◆ ᠣᠷᠳᠣᠰ ᠬᠣᠳᠠ ᠵᠢᠨ ᠳ᠋ᠦᠨᠭᠱ᠌ᠧᠩ ᠲᠣᠭᠣᠷᠢᠭ᠎ᠤᠨ ᠲᠣᠷᠰᠢᠯᠳᠠ ᠵᠢᠨ
ᠪᠠᠭ᠎ᠠ ᠰᠣᠷᠭ᠋ᠠᠭᠣᠯᠢ ᠵᠢᠨ ᠵᠢᠷᠭᠣᠳᠣᠭ᠋ᠠᠷ ᠣᠨ᠎ᠤ ᠭᠣᠷᠪᠠᠳᠣᠭ᠋ᠠᠷ
ᠠᠨᠭ᠌ᠭᠢ ᠵᠢᠨ ᠴᠢᠥ ᠱᠦ᠍ ᠰᠢᠶᠠᠨ᠎ᠤ ᠭᠡᠷ᠎ᠤᠨ ᠠᠬᠠᠮᠠᠳ
ᠪᠢ ᠥᠨᠭᠭᠡᠷᠡᠭᠰᠡᠨ᠎ᠳᠤ ᠮᠥᠨ ᠴᠦ᠍ ᠨᠢᠭᠡ ᠲᠠᠮᠢᠷ᠎ᠤᠨ ᠲᠣᠷ᠎ᠠ ᠪᠠᠬᠠᠳᠠᠨ ᠪᠠᠢ᠍ᠢ᠍ᠵᠠᠢ᠃ ᠭᠡᠳᠡᠯ᠎ᠡ ᠮᠢᠨᠤ ᠬᠡᠥᠭᠡᠨ ᠰᠣᠷᠭ᠋ᠠᠭᠣᠯᠢ ᠵᠢᠨ ᠬᠥᠯ ᠪᠦᠮᠪᠦᠭᠡᠨᠤ ᠬᠥᠳᠡᠯᠭᠡᠭᠡᠨ᠎ᠳᠤ ᠣᠷᠣᠯᠴᠠᠬᠣ᠎ᠪᠠᠷ ᠱᠠᠭ᠋ᠠᠷᠳᠠᠬᠣ ᠥᠶᠡᠰ᠂ ᠪᠢ ᠬᠠᠷᠢᠨ ᠠ᠋ᠷᠡᠰ ᠠ᠋ᠰᠡᠷᠬᠥᠴᠡᠪᠡ᠃ ᠶᠠᠭ᠋ᠠᠬᠢᠭ᠋ᠠᠳ ᠭᠡᠪᠡᠯ? ᠨᠢᠭᠡ᠎ᠳᠤ᠂ ᠮᠠᠨ᠎ᠤ ᠭᠡᠷ᠎ᠤᠨ ᠬᠡᠦᠬᠡᠳ ᠪᠣᠯ ᠥᠬᠢᠨ ᠬᠦᠮᠦᠨ ᠪᠣᠯᠬᠣᠷ᠂ ᠲᠡᠬᠥᠨᠤ ᠲᠠᠭᠣᠣ ᠪᠥᠵᠢᠭ᠎ᠤᠨ ᠲᠠᠯ᠎ᠠ᠎ᠪᠠᠷ ᠲᠣᠷ᠎ᠠ ᠰᠣᠨᠢᠷᠬᠠᠯᠲᠠᠢ ᠪᠠᠢ᠍ᠢ᠍ᠬᠣ ᠵᠢ ᠬᠥᠰᠡᠵᠥ᠂ ᠢᠨᠭᠭᠢᠪᠡᠯ ᠰᠠᠶᠢ ᠬᠡᠥᠭᠡᠨ ᠬᠥᠮᠥᠨ᠎ᠤ ᠲᠠᠷᠣᠣ ᠨᠣᠮᠤᠬᠠᠨ ᠵᠠᠩ ᠠᠭ᠋ᠠᠯᠢ᠎ᠲᠠᠢ ᠵᠣᠬᠢᠴᠠᠳᠠᠭ ᠭᠡᠵᠦ ᠦᠵᠡᠵᠦ ᠪᠠᠢ᠌ᠵᠠᠢ᠃ ᠬᠣᠶᠠᠷ᠎ᠲᠤ᠂ ᠣᠴᠢᠷ᠎ᠨᠢ ᠪᠢ ᠦᠪᠡᠷᠳᠡᠭᠡᠨ ᠪᠣᠯ ᠨᠢᠭᠡ ᠲᠠᠮᠢᠷᠴᠢᠨ᠂ ᠮᠢᠨᠤ ᠦᠵᠡᠬᠥ᠎ᠪᠠᠷ ᠲᠠᠮᠢᠷ᠎ᠤᠨ ᠪᠣᠯᠪᠠᠰᠣᠷᠠᠯ ᠲᠣᠮᠳᠠ᠂ ᠰᠣᠷᠭ᠋ᠠᠭᠣᠯᠢ ᠵᠥᠪᠬᠡᠨ ᠮᠥᠷᠥᠢ᠍ᠢ᠍ᠴᠡᠭᠡᠨᠤ ᠬᠢᠷᠢ ᠪᠥᠳᠥᠮᠵᠢ ᠵᠢ ᠴᠢᠨᠭᠭ᠎ᠠ ᠠᠳᠬᠣᠵᠣ᠂ ᠬᠠᠷᠢᠨ ᠰᠣᠶᠣᠯ᠎ᠤᠨ ᠬᠢᠷᠢ ᠪᠥᠳᠥᠮᠵᠢ ᠵᠢ ᠣᠮᠳᠣᠭ᠋ᠠᠢ᠍ᠢ᠍ᠯᠠᠳᠠᠭ᠃ ᠭᠣᠳᠠᠭ᠋ᠠᠷᠲᠤ᠂ ᠬᠡᠥᠭᠡᠳ ᠬᠥᠯ ᠪᠦᠮᠪᠦᠭᠡ ᠰᠣᠷᠣᠯᠴᠠᠭᠰᠠᠨᠤ ᠰᠡᠭᠦᠯᠡᠷ ᠠᠮᠣᠷ ᠲᠥᠪᠰᠢᠨ᠎ᠤ ᠠᠰᠠᠭᠣᠳᠠᠯ ᠭᠠᠷᠬᠤ᠎ᠠᠴᠠ ᠰᠠᠨᠠᠭ᠎ᠠ ᠵᠣᠪᠠᠭᠰᠠᠨ ᠪᠦᠭᠡᠳ ᠮᠥᠨ ᠴᠦ᠍ ᠬᠡᠷᠪᠡ ᠬᠣᠵᠢᠮᠳᠤᠪᠠᠨ ᠰᠣᠷᠭ᠋ᠠᠭᠣᠯᠢ ᠵᠢᠨ ᠴᠢᠬᠣᠯᠠᠴᠢᠯᠠᠭᠠ ᠵᠢ ᠬᠥᠷᠳᠡᠬᠥ ᠥᠭᠡᠢ ᠪᠣᠯ ᠲᠣᠮᠳᠠᠠᠴᠠᠨᠢ ᠬᠠᠶᠠᠬᠣ ᠤᠴᠢᠷ ᠪᠣᠯᠬᠤ᠎ᠠᠴᠠ ᠡᠷᠬᠡᠯᠵᠡᠵᠡᠢ᠃ ᠲᠡᠭᠡᠷᠡᠬᠢ ᠬᠡᠳᠦᠨ ᠰᠢᠯᠳᠠᠭ᠋ᠠᠨ᠎ᠠᠴᠠ ᠪᠣᠯᠵᠣ᠂ ᠪᠢ ᠬᠡᠥᠭᠡᠨᠤᠪᠠᠨ ᠬᠥᠯ ᠪᠦᠮᠪᠦᠭᠡ ᠰᠣᠷᠣᠯᠴᠠᠬᠣ ᠱᠠᠭ᠋ᠠᠷᠳᠠᠯᠭ᠎ᠠ ᠵᠢ ᠲᠠᠲᠠᠭ᠋ᠠᠯᠵᠠᠭᠰᠠᠨ ᠪᠠᠢ᠍ᠢ᠍ᠨ᠎ᠠ᠃
ᠭᠡᠪᠡᠴᠦ ᠰᠡᠬᠥᠯ᠎ᠳᠤᠨᠢ ᠪᠢ ᠬᠠᠷᠢᠨ ᠰᠠᠨᠠᠭ᠎ᠠ ᠪᠤᠳᠤᠯ᠎ᠪᠠᠨ ᠥᠭᠡᠷᠡᠴᠢᠯᠡᠭᠰᠡᠨ ᠪᠠᠢ᠍ᠢ᠍ᠨ᠎ᠠ᠄ ᠡ᠊ᠨᠡ᠎ᠨᠢ ᠬᠡᠥᠭᠡᠨᠤ ᠬᠥᠯ ᠪᠦᠮᠪᠦᠭᠡᠨᠤ ᠲᠣᠷ᠎ᠠ ᠪᠠᠬ᠎ᠠ ᠪᠣᠯᠣᠨ ᠪᠠᠭᠰᠢ ᠵᠢᠨ ᠬᠠᠯᠠᠭᠣᠨ ᠬᠠᠯᠠᠮᠵᠢᠯᠠᠭ᠎ᠠ᠂ ᠨᠡᠩ ᠢᠯᠠᠨᠭ᠌ᠭᠣᠶᠠ ᠣᠯᠣᠰ ᠭᠡᠷ᠎ᠤᠨ ᠰᠣᠷᠣᠭᠴᠢ ᠵᠢᠨ ᠲᠠᠮᠢᠷ᠎ᠤᠨ ᠲᠣᠬᠠᠢ ᠴᠢᠬᠣᠯᠠᠴᠢᠯᠠᠭᠠ (ᠶᠡᠬᠡ ᠪᠡᠯᠡ ᠮᠥᠨᠭᠭᠥ ᠣᠷᠣᠭᠣᠯᠵᠣ᠂ ᠨᠥᠬᠥᠴᠡᠯ ᠰᠠᠢ᠍ᠢ᠍ᠨ ᠬᠥᠯ ᠪᠦᠮᠪᠦᠭᠡᠨᠤ ᠲᠠᠯᠠᠪᠣᠷ᠎ᠢ ᠪᠦᠳᠦᠭᠡᠨ ᠪᠠᠢ᠍ᠢ᠍ᠭᠣᠯᠵᠣ᠂ ᠰᠣᠷᠣᠭᠴᠢᠳ᠎ᠲᠤ ᠲᠣᠩ ᠰᠠᠢ᠍ᠢ᠍ᠨ ᠬᠥᠯ ᠪᠦᠮᠪᠦᠭᠡᠨᠤ ᠲᠠᠯᠠᠪᠣᠷ ᠪᠠᠢ᠍ᠢ᠍ᠭᠣᠯᠵᠣ᠂ ᠲᠣᠩ ᠰᠠᠢ᠍ᠢ᠍ᠨ ᠪᠣᠯᠪᠠᠰᠣᠷᠠᠯ᠎ᠤᠨ ᠨᠥᠬᠥᠴᠡᠯ᠎ᠢ ᠪᠥᠷᠢᠯᠳᠥᠬᠥᠯᠵᠥ ᠥᠭᠴᠡᠢ)᠎ᠠᠴᠠ ᠰᠢᠯᠳᠠᠭ᠋ᠠᠯᠠᠭᠳᠠᠨᠠ᠃ ᠠ᠋ᠬᠥᠨ᠎ᠤ ᠲᠠᠭ᠋ᠠᠣ᠂ ᠰᠣᠷᠭ᠋ᠠᠭᠣᠯᠢ᠎ᠠᠴᠠ ᠠ᠋ᠷᠬᠢᠯᠡᠨ ᠶᠠᠪᠣᠭᠳᠠᠭᠣᠯᠵᠣ ᠪᠠᠢ᠍ᠢ᠍ᠭ᠎ᠠ ᠰᠣᠷᠭ᠋ᠠᠭᠣᠯᠢ ᠵᠢᠨ ᠬᠥᠯ ᠪᠦᠮᠪᠦᠭᠡᠨᠤ ᠠᠵᠢᠯᠯᠠᠭ᠋ᠠᠨ᠎ᠨᠢ᠂ ᠬᠡᠥᠭᠡᠳ ᠥᠶᠡᠠᠴᠠᠨᠢ ᠠᠳᠬᠣᠵᠣ᠂ ᠪᠠᠭ᠎ᠠ ᠰᠣᠷᠭ᠋ᠠᠭᠣᠯᠢ᠎ᠠᠴᠠ ᠠᠨᠭ᠌ᠬ᠎ᠠ ᠲᠣᠮᠳᠠᠳᠣ᠂ ᠲᠡᠭᠡᠳᠦ ᠲᠣᠮᠳᠠᠳᠣ᠂ ᠶᠡᠬᠡ ᠰᠣᠷᠭ᠋ᠠᠭᠣᠯᠢ ᠬᠥᠷᠳᠡᠯᠡᠬᠢ ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡᠨᠤ ᠬᠣᠯᠪᠤᠭ᠋ᠠᠳᠣ ᠣᠷᠣᠯᠳᠣᠭ᠋ᠠᠨ᠎ᠢ ᠥᠨᠡᠨ ᠬᠥ᠌ ᠪᠠᠢ᠍ᠢ᠍ᠭᠣᠯᠵᠣ᠂ ᠠ᠋ᠬᠥᠨ᠎ᠤ ᠲᠣᠮᠳᠠ᠎ᠠᠴᠠ ᠬᠥᠯ ᠪᠦᠮᠪᠦᠭᠡᠨᠳᠤᠪᠠᠨ ᠠᠪᠢᠶᠠᠰ᠎ᠲᠠᠢ ᠬᠡᠥᠭᠡᠳ᠎ᠢ ᠢᠯᠡᠷᠡᠬᠥᠯᠥᠨ᠂ ᠲᠣᠮᠳᠠᠳᠣ ᠣᠯᠣᠰ᠎ᠤᠨ ᠬᠥᠯ ᠪᠦᠮᠪᠦᠭᠡᠨᠤ ᠪᠡᠯᠡᠳᠭᠡᠯ ᠴᠢᠳᠠᠪᠣᠷᠢᠳᠠᠨ᠎ᠢ ᠨᠥᠬᠡᠴᠡᠯᠡᠬᠥ ᠵᠢᠨ ᠲᠥᠯᠥᠭᠡ ᠭᠡᠰᠡᠨ᠎ᠢ ᠣᠢ᠍ᠢ᠍ᠯᠠᠭ᠋ᠠᠵᠣ ᠣᠬᠠᠭ᠋ᠠᠷᠠᠵᠠᠢ᠃ ᠰᠣᠷᠭ᠋ᠠᠭᠣᠯᠢ᠎ᠨᠢ ᠪᠠᠰᠠ ᠡᠪᠦᠯ ᠵᠣᠨ᠎ᠤ ᠠᠮᠠᠷᠠᠯᠳᠠ ᠵᠢᠨ ᠬᠣᠭᠣᠴᠠᠭ᠋ᠠᠨ᠎ᠳᠤ ᠬᠥᠯ ᠪᠦᠮᠪᠦᠭᠡᠨᠤ ᠡᠪᠣᠯ ᠵᠣᠨ᠎ᠤ ᠵᠣᠰᠠᠯᠠᠩᠢ ᠵᠣᠬᠢᠶᠠᠨ ᠪᠠᠢ᠍ᠢ᠍ᠭᠣᠯᠵᠣ᠂ ᠰᠣᠷᠭ᠋ᠠᠭᠣᠯᠢ ᠵᠢᠨ ᠬᠦᠷᠢᠶᠡᠨ᠎ᠤ ᠬᠥᠯ ᠪᠦᠮᠪᠦᠭᠡᠨᠤ ᠬᠣᠯᠪᠣᠭ᠋ᠠᠳᠣ ᠣᠷᠣᠯᠳᠣᠭ᠋ᠠᠨ᠎ᠳᠤ ᠬᠢᠷᠢ ᠪᠥᠳᠥᠮᠵᠢ᠎ᠨᠢ ᠰᠠᠢ᠍ᠢ᠍ᠨ ᠬᠡᠥᠭᠡᠳᠤᠳᠲᠤ ᠬᠠᠷᠢᠯᠴᠠᠨ ᠰᠣᠷᠣᠯᠴᠠᠬᠣ ᠪᠠ ᠰᠣᠯᠢᠯᠴᠠᠬᠣ ᠵᠠᠪᠰᠢᠶᠠᠨ ᠲᠣᠬᠢᠶᠠᠯ ᠣᠯᠭᠣᠵᠣ᠂ ᠣᠳᠠᠭ᠎ᠠ ᠪᠣᠯᠭ᠋ᠠᠨ ᠬᠡᠥᠭᠡᠳ ᠰᠤᠷᠭ᠋ᠠᠭᠤᠯᠢ ᠲᠠᠷᠬᠠᠵᠤ ᠬᠠᠷᠢᠵᠤ ᠢᠷᠡᠭᠡᠳ ᠰᠣᠷᠭ᠋ᠠᠭᠣᠯᠢ ᠵᠢᠨ ᠣᠯᠠᠨ ᠶᠠᠨᠭ᠌ᠵᠣ ᠵᠢᠨ ᠲᠠᠮᠢᠷ᠎ᠤᠨ ᠬᠥᠳᠡᠯᠭᠡᠭᠡᠨ ᠪᠠ ᠬᠥᠯ ᠪᠦᠮᠪᠦᠭᠡᠨ ᠣᠷᠣᠯᠳᠣᠭ᠋ᠠᠨ᠎ᠤ ᠪᠠᠢ᠍ᠢ᠍ᠳᠠᠯ᠎ᠢ ᠶᠠᠷᠢᠵᠤ ᠦᠭᠬᠦ᠎ᠳᠤ ᠪᠢᠳᠡ ᠪᠠᠰᠠ ᠰᠡᠳᠬᠢᠯ ᠪᠠᠶᠠᠷᠯᠠᠭᠣᠰᠢᠳᠠᠢ ᠪᠠᠢ᠍ᠢ᠍ᠳᠠᠭ᠃
ᠬᠡᠥᠭᠡᠳ᠎ᠤᠳ ᠠ᠋ᠢ᠍ᠢ᠍ᠮᠥ ᠰᠠᠢ᠍ᠢ᠍ᠨ ᠰᠣᠷᠭ᠋ᠠᠯ ᠪᠣᠯᠪᠠᠰᠣᠷᠠᠯ ᠬᠥᠷᠳᠡᠭᠰᠡᠨ᠎ᠠᠴᠠ ᠪᠢ ᠦᠪᠡᠷ᠎ᠤᠨ ᠰᠠᠨᠠᠭ᠎ᠠ᠎ᠪᠠᠨ ᠠᠷᠭ᠎ᠠ ᠥᠭᠡᠢ ᠥᠭᠡᠷᠡᠴᠢᠯᠡᠵᠥ᠂ ᠬᠡᠥᠭᠡᠨᠤᠪᠠᠨ ᠬᠥᠯ ᠪᠦᠮᠪᠦᠭᠡᠨᠤ ᠪᠣᠯᠪᠠᠰᠣᠷᠠᠯ᠎ᠳᠤ ᠣᠷᠣᠯᠴᠠᠬᠣ ᠵᠢ ᠲᠡᠮᠵᠢᠪᠡ᠃ ᠣᠳᠠᠭ᠎ᠠ ᠪᠣᠯᠭ᠋ᠠᠨ ᠪᠢ ᠰᠣᠷᠭ᠋ᠠᠭᠣᠯᠢ᠎ᠳᠤ ᠣᠴᠢᠵᠣ ᠬᠡᠥᠭᠡᠳ᠎ᠤᠳ᠎ᠤᠨ ᠪᠣᠯᠪᠠᠰᠣᠷᠠᠯ ᠪᠣᠯᠣᠨ ᠣᠷᠣᠯᠳᠣᠭ᠋ᠠᠨ᠎ᠢ ᠦᠵᠡᠬᠥ᠎ᠳᠤ᠂ ᠲᠠᠮᠢᠷ᠎ᠤᠨ ᠪᠠᠭᠰᠢ ᠵᠢᠨ ᠨᠠᠷᠢᠨ ᠬᠢᠨᠠᠮᠠᠭ᠋ᠠᠢ ᠮᠥᠷᠳᠡᠭᠡᠨ ᠠᠮᠢᠳᠣᠯᠢᠭ ᠣᠯᠠᠨ ᠶᠠᠨᠭ᠌ᠵᠣ ᠵᠢᠨ ᠪᠣᠯᠪᠠᠰᠣᠷᠠᠯ᠎ᠤᠨ ᠬᠡᠯᠪᠡᠷᠢ ᠮᠠᠶᠢᠭ᠎ᠢ ᠣᠯᠵᠣ ᠬᠠᠷᠠᠨ᠂ ᠮᠠᠨ᠎ᠤ ᠲᠣᠮᠳᠠᠳᠣ ᠣᠯᠣᠰ᠎ᠤᠨ ᠬᠥᠯ ᠪᠦᠮᠪᠦᠭᠡᠨᠤ ᠢᠷᠡᠭᠡᠳᠥᠢ᠎ᠳᠤ ᠢᠳᠡᠭᠡᠯ ᠵᠣᠷᠢᠭᠲᠠᠢ ᠪᠣᠯᠳᠠᠭ ᠪᠠᠢ᠍ᠢ᠍ᠨ᠎ᠠ᠃ ᠬᠡᠳᠦᠨ ᠵᠢᠯ᠎ᠤᠨ ᠣᠷᠣᠯᠳᠣᠭ᠋ᠠᠨ ᠵᠶ᠋ᠠᠷ ᠲᠠᠮᠵᠢᠨ᠂ ᠬᠠᠳᠠᠭᠣ ᠴᠢᠨᠭᠭ᠎ᠠ ᠱᠠᠭ᠋ᠠᠷᠳᠠᠯᠭ᠎ᠠ ᠰᠢᠷᠭ᠋ᠠᠭᠣ ᠬᠠᠳᠠᠭᠣᠵᠢᠯᠳᠠᠢ ᠪᠣᠯᠪᠠᠰᠣᠷᠠᠯ᠎ᠢ ᠥᠨᠭᠭᠡᠷᠡᠭᠥᠯᠥᠭᠰᠡᠨᠠᠴᠠ ᠬᠡᠥᠭᠡᠳ᠎ᠤᠳ ᠢᠲᠡᠭᠡᠯ ᠵᠣᠷᠢᠭᠲᠠᠢ ᠪᠣᠯᠵᠤ ᠠᠶᠣᠵᠣ ᠰᠥᠷᠳᠡᠬᠥ ᠥᠭᠡᠢ ᠪᠣᠯᠣᠭᠰᠠᠨ ᠪᠠᠢ᠍ᠢ᠍ᠨ᠎ᠠ᠃ ᠲᠡᠳᠡ ᠪᠣᠯᠪᠠᠰᠣᠷᠠᠯ᠎ᠤᠨ ᠲᠡᠯᠠᠪᠣᠷ ᠲᠡᠭᠡᠷ᠎ᠡ᠎ᠠᠴᠠ ᠠ᠋ᠷᠡᠰ ᠬᠠᠳᠠᠭᠣ ᠲᠡᠰᠪᠥᠷᠢᠯᠡᠬᠥ᠂ ᠨᠣᠭᠣᠷᠠᠯ ᠪᠥᠳᠥᠷᠢᠯ ᠪᠠ ᠢᠯᠠᠭᠳᠠᠯ᠎ᠳᠤ ᠵᠥᠪ ᠵᠶ᠋ᠠᠷ ᠬᠠᠨᠳᠣᠬᠣ᠂ ᠦᠪᠡᠷ᠎ᠤᠨ ᠪᠡᠶ᠎ᠡ ᠰᠡᠳᠬᠢᠴᠡ ᠵᠢᠨ ᠪᠠᠢ᠍ᠢ᠍ᠳᠠᠯ ᠪᠣᠯᠣᠨ ᠲᠡᠮᠡᠴᠡᠭᠡᠨ᠎ᠤ ᠪᠠᠢ᠍ᠢ᠍ᠳᠠᠯ᠎ᠢ ᠴᠠᠭ ᠲᠣᠬᠠᠢᠳᠤᠨᠢ ᠵᠣᠬᠢᠴᠠᠭᠣᠯᠬᠣ᠂ ᠬᠠᠨᠢ ᠨᠥᠬᠥᠳ ᠵᠶ᠋ᠠᠨ ᠬᠠᠷᠠᠭ᠋ᠠᠯᠵᠠᠬᠣ ᠵᠢᠨ ᠲᠠᠭ᠋ᠠᠣ ᠨᠢᠬᠳᠠ ᠬᠠᠮᠳᠣᠷᠠᠯᠴᠠᠨ ᠪᠥᠯᠬᠥᠮᠳᠡᠬᠥ᠂ ᠠ᠋ᠰᠡᠷᠬᠥ ᠠ᠋ᠳᠡᠭᠡᠳ ᠵᠶ᠋ᠠᠨ ᠬᠥᠳᠥᠯᠵᠥ᠂ ᠠ᠋ᠷᠬᠡ ᠲᠡᠭᠰᠢ ᠲᠡᠮᠡᠴᠡᠬᠥ ᠵᠣᠷᠢᠭ ᠰᠠᠨᠠᠭ᠎ᠠ ᠵᠢ ᠣᠯᠵᠣ ᠰᠣᠷᠣᠯᠴᠠᠭᠰᠠᠨ ᠪᠠᠢ᠍ᠢ᠍ᠨ᠎ᠠ᠃ ᠬᠡᠥᠭᠡᠳ᠎ᠤᠨ ᠲᠣᠷᠠᠳᠠᠢ ᠬᠥᠯ ᠪᠦᠮᠪᠦᠭᠡᠨᠤ ᠬᠥᠳᠡᠯᠭᠡᠭᠡᠨ ᠲᠣᠮᠳᠠ᠎ᠠᠴᠠ ᠲᠡᠳᠡ ᠨᠠᠷ᠎ᠠᠴᠠ ᠥᠨᠭᠭᠡᠷᠡᠭᠰᠡᠨ᠎ᠳᠤ ᠪᠠᠢ᠍ᠢ᠍ᠳᠠᠭ ᠥᠭᠡᠢ ᠢᠳᠡᠭᠡᠯ ᠵᠣᠷᠢᠭ᠎ᠢ ᠣᠯᠵᠣ ᠬᠠᠷᠠᠭᠰᠠᠨ ᠪᠠᠢ᠍ᠢ᠍ᠨ᠎ᠠ᠃ ᠠ᠋ᠬᠥᠨᠳᠤ ᠭᠡᠷ᠎ᠤᠨ ᠠᠬᠠᠮᠠᠳ ᠪᠣᠯᠣᠭᠰᠠᠨ᠎ᠤ ᠬᠣᠪᠢ᠎ᠳᠤ ᠴᠢᠩ ᠦᠨᠡᠨ ᠰᠡᠳᠬᠢᠯ᠎ᠠᠴᠠ᠎ᠪᠠᠨ ᠪᠡᠶᠠᠷᠯᠠᠵᠣ ᠪᠠᠢ᠍ᠢ᠍ᠨ᠎ᠠ᠃
ᠬᠡᠥᠭᠡᠳ᠎ᠤᠳ ᠬᠥᠯ ᠪᠦᠮᠪᠦᠭᠡᠨ᠎ᠠᠴᠠ ᠬᠢᠴᠢᠶᠡᠯ ᠲᠡᠭᠡᠷ᠎ᠡ ᠣᠯᠵᠣ ᠰᠣᠷᠬᠣ ᠥᠭᠡᠢ ᠣᠯᠠᠨ ᠵᠥᠢ᠍ᠯ᠎ᠤᠨ ᠮᠡᠳᠡᠯᠭᠡ ᠰᠣᠷᠣᠯᠴᠠᠵᠣ᠂ ᠰᠢᠷᠭ᠋ᠠᠭᠣ ᠬᠠᠳᠠᠭᠣᠵᠢᠯᠳᠠᠢ ᠪᠣᠯᠪᠠᠰᠣᠷᠠᠯ ᠪᠣᠯᠣᠨ ᠴᠢᠨᠭᠭ᠎ᠠ ᠰᠢᠷᠥᠬᠥᠨ ᠣᠷᠣᠯᠳᠣᠭ᠋ᠠᠨ᠎ᠠᠴᠠ ᠬᠣᠵᠢᠮ᠎ᠤᠨ ᠠᠮᠢᠳᠣᠷᠠᠯ ᠲᠣᠮᠳᠠᠬᠢ ᠠ᠋ᠷᠬᠢᠮ ᠨᠠᠨᠳᠢᠨ ᠥᠪ ᠬᠥᠷᠥᠨᠭᠭᠡ ᠵᠢ ᠬᠣᠷᠠᠮᠳᠣᠭᠣᠯᠵᠣ ᠴᠢᠳᠠᠭᠰᠠᠨ ᠪᠠᠢ᠍ᠢ᠍ᠨ᠎ᠠ᠃
ᠰᠣᠷᠭ᠋ᠠᠭᠣᠯᠢ᠎ᠨᠢ ᠰᠣᠷᠣᠭᠴᠢ ᠵᠢᠨ ᠪᠡᠶ᠎ᠡ ᠵᠢᠨ ᠲᠠᠮᠢᠷ᠎ᠤᠨ ᠴᠢᠳᠠᠪᠣᠷᠢ ᠵᠢ ᠬᠥᠮᠥᠵᠢᠬᠥᠯᠬᠥ ᠶᠠᠪᠣᠴᠠ ᠲᠣᠮᠳᠠ ᠪᠡᠶ᠎ᠡ ᠮᠠᠬᠠᠪᠣᠳ᠎ᠤᠨ ᠥᠰᠥᠨ ᠪᠣᠢ᠍ᠢ᠍ᠵᠢᠯᠳᠠ ᠪᠣᠯᠣᠨ ᠣᠶᠣᠨ᠎ᠤ ᠬᠥᠭᠵᠢᠯᠳᠡ ᠵᠢ ᠠᠬᠢᠭᠣᠯᠵᠣ ᠬᠥᠳᠡᠯᠭᠡᠭᠡᠨ᠎ᠤ ᠠᠭᠣᠯᠭ᠎ᠠ ᠪᠣᠯᠣᠨ ᠬᠡᠯᠪᠡᠷᠢ ᠮᠠᠶᠢᠭ᠎ᠢ ᠠᠰᠢᠭᠯᠠᠵᠣ᠂ ᠰᠣᠷᠣᠭᠴᠢᠳ᠎ᠲᠤ ᠰᠡᠳᠬᠢᠯᠭᠡ᠎ᠪᠠᠨ ᠰᠣᠯᠢᠯᠴᠠᠬᠣ ᠪᠠᠢ᠍ᠢ᠍ᠳᠠᠯ ᠲᠣᠮᠳᠠ ᠪᠠᠢ᠍ᠢ᠍ᠯᠭ᠋ᠠᠵᠣ᠂ ᠬᠥᠯ ᠪᠦᠮᠪᠦᠭᠡᠨᠤ ᠪᠠᠶᠠᠷ ᠴᠡᠨᠭᠭᠡᠯᠢ ᠠ᠋ᠳ᠋ᠯᠡᠬᠥᠯᠵᠥ᠂ ᠰᠣᠷᠣᠭᠴᠢ ᠪᠣᠯᠭ᠋ᠠᠨ᠎ᠤ ᠪᠡᠶ᠎ᠡ ᠵᠢᠨ ᠲᠠᠮᠢᠷ᠎ᠤᠨ ᠲᠣᠷ᠎ᠠ ᠰᠣᠨᠢᠷᠬᠠᠯ᠎ᠢ ᠬᠥᠭᠵᠢᠭᠡᠨ᠂ ᠪᠡᠶ᠎ᠡ ᠵᠢᠨ ᠲᠠᠮᠢᠷ᠎ᠢ ᠠ᠋ᠷᠬᠢᠮᠨᠡᠬᠥ᠂ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠳᠤ ᠬᠠᠢ᠍ᠢ᠍ᠷᠠᠳᠠᠢ ᠪᠠᠢ᠍ᠢ᠍ᠬᠣ ᠰᠠᠢ᠍ᠢ᠍ᠨ ᠰᠠᠢ᠍ᠢ᠍ᠬᠠᠨ ᠵᠠᠩ ᠲᠠᠳᠬᠠᠯ᠎ᠢ ᠬᠥᠮᠥᠵᠢᠬᠥᠯᠵᠥ᠂ ᠠ᠋ᠷᠡᠬᠥᠯ ᠴᠢᠬᠢᠷᠠᠭ ᠪᠡᠶ᠎ᠡ ᠮᠠᠬᠠᠪᠣᠳ᠎ᠢ ᠲᠠᠪᠳᠠᠨ ᠪᠣᠯᠪᠠᠰᠣᠷᠠᠭᠣᠯᠬᠣ ᠰᠢᠨᠵᠢᠯᠡᠬᠥ ᠣᠬᠠᠭ᠋ᠠᠨᠴᠢ ᠰᠣᠶᠣᠯ ᠮᠡᠳᠡᠯᠭᠡ ᠵᠢ ᠰᠣᠷᠣᠯᠴᠠᠬᠣ᠎ᠳᠤ ᠰᠠᠢ᠍ᠢ᠍ᠨ ᠰᠠᠢ᠍ᠢ᠍ᠬᠠᠨ ᠰᠠᠭᠣᠷᠢ ᠲᠠᠯᠪᠢᠭᠰᠠᠨ ᠪᠠᠢ᠍ᠢ᠍ᠨ᠎ᠠ᠃ ᠡ᠊ᠨᠡ ᠬᠥ᠌ ᠶᠠᠭ ᠥᠰᠦᠨ ᠪᠣᠢ᠍ᠢ᠍ᠵᠢᠵᠣ ᠪᠠᠢ᠍ᠢ᠍ᠭ᠎ᠠ ᠬᠥᠯ ᠪᠦᠮᠪᠦᠭᠡᠨᠤ ᠠᠨᠭ᠌ᠭᠢ᠎ᠨᠢ ᠬᠥᠰᠡᠯ ᠠ᠋ᠷᠡᠮᠡᠯᠵᠡᠯ ᠵᠶ᠋ᠠᠷ ᠪᠢᠯᠬᠠᠵᠣ᠂ ᠠᠨᠭ᠌ᠭᠢ ᠵᠢᠨ ᠬᠡᠰᠢᠬᠥᠳᠤᠨ ᠪᠡᠶ᠎ᠡ ᠲᠡᠭᠡᠷ᠎ᠡ᠎ᠠᠴᠠ ᠭᠠᠢ᠍ᠢ᠍ᠬᠠᠮᠰᠢᠭ ᠭᠠᠷᠬᠣ ᠵᠢ ᠢᠳᠡᠭᠡᠬᠥ ᠥᠭᠡᠢ ᠪᠠᠢ᠍ᠢ᠍ᠬᠣ ᠵᠢᠨ ᠠᠷᠭ᠎ᠠ ᠥᠭᠡᠢ ᠶᠣᠮ᠃
ᠬᠡᠥᠭᠡᠳ᠎ᠤᠨ ᠲᠥᠯᠥᠭᠡ᠂ ᠬᠡᠥᠭᠡᠳ᠎ᠤᠨ ᠰᠡᠳᠬᠢᠯ᠎ᠳᠠᠬᠢ ᠰᠠᠢ᠍ᠢ᠍ᠨ ᠰᠠᠢ᠍ᠢ᠍ᠬᠠᠨ ᠬᠥᠯ ᠪᠦᠮᠪᠦᠭᠡᠨᠤ ᠬᠥᠰᠡᠯ ᠠ᠋ᠷᠡᠮᠡᠯᠵᠡᠯ᠎ᠤᠨ ᠲᠥᠯᠥᠭᠡ ᠴᠢᠷᠮᠠᠢ᠍ᠢ᠍ᠶᠠ!