ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠤᠷᠭᠠᠨ ᠬᠦᠮᠦᠵᠢᠯ᠎ᠤᠨ ᠬᠠᠨᠲᠤᠯᠭ᠎ᠠ   -   ᠰᠣᠷᠭᠠᠨ ᠬᠦᠮᠦᠵᠢᠯ᠎ᠤᠨ ᠦᠭᠡᠷᠡᠴᠢᠯᠡᠯᠲᠡ᠎ᠶᠢᠨ ᠦᠷ᠎ᠡ ᠪᠦᠲᠦᠮᠵᠢ
ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ᠎ᠠᠴᠠ 《ᠲᠠᠯ᠎ᠠ ᠨᠤᠲᠤᠭ᠎ᠤᠨ ᠥᠷᠯᠥᠭᠡ ᠵᠢᠨ ᠤᠶᠠᠩᠭ᠎ᠠ》 ᠭᠡᠬᠦ ᠳᠠᠭᠤᠤ ᠬᠠᠩᠭᠢᠨᠠᠨᠠᠮ
ᠨᠡᠶ᠋ᠢᠲᠡᠯᠡᠭᠰᠡᠨ ᠴᠠᠭ᠄ 2021-06-30

      ᠬᠤᠪᠢᠰᠬᠠᠯᠲᠤ ᠰᠣᠩᠭᠣᠳᠠᠭ ᠳᠠᠭᠤᠤ ᠵᠢ ᠳᠠᠭᠤᠯᠠᠵᠤ᠂ ᠴᠠᠭ ᠦᠶ᠎ᠡ ᠵᠢᠨ ᠬᠦᠴᠦᠲᠦ ᠳᠠᠭᠤᠨ᠎ᠢ ᠬᠠᠮᠲᠤ᠎ᠪᠠᠷ ᠴᠤᠤᠷᠢᠶᠠᠳᠤᠭᠤᠯᠤᠶ᠎ᠠ᠃ ᠲᠤᠮᠳᠠᠳᠤ ᠤᠯᠤᠰ᠎ᠤᠨ ᠡᠪ ᠬᠠᠮᠳᠤ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ ᠵᠢ ᠪᠡᠯᠭᠡᠯᠡᠬᠦ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠲᠢᠩᠬᠢᠮ᠎ᠠᠴᠠ ᠪᠦᠬᠦ ᠣᠷᠣᠨ᠎ᠤ ᠳᠡᠭᠡᠳᠦ ᠰᠤᠷᠭ᠋ᠠᠭᠤᠯᠢ᠎ᠳᠤ 《ᠮᠠᠭᠲᠠᠭ᠋ᠠᠯ ᠳᠠᠭᠤᠤ᠎ᠪᠠᠨ ᠨᠠᠮ᠎ᠳᠤ᠎ᠪᠠᠨ ᠡᠷᠭᠦᠶ᠎ᠡ · ᠰᠢᠨ᠎ᠡ ᠴᠠᠭ ᠦᠶ᠎ᠡ᠎ᠳᠤ ᠡᠷᠡᠯᠬᠡᠭᠯᠡᠨ ᠤᠷᠤᠭᠰᠢᠯᠠᠶ᠎ᠠ》 ᠭᠡᠬᠦ ᠬᠤᠪᠢᠰᠬᠠᠯᠲᠤ ᠳᠠᠭᠤᠤ ᠵᠢ ᠵᠠᠯᠭ᠋ᠠᠭᠤᠯᠤᠨ ᠳᠠᠭᠤᠯᠠᠬᠤ ᠠᠵᠢᠯᠯᠠᠭ᠎ᠠ ᠵᠢ ᠥᠷᠨᠢᠭᠦᠯᠪᠡ᠃ ᠳᠡᠭᠡᠳᠦ ᠰᠤᠷᠭ᠋ᠠᠭᠤᠯᠢ ᠵᠢᠨ ᠪᠠᠭᠰᠢ ᠰᠤᠷᠤᠭᠴᠢᠳ ᠨᠠᠷᠢᠨ ᠨᠢᠮᠪᠠᠢ ᠳᠡᠯᠭᠡᠷᠡᠭᠦᠯᠵᠦ᠂ ᠵᠠᠯᠭ᠋ᠠᠭᠤᠯᠤᠨ ᠳᠠᠭᠤᠯᠠᠵᠠᠭ᠋ᠠᠵᠤ ᠪᠠᠢ᠌ᠨ᠎ᠠ᠃
      ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲ᠋ᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ
     — 《ᠲᠠᠯ᠎ᠠ ᠨᠤᠲᠤᠭ᠎ᠤᠨ ᠥᠷᠯᠥᠭᠡ ᠵᠢᠨ ᠤᠶᠠᠩᠭ᠎ᠠ》


      ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ

      ᠰᠤᠷᠭ᠋ᠠᠭᠤᠯᠢ ᠵᠢᠨ ᠲᠣᠪᠴᠢ ᠲᠠᠨᠢᠯᠴᠠᠭᠤᠯᠭ᠎ᠠ


      ᠳᠡᠭᠡᠷ᠎ᠡ ᠵᠠᠭᠤᠨ᠎ᠤ ᠲᠠᠪᠢᠭ᠋ᠠᠳ ᠣᠨ᠎ᠤ ᠳᠤᠮᠳᠠᠴᠢ᠎ᠪᠠᠷ᠂ ᠭᠣᠪᠢ ᠴᠦᠯ᠎ᠳᠤ ᠲᠤᠮᠤ ᠬᠡᠯᠪᠡᠷᠢ ᠵᠢᠨ ᠪᠤᠯᠤᠳ ᠲᠡᠮᠦᠷ᠎ᠤᠨ ᠠᠵᠤ ᠠᠬᠤᠶ᠋ᠢᠯᠠᠯ ᠪᠠᠶ᠋ᠢᠭᠤᠯᠬᠤ᠎ᠨᠢ ᠮᠡᠷᠭᠡᠵᠢᠯ᠎ᠤᠨ ᠲᠤᠷᠰᠢᠯᠭ᠎ᠠ ᠲᠤᠶ᠋ᠢᠯ᠎ᠤᠨ ᠳᠤᠲᠠᠮᠠᠭ ᠪᠠᠶ᠋ᠢᠭᠰᠠᠨ ᠠᠩᠬᠠᠳᠠᠭᠴᠢ ᠪᠦᠯᠦᠭ ᠪᠤᠭᠤᠲᠤ ᠵᠢᠨ ᠪᠤᠯᠤᠳ ᠲᠡᠮᠦᠷ᠎ᠤᠨ ᠪᠦᠯᠦᠭᠯᠡᠯ᠎ᠤᠨ ᠪᠦᠲᠦᠭᠡᠡ ᠪᠠᠶ᠋ᠢᠭᠤᠯᠤᠭᠴᠢᠳ᠎ᠲᠤ ᠠᠪᠴᠤ ᠬᠡᠯᠡᠪᠡᠯ ᠬᠢᠵᠠᠭ᠋ᠠᠯᠠᠰᠢ ᠦᠭᠡᠢ ᠬᠦᠴᠢᠷ ᠪᠡᠷᠬᠡᠰᠢᠶᠡᠯ᠎ᠲᠠᠢ ᠪᠠᠶ᠋ᠢᠵᠤ᠂ ᠤᠯᠤᠰ᠎ᠤᠨ ᠬᠦᠴᠦᠨ ᠶᠠᠳᠠᠭᠤ ᠪᠠᠭᠤᠷᠠᠢ᠂ ᠪᠦᠲᠦᠭᠡᠡ ᠪᠠᠶ᠋ᠢᠭᠤᠯᠤᠯᠲᠠ ᠵᠢᠨ ᠡᠳ᠋ ᠪᠣᠳᠠᠰ ᠳᠤᠲᠠᠮᠠᠭ ᠪᠠᠶ᠋ᠢᠭᠰᠠᠨ ᠰᠢᠨ᠎ᠡ ᠳᠤᠮᠳᠠᠳᠤ ᠤᠯᠤᠰ᠎ᠲᠤ ᠠᠪᠴᠤ ᠬᠡᠯᠡᠪᠡᠯ᠂ ᠤᠷᠢᠳ ᠡᠮᠦᠨ᠎ᠡ ᠭᠠᠷᠤᠭ᠎ᠠ ᠦᠭᠡᠢ ᠬᠦᠴᠢᠷᠳᠡᠵᠦ ᠪᠠᠢ᠌ᠭᠰᠠᠨ ᠶᠤᠮ᠃ ᠶᠡᠬᠡ ᠬᠡᠮᠵᠢᠶᠡᠨ᠎ᠤ ᠪᠦᠲᠦᠭᠡᠨ ᠪᠠᠶ᠋ᠢᠭᠤᠯᠤᠯᠲᠠ ᠵᠢᠨ ᠠᠵᠢᠯᠲᠠᠨ ᠡᠬᠡ ᠤᠯᠤᠰ᠎ᠤᠨ ᠳᠥᠷᠪᠡᠨ ᠵᠦᠭ ᠨᠠᠢ᠍ᠮᠠᠨ ᠵᠣᠪᠬᠢᠰ᠎ᠠᠴᠠ ᠪᠤᠭᠤᠲᠤ᠎ᠳᠤ ᠢᠷᠡᠬᠦ ᠵᠢ ᠳᠠᠭ᠋ᠠᠯᠳᠤᠨ᠂ ᠪᠦᠲᠦᠭᠡᠨ ᠪᠠᠶ᠋ᠢᠭᠤᠯᠤᠯᠲᠠ ᠪᠠ   ᠦᠢ᠍ᠯᠡᠳᠪᠦᠷᠢᠯᠡᠯ᠎ᠤᠨ ᠴᠢᠳᠠᠪᠤᠷᠢᠲᠠᠨ᠎ᠤ ᠳᠣᠲᠠᠭᠳᠠᠯ᠎ᠨᠢ ᠲᠣᠪᠤᠢ᠌ᠮ᠎ᠠ ᠠᠰᠠᠭᠤᠳᠠᠯ ᠪᠣᠯᠵᠠᠶ᠃ ᠤᠯᠤᠰ᠎ᠤᠨ ᠨᠡᠶ᠋ᠢᠭᠡᠮ ᠵᠢᠷᠤᠮᠲᠤ ᠪᠦᠳᠦᠭᠡᠨ ᠪᠠᠶ᠋ᠢᠭᠤᠯᠤᠯᠲᠠ ᠵᠢᠨ ᠬᠡᠷᠡᠭᠴᠡᠭᠡ᠎ᠳᠤ ᠵᠣᠬᠢᠴᠠᠭᠤᠯᠵᠤ᠂ ᠪᠤᠭᠤᠲᠤ ᠵᠢᠨ ᠪᠤᠯᠤᠳ ᠲᠡᠮᠦᠷ᠎ᠤᠨ ᠠᠵᠤ ᠦᠢ᠍ᠯᠡᠳᠪᠦᠷᠢ ᠵᠢᠨ ᠰᠠᠭᠤᠷᠢᠨ ᠭᠠᠵᠠᠷ᠎ᠤᠨ ᠪᠦᠳᠦᠭᠡᠨ ᠪᠠᠶ᠋ᠢᠭᠤᠯᠤᠯᠲᠠ ᠵᠢᠨ ᠱᠠᠭ᠋ᠠᠷᠳᠠᠯᠭ᠎ᠠ᠎ᠳᠤ ᠵᠣᠬᠢᠴᠠᠭᠤᠯᠬᠤ ᠵᠢᠨ ᠲᠥᠯᠥᠭᠡ᠂ 1956 ᠣᠨ᠎ᠳᠤ ᠤᠤᠯ᠎ᠤᠨ ᠲᠡᠮᠦᠷᠯᠢᠭ᠎ᠤᠨ ᠠᠵᠤ ᠦᠢ᠍ᠯᠡᠳᠪᠦᠷᠢ ᠵᠢᠨ ᠶᠠᠮᠤᠨ᠎ᠠᠴᠠ ᠪᠤᠭᠤᠲᠤ᠎ᠳᠤ 《ᠪᠤᠭᠤᠲᠤ ᠵᠢᠨ ᠪᠤᠯᠤᠳ ᠲᠡᠮᠦᠷ᠎ᠤᠨ ᠠᠵᠤ ᠦᠢ᠍ᠯᠡᠳᠪᠦᠷᠢ ᠵᠢᠨ ᠰᠤᠷᠭ᠋ᠠᠭᠤᠯᠢ》 ᠪᠣᠯᠤᠨ 《ᠪᠤᠭᠤᠲᠤ ᠵᠢᠨ ᠪᠠᠷᠢᠯᠭ᠎ᠠ ᠵᠢᠨ ᠢᠨᠵᠧᠨᠧᠷᠢᠩ᠎ᠤᠨ ᠰᠤᠷᠭ᠋ᠠᠭᠤᠯᠢ》 ᠵᠢ ᠪᠠᠶ᠋ᠢᠭᠤᠯᠪᠠ᠃ 1958 ᠣᠨ᠎ᠳᠤ᠂ ᠬᠣᠶᠠᠷ ᠰᠤᠷᠭ᠋ᠠᠭᠤᠯᠢ ᠵᠢ ᠨᠡᠶ᠋ᠢᠯᠡᠭᠦᠯᠦᠨ ᠪᠤᠭᠤᠲᠤ ᠵᠢᠨ ᠠᠵᠤ ᠦᠢ᠍ᠯᠡᠳᠪᠦᠷᠢ ᠵᠢᠨ ᠳᠡᠭᠡᠳᠦ ᠰᠤᠷᠭ᠋ᠠᠭᠤᠯᠢ ᠵᠢ ᠪᠠᠶ᠋ᠢᠭᠤᠯᠵᠤ᠂ 1960 ᠣᠨ᠎ᠳᠤ ᠨᠡᠷ᠎ᠡ᠎ᠪᠠᠨ ᠪᠤᠭᠤᠲᠤ ᠵᠢᠨ ᠪᠤᠯᠤᠳ ᠲᠡᠮᠦᠷ᠎ᠤᠨ ᠳᠡᠭᠡᠳᠦ ᠰᠤᠷᠭ᠋ᠠᠭᠤᠯᠢ ᠭᠡᠵᠦ ᠬᠠᠯᠠᠪᠠ᠃ 1998 ᠣᠨ᠎ᠳᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠳᠤ ᠬᠤᠪᠢᠶᠠᠷᠢᠯᠠᠨ ᠥᠭᠴᠦ ᠬᠠᠮᠢᠶᠠᠷᠤᠭᠤᠯᠵᠤ᠂ ᠲᠥᠪ ᠪᠠ ᠣᠷᠣᠨ ᠨᠤᠲᠤᠭ ᠬᠠᠮᠲᠤ᠎ᠪᠠᠷ ᠪᠠᠶ᠋ᠢᠭᠤᠯᠬᠤ ᠵᠢ ᠬᠡᠷᠡᠭᠵᠢᠭᠦᠯᠪᠡ᠃ 2000 ᠣᠨ᠎ᠳᠤ ᠥᠪᠥᠷ ᠮᠣᠩᠭᠣᠯ᠎ᠤᠨ ᠨᠡᠭᠦᠷᠡᠰᠦᠨ᠎ᠤ ᠠᠵᠤ ᠦᠢ᠍ᠯᠡᠳᠪᠦᠷᠢ ᠵᠢᠨ ᠰᠤᠷᠭ᠋ᠠᠭᠤᠯᠢ ᠵᠢ ᠨᠡᠢ᠌ᠯᠡᠭᠦᠯᠪᠡ᠃ 2003 ᠣᠨ᠎ᠳᠤ ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ ᠭᠡᠵᠦ ᠨᠡᠷ᠎ᠡ᠎ᠪᠠᠨ ᠬᠠᠯᠠᠪᠠ᠃




     65 ᠵᠢᠯ᠎ᠤᠨ ᠪᠦᠳᠦᠭᠡᠨ ᠪᠠᠶ᠋ᠢᠭᠤᠯᠤᠯᠲᠠ ᠪᠠ ᠬᠥᠭᠵᠢᠯᠲᠡ᠎ᠪᠠᠷ ᠳᠠᠮᠵᠢᠨ᠂ ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ᠎ᠨᠢ ᠤᠳᠤ ᠨᠢᠭᠡᠨᠲᠡ ᠲᠡᠮᠦᠷᠯᠢᠭ ᠪᠣᠯᠪᠠᠰᠤᠷᠠᠭᠤᠯᠬᠤ᠂ ᠠᠭᠤᠷᠬᠠᠢ ᠵᠢᠨ ᠦᠢ᠍ᠯᠡᠰ᠂ ᠨᠡᠭᠦᠷᠡᠰᠦ᠂ ᠬᠣᠪᠣᠷ ᠰᠢᠷᠣᠢ᠎ᠪᠠᠷ ᠣᠨᠴᠠᠯᠢᠭ ᠪᠣᠯᠭ᠋ᠠᠵᠤ᠂ ᠠᠵᠤ ᠦᠢ᠍ᠯᠡᠳᠪᠦᠷᠢ᠎ᠪᠠᠷ ᠭᠣᠣᠯ ᠪᠣᠯᠭ᠋ᠠᠵᠤ᠂ ᠲᠧᠭᠨᠢᠭ ᠮᠡᠷᠭᠡᠵᠢᠯ᠂ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠂ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠂ ᠬᠠᠮᠢᠶᠠᠷᠤᠯᠲᠠ᠂ ᠠᠵᠤ ᠠᠬᠤᠢ᠂ ᠬᠠᠤᠯᠢ ᠴᠠᠭ᠋ᠠᠵᠠ᠂ ᠤᠷᠠᠯᠢᠭ᠂ ᠰᠤᠷᠭ᠋ᠠᠨ ᠬᠥᠮᠦᠵᠢᠯ ᠵᠡᠷᠭᠡ ᠰᠢᠨᠵᠢᠯᠡᠭᠡᠨ᠎ᠤ ᠰᠠᠯᠠᠭ᠎ᠠ ᠵᠢ ᠵᠣᠬᠢᠴᠠᠩᠭᠤᠢ ᠬᠥᠭᠵᠢᠭᠦᠯᠵᠦ᠂ ᠰᠣᠳᠤᠯᠬᠤ ᠰᠤᠷᠤᠭᠴᠢ ᠵᠢᠨ ᠰᠤᠷᠭ᠋ᠠᠨ ᠬᠥᠮᠦᠵᠢᠯ᠂ ᠵᠢᠩᠬᠢᠨᠢ ᠠᠩᠬᠢ ᠵᠢᠨ ᠰᠤᠷᠭ᠋ᠠᠨ ᠬᠥᠮᠦᠵᠢᠯ᠂ ᠳᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠂ ᠦᠷᠭᠦᠯᠵᠢᠯᠡᠭᠰᠡᠨ ᠰᠤᠷᠭ᠋ᠠᠨ ᠬᠥᠮᠦᠵᠢᠯ᠂ ᠭᠠᠳᠠᠭ᠋ᠠᠳᠤ᠎ᠳᠤ ᠰᠤᠷᠤᠯᠴᠠᠬᠤ ᠰᠤᠷᠤᠭᠴᠢ ᠵᠢᠨ ᠰᠤᠷᠭ᠋ᠠᠨ ᠬᠥᠮᠦᠵᠢᠯ᠎ᠢ ᠨᠢᠭᠡ ᠴᠤᠭᠴᠠᠵᠢᠭᠤᠯᠤᠭᠰᠠᠨ ᠤᠯᠠᠨ ᠰᠢᠨᠵᠢᠯᠡᠭᠡᠨ᠎ᠤ ᠰᠠᠯᠠᠭ᠎ᠠ᠎ᠲᠠᠢ ᠶᠡᠬᠡ ᠰᠤᠷᠭ᠋ᠠᠭᠤᠯᠢ ᠪᠣᠯᠵᠠᠢ᠃ 1986 ᠣᠨ᠎ᠳᠤ ᠠᠰᠫᠢᠷᠠᠨᠲ᠎ᠤᠨ ᠰᠤᠳᠤᠯᠬᠤ ᠰᠣᠷᠣᠭᠴᠢ ᠵᠢ ᠬᠠᠮᠲᠤᠷᠠᠨ ᠬᠥᠮᠦᠵᠢᠭᠦᠯᠵᠦ᠂ 1991 ᠣᠨ᠎ᠳᠤ ᠠᠰᠫᠢᠷᠠᠨᠲ᠎ᠤᠨ ᠡᠷᠳᠡᠮ᠎ᠤᠨ ᠴᠣᠯᠠ ᠵᠢᠨ ᠡᠷᠬᠡ ᠣᠯᠭᠣᠬᠤ ᠨᠢᠭᠡᠴᠢ ᠪᠣᠯᠵᠣ᠂ 2013 ᠣᠨ᠎ᠳᠤ ᠳ᠋ᠣᠺᠲ᠋ᠣᠷᠠᠨᠲ᠎ᠤᠨ ᠡᠷᠳᠡᠮ᠎ᠤᠨ ᠴᠣᠯᠠ ᠵᠢᠨ ᠡᠷᠬᠡ ᠣᠯᠭᠣᠬᠤ ᠨᠢᠭᠡᠴᠢ ᠪᠣᠯᠵᠣ᠂ 2016 ᠣᠨ᠎ᠳᠤ ᠰᠤᠷᠭ᠋ᠠᠨ ᠬᠥᠮᠦᠵᠢᠯ᠎ᠤᠨ ᠶᠠᠮᠤᠨ᠎ᠤ ᠵᠢᠩᠬᠢᠨᠢ ᠠᠩᠭᠢ ᠵᠢᠨ ᠵᠢᠭ᠋ᠠᠨ ᠰᠤᠷᠭ᠋ᠠᠯᠲᠠ ᠵᠢᠨ ᠠᠵᠢᠯ᠎ᠤᠨ ᠬᠢᠨᠠᠨ ᠪᠠᠢ᠌ᠴᠠᠭ᠋ᠠᠯᠲᠠ ᠦᠨᠡᠯᠡᠨ ᠵᠢᠱ᠌ᠢᠯᠲᠡ᠎ᠳᠤ ᠠᠮᠵᠢᠯᠲᠠᠲᠠᠢ ᠪᠠᠲᠤᠯᠠᠭᠳᠠᠵᠤ᠂ 2017 ᠣᠨ᠎ᠳᠤ ᠰᠤᠷᠭ᠋ᠠᠨ ᠬᠥᠮᠦᠵᠢᠯ᠎ᠤᠨ ᠶᠠᠮᠤᠨ᠎ᠤ ᠵᠦᠪᠰᠢᠶᠡᠷᠡᠯ ᠵᠶ᠋ᠡᠷ ᠠᠰᠫᠢᠷᠠᠨᠲ᠎ᠤᠨ ᠰᠤᠳᠤᠯᠬᠤ ᠰᠣᠷᠣᠭᠴᠢ ᠲᠠᠨᠢᠯᠴᠠᠭᠤᠯᠬᠤ ᠬᠢᠷᠢ ᠬᠡᠮ᠎ᠢ ᠰᠢᠨ᠎ᠡ᠎ᠪᠠᠷ ᠨᠡᠮᠡᠭᠰᠡᠨ ᠰᠤᠷᠭ᠋ᠠᠭᠤᠯᠢ ᠪᠣᠯᠪᠠ᠃



      ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ᠎ᠳᠤ ᠣᠲᠣ ᠨᠢᠭᠡᠳᠦᠭᠡᠷ ᠳᠡᠰ᠎ᠤᠨ ᠰᠢᠨᠵᠢᠯᠡᠭᠡᠨ᠎ᠤ ᠰᠠᠯᠠᠭ᠋ᠠᠨ᠎ᠤ ᠳ᠋ᠣᠺᠲ᠋ᠣᠷ ᠴᠣᠯᠠᠯᠠᠬᠤ ᠡᠷᠬᠡᠲᠦ ᠴᠡᠭ 4᠂ ᠨᠢᠭᠡᠳᠦᠭᠡᠷ ᠳᠡᠰ᠎ᠤᠨ ᠰᠢᠨᠵᠢᠯᠡᠭᠡᠨ᠎ᠤ ᠰᠠᠯᠠᠭ᠋ᠠᠨ᠎ᠤ ᠮᠠᠰᠲ᠋ᠧᠷ ᠴᠣᠯᠠᠯᠠᠬᠤ ᠡᠷᠬᠡᠲᠦ ᠴᠡᠭ 18᠂ ᠬᠣᠶᠠᠳᠤᠭ᠋ᠠᠷ ᠳᠡᠰ᠎ᠤᠨ ᠰᠢᠨᠵᠢᠯᠡᠭᠡᠨ᠎ᠤ ᠰᠠᠯᠠᠭ᠋ᠠᠨ᠎ᠤ ᠮᠠᠰᠲ᠋ᠧᠷ ᠴᠣᠯᠠᠯᠠᠬᠤ ᠡᠷᠬᠡᠲᠦ ᠴᠡᠭ 1᠂ ᠲᠤᠰᠬᠠᠶ ᠮᠡᠷᠭᠡᠵᠢᠯ᠎ᠤᠨ ᠮᠠᠰᠲ᠋ᠧᠷ᠎ᠤᠨ ᠲᠥᠷᠥᠯ 10 ᠪᠣᠶ᠃ ᠥᠪᠡᠷᠲᠡᠭᠡᠨ ᠵᠠᠰᠠᠬᠤ ᠣᠷᠣᠨ᠎ᠤ ᠳᠠᠪᠠᠭᠤᠯᠢᠭ ᠤᠨᠴᠠᠯᠢᠭᠳᠤ ᠰᠢᠨᠵᠢᠯᠡᠭᠡᠨ᠎ᠤ ᠰᠠᠯᠠᠭ᠎ᠠ 2᠂ ᠥᠪᠡᠷᠲᠡᠭᠡᠨ ᠵᠠᠰᠠᠬᠤ ᠣᠷᠣᠨ᠎ᠤ 《ᠬᠤᠤᠰ ᠲᠡᠷᠢᠭᠦᠨ》᠎ᠤ ᠰᠢᠨᠵᠢᠯᠡᠭᠡᠨ᠎ᠤ ᠰᠠᠯᠠᠭ᠎ᠠ 2᠂ ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠋ᠠᠲᠠᠢ ᠰᠢᠨᠵᠢᠯᠡᠭᠡᠨ᠎ᠤ ᠰᠠᠯᠠᠭ᠎ᠠ 7᠂ ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠋ᠠᠲᠠᠢ ᠬᠥᠮᠦᠵᠢᠭᠦᠯᠬᠦ ᠰᠢᠨᠵᠢᠯᠡᠭᠡᠨ᠎ᠤ ᠰᠠᠯᠠᠭ᠎ᠠ 2 ᠪᠣᠶ᠃ ᠣᠲᠣ ᠪᠠᠶ᠋ᠢᠭ᠎ᠠ ᠵᠢᠩᠬᠢᠨᠢ ᠠᠩᠭᠢ ᠵᠢᠨ ᠲᠤᠰᠬᠠᠶ ᠮᠡᠷᠭᠡᠵᠢᠯ 72᠂ 6 ᠲᠤᠰᠬᠠᠶ ᠮᠡᠷᠭᠡᠵᠢᠯ᠎ᠨᠢ ᠤᠯᠤᠰ᠎ᠤᠨ ᠲᠠᠰ᠎ᠤᠨ ᠲᠡᠷᠢᠭᠦᠨ ᠲᠠᠰ᠎ᠤᠨ ᠲᠤᠰᠬᠠᠶ ᠮᠡᠷᠭᠡᠵᠢᠯ᠎ᠤᠨ ᠪᠠᠶ᠋ᠢᠭᠤᠯᠤᠯᠲᠠ ᠵᠢᠨ ᠴᠡᠭ ᠵᠶ᠋ᠠᠷ ᠵᠥᠪᠰᠢᠶᠡᠷᠡᠭᠳᠡᠵᠦ᠂ 9 ᠲᠤᠰᠬᠠᠶ ᠮᠡᠷᠭᠡᠵᠢᠯ᠎ᠨᠢ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠲᠡᠷᠢᠭᠦᠨ ᠲᠠᠰ᠎ᠤᠨ ᠲᠤᠰᠬᠠᠶ ᠮᠡᠷᠭᠡᠵᠢᠯ᠎ᠤᠨ ᠪᠠᠶ᠋ᠢᠭᠤᠯᠤᠯᠲᠠ ᠵᠢᠨ ᠴᠡᠭ ᠵᠶ᠋ᠠᠷ ᠵᠥᠪᠰᠢᠶᠡᠷᠡᠭᠳᠡᠵᠦ᠂ 9 ᠲᠤᠰᠬᠠᠶ ᠮᠡᠷᠭᠡᠵᠢᠯ᠎ᠨᠢ ᠢᠨᠵᠧᠨᠧᠷᠢᠩ᠎ᠤᠨ ᠰᠤᠷᠭ᠋ᠠᠨ ᠬᠥᠮᠦᠵᠢᠯ᠎ᠤᠨ ᠭᠡᠷᠡᠴᠢᠯᠡᠯ (ᠦᠨᠡᠯᠡᠨ ᠵᠢᠱ᠌ᠢᠯᠲᠡ)᠎ᠢ ᠥᠩᠭᠡᠷᠡᠭᠡᠵᠡᠶ᠃ ᠣᠲᠣ ᠤᠯᠤᠰ᠎ᠤᠨ ᠣᠨᠴᠠᠯᠢᠭᠲᠤ ᠲᠤᠰᠬᠠᠶ ᠮᠡᠷᠭᠡᠵᠢᠯ᠎ᠤᠨ ᠪᠠᠶ᠋ᠢᠭᠤᠯᠤᠯᠲᠠ ᠵᠢᠨ ᠴᠡᠭ 4᠂ ᠰᠤᠷᠭ᠋ᠠᠨ ᠬᠥᠮᠦᠵᠢᠯ᠎ᠤᠨ ᠶᠠᠮᠤᠨ᠎ᠤ ᠲᠤᠰᠬᠠᠶ ᠮᠡᠷᠭᠡᠵᠢᠯ᠎ᠤᠨ ᠶᠡᠷᠦᠩᠬᠡᠶ᠋ᠢᠯᠡᠭᠰᠡᠨ ᠥᠭᠡᠷᠡᠴᠢᠯᠡᠯᠲᠡ ᠵᠢᠨ ᠲᠤᠷᠰᠢᠯᠲᠠ ᠵᠢᠨ ᠲᠤᠰᠬᠠᠶ ᠮᠡᠷᠭᠡᠵᠢᠯ 1᠂ ᠰᠤᠷᠭ᠋ᠠᠨ ᠬᠥᠮᠦᠵᠢᠯ᠎ᠤᠨ ᠶᠠᠮᠤᠨ᠎ᠤ ᠭᠠᠷᠮᠠᠭ᠋ᠠᠶ ᠢᠨᠵᠧᠨᠧᠷ᠎ᠤᠨ ᠰᠤᠷᠭ᠋ᠠᠨ ᠬᠥᠮᠦᠵᠢᠯ᠎ᠤᠨ ᠬᠥᠮᠦᠵᠢᠭᠦᠯᠬᠦ ᠲᠥᠯᠥᠪᠯᠡᠭᠡ ᠵᠢᠨ ᠲᠤᠰᠬᠠᠶ ᠮᠡᠷᠭᠡᠵᠢᠯ 3᠂ ᠥᠪᠡᠷᠲᠡᠭᠡᠨ ᠵᠠᠰᠠᠬᠤ ᠣᠷᠣᠨ᠎ᠤ ᠲᠤᠰᠬᠠᠶ ᠮᠡᠷᠭᠡᠵᠢᠯ᠎ᠤᠨ ᠶᠡᠷᠦᠩᠬᠡᠶ᠋ᠢᠯᠡᠭᠰᠡᠨ ᠥᠭᠡᠷᠡᠴᠢᠯᠡᠯᠲᠡ ᠵᠢᠨ ᠲᠤᠷᠰᠢᠯᠲᠠ ᠵᠢᠨ ᠲᠤᠰᠬᠠᠶ ᠮᠡᠷᠭᠡᠵᠢᠯ 1᠂ ᠥᠪᠡᠷᠲᠡᠭᠡᠨ ᠵᠠᠰᠠᠬᠤ ᠣᠷᠣᠨ᠎ᠤ ᠨᠠᠷᠠᠲᠤ ᠲᠤᠰᠬᠠᠶ ᠮᠡᠷᠭᠡᠵᠢᠯ 22᠂ ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠋ᠠᠲᠠᠢ ᠪᠥᠲᠥᠭᠡᠨ ᠪᠠᠶ᠋ᠢᠭᠤᠯᠤᠯᠲᠠ ᠵᠢᠨ ᠲᠤᠰᠬᠠᠶ ᠮᠡᠷᠭᠡᠵᠢᠯ 4᠂ ᠬᠡᠯᠪᠡᠷᠢ᠎ᠪᠠᠨ ᠬᠤᠪᠢᠷᠠᠭᠤᠯᠤᠨ ᠬᠥᠭᠵᠢᠭᠦᠯᠬᠦ ᠲᠤᠷᠰᠢᠯᠲᠠ ᠵᠢᠨ ᠲᠤᠰᠬᠠᠶ ᠮᠡᠷᠭᠡᠵᠢᠯ 5 ᠪᠣᠶ᠃
      ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ᠎ᠳᠤ ᠲᠤᠰᠬᠠᠶ ᠪᠠᠭᠰᠢ 1423᠂ ᠰᠤᠷᠭ᠋ᠠᠭᠤᠯᠢ ᠵᠢᠨ ᠭᠠᠳᠠᠨᠠᠬᠢ ᠲᠤᠰᠢᠶᠠᠯ ᠬᠠᠪᠰᠤᠷᠭ᠋ᠠᠭᠰᠠᠨ ᠪᠠᠭᠰᠢ 220 ᠪᠣᠶ᠃ ᠮᠠᠰᠲ᠋ᠧᠷ᠎ᠤᠨ ᠰᠤᠷᠤᠯᠭ᠎ᠠ ᠵᠢᠨ ᠨᠠᠮᠲᠠᠷ᠎ᠲᠠᠢ ᠪᠠᠭᠰᠢ 1281 ᠪᠠᠶ᠋ᠢᠵᠤ᠂ ᠲᠤᠰᠬᠠᠶ ᠪᠠᠭᠰᠢ ᠵᠢᠨ 90 % ᠵᠢ ᠡᠵᠡᠯᠡᠵᠦ ᠪᠣᠶ᠃ ᠰᠤᠷᠭ᠋ᠠᠭᠤᠯᠢ᠎ᠳᠤ ᠪᠥᠬᠥ ᠤᠯᠤᠰ᠎ᠤᠨ ᠰᠢᠯᠢᠳᠡᠭ ᠪᠠᠭᠰᠢ 1᠂ ᠪᠥᠬᠥ ᠤᠯᠤᠰ᠎ᠤᠨ ᠪᠠᠭᠰᠢ ᠵᠢᠨ ᠮᠣᠷᠠᠯ᠎ᠤᠨ ᠵᠢᠱ᠌ᠢᠶᠡᠴᠢ 1᠂ ᠰᠤᠷᠭ᠋ᠠᠨ ᠬᠥᠮᠦᠵᠢᠯ᠎ᠤᠨ ᠶᠠᠮᠤᠨ᠎ᠤ ᠳᠡᠭᠡᠳᠦ ᠰᠤᠷᠭ᠋ᠠᠭᠤᠯᠢ ᠵᠢᠨ ᠵᠢᠭ᠋ᠠᠨ ᠰᠤᠷᠭ᠋ᠠᠯᠲᠠ ᠵᠢ ᠵᠢᠯᠣᠭᠣᠳᠬᠤ ᠵᠥᠪᠯᠡᠯ᠎ᠤᠨ ᠭᠡᠰᠢᠭᠦᠨ 2᠂ ᠪᠥᠬᠥ ᠤᠯᠤᠰ᠎ᠤᠨ ᠲᠡᠮᠦᠷᠯᠢᠭ ᠪᠣᠯᠪᠠᠰᠤᠷᠠᠭᠤᠯᠬᠤ ᠰᠤᠷᠭ᠋ᠠᠨ ᠬᠥᠮᠦᠵᠢᠯ᠎ᠤᠨ ᠰᠢᠰᠲ᠋ᠧᠮ᠎ᠤᠨ ᠣᠨ᠎ᠤ ᠰᠢᠯᠭ᠋ᠠᠷᠠᠭᠴᠢ ᠵᠢᠨ ᠱᠠᠩᠨᠠᠯ 5᠂ ᠪᠤᠭᠤᠲᠤ ᠵᠢᠨ ᠪᠣᠯᠤᠳ ᠲᠡᠮᠦᠷ ᠰᠤᠷᠭ᠋ᠠᠨ ᠬᠥᠮᠦᠵᠢᠯ᠎ᠤᠨ ᠰᠠᠭᠤᠷᠢ ᠮᠥᠩᠭᠥᠨ᠎ᠤ ᠰᠢᠯᠢᠳᠡᠭ ᠪᠠᠭᠰᠢ ᠵᠢᠨ ᠱᠠᠩᠨᠠᠯ 9᠂ ᠥᠪᠡᠷᠲᠡᠭᠡᠨ ᠵᠠᠰᠠᠬᠤ ᠣᠷᠣᠨ᠎ᠤ ᠰᠢᠯᠭ᠋ᠠᠷᠠᠭᠰᠠᠨ ᠴᠢᠳᠠᠪᠤᠷᠢᠲᠠᠨ᠎ᠤ ᠱᠠᠩᠨᠠᠯ 5 ᠪᠣᠶ; ᠥᠪᠡᠷᠲᠡᠭᠡᠨ ᠵᠠᠰᠠᠬᠤ ᠣᠷᠣᠨ᠎ᠤ ᠰᠢᠯᠢᠳᠡᠭ ᠪᠠᠭᠰᠢ 5᠂ ᠰᠢᠯᠢᠳᠡᠭ ᠰᠤᠷᠭ᠋ᠠᠨ ᠬᠥᠮᠦᠵᠢᠯ᠎ᠤᠨ ᠠᠵᠢᠯᠲᠠᠨ 1᠂ ᠰᠢᠯᠢᠳᠡᠭ ᠶᠣᠰᠣ ᠰᠤᠷᠲᠠᠬᠤᠨ᠎ᠤ ᠬᠥᠮᠦᠵᠢᠯ᠎ᠤᠨ ᠠᠵᠢᠯᠲᠠᠨ 3 ᠪᠣᠢ; ᠥᠪᠡᠷᠲᠡᠭᠡᠨ ᠵᠠᠰᠠᠬᠤ ᠣᠷᠣᠨ᠎ᠤ ᠵᠢᠭ᠋ᠠᠨ ᠰᠤᠷᠭ᠋ᠠᠯᠲᠠ ᠵᠢᠨ ᠨᠠᠷᠠᠲᠤ ᠪᠠᠭᠰᠢ 13᠂ ᠰᠢᠨ᠎ᠡ ᠰᠣᠳᠣᠨ 9᠂ ᠥᠪᠡᠷᠲᠡᠭᠡᠨ ᠵᠠᠰᠠᠬᠤ ᠣᠷᠣᠨ᠎ᠤ ᠵᠢᠭ᠋ᠠᠨ ᠰᠤᠷᠭ᠋ᠠᠯᠲᠠ ᠵᠢᠨ ᠪᠦᠯᠬᠦᠮ 16 ᠪᠣᠶ; ᠥᠪᠡᠷᠲᠡᠭᠡᠨ ᠵᠠᠰᠠᠬᠤ ᠣᠷᠣᠨ᠎ᠤ 《ᠲᠠᠯ᠎ᠠ ᠨᠤᠲᠤᠭ᠎ᠤᠨ ᠴᠢᠳᠠᠪᠤᠷᠢᠲᠠᠨ》᠎ᠤ ᠢᠨᠵᠧᠨᠧᠷᠢᠩ᠎ᠤᠨ ᠵᠢᠱ᠌ᠢᠭᠳᠡᠭᠴᠢ 42 ᠪᠣᠢ; ᠥᠪᠡᠷᠲᠡᠭᠡᠨ ᠵᠠᠰᠠᠬᠤ ᠣᠷᠣᠨ᠎ᠤ ᠵᠠᠯᠠᠭᠤ ᠪᠠᠭᠰᠢ ᠵᠢᠨ ᠵᠢᠭ᠋ᠠᠬᠤ ᠮᠡᠷᠭᠡᠵᠢᠯ ᠴᠢᠳᠠᠪᠤᠷᠢ ᠵᠢᠨ ᠤᠷᠤᠯᠳᠤᠭ᠋ᠠᠨ᠎ᠤ ᠨᠢᠭᠡᠳᠦᠭᠡᠷ ᠳᠡᠰ᠎ᠤᠨ ᠱᠠᠩᠨᠠᠯ ᠭᠦᠷᠲᠡᠭᠴᠢ 3᠂ ᠬᠣᠶᠠᠳᠤᠭ᠋ᠠᠷ ᠳᠡᠰ᠎ᠤᠨ ᠱᠠᠩᠨᠠᠯ ᠭᠦᠷᠲᠡᠭᠴᠢ 4᠂ ᠭᠤᠷᠪᠠᠳᠤᠭ᠋ᠠᠷ ᠳᠡᠰ᠎ᠤᠨ ᠱᠠᠩᠨᠠᠯ ᠭᠦᠷᠲᠡᠭᠴᠢ 3 ᠪᠣᠢ᠃ ᠥᠪᠡᠷᠲᠡᠭᠡᠨ ᠵᠠᠰᠠᠬᠤ ᠣᠷᠣᠨ᠎ᠤ ᠠᠵᠢᠯ ᠮᠡᠷᠭᠡᠵᠢᠯ᠎ᠤᠨ ᠤᠷ᠎ᠠ ᠴᠢᠳᠠᠪᠤᠷᠢ ᠵᠢᠨ ᠤᠷᠤᠯᠳᠤᠭ᠋ᠠᠨ᠎ᠤ ᠨᠢᠭᠡᠳᠦᠭᠡᠷ ᠨᠡᠷ᠎ᠡ 1; ᠥᠪᠡᠷᠲᠡᠭᠡᠨ ᠵᠠᠰᠠᠬᠤ ᠣᠷᠣᠨ᠎ᠤ ᠳᠡᠭᠡᠳᠦ ᠵᠡᠷᠭᠡ ᠵᠢᠨ ᠰᠤᠷᠭ᠋ᠠᠭᠤᠯᠢ ᠵᠢᠨ ᠦᠵᠡᠯ ᠰᠠᠨᠠᠭ᠎ᠠ ᠤᠯᠤᠰ ᠲᠥᠷᠥ ᠵᠢᠨ ᠬᠢᠴᠢᠶᠡᠯ ᠪᠠ ᠬᠢᠴᠢᠶᠡᠯ᠎ᠤᠨ ᠦᠵᠡᠯ ᠰᠠᠨᠠᠭ᠎ᠠ ᠤᠯᠤᠰ ᠲᠥᠷᠥ ᠵᠢᠨ ᠵᠢᠭ᠋ᠠᠨ ᠰᠤᠷᠭ᠋ᠠᠯᠲᠠ ᠵᠢᠨ ᠮᠡᠷᠭᠡᠵᠢᠯ ᠴᠢᠳᠠᠪᠤᠷᠢ ᠵᠢᠨ ᠤᠷᠤᠯᠳᠤᠭ᠋ᠠᠨ᠎ᠤ ᠬᠣᠶᠠᠳᠤᠭ᠋ᠠᠷ ᠳᠡᠰ᠎ᠤᠨ ᠱᠠᠩᠨᠠᠯ ᠭᠦᠷᠲᠡᠭᠴᠢ 1 ᠪᠣᠢ᠃




     2013-2020 ᠣᠨ᠎ᠳᠤ᠂ ᠰᠤᠷᠭ᠋ᠠᠭᠤᠯᠢ᠎ᠨᠢ ᠰᠤᠷᠭ᠋ᠠᠨ ᠬᠥᠮᠦᠵᠢᠯ᠎ᠤᠨ ᠶᠠᠮᠤᠨ ᠪᠠ ᠮᠤᠵᠢ ᠶᠠᠮᠤᠨ ᠬᠠᠮᠲᠤᠷᠠᠨ ᠪᠠᠢ᠌ᠭᠤᠯᠤᠭᠰᠠᠨ   ᠬᠠᠮᠵᠢᠯᠴᠠᠨ ᠰᠢᠨ᠎ᠡ ᠵᠢ ᠡᠭᠦᠳᠬᠦ ᠲᠥᠪ 1᠂ ᠤᠯᠤᠰ᠎ᠤᠨ ᠬᠥᠭᠵᠢᠭᠦᠯᠦᠯᠲᠡ ᠥᠭᠡᠷᠡᠴᠢᠯᠡᠯᠲᠡ ᠵᠢᠨ ᠵᠥᠪᠯᠡᠯ᠎ᠤᠨ ᠢᠨᠵᠧᠨᠧᠷᠢᠩ᠎ᠤᠨ ᠰᠤᠳᠤᠯᠭ᠋ᠠᠨ᠎ᠤ ᠲᠥᠪ 1᠂ ᠰᠤᠷᠭ᠋ᠠᠨ ᠬᠥᠮᠦᠵᠢᠯ᠎ᠤᠨ ᠶᠠᠮᠤᠨ᠎ᠤ ᠭᠣᠣᠯᠳᠠᠯᠭ᠋ᠠᠲᠠᠢ ᠲᠤᠷᠰᠢᠯᠲᠠ ᠵᠢᠨ ᠲᠠᠰᠤᠭ 1᠂ ᠥᠪᠡᠷᠲᠡᠭᠡᠨ ᠵᠠᠰᠠᠬᠤ ᠣᠷᠣᠨ᠎ᠤ ᠬᠠᠮᠵᠢᠯᠴᠠᠨ ᠰᠢᠨ᠎ᠡ ᠵᠢ ᠡᠭᠦᠳᠬᠦ ᠲᠥᠪ 1᠂ ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠋ᠠᠲᠠᠢ ᠲᠤᠷᠰᠢᠯᠲᠠ ᠵᠢᠨ ᠲᠠᠰᠤᠭ 10᠂ ᠳᠡᠭᠡᠳᠦ ᠰᠤᠷᠭ᠋ᠠᠭᠤᠯᠢ ᠵᠢᠨ ᠭᠣᠣᠯᠳᠠᠯᠭ᠋ᠠᠲᠠᠢ ᠲᠤᠷᠰᠢᠯᠲᠠ ᠵᠢᠨ ᠲᠠᠰᠤᠭ 1᠂ ᠥᠪᠡᠷᠲᠡᠭᠡᠨ ᠵᠠᠰᠠᠬᠤ ᠣᠷᠣᠨ᠎ᠤ ᠢᠨᠵᠧᠨᠧᠷᠢᠩ᠎ᠤᠨ ᠰᠤᠳᠤᠯᠭ᠋ᠠᠨ᠎ᠤ ᠲᠥᠪ 3᠂ ᠥᠪᠡᠷᠲᠡᠭᠡᠨ ᠵᠠᠰᠠᠬᠤ ᠣᠷᠣᠨ᠎ᠤ ᠢᠨᠵᠧᠨᠧᠷᠢᠩ᠎ᠤᠨ ᠮᠡᠷᠭᠡᠵᠢᠯ᠎ᠤᠨ ᠰᠤᠳᠤᠯᠭ᠋ᠠᠨ᠎ᠤ ᠲᠥᠪ 5᠂ ᠥᠪᠡᠷᠲᠡᠭᠡᠨ ᠵᠠᠰᠠᠬᠤ ᠣᠷᠣᠨ᠎ᠤ ᠢᠨᠵᠧᠨᠧᠷᠢᠩ᠎ᠤᠨ ᠲᠤᠷᠰᠢᠯᠲᠠ ᠵᠢᠨ ᠲᠠᠰᠤᠭ 2᠂ ᠥᠪᠡᠷᠲᠡᠭᠡᠨ ᠵᠠᠰᠠᠬᠤ ᠣᠷᠣᠨ᠎ᠤ ᠠᠺᠠᠳᠧᠮᠢᠴᠢ ᠵᠢᠨ ᠠᠵᠢᠯᠯᠠᠬᠤ ᠥᠷᠲᠡᠭᠡ 3᠂ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠰᠤᠷᠭ᠋ᠠᠨ ᠬᠥᠮᠦᠵᠢᠯ᠎ᠤᠨ ᠰᠠᠭᠤᠷᠢᠨ 1᠂ ᠥᠪᠡᠷᠲᠡᠭᠡᠨ ᠵᠠᠰᠠᠬᠤ ᠣᠷᠣᠨ᠎ᠤ ᠭᠦᠨ ᠤᠬᠠᠭ᠋ᠠᠨ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠰᠠᠭᠤᠷᠢᠨ 1᠂ ᠥᠪᠡᠷᠲᠡᠭᠡᠨ ᠵᠠᠰᠠᠬᠤ ᠣᠷᠣᠨ᠎ᠤ ᠳᠡᠭᠡᠳᠦ ᠰᠤᠷᠭ᠋ᠠᠭᠤᠯᠢ ᠵᠢᠨ ᠬᠥᠮᠦᠨ ᠰᠣᠶᠤᠯ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ   ᠭᠣᠣᠯᠳᠠᠯᠭ᠋ᠠᠲᠠᠢ ᠰᠤᠳᠤᠯᠭ᠋ᠠᠨ᠎ᠤ ᠰᠠᠭᠤᠷᠢᠨ 1᠂ ᠥᠪᠡᠷᠲᠡᠭᠡᠨ ᠵᠠᠰᠠᠬᠤ ᠣᠷᠣᠨ᠎ᠤ ᠳᠡᠭᠡᠳᠦ ᠰᠤᠷᠭ᠋ᠠᠭᠤᠯᠢ ᠵᠢᠨ ᠦᠵᠡᠯ ᠰᠠᠨᠠᠭ᠎ᠠ ᠤᠯᠤᠰ ᠲᠥᠷᠥ ᠵᠢᠨ ᠠᠵᠢᠯ᠎ᠤᠨ ᠨᠠᠷᠠᠲᠤ ᠪᠠᠭᠰᠢ ᠵᠢᠨ ᠠᠵᠢᠯᠯᠠᠬᠤ ᠭᠠᠵᠠᠷ 3᠂ ᠥᠪᠡᠷᠲᠡᠭᠡᠨ ᠵᠠᠰᠠᠬᠤ ᠣᠷᠣᠨ᠎ᠤ ᠠᠵᠤ ᠦᠢ᠍ᠯᠡᠳᠪᠦᠷᠢ ᠵᠢᠨ ᠵᠢᠷᠤᠭ ᠲᠥᠯᠥᠪᠯᠡᠭᠡ ᠵᠢᠨ ᠲᠥᠪ 1 (ᠪᠥᠬᠥ ᠣᠷᠣᠨ᠎ᠤ ᠳᠡᠭᠡᠳᠦ ᠰᠤᠷᠭ᠋ᠠᠭᠤᠯᠢ ᠵᠥᠪᠬᠡᠨ 2 ᠪᠣᠶ)᠂ ᠥᠪᠡᠷᠲᠡᠭᠡᠨ ᠵᠠᠰᠠᠬᠤ ᠣᠷᠣᠨ᠎ᠤ ᠮᠡᠳᠡᠯᠭᠡ ᠵᠢᠨ ᠪᠦᠲᠦᠭᠡᠭᠳᠡᠬᠦᠨ᠎ᠤ ᠥᠮᠴᠢᠯᠡᠬᠦ ᠡᠷᠬᠡ ᠵᠢᠨ ᠪᠣᠯᠪᠠᠰᠤᠷᠠᠭᠤᠯᠤᠯ᠎ᠤᠨ ᠰᠠᠭᠤᠷᠢᠨ 1 (ᠪᠥᠬᠥ ᠣᠷᠣᠨ᠎ᠤ ᠳᠡᠭᠡᠳᠦ ᠰᠤᠷᠭ᠋ᠠᠭᠤᠯᠢ ᠵᠥᠪᠬᠡᠨ 3 ᠪᠣᠶ)᠂ ᠮᠤᠵᠢ ᠪᠠ ᠶᠠᠮᠤᠨ᠎ᠤ ᠲᠠᠰ ᠵᠢᠴᠢ ᠲᠡᠭᠦᠨ᠎ᠠᠴᠠ ᠳᠡᠭᠡᠭᠰᠢᠬᠢ ᠡᠷᠳᠡᠮ ᠰᠢᠨᠵᠢᠯᠡᠭᠡᠨ᠎ᠤ ᠲᠠᠪᠴᠠᠩ 56 ᠵᠢ ᠰᠢᠨ᠎ᠡ᠎ᠪᠠᠷ ᠨᠡᠮᠡᠵᠦ ᠪᠠᠢ᠌ᠭᠤᠯᠪᠠ᠃
      ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ᠎ᠨᠢ 7 ᠵᠢᠯ᠎ᠤᠨ ᠲᠤᠷᠰᠢ᠂ ᠡᠷᠳᠡᠮ ᠰᠢᠨᠵᠢᠯᠡᠭᠡᠨ᠎ᠤ ᠲᠥᠰᠦᠯ᠎ᠤᠨ ᠰᠡᠳᠦᠪ ᠳᠣᠭᠲᠠᠭ᠋ᠠᠭᠰᠠᠨ ᠶᠡᠷᠦᠩᠬᠡᠶ ᠲᠣᠭ᠎ᠠ 3290᠂ ᠡᠭᠦᠨ᠎ᠳᠤ ᠤᠯᠤᠰ᠎ᠤᠨ ᠲᠠᠰ᠎ᠤᠨ ᠲᠥᠰᠦᠯ 281᠂ ᠮᠤᠵᠢ ᠪᠠ ᠶᠠᠮᠤᠨ᠎ᠤ ᠲᠠᠰ᠎ᠤᠨ ᠲᠥᠰᠦᠯ 1272᠂ ᠠᠵᠤ ᠠᠬᠤᠶ᠋ᠢᠯᠠᠯ ᠠᠵᠢᠯ ᠦᠢ᠍ᠯᠡᠰ᠎ᠤᠨ ᠨᠢᠭᠡᠴᠢ ᠵᠢᠨ ᠨᠠᠶ᠋ᠢᠳᠠᠭᠰᠠᠨ ᠲᠥᠰᠦᠯ 957 ᠪᠠᠢ᠌ᠵᠤ᠂ ᠡᠷᠳᠡᠮ ᠰᠢᠨᠵᠢᠯᠡᠭᠡᠨ᠎ᠤ ᠶᠡᠷᠦᠩᠬᠡᠶ ᠵᠠᠷᠤᠳᠠᠯ 3 . 6 ᠳ᠋ᠦᠩᠰᠢᠭᠤᠷ ᠭᠠᠷᠤᠶ ᠲᠥᠭᠥᠷᠢᠭ᠎ᠲᠤ ᠬᠦᠷᠪᠡ᠃ ᠨᠢᠭᠡᠳᠦᠭᠡᠷ ᠪᠠᠶ᠋ᠢᠭᠤᠯᠭ᠎ᠠ ᠵᠢᠨ ᠬᠤᠪᠢ᠎ᠪᠠᠷ ᠥᠨᠳᠥᠷ ᠬᠢᠷᠢ ᠲᠦᠪᠰᠢᠨ ᠪᠥᠬᠥᠶ ᠥᠭᠦᠯᠡᠯ 4485 ᠨᠡᠢ᠌ᠲᠡᠯᠡᠵᠦ᠂ ᠡᠷᠳᠡᠮ ᠰᠢᠨᠵᠢᠯᠡᠭᠡᠨ᠎ᠤ ᠲᠤᠰᠬᠠᠶ ᠪᠦᠲᠦᠭᠡᠯ 177 ᠬᠡᠪᠯᠡᠭᠦᠯᠵᠦ᠂ ᠲᠤᠰᠬᠠᠶ ᠠᠰᠢᠭ᠎ᠤᠨ ᠡᠷᠬᠡ ᠣᠯᠤᠭᠰᠠᠨ ᠲᠣᠭ᠎ᠠ 1224 ᠪᠣᠢ᠃ ᠥᠪᠥᠷ ᠮᠣᠩᠭᠣᠯ᠎ᠤᠨ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠨᠢᠭᠡᠳᠦᠭᠡᠷ ᠳᠡᠰ᠎ᠤᠨ ᠱᠠᠩᠨᠠᠯ 3᠂ ᠬᠣᠶᠠᠳᠤᠭ᠋ᠠᠷ ᠳᠡᠰ᠎ᠤᠨ ᠱᠠᠩᠨᠠᠯ 4᠂ ᠭᠤᠷᠪᠠᠳᠤᠭ᠋ᠠᠷ ᠳᠡᠰ᠎ᠤᠨ ᠱᠠᠩᠨᠠᠯ 3 ᠪᠣᠢ; ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠳᠠᠪᠰᠢᠯᠲᠠ ᠵᠢᠨ ᠨᠢᠭᠡᠳᠦᠭᠡᠷ ᠳᠡᠰ᠎ᠤᠨ ᠱᠠᠩᠨᠠᠯ 8᠂ ᠬᠣᠶᠠᠳᠤᠭ᠋ᠠᠷ ᠳᠡᠰ᠎ᠤᠨ ᠱᠠᠩᠨᠠᠯ 8᠂ ᠭᠤᠷᠪᠠᠳᠤᠭ᠋ᠠᠷ ᠳᠡᠰ᠎ᠤᠨ ᠱᠠᠩᠨᠠᠯ 11 ᠪᠣᠢ; ᠥᠪᠡᠷᠲᠡᠭᠡᠨ ᠵᠠᠰᠠᠬᠤ ᠣᠷᠣᠨ᠎ᠤ ᠭᠦᠨ ᠤᠬᠠᠭ᠋ᠠᠨ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ ᠰᠢᠯᠢᠳᠡᠭ ᠦᠷ᠎ᠡ ᠪᠦᠲᠦᠭᠡᠯ᠎ᠤᠨ ᠵᠠᠰᠠᠭ᠎ᠤᠨ ᠣᠷᠳᠣᠨ᠎ᠤ ᠱᠠᠩᠨᠠᠯ 29 (ᠡᠭᠦᠨ᠎ᠳᠤ ᠨᠢᠭᠡᠳᠦᠭᠡᠷ ᠳᠡᠰ᠎ᠤᠨ ᠱᠠᠩᠨᠠᠯ 1᠂ ᠬᠣᠶᠠᠳᠤᠭ᠋ᠠᠷ ᠳᠡᠰ᠎ᠤᠨ ᠱᠠᠩᠨᠠᠯ 11᠂ ᠭᠤᠷᠪᠠᠳᠤᠭ᠋ᠠᠷ ᠳᠡᠰ᠎ᠤᠨ ᠱᠠᠩᠨᠠᠯ 17) ᠪᠣᠶ᠃ ᠪᠤᠭᠤᠲᠤ ᠬᠣᠲᠠ ᠵᠢᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠳᠠᠪᠰᠢᠯᠲᠠ ᠵᠢᠨ ᠱᠠᠩᠨᠠᠯ᠎ᠢ 9 (ᠡᠭᠦᠨ᠎ᠳᠤ ᠨᠢᠭᠡᠳᠦᠭᠡᠷ ᠳᠡᠰ᠎ᠤᠨ ᠱᠠᠩᠨᠠᠯ 2᠂ ᠬᠣᠶᠠᠳᠤᠭ᠋ᠠᠷ ᠳᠡᠰ᠎ᠤᠨ ᠱᠠᠩᠨᠠᠯ 3᠂ ᠭᠤᠷᠪᠠᠳᠤᠭ᠋ᠠᠷ ᠳᠡᠰ᠎ᠤᠨ ᠱᠠᠩᠨᠠᠯ 4) ᠭᠥᠷᠳᠡᠪᠡ; ᠭᠦᠨ ᠤᠬᠠᠭ᠋ᠠᠨ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ ᠰᠢᠯᠢᠳᠡᠭ ᠦᠷ᠎ᠡ ᠪᠦᠲᠦᠭᠡᠯ᠎ᠤᠨ ᠵᠠᠰᠠᠭ᠎ᠤᠨ ᠣᠷᠳᠣᠨ᠎ᠤ ᠱᠠᠩᠨᠠᠯ 82 (ᠡᠭᠦᠨ᠎ᠳᠤ ᠨᠢᠭᠡᠳᠦᠭᠡᠷ ᠳᠡᠰ᠎ᠤᠨ ᠱᠠᠩᠨᠠᠯ 7᠂ ᠬᠣᠶᠠᠳᠤᠭ᠋ᠠᠷ ᠳᠡᠰ᠎ᠤᠨ ᠱᠠᠩᠨᠠᠯ 31᠂ ᠭᠤᠷᠪᠠᠳᠤᠭ᠋ᠠᠷ ᠳᠡᠰ᠎ᠤᠨ ᠱᠠᠩᠨᠠᠯ 44)᠎ᠢ ᠭᠦᠷᠲᠡᠪᠡ᠃




      ᠣᠶ᠋ᠢᠷ᠎ᠠ ᠵᠢᠨ ᠵᠢᠯ᠂ ᠰᠤᠷᠭ᠋ᠠᠭᠤᠯᠢ᠎ᠨᠢ ᠤᠯᠤᠰ᠎ᠤᠨ ᠰᠢᠨ᠎ᠡ ᠵᠢ ᠡᠭᠦᠳᠬᠦ᠎ᠪᠠᠷ ᠬᠥᠳᠡᠯᠭᠡᠭᠦᠷ ᠪᠣᠯᠭ᠋ᠠᠬᠤ ᠪᠠᠶ᠋ᠢᠯᠳᠤᠬᠤ ᠪᠣᠳᠣᠯᠭ᠎ᠠ ᠵᠢ ᠨᠠᠷᠢᠨ ᠬᠢᠨᠠᠮᠠᠭ᠋ᠠᠶ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠲᠣᠰ ᠪᠡᠶ᠎ᠡ ᠵᠢᠨ ᠣᠨᠴᠠᠯᠢᠭ ᠪᠥᠬᠥᠶ ᠤᠶᠤᠲᠠᠳ᠎ᠤᠨ ᠰᠢᠨ᠎ᠡ ᠵᠢ ᠡᠭᠦᠳᠴᠦ ᠦᠢ᠍ᠯᠡᠰ   ᠪᠣᠰᠬᠠᠬᠤ ᠬᠡᠪ ᠵᠠᠭᠪᠤᠷ᠎ᠢ ᠢᠳᠡᠪᠬᠢᠲᠡᠶ ᠰᠦᠪᠡᠭᠴᠢᠯᠡᠪᠡ᠃ ᠰᠤᠷᠭ᠋ᠠᠭᠤᠯᠢ ᠵᠢᠨ ᠤᠶᠤᠲᠠᠳ ᠣᠶ᠋ᠢᠷ᠎ᠠ ᠵᠢᠨ ᠭᠤᠷᠪᠠᠨ ᠵᠢᠯ (2017-2019 ᠣᠨ)᠎ᠳᠤ ᠮᠤᠵᠢ ᠵᠢᠨ ᠲᠠᠰ᠎ᠠᠴᠠ ᠳᠡᠭᠡᠭᠰᠢᠬᠢ ᠤᠶᠤᠲᠠᠳ᠎ᠤᠨ ᠬᠢᠴᠢᠶᠡᠯ᠎ᠤᠨ ᠭᠠᠳᠠᠨᠠᠬᠢ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠤᠷᠤᠯᠳᠤᠭ᠋ᠠᠨ᠎ᠤ ᠱᠠᠩᠨᠠᠯ᠎ᠢ 1273 ᠭᠦᠷᠲᠡᠵᠦ᠂ ᠡᠭᠦᠨ᠎ᠳᠤ ᠤᠯᠤᠰ᠎ᠤᠨ ᠲᠠᠰ᠎ᠤᠨ ᠱᠠᠩᠨᠠᠯ᠎ᠢ 393 ᠭᠥᠷᠳᠡᠪᠡ᠃ ᠤᠶᠤᠲᠠᠳ᠎ᠤᠨ ᠦᠢ᠍ᠯᠡᠰ ᠪᠣᠰᠬᠠᠬᠤ ᠨᠡᠪᠴᠢᠭᠦᠯᠬᠦ ᠰᠠᠭᠤᠷᠢᠨ ᠭᠠᠵᠠᠷ᠎ᠢ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠠᠮᠤᠨ᠎ᠠᠴᠠ 《ᠤᠯᠤᠰ᠎ᠤᠨ ᠲᠡᠰ᠎ᠤᠨ ᠣᠯᠠᠨ ᠵᠶ᠋ᠠᠷ ᠵᠶ᠋ᠠᠨ ᠡᠭᠦᠳᠬᠦ ᠭᠠᠵᠠᠷ》 ᠭᠡᠵᠦ᠂ ᠡᠪᠯᠡᠯ᠎ᠤᠨ ᠲᠥᠪ ᠬᠣᠷᠢᠶ᠎ᠠ᠎ᠠᠴᠠ 《ᠪᠦᠬᠦ ᠤᠯᠤᠰ᠎ᠤᠨ ᠤᠶᠤᠲᠠᠳ᠎ᠤᠨ ᠦᠢ᠍ᠯᠡᠰ ᠪᠣᠰᠬᠠᠬᠤ ᠳᠠᠭᠤᠷᠢᠶᠠᠯ ᠦᠵᠡᠭᠦᠯᠬᠦ ᠬᠦᠷᠢᠶᠡᠯᠡᠩ》 ᠭᠡᠵᠦ ᠴᠤᠯᠠᠯᠠᠪᠠ᠃ 2021 ᠣᠨ᠎ᠤ 3 ᠰᠠᠷ᠎ᠠ᠎ᠳᠤ᠂ ᠳᠤᠮᠳᠠᠳᠤ ᠤᠯᠤᠰ᠎ᠤᠨ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠤᠨ ᠨᠡᠶ᠋ᠢᠭᠡᠮᠯᠢᠭ᠎ᠠᠴᠠ 2020 ᠣᠨ᠎ᠤ ᠪᠥᠬᠥ ᠤᠯᠤᠰ᠎ᠤᠨ ᠡᠩ᠎ᠤᠨ ᠳᠡᠭᠡᠳᠦ ᠰᠤᠷᠭ᠋ᠠᠭᠤᠯᠢ ᠵᠢᠨ ᠤᠶᠤᠲᠠᠳ᠎ᠤᠨ ᠤᠷᠤᠯᠳᠤᠭ᠋ᠠᠨ᠎ᠤ ᠨᠡᠷᠡᠰ᠎ᠤᠨ ᠵᠢᠭᠰᠠᠭ᠋ᠠᠯᠲᠠ ᠵᠢ ᠨᠡᠶ᠋ᠢᠲᠡᠯᠡᠵᠦ᠂ ᠰᠤᠷᠭ᠋ᠠᠭᠤᠯᠢ᠎ᠨᠢ 《2016-2020 ᠣᠨ᠎ᠤ ᠪᠥᠬᠥ ᠤᠯᠤᠰ᠎ᠤᠨ ᠣᠷᠣᠨ ᠨᠤᠲᠤᠭ᠎ᠤᠨ ᠵᠢᠩᠬᠢᠨᠢ ᠠᠩᠭᠢᠲᠤ ᠳᠡᠭᠡᠳᠦ ᠰᠤᠷᠭ᠋ᠠᠭᠤᠯᠢ ᠵᠢᠨ ᠤᠶᠤᠲᠠᠳ᠎ᠤᠨ ᠤᠷᠤᠯᠳᠤᠭ᠋ᠠᠨ᠎ᠤ ᠨᠡᠷᠡᠰ᠎ᠤᠨ ᠵᠢᠭᠰᠠᠭ᠋ᠠᠯᠲᠠ Top 100》᠎ᠳᠤ 59᠎ᠳᠤ ᠣᠷᠣᠵᠤ᠂ 《2016-2020 ᠣᠨ᠎ᠤ ᠪᠥᠬᠥ ᠤᠯᠤᠰ᠎ᠤᠨ ᠡᠩ᠎ᠤᠨ ᠳᠡᠭᠡᠳᠦ ᠰᠤᠷᠭ᠋ᠠᠭᠤᠯᠢ ᠵᠢᠨ ᠤᠶᠤᠲᠠᠳ᠎ᠤᠨ ᠤᠷᠤᠯᠳᠤᠭ᠋ᠠᠨ᠎ᠤ ᠨᠡᠷᠡᠰ᠎ᠤᠨ ᠵᠢᠭᠰᠠᠭ᠋ᠠᠯᠲᠠ Top 300》᠎ᠳᠤ 114᠎ᠳᠤ ᠣᠷᠣᠵᠤ᠂ 《ᠪᠥᠬᠥ ᠤᠯᠤᠰ᠎ᠤᠨ ᠡᠩ᠎ᠤᠨ ᠳᠡᠭᠡᠳᠦ ᠰᠤᠷᠭ᠋ᠠᠭᠤᠯᠢ ᠵᠢᠨ ᠤᠶᠤᠲᠠᠳ᠎ᠤᠨ ᠤᠷᠤᠯᠳᠤᠭ᠋ᠠᠨ᠎ᠤ ᠨᠡᠷᠡᠰ᠎ᠤᠨ ᠵᠢᠭᠰᠠᠭ᠋ᠠᠯᠲᠠ ᠵᠢᠨ ᠲᠠᠪᠤᠨ ᠡᠭᠡᠯᠵᠢ ᠵᠢᠨ ᠶᠡᠷᠦᠩᠬᠡᠶ ᠨᠡᠷᠡᠰ᠎ᠤᠨ ᠵᠢᠭᠰᠠᠭ᠋ᠠᠯᠲᠠ Top 300》᠎ᠳᠤ 143᠎ᠳᠤ ᠣᠷᠣᠵᠤ᠂ ᠳᠡᠭᠡᠷᠡᠬᠢ ᠭᠤᠷᠪᠠᠨ ᠵᠦᠢ᠍ᠯ᠎ᠨᠢ ᠥᠪᠡᠷᠲᠡᠭᠡᠨ ᠵᠠᠰᠠᠬᠤ ᠣᠷᠣᠨ᠎ᠤ ᠳᠡᠭᠡᠳᠦ ᠰᠤᠷᠭ᠋ᠠᠭᠤᠯᠢ᠎ᠳᠤ ᠲᠡᠷᠢᠭᠦᠯᠡᠬᠦ ᠵᠢᠨ ᠬᠠᠮᠲᠤ ᠵᠠᠯᠭ᠋ᠠᠭ᠎ᠠ᠎ᠪᠠᠷ ᠬᠣᠶᠠᠷ ᠵᠢᠯ ᠪᠥᠬᠦ ᠤᠯᠤᠰ᠎ᠤᠨ ᠭᠠᠵᠠᠷ ᠣᠷᠣᠨ᠎ᠤ ᠵᠢᠩᠬᠢᠨᠢ ᠠᠩᠭᠢᠲᠤ ᠳᠡᠭᠡᠳᠦ ᠰᠤᠷᠭ᠋ᠠᠭᠤᠯᠢ ᠵᠢᠨ ᠵᠠᠭᠤᠨ ᠬᠦᠴᠦᠷᠬᠡᠭ ᠳᠡᠭᠡᠳᠦ ᠰᠤᠷᠭ᠋ᠠᠭᠤᠯᠢ᠎ᠳᠤ   ᠵᠢᠭᠰᠠᠭ᠋ᠠᠭᠳᠠᠪᠠ᠃
      ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ ᠵᠢᠨ ᠤᠶᠤᠲᠠᠳ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠨᠢ ᠪᠦᠬᠦ ᠤᠯᠤᠰ᠎ᠤᠨ ᠳᠡᠭᠡᠳᠦ ᠰᠤᠷᠭ᠋ᠠᠭᠤᠯᠢ ᠵᠢᠨ ᠡᠮᠦᠨ᠎ᠡ ᠡᠩᠨᠡᠭᠡᠨ᠎ᠳᠤ ᠣᠷᠣᠪᠠ᠃ 2020 ᠣᠨ ᠪᠣᠯᠲᠠᠯ᠎ᠠ᠂ ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ ᠵᠢᠨ ᠥᠨᠳᠥᠷ ᠬᠢᠷᠢ ᠲᠦᠪᠰᠢᠨ ᠪᠥᠬᠥᠶ ᠪᠡᠶ᠎ᠡ ᠵᠢᠨ ᠲᠠᠮᠢᠷ᠎ᠤᠨ ᠠᠩᠭᠢ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠳᠤ ᠥᠪᠡᠷᠲᠡᠭᠡᠨ ᠵᠠᠰᠠᠬᠤ ᠣᠷᠣᠨ᠎ᠤ ᠲᠠᠰ ᠵᠢᠴᠢ ᠲᠡᠭᠦᠨ᠎ᠠᠴᠠ ᠳᠡᠭᠡᠭᠰᠢᠬᠢ ᠱᠠᠩᠨᠠᠯ 534 ᠣᠯᠵᠠᠶ᠂ ᠡᠭᠦᠨ᠎ᠳᠤ ᠣᠯᠠᠨ ᠤᠯᠤᠰ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠤ ᠠᠯᠲᠠᠨ ᠮᠧᠳᠠᠯ 10᠂ ᠤᠯᠤᠰ᠎ᠤᠨ ᠲᠠᠰ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠤ ᠠᠯᠲᠠᠨ ᠮᠧᠳᠠᠯ 35᠂ ᠮᠤᠵᠢ ᠵᠢᠨ ᠲᠠᠰ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠤ ᠠᠯᠲᠠᠨ ᠮᠧᠳᠠᠯ 224 ᠪᠣᠶ᠃ ᠰᠤᠷᠭ᠋ᠠᠭᠤᠯᠢ ᠵᠢᠨ ᠰᠢᠷᠣᠶ ᠮᠣᠳᠣᠨ᠎ᠤ ᠢᠨᠵᠧᠨᠧᠷᠢᠩ᠎ᠤᠨ ᠳᠡᠭᠡᠳᠦ ᠰᠤᠷᠭ᠋ᠠᠭᠤᠯᠢ ᠵᠢᠨ ᠰᠣᠷᠣᠭᠴᠢ ᠶᠠᠩ ᠵᠢᠶᠠ ᠢᠦᠶ 2017 ᠣᠨ᠎ᠤ ᠯᠤᠨᠳᠤᠨ᠎ᠤ ᠳᠡᠯᠡᠬᠡᠶ ᠵᠢᠨ ᠬᠦᠨᠳᠦ ᠬᠥᠩᠭᠡᠨ ᠲᠠᠮᠢᠷ᠎ᠤᠨ ᠮᠠᠩᠯᠠᠶ ᠰᠢᠯᠭ᠋ᠠᠷᠠᠭᠤᠯᠬᠤ ᠤᠷᠤᠯᠳᠤᠭ᠋ᠠᠨ ᠪᠠ 2018 ᠣᠨ᠎ᠤ ᠵᠠᠺᠠᠷᠲ᠋ᠠ ᠵᠢᠨ ᠠᠽᠢᠶ᠎ᠠ ᠲᠢᠪ᠎ᠤᠨ ᠪᠡᠶ᠎ᠡ ᠵᠢᠨ ᠲᠠᠮᠢᠷ᠎ᠤᠨ ᠴᠤᠭᠯᠠᠭ᠋ᠠᠨ ᠳᠡᠭᠡᠷ᠎ᠡ ᠴᠥᠮ ᠡᠮᠡᠭᠲᠡᠶ ᠵᠢᠨ 20 ᠺᠢᠯᠣᠮᠧᠲᠷ᠎ᠤᠨ ᠠᠯᠬᠤᠭ᠎ᠠ ᠤᠷᠤᠯᠳᠤᠭ᠋ᠠᠨ᠎ᠳᠤ ᠮᠠᠩᠯᠠᠢ᠌ᠯᠠᠵᠤ᠂ ᠤᠯᠤᠰ ᠣᠷᠣᠨ᠎ᠲᠤ᠎ᠪᠠᠨ ᠢᠷᠠᠭᠤ ᠠᠯᠳᠠᠷ᠎ᠢ ᠠᠪᠴᠢᠷᠠᠵᠤ ᠥᠭᠭᠦᠭᠰᠡᠨ ᠪᠠᠶ᠋ᠢᠨ᠎ᠠ᠃




      ᠰᠢᠨ᠎ᠡ ᠲᠡᠦᠬᠡ ᠵᠢᠨ ᠭᠠᠷᠤᠭ᠎ᠠ᠎ᠳᠤ᠂ ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ᠎ᠨᠢ ᠨᠡᠶ᠋ᠢᠭᠡᠮ ᠵᠢᠷᠤᠮ᠎ᠤᠨ ᠰᠤᠷᠭ᠋ᠠᠭᠤᠯᠢ ᠡᠷᠭᠢᠯᠡᠬᠦ ᠴᠢᠭᠯᠡᠯ᠎ᠢ ᠪᠠᠷᠢᠮᠲᠠᠯᠠᠨ᠂ ᠨᠠᠮ᠎ᠤᠨ ᠰᠤᠷᠭ᠋ᠠᠨ ᠬᠥᠮᠦᠵᠢᠯ᠎ᠤᠨ ᠴᠢᠭᠯᠡᠯᠲᠡ ᠵᠢ ᠪᠥᠬᠥ ᠲᠠᠯ᠎ᠠ᠎ᠪᠠᠷ ᠲᠤᠭᠤᠰᠢᠯᠠᠭᠤᠯᠵᠤ᠂ ᠶᠣᠰᠣ ᠰᠤᠷᠲᠠᠬᠤᠨ᠎ᠢ ᠪᠣᠢ ᠪᠣᠯᠭ᠋ᠠᠵᠤ ᠬᠥᠮᠦᠨ᠎ᠢ ᠬᠥᠮᠦᠵᠢᠭᠦᠯᠬᠦ᠎ᠪᠠᠷ ᠦᠨᠳᠦᠰᠦ ᠪᠣᠯᠭ᠋ᠠᠨ᠂ ᠵᠠᠯᠠᠭᠤ ᠨᠢᠭᠡ ᠦᠶ᠎ᠡ ᠵᠢᠨ᠎ᠬᠢᠨ᠎ᠢ ᠬᠥᠲᠥᠯᠥᠨ ᠵᠢᠯᠣᠭᠣᠳᠴᠤ ᠬᠤᠪᠢᠰᠬᠠᠯᠲᠤ ᠤᠯᠠᠮᠵᠢᠯᠠᠯ᠎ᠢ ᠪᠠᠳᠠᠷᠠᠭᠤᠯᠵᠤ᠂ ᠬᠤᠪᠢᠰᠬᠠᠯᠲᠤ ᠤᠳᠤᠮᠰᠢᠯ᠎ᠢ ᠵᠠᠯᠭ᠋ᠠᠮᠵᠢᠯᠠᠨ᠂ ᠣᠶᠤᠨ ᠰᠠᠨᠠᠭ᠋ᠠᠨ᠎ᠤ ᠠᠮᠢᠨ ᠰᠤᠳᠠᠰᠤ ᠵᠢ ᠦᠷᠭᠦᠯᠵᠢᠯᠡᠭᠦᠯᠵᠦ᠂ ᠨᠠᠮ᠎ᠤᠨ ᠲᠡᠦᠬᠡ ᠵᠢᠨ ᠰᠤᠷᠤᠯᠴᠠᠯᠭ᠎ᠠ ᠬᠥᠮᠦᠵᠢᠯ᠎ᠢ ᠶᠣᠰᠣ ᠰᠤᠷᠲᠠᠬᠤᠨ᠎ᠢ ᠪᠣᠢ ᠪᠣᠯᠭ᠋ᠠᠵᠤ ᠬᠥᠮᠦᠨ᠎ᠢ ᠬᠥᠮᠦᠵᠢᠭᠦᠯᠬᠦ᠎ᠲᠠᠢ ᠤᠶᠠᠯᠳᠤᠭᠤᠯᠤᠨ᠂ ᠥᠭᠡᠷᠡᠴᠢᠯᠡᠯᠲᠡ ᠵᠢᠨ ᠪᠣᠭᠣᠮᠲᠠ ᠰᠢᠪᠲᠤᠯᠤᠯᠲᠠ ᠵᠢ ᠰᠤᠷᠭ᠋ᠠᠭᠤᠯᠢ ᠵᠢᠨ ᠬᠥᠭᠵᠢᠯᠲᠡ ᠵᠢ ᠠᠬᠢᠭᠤᠯᠬᠤ᠎ᠲᠠᠢ ᠤᠶᠠᠯᠳᠤᠭᠤᠯᠵᠤ᠂ 《ᠠᠷᠠᠳ ᠲᠦᠮᠡᠨ᠎ᠳᠤ ᠲᠠᠭ᠋ᠠᠰᠢᠶᠠᠭᠳᠠᠭᠰᠠᠨ ᠰᠤᠷᠭ᠋ᠠᠨ ᠬᠥᠮᠦᠵᠢᠯ᠎ᠢ ᠴᠢᠷᠮᠠᠶ᠋ᠢᠨ ᠰᠠᠶ᠋ᠢᠲᠤᠷ ᠡᠷᠭᠢᠯᠡᠬᠦ》 ᠰᠢᠨ᠎ᠡ ᠠᠶᠠᠨ᠂ ᠰᠢᠯᠢᠳᠡᠭ ᠠᠮᠵᠢᠯᠲᠠ᠎ᠪᠠᠷ ᠨᠠᠮ ᠪᠠᠶ᠋ᠢᠭᠤᠯᠤᠭᠳᠠᠭᠰᠠᠨ ᠵᠠᠭᠤᠨ ᠵᠢᠯ᠎ᠤᠨ ᠣᠶ ᠵᠢ ᠤᠭᠲᠤᠵᠤ ᠪᠠᠢ᠌ᠨ᠎ᠠ!      
   


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠤᠯᠠᠭ᠋ᠠᠨᠴᠠᠪ᠎ᠤᠨ ᠠᠨᠠᠭ᠋ᠠᠬᠤ ᠤᠬᠠᠭ᠋ᠠᠨ᠎ᠤ ᠳᠡᠭᠡᠳᠦ ᠵᠡᠷᠭᠡ ᠵᠢᠨ ᠲᠤᠰᠬᠠᠶ ᠮᠡᠷᠭᠡᠵᠢᠯ᠎ᠤᠨ ᠰᠤᠷᠭ᠋ᠠᠭᠤᠯᠢ ᠵᠢᠨ᠎ᠬᠢᠨ 《ᠡᠬᠡ ᠤᠯᠤᠰ ᠵᠶ᠋ᠠᠨ ᠮᠠᠭᠲᠠᠨ ᠳᠠᠭᠤᠯᠠᠶ᠎ᠠ》 ᠭᠡᠬᠦ ᠳᠠᠭᠤᠤ ᠵᠢ ᠬᠠᠩᠭᠢᠨᠠᠭᠤᠯᠪᠠ
ᠥᠪᠥᠷ ᠮᠣᠩᠭᠣᠯ᠎ᠤᠨ ᠴᠠᠭᠳᠠᠭ᠎ᠠ ᠵᠢᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠠᠴᠠ 《ᠳᠤᠮᠳᠠᠳᠤ ᠤᠯᠤᠰ᠎ᠤᠨ ᠠᠷᠠᠳ᠎ᠤᠨ ᠴᠠᠭᠳᠠᠭ᠎ᠠ ᠵᠢᠨ ᠳᠠᠭᠤᠤ》 ᠬᠠᠩᠭᠢᠨᠠᠨᠠᠮ
ᠪᠤᠭᠤᠲᠤ ᠵᠢᠨ ᠬᠥᠩᠭᠡᠨ ᠠᠵᠤ ᠦᠢ᠍ᠯᠡᠳᠪᠦᠷᠢ ᠵᠢᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠠᠴᠠ 《ᠬᠦᠰᠡᠯ ᠲᠡᠮᠡᠦᠯᠦᠯ》 ᠭᠡᠬᠦ ᠳᠠᠭᠤᠤ ᠬᠠᠩᠭᠢᠨᠠᠨᠠᠮ
ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠵᠢᠨ᠎ᠬᠢᠨ 《ᠰᠢᠨ᠎ᠡ ᠶᠢᠷᠲᠢᠨᠴᠦ》 ᠭᠡᠬᠦ ᠳᠠᠭᠤᠤ ᠵᠢ ᠬᠠᠩᠭᠢᠨᠠᠭᠤᠯᠪᠠ
ᠵᠠᠯᠠᠨ ᠠᠶ᠋ᠢᠯ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠠᠴᠠ 《ᠳᠠᠬᠢᠨᠲᠠ ᠮᠣᠷᠳᠠᠨᠠᠮ》 ᠭᠡᠬᠦ ᠳᠠᠭᠤᠤ ᠬᠠᠩᠭᠢᠨᠠᠨᠠᠮ
 
             蒙ICP备05000248号