ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠪᠦᠯ᠎ᠤᠨ ᠠᠮᠠᠷᠠᠯᠲᠠ ᠵᠢᠨ ᠬᠤᠭᠤᠴᠠᠭ᠋ᠠᠨ᠎ᠳᠤ ᠨᠢᠳᠦ᠎ᠪᠠᠨ ᠬᠠᠮᠠᠭ᠋ᠠᠯᠠᠬᠤ ᠰᠠᠨᠠᠭᠤᠯᠤᠮᠵᠢ
ᠨᠡᠶ᠋ᠢᠲᠡᠯᠡᠭᠰᠡᠨ ᠴᠠᠭ᠄ 2024-01-31

      ᠡᠪᠦᠯ᠎ᠤᠨ ᠠᠮᠠᠷᠠᠯᠲᠠ ᠬᠦᠷᠴᠦ ᠢᠷᠡᠯ᠎ᠡ᠂ ᠰᠤᠷᠤᠭᠴᠢᠳ ᠰᠤᠷᠤᠯᠴᠠᠬᠤ᠂ ᠠᠮᠠᠷᠠᠬᠤ᠂ ᠵᠤᠭ᠋ᠠᠴᠠᠬᠤ᠂ ᠬᠥᠳᠡᠯᠭᠡᠭᠡᠨ ᠬᠢᠬᠦ ᠵᠢ ᠵᠣᠬᠢᠰᠲᠠᠢ ᠲᠣᠬᠢᠷᠠᠭᠤᠯᠬᠤ ᠵᠢᠨ ᠬᠠᠮᠲᠤ ᠡᠷᠬᠡᠪᠰᠢ ᠬᠠᠷᠠᠭ᠎ᠠ᠎ᠪᠠᠨ ᠬᠠᠮᠠᠭ᠋ᠠᠯᠠᠬᠤ ᠵᠢ ᠠᠩᠬᠠᠷᠬᠤ ᠬᠡᠷᠡᠭᠲᠡᠢ᠃ ᠬᠠᠷᠪᠢᠨ ᠬᠣᠲᠠ ᠵᠢᠨ ᠰᠤᠷᠭ᠋ᠠᠨ ᠬᠥᠮᠦᠵᠢᠯ᠎ᠤᠨ ᠲᠣᠪᠴᠢᠶ᠎ᠠ ᠪᠣᠯᠤᠨ ᠬᠠᠷᠠᠮᠥ᠋ᠷᠡᠨ ᠮᠤᠵᠢ ᠵᠢᠨ ᠨᠢᠳᠦᠨ᠎ᠤ ᠡᠮᠨᠡᠯᠭᠡ ᠵᠢᠨ ᠬᠣᠷᠢᠶ᠎ᠠ᠎ᠠᠴᠠ ᠬᠠᠮᠲᠤᠷᠠᠨ ᠲᠣᠭᠲᠠᠭ᠋ᠠᠭᠰᠠᠨ ᠡᠪᠦᠯ᠎ᠤᠨ ᠠᠮᠠᠷᠠᠯᠲᠠ ᠵᠢᠨ ᠬᠤᠭᠤᠴᠠᠭ᠋ᠠᠨ᠎ᠳᠤ ᠨᠢᠳᠦᠨ᠎ᠪᠠᠨ ᠬᠠᠮᠠᠭ᠋ᠠᠯᠠᠬᠤ ᠰᠠᠨᠠᠭᠤᠯᠤᠮᠵᠢ ᠵᠢ ᠦᠵᠡᠵᠡᠭᠡᠶ᠎ᠡ!

      ᠡᠳᠦᠷ ᠲᠤᠲᠤᠮ᠎ᠤᠨ ᠨᠢᠳᠦᠨ᠎ᠤ ᠡᠷᠡᠭᠦᠯ ᠬᠠᠮᠠᠭ᠋ᠠᠯᠠᠯ᠎ᠢ ᠡᠷᠬᠡᠪᠰᠢ ᠴᠢᠬᠤᠯᠠᠴᠢᠯᠠᠬᠤ ᠬᠡᠷᠡᠭᠲᠡᠢ
      1.  ᠨᠢᠳᠦ ᠬᠡᠷᠡᠭᠯᠡᠬᠦ ᠡᠷᠡᠭᠦᠯ ᠬᠠᠮᠠᠭ᠋ᠠᠯᠠᠯ᠎ᠢ ᠠᠩᠬᠠᠷᠴᠤ᠂ ᠨᠢᠳᠦᠨ᠎ᠤ ᠡᠪᠡᠳᠴᠢᠨ᠎ᠢ ᠰᠡᠷᠭᠡᠶ᠋ᠢᠯᠡᠬᠦ           ᠬᠡᠷᠡᠭᠲᠡᠢ᠃ ᠡᠪᠦᠯ᠎ᠤᠨ ᠠᠮᠠᠷᠠᠯᠲᠠ ᠵᠢᠨ ᠬᠤᠭᠤᠴᠠᠭ᠋ᠠᠨ᠎ᠳᠤ ᠬᠡᠦᠬᠡᠳ ᠭᠠᠳᠠᠨ᠎ᠠ ᠭᠠᠷᠴᠤ ᠨᠠᠭ᠋ᠠᠳᠬᠤ ᠣᠯᠠᠰᠢᠷᠠᠬᠤ ᠪᠣᠯᠬᠣᠷ ᠭᠠᠷ ᠵᠶ᠋ᠠᠨ ᠦᠷᠭᠦᠯᠵᠢ ᠤᠬᠢᠶᠠᠨ᠂ ᠨᠢᠳᠦ᠎ᠪᠠᠨ ᠳᠤᠷ᠎ᠠ᠎ᠪᠠᠷ  ᠵᠶ᠋ᠠᠨ ᠨᠤᠬᠤᠯᠠᠬᠤ ᠦᠭᠡᠢ ᠪᠠᠶ᠋ᠢᠵᠤ᠂ ᠰᠠᠯᠢᠰᠤᠲᠤ ᠪᠦᠷᠬᠦᠪᠴᠢ ᠵᠢᠨ ᠦᠷᠪᠢᠰᠦᠯ᠂ ᠨᠢᠳᠦᠨ᠎ᠤ ᠬᠥᠰᠢᠶ᠎ᠡ ᠡᠪᠡᠳᠴᠢᠨ ᠵᠡᠷᠭᠡ ᠨᠢᠳᠦᠨ᠎ᠤ ᠰᠠᠯᠠᠭ᠋ᠠᠨ᠎ᠤ ᠡᠪᠡᠳᠴᠢᠨ ᠣᠯᠬᠤ ᠵᠢ ᠰᠡᠷᠭᠡᠶ᠋ᠢᠯᠡᠬᠦ ᠬᠡᠷᠡᠭᠲᠡᠢ᠃
      2. ᠨᠢᠳᠦ ᠬᠠᠭᠤᠷᠠᠢ᠌ᠳᠤᠬᠤ᠎ᠠᠴᠠ ᠰᠡᠷᠭᠡᠢ᠌ᠯᠡᠨ᠎ᠡ᠃ ᠭᠡᠷ᠎ᠲᠤ᠎ᠪᠠᠨ ᠪᠠᠶ᠋ᠢᠬᠤ ᠬᠤᠭᠤᠴᠠᠭ᠋ᠠᠨ᠎ᠳᠤ᠂ ᠬᠡᠦᠬᠡᠳ ᠭᠠᠷ ᠤᠲᠠᠰᠤ᠂ ᠺᠣᠮᠫᠢᠦ᠋ᠲ᠋ᠧᠷ ᠵᠡᠷᠭᠡ ᠡᠯᠧᠺᠲᠷᠣᠨ ᠦᠢ᠍ᠯᠡᠳᠬᠦᠨ᠎ᠢ ᠦᠵᠡᠬᠦ᠎ᠨᠢ ᠣᠯᠠᠰᠢᠷᠠᠨ ᠬᠡᠦᠬᠡᠳ᠎ᠤᠨ ᠬᠡᠪ᠎ᠤᠨ ᠨᠢᠳᠦ ᠴᠠᠪᠴᠢᠬᠤ ᠤᠳᠠᠭ᠎ᠠ ᠵᠢ ᠶᠡᠬᠡ᠎ᠪᠠᠷ ᠪᠠᠭᠤᠷᠠᠭᠤᠯᠵᠤ᠂ ᠠᠮᠠᠷᠬᠠᠨ ᠨᠢᠳᠦ ᠬᠠᠳᠠᠬᠤ ᠵᠢᠨ ᠬᠠᠮᠲᠤ ᠶᠠᠳᠠᠷᠠᠬᠤ ᠪᠣᠯᠬᠣᠷ᠂ ᠬᠡᠦᠬᠡᠳ᠎ᠤᠨ ᠡᠯᠧᠺᠲᠷᠣᠨ ᠦᠢ᠍ᠯᠡᠳᠬᠦᠨ᠎ᠢ ᠬᠡᠷᠡᠭᠯᠡᠬᠦ ᠴᠠᠭ᠎ᠢ ᠴᠢᠩᠭ᠎ᠠ ᠡᠵᠡᠮᠳᠡᠬᠦ ᠬᠡᠷᠡᠭᠲᠡᠢ᠃
      3. ᠨᠢᠳᠦ᠎ᠪᠠᠨ ᠬᠡᠲᠦ ᠬᠡᠷᠡᠭᠯᠡᠬᠦ ᠵᠢ ᠰᠡᠷᠭᠡᠶ᠋ᠢᠯᠡᠨ᠂ ᠰᠤᠷᠤᠯᠴᠠᠬᠤ ᠲᠥᠯᠥᠪᠯᠡᠭᠡ ᠵᠣᠬᠢᠰᠲᠠᠢ ᠲᠣᠭᠲᠠᠭ᠋ᠠᠬᠤ ᠬᠡᠷᠡᠭᠲᠡᠢ᠃ ᠬᠡᠪ᠎ᠤᠨ ᠬᠢᠴᠢᠶᠡᠯ ᠲᠥᠷᠥᠯ᠎ᠤᠨ ᠰᠤᠷᠤᠯᠴᠠᠯᠭ᠎ᠠ ᠵᠢᠨ ᠡᠭᠦᠷᠭᠡ᠎ᠠᠴᠠ ᠭᠠᠳᠠᠨᠠᠬᠢ᠂ ᠬᠡᠦᠬᠡᠳ᠎ᠤᠨ ᠳᠤᠷ᠎ᠠ ᠰᠣᠨᠢᠷᠬᠠᠯ᠎ᠤᠨ ᠬᠢᠴᠢᠶᠡᠯ ᠳᠡᠭᠡᠷ᠎ᠡ ᠨᠢᠳᠦ ᠬᠡᠷᠡᠭᠯᠡᠬᠦ ᠵᠢ ᠠᠩᠬᠠᠷᠬᠤ ᠬᠡᠷᠡᠭᠲᠡᠢ᠂ ᠵᠢᠱ᠌ᠢᠶᠡᠯᠡᠪᠡᠯ᠄ ᠲᠡᠭᠦᠯᠳᠡᠷ ᠬᠥᠭᠵᠢᠮ᠂ ᠵᠢᠷᠤᠭ ᠵᠢᠷᠤᠬᠤ᠂ ᠤᠷᠠᠨ ᠪᠢᠴᠢᠯᠭᠡ᠂ ᠮᠢᠭᠮᠠᠨ ᠰᠢᠲᠠᠷ᠎ᠠ᠂ ᠯᠧ ᠭᠣᠣ ᠵᠡᠷᠭᠡ ᠣᠶ᠋ᠢᠷ᠎ᠠ ᠵᠠᠢ᠎ᠳᠤ ᠨᠢᠳᠦ ᠬᠡᠷᠡᠭᠯᠡᠬᠦ᠎ᠨᠢ ᠮᠠᠰᠢ ᠠᠮᠠᠷᠬᠠᠨ ᠬᠠᠷᠠᠭ᠎ᠠ ᠵᠢ ᠶᠠᠳᠠᠷᠠᠭᠤᠯᠵᠤ᠂ ᠬᠡᠦᠬᠡᠳ᠎ᠢ ᠣᠶ᠋ᠢᠷ᠎ᠠ ᠬᠠᠷᠠᠭ᠎ᠠ᠎ᠲᠠᠢ ᠪᠣᠯᠭ᠋ᠠᠬᠤ ᠪᠤᠶᠤ ᠣᠢ᠌ᠷ᠎ᠠ ᠬᠠᠷᠠᠭ᠎ᠠ ᠵᠢ ᠬᠦᠨᠳᠦᠷᠡᠭᠦᠯᠦᠨ᠎ᠡ᠃
      4. ᠡᠳᠦᠷ ᠪᠦᠷᠢ ᠨᠢᠳᠦᠨ᠎ᠤ ᠡᠷᠡᠭᠦᠯᠵᠢᠯ᠎ᠤᠨ ᠲᠠᠮᠢᠷ ᠬᠢᠬᠦ ᠵᠢ ᠪᠠᠲᠤᠯᠠᠬᠤ ᠬᠡᠷᠡᠭᠲᠡᠢ᠃ ᠭᠡᠷ᠎ᠲᠤ᠎ᠪᠠᠨ ᠰᠤᠷᠤᠯᠴᠠᠬᠤ ᠬᠤᠭᠤᠴᠠᠭ᠋ᠠᠨ᠎ᠳᠤ ᠡᠳᠦᠷ ᠪᠦᠷᠢ ᠵᠢᠨ ᠦᠳᠡ ᠵᠢᠨ ᠡᠮᠦᠨ᠎ᠡ ᠪᠠ ᠦᠳᠡ ᠵᠢᠨ ᠬᠣᠶ᠋ᠢᠨ᠎ᠠ ᠲᠤᠰ ᠲᠤᠰ ᠨᠢᠭᠡ ᠤᠳᠠᠭ᠎ᠠ ᠨᠢᠳᠦᠨ᠎ᠤ ᠡᠷᠡᠭᠦᠯᠵᠢᠯ᠎ᠤᠨ ᠲᠠᠮᠢᠷ ᠬᠢᠬᠦ ᠵᠢ ᠪᠠᠷᠢᠮᠲᠠᠯᠠᠬᠤ ᠵᠢᠨ ᠬᠠᠮᠲᠤ ᠬᠥᠳᠡᠯᠭᠡᠭᠡᠨ ᠪᠠ ᠪᠠᠯᠴᠢᠷ᠎ᠤᠨ ᠪᠠᠢ᠌ᠷᠢ ᠵᠢ ᠵᠥᠪ ᠡᠵᠡᠮᠳᠡᠪᠡᠯ ᠰᠠᠶᠢ ᠨᠢᠳᠦᠨ᠎ᠤ ᠴᠢᠯᠡᠭᠡ ᠵᠢ ᠨᠠᠮᠳᠠᠭᠤᠯᠬᠤ ᠦᠢ᠍ᠯᠡᠳᠦᠯ  ᠦᠵᠡᠭᠦᠯᠦᠨ᠎ᠡ᠃
      5. ᠨᠢᠳᠦᠨ᠎ᠤ ᠡᠮ᠎ᠢ ᠪᠣᠯᠭᠣᠮᠵᠢᠲᠠᠢ ᠬᠡᠷᠡᠭᠯᠡᠬᠦ ᠬᠡᠷᠡᠭᠲᠡᠢ᠃ ᠭᠡᠷ᠎ᠲᠤ᠎ᠪᠠᠨ ᠪᠠᠢ᠌ᠬᠤ ᠦᠶ᠎ᠡ᠎ᠳᠤ ᠨᠢᠳᠦ ᠡᠪ ᠦᠭᠡᠢ ᠪᠣᠯᠪᠠᠯ ᠤᠷᠢᠳ ᠵᠶ᠋ᠠᠷ ᠨᠢᠳᠦ᠎ᠪᠠᠨ  ᠠᠮᠠᠷᠠᠭᠤᠯᠤᠨ᠎ᠠ᠂ ᠳᠤᠷ᠎ᠠ᠎ᠪᠠᠷ ᠵᠶ᠋ᠠᠨ ᠨᠢᠳᠦᠨ ᠡᠮ ᠳᠤᠰᠤᠭ᠋ᠠᠵᠤ ᠪᠣᠯᠬᠤ ᠦᠭᠡᠢ᠂ ᠣᠯᠠᠩᠬᠢ ᠨᠢᠳᠦᠨ᠎ᠤ ᠡᠮ ᠪᠦᠷ ᠢᠯᠵᠠᠷᠠᠬᠤ ᠵᠢ ᠰᠡᠷᠭᠡᠶ᠋ᠢᠯᠡᠬᠦ ᠡᠳ᠋ ᠠᠭᠤᠯᠵᠤ᠂ ᠵᠣᠬᠢᠰ ᠦᠭᠡᠢ ᠬᠡᠷᠡᠭᠯᠡᠪᠡᠯ ᠨᠢᠳᠦ᠎ᠪᠠᠨ ᠳᠠᠬᠢᠨᠲᠠ  ᠭᠡᠮᠲᠦᠭᠡᠨ᠎ᠡ᠂ ᠬᠡᠷᠪᠡ ᠨᠠᠮᠳᠠᠬᠤ ᠦᠭᠡᠢ ᠪᠣᠯ ᠴᠠᠭ ᠲᠤᠬᠠᠢ᠎ᠳᠤ᠎ᠨᠢ ᠡᠮᠨᠡᠭᠦᠯᠬᠦ ᠬᠡᠷᠡᠭᠲᠡᠢ᠃


      ᠣᠶ᠋ᠢᠷ᠎ᠠ ᠬᠠᠷᠠᠭ᠎ᠠ ᠵᠢ ᠤᠷᠢᠳᠴᠢᠯᠠᠨ ᠰᠡᠷᠭᠡᠢ᠌ᠯᠡᠬᠦ ᠵᠢ ᠡᠷᠬᠡᠪᠰᠢ ᠪᠠᠷᠢᠮᠲᠠᠯᠠᠬᠤ ᠬᠡᠷᠡᠭᠲᠡᠢ
      1. ᠰᠤᠷᠤᠭᠴᠢ ᠵᠢᠨ ᠨᠢᠳᠦᠨ᠎ᠤ ᠪᠠᠶ᠋ᠢᠴᠠᠭ᠋ᠠᠯᠲᠠ ᠵᠢᠨ ᠳ᠋ᠦᠩ᠎ᠢ ᠴᠢᠬᠤᠯᠠᠴᠢᠯᠠᠨ᠎ᠠ
      ᠡᠯ᠎ᠡ ᠰᠤᠷᠭ᠋ᠠᠭᠤᠯᠢ ᠨᠢᠭᠡᠨᠲᠡ ᠰᠤᠷᠤᠭᠴᠢᠳ᠎ᠤᠨ ᠨᠠᠮᠤᠷ᠎ᠤᠨ ᠤᠯᠠᠷᠢᠯ᠎ᠤᠨ ᠰᠤᠷᠤᠯᠭ᠎ᠠ ᠵᠢᠨ ᠬᠤᠭᠤᠴᠠᠭ᠋ᠠᠨ᠎ᠤ ᠬᠠᠷᠠᠭ᠋ᠠᠨ᠎ᠤ ᠪᠠᠶ᠋ᠢᠴᠠᠭ᠋ᠠᠯᠲᠠ ᠵᠢ ᠥᠷᠨᠢᠭᠦᠯᠪᠡ᠂  ᠭᠡᠷ᠎ᠤᠨ ᠠᠬᠠᠮᠠᠳ ᠰᠤᠷᠭ᠋ᠠᠭᠤᠯᠢ ᠵᠢᠨ ᠬᠠᠷᠢᠭᠤ ᠲᠤᠰᠬᠠᠭᠰᠠᠨ ᠬᠡᠦᠬᠡᠳ᠎ᠤᠨ ᠬᠠᠷᠠᠭ᠋ᠠᠨ᠎ᠤ ᠪᠠᠶ᠋ᠢᠴᠠᠭ᠋ᠠᠯᠲᠠ ᠵᠢᠨ ᠦᠷ᠎ᠡ ᠳ᠋ᠦᠩ ᠵᠢᠴᠢ ᠬᠡᠦᠬᠡᠳ᠎ᠤᠨ ᠬᠠᠷᠠᠭ᠋ᠠᠨ᠎ᠤ ᠬᠤᠪᠢᠷᠠᠯᠲᠠ ᠵᠢᠨ ᠪᠠᠶ᠋ᠢᠳᠠᠯ᠎ᠢ ᠴᠢᠬᠤᠯᠠᠴᠢᠯᠠᠵᠤ᠂ ᠠᠩᠬ᠎ᠠ ᠠᠯᠬᠤᠮ᠎ᠤᠨ ᠰᠠᠨᠠᠭᠤᠯᠭ᠎ᠠ ᠪᠠ ᠰᠡᠷᠡᠮᠵᠢᠯᠡᠭᠦᠯᠬᠦ ᠰᠠᠨᠠᠭᠤᠯᠤᠮᠵᠢ ᠵᠢ ᠨᠠᠷᠢᠨ ᠨᠢᠮᠪᠠᠢ ᠤᠩᠰᠢᠵᠤ᠂ ᠬᠡᠪ᠎ᠤᠨ ᠪᠤᠰᠤ ᠪᠠᠶ᠋ᠢᠳᠠᠯ᠎ᠢ ᠣᠯᠵᠤ ᠮᠡᠳᠡᠪᠡᠯ ᠴᠠᠭ ᠲᠤᠬᠠᠢ᠎ᠳᠤ᠎ᠨᠢ ᠦᠵᠡᠭᠦᠯᠬᠦ ᠬᠡᠷᠡᠭᠲᠡᠢ᠃
      2. ᠭᠠᠳᠠᠨᠠᠬᠢ ᠬᠥᠳᠡᠯᠭᠡᠭᠡᠨ ᠪᠠ ᠪᠡᠶ᠎ᠡ ᠵᠢᠨ ᠲᠠᠮᠢᠷ᠎ᠤᠨ ᠪᠣᠯᠪᠠᠰᠤᠷᠠᠯ᠎ᠢ ᠵᠣᠬᠢᠰᠲᠠᠢ  ᠬᠢᠯᠭᠡᠬᠦ ᠵᠢ ᠪᠠᠲᠤᠯᠠᠨ᠎ᠠ
      ᠪᠠᠢ᠌ᠭ᠋ᠠᠯᠢ ᠵᠢᠨ ᠭᠡᠷᠡᠯ ᠬᠠᠷᠠᠭ᠋ᠠᠨ᠎ᠤ ᠲᠣᠣᠷᠯᠢᠭ ᠪᠦᠷᠬᠦᠪᠴᠢ ᠵᠢᠨ ᠳᠣᠲᠣᠷᠠᠬᠢ ᠳ᠋ᠥᠸᠧ ᠪᠠ ᠠᠨ᠎ᠤ  ᠱᠦᠭᠦᠷᠡᠯᠲᠡ ᠵᠢ ᠠᠬᠢᠭᠤᠯᠵᠤ᠂ ᠨᠢᠳᠦᠨ᠎ᠤ ᠲᠡᠩᠭᠡᠯᠢᠭ ᠤᠷᠲᠤᠰᠬᠤ ᠵᠢ ᠤᠳᠠᠭ᠋ᠠᠰᠢᠷᠠᠭᠤᠯᠵᠤ᠂ ᠣᠶ᠋ᠢᠷ᠎ᠠ ᠬᠠᠷᠠᠭ᠎ᠠ᠎ᠲᠠᠢ ᠪᠣᠯᠬᠤ ᠪᠠ ᠣᠶ᠋ᠢᠷ᠎ᠠ ᠬᠠᠷᠠᠭ᠎ᠠ ᠬᠦᠨᠳᠦᠷᠡᠬᠦ ᠵᠢ ᠤᠳᠠᠭ᠋ᠠᠰᠢᠷᠠᠭᠤᠯᠳᠠᠭ᠃ ᠰᠤᠷᠤᠯᠭ᠎ᠠ ᠵᠢᠨ  ᠴᠢᠯᠦᠭᠡᠨ᠎ᠳᠤ᠂ ᠬᠡᠦᠬᠡᠳ ᠡᠳᠦᠷ ᠪᠣᠯᠭ᠋ᠠᠨ ᠭᠠᠳᠠᠨ᠎ᠠ ᠭᠠᠷᠴᠤ ᠬᠥᠳᠡᠯᠭᠡᠭᠡᠨ ᠬᠢᠬᠦ  ᠪᠤᠶᠤ ᠪᠡᠶ᠎ᠡ ᠵᠢᠨ ᠲᠠᠮᠢᠷ᠎ᠤᠨ ᠪᠣᠯᠪᠠᠰᠤᠷᠠᠯ ᠬᠢᠵᠦ᠂ ᠠᠯᠤᠰ᠎ᠢ ᠪᠠᠷᠠᠯᠠᠬᠤ ᠬᠡᠷᠡᠭᠲᠡᠢ᠃ ᠡᠪᠦᠯ᠎ᠤᠨ ᠤᠯᠠᠷᠢᠯ ᠠᠯᠢ ᠴᠢᠳᠠᠬᠤ᠎ᠪᠠᠷ ᠬᠡᠦᠬᠡᠳ᠎ᠢ ᠴᠣᠩᠬᠤ᠎ᠪᠠᠷ ᠠᠯᠤᠰ᠎ᠢ ᠬᠠᠷᠠᠭᠤᠯᠵᠤ᠂ ᠭᠡᠷ ᠳᠣᠲᠣᠷ᠎ᠠ ᠵᠣᠬᠢᠰᠲᠠᠢ ᠬᠥᠳᠡᠯᠭᠡᠭᠡᠨ ᠬᠢᠯᠭᠡᠬᠦ ᠬᠡᠷᠡᠭᠲᠡᠢ᠃
      3. ᠤᠩᠰᠢᠵᠤ ᠪᠢᠴᠢᠬᠦ᠎ᠳᠤ᠎ᠪᠠᠨ ᠳᠡᠭᠰᠢᠭᠡᠨ ᠰᠠᠭᠤᠬᠤ ᠵᠢ ᠪᠠᠲᠤᠯᠠᠨ᠎ᠠ
      ᠨᠢᠳᠦᠨ᠎ᠤ ᠵᠣᠬᠢᠴᠠᠭᠤᠯᠬᠤ ᠬᠡᠮᠵᠢᠶ᠎ᠡ ᠪᠣᠯᠤᠨ ᠬᠠᠷᠠᠭ᠋ᠠᠨ᠎ᠤ ᠵᠠᠢ ᠵᠢᠨ ᠣᠢ᠌ᠷ᠎ᠠ ᠬᠣᠯᠠ ᠰᠢᠭᠤᠳ ᠬᠣᠯᠪᠣᠭ᠎ᠠ᠎ᠲᠠᠢ ᠪᠠᠶ᠋ᠢᠵᠤ᠂ ᠤᠩᠰᠢᠵᠤ ᠪᠢᠴᠢᠬᠦ᠎ᠳᠤ᠎ᠪᠠᠨ ᠳᠡᠭᠰᠢᠭᠡᠨ ᠰᠠᠭᠤᠬᠤ ᠵᠢ ᠪᠠᠲᠤᠯᠠᠪᠠᠯ ᠨᠢᠳᠦᠨ᠎ᠤ ᠳᠠᠷᠤᠭ᠋ᠠᠰᠤ ᠵᠢ ᠪᠠᠭᠤᠷᠠᠭᠤᠯᠵᠤ᠂ ᠬᠠᠷᠠᠭ᠋ᠠᠨ᠎ᠤ ᠶᠠᠳᠠᠷᠠᠵᠤ ᠬᠦᠨᠳᠦᠷᠡᠬᠦ ᠵᠢ ᠰᠡᠷᠭᠡᠶ᠋ᠢᠯᠡᠵᠦ ᠴᠢᠳᠠᠨ᠎ᠠ᠃ 《ᠭᠤᠷᠪᠠᠨ ᠨᠢᠭᠡ ᠵᠢᠨ ᠵᠠᠷᠴᠢᠮ》᠂ ᠲᠤᠬᠠᠶ᠋ᠢᠯᠠᠪᠠᠯ 《ᠨᠢᠳᠦ ᠨᠣᠮ ᠪᠢᠴᠢᠭ᠎ᠠᠴᠠ ᠨᠢᠭᠡ ᠲᠣᠬᠣᠢ ᠵᠠᠶ᠋ᠢᠲᠠᠢ ᠪᠠᠢ᠌ᠬᠤ᠂ ᠴᠡᠭᠡᠵᠢ ᠪᠢᠴᠢᠭ᠎ᠤᠨ ᠰᠢᠷᠡᠭᠡᠨ᠎ᠠᠴᠠ ᠨᠢᠭᠡ ᠨᠢᠳᠤᠷᠭ᠎ᠠ ᠬᠣᠯᠠ ᠪᠠᠢ᠌ᠬᠤ᠂ ᠭᠠᠷ ᠪᠢᠷ᠎ᠤᠨ ᠦᠵᠦᠭᠦᠷ᠎ᠠᠴᠠ ᠨᠢᠭᠡ ᠢᠮᠠᠬᠤ ᠬᠣᠯᠠ ᠪᠠᠢ᠌ᠬᠤ》 ᠵᠢ ᠪᠠᠷᠢᠮᠲᠠᠯᠠᠬᠤ ᠬᠡᠷᠡᠭᠲᠡᠢ᠃

      4. ᠣᠢ᠌ᠷ᠎ᠠ ᠵᠠᠢ᠎ᠳᠤ ᠤᠳᠠᠭ᠋ᠠᠨ ᠴᠠᠭ ᠨᠢᠳᠦ ᠬᠡᠷᠡᠭᠯᠡᠬᠦ ᠵᠢ ᠪᠠᠭ᠋ᠠᠰᠬᠠᠨ᠎ᠠ
      ᠣᠢ᠌ᠷ᠎ᠠ ᠵᠠᠢ᠎ᠳᠤ ᠣᠩᠰᠢᠵᠤ ᠪᠢᠴᠢᠬᠦ ᠴᠠᠭ᠎ᠢ 40 ᠮᠢᠨᠦ᠋ᠲ᠎ᠠᠴᠠ ᠬᠡᠲᠦᠷᠡᠭᠦᠯᠵᠦ ᠪᠣᠯᠬᠤ ᠦᠭᠡᠢ᠂ 40 ᠮᠢᠨᠦ᠋ᠲ ᠪᠦᠷᠢ᠎ᠳᠤ 10 ᠮᠢᠨᠦ᠋ᠲ ᠠᠮᠠᠷᠠᠵᠤ᠂ ᠴᠣᠩᠬᠤ᠎ᠪᠠᠷ ᠠᠯᠤᠰ᠎ᠢ ᠪᠠᠷᠠᠯᠠᠵᠤ (6 ᠮᠧᠲᠷ᠎ᠤᠨ ᠬᠣᠯᠠ) ᠨᠢᠳᠦᠨ᠎ᠤ ᠶᠠᠳᠠᠷᠠᠭ᠎ᠠ᠎ᠪᠠᠨ ᠲᠠᠢ᠌ᠯᠬᠤ ᠬᠡᠷᠡᠭᠲᠡᠢ᠃
      5. ᠡᠯᠧᠺᠲᠷᠣᠨ ᠦᠢ᠍ᠯᠡᠳᠬᠦᠨ᠎ᠢ ᠬᠡᠷᠡᠭᠯᠡᠬᠦ ᠴᠠᠭ᠎ᠢ ᠵᠣᠬᠢᠰᠲᠠᠢ ᠬᠢᠵᠠᠭ᠋ᠠᠷᠯᠠᠨ᠎ᠠ
      6 ᠨᠠᠰᠤᠨ᠎ᠠᠴᠠ ᠳᠣᠷᠤᠭᠰᠢᠬᠢ ᠬᠡᠦᠬᠡᠳ᠎ᠲᠤ ᠠᠯᠢ ᠴᠢᠳᠠᠬᠤ᠎ᠪᠠᠷ ᠭᠠᠷ ᠤᠲᠠᠰᠤ ᠪᠠ ᠺᠣᠮᠫᠢᠦ᠋ᠲ᠋ᠧᠷ᠎ᠢ ᠬᠡᠷᠡᠭᠯᠡᠭᠦᠯᠬᠦ᠎ᠠᠴᠠ ᠵᠠᠢ᠌ᠯᠠᠰᠬᠢᠬᠤ ᠬᠡᠷᠡᠭᠲᠡᠢ᠂ ᠬᠡᠷᠪᠡ ᠡᠯᠧᠺᠲᠷᠣᠨ ᠦᠢ᠍ᠯᠡᠳᠬᠦᠨ ᠬᠡᠷᠡᠭᠯᠡᠬᠦ ᠎ᠳᠤ ᠬᠦᠷᠪᠡᠯ᠂ ᠶᠡᠬᠡ ᠳᠡᠯᠭᠡᠴᠡᠲᠦ ᠡᠯᠧᠺᠲᠷᠣᠨ ᠪᠦᠲᠦᠭᠡᠭᠳᠡᠬᠦᠨ᠎ᠢ ᠰᠣᠩᠭᠤᠵᠤ᠂ ᠬᠤᠯᠠ᠎ᠠᠴᠠ ᠦᠵᠡᠭᠦᠯᠬᠦ ᠬᠡᠷᠡᠭᠲᠡᠢ᠃ ᠡᠳᠦᠷ ᠪᠦᠷᠢ ᠵᠢᠨ ᠡᠯᠧᠺᠲᠷᠣᠨ ᠦᠢ᠍ᠯᠡᠳᠬᠦᠨ ᠬᠡᠷᠡᠭᠯᠡᠬᠦ ᠴᠠᠭ᠎ᠢ 1 ᠴᠠᠭ᠎ᠠᠴᠠ ᠬᠡᠲᠦᠷᠡᠭᠦᠯᠵᠦ ᠪᠣᠯᠬᠤ ᠦᠭᠡᠢ᠂ 15 ᠮᠢᠨᠦ᠋ᠲ ᠬᠡᠷᠡᠭᠯᠡᠬᠦ ᠪᠦᠷᠢ 5 ᠮᠢᠨᠦ᠋ᠲ ᠠᠮᠠᠷᠠᠭᠤᠯᠬᠤ ᠬᠡᠷᠡᠭᠲᠡᠢ᠃
      6. ᠭᠡᠷᠡᠯ  ᠰᠠᠢ᠌ᠨ ᠣᠷᠴᠢᠨ᠎ᠳᠤ ᠨᠢᠳᠦ᠎ᠪᠠᠨ ᠬᠡᠷᠡᠭᠯᠡᠨ᠎ᠡ
      ᠨᠣᠮ ᠤᠩᠰᠢᠵᠤ ᠪᠢᠴᠢᠬᠦ᠎ᠳᠤ᠎ᠪᠠᠨ ᠭᠡᠷᠡᠯ᠎ᠢ ᠵᠡᠭᠦᠨ ᠡᠮᠦᠨ᠎ᠡ ᠲᠠᠯ᠎ᠠ᠎ᠠᠴᠠ ᠳᠤᠰᠬᠠᠵᠤ (ᠵᠢᠱ᠌ᠢᠶᠡᠯᠡᠪᠡᠯ ᠵᠡᠭᠦᠨ ᠭᠠᠷ ᠵᠶ᠋ᠠᠷ ᠵᠶ᠋ᠠᠨ ᠦᠰᠦᠭ ᠪᠢᠴᠢᠪᠡᠯ᠂ ᠭᠡᠷᠡᠯ᠎ᠢ ᠪᠠᠷᠠᠭᠤᠨ ᠡᠮᠦᠨ᠎ᠡ ᠲᠠᠯ᠎ᠠ᠎ᠠᠴᠠ ᠳᠤᠰᠬᠠᠨ᠎ᠠ)᠂ ᠰᠡᠭᠦᠳᠡᠷ ᠬᠠᠷᠠᠭ᠎ᠠ ᠵᠢ ᠬᠠᠯᠬᠠᠯᠠᠬᠤ᠎ᠠᠴᠠ ᠵᠠᠶ᠋ᠢᠯᠠᠰᠬᠢᠨ᠎ᠡ; ᠲᠠᠯᠪᠢᠭᠤᠷ ᠳ᠋ᠧᠩ᠎ᠢ ᠬᠡᠷᠡᠭᠯᠡᠬᠦ ᠦᠶ᠎ᠡ᠎ᠳᠤ᠂ ᠰᠢᠷᠡᠭᠡᠨ ᠨᠢᠭᠤᠷ᠎ᠤᠨ ᠭᠡᠷᠡᠯ᠎ᠤᠨ ᠲᠤᠰᠤᠯᠲᠠ᠎ᠢ ᠵᠢᠭᠳᠡ ᠪᠠᠢ᠌ᠯᠭ᠋ᠠᠵᠤ᠂ ᠭᠡᠷ᠎ᠤᠨ ᠳ᠋ᠧᠩ᠎ᠢ ᠵᠡᠷᠭᠡ᠎ᠳᠤ᠎ᠨᠢ ᠨᠡᠭᠡᠭᠡᠨ᠎ᠡ (ᠥᠩᠭᠡᠲᠦ ᠳ᠋ᠧᠩ᠎ᠢ ᠬᠡᠷᠡᠭᠯᠡᠬᠦ ᠦᠭᠡᠢ); ᠲᠧᠯᠸᠢᠰ ᠦᠵᠡᠬᠦ ᠦᠶ᠎ᠡ᠎ᠳᠤ᠂ ᠵᠣᠬᠢᠰᠲᠠᠢ ᠵᠠᠢ ᠵᠢ ᠪᠠᠷᠢᠮᠲᠠᠯᠠᠵᠤ᠂ ᠲᠧᠯᠸᠢᠰ᠎ᠤᠨ ᠳᠡᠯᠭᠡᠴᠡ ᠵᠢᠨ ᠥᠨᠳᠦᠷᠴᠡ ᠬᠥᠮᠦᠨ᠎ᠤ ᠬᠠᠷᠠᠭ᠋ᠠᠨ ᠱᠤᠭᠤᠮ᠎ᠲᠠᠢ ᠵᠡᠷᠭᠡᠴᠡᠬᠦ ᠪᠤᠶᠤ ᠪᠠᠭ᠎ᠠ ᠳᠣᠣᠷ᠎ᠠ ᠪᠠᠢ᠌ᠬᠤ ᠵᠢ ᠪᠠᠲᠤᠯᠠᠬᠤ ᠬᠡᠷᠡᠭᠲᠡᠢ᠃
      7. ᠰᠢᠮ᠎ᠡ ᠲᠡᠵᠢᠭᠡᠯ᠎ᠢ ᠲᠡᠩᠴᠡᠭᠦᠯᠵᠦ᠂ ᠰᠢᠬᠢᠷᠯᠢᠭ ᠢᠳᠡᠭᠡᠨ ᠪᠠᠭ᠎ᠠ ᠢᠳᠡᠨ᠎ᠡ
      ᠲᠤᠷᠰᠢᠯᠲᠠ᠎ᠠᠴᠠ ᠰᠢᠬᠢᠷᠯᠢᠭ ᠢᠳᠡᠭᠡᠨ᠎ᠢ ᠰᠢᠩᠭᠡᠭᠡᠬᠦ ᠶᠠᠪᠤᠴᠠ᠎ᠳᠤ ᠬᠦᠴᠢᠯᠯᠢᠭ ᠡᠳ᠋ ᠪᠠ ᠱᠥᠯᠲᠦᠯᠢᠭ ᠡᠳ᠋ ᠴᠢᠰᠤᠨ᠎ᠤ ᠺᠠᠯᠼᠢ ᠵᠢ ᠰᠠᠭ᠋ᠠᠷᠮᠠᠭᠵᠢᠭᠤᠯᠵᠤ᠂ ᠴᠢᠰᠤᠨ᠎ᠤ ᠺᠠᠯᠼᠢ ᠪᠠᠭ᠋ᠠᠰᠤᠨ᠂ ᠺᠠᠯᠼᠢ ᠳᠤᠲᠠᠬᠤ᠎ᠨᠢ ᠨᠢᠳᠦᠨ᠎ᠤ ᠴᠡᠴᠡᠬᠡᠢ ᠵᠢᠨ ᠤᠶᠠᠨ ᠬᠠᠳᠠᠨ ᠴᠢᠨᠠᠷ ᠪᠠᠭᠤᠷᠠᠭᠤᠯᠵᠤ᠂ ᠨᠢᠳᠦᠨ᠎ᠤ ᠲᠡᠩᠭᠡᠯᠢᠭ ᠠᠮᠠᠷᠬᠠᠨ ᠤᠷᠲᠤᠰᠴᠤ᠂ ᠣᠶ᠋ᠢᠷ᠎ᠠ ᠬᠠᠷᠠᠭ᠎ᠠ᠎ᠲᠠᠢ ᠪᠣᠯᠬᠣ ᠪᠤᠶᠤ ᠬᠦᠨᠳᠦᠷᠡᠨ᠎ᠡ ᠭᠡᠳᠡᠭ᠎ᠢ ᠭᠡᠷᠡᠴᠢᠯᠡᠪᠡ᠃ ᠬᠡᠦᠬᠡᠳ ᠬᠣᠭᠣᠯᠠ ᠭᠣᠯᠤᠬᠤ ᠦᠭᠡᠢ᠂ ᠬᠣᠭᠣᠯᠠ ᠢᠯᠭ᠋ᠠᠬᠤ ᠦᠭᠡᠢ᠂  ᠢᠯᠡᠭᠦᠬᠡᠨ ᠵᠢᠮᠢᠰ ᠪᠠ ᠢᠳᠡᠰᠢᠨ ᠨᠣᠭᠣᠭ᠎ᠠ ᠢᠳᠡᠵᠦ᠂ ᠰᠢᠬᠢᠷᠯᠢᠭ ᠢᠳᠡᠭᠡᠨ ᠳᠤᠲᠠᠭᠤ ᠢᠳᠡᠵᠦ᠂ ᠰᠢᠬᠢᠷᠯᠢᠭ ᠤᠮᠳᠠᠭ᠋ᠠᠨ ᠳᠤᠲᠠᠭᠤ ᠤᠤᠭᠤᠬᠤ ᠬᠡᠷᠡᠭᠲᠡᠢ᠃
      8. ᠭᠦᠢ᠍ᠴᠡᠳ ᠤᠨᠲᠠᠬᠤ ᠵᠢ ᠪᠠᠲᠤᠯᠠᠨ᠎ᠠ
      ᠭᠦᠢ᠍ᠴᠡᠳ ᠤᠨᠲᠠᠬᠤ᠎ᠨᠢ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠵᠦ ᠴᠢᠳᠠᠨ᠎ᠠ ᠭᠡᠳᠡᠭ᠎ᠢ ᠰᠣᠳᠤᠯᠭ᠋ᠠᠨ           ᠬᠠᠷᠠᠭᠤᠯᠵᠠᠢ᠃ ᠪᠠᠭ᠎ᠠ ᠰᠤᠷᠭ᠋ᠠᠭᠤᠯᠢ ᠵᠢᠨ ᠰᠤᠷᠤᠭᠴᠢ ᠡᠳᠦᠷ ᠪᠦᠷᠢ 10 ᠴᠠᠭ᠂ ᠠᠩᠬ᠎ᠠ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠤᠭᠴᠢ 9 ᠴᠠᠭ᠂ ᠳᠡᠭᠡᠳᠦ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠤᠷᠤᠭᠴᠢ 8 ᠴᠠᠭ ᠤᠨᠲᠠᠬᠤ ᠵᠢ ᠪᠠᠲᠤᠯᠬᠠᠤ ᠬᠡᠷᠡᠭᠲᠡᠢ᠃
   

      ᠠᠰᠠᠭᠤᠳᠠᠯ᠎ᠲᠠᠢ ᠪᠣᠯ ᠵᠠᠪᠠᠯ ᠡᠮᠨᠡᠭᠦᠯᠬᠦ ᠬᠡᠷᠡᠭᠲᠡᠢ
      1. ᠡᠪᠦᠯ᠎ᠤᠨ ᠠᠮᠠᠷᠠᠯᠲᠠ ᠵᠢᠨ ᠬᠤᠭᠤᠴᠠᠭ᠋ᠠᠨ᠎ᠳᠤ᠂ ᠬᠡᠷᠪᠡ ᠬᠡᠦᠬᠡᠳ᠎ᠤᠨ ᠨᠢᠳᠦ ᠤᠯᠠᠶ᠋ᠢᠵᠤ ᠬᠠᠪᠤᠳᠬᠤ᠂ ᠡᠪᠡᠳᠬᠦ᠂ ᠭᠡᠷᠡᠯ᠎ᠠᠴᠠ ᠠᠶᠤᠬᠤ᠂ ᠨᠢᠯᠪᠤᠰᠤ ᠭᠣᠭᠣᠵᠢᠬᠤ ᠵᠡᠷᠭᠡ ᠪᠠᠶ᠋ᠢᠳᠠᠯ ᠢᠯᠡᠷᠡᠪᠡᠯ ᠥᠪᠡᠰᠦᠪᠡᠨ ᠡᠮᠨᠡᠬᠦ ᠦᠭᠡᠢ᠂ ᠴᠠᠭ ᠲᠤᠬᠠᠢ᠎ᠳᠤ᠎ᠨᠢ ᠵᠢᠩᠬᠢᠨᠢ ᠨᠢᠳᠦᠨ᠎ᠤ ᠡᠮᠨᠡᠯᠭᠡ᠎ᠳᠤ ᠬᠦᠴᠦ ᠡᠮᠨᠡᠭᠦᠯᠬᠦ ᠬᠡᠷᠡᠭᠲᠡᠢ᠃
      2. ᠢᠷᠲᠦ ᠡᠳ᠋ ᠪᠠᠷᠢᠵᠤ ᠲᠣᠭᠯᠠᠵᠤ ᠪᠣᠯᠬᠤ ᠦᠭᠡᠢ᠂ ᠴᠢᠩᠭ᠎ᠠ ᠬᠦᠴᠢᠯᠯᠢᠭ᠂ ᠴᠢᠩᠭ᠎ᠠ ᠱᠥᠯᠲᠦᠯᠢᠭ ᠤᠬᠢᠶᠠᠯᠭ᠎ᠠ ᠵᠢᠨ ᠡᠳ᠋᠎ᠲᠠᠢ ᠣᠶ᠋ᠢᠷᠠᠳᠬᠤ᠎ᠠᠴᠠ  ᠵᠠᠢ᠌ᠯᠠᠰᠬᠢᠨ᠎ᠠ᠃ ᠨᠢᠳᠦᠨ᠎ᠳᠤ ᠶᠠᠭᠤᠮ᠎ᠠ ᠣᠷᠣᠪᠠᠯ᠂ ᠨᠢᠳᠦ᠎ᠪᠠᠨ ᠰᠢᠭᠤᠳ ᠨᠤᠬᠤᠯᠠᠬᠤ ᠦᠭᠡᠢ᠂ ᠨᠢᠳᠦ᠎ᠪᠠᠨ ᠪᠠᠭ᠎ᠠ ᠠᠠᠨᠢᠵᠤ᠂ ᠣᠷᠣᠭᠰᠠᠨ ᠶᠠᠭᠤᠮ᠎ᠠ ᠵᠢ ᠨᠢᠳᠦᠨ ᠨᠢᠯᠪᠤᠰᠤ᠎ᠪᠠᠨ ᠤᠷᠤᠰᠬᠠᠨ ᠭᠠᠷᠭ᠋ᠠᠨ᠎ᠠ᠂ ᠬᠡᠷᠪᠡ ᠠᠶᠠᠷ ᠵᠶ᠋ᠠᠨ ᠭᠠᠷᠬᠤ ᠦᠭᠡᠢ ᠪᠤᠶᠤ ᠣᠨᠳᠣᠤ ᠢᠯᠡᠷᠡᠯ᠎ᠲᠠᠢ ᠪᠣᠯ ᠴᠠᠭ ᠲᠤᠬᠠᠢ᠎ᠳᠤ᠎ᠨᠢ ᠡᠮᠨᠡᠭᠦᠯᠬᠦ ᠬᠡᠷᠡᠭᠲᠡᠢ᠃
      3. ᠭᠡᠷ᠎ᠤᠨ ᠠᠬᠠᠮᠠᠳ ᠬᠡᠦᠬᠡᠳ᠎ᠤᠨ ᠵᠶ᠋ᠠᠨ ᠲᠣᠯᠤᠭ᠋ᠠᠢ᠎ᠪᠠᠨ ᠭᠢᠯᠵᠢᠢ᠍ᠯᠭᠡᠨ ᠶᠠᠭᠤᠮ᠎ᠠ ᠬᠠᠷᠠᠬᠤ᠂ ᠦᠷᠭᠦᠯᠵᠢ ᠨᠢᠳᠦ᠎ᠪᠠᠨ ᠰᠡᠢ᠌ᠮᠡᠢ᠌ᠯᠭᠡᠬᠦ᠂ ᠨᠢᠳᠦ᠎ᠪᠠᠨ ᠰᠢᠬᠠᠬᠤ ᠵᠡᠷᠭᠡ ᠢᠯᠡᠷᠡᠯ᠎ᠢ ᠣᠯᠵᠤ ᠮᠡᠳᠡᠪᠡᠯ᠂ ᠳᠠᠷᠤᠢ᠎ᠳᠤ᠎ᠨᠢ ᠵᠣᠬᠢᠰᠲᠠᠢ ᠠᠮᠠᠷᠠᠭᠤᠯᠬᠤ ᠪᠠ ᠬᠥᠳᠡᠯᠭᠡᠭᠡᠨ ᠬᠢᠯᠭᠡᠵᠦ᠂ ᠠᠮᠠᠷᠠᠯᠲᠠ ᠵᠢᠨ ᠬᠤᠭᠤᠴᠠᠭ᠎ᠠ ᠵᠢ ᠠᠰᠢᠭᠯᠠᠨ ᠵᠢᠩᠬᠢᠨᠢ ᠨᠢᠳᠦᠨ᠎ᠤ ᠡᠮᠨᠡᠯᠭᠡ ᠵᠢᠨ ᠬᠣᠷᠢᠶᠠᠨ᠎ᠳᠤ ᠬᠦᠷᠴᠦ ᠪᠠᠢ᠌ᠴᠠᠭ᠋ᠠᠯᠭ᠋ᠠᠵᠤ ᠵᠠᠰᠠᠭᠤᠯᠤᠨ᠎ᠠ ᠂ ᠬᠡᠷᠪᠡ ᠣᠶ᠋ᠢᠷ᠎ᠠ ᠬᠠᠷᠠᠭ᠎ᠠ ᠪᠣᠯᠤᠭᠰᠠᠨ ᠪᠣᠯ ᠴᠠᠭ ᠲᠤᠬᠠᠢ᠎ᠳᠤ ᠎ᠨᠢ ᠵᠠᠰᠠᠭᠤᠯᠬᠤ ᠪᠣᠯ ᠣᠶ᠋ᠢᠷ᠎ᠠ ᠬᠠᠷᠠᠭ᠎ᠠ ᠬᠦᠨᠳᠦᠷᠡᠬᠦ ᠵᠢ ᠬᠣᠷᠢᠭᠯᠠᠬᠤ ᠬᠠᠮᠤᠭ᠎ᠤᠨ ᠵᠥᠪ ᠪᠥᠭᠡᠳ ᠪᠦᠲᠦᠮᠵᠢᠲᠡᠢ ᠠᠷᠭ᠎ᠠ ᠮᠠᠶᠢᠭ ᠪᠣᠯᠤᠨ᠎ᠠ᠃
      4. ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ᠂ ᠬᠤᠸᠠᠷ ᠫᠤᠤᠵᠢᠩ ᠲᠠᠯᠪᠢᠵᠤ ᠨᠢᠳᠦ ᠪᠠ ᠪᠡᠶ᠎ᠡ ᠮᠠᠬᠠᠪᠣᠳ ᠵᠶ᠋ᠠᠨ ᠰᠢᠷᠬᠠᠳᠤᠭᠤᠯᠬᠤ ᠪᠠᠶ᠋ᠢᠳᠠᠯ ᠦᠷᠭᠦᠯᠵᠢ  ᠭᠠᠷᠳᠠᠭ᠂ ᠭᠡᠷ᠎ᠤᠨ ᠠᠬᠠᠮᠠᠳ ᠡᠷᠬᠡᠪᠰᠢ ᠬᠡᠦᠬᠡᠳ᠎ᠤᠨ ᠠᠮᠤᠷ ᠲᠦᠪᠰᠢᠨ᠎ᠤ ᠬᠥᠮᠦᠵᠢᠯ ᠪᠠ ᠬᠠᠮᠠᠭ᠋ᠠᠯᠠᠯᠲᠠ ᠵᠢ ᠰᠠᠶ᠋ᠢᠲᠤᠷ ᠬᠢᠵᠦ᠂ ᠰᠠᠨᠠᠭ᠋ᠠᠨ᠎ᠳᠤ ᠦᠭᠡᠢ ᠭᠡᠮᠲᠦᠯ ᠭᠠᠷᠬᠤ᠎ᠠᠴᠠ ᠵᠠᠢ᠌ᠯᠠᠰᠬᠢᠬᠤ ᠬᠡᠷᠡᠭᠲᠡᠢ᠃


 

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠡᠳᠡᠭᠡᠷ ᠲᠠᠯᠠᠪᠤᠷ᠎ᠤᠨ ᠭᠠᠯ ᠰᠡᠷᠭᠡᠶ᠋ᠢᠯᠡᠬᠦ ᠠᠮᠤᠷ ᠲᠦᠪᠰᠢᠨ᠎ᠳᠤ ᠨᠠᠷᠢᠨ ᠨᠢᠮᠪᠠᠢ ᠬᠠᠨᠳᠤᠬᠤ ᠬᠡᠷᠡᠭᠲᠡᠢ
《ᠤᠨᠲᠠᠯᠭ᠎ᠠ》᠎ᠳᠤ ᠬᠣᠯᠪᠤᠭᠳᠠᠬᠤ ᠠᠩᠬᠠᠷᠤᠭᠤᠰᠢᠲᠠᠢ ᠵᠦᠢ᠍ᠯ ᠄ ᠡᠳᠡᠭᠡᠷ ᠪᠠᠶ᠋ᠢᠷᠢ ᠵᠢᠨ ᠠᠮᠤᠷ ᠲᠦᠪᠰᠢᠨ᠎ᠳᠤ ᠬᠣᠯᠪᠤᠭᠳᠠᠬᠤ ᠠᠩᠬᠠᠷᠬᠤ ᠵᠦᠢ᠍ᠯ᠎ᠢ ᠡᠷᠬᠡᠪᠰᠢ ᠪᠠᠲᠤ ᠴᠡᠭᠡᠵᠢᠯᠡᠬᠦ ᠬᠡᠷᠡᠭᠲᠡᠢ
ᠤᠳᠠᠯ ᠦᠭᠡᠢ ᠰᠤᠷᠭ᠋ᠠᠭᠤᠯᠢ ᠡᠬᠢᠯᠡᠬᠦ ᠭᠡᠵᠦ ᠪᠠᠢ᠌ᠭ᠎ᠠ ᠳᠤᠮᠳᠠᠳᠤ ᠪᠠᠭ᠎ᠠ ᠰᠤᠷᠭ᠋ᠠᠭᠤᠯᠢ᠎ᠳᠤ ᠥᠭᠬᠦ ᠰᠠᠨᠠᠭᠤᠯᠤᠮᠵᠢ
ᠰᠢᠨ᠎ᠡ ᠰᠤᠷᠤᠯᠭ᠎ᠠ ᠵᠢᠨ ᠬᠤᠭᠤᠴᠠᠭ᠋ᠠᠨ᠎ᠤ ᠨᠢᠭᠡᠨ ᠤᠳᠠᠭ᠋ᠠᠨ᠎ᠤ ᠵᠠᠮ ᠬᠠᠷᠢᠯᠴᠠᠭ᠋ᠠᠨ᠎ᠤ ᠠᠮᠤᠷ ᠲᠦᠪᠰᠢᠨ᠎ᠤ ᠬᠢᠴᠢᠶᠡᠯ
ᠪᠦᠬᠦ ᠣᠷᠣᠨ᠎ᠤ ᠬᠣᠣᠷᠠᠲᠤ ᠡᠳ᠋᠎ᠢ ᠴᠠᠭ᠋ᠠᠵᠠᠯᠠᠬᠤ ᠤᠬᠠᠭᠤᠯᠭ᠎ᠠ ᠬᠥᠮᠦᠵᠢᠯ᠎ᠤᠨ ᠬᠢᠴᠢᠶᠡᠯ᠎ᠤᠨ ᠫᠷᠣᠭ᠌ᠷᠠᠮ᠎ᠢ ᠴᠤᠭᠯᠠᠭᠤᠯᠵᠤ ᠰᠢᠯᠭ᠋ᠠᠷᠠᠭᠤᠯᠬᠤ ᠠᠵᠢᠯᠯᠠᠭ᠎ᠠ ᠡᠬᠢᠯᠡᠪᠡ!
 
             蒙ICP备05000248号