2025 ᠣᠨ᠎ᠤ ᠡᠩ᠎ᠤᠨ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠰᠢᠯᠭ᠋ᠠᠬᠤ ᠲᠡᠮᠳᠡᠭ᠎ᠢ ᠳᠠᠷᠤᠮᠠᠯᠯᠠᠬᠤ ᠴᠢᠳᠠᠮᠵᠢ ᠵᠢ ᠥᠨᠥᠳᠦᠷ ᠨᠡᠪᠲᠡᠷᠡᠭᠦᠯᠵᠦ᠂ ᠰᠢᠯᠭ᠋ᠠᠭᠤᠯᠤᠭᠴᠢ ᠥᠪᠥᠷ ᠮᠣᠩᠭᠣᠯ᠎ᠤᠨ ᠰᠤᠷᠤᠭᠴᠢ ᠡᠯᠰᠡᠬᠦ ᠰᠢᠯᠭ᠋ᠠᠯᠲᠠ ᠵᠢᠨ ᠮᠡᠳᠡᠭᠡ ᠵᠠᠩᠭᠢ ᠵᠢᠨ ᠰᠦᠯᠵᠢᠶ᠎ᠡ ᠵᠢᠨ ᠭᠣᠣᠯ ᠨᠢᠭᠤᠷ᠎ᠤᠨ ᠪᠠᠷᠠᠭᠤᠨ ᠲᠠᠯ᠎ᠠ᠎ᠳᠠᠬᠢ ᠬᠥᠪᠦᠮᠡᠯ ᠴᠣᠩᠬᠣ 《2025 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠩ᠎ᠤᠨ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠰᠢᠯᠭ᠋ᠠᠬᠤ ᠲᠡᠮᠳᠡᠭ᠎ᠢ ᠳᠠᠷᠤᠮᠠᠯᠯᠠᠬᠤ》 ᠵᠠᠯᠭ᠋ᠠᠭ᠋ᠠᠰᠤ ᠵᠢ ᠳᠣᠶᠢᠨ᠂ ᠰᠢᠯᠭ᠋ᠠᠭᠤᠯᠤᠭᠰᠠᠳ᠎ᠤᠨ ᠶᠡᠷᠦᠩᠬᠡᠶ᠋ᠢᠯᠡᠭᠰᠡᠨ ᠦᠢ᠍ᠯᠡᠴᠢᠯᠡᠭᠡᠨ᠎ᠤ ᠲᠠᠪᠴᠠᠩ (https://www4.nm.zsks.cn/BaseStudent/)᠎ᠲᠤ ᠣᠷᠣᠵᠤ᠂ ᠨᠢᠭᠤᠷ ᠳᠡᠭᠡᠷᠡᠬᠢ 《ᠡᠩ᠎ᠤᠨ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ》 ᠵᠢ ᠰᠣᠩᠭᠤᠨ᠂ 《ᠰᠢᠯᠭ᠋ᠠᠬᠤ ᠲᠡᠮᠳᠡᠭ᠎ᠢ ᠳᠠᠷᠤᠮᠠᠯᠯᠠᠬᠤ》 ᠵᠢ ᠳᠣᠶᠢᠵᠤ᠂ 2025 ᠣᠨ᠎ᠤ ᠡᠩ᠎ᠤᠨ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠰᠢᠯᠭ᠋ᠠᠬᠤ ᠲᠡᠮᠳᠡᠭ᠎ᠢ ᠳᠠᠷᠤᠮᠠᠯᠯᠠᠨ᠎ᠠ᠃



ᠰᠠᠨᠠᠭᠤᠯᠤᠮᠵᠢ᠄
1. ᠬᠡᠷᠪᠡ ᠰᠢᠯᠭ᠋ᠠᠭᠤᠯᠤᠭᠴᠢ ᠨᠢᠭᠤᠴᠠ ᠨᠣᠮᠧᠷ ᠵᠶ᠋ᠠᠨ ᠮᠠᠷᠲᠠᠭᠰᠠᠨ ᠪᠣᠯ᠂ ᠶᠡᠷᠦᠩᠬᠡᠶ᠋ᠢᠯᠡᠭᠰᠡᠨ ᠦᠢ᠍ᠯᠡᠴᠢᠯᠡᠭᠡᠨ᠎ᠤ ᠲᠠᠪᠴᠠᠩ᠎ᠳᠤ ᠣᠷᠣᠵᠤ ᠨᠢᠭᠤᠷ᠎ᠤᠨ ᠳᠣᠣᠷ᠎ᠠ ᠲᠠᠯ᠎ᠠ᠎ᠳᠤ ᠪᠠᠢ᠌ᠭ᠎ᠠ 《ᠨᠢᠭᠤᠴᠠ ᠨᠣᠮᠧᠷ ᠵᠶ᠋ᠠᠨ ᠮᠠᠷᠲᠠᠭᠰᠠᠨ》᠎ᠢ ᠳᠣᠶᠢᠵᠤ᠂ ᠪᠡᠶ᠎ᠡ ᠵᠢᠨ ᠦᠨᠡᠮᠯᠡᠯ᠎ᠤᠨ ᠨᠣᠮᠧᠷ ᠪᠠ ᠨᠡᠷ᠎ᠡ ᠮᠡᠳᠡᠭᠦᠯᠬᠦ ᠦᠶ᠎ᠡ᠎ᠳᠤ ᠦᠯᠡᠳᠡᠭᠡᠭᠰᠡᠨ ᠭᠠᠷ ᠤᠲᠠᠰᠤᠨ᠎ᠤ ᠨᠣᠮᠧᠷ ᠵᠶ᠋ᠡᠨ ᠣᠷᠣᠭᠤᠯᠵᠤ᠂ ᠰᠢᠨ᠎ᠡ ᠨᠢᠭᠤᠴᠠ ᠨᠣᠮᠧᠷ ᠠᠪᠴᠤ ᠪᠣᠯᠤᠨ᠎ᠠ᠃
2. ᠰᠢᠯᠭ᠋ᠠᠬᠤ ᠲᠡᠮᠳᠡᠭ᠎ᠢ ᠳᠠᠷᠤᠮᠠᠯᠯᠠᠬᠤ ᠨᠢᠭᠤᠷ᠎ᠤᠨ ᠳᠣᠣᠷ᠎ᠠ ᠲᠠᠯ᠎ᠠ᠎ᠳᠤ᠂ ᠢᠷᠡᠬᠦ 10 ᠡᠳᠦᠷ᠎ᠤᠨ ᠴᠠᠭ ᠠᠭᠤᠷ᠎ᠤᠨ ᠤᠷᠢᠳᠴᠢᠯᠠᠭᠰᠠᠨ ᠮᠡᠳᠡᠭᠡ ᠵᠢ ᠯᠠᠪᠯᠠᠯᠲᠠ ᠪᠣᠯᠭ᠋ᠠᠬᠤ᠎ᠪᠠᠷ ᠲᠣᠬᠢᠷᠠᠭᠤᠯᠪᠠ; ᠨᠢᠭᠤᠷ᠎ᠤᠨ ᠬᠠᠮᠤᠭ᠎ᠤᠨ ᠳᠣᠣᠷ᠎ᠠ ᠲᠠᠯ᠎ᠠ᠎ᠳᠤ ᠰᠡᠷᠡᠮᠵᠢᠯᠡᠭᠦᠯᠬᠦ ᠮᠡᠳᠡᠭᠡ ᠵᠢ ᠲᠣᠬᠢᠷᠠᠭᠤᠯᠵᠤ᠂ ᠬᠡᠷᠪᠡ ᠰᠢᠯᠭ᠋ᠠᠯᠲᠠ ᠵᠢᠨ ᠴᠡᠭ ᠪᠠᠶ᠋ᠢᠭ᠎ᠠ ᠭᠠᠵᠠᠷ᠎ᠲᠤ ᠴᠠᠭ ᠠᠭᠤᠷ᠎ᠤᠨ ᠰᠡᠷᠡᠮᠵᠢᠭᠦᠯᠦᠯ ᠪᠤᠶᠤ ᠭᠠᠵᠠᠷ ᠬᠥᠳᠡᠯᠦᠯᠲᠡ ᠵᠡᠷᠭᠡ ᠭᠠᠮᠰᠢᠭ᠎ᠤᠨ ᠰᠡᠷᠡᠮᠵᠢᠭᠦᠯᠦᠯ ᠪᠠᠶ᠋ᠢᠪᠠᠯ᠂ ᠳᠠᠷᠤᠢ᠎ᠳᠤ᠎ᠨᠢ ᠢᠯᠡᠷᠡᠬᠦ ᠪᠣᠯᠤᠨ᠎ᠠ᠃
3. ᠭᠦ᠋ ᠭᠧ᠂ ᠾᠦᠸᠧ ᠬᠤ᠌᠂ 360 ᠵᠡᠷᠭᠡ ᠠᠮᠤᠷ ᠲᠦᠪᠰᠢᠨ ᠬᠠᠢ᠌ᠭᠤᠷ (ᠲᠤᠢ᠌ᠯ᠎ᠤᠨ ᠬᠤᠷᠳᠤᠨ ᠵᠠᠭᠪᠤᠷ᠎ᠢ ᠲᠠᠨᠢᠯᠴᠠᠭᠤᠯᠬᠤ)᠎ᠢ ᠬᠡᠷᠡᠭᠯᠡᠵᠦ᠂ ᠰᠢᠯᠭ᠋ᠠᠭᠤᠯᠤᠭᠰᠠᠳ᠎ᠤᠨ ᠶᠡᠷᠦᠩᠬᠡᠶ᠋ᠢᠯᠡᠭᠰᠡᠨ ᠦᠢ᠍ᠯᠡᠴᠢᠯᠡᠭᠡᠨ᠎ᠤ ᠲᠠᠪᠴᠠᠩ᠎ᠳᠤ ᠣᠷᠣᠬᠤ ᠵᠢ ᠰᠠᠨᠠᠭᠤᠯᠤᠶ᠎ᠠ᠃
4. ᠰᠢᠯᠭ᠋ᠠᠭᠤᠯᠤᠭᠴᠢ ᠡᠷᠬᠡᠪᠰᠢ ᠰᠢᠯᠭ᠋ᠠᠬᠤ ᠲᠡᠮᠳᠡᠭ ᠳᠡᠭᠡᠷᠡᠬᠢ ᠰᠢᠯᠭ᠋ᠠᠯᠲᠠ ᠵᠢᠨ ᠬᠢᠴᠢᠶᠡᠯ ᠲᠥᠷᠥᠯ᠂ ᠰᠢᠯᠭ᠋ᠠᠯᠲᠠ ᠵᠢᠨ ᠴᠠᠭ ᠪᠣᠯᠤᠨ ᠰᠢᠯᠭ᠋ᠠᠯᠲᠠ ᠵᠢᠨ ᠴᠡᠭ ᠵᠡᠷᠭᠡ ᠮᠡᠳᠡᠭᠡ ᠵᠠᠩᠭᠢ ᠵᠢ ᠨᠠᠷᠢᠨ ᠬᠢᠨᠠᠮᠠᠭ᠋ᠠᠢ ᠬᠠᠷᠭᠤᠭᠤᠯᠬᠤ ᠵᠢᠨ ᠬᠠᠮᠲᠤ 《ᠰᠢᠯᠭ᠋ᠠᠭᠤᠯᠤᠭᠴᠢ ᠵᠢᠨ ᠰᠢᠯᠭ᠋ᠠᠯᠲᠠ ᠵᠢᠨ ᠳᠦᠷᠢᠮ》᠎ᠢ ᠨᠠᠷᠢᠨ ᠬᠢᠨᠠᠮᠠᠭ᠋ᠠᠢ ᠤᠩᠰᠢᠵᠤ᠂ ᠲᠣᠭᠲᠠᠭᠰᠠᠨ ᠴᠠᠭᠳᠤ ᠱᠠᠭ᠋ᠠᠷᠳᠠᠯᠭ᠎ᠠ ᠶᠣᠰᠣᠭ᠋ᠠᠷ ᠰᠢᠯᠭ᠋ᠠᠯᠲᠠ᠎ᠳᠤ ᠣᠷᠣᠯᠴᠠᠬᠤ ᠬᠡᠷᠡᠭᠲᠡᠢ᠃