ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
2025 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠩ᠎ᠤᠨ ᠶᠡᠬᠡ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠥᠪᠡᠷᠲᠡᠭᠡᠨ ᠵᠠᠰᠠᠬᠤ ᠣᠷᠣᠨ᠎ᠤ ᠨᠢᠭᠡᠳᠦᠯᠲᠡᠢ ᠰᠢᠯᠭ᠋ᠠᠯᠲᠠ ᠵᠢᠨ ᠤᠷᠠᠯᠢᠭ᠎ᠤᠨ ᠲᠥᠷᠥᠯ᠎ᠤᠨ ᠲᠤᠰᠬᠠᠢ ᠮᠡᠷᠭᠡᠵᠢᠯ᠎ᠤᠨ ᠬᠢᠷᠢ ᠪᠦᠲᠦᠮᠵᠢ ᠵᠢ ᠳᠠᠬᠢᠨ ᠬᠢᠨᠠᠬᠤ ᠲᠤᠬᠠᠢ ᠠᠯᠪᠠᠨ ᠵᠠᠷᠯᠠᠯ
ᠨᠡᠶ᠋ᠢᠲᠡᠯᠡᠭᠰᠡᠨ ᠴᠠᠭ᠄ 2025-01-16

ᠡᠳᠦᠭᠡ 2025 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠩ᠎ᠤᠨ ᠶᠡᠬᠡ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ  ᠥᠪᠡᠷᠲᠡᠭᠡᠨ ᠵᠠᠰᠠᠬᠤ ᠣᠷᠣᠨ᠎ᠤ ᠨᠢᠭᠡᠳᠦᠯᠲᠡᠢ ᠰᠢᠯᠭ᠋ᠠᠯᠲᠠ ᠵᠢᠨ ᠤᠷᠠᠯᠢᠭ᠎ᠤᠨ ᠲᠥᠷᠥᠯ᠎ᠤᠨ ᠲᠤᠰᠬᠠᠢ ᠮᠡᠷᠭᠡᠵᠢᠯ᠎ᠤᠨ ᠬᠢᠷᠢ ᠪᠦᠲᠦᠮᠵᠢ ᠵᠢ ᠳᠠᠬᠢᠨ ᠬᠢᠨᠠᠬᠤ ᠲᠤᠬᠠᠢ ᠳᠣᠣᠷᠠᠬᠢ ᠮᠡᠲᠦ ᠮᠡᠳᠡᠭᠳᠡᠪᠡ᠄

ᠨᠢᠭᠡ᠂ ᠳᠠᠬᠢᠨ ᠬᠢᠨᠠᠬᠤ ᠲᠥᠷᠥᠯ ᠵᠦᠢ᠍ᠯ

2025 ᠣᠨ᠎ᠤ ᠡᠩ᠎ᠤᠨ ᠶᠡᠬᠡ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠳᠠᠭᠤᠤ ᠬᠥᠭᠵᠢᠮ᠎ᠤᠨ ᠲᠥᠷᠥᠯ᠂ ᠪᠥᠵᠢᠭ᠎ᠤᠨ ᠲᠥᠷᠥᠯ᠂ ᠲᠣᠭᠯᠠᠯᠲᠠ (  ᠤᠳᠤᠷᠢᠳᠤᠭ᠋ᠠᠴᠢ) ᠵᠢᠨ ᠲᠥᠷᠥᠯ᠂ ᠨᠡᠪᠲᠡᠷᠡᠭᠦᠯᠦᠭᠴᠢ ᠪᠠ ᠬᠥᠲᠦᠯᠦᠭᠴᠢ ᠵᠢᠨ ᠲᠥᠷᠥᠯ᠂ ᠤᠷᠠᠨ ᠵᠢᠷᠤᠭ ᠪᠠ ᠵᠢᠷᠤᠭ ᠲᠥᠯᠦᠪᠯᠡᠭᠡ ᠵᠢᠨ ᠲᠥᠷᠥᠯ᠂ ᠤᠷᠠᠨ ᠪᠢᠴᠢᠯᠭᠡ ᠵᠢᠨ ᠲᠥᠷᠥᠯ᠎ᠤᠨ ᠨᠢᠭᠡᠳᠦᠯᠲᠡᠢ ᠰᠢᠯᠭ᠋ᠠᠯᠲᠠ  ᠵᠢᠨ ᠬᠢᠷᠢ ᠪᠦᠲᠦᠮᠵᠢ

ᠬᠣᠶᠠᠷ᠂ ᠳᠠᠬᠢᠨ ᠬᠢᠨᠠᠬᠤ ᠴᠠᠭ ᠬᠤᠭᠤᠴᠠᠭ᠎ᠠ

ᠳᠠᠬᠢᠨ ᠬᠢᠨᠠᠬᠤ ᠭᠤᠶᠤᠴᠢᠯᠠᠯ᠎ᠢ ᠲᠤᠰᠢᠶᠠᠬᠤ ᠴᠠᠭ᠄ 2025 ᠣᠨ᠎ᠤ 1 ᠳ᠋ᠦ᠍ᠭᠡᠷ ᠰᠠᠷ᠎ᠠ ᠵᠢᠨ 15-17᠎ᠤ ᠡᠳᠦᠷ᠂ ᠬᠤᠭᠤᠴᠠᠭ᠎ᠠ ᠥᠩᠭᠡᠷᠡᠪᠡᠯ ᠳᠠᠭᠢᠵᠤ ᠬᠦᠯᠢᠶᠡᠨ ᠠᠪᠴᠤ ᠰᠢᠢ᠍ᠳᠪᠦᠷᠢᠯᠡᠬᠦ ᠦᠭᠡᠢ᠃

ᠬᠦᠯᠢᠶᠡᠨ ᠠᠪᠴᠤ ᠰᠢᠢ᠍ᠳᠪᠦᠷᠢᠯᠡᠵᠦ ᠪᠠᠢ᠌ᠭ᠎ᠠ ᠪᠠᠢ᠌ᠳᠠᠯ ᠵᠢᠴᠢ ᠳᠠᠬᠢᠨ ᠬᠢᠨᠠᠭᠰᠠᠨ ᠦᠷ᠎ᠡ ᠳ᠋ᠦᠩ᠎ᠢ ᠪᠠᠢ᠌ᠴᠠᠭ᠋ᠠᠨ ᠯᠠᠪᠯᠠᠬᠤ ᠴᠠᠭ᠄ 2025 ᠣᠨ᠎ᠤ 1 ᠰᠠᠷ᠎ᠠ ᠵᠢᠨ 21᠎ᠤ ᠡᠳᠦᠷ᠃

ᠭᠤᠷᠪᠠ᠂ ᠳᠠᠬᠢᠨ ᠬᠢᠨᠠᠬᠤ ᠠᠭᠤᠯᠭ᠎ᠠ

ᠰᠢᠯᠭ᠋ᠠᠭᠤᠯᠤᠭᠴᠢ ᠵᠢᠨ ᠬᠢᠷᠢ ᠪᠦᠲᠦᠮᠵᠢ ᠵᠢ ᠳᠠᠬᠢᠨ ᠬᠢᠨᠠᠬᠤ ᠠᠭᠤᠯᠭ᠎ᠠ᠎ᠳᠤ᠄ ᠰᠢᠯᠭ᠋ᠠᠭᠤᠯᠤᠭᠴᠢ ᠵᠢᠨ ᠬᠤᠪᠢ ᠬᠥᠮᠦᠨ᠎ᠤ ᠮᠡᠳᠡᠭᠡ ᠵᠠᠩᠭᠢ᠂ ᠬᠠᠷᠠᠭ᠋ᠠᠯᠵᠠᠭᠰᠠᠨ ᠪᠢᠷ᠎ᠤᠨ ᠰᠢᠯᠭ᠋ᠠᠯᠲᠠ ᠵᠢᠨ ᠰᠡᠳᠦᠪ ᠬᠠᠷᠢᠭᠤᠯᠬᠤ ᠺᠠᠷᠲ᠎ᠤᠨ ᠵᠢᠷᠤᠭ᠎ᠨᠢ ᠰᠢᠯᠭ᠋ᠠᠭᠤᠯᠤᠭᠴᠢ ᠵᠢᠨ ᠬᠠᠷᠢᠭᠤᠯᠲᠠ ᠵᠢᠨ ᠬᠠᠭᠤᠳᠠᠰᠤ ᠮᠥᠨ ᠡᠰᠡᠬᠦ᠂ ᠨᠢᠭᠤᠷᠳᠠᠨ  ᠰᠢᠯᠭ᠋ᠠᠯᠲᠠ ᠵᠢᠨ ᠬᠢᠴᠢᠶᠡᠯ ᠲᠥᠷᠥᠯ᠎ᠤᠨ ᠳᠠᠭᠤᠨ᠎ᠤ ᠸᠢᠳᠢᠣ᠋᠎ᠨᠢ ᠰᠢᠯᠭ᠋ᠠᠭᠤᠯᠤᠭᠴᠢ ᠵᠢᠨ ᠰᠢᠯᠭ᠋ᠠᠯᠲᠠ ᠵᠢᠨ ᠴᠡᠭ᠎ᠲᠤ ᠭᠠᠷ᠎ᠤᠨ ᠦᠰᠦᠭ ᠵᠢᠷᠤᠵᠤ ᠨᠤᠲᠠᠯᠠᠭᠰᠠᠨ᠎ᠲᠠᠢ ᠨᠢᠭᠡᠳᠦᠯᠲᠡᠢ ᠪᠠᠶ᠋ᠢᠬᠤ ᠡᠰᠡᠬᠦ᠂ ᠦᠨᠡᠯᠡᠬᠦ᠎ᠳᠤ ᠣᠷᠬᠢᠭᠳᠠᠭᠤᠯᠤᠭᠰᠠᠨ ᠵᠦᠢ᠍ᠯ ᠪᠠᠶ᠋ᠢᠬᠤ ᠡᠰᠡᠬᠦ᠂ ᠪᠠᠭ᠎ᠠ ᠰᠡᠳᠦᠪ᠎ᠤᠨ ᠣᠯᠣᠭᠰᠠᠨ ᠬᠤᠪᠢ ᠵᠢ ᠪᠦᠷᠢᠳᠭᠡᠬᠦ (ᠳᠠᠩᠰᠠᠯᠠᠬᠤ)᠎ᠳᠤ ᠣᠷᠬᠢᠭᠳᠠᠭᠤᠯᠤᠭᠰᠠᠨ ᠡᠰᠡᠬᠦ᠂ ᠬᠢᠴᠢᠶᠡᠯ ᠲᠥᠷᠦᠯ᠎ᠤᠨ ᠶᠡᠷᠦᠩᠬᠡᠢ ᠬᠤᠪᠢ ᠰᠢᠯᠭ᠋ᠠᠭᠤᠯᠤᠭᠴᠢ᠎ᠳᠤ ᠮᠡᠳᠡᠭᠳᠡᠭᠰᠡᠨ ᠬᠢᠷᠢ ᠪᠦᠲᠦᠮᠵᠢ᠎ᠲᠠᠢ ᠨᠢᠭᠡᠳᠦᠯᠲᠡᠢ ᠪᠠᠶ᠋ᠢᠬᠤ ᠡᠰᠡᠬᠦ ᠵᠢ ᠪᠠᠭᠲᠠᠭ᠋ᠠᠨ᠎ᠠ᠃ ᠬᠤᠪᠢ ᠳᠣᠭᠲᠠᠭ᠋ᠠᠭᠰᠠᠨ ᠴᠢᠩᠭ᠎ᠠ ᠰᠤᠯᠠ ᠵᠢᠨ ᠬᠡᠮᠵᠢᠶ᠎ᠡ ᠵᠢ ᠬᠢᠷᠢ ᠪᠦᠲᠦᠮᠵᠢ ᠵᠢ ᠳᠠᠬᠢᠨ ᠬᠢᠨᠠᠬᠤ ᠬᠡᠪᠴᠢᠶᠡᠨ ᠎ᠳᠤ ᠣᠷᠣᠭᠤᠯᠬᠤ ᠦᠭᠡᠢ᠃

ᠰᠢᠯᠭ᠋ᠠᠭᠤᠯᠤᠭᠴᠢ ᠵᠢᠨ ᠬᠢᠷᠢ ᠪᠦᠲᠦᠮᠵᠢ ᠵᠢ ᠳᠠᠬᠢᠨ ᠬᠢᠨᠠᠬᠤ ᠦᠶ᠎ᠡ᠎ᠳᠤ᠂ ᠳᠠᠬᠢᠵᠤ ᠬᠤᠪᠢ ᠲᠣᠭᠲᠠᠭ᠋ᠠᠬᠤ ᠦᠭᠡᠢ᠂ ᠰᠢᠯᠭ᠋ᠠᠭᠤᠯᠤᠭᠴᠢ ᠪᠠ ᠭᠡᠷ᠎ᠤᠨ ᠠᠬᠠᠮᠠᠳ ᠬᠠᠷᠢᠭᠤᠯᠲᠠ ᠵᠢᠨ ᠬᠠᠭᠤᠳᠠᠰᠤ᠂ ᠵᠤᠬᠢᠬᠤ ᠰᠢᠷᠪᠢᠯᠲᠡ ᠵᠢᠷᠤᠭ ᠵᠢᠴᠢ ᠨᠢᠭᠤᠷᠳᠠᠨ ᠰᠢᠯᠭ᠋ᠠᠯᠲᠠ ᠵᠢᠨ ᠳᠠᠭᠤᠨ᠎ᠤ ᠸᠢᠳᠢᠣ᠋ ᠵᠢ ᠪᠠᠢ᠌ᠴᠠᠭ᠋ᠠᠨ ᠯᠠᠪᠯᠠᠵᠤ ᠪᠣᠯᠬᠤ ᠦᠭᠡᠢ᠃

ᠳᠥᠷᠪᠡ᠂ ᠳᠠᠬᠢᠨ ᠬᠢᠨᠠᠬᠤ ᠳᠡᠰ ᠳᠠᠷᠠᠭ᠋ᠠᠯᠠᠯ

ᠬᠢᠷᠢ ᠪᠦᠲᠦᠮᠵᠢ᠎ᠳᠤ ᠰᠠᠨᠠᠯ᠎ᠲᠠᠢ ᠰᠢᠯᠭ᠋ᠠᠭᠤᠯᠤᠭᠴᠢ ᠲᠣᠭᠲᠠᠭᠰᠠᠨ ᠴᠠᠭ᠎ᠲᠤ᠂ ᠬᠤᠪᠢ ᠬᠥᠮᠦᠨ᠎ᠤ ᠪᠡᠶ᠎ᠡ ᠵᠢᠨ ᠦᠨᠡᠮᠯᠡᠯ ᠪᠠ ᠰᠢᠯᠭ᠋ᠠᠭᠤᠯᠬᠤ ᠲᠡᠮᠳᠡᠭ ᠵᠶ᠋ᠠᠨ ᠠᠪᠴᠤ᠂ ᠬᠣᠰᠢᠭᠤ ᠰᠢᠶᠠᠨ (ᠬᠣᠲᠠ᠂ ᠲᠣᠭᠣᠷᠢᠭ)᠎ᠤ ᠰᠤᠷᠭ᠋ᠠᠨ ᠬᠥᠮᠦᠵᠢᠯ᠎ᠤᠨ ᠰᠢᠯᠭ᠋ᠠᠯᠲᠠ ᠵᠢᠨ ᠪᠠᠶ᠋ᠢᠭᠤᠯᠤᠮᠵᠢ᠎ᠳᠤ ᠬᠦᠷᠴᠦ ᠬᠢᠷᠢ ᠪᠦᠲᠦᠮᠵᠢ ᠵᠢ ᠳᠠᠬᠢᠨ ᠬᠢᠨᠠᠭᠤᠯᠬᠤ ᠭᠤᠶᠤᠴᠢᠯᠠᠯ ᠭᠠᠷᠭ᠋ᠠᠬᠤ ᠵᠢᠨ ᠬᠠᠮᠲᠤ᠂ 《ᠰᠢᠯᠭ᠋ᠠᠭᠤᠯᠤᠭᠴᠢ ᠡᠩ᠎ᠤᠨ ᠶᠡᠬᠡ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠬᠢᠷᠢ ᠪᠦᠲᠦᠮᠵᠢ ᠵᠢ ᠳᠠᠬᠢᠨ ᠬᠢᠨᠠᠭᠤᠯᠬᠤ᠎ᠪᠠᠷ ᠭᠤᠶᠤᠴᠢᠯᠠᠬᠤ ᠬᠦᠰᠦᠨᠦᠭᠲᠦ》 ᠵᠢ ᠲᠠᠭᠯᠠᠵᠤ᠂ ᠬᠤᠭᠤᠴᠠᠭ᠎ᠠ ᠥᠩᠭᠡᠷᠡᠭᠰᠡᠨ᠎ᠢ ᠬᠦᠯᠢᠶᠡᠨ ᠠᠪᠴᠤ ᠰᠢᠢ᠍ᠳᠪᠦᠷᠢᠯᠡᠬᠦ ᠦᠭᠡᠢ᠃

《2024 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠩ᠎ᠤᠨ ᠶᠡᠬᠡ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠬᠢᠷᠢ ᠪᠦᠲᠦᠮᠵᠢ ᠵᠢ ᠳᠠᠬᠢᠨ ᠬᠢᠨᠠᠬᠤ ᠳᠡᠰ ᠳᠠᠷᠠᠭ᠋ᠠᠯᠠᠯ》 ᠵᠶ᠋ᠠᠷ ᠯᠠᠪᠯᠠᠯᠲᠠ ᠪᠣᠯᠭ᠋ᠠᠨ ᠬᠡᠷᠡᠭᠵᠢᠭᠦᠯᠦᠨ᠎ᠡ᠃

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
2025 ᠣᠨ᠎ᠤ ᠡᠪᠦᠯ᠎ᠤᠨ ᠠᠮᠠᠷᠠᠯᠲᠠ ᠵᠢᠨ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠵᠢ ᠪᠠᠭᠰᠢ ᠰᠤᠷᠤᠭᠴᠢ ᠭᠡᠷ᠎ᠤᠨ ᠠᠬᠠᠮᠠᠳ᠎ᠲᠤ ᠳᠠᠮᠵᠢᠭᠤᠯᠬᠤ᠎ᠨᠢ ①
2025 ᠣᠨ᠎ᠤ ᠡᠪᠦᠯ᠎ᠤᠨ ᠠᠮᠠᠷᠠᠯᠲᠠ ᠵᠢᠨ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠵᠢ ᠪᠠᠭᠰᠢ ᠰᠤᠷᠤᠭᠴᠢ ᠭᠡᠷ᠎ᠤᠨ ᠠᠬᠠᠮᠠᠳ᠎ᠲᠤ ᠳᠠᠮᠵᠢᠭᠤᠯᠬᠤ᠎ᠨᠢ ②
2025 ᠣᠨ᠎ᠤ ᠡᠪᠦᠯ᠎ᠤᠨ ᠠᠮᠠᠷᠠᠯᠲᠠ ᠵᠢᠨ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠵᠢ ᠪᠠᠭᠰᠢ ᠰᠤᠷᠤᠭᠴᠢ ᠭᠡᠷ᠎ᠤᠨ ᠠᠬᠠᠮᠠᠳ᠎ᠲᠤ ᠳᠠᠮᠵᠢᠭᠤᠯᠬᠤ᠎ᠨᠢ ③
2025 ᠣᠨ᠎ᠤ ᠡᠪᠦᠯ᠎ᠤᠨ ᠠᠮᠠᠷᠠᠯᠲᠠ ᠵᠢᠨ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠵᠢ ᠪᠠᠭᠰᠢ ᠰᠤᠷᠤᠭᠴᠢ ᠭᠡᠷ᠎ᠤᠨ ᠠᠬᠠᠮᠠᠳ᠎ᠲᠤ ᠳᠠᠮᠵᠢᠭᠤᠯᠬᠤ᠎ᠨᠢ④
2025 ᠣᠨ᠎ᠤ ᠡᠪᠦᠯ᠎ᠤᠨ ᠠᠮᠠᠷᠠᠯᠲᠠ ᠵᠢᠨ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠵᠢ ᠪᠠᠭᠰᠢ ᠰᠤᠷᠤᠭᠴᠢ ᠭᠡᠷ᠎ᠤᠨ ᠠᠬᠠᠮᠠᠳ᠎ᠲᠤ ᠳᠠᠮᠵᠢᠭᠤᠯᠬᠤ᠎ᠨᠢ⑤
 
             蒙ICP备05000248号