠲᠤᠰᠬᠠᠶ ᠮᠡᠷᠭᠡᠵᠢᠯ᠎ᠤᠨ ᠤᠷ᠎ᠠ ᠴᠢᠳᠠᠪᠤᠷᠢ᠂ ᠨᠡᠶ᠋ᠢᠭᠡᠮ᠎ᠤᠨ ᠦᠢ᠍ᠯᠡᠳᠦᠯᠭᠡ᠂ ᠰᠢᠨ᠎ᠡ ᠵᠢ ᠡᠭᠦᠳᠬᠦ ᠴᠢᠳᠠᠪᠤᠷᠢ᠂ ᠶᠡᠷᠦᠩᠬᠡᠶ᠋ᠢᠯᠡᠭᠰᠡᠨ ᠬᠡᠪ ᠴᠢᠨᠠᠷ ᠵᠡᠷᠭᠡ ᠲᠠᠯ᠎ᠠ᠎ᠪᠠᠷ   ᠣᠨᠴᠠᠭ᠋ᠠᠢ ᠲᠣᠪᠣᠶ᠋ᠢᠮ᠎ᠠ ᠢᠯᠡᠷᠡᠯ᠎ᠲᠠᠢ ᠰᠤᠷᠤᠭᠴᠢ᠃
      ᠪᠠᠷᠢᠮᠵᠢᠶ᠎ᠠ᠄ ᠰᠤᠷᠤᠭᠴᠢ ᠪᠦᠷᠢ ᠵᠢᠯ᠎ᠳᠤ 6000 ᠲᠥᠭᠥᠷᠢᠭ᠃
      ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠤᠯᠤᠰ᠎ᠤᠨ

      ᠰᠤᠷᠤᠯᠭ᠎ᠠ ᠵᠢᠨ ᠲᠡᠳᠬᠦᠮᠵᠢ ᠵᠢᠨ ᠮᠥᠩᠭᠥ
      ᠡᠲᠡᠭᠡᠳ᠄ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠪᠦᠬᠦᠯᠢ ᠡᠳᠦᠷ᠎ᠤᠨ ᠳᠦᠷᠢᠮᠲᠦ ᠰᠤᠷᠭ᠋ᠠᠨ ᠬᠥᠮᠦᠵᠢᠯ᠎ᠤᠨ ᠵᠢᠩᠬᠢᠨᠢ ᠰᠤᠷᠭ᠋ᠠᠭᠤᠯᠢ ᠵᠢᠨ ᠬᠠᠷᠢᠶᠠᠯᠠᠯ᠎ᠲᠠᠢ ᠨᠢᠭᠡ ᠬᠣᠶᠠᠳᠤᠭ᠋ᠠᠷ ᠣᠨ᠎ᠤ ᠪᠣᠶ ᠪᠥᠬᠥᠶ ᠮᠠᠯᠵᠢᠬᠤ ᠲᠠᠷᠢᠶᠠᠯᠠᠬᠤ ᠣᠷᠣᠨ (ᠰᠢᠶᠠᠨ ᠪᠠᠯᠭ᠋ᠠᠰᠤ ᠵᠢ ᠪᠠᠭᠲᠠᠭ᠋ᠠᠨ᠎ᠠ)᠎ᠤ ᠰᠤᠷᠭ᠋ᠠᠭᠤᠯᠢ᠎ᠳᠤ ᠪᠠᠶ᠋ᠢᠭ᠎ᠠ ᠰᠣᠷᠣᠭᠴᠢ ᠵᠢᠴᠢ ᠬᠣᠲᠠ ᠵᠢᠨ ᠲᠠᠷᠢᠶᠠᠯᠠᠩ᠎ᠳᠤ ᠬᠣᠯᠪᠣᠭᠳᠠᠬᠤ ᠲᠤᠰᠬᠠᠶ ᠮᠡᠷᠭᠡᠵᠢᠯ᠎ᠤᠨ ᠰᠣᠷᠣᠭᠴᠢ ᠪᠠ ᠲᠠᠷᠢᠶᠠᠯᠠᠩ᠎ᠳᠤ ᠬᠣᠯᠪᠣᠭᠳᠠᠬᠤ ᠲᠤᠰᠬᠠᠶ ᠮᠡᠷᠭᠡᠵᠢᠯ᠎ᠤᠨ ᠪᠤᠰᠤ ᠬᠡᠷ᠎ᠤᠨ ᠠᠮᠢᠳᠤᠷᠠᠯ᠎ᠨᠢ ᠬᠦᠴᠢᠷᠳᠡᠯᠲᠡᠶ ᠰᠣᠷᠣᠭᠴᠢ᠃
      ᠪᠠᠷᠢᠮᠵᠢᠶ᠎ᠠ ᠄ ᠪᠦᠬᠦᠯᠢ ᠡᠳᠦᠷ᠎ᠤᠨ ᠳᠦᠷᠢᠮᠲᠦ ᠰᠤᠷᠤᠯᠭ᠎ᠠ ᠵᠢᠨ ᠨᠠᠮᠲᠠᠷ᠎ᠤᠨ ᠰᠤᠷᠭ᠋ᠠᠨ ᠬᠥᠮᠦᠵᠢᠯ᠎ᠤᠨ ᠵᠢᠩᠬᠢᠨᠢ ᠰᠤᠷᠭ᠋ᠠᠭᠤᠯᠢ ᠵᠢᠨ ᠬᠠᠷᠢᠶᠠᠯᠠᠯ᠎ᠲᠠᠢ ᠨᠢᠭᠡ ᠬᠣᠶᠠᠳᠤᠭ᠋ᠠᠷ ᠣᠨ᠎ᠤ ᠲᠠᠷᠢᠶᠠᠯᠠᠩ᠎ᠳᠤ ᠬᠣᠯᠪᠣᠭᠳᠠᠬᠤ ᠲᠤᠰᠬᠠᠶ ᠮᠡᠷᠭᠡᠵᠢᠯ ᠪᠣᠯᠤᠨ ᠲᠠᠷᠢᠶᠠᠯᠠᠩ᠎ᠳᠤ ᠬᠣᠯᠪᠣᠭᠳᠠᠬᠤ ᠲᠤᠰᠬᠠᠶ ᠮᠡᠷᠭᠡᠵᠢᠯ᠎ᠤᠨ ᠪᠤᠰᠤ ᠭᠡᠷ  ᠎ᠤᠨ ᠠᠮᠢᠳᠤᠷᠠᠯ᠎ᠨᠢ ᠬᠦᠴᠢᠷᠳᠡᠯᠲᠡᠶ ᠰᠤᠷᠤᠭᠴᠢ ᠵᠢᠴᠢ ᠶᠡᠬᠡ ᠬᠢᠩᠭ᠋ᠠᠨ ᠳᠠᠪᠠᠭ᠋ᠠᠨ᠎ᠤ ᠡᠮᠦᠨ᠎ᠡ ᠬᠣᠷᠮᠣᠶ ᠵᠢᠨ ᠠᠭᠤᠯᠠᠷᠬᠠᠭ ᠣᠷᠣᠨ (ᠷᠠᠰᠢᠶᠠᠨ ᠬᠣᠲᠠ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ᠂ ᠵᠠᠯᠠᠶ᠋ᠢᠳ ᠬᠣᠰᠢᠭᠤ᠂ ᠲᠦᠴᠢᠦᠸᠠᠨ ᠰᠢᠶᠠᠨ)᠂ ᠶᠠᠨ ᠱᠠᠨ —᠎ᠲᠠᠢ ᠬᠠᠩ ᠱᠠᠨ ᠠᠭᠤᠯᠠᠷᠬᠠᠭ ᠣᠷᠣᠨ (ᠬᠤᠸᠠᠳᠧ ᠰᠢᠶᠠᠨ᠂ ᠱᠠᠩᠳᠤ ᠰᠢᠶᠠᠨ᠂ ᠰᠢᠩ ᠾᠧ ᠰᠢᠶᠠᠨ)᠎ᠤ ᠮᠠᠯᠵᠢᠬᠤ ᠲᠠᠷᠢᠶᠠᠯᠠᠬᠤ ᠣᠷᠣᠨ (ᠰᠢᠶᠠᠨ᠎ᠤ ᠬᠣᠲᠠ ᠵᠢ ᠪᠠᠭᠲᠠᠭ᠋ᠠᠬᠤ ᠦᠭᠡᠶ)᠎ᠤ ᠰᠤᠷᠤᠭᠴᠢ ᠪᠦᠷᠢ᠎ᠳᠤ ᠵᠢᠯ᠎ᠳᠤ 2000 ᠲᠥᠭᠥᠷᠢᠭ᠂ ᠪᠤᠰᠤᠳ ᠰᠤᠷᠤᠭᠴᠢ ᠪᠦᠷᠢ᠎ᠳᠤ ᠵᠢᠯ᠎ᠳᠤ 1500 ᠲᠥᠭᠥᠷᠢᠭ᠃
      ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠪᠠᠶ᠋ᠢᠷᠢ᠎ᠳᠤ

      ᠰᠠᠭᠤᠬᠤ ᠰᠤᠷᠤᠭᠴᠢ ᠵᠢᠨ ᠪᠠᠶ᠋ᠢᠷᠢ ᠵᠢᠨ ᠰᠦᠢ᠍ᠳᠭᠡᠯ᠎ᠤᠨ ᠳᠤᠰᠠᠯᠠᠮᠵᠢ
      ᠡᠲᠡᠭᠡᠳ᠄ ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠪᠦᠬᠦᠯᠢ ᠡᠳᠦᠷ᠎ᠤᠨ ᠳᠦᠷᠢᠮᠲᠦ ᠰᠤᠷᠭ᠋ᠠᠨ ᠬᠥᠮᠦᠵᠢᠯ᠎ᠤᠨ ᠵᠢᠩᠬᠢᠨᠢ ᠰᠤᠷᠭ᠋ᠠᠭᠤᠯᠢ ᠵᠢᠨ ᠬᠠᠷᠢᠶᠠᠯᠠᠯ᠎ᠲᠠᠢ ᠨᠢᠭᠡ ᠬᠣᠶᠠᠷ ᠭᠤᠷᠪᠠᠳᠤᠭ᠋ᠠᠷ ᠣᠨ᠎ᠤ ᠪᠠᠶ᠋ᠢᠷᠢ᠎ᠳᠤ ᠰᠠᠭᠤᠬᠤ ᠰᠣᠷᠣᠭᠴᠢ (ᠠᠵᠢᠯᠯᠠᠵᠤ ᠰᠤᠷᠤᠯᠴᠠᠬᠤ ᠵᠢ ᠡᠭᠡᠯᠵᠢᠯᠡᠭᠦᠯᠬᠦ ᠵᠢ ᠬᠡᠷᠡᠭᠵᠢᠭᠦᠯᠵᠦ ᠪᠠᠢ᠌ᠭ᠎ᠠ ᠰᠣᠷᠣᠭᠴᠢ ᠵᠢ ᠪᠠᠭᠲᠠᠭ᠋ᠠᠬᠤ ᠥᠬᠡᠶ)᠃
      ᠪᠠᠷᠢᠮᠵᠢᠶ᠎ᠠ᠄ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠵᠢᠨ ᠳᠤᠮᠳᠠ ᠵᠡᠷᠭᠡ ᠵᠢᠨ ᠲᠤᠰᠬᠠᠶ ᠮᠡᠷᠭᠡᠵᠢᠯ᠎ᠤᠨ ᠠᠩᠭᠢ ᠵᠢᠨ ᠪᠠᠶ᠋ᠢᠷᠢ᠎ᠳᠤ ᠰᠠᠭᠤᠭ᠎ᠠ ᠰᠤᠷᠤᠭᠴᠢ ᠪᠦᠷᠢ ᠵᠢᠯ᠎ᠳᠤ 800 ᠲᠥᠭᠥᠷᠢᠭ; ᠳᠤᠮᠳᠠ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠪᠠᠶ᠋ᠢᠷᠢ᠎ᠳᠤ ᠰᠠᠭᠤᠭ᠎ᠠ ᠰᠤᠷᠤᠭᠴᠢ ᠪᠦᠷᠢ ᠵᠢᠯ᠎ᠳᠤ 500 ᠲᠥᠭᠥᠷᠢᠭ᠃


ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ 2023 ᠣᠨ᠎ᠤ ᠳᠡᠳᠬᠦᠨ ᠲᠤᠰᠠᠯᠠᠬᠤ ᠲᠥᠷᠥ ᠵᠢᠨ ᠪᠣᠳᠣᠯᠭ᠎ᠠ (ᠭᠤᠷᠪᠠ)
@ ᠪᠠᠭᠰᠢ ᠰᠤᠷᠤᠭᠴᠢ ᠭᠡᠷ᠎ᠤᠨ ᠠᠬᠠᠮᠠᠳ᠎ᠲᠤ ᠬᠠᠨᠳᠤᠭᠤᠯᠤᠭᠰᠠᠨ ᠳᠤᠮᠳᠠᠳᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠵᠤᠨ᠎ᠤ ᠠᠮᠠᠷᠠᠯᠲᠠ ᠵᠢᠨ ᠠᠮᠤᠷ ᠲᠦᠪᠰᠢᠨ᠎ᠤ ᠰᠠᠨᠠᠭᠤᠯᠤᠮᠵᠢ 36 ᠵᠤᠷᠪᠤᠰ
ᠤᠰᠤᠨ᠎ᠤ ᠡᠨᠳᠡᠯ᠎ᠢ ᠰᠡᠷᠭᠡᠶ᠋ᠢᠯᠡᠬᠦ᠂ ᠨᠠᠷᠠᠰᠢᠬᠤ ᠵᠢ ᠰᠡᠷᠭᠡᠶ᠋ᠢᠯᠡᠬᠦ ᠁ ᠵᠣᠨ᠎ᠤ ᠠᠮᠠᠷᠠᠯᠲᠠ ᠵᠢᠨ ᠠᠮᠤᠷ ᠲᠦᠪᠰᠢᠨ᠎ᠤ ᠠᠷᠭ᠎ᠠ ᠪᠣᠳᠣᠯᠭ᠎ᠠ — ᠵᠤᠨ᠎ᠤ ᠠᠮᠠᠷᠠᠯᠲᠠ᠎ᠪᠠᠨ ᠠᠮᠤᠷ ᠲᠦᠪᠰᠢᠨ ᠪᠠᠶᠠᠷ ᠬᠥᠷᠲᠡᠢ ᠥᠩᠭᠡᠷᠡᠭᠦᠯᠦᠶ᠎ᠡ
ᠵᠣᠨ᠎ᠤ ᠠᠮᠠᠷᠠᠯᠲᠠ᠎ᠳᠤ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ᠎ᠳᠤ ᠶᠠᠭᠤ ᠵᠢ ᠠᠩᠬᠠᠷᠬᠤ ᠪᠣᠶ? ①
ᠵᠣᠨ᠎ᠤ ᠠᠮᠠᠷᠠᠯᠲᠠ᠎ᠳᠤ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ᠎ᠳᠤ ᠶᠠᠭᠤ ᠵᠢ ᠠᠩᠬᠠᠷᠬᠤ ᠪᠣᠶ? ②
 
             蒙ICP备05000248号