ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠵᠢᠭᠠᠨ ᠰᠣᠷᠭᠠᠯᠲᠠ᠎ᠶᠢᠨ ᠰᠣᠳᠣᠯᠣᠯ
ᠪᠠᠭ᠎ᠠ ᠰᠤᠷᠭ᠋ᠠᠭᠤᠯᠢ ᠵᠢᠨ ᠲᠤᠤᠷᠠᠳᠤ ᠤᠨ᠎ᠤ 《ᠶᠤᠰᠤ ᠰᠤᠷᠳᠠᠭ᠍ᠤᠨ ᠬᠢᠬᠡᠳ ᠬᠠᠤᠯᠢ᠎ᠪᠠᠷ ᠵᠠᠰᠠᠭ᠍ᠤᠢ》 ᠵᠢᠨ ᠵᠢᠭ᠋ᠠᠨ ᠰᠤᠷᠭ᠋ᠠᠯᠳᠠ ᠲᠤᠮᠳᠠ ᠰᠤᠷᠤᠭᠴᠢᠳ᠎ᠤᠨ ᠦᠬᠡᠰ᠎ᠤᠨ ᠤᠳᠬ᠎ᠠ ᠵᠢᠨ ᠤᠶ᠋ᠢᠯᠠᠭ᠋ᠠᠯᠳᠠ ᠵᠢ ᠬᠡᠷᠬᠢᠨ ᠭᠦᠨᠵᠡᠬᠡᠶ᠋ᠢᠷᠡᠭᠦᠯᠭᠦ ᠲᠤᠬᠠᠢ ᠲᠦᠭᠦᠮ ᠦᠭᠦᠯᠡᠭᠦ᠎ᠨᠢ
ᠨᠡᠶ᠋ᠢᠲᠡᠯᠡᠭᠰᠡᠨ ᠴᠠᠭ᠄ 2024-10-28

                        ᠲᠤᠷᠤᠨ᠎ᠠ


教学研究2.png


      ᠪᠠᠭ᠎ᠠ ᠰᠤᠷᠭ᠋ᠠᠭᠤᠯᠢ ᠵᠢᠨ ᠨᠢᠬᠡ ᠬᠤᠶᠠᠳᠤᠭ᠋ᠠᠷ ᠤᠨ ᠪᠤᠯ ᠬᠡᠤᠬᠡᠳ ᠴᠡᠴᠡᠷᠯᠢᠭ᠎ᠠᠴᠠ᠎ᠪᠠᠨ ᠪᠠᠭ᠎ᠠ ᠰᠤᠷᠭ᠋ᠠᠭᠤᠯᠢ᠎ᠳᠤ ᠤᠷᠤᠭᠰᠠᠨ ᠴᠢᠬᠤᠯᠠ ᠰᠢᠯᠵᠢᠯᠳᠡ ᠵᠢᠨ ᠦᠶ᠎ᠠ ᠪᠤᠯᠤᠨ᠎ᠠ᠃ ᠰᠤᠷᠭ᠋ᠠᠭᠤᠯᠢ ᠪᠤᠯ ᠴᠡᠴᠡᠷᠯᠢᠭ᠎ᠠᠴᠠ ᠢᠯᠭ᠋ᠠᠭᠳᠠᠭ᠍ᠤ ᠢᠯᠡ ᠲᠤᠳᠤ ᠤᠨᠴᠠᠯᠢᠭ᠎ᠲᠠᠢ ᠪᠠᠢ᠍ᠢ᠍ᠳᠠᠬ᠃ ᠪᠠᠭ᠎ᠠ ᠰᠤᠷᠭ᠋ᠠᠭᠤᠯᠢ᠎ᠳᠤ ᠤᠷᠤᠮᠠᠭᠴᠠ ᠬᠢᠴᠢᠶᠡᠯ ᠲᠦᠷᠦᠯ᠂ ᠲᠠᠰᠬᠠᠯ ᠲᠠᠭ᠋ᠠᠭ᠋ᠠᠯᠭ᠋ᠠᠪᠤᠷᠢ᠂ ᠪᠤᠯᠪᠠᠰᠤᠷᠠᠯ ᠦᠢ᠍ᠯᠡᠳᠦᠯᠬᠡ ᠠᠷᠪᠢᠳᠤᠵᠤ ᠠ᠋ᠬᠢᠯᠠᠨ᠎ᠠ᠃ ᠲᠡᠬᠡᠪᠡᠯ 《ᠶᠤᠰᠤ           ᠰᠤᠷᠳᠠᠭ᠍ᠤᠨ ᠬᠢᠬᠡᠳ ᠬᠠᠤᠯᠢ᠎ᠪᠠᠷ ᠵᠠᠰᠠᠭ᠍ᠤᠢ》 ᠵᠢᠨ ᠬᠢᠴᠢᠶᠡᠯ᠎ᠢ ᠲᠤᠤᠷᠠᠳᠤ ᠤᠨ᠎ᠳᠤ ᠭᠡᠷᠬᠢᠨ ᠵᠢᠭ᠋ᠠᠨ ᠰᠤᠷᠭ᠋ᠠᠬᠤ ᠪᠤᠢ? ᠲᠤᠤᠷ᠎ᠠ ᠵᠢᠭ᠋ᠠᠨ ᠰᠤᠷᠭ᠋ᠠᠯᠳᠠ ᠲᠤᠮᠳᠠ ᠲᠤᠬᠢᠶᠠᠯᠳᠤᠬᠤ ᠵᠠᠷᠢᠮ ᠦᠬᠡᠰ᠎ᠤᠨ ᠤᠳᠬ᠎ᠠ ᠵᠢ ᠬᠡᠷᠬᠢᠨ ᠲᠡᠳᠡᠨ᠎ᠤ ᠨᠠᠰᠤᠨ᠎ᠤ ᠤᠨᠴᠠᠯᠢᠭ᠂ ᠮᠡᠳᠡᠯᠬᠡ ᠮᠡᠳᠡᠴᠡ ᠵᠢᠨ ᠬᠡᠮᠵᠢᠶ᠎ᠡ᠂ ᠤᠶ᠋ᠢᠯᠠᠭ᠋ᠠᠬᠤ ᠴᠢᠳᠠᠪᠤᠷᠢ᠂ ᠰᠡᠳᠬᠢᠴᠡ ᠵᠢᠨ ᠱᠠᠳᠤ ᠦᠶ᠎ᠡ ᠵᠡᠷᠬᠡ᠎ᠳᠤ᠎ᠨᠢ ᠲᠤᠬᠢᠷᠠᠭᠤᠯᠤᠨ᠂ ᠬᠡᠳᠦ ᠭᠦᠢ᠍ᠬᠡᠨ ᠪᠢᠰᠢ ᠮᠦᠷᠳᠡᠬᠡᠨ ᠬᠡᠳᠦ ᠭᠦᠨ ᠪᠤᠯᠬᠤ᠎ᠠᠴᠠ ᠵᠠᠶ᠋ᠢᠯᠠᠰᠬᠢᠵᠥ᠂ ᠤᠨᠤᠪᠴᠢᠳᠠᠢ᠂ ᠲᠤᠬᠢᠷᠠᠮᠵᠢᠳᠠᠢ ᠤᠶ᠋ᠢᠯᠠᠭ᠋ᠠᠭᠤᠯᠬᠤ᠎ᠪᠠᠷ ᠵᠤᠷᠢᠯᠭ᠎ᠠ ᠪᠤᠯᠭ᠋ᠠᠵᠥ᠂ ᠠ᠋ᠭᠦᠨ᠎ᠤ ᠤᠯᠠᠮ᠎ᠠᠴᠠ ᠬᠢᠴᠢᠶᠡᠯ᠎ᠤᠨ ᠠᠭᠤᠯᠭ᠎ᠠ ᠵᠢ ᠨᠡᠩ ᠰᠠᠶ᠋ᠢᠨ ᠵᠶ᠋ᠠᠷ ᠰᠤᠷᠤᠯᠴᠠᠨ ᠡᠵᠡᠮᠰᠢᠭᠦᠯᠭᠦ ᠲᠤᠬᠠᠢ ᠵᠢᠱ᠌ᠢᠶ᠎ᠡ ᠲᠠᠳᠠᠨ ᠶᠠᠷᠢᠶ᠎ᠠ᠃
      ᠨᠢᠬᠡ᠂ 《ᠰᠤᠷᠭ᠋ᠠᠭᠤᠯᠢ᠎ᠳᠤ ᠶᠠᠪᠤᠬᠤ ᠵᠠᠮ ᠲᠡᠬᠡᠷ᠎ᠡ》᠂ 《ᠪᠢ ᠪᠤᠯ ᠠᠩᠬᠢ ᠵᠢᠨ ᠨᠢᠬᠡᠨ           ᠵᠢᠵᠢᠭᠦᠷᠯᠡᠭᠴᠢ》᠂ 《ᠠᠮᠤᠷ ᠲᠦᠪᠰᠢᠨ ᠨᠠᠭ᠋ᠠᠳᠤᠶ᠎ᠠ》᠂ 《ᠪᠡᠶ᠎ᠡ᠎ᠪᠠᠨ ᠪᠢᠳᠡᠬᠡᠢ ᠰᠢᠷᠬᠠᠳᠤᠭᠤᠯᠤᠶ᠎ᠠ》 ᠵᠡᠷᠬᠡ ᠬᠢᠴᠢᠶᠡᠯ᠎ᠳᠤ ᠬᠤᠯᠪᠤᠭᠳᠠᠭᠰᠠᠨ ᠠᠮᠤᠷ ᠲᠦᠪᠰᠢᠨ ᠬᠡᠭᠦ ᠦᠬᠡᠰ᠎ᠤᠨ ᠤᠳᠬ᠎ᠠ ᠵᠢᠨ ᠲᠤᠬᠠᠢ
      ᠠᠮᠤᠷ ᠲᠦᠪᠰᠢᠨ ᠪᠤᠯ ᠤᠳᠬ᠎ᠠ ᠵᠢᠨ ᠬᠤᠪᠢ᠎ᠳᠤ ᠠᠶᠤᠯ ᠦᠬᠡᠢ ᠪᠠᠶ᠋ᠢᠬᠤ ᠵᠢ ᠵᠢᠭ᠋ᠠᠳᠠᠭ᠂ ᠬᠡᠳᠡᠯ᠎ᠡ ᠰᠤᠷᠤᠭᠴᠢᠳ᠎ᠲᠤ ᠠ᠋ᠨᠡ᠎ᠨᠢ ᠠᠮᠤᠷ ᠲᠦᠪᠰᠢᠨ ᠪᠢᠰᠢ᠂ ᠲᠡᠷᠡ᠎ᠨᠢ ᠠᠶᠤᠯ᠎ᠲᠠᠢ᠂ ᠢᠩᠬᠢᠵᠥ ᠬᠢᠪᠡᠯ ᠡ᠊ᠨᠳᠠᠯ᠎ᠲᠠᠢ ᠬᠡᠵᠥ ᠬᠡᠯᠡᠭᠦ᠎ᠨᠢ ᠲᠤᠩ ᠬᠡᠶ᠋ᠢᠰᠪᠤᠷᠢ ᠪᠤᠯᠬᠤ᠎ᠨᠢ ᠲᠠᠮᠵᠢᠭ ᠦᠬᠡᠢ᠂ ᠬᠡᠤᠬᠡᠳ ᠪᠠᠭ᠋ᠠᠴᠤᠳ᠎ᠢ ᠪᠠᠭ᠎ᠠ᠎ᠠᠴᠠ᠎ᠨᠢ ᠬᠡᠷ᠎ᠤᠨ ᠭᠦᠮᠦᠰ᠎ᠨᠢ ᠭᠠᠯ᠎ᠳᠤ ᠤᠶ᠋ᠢᠷᠠᠳᠪᠠᠯ ᠬᠠᠯᠠᠵᠥ ᠰᠢᠳᠠᠭ᠍ᠤ᠂ ᠤᠰᠤᠨ᠎ᠳᠤ ᠤᠷᠤᠪᠠᠯ ᠬᠠᠭ᠍ᠠᠭ᠍ᠤ ᠴᠠᠴᠠᠭ᠍ᠤ᠂ ᠤᠶ᠋ᠢᠴᠢᠵᠥ ᠲᠤᠰᠪᠠᠯ ᠶᠠᠰᠤ ᠬᠤᠭᠤᠷᠬᠤ᠂ ᠠᠷᠠᠰᠤ ᠰᠢᠯᠪᠤᠷᠠᠬᠤ ᠵᠡᠷᠬᠡ᠎ᠪᠠᠷ ᠠᠶᠤᠯᠭ᠋ᠠᠨ ᠭᠦᠮᠦᠵᠢᠭᠦᠯᠵᠥ ᠪᠠᠶ᠋ᠢᠳᠠᠭ᠃ ᠲᠠᠬᠢᠪᠠᠯ ᠬᠢᠴᠢᠶᠡᠯ᠎ᠤᠨ ᠪᠢᠴᠢᠭ᠎ᠲᠤ ᠴᠦ᠍ ᠤᠯᠠᠨ ᠠᠷᠪᠢᠨ ᠵᠢᠷᠤᠭ᠂ ᠵᠢᠱ᠌ᠢᠶ᠎ᠡ ᠲᠠᠳᠠᠵᠥ᠂ ᠠᠮᠤᠷ ᠲᠦᠪᠰᠢᠨ ᠦᠬᠡᠢ᠂ ᠠᠶᠤᠯ᠎ᠲᠠᠢ᠂ ᠡ᠊ᠨᠳᠡᠯ ᠠ᠋ᠭᠦᠰᠭᠦ ᠪᠠᠶ᠋ᠢᠳᠠᠯ᠎ᠢ ᠰᠤᠷᠤᠭᠴᠢᠳ᠎ᠲᠤ ᠲᠠᠨᠢᠭᠤᠯᠵᠥ ᠪᠠᠶ᠋ᠢᠨ᠎ᠠ᠃ ᠢᠩᠬᠢᠭᠦ᠎ᠳᠤ ᠠ᠋ᠳᠡᠬᠡᠷ᠎ᠨᠢ ᠵᠦᠪᠬᠡᠨ ᠢᠩᠬᠢᠪᠡᠯ ᠠᠶᠤᠯ᠎ᠲᠠᠢ ᠰᠢᠤ᠂ ᠡ᠊ᠨᠳᠡᠯ᠎ᠲᠠᠢ ᠰᠢᠤ᠂ ᠠᠮᠤᠷ ᠲᠦᠪᠰᠢᠨ ᠪᠢᠰᠢ ᠬᠡᠵᠥ ᠬᠡᠯᠡᠬᠡᠳ᠂ ᠰᠤᠷᠤᠭᠴᠢᠳ᠎ᠤᠨ ᠪᠤᠳᠤᠯ ᠲᠠᠷᠢᠬᠢᠨ᠎ᠳᠤ ᠵᠦᠪᠬᠡᠨ ᠢᠩᠬᠢᠪᠡᠯ ᠪᠤᠯᠬᠤ ᠦᠬᠡᠢ ᠬᠡᠰᠡᠨ ᠦᠵᠡᠯ ᠪᠤᠳᠤᠯ ᠤᠷᠤᠰᠢᠵᠥ ᠲᠡᠶ᠋ᠢᠯᠭᠦ᠎ᠠᠴᠠ ᠪᠢᠰᠢ᠂ ᠠᠮᠤᠷ ᠲᠦᠪᠰᠢᠨ ᠵᠢᠴᠢ ᠲᠡᠭᠦᠨ᠎ᠤ ᠠ᠋ᠰᠡᠷᠭᠦ ᠠᠶᠤᠯ᠎ᠲᠠᠢ᠂ ᠲᠡᠷᠡᠴᠢᠯᠡᠨ ᠢᠩᠬᠢᠪᠡᠯ ᠶᠠᠮᠠᠷ ᠦᠷ᠎ᠡ ᠳ᠋ᠦᠩ ᠭᠠᠷᠬᠤ᠂ ᠶᠠᠮᠠᠷ ᠬᠤᠬᠢᠷᠠᠯ ᠭᠠᠷᠬᠤ᠂ ᠶᠠᠮᠠᠷ ᠦᠷᠡᠭᠳᠡᠯ ᠭᠠᠷᠬᠤ ᠲᠠᠯ᠎ᠠ᠎ᠠᠴᠠ᠎ᠨᠢ ᠶᠠᠷᠢᠵᠥ ᠦᠭᠭᠦ ᠦᠬᠡᠢ ᠪᠤᠯ ᠤᠶ᠋ᠢᠯᠠᠭ᠋ᠠᠯᠳᠠ᠎ᠨᠢ ᠭᠦᠢ᠍ᠴᠡᠳ ᠦᠬᠡᠢ ᠪᠤᠯᠵᠥ᠂ ᠲᠤᠳᠠᠭᠤ ᠶᠠᠷᠢᠭᠰᠠᠨ ᠭᠡᠷᠡᠭ ᠪᠤᠯᠤᠨ᠎ᠠ᠃ ᠤᠴᠢᠷ᠎ᠨᠢ᠂ ᠠ᠋ᠨᠡ ᠨᠠᠰᠤᠨ᠎ᠤ ᠬᠡᠤᠬᠡᠳ ᠪᠤᠯ ᠢᠯᠭ᠋ᠠᠨ ᠲᠠᠨᠢᠬᠤ᠂ ᠮᠠᠭ᠋ᠠᠳᠯᠠᠨ ᠰᠢᠨᠵᠢᠯᠡᠭᠦ ᠴᠢᠳᠠᠪᠤᠷᠢ ᠲᠤᠩ ᠠᠨᠠᠢ᠂ ᠦᠷ᠎ᠡ ᠳ᠋ᠦᠩ᠂ ᠬᠤᠤᠷ ᠭᠦᠨᠦᠬᠡᠯ᠂ ᠠᠶᠤᠯ ᠲᠦᠭᠰᠢᠭᠦᠷᠢ ᠵᠢ ᠦᠪᠡᠷ᠎ᠤᠨ ᠪᠡᠶ᠎ᠡ᠎ᠪᠠᠷ ᠦᠩᠬᠡᠷᠡᠭᠦᠯᠵᠥ᠂ ᠪᠤᠳᠠᠳᠠᠢ ᠦᠢ᠍ᠯᠡᠳᠦᠯᠬᠡ ᠲᠠᠮᠵᠢᠭᠰᠠᠨ ᠦᠬᠡᠢ᠂ ᠭᠦᠬᠡᠷᠦᠨ ᠭᠦᠭᠰᠡᠪᠡᠯ ᠪᠠᠶ᠋ᠢᠳᠠᠭ ᠵᠶ᠋ᠠᠨ ᠮᠠᠷᠳᠡᠬᠤ ᠵᠠᠩ᠎ᠲᠠᠢ ᠪᠠᠶ᠋ᠢᠳᠠᠭ᠃ ᠢᠩᠬᠢᠭᠦᠯᠡᠷ᠂ ᠠ᠋ᠨᠡ ᠬᠤᠶᠠᠷ ᠲᠠᠯ᠎ᠠ᠎ᠠᠴᠠ᠎ᠨᠢ ᠬᠠᠮᠳᠤᠷᠠᠭᠤᠯᠵᠥ᠂ ᠠᠮᠤᠷ ᠲᠦᠪᠰᠢᠨ ᠬᠡᠭᠦ ᠦᠬᠡ ᠵᠢᠨ ᠤᠳᠬ᠎ᠠ ᠤᠴᠢᠷ᠎ᠢ ᠰᠠᠶ᠋ᠢᠳᠤᠷ ᠤᠶ᠋ᠢᠯᠠᠭ᠋ᠠᠭᠤᠯᠪᠠᠯ᠂ ᠰᠤᠷᠤᠭᠴᠢᠳ᠎ᠲᠤ ᠨᠡᠩ ᠢᠯᠡᠭᠦᠤ ᠰᠠᠭᠤᠭᠳᠠᠯ᠎ᠲᠠᠢ ᠪᠤᠯᠤᠨ᠎ᠠ᠃
      ᠬᠤᠶᠠᠷ᠂ 《ᠪᠢ ᠠᠩᠬᠢ ᠨᠠᠶ᠋ᠢᠳᠡ᠎ᠳᠤ᠎ᠪᠠᠨ ᠬᠠᠢ᠍ᠢ᠍ᠷᠠᠳᠠᠢ》᠂ 《ᠪᠢ ᠪᠤᠯ ᠠᠩᠬᠢ ᠵᠢᠨ ᠨᠢᠬᠡᠨ ᠵᠢᠵᠢᠭᠦᠷᠯᠡᠭᠴᠢ》᠂ 《ᠠᠩᠬᠢ ᠵᠢᠨ ᠬᠡᠷ ᠵᠶ᠋ᠠᠨ ᠴᠢᠮᠡᠭᠯᠡᠶ᠎ᠡ》 ᠵᠡᠷᠬᠡ ᠬᠢᠴᠢᠶᠡᠯ᠎ᠳᠠᠬᠢ ᠨᠡᠶ᠋ᠢᠳᠡᠴᠢ ᠦᠵᠡᠯ᠎ᠤᠨ ᠲᠤᠬᠠᠢ
      ᠰᠤᠷᠤᠭᠴᠢᠳ᠎ᠨᠢ ᠲᠤᠭᠤᠶ᠋ᠢᠯᠠᠩ᠂ ᠠᠩᠬᠢ᠂ ᠰᠤᠷᠭ᠋ᠠᠭᠤᠯᠢ ᠬᠡᠭᠦ ᠮᠡᠳᠦ᠎ᠪᠠᠷ ᠨᠢᠬᠡᠨ ᠬᠠᠮᠳᠤ ᠨᠡᠶ᠋ᠢᠳᠡ᠎ᠳᠤ ᠪᠠᠭᠳᠠᠳᠠᠭ᠃ ᠠᠩᠬᠢ ᠬᠡᠳᠡᠭ ᠪᠤᠯ ᠰᠤᠷᠤᠭᠴᠢᠳ᠎ᠠᠴᠠ ᠪᠦᠳᠦᠵᠥ ᠪᠦᠷᠢᠯᠳᠦᠭᠰᠡᠨ ᠬᠠᠮᠳᠤᠷᠠᠯ᠂ ᠡ᠊ᠨᠡ ᠭᠦ᠌ ᠬᠠᠮᠳᠤᠷᠠᠯ᠎ᠤᠨ ᠰᠠᠶ᠋ᠢᠨ ᠰᠠᠶ᠋ᠢᠬᠠᠨ᠎ᠤ ᠲᠦᠯᠦᠬᠡ᠂ ᠪᠦᠷᠢᠯᠳᠦᠭᠦᠨ ᠬᠡᠰᠢᠭᠦᠨ ᠪᠤᠯᠤᠭᠰᠠᠨ ᠰᠤᠷᠤᠭᠴᠢ ᠨᠢᠬᠡᠪᠤᠷᠢ᠎ᠨᠢ ᠶᠠᠮᠠᠷ ᠪᠠᠶ᠋ᠢᠪᠠᠯ ᠵᠤᠬᠢᠬᠤ᠂ ᠶᠠᠭ᠋ᠠᠬᠢᠵᠥ ᠬᠢᠪᠡᠯ ᠵᠤᠬᠢᠬᠤ ᠲᠤᠬᠠᠢ ᠠ᠋ᠳᠡᠬᠡᠷ ᠬᠢᠴᠢᠶᠡᠯ᠎ᠤᠳ᠎ᠲᠤ ᠶᠡᠭᠡ ᠰᠠᠶ᠋ᠢᠬᠠᠨ ᠦᠯᠢᠬᠡᠷ ᠵᠢᠱ᠌ᠢᠶ᠎ᠡ᠎ᠲᠠᠢ᠎ᠪᠠᠷ ᠲᠠᠶ᠋ᠢᠯᠪᠤᠷᠢᠯᠠᠭᠰᠠᠨ ᠪᠠᠶ᠋ᠢᠨ᠎ᠠ᠃ ᠰᠤᠷᠤᠭᠴᠢᠳ ᠴᠦ᠍ ᠰᠠᠨᠠᠭ᠋ᠠᠴᠢᠯᠠᠭ᠎ᠠ᠎ᠲᠠᠢ᠂ ᠰᠠᠨᠠᠭ᠋ᠠᠴᠢᠯᠠᠭ᠎ᠠ ᠦᠬᠡᠢ᠎ᠪᠠᠷ ᠠᠩᠬᠢ ᠵᠢᠨ ᠲᠦᠯᠦᠬᠡ ᠬᠡᠵᠥ ᠶᠡᠭᠡ ᠬᠢᠴᠢᠶᠡᠵᠥ᠂ ᠠᠩᠬᠢ᠎ᠪᠠᠨ ᠪᠤᠰᠤᠳ᠎ᠠᠴᠠ ᠲᠤᠤᠷ᠎ᠠ ᠤᠷᠤᠭᠤᠯᠬᠤ ᠦᠬᠡᠢ ᠬᠡᠵᠥ᠂ ᠶᠡᠭᠡ ᠴᠢᠷᠮᠠᠶ᠋ᠢᠳᠠᠭ᠂ ᠬᠡᠪᠡᠴᠦ ᠲᠡᠳᠡ ᠠᠩᠬᠢ ᠬᠡᠭᠦ ᠦᠬᠡ ᠪᠤᠶᠤ ᠴᠢᠨᠠᠭᠰᠢᠯᠠᠨ ᠠ᠋ᠭᠦᠨ᠎ᠠᠴᠠ ᠨᠡᠩ ᠶᠡᠭᠡ ᠬᠠᠮᠳᠤ ᠨᠡᠶ᠋ᠢᠳᠡ ᠵᠢᠨ ᠬᠡᠭᠦ ᠨᠡᠷᠡᠰ᠂ ᠦᠬᠡ ᠤᠬᠠᠭᠳᠠᠭ᠍ᠤᠨ᠎ᠤ ᠲᠤᠬᠠᠢ ᠤᠶ᠋ᠢᠯᠠᠭ᠋ᠠᠵᠥ ᠪᠠᠶ᠋ᠢᠨ᠎ᠠ ᠤᠤ? ᠦᠬᠡᠢ ᠤᠤ? ᠠ᠋ᠶ᠋ᠢᠮᠤ᠎ᠠᠴᠠ ᠪᠠᠭᠰᠢ᠎ᠠᠴᠠ ᠵᠠᠪᠠᠯ ᠰᠤᠷᠤᠭᠴᠢᠳ᠎ᠲᠤ ᠲᠤᠭᠤᠶ᠋ᠢᠯᠠᠩ᠂ ᠠᠩᠬᠢ᠎ᠠᠴᠠ ᠠ᠋ᠬᠢᠯᠡᠬᠡᠳ᠂ ᠤᠷᠤᠨ ᠨᠤᠳᠤᠭ᠂ ᠤᠯᠤᠰ ᠬᠡᠷ ᠬᠡᠭᠦ ᠮᠡᠳᠦ ᠬᠠᠮᠳᠤ ᠨᠡᠶ᠋ᠢᠳᠡ᠎ᠳᠤ ᠬᠤᠯᠪᠤᠭᠳᠠᠭ᠍ᠤ ᠦᠬᠡᠰ᠎ᠤᠨ ᠤᠳᠬ᠎ᠠ ᠵᠢ ᠲᠦᠭᠦᠮ ᠴᠦ᠍ ᠬᠡᠰᠡᠨ ᠤᠶ᠋ᠢᠯᠠᠭ᠋ᠠᠭᠤᠯᠵᠥ᠂ ᠬᠠᠮᠳᠤ ᠨᠡᠶ᠋ᠢᠳᠡ ᠵᠢᠨ ᠲᠤᠳᠤᠷ᠎ᠠ᠎ᠪᠠᠨ ᠬᠠᠷᠢᠯᠴᠠᠨ ᠬᠠᠪᠰᠤᠷᠤᠯᠴᠠᠵᠥ᠂ ᠠ᠋ᠶ᠎ᠡ ᠨᠠᠶ᠋ᠢᠷ᠎ᠲᠠᠢ ᠪᠠᠶ᠋ᠢᠬᠤ᠂ ᠪᠤᠰᠤᠳ᠎ᠢ ᠭᠦᠨᠳᠦᠯᠡᠭᠦ᠂ ᠡᠪ ᠵᠤᠬᠢᠴᠠᠯ᠎ᠲᠠᠢ ᠬᠠᠮᠳᠤᠷᠠᠯᠴᠠᠨ ᠠᠵᠢᠯᠯᠠᠭ᠍ᠤ᠂ ᠢᠷᠠᠭᠤ ᠠᠯᠳᠠᠷ᠂ ᠦᠩᠬᠡ ᠬᠡᠷᠡᠯ᠎ᠢ ᠠ᠋ᠷᠬᠢᠮᠯᠡᠭᠦ ᠨᠡᠶ᠋ᠢᠳᠡᠴᠢ ᠦᠵᠡᠯ᠎ᠤᠨ ᠭᠦᠮᠦᠵᠢᠯ᠎ᠢ ᠰᠠᠶ᠋ᠢᠳᠤᠷ ᠬᠢᠭᠦ ᠬᠡᠷᠡᠭᠳᠠᠢ᠃
      ᠭᠤᠷᠪᠠ᠂ 《ᠬᠤᠪᠢᠶᠠᠯᠴᠠᠭ᠍ᠤ ᠵᠢᠨ ᠪᠠᠶᠠᠰᠤᠯ》 ᠬᠢᠴᠢᠶᠡᠯ᠎ᠤᠨ ᠬᠤᠪᠢᠶᠠᠯᠴᠠᠭ᠍ᠤ ᠬᠡᠰᠡᠨ ᠦᠬᠡᠰ᠎ᠤᠨ ᠲᠤᠬᠠᠢ
      ᠠ᠋ᠨᠡ ᠨᠢᠬᠡ ᠦᠶ᠎ᠡ ᠵᠢᠨ ᠬᠡᠤᠬᠡᠳ ᠪᠤᠯ ᠤᠯᠠᠩᠬᠢ᠎ᠨᠢ ᠬᠡᠷ᠎ᠲᠤ᠎ᠪᠠᠨ ᠠᠬ᠎ᠠ ᠠ᠋ᠬᠡᠴᠢ ᠪᠤᠶᠤ ᠲᠡᠭᠦᠤᠨᠠᠷ᠎ᠲᠠᠢ ᠪᠤᠯᠤᠭᠰᠠᠨ ᠬᠤᠶᠠᠷ᠎ᠠᠴᠠ ᠭᠤᠷᠪᠠᠨ ᠬᠡᠤᠬᠡᠳ᠎ᠲᠠᠢ ᠬᠡᠷ ᠪᠦᠯᠢ ᠵᠢᠨ ᠪᠦᠷᠢᠯᠳᠦᠭᠦᠨ ᠶᠤᠮ᠂ ᠢᠩᠬᠢᠭᠦᠯᠡᠷ ᠭᠠᠭᠴᠠ ᠬᠡᠤᠬᠡᠳ᠎ᠲᠠᠢ ᠬᠡᠷ ᠪᠦᠯᠢ ᠵᠢᠨ ᠬᠡᠤᠬᠡᠳ᠎ᠢ ᠪᠤᠳᠤᠪᠠᠯ᠂ ᠠᠭ᠋ᠠᠰᠢ ᠵᠠᠩ᠂ ᠠᠬᠠᠰ ᠵᠠᠭ᠍ᠠᠰ ᠵᠶ᠋ᠠᠨ ᠬᠠᠶ᠋ᠢᠷᠠᠯᠠᠵᠥ ᠭᠦᠨᠳᠦᠯᠡᠭᠦ ᠲᠤᠬᠠᠢ᠂ ᠬᠠᠷᠢᠯᠴᠠᠨ ᠬᠠᠪᠰᠤᠷᠤᠯᠴᠠᠭ᠍ᠤ᠂ ᠠ᠋ᠶ᠎ᠡ ᠨᠠᠶ᠋ᠢᠷ᠎ᠢ ᠠ᠋ᠷᠬᠢᠮᠨᠡᠭᠦ ᠲᠠᠯ᠎ᠠ᠎ᠪᠠᠷ ᠨᠡᠯᠢᠶᠡᠳ ᠵᠦᠬᠡᠷ ᠪᠤᠯᠵᠥ᠂ ᠠᠮᠢᠨᠴᠢᠷ ᠬᠤᠪᠢᠨᠴᠢᠷ ᠵᠠᠩ᠎ᠨᠢ ᠪᠠᠭ᠋ᠠᠰᠴᠦ᠂ ᠬᠤᠪᠢᠶᠠᠯᠴᠠᠭ᠍ᠤ ᠵᠢᠨ ᠤᠬᠠᠮᠰᠠᠷᠠᠯ᠎ᠲᠠᠢ ᠪᠤᠯᠤᠭᠰᠠᠨ ᠨᠢᠬᠡ ᠦᠶ᠎ᠡ           ᠶᠤᠮ᠃ ᠬᠤᠪᠢᠶᠠᠯᠴᠠᠭ᠍ᠤ ᠪᠤᠯ ᠬᠠᠷᠠᠨᠳᠠ᠂ ᠪᠠᠯᠠᠯᠤᠭᠤᠷ ᠪᠤᠶᠤ ᠰᠢᠬᠢᠷ ᠪᠤᠤᠪᠤ ᠵᠡᠷᠬᠡ ᠬᠡᠷ᠎ᠠᠴᠠ᠎ᠪᠠᠨ ᠠᠪᠴᠢᠷᠠᠭᠰᠠᠨ ᠶᠠᠭᠤᠮ᠎ᠠ ᠪᠦᠭᠦᠨ ᠵᠶ᠋ᠠᠨ ᠰᠤᠷᠭ᠋ᠠᠭᠤᠯᠢ᠎ᠳᠤ᠎ᠪᠠᠨ ᠤᠴᠢᠪᠠᠯ ᠪᠦᠭᠦᠳᠡ ᠵᠢ ᠪᠤᠰᠤᠳ᠎ᠲᠤ ᠬᠤᠪᠢᠶᠠᠵᠥ ᠦᠭ ᠬᠡᠰᠡᠨ ᠤᠴᠢᠷ ᠪᠢᠰᠢ᠂ ᠬᠠᠷᠢᠨ ᠴᠢᠳᠠᠯ᠎ᠤᠨ ᠬᠢᠷᠢ᠎ᠪᠠᠷ ᠵᠶ᠋ᠠᠨ ᠪᠤᠰᠤᠳ᠎ᠢ ᠬᠠᠪᠰᠤᠷᠴᠦ ᠪᠠᠶ᠋ᠢᠬᠤ᠂ ᠭᠦᠴᠢᠷᠳᠡᠯ᠎ᠲᠠᠢ ᠦᠶ᠎ᠡ᠎ᠳᠤ᠎ᠪᠠᠨ ᠪᠤᠰᠤᠳ᠎ᠤᠨ ᠬᠠᠪᠰᠤᠷᠤᠯᠭ᠎ᠠ ᠵᠢ ᠭᠦᠷᠳᠡᠭᠦ᠂ ᠠ᠋ᠳ᠋ ᠪᠤᠳᠠᠰ᠎ᠤᠨ ᠲᠠᠯ᠎ᠠ᠎ᠠᠴᠠ ᠠᠬᠢᠭᠤᠯᠤᠭ᠋ᠠᠳ᠂ ᠪᠠᠶᠠᠷ ᠪᠠᠶᠠᠰᠤᠯ᠂ ᠵᠤᠯ ᠵᠢᠷᠭ᠋ᠠᠯ᠂ ᠦᠩᠬᠡ ᠬᠡᠷᠡᠯ᠂ ᠢᠷᠠᠭᠤ ᠠᠯᠳᠠᠷ᠂ ᠱᠠᠩᠨᠠᠯ ᠭᠦᠬᠢᠭᠦᠯᠦᠯ᠂ ᠤᠶ᠋ᠢᠳᠬᠠᠷ ᠭᠤᠨᠢᠭ᠂ ᠵᠤᠪᠠᠯ ᠵᠦᠳᠡᠭᠦᠷᠢ ᠵᠡᠷᠬᠡ ᠰᠡᠳᠬᠢᠯ᠎ᠤᠨ ᠭᠦᠳᠡᠯᠬᠡᠬᠡᠨ᠎ᠢ ᠬᠤᠪᠢᠶᠠᠯᠴᠠᠭ᠍ᠤ ᠵᠢ ᠴᠦ᠍ ᠵᠢᠭ᠋ᠠᠵᠥ ᠪᠠᠶ᠋ᠢᠨ᠎ᠠ᠃ ᠠ᠋ᠷᠳᠡᠨ᠎ᠠᠴᠠ ᠤᠯᠠᠮᠵᠢᠯᠠᠭᠳᠠᠭᠰᠠᠨ ᠠᠶ᠋ᠢᠮᠠᠭ ᠤᠭᠰᠠᠭ᠋ᠠᠳᠠᠨ᠎ᠤ ᠠᠩ᠎ᠤᠨ ᠤᠯᠵᠠ᠎ᠪᠠᠨ ᠬᠤᠪᠢᠶᠠᠯᠴᠠᠭ᠍ᠤ ᠵᠠᠩ ᠦᠢ᠍ᠯᠡ᠂           《ᠨᠠᠶ᠋ᠢᠷ᠎ᠤᠨ ᠤᠯᠵᠠ᠎ᠪᠠᠨ ᠤᠯᠠᠭᠤᠯᠠ᠎ᠪᠠᠨ》 ᠬᠡᠭᠦ ᠮᠡᠳᠦ ᠵᠢᠨ ᠵᠢᠱ᠌ᠢᠶ᠎ᠡ ᠎ᠨᠢ ᠬᠤᠪᠢᠶᠠᠯᠴᠠᠭ᠍ᠤ ᠪᠤᠯ ᠭᠦᠮᠦᠨ ᠲᠦᠷᠦᠯᠬᠢᠳᠡᠨ᠎ᠤ ᠨᠡᠶ᠋ᠢᠬᠡᠮ ᠠᠮᠢᠳᠤᠷᠠᠯ᠎ᠤᠨ ᠭᠦᠭᠵᠢᠯ᠎ᠤᠨ ᠶᠠᠪᠤᠴᠠ᠎ᠳᠤ᠂ ᠠ᠋ᠷᠳᠡ᠎ᠠᠴᠠ ᠪᠤᠢ ᠪᠤᠯᠵᠥ᠂ ᠤᠯᠠᠮᠵᠢᠯᠠᠭᠳᠠᠵᠥ ᠢᠷᠡᠭᠰᠡᠨ᠂ ᠪᠤᠯᠪᠠᠰᠤᠨ ᠰᠠᠶ᠋ᠢᠬᠠᠨ ᠶᠤᠰᠤ ᠮᠤᠷᠠᠯ᠎ᠲᠠᠢ ᠭᠦᠮᠦᠨ᠎ᠢ ᠪᠤᠶ᠋ᠢᠵᠢᠭᠤᠯᠬᠤ ᠠ᠋ᠷᠬᠢᠮ ᠨᠠᠨᠳᠢᠨ ᠶᠤᠰᠤ ᠵᠠᠩᠰᠢᠯ ᠪᠢᠯᠡ᠃ ᠬᠤᠪᠢᠶᠠᠯᠴᠠᠭ᠍ᠤ ᠪᠤᠯ ᠭᠦᠮᠦᠨ ᠲᠦᠷᠦᠯᠬᠢᠳᠡᠨ᠎ᠤ ᠪᠤᠯᠪᠠᠰᠤᠨ᠎ᠤ ᠲᠠᠪᠰᠢᠯᠳᠠ ᠵᠢᠨ           ᠴᠢᠬᠤᠯᠠ ᠨᠢᠬᠡ ᠰᠠᠭᠤᠷᠢ ᠮᠦᠨ᠃ ᠲᠡᠷᠡ᠎ᠨᠢ ᠭᠦᠮᠦᠰ᠎ᠤᠨ ᠬᠤᠭᠤᠷᠤᠨᠳᠤᠬᠢ ᠬᠠᠷᠢᠯᠴᠠᠭ᠎ᠠ ᠶᠠᠪᠤᠯᠴᠠᠭ᠎ᠠ ᠵᠢ ᠠᠬᠢᠭᠤᠯᠳᠠᠭ᠃ ᠪᠢᠳᠡ ᠦᠪᠡᠷ᠎ᠤᠨ ᠮᠡᠳᠡᠯᠬᠡ ᠲᠤᠷᠰᠢᠯᠭ᠎ᠠ᠎ᠪᠠᠨ ᠰᠤᠯᠢᠯᠴᠠᠵᠥ ᠪᠤᠯᠬᠤ᠎ᠪᠠᠷ ᠪᠠᠷᠠᠭ᠍ᠤ ᠦᠬᠡᠢ ᠪᠠᠰᠠ ᠪᠤᠰᠤᠳ᠎ᠠᠴᠠ ᠰᠢᠨ᠎ᠡ ᠦᠵᠡᠯ ᠰᠠᠨᠠᠭ᠎ᠠ ᠵᠢ ᠰᠤᠷᠴᠦ᠂ ᠨᠡᠩ ᠰᠠᠶ᠋ᠢᠨ ᠵᠶ᠋ᠠᠷ ᠠᠰᠠᠭᠤᠳᠠᠯ᠎ᠢ ᠰᠢᠢ᠍ᠳᠪᠦᠷᠢᠯᠡᠵᠥ ᠪᠤᠯᠬᠤ ᠶᠤᠮ᠃ ᠬᠤᠪᠢᠶᠠᠯᠴᠠᠭ᠍ᠤ᠎ᠨᠢ ᠵᠠᠶ᠋ᠢᠯᠠᠰᠢ ᠦᠬᠡᠢ ᠨᠢᠬᠡ ᠵᠤᠶ᠋ᠢᠯ᠎ᠤᠨ ᠢᠳᠡᠪᠬᠢ ᠠᠵᠢᠯᠯᠠᠭ᠎ᠠ ᠮᠦᠨ᠃ ᠲᠡᠷᠡ᠎ᠨᠢ ᠬᠢᠵᠠᠭ᠋ᠠᠷᠯᠠᠰᠢ ᠦᠬᠡᠢ ᠶᠡᠭᠡ ᠠᠴᠢ ᠲᠤᠰᠠ ᠵᠢ ᠠᠪᠴᠢᠷᠠᠵᠥ ᠦᠭᠭᠦᠨ᠎ᠡ᠃ ᠦᠬᠡᠷ᠎ᠡ᠎ᠪᠠᠷ ᠬᠡᠯᠡᠪᠡᠯ ᠬᠤᠪᠢᠶᠠᠯᠴᠠᠭ᠍ᠤ           ᠪᠤᠯ ᠦᠪᠡᠷ᠎ᠤᠨ ᠤᠯᠤᠭᠰᠠᠨ ᠶᠠᠭᠤᠮ᠎ᠠ᠎ᠠᠴᠠ ᠬᠡᠳᠦ ᠲᠠᠬᠢᠨ ᠢᠯᠡᠭᠦᠤ ᠶᠠᠭᠤᠮ᠎ᠠ ᠵᠢ ᠤᠯᠬᠤ ᠠᠵᠢᠯᠯᠠᠭ᠎ᠠ᠂ ᠪᠤᠰᠤᠳ᠎ᠲᠤ ᠰᠠᠶ᠋ᠢᠬᠠᠨ ᠵᠦᠪᠰᠢᠶᠡᠷᠡᠭᠳᠡᠵᠥ ᠲᠠᠭ᠋ᠠᠯᠠᠭᠳᠠᠭ᠍ᠤ ᠠᠵᠢᠯᠯᠠᠭ᠎ᠠ ᠮᠦᠨ᠂ ᠬᠤᠪᠢᠶᠠᠯᠴᠠᠭ᠍ᠤ᠎ᠨᠢ ᠢᠯᠡᠭᠦᠤ ᠨᠢᠬᠡ ᠭᠦᠮᠦᠨ᠎ᠢ ᠪᠠᠶᠠᠷᠯᠠᠭᠤᠯᠵᠥ᠂ ᠭᠤᠨᠢᠭ ᠵᠤᠪᠠᠭᠤᠷᠢ ᠵᠢ ᠨᠢᠮᠬᠡᠯᠡᠳᠡᠭ᠂ ᠬᠠᠶ᠋ᠢᠷ᠎ᠠ ᠰᠡᠳᠬᠢᠯᠬᠡ ᠵᠢᠨ ᠲᠠᠮᠵᠢᠭᠤᠯᠭ᠎ᠠ           ᠮᠦᠨ᠃ ᠬᠤᠪᠢᠶᠠᠯᠴᠠᠭ᠍ᠤ  ᠪᠤᠯ ᠬᠤᠶᠠᠷ ᠲᠠᠯ᠎ᠠ ᠵᠢᠨ ᠬᠠᠷᠢᠯᠴᠠᠨ ᠦᠢ᠍ᠯᠡᠳᠦᠯᠴᠡᠭᠦ ᠠᠵᠢᠯᠯᠠᠭ᠎ᠠ ᠮᠦᠨ᠃ ᠬᠤᠪᠢᠶᠠᠯᠴᠠᠭᠰᠠᠨ ᠭᠦᠮᠦᠨ᠎ᠤ ᠠᠵᠢᠯᠯᠠᠭ᠎ᠠ ᠵᠢᠨ ᠠ᠋ᠰᠡᠷᠭᠦ ᠨᠦᠭᠦᠬᠡ ᠲᠠᠯ᠎ᠠ᠎ᠨᠢ ᠴᠦ᠍ ᠬᠠᠷᠢᠭᠤ ᠲᠤᠰᠬᠠᠯ᠎ᠲᠠᠢ ᠪᠠᠶ᠋ᠢᠬᠤ ᠬᠡᠷᠡᠭᠳᠠᠢ᠃ ᠭᠦᠮᠦᠨ ᠪᠦᠭᠦᠨ ᠬᠤᠪᠢᠶᠠᠯᠴᠠᠭ᠍ᠤ ᠵᠢᠨ ᠤᠬᠠᠮᠰᠠᠷᠠᠯ᠎ᠲᠠᠢ ᠪᠤᠯᠪᠠᠯ ᠰᠠᠶᠢ ᠬᠤᠪᠢᠶᠠᠯᠴᠠᠭ᠍ᠤ ᠶᠠᠪᠤᠴᠠ᠎ᠨᠢ ᠦᠷᠭᠦᠯᠵᠢᠯᠡᠵᠥ ᠴᠢᠳᠠᠳᠠᠭ᠂ ᠢᠩᠬᠢᠭᠦᠯᠡᠷ ᠰᠤᠷᠤᠭᠴᠢᠳ᠎ᠲᠤ ᠶᠠᠭᠤ ᠵᠢ ᠬᠤᠪᠢᠶᠠᠯᠴᠠᠭ᠍ᠤ ᠬᠡᠳᠡᠭ᠂ ᠶᠠᠭᠤᠨ᠎ᠤ ᠤᠴᠢᠷ᠎ᠠᠴᠠ ᠬᠤᠪᠢᠶᠠᠯᠴᠠᠭ᠍ᠤ ᠪᠤᠢ? ᠶᠠᠭ᠋ᠠᠬᠢᠵᠥ ᠬᠤᠪᠢᠶᠠᠯᠴᠠᠭ᠍ᠤ ᠪᠤᠢ? ᠬᠤᠪᠢᠶᠠᠯᠴᠠᠪᠠᠯ ᠶᠠᠮᠠᠷ ᠪᠤᠯᠬᠤ           ᠪᠤᠢ? ᠬᠡᠭᠦ ᠵᠡᠷᠬᠡ᠎ᠪᠠᠷ ᠲᠦᠭᠦᠮ ᠤᠶ᠋ᠢᠯᠠᠭ᠋ᠠᠭᠤᠯᠵᠥ᠂ ᠶᠤᠰᠤ ᠮᠤᠷᠠᠯ᠎ᠲᠠᠢ᠂ ᠰᠠᠶ᠋ᠢᠨ ᠰᠠᠶ᠋ᠢᠬᠠᠨ ᠵᠠᠩ ᠠᠷᠠᠨᠰᠢᠨ᠎ᠲᠠᠢ ᠭᠦᠮᠦᠨ ᠪᠤᠯᠭ᠋ᠠᠬᠤ᠎ᠪᠠᠷ ᠭᠦᠮᠦᠵᠢᠭᠦᠯᠭᠦ ᠬᠡᠷᠡᠭᠳᠠᠢ᠃
      ᠲᠦᠷᠪᠡ᠂ 《ᠪᠠᠶᠠᠷ ᠭᠦᠷ᠎ᠲᠠᠢ ᠰᠢᠨ᠎ᠡ ᠵᠢᠯ ᠵᠶ᠋ᠠᠨ ᠲᠡᠮᠳᠡᠭᠯᠡᠶ᠎ᠡ》᠂ 《ᠬᠡᠷ ᠬᠤᠳᠠᠯᠠᠭ᠋ᠠᠷ ᠵᠶ᠋ᠠᠨ ᠨᠠᠮᠤᠷ᠎ᠤᠨ ᠲᠡᠷᠬᠡᠯ ᠠ᠋ᠳᠤᠷ᠎ᠢ ᠲᠡᠮᠳᠡᠭᠯᠡᠶ᠎ᠡ》 ᠵᠡᠷᠬᠡ ᠬᠢᠴᠢᠶᠡᠯ᠎ᠳᠤ ᠭᠠᠷᠬᠤ ᠦᠨᠳᠦᠰᠦᠳᠡᠨ ᠬᠡᠭᠦ ᠦᠬᠡ ᠵᠢᠨ ᠲᠤᠬᠠᠢ
      ᠰᠤᠷᠤᠭᠴᠢᠳ᠎ᠲᠤ ᠦᠨᠳᠦᠰᠦᠳᠡᠨ ᠬᠡᠳᠡᠭ ᠦᠬᠡ ᠵᠢᠨ ᠤᠳᠬ᠎ᠠ ᠵᠢ ᠤᠬᠠᠭᠳᠠᠭ᠍ᠤᠨ᠎ᠤ ᠲᠤᠮᠢᠶᠠᠯᠠᠯ ᠵᠶ᠋ᠠᠷ ᠲᠠᠶ᠋ᠢᠯᠪᠤᠷᠢᠯᠠᠭ᠍ᠤ ᠪᠢᠰᠢ᠂ ᠬᠠᠷᠢᠨ ᠲᠦᠭᠦᠮ ᠵᠢᠱ᠌ᠢᠶ᠎ᠡ ᠲᠠᠳᠡᠵᠥ᠂ ᠵᠢᠷᠤᠭ ᠪᠢᠴᠢᠯᠬᠡ ᠵᠡᠷᠬᠡ ᠵᠠᠭᠤᠴᠢ ᠮᠠᠲᠸᠷᠢᠶᠠᠯ᠎ᠢ ᠠᠰᠢᠭᠯᠠᠨ᠂ ᠲᠤᠳᠤᠷ ᠵᠠᠭᠤᠷ᠎ᠠ᠎ᠪᠠᠨ ᠨᠢᠬᠡ ᠢᠵᠢᠯ ᠬᠡᠯᠡ᠎ᠪᠠᠷ ᠬᠡᠯᠡᠯᠴᠡᠳᠡᠭ᠂ ᠬᠤᠪᠴᠠᠰᠤ ᠬᠤᠨᠠᠷ᠎ᠤᠨ ᠶᠠᠩᠵᠥ ᠬᠡᠯᠪᠡᠷᠢ᠎ᠨᠢ ᠶᠡᠭᠡ ᠲᠦᠯᠦᠪ ᠠᠳᠠᠯᠢ᠂ ᠦᠢ᠍ᠯᠡᠳᠪᠦᠷᠢᠯᠡᠯ ᠠᠮᠢᠳᠤᠷᠠᠯ᠎ᠨᠢ ᠪᠤᠰᠤᠳ ᠦᠨᠳᠦᠰᠦᠳᠡᠨ᠎ᠠᠴᠠ ᠤᠨᠳᠤᠤ᠂ ᠵᠠᠩ ᠵᠠᠩᠰᠢᠯ᠎ᠨᠢ ᠮᠡᠳᠡᠭᠳᠡᠮ᠎ᠡ ᠢᠯᠭ᠋ᠠᠭ᠎ᠠ᠎ᠲᠠᠢ ᠭᠦᠮᠦᠰ᠎ᠢ ᠬᠡᠯᠡᠳᠡᠭ ᠬᠡᠭᠦ ᠮᠡᠳᠦ᠎ᠪᠠᠷ ᠲᠦᠭᠦᠮ ᠤᠶ᠋ᠢᠯᠠᠭ᠋ᠠᠭᠤᠯᠵᠥ᠂ ᠦᠪᠡᠷ ᠵᠶ᠋ᠠᠨ ᠶᠠᠮᠠᠷ ᠦᠨᠳᠦᠰᠦᠳᠡᠨ ᠪᠤᠯᠬᠤ᠂ ᠲᠤᠰ ᠦᠨᠳᠦᠰᠦᠳᠡᠨ᠎ᠨᠢ ᠶᠠᠮᠠᠷ ᠤᠨᠴᠠᠯᠢᠭ᠎ᠲᠠᠢ ᠪᠠᠶ᠋ᠢᠬᠤ᠂ ᠬᠠᠮᠳᠤ ᠰᠤᠷᠤᠭᠴᠢᠳ᠎ᠨᠢ ᠶᠠᠮᠠᠷ ᠦᠨᠳᠦᠰᠦᠳᠡᠨ ᠨᠦᠭᠦᠳ ᠪᠤᠯᠬᠤ᠂ ᠲᠡᠳᠡᠨ᠎ᠤ ᠦᠨᠳᠦᠰᠦᠳᠡᠨ᠎ᠤ ᠤᠨᠴᠠᠯᠢᠭ᠎ᠨᠢ ᠶᠠᠮᠠᠷ ᠪᠠᠶ᠋ᠢᠬᠤ ᠵᠢ ᠮᠡᠳᠡᠭᠦᠯᠵᠥ᠂ ᠦᠨᠳᠦᠰᠦᠳᠡᠨ ᠤᠯᠠᠨ ᠪᠠᠶ᠋ᠢᠳᠠᠭ᠎ᠤᠨ ᠲᠤᠬᠠᠢ ᠲᠠᠨᠢᠯᠳᠠ᠎ᠲᠠᠢ ᠪᠤᠯᠭ᠋ᠠᠨ ᠦᠷᠭᠦᠯᠵᠢ ᠲᠤᠬᠢᠶᠠᠯᠳᠤᠬᠤ ᠬᠤᠪᠴᠠᠰᠤ ᠵᠠᠰᠠᠯ᠂ ᠦᠬᠡ ᠬᠡᠯᠡᠯᠬᠡ᠎ᠪᠠᠷ ᠢᠯᠭ᠋ᠠᠭᠳᠠᠭ᠍ᠤ ᠦᠨᠳᠦᠰᠦᠳᠡᠨ᠎ᠢ ᠵᠦᠪ ᠲᠠᠨᠢᠭᠤᠯᠵᠥ᠂ ᠲᠡᠳᠡᠨ᠎ᠤ ᠵᠠᠩ ᠵᠠᠩᠰᠢᠯ᠎ᠤᠨ ᠲᠠᠯ᠎ᠠ᠎ᠪᠠᠷ ᠵᠤᠬᠢᠬᠤ ᠤᠶ᠋ᠢᠯᠠᠭ᠋ᠠᠯᠳᠠ᠎ᠲᠠᠢ ᠪᠤᠯᠭ᠋ᠠᠵᠥ᠂ ᠪᠤᠰᠤᠳ ᠦᠨᠳᠦᠰᠦᠳᠡᠨ᠎ᠤ ᠵᠠᠩ ᠵᠠᠩᠰᠢᠯ᠎ᠢ ᠭᠦᠨᠳᠦᠳᠬᠡᠵᠤ᠂ ᠪᠢᠳᠡ ᠪᠤᠯ ᠤᠯᠠᠨ ᠦᠨᠳᠦᠰᠦᠳᠡᠨ ᠵᠶ᠋ᠠᠷ ᠪᠦᠷᠢᠯᠳᠦᠭᠰᠡᠨ ᠤᠯᠤᠰ᠎ᠲᠤ ᠠᠮᠢᠳᠤᠷᠠᠵᠥ᠂ ᠡᠯ᠎ᠡ ᠦᠨᠳᠦᠰᠦᠳᠡᠨ᠎ᠤ ᠠᠷᠠᠳ ᠲᠦᠮᠡᠨ ᠴᠦᠮ ᠪᠠᠶᠠᠷ ᠪᠠᠶᠰᠤᠯ᠎ᠲᠠᠢ᠂ ᠠ᠋ᠷᠬᠡ ᠲᠡᠭᠰᠢ᠂ ᠠ᠋ᠷᠬᠡ ᠴᠢᠯᠦᠬᠡᠳᠠᠢ᠂ ᠠ᠋ᠶ᠎ᠡ ᠨᠠᠶ᠋ᠢᠷ᠎ᠲᠠᠢ ᠬᠠᠮᠳᠤ᠎ᠪᠠᠷ ᠠᠮᠢᠳᠤᠷᠠᠵᠥ ᠪᠠᠶ᠋ᠢᠭ᠎ᠠ ᠬᠡᠳᠡᠭ᠎ᠢ ᠤᠶ᠋ᠢᠯᠠᠭ᠋ᠠᠭᠤᠯᠪᠠᠯ ᠵᠤᠬᠢᠨ᠎ᠠ᠃
      ᠲᠠᠪᠤ᠂ 《ᠮᠢᠨᠤ ᠬᠡᠷ ᠪᠦᠯᠢ》 ᠭᠡᠭᠦ ᠬᠢᠴᠢᠶᠡᠯ᠎ᠠᠴᠠ ᠰᠤᠷᠤᠭᠴᠢᠳ᠎ᠲᠤ ᠭᠡᠷ ᠪᠦᠯᠢ ᠵᠢᠨ ᠭᠦᠮᠦᠵᠢᠯ ᠬᠢᠭᠦ ᠲᠤᠬᠠᠢ
      ᠭᠡᠷ ᠪᠦᠯᠢ᠎ᠳᠤ ᠠᠪᠤ ᠡᠵᠢ᠂ ᠠᠬ᠎ᠠ ᠠ᠋ᠬᠡᠴᠢ ᠲᠡᠭᠦᠤ ᠵᠡᠷᠬᠡ ᠪᠦᠷᠢᠯᠳᠦᠭᠦᠨ ᠪᠠᠶ᠋ᠢᠳᠠᠭ᠎ᠠᠴᠠ ᠭᠠᠳᠠᠨ᠎ᠠ᠂ ᠠᠪᠤ ᠵᠢᠨ ᠲᠠᠯ᠎ᠠ ᠵᠢᠨ᠂ ᠡᠵᠢ ᠵᠢᠨ ᠲᠠᠯ᠎ᠠ ᠵᠢᠨ ᠰᠠᠳᠤᠨ᠎ᠠᠴᠠ᠂ ᠦᠷᠭᠦᠯᠵᠢ ᠬᠠᠮᠳᠤ ᠪᠠᠶ᠋ᠢᠳᠠᠭ ᠡᠪᠦᠭᠡ᠂ ᠠ᠋ᠮᠡᠭᠡ᠂ ᠨᠠᠭ᠋ᠠᠴᠦ ᠠᠪᠤ᠂ ᠨᠠᠭ᠋ᠠᠴᠤ ᠡᠵᠢ᠂ ᠠᠪᠠᠭ᠎ᠠ᠂ ᠠᠪᠠᠭ᠎ᠠ ᠡᠵᠢ᠂ ᠨᠠᠭ᠋ᠠᠴᠦ᠂ ᠨᠠᠭ᠋ᠠᠴᠦ ᠠ᠋ᠬᠡᠴᠢ ᠬᠡᠭᠦ ᠮᠡᠳᠦ᠎ᠪᠠᠷ ᠤᠯᠠᠨ ᠪᠦᠷᠢᠯᠳᠦᠭᠦᠨ ᠪᠠᠶ᠋ᠢᠳᠠᠭ᠂ ᠦᠶ᠎ᠡ ᠵᠠᠯᠭ᠋ᠠᠮᠵᠢ᠎ᠨᠢ ᠶᠠᠮᠠᠷ ᠪᠠᠶ᠋ᠢᠳᠠᠭ᠂ ᠲᠠᠭᠤᠳᠠᠯᠭ᠎ᠠ᠎ᠨᠢ ᠲᠤᠰ ᠲᠤᠰ ᠶᠠᠮᠠᠷ ᠪᠠᠶ᠋ᠢᠳᠠᠭ᠂ ᠶᠠᠮᠠᠷ ᠭᠦᠮᠦᠰ᠎ᠨᠢ ᠴᠤᠭ ᠠᠮᠢᠳᠤᠷᠠᠵᠥ ᠪᠠᠶ᠋ᠢᠬᠤ ᠬᠡᠭᠦ ᠵᠡᠷᠬᠡ ᠲᠠᠯ᠎ᠠ᠎ᠠᠴᠠ ᠬᠡᠷ ᠪᠦᠯᠢ ᠬᠡᠭᠦ ᠦᠬᠡ ᠵᠢᠨ ᠤᠳᠬ᠎ᠠ ᠵᠢ ᠰᠤᠷᠤᠭᠴᠢᠳ᠎ᠲᠤ ᠲᠦᠭᠦᠮ ᠤᠶ᠋ᠢᠯᠠᠭ᠋ᠠᠭᠤᠯᠵᠥ ᠪᠤᠯᠤᠨ᠎ᠠ᠃ ᠬᠠᠮᠳᠤ᠎ᠳᠤ᠎ᠨᠢ᠂ ᠭᠦᠨᠳᠦᠳᠬᠡᠭᠰᠡᠨ᠂ ᠴᠡᠬᠡᠷᠯᠡᠭᠰᠡᠨ᠂ ᠵᠠᠩᠰᠢᠭᠰᠠᠨ᠂ ᠠᠪᠤᠭ᠋ᠠᠶ᠋ᠢᠯᠠᠭᠰᠠᠨ᠂ ᠦᠭᠦᠬᠡᠷᠳᠡᠭᠰᠡᠨ᠂ ᠲᠦᠭᠦᠮᠴᠢᠯᠡᠭᠰᠡᠨ᠂ ᠲᠠᠭᠤᠳᠠᠯᠭ᠎ᠠ᠎ᠲᠠᠢ ᠭᠦᠮᠦᠰ᠎ᠤᠨ ᠰᠠᠳᠤᠨ ᠲᠦᠷᠦᠯ᠎ᠤᠨ ᠬᠠᠷᠢᠴᠠᠭ᠎ᠠ ᠬᠤᠯᠪᠤᠭ᠎ᠠ ᠵᠢᠨ ᠲᠤᠬᠠᠢ ᠴᠤᠬᠤᠰ ᠲᠤᠷᠠᠳᠴᠦ᠂ ᠬᠡᠨ᠎ᠨᠢ ᠬᠡᠨ ᠪᠤᠯᠬᠤ ᠵᠢ ᠮᠡᠳᠡᠭᠦᠯᠵᠥ ᠪᠤᠯᠤᠨ᠎ᠠ᠃ ᠬᠠᠷᠢᠨ ᠴᠢᠰᠤᠨ ᠲᠦᠷᠦᠯ᠎ᠤᠨ ᠬᠠᠷᠢᠴᠠᠭ᠎ᠠ᠂ ᠲᠡᠬᠡᠭᠰᠢ ᠲᠤᠷᠤᠭᠰᠢ ᠭᠤᠷᠪᠠᠨ ᠦᠶ᠎ᠡ ᠬᠡᠭᠦ ᠮᠡᠳᠦ᠎ᠪᠠᠷ ᠶᠠᠷᠢᠪᠠᠯ ᠰᠤᠷᠤᠭᠴᠢᠳ ᠤᠶ᠋ᠢᠯᠠᠭ᠋ᠠᠬᠤ᠎ᠳᠤ ᠭᠦᠴᠢᠷ ᠪᠤᠯᠬᠤ ᠶᠤᠮ ᠰᠢᠬ᠃
      ᠵᠢᠷᠭᠤᠭ᠎ᠠ᠂ 《ᠠ᠋ᠬᠡ ᠪᠠᠶ᠋ᠢᠭ᠋ᠠᠯᠢ᠎ᠳᠤ᠎ᠪᠠᠨ ᠲᠠᠯᠠᠷᠬᠠᠶ᠎ᠠ》 ᠬᠡᠭᠦ ᠬᠢᠴᠢᠶᠡᠯ᠎ᠳᠤ ᠠ᠋ᠬᠡ ᠪᠠᠶ᠋ᠢᠭ᠋ᠠᠯᠢ ᠵᠢᠨ ᠪᠡᠯᠡᠭ᠂ ᠠ᠋ᠬᠡ ᠪᠠᠶ᠋ᠢᠭ᠋ᠠᠯᠢ ᠵᠢᠨ ᠦᠬᠡ ᠬᠡᠯᠡ᠂ ᠠ᠋ᠬᠡ ᠪᠠᠶ᠋ᠢᠭ᠋ᠠᠯᠢ᠎ᠳᠠᠬᠢ ᠪᠠᠶᠠᠷ ᠵᠢᠷᠭ᠋ᠠᠯ ᠵᠡᠷᠬᠡ ᠠᠭᠤᠯᠭ᠎ᠠ ᠵᠢᠨ ᠲᠤᠬᠠᠢ
      ᠠ᠋ᠬᠡ ᠪᠠᠶ᠋ᠢᠭ᠋ᠠᠯᠢ ᠬᠡᠳᠡᠭ᠎ᠨᠢ ᠶᠠᠭᠤ ᠵᠢ ᠬᠡᠯᠡᠵᠥ ᠪᠠᠶ᠋ᠢᠬᠤ ᠪᠤᠢ? ᠬᠡᠵᠥ ᠠᠰᠠᠭᠤᠪᠠᠯ ᠰᠤᠷᠤᠭᠴᠢᠳ᠎ᠤᠨ ᠬᠠᠷᠢᠭᠤᠯᠳᠠ ᠴᠦ᠍ ᠶᠠᠩᠵᠥ ᠶᠠᠩᠵᠥ ᠵᠢᠨ ᠪᠤᠯᠬᠤ᠎ᠨᠢ ᠲᠠᠮᠵᠢᠭ ᠦᠬᠡᠢ ᠶᠤᠮ᠃ ᠠ᠋ᠭᠦᠨ᠎ᠳᠤ ᠪᠠᠭᠰᠢ᠎ᠠᠴᠠ ᠤᠨᠤᠯ᠎ᠤᠨ ᠲᠠᠯ᠎ᠠ᠎ᠠᠴᠠ ᠠ᠋ᠨᠡ᠎ᠨᠢ ᠲᠠᠰᠤᠷᠠᠯᠳᠠ ᠦᠬᠡᠢ ᠤᠯᠠᠷᠢᠨ ᠬᠤᠪᠢᠰᠬᠤ ᠤᠷᠴᠢᠯᠠᠩ᠎ᠤᠨ ᠲᠦᠮᠡᠨ ᠪᠤᠳᠠᠰ᠂ ᠠᠮᠢᠳᠤ ᠪᠤᠳᠠᠰ᠎ᠤᠨ ᠭᠦᠷᠢᠶ᠎ᠡ ᠪᠠ ᠠᠮᠢᠳᠤ ᠪᠤᠳᠠᠰ ᠪᠤᠰᠤ ᠶᠢᠷᠳᠢᠨᠴᠦ ᠵᠢᠨ ᠬᠠᠷᠢᠯᠴᠠᠨ ᠨᠦᠭᠦᠴᠡᠯᠳᠦᠭᠦ ᠬᠤᠶᠠᠷ ᠰᠢᠰᠲᠸᠮ᠎ᠢ ᠵᠢᠭ᠋ᠠᠵᠥ ᠪᠠᠶ᠋ᠢᠨ᠎ᠠ ᠬᠡᠪᠡᠯ ᠲᠠᠳᠡ ᠶᠠᠭᠤᠨ᠎ᠤ ᠤᠶ᠋ᠢᠯᠠᠭ᠋ᠠᠬᠤ ᠪᠤᠢ᠃ ᠲᠡᠬᠡᠭᠦᠯᠡᠷ ᠠ᠋ᠬᠡ ᠪᠠᠶ᠋ᠢᠭ᠋ᠠᠯᠢ ᠬᠡᠳᠡᠭ ᠪᠤᠯ ᠪᠢᠳᠡᠨ᠎ᠤ ᠠᠮᠢᠳᠤᠷᠠᠵᠥ ᠪᠠᠶ᠋ᠢᠭ᠎ᠠ ᠤᠷᠴᠢᠨ ᠠᠬᠤᠢ᠂ ᠨᠠᠷᠠ ᠰᠠᠷᠠ᠂ ᠰᠠᠯᠬᠢᠨ ᠪᠤᠷᠤᠭ᠋ᠠᠨ᠂ ᠭᠠᠵᠠᠷ ᠰᠢᠷᠤᠢ᠂ ᠤᠢ ᠰᠢᠭᠤᠢ᠂ ᠲᠠᠯᠠᠢ ᠲᠠᠩᠬᠢᠰ᠂ ᠠ᠋ᠯᠡᠰᠦ ᠮᠠᠩᠬ᠎ᠠ᠂ ᠠᠭᠤᠯᠠ ᠬᠠᠳᠠ᠂ ᠲᠡᠭᠷᠢ᠂ ᠤᠭᠳᠠᠷᠭᠤᠢ᠂ ᠠᠭ᠋ᠠᠷ ᠤᠰᠤ ᠵᠡᠷᠬᠡ ᠪᠠᠶ᠋ᠢᠭ᠋ᠠᠯᠢ ᠵᠢᠨ ᠶᠠᠭᠤᠮ᠎ᠠ ᠪᠤᠳᠠᠰ᠂ ᠦᠵᠡᠭᠳᠡᠯ᠂ ᠬᠡᠷᠡᠭ ᠪᠤᠳᠠᠰ᠎ᠢ ᠬᠠᠮᠤᠷᠤᠭᠰᠠᠨ ᠤᠭ ᠦᠬᠡ ᠵᠢᠨ ᠰᠢᠯᠵᠢᠭᠰᠡᠨ ᠤᠳᠬ᠎ᠠ᠎ᠪᠠᠷ᠎ᠨᠢ ᠲᠦᠭᠦᠮ ᠤᠶ᠋ᠢᠯᠠᠭ᠋ᠠᠭᠤᠯᠪᠠᠯ ᠵᠦᠬᠡᠷ ᠰᠢᠭ᠃
      ᠲᠤᠯᠤᠭ᠎ᠠ᠂ 《ᠤᠯᠤᠰ᠎ᠤᠨ ᠪᠠᠶᠠᠷ ᠵᠶ᠋ᠠᠨ ᠪᠠᠶᠠᠷ ᠭᠦᠷ᠎ᠲᠠᠢ᠎ᠪᠠᠷ ᠲᠡᠮᠳᠡᠭᠯᠡᠶ᠎ᠡ》 ᠵᠡᠷᠬᠡ ᠬᠢᠴᠢᠶᠡᠯ᠎ᠳᠠᠬᠢ ᠠ᠋ᠬᠡ ᠤᠯᠤᠰ ᠬᠡᠭᠦ ᠦᠬᠡ ᠵᠢᠨ ᠲᠤᠬᠠᠢ
      ᠰᠤᠷᠤᠭᠴᠢᠳ᠎ᠨᠢ ᠴᠡᠴᠡᠷᠯᠢᠭ᠎ᠲᠤ ᠪᠠᠶ᠋ᠢᠬᠤ᠎ᠠᠴᠠ ᠠ᠋ᠬᠢᠯᠡᠨ᠂ ᠺᠢᠨᠤ᠋᠂ ᠲᠸᠯᠸᠢᠰ ᠵᠡᠷᠬᠡ ᠵᠠᠭᠤᠴᠢ ᠮᠠᠲᠸᠷᠢᠶᠠᠯ ᠪᠤᠶᠤ ᠠᠮᠢᠳᠤᠷᠠᠯ ᠲᠤᠮᠳᠠ᠎ᠪᠠᠨ ᠠ᠋ᠬᠡ ᠤᠯᠤᠰ ᠭᠡᠭᠦ ᠦᠬᠡ ᠵᠢ ᠤᠯᠠᠨᠳᠠ ᠰᠤᠨᠤᠰᠴᠦ᠂ ᠲᠠᠭᠤᠤ ᠤᠷᠠᠯᠢᠭ᠎ᠤᠨ ᠪᠦᠳᠦᠬᠡᠯ᠎ᠳᠤ ᠴᠦ᠍ ᠲᠠᠭᠤᠯᠠᠵᠥ ᠦᠩᠬᠡᠷᠡᠭᠰᠡᠨ᠂ ᠬᠡᠪᠡᠴᠦ ᠤᠳᠬ᠎ᠠ᠎ᠨᠢ ᠶᠠᠭᠤ ᠪᠤᠯᠬᠤ᠂ ᠶᠠᠭᠤ ᠵᠢ ᠵᠢᠭ᠋ᠠᠵᠥ ᠪᠠᠶ᠋ᠢᠬᠤ ᠵᠢ ᠤᠶ᠋ᠢᠯᠠᠭ᠋ᠠᠭᠤᠯᠬᠤ᠎ᠳᠤ᠂ ᠵᠦᠪᠬᠡᠨ ᠴᠢ ᠪᠤᠯ ᠠᠯᠢ ᠤᠯᠤᠰ᠎ᠤᠨ ᠭᠦᠮᠦᠨ ᠮᠦᠨ ᠬᠡᠵᠥ ᠬᠡᠯᠡᠬᠡᠳ᠂ ᠲᠡᠭᠦᠨ᠎ᠤ ᠲᠠᠷᠢᠬᠢᠨ᠎ᠳᠠᠬᠢ ᠬᠡᠶ᠋ᠢᠰᠪᠤᠷᠢ ᠤᠶ᠋ᠢᠯᠠᠭ᠋ᠠᠯᠳᠠ ᠵᠢ ᠪᠦᠷᠢᠮᠤᠰᠤᠨ ᠵᠦᠪ ᠪᠤᠯᠭ᠋ᠠᠵᠥ ᠴᠢᠳᠠᠭ᠍ᠤ ᠦᠬᠡᠢ᠂ ᠲᠡᠷᠡᠴᠢᠯᠡᠨ ᠲᠡᠳᠡᠨ᠎ᠢ ᠠ᠋ᠬᠡ ᠤᠯᠤᠰ ᠵᠶ᠋ᠠᠨ ᠬᠠᠶ᠋ᠢᠷᠠᠯᠠᠭ᠍ᠤ ᠦᠵᠡᠯ ᠰᠠᠨᠠᠭ᠎ᠠ᠎ᠲᠠᠢ ᠪᠤᠯᠭ᠋ᠠᠨ ᠭᠦᠮᠦᠵᠢᠭᠦᠯᠭᠦ᠎ᠪᠠᠷ ᠵᠤᠷᠢᠵᠥ ᠪᠠᠶ᠋ᠢᠬᠤ ᠲᠤᠯᠠ᠂ ᠠ᠋ᠬᠡ ᠤᠯᠤᠰ ᠬᠡᠳᠡᠭ᠎ᠨᠢ ᠲᠠᠷᠤᠢ ᠦᠪᠡᠷ᠎ᠤᠨ ᠤᠯᠤᠰ ᠬᠡᠷ᠂ ᠲᠦᠭᠦᠮ ᠵᠶ᠋ᠠᠷ ᠬᠡᠯᠡᠪᠡᠯ᠂ ᠡᠪᠦᠭᠡ ᠲᠡᠬᠡᠳᠤᠰ᠎ᠤᠨ ᠦᠶ᠎ᠡ᠎ᠠᠴᠠ ᠤᠷᠤᠰᠢᠨ ᠲᠤᠭᠳᠠᠨᠢᠵᠥ ᠠᠮᠢᠳᠤᠷᠠᠵᠥ ᠢᠷᠡᠭᠰᠡᠨ ᠭᠠᠵᠠᠷ ᠰᠢᠷᠤᠢ᠂ ᠪᠢᠳᠡ ᠴᠦ᠍ ᠤᠳᠤ ᠡ᠊ᠨᠳᠠ ᠠᠮᠢᠳᠤᠷᠠᠵᠥ ᠰᠤᠷᠤᠯᠴᠠᠵᠥ ᠪᠠᠶ᠋ᠢᠨ᠎ᠠ᠂ ᠵᠠᠯᠭ᠋ᠠᠭ᠋ᠠᠳ ᠮᠠᠨ᠎ᠤ ᠲᠠᠷᠠᠭ᠋ᠠᠴᠢ ᠵᠢᠨ ᠦᠶ᠎ᠡ ᠵᠢᠨ ᠭᠦᠮᠦᠰ ᠴᠦ᠍ ᠦᠶ᠎ᠡ ᠵᠢᠨ ᠦᠶ᠎ᠡ᠎ᠳᠤ᠎ᠪᠠᠨ ᠵᠠᠯᠭ᠋ᠠᠵᠥ ᠠᠮᠢᠳᠤᠷᠠᠵᠥ ᠰᠠᠭᠤᠬᠤ ᠭᠠᠵᠠᠷ᠂ ᠠ᠋ᠶ᠋ᠢᠮᠤ᠎ᠠᠴᠠ ᠬᠠᠶ᠋ᠢᠷᠠᠯᠠᠭ᠍ᠤ ᠬᠡᠷᠡᠭᠳᠠᠢ᠂ ᠬᠠᠮᠠᠭ᠋ᠠᠯᠠᠭ᠍ᠤ ᠬᠡᠷᠡᠭᠳᠠᠢ᠃ ᠮᠠᠨ᠎ᠤ ᠤᠯᠤᠰ ᠪᠤᠯ ᠶᠠᠮᠠᠷ ᠤᠯᠤᠰ ᠬᠡᠳᠡᠭ᠂ ᠠᠯᠢ ᠤᠨ᠎ᠳᠤ ᠪᠠᠶ᠋ᠢᠭᠤᠯᠤᠭᠳᠠᠭᠰᠠᠨ ᠬᠡᠭᠦ ᠮᠡᠳᠦ᠎ᠪᠠᠷ ᠲᠦᠭᠦᠮ ᠭᠦᠢ᠍ᠬᠡᠨ ᠵᠶ᠋ᠠᠷ ᠲᠠᠶ᠋ᠢᠯᠪᠤᠷᠢᠯᠠᠪᠠᠯ ᠤᠶ᠋ᠢᠯᠠᠭ᠋ᠠᠬᠤ᠎ᠳᠤ ᠠᠰᠢᠭ᠎ᠲᠠᠢ ᠰᠢᠬ᠃
      ᠨᠠᠢ᠍ᠮᠠ᠂ 《ᠪᠢᠳᠡ ᠪᠤᠯ ᠬᠤᠰᠢᠭᠤᠴᠢ ᠠᠩᠬᠢ ᠵᠢᠨ ᠬᠡᠰᠢᠭᠦᠨ》᠂ 《ᠤᠯᠤᠰ᠎ᠤᠨ ᠪᠠᠶᠠᠷ ᠵᠶ᠋ᠠᠨ ᠪᠠᠶᠠᠷ ᠭᠦᠷ᠎ᠲᠠᠢ ᠲᠡᠮᠳᠡᠭᠯᠡᠶ᠎ᠡ》 ᠵᠡᠷᠬᠡ ᠬᠢᠴᠢᠶᠡᠯ᠎ᠳᠤ ᠬᠤᠰᠢᠭᠤᠴᠢ ᠠᠩᠬᠢ᠂ ᠤᠯᠠᠭ᠋ᠠᠨ ᠲᠤᠭ᠂ ᠤᠯᠤᠰ᠎ᠤᠨ ᠲᠤᠭ᠂ ᠤᠯᠠᠭ᠋ᠠᠨ ᠪᠦᠴᠡ᠂ ᠤᠯᠤᠰ᠎ᠤᠨ ᠰᠦᠯᠳᠡ᠂ ᠰᠦᠯᠳᠡ ᠲᠠᠭᠤᠤ᠂ ᠰᠢᠨ᠎ᠡ ᠲᠤᠮᠳᠠᠳᠤ ᠤᠯᠤᠰ᠂ ᠰᠢᠨ᠎ᠡ ᠦᠶ᠎ᠡ ᠵᠢᠨ ᠰᠢᠯᠢᠳᠡᠭ ᠪᠠᠭ᠋ᠠᠴᠤᠳ᠂ ᠡᠪ ᠬᠠᠮᠳᠤ ᠶᠤᠰᠤᠨ᠎ᠤ ᠵᠠᠯᠭ᠋ᠠᠮᠵᠢᠯᠠᠭᠴᠢ ᠬᠡᠭᠦ ᠮᠡᠳᠦ ᠦᠬᠡᠰ᠎ᠤᠳ᠎ᠤᠨ ᠲᠤᠬᠠᠢ
      ᠪᠢᠳᠡᠨ᠎ᠤ ᠠᠮᠢᠳᠤᠷᠠᠵᠥ ᠰᠤᠷᠤᠯᠴᠠᠵᠥ ᠪᠠᠶ᠋ᠢᠭ᠎ᠠ ᠤᠯᠤᠰ᠎ᠤᠨ ᠨᠡᠷ᠎ᠡ ᠪᠤᠯ 《ᠪᠦᠭᠦᠳᠡ ᠨᠠᠶ᠋ᠢᠷᠠᠮᠳᠠᠭ᠍ᠤ ᠲᠤᠮᠳᠠᠳᠤ ᠠᠷᠠᠳ ᠤᠯᠤᠰ》᠂ ᠲᠦᠭᠦᠮᠴᠢᠯᠡᠬᠡᠳ 《ᠲᠤᠮᠳᠠᠳᠤ ᠤᠯᠤᠰ》 ᠬᠡᠳᠡᠭ᠃ 1949 ᠤᠨ᠎ᠤ 10 ᠰᠠᠷ᠎ᠠ ᠵᠢᠨ 1᠎ᠳᠤ ᠪᠠᠶ᠋ᠢᠭᠤᠯᠤᠭᠳᠠᠭᠰᠠᠨ᠃ ᠡ᠊ᠨᠡ ᠭᠦ᠌ ᠤᠯᠤᠰ᠎ᠢ ᠪᠠᠶ᠋ᠢᠭᠤᠯᠬᠤ᠎ᠳᠤ ᠲᠤᠩ ᠤᠯᠠᠨ ᠬᠤᠪᠢᠰᠬᠠᠯᠴᠢᠳ ᠠᠮᠢ ᠨᠠᠰᠤ᠎ᠪᠠᠨ ᠦᠷᠡᠭᠳᠡᠭᠦᠯᠵᠥ᠂ ᠠᠷᠢᠭᠤᠨ ᠴᠢᠰᠤ᠎ᠪᠠᠨ ᠤᠷᠤᠰᠬᠠᠭᠰᠠᠨ᠂ ᠲᠡᠳᠡᠬᠡᠷ ᠭᠦᠮᠦᠰ᠎ᠢ 《ᠬᠤᠪᠢᠰᠬᠠᠯᠳᠤ ᠦᠷᠡᠭᠳᠡᠭᠰᠡᠨ ᠪᠠᠭ᠋ᠠᠳᠤᠷᠴᠤᠳ》 ᠬᠡᠳᠡᠭ᠃ ᠲᠡᠳᠡ ᠪᠢᠳᠡᠨ᠎ᠳᠤ ᠤᠳᠤ ᠵᠢᠨ ᠡ᠊ᠨᠡ ᠭᠦ᠌ ᠪᠠᠶᠠᠷ ᠵᠢᠷᠭ᠋ᠠᠯ᠎ᠲᠠᠢ ᠠᠮᠢᠳᠤᠷᠠᠯ᠎ᠢ ᠠᠪᠴᠢᠷᠠᠵᠥ ᠦᠭᠭᠦᠭᠰᠡᠨ᠂ ᠪᠢᠳᠡ ᠲᠡᠳᠡᠨ᠎ᠢ ᠬᠠᠶ᠋ᠢᠷᠠᠯᠠᠨ ᠭᠦᠨᠳᠦᠳᠬᠡᠭᠦ ᠬᠡᠷᠡᠭᠳᠠᠢ᠃ ᠤᠯᠤᠰ᠎ᠤᠨ ᠲᠤᠭ ᠪᠤᠯ ᠤᠯᠤᠰ ᠪᠤᠯᠭ᠋ᠠᠨ᠎ᠤ ᠪᠡᠯᠬᠡ ᠲᠡᠮᠳᠡᠭ᠂ ᠲᠤᠭ᠎ᠢ᠎ᠨᠢ ᠦᠵᠡᠪᠡᠯ ᠲᠠᠷᠤᠢ ᠠᠯᠢ ᠤᠯᠤᠰ ᠪᠤᠯᠬᠤ ᠵᠢ᠎ᠨᠢ ᠮᠡᠳᠡᠵᠥ ᠪᠤᠯᠳᠠᠭ᠂ ᠮᠠᠨ᠎ᠤ ᠤᠯᠤᠰ᠎ᠤᠨ ᠤᠯᠤᠰ᠎ᠤᠨ ᠲᠤᠭ᠎ᠨᠢ ᠶᠠᠮᠠᠷ ᠪᠠᠶ᠋ᠢᠳᠠᠭ᠂ ᠰᠦᠯᠳᠡ ᠲᠠᠭᠤᠤ᠎ᠨᠢ ᠶᠠᠮᠠᠷ ᠪᠠᠶ᠋ᠢᠳᠠᠭ᠂ ᠲᠤᠭ ᠮᠠᠨᠳᠤᠭᠤᠯᠬᠤ ᠶᠤᠰᠤᠯᠠᠯ ᠶᠠᠮᠠᠷ ᠪᠠᠶ᠋ᠢᠳᠠᠭ᠃ ᠬᠤᠰᠢᠭᠤᠴᠢ ᠠᠩᠬᠢ ᠬᠡᠳᠡᠭ ᠪᠤᠯ ᠬᠡᠤᠬᠡᠳ ᠪᠠᠭ᠋ᠠᠴᠤᠳ᠎ᠤᠨ ᠲᠤᠳᠤᠷᠠᠬᠢ ᠲᠡᠷᠢᠭᠦᠨ᠎ᠤ ᠵᠢᠱ᠌ᠢᠶᠡᠴᠢ ᠰᠢᠯᠢᠳᠡᠭ ᠬᠡᠤᠬᠡᠳ ᠵᠶ᠋ᠠᠷ ᠪᠦᠷᠢᠯᠳᠦᠭᠰᠡᠨ ᠵᠤᠬᠢᠶᠠᠨ ᠪᠠᠶ᠋ᠢᠭᠤᠯᠤᠯᠳᠠ᠂ ᠪᠢᠳᠡᠨ᠎ᠤ ᠭᠦᠵᠦᠭᠦᠨ᠎ᠳᠤ᠎ᠪᠠᠨ ᠵᠡᠭᠦᠳᠡᠭ ᠤᠯᠠᠭ᠋ᠠᠨ ᠪᠦᠴᠡ ᠪᠤᠯ ᠤᠯᠠᠭ᠋ᠠᠨ ᠲᠤᠭ᠎ᠤᠨ ᠨᠢᠬᠡ ᠦᠨᠴᠦᠭ ᠬᠡᠵᠥ ᠪᠡᠯᠬᠡᠳᠡᠳᠡᠭ᠃ ᠰᠢᠨ᠎ᠡ ᠦᠶ᠎ᠡ ᠵᠢᠨ ᠰᠢᠯᠢᠳᠡᠭ ᠪᠠᠭ᠋ᠠᠴᠤᠳ ᠪᠤᠯ ᠰᠠᠶᠢ ᠡ᠊ᠨᠡ ᠭᠦ᠌ ᠢᠷᠠᠭᠤ ᠠᠯᠳᠠᠷ᠂ ᠦᠩᠬᠡ ᠬᠡᠷᠡᠯ᠎ᠢ ᠤᠯᠳᠠᠭ᠃ ᠲᠤᠮᠤ ᠪᠤᠯᠪᠠᠯ ᠪᠢᠳᠡ ᠠᠬᠠᠮᠠᠳ ᠨᠢᠬᠡ ᠦᠶ᠎ᠡ ᠵᠢᠨ᠎ᠬᠢᠨ᠎ᠤ ᠠᠵᠢᠯ ᠦᠢ᠍ᠯᠡᠰ᠎ᠢ ᠵᠠᠯᠭ᠋ᠠᠮᠵᠢᠯᠠᠵᠥ ᠠᠪᠳᠠᠭ ᠬᠡᠵᠥ ᠲᠦᠷᠰᠦ ᠰᠢᠩᠬᠡᠬᠡᠯᠳᠡ᠂ ᠲᠠᠭᠤᠤ ᠭᠦᠭᠵᠢᠮ᠂ ᠪᠤᠳᠠᠳᠤ ᠪᠤᠳᠠᠰ ᠵᠡᠷᠬᠡ᠎ᠪᠠᠷ ᠲᠠᠮᠵᠢᠭᠤᠯᠤᠨ ᠤᠶ᠋ᠢᠯᠠᠭ᠋ᠠᠭᠤᠯᠵᠥ᠂ ᠠ᠋ᠭᠦᠨ᠎ᠤ ᠤᠯᠠᠮ᠎ᠠᠴᠠ ᠬᠤᠰᠢᠭᠤᠴᠢ ᠠᠩᠬᠢ ᠵᠢᠨ ᠬᠡᠰᠢᠭᠦᠨ᠎ᠨᠢ ᠠ᠋ᠩ᠎ᠤᠨ ᠴᠠᠭ᠎ᠲᠤ ᠶᠠᠮᠠᠷ ᠪᠠᠶ᠋ᠢᠪᠠᠯ ᠲᠠᠭ᠋ᠠᠷᠠᠭ᠍ᠤ᠂ ᠶᠠᠭ᠋ᠠᠬᠢᠵᠥ ᠬᠢᠪᠡᠯ ᠲᠠᠭ᠋ᠠᠷᠠᠭ᠍ᠤ᠂ ᠠᠩᠬᠢ ᠵᠢᠨ ᠲᠦᠷᠢᠮ᠎ᠢ ᠰᠠᠶ᠋ᠢᠳᠤᠷ ᠰᠠᠬᠢᠬᠤ ᠶᠤᠰᠤᠳᠠᠢ ᠭᠡᠭᠦ ᠮᠠᠳᠤ᠎ᠪᠠᠷ ᠭᠦᠮᠦᠵᠢᠯ ᠬᠢᠪᠡᠯ ᠬᠢᠴᠢᠶᠡᠯ᠎ᠤᠨ ᠠᠭᠤᠯᠭ᠎ᠠ ᠵᠢ ᠭᠦᠢ᠍ᠴᠡᠳ ᠤᠶ᠋ᠢᠯᠠᠭ᠋ᠠᠭᠤᠯᠬᠤ᠎ᠳᠤ ᠲᠤᠬᠢᠷᠠᠭ᠍ᠤ ᠪᠤᠯᠪᠠᠤ᠃ ᠠ᠋ᠳᠡᠬᠡᠷ ᠦᠬᠡᠰ᠎ᠨᠢ ᠲᠤᠤᠷᠠᠳᠤ ᠤᠨ᠎ᠤ ᠬᠡᠤᠬᠡᠳ᠎ᠲᠤ ᠠᠪᠴᠦ ᠬᠡᠯᠡᠪᠡᠯ᠂ ᠤᠶ᠋ᠢᠯᠠᠭ᠋ᠠᠬᠤ᠎ᠳᠤ ᠵᠢᠭ᠋ᠠᠬᠠᠨ ᠭᠦᠴᠢᠷ ᠰᠢᠭ᠂ ᠠ᠋ᠨᠡ ᠨᠠᠰᠤᠨ᠎ᠤ ᠬᠡᠤᠬᠡᠳ᠎ᠤᠨ ᠰᠤᠨᠢᠭᠤᠴᠢ ᠰᠡᠳᠬᠢᠯ᠎ᠨᠢ ᠲᠤᠩ ᠶᠡᠭᠡ᠂ ᠬᠡᠪᠡᠴᠦ ᠤᠶ᠋ᠢᠯᠠᠭ᠋ᠠᠬᠤ ᠴᠢᠳᠠᠪᠤᠷᠢ᠂ ᠬᠡᠶ᠋ᠢᠰᠪᠤᠷᠢᠯᠠᠨ ᠪᠤᠳᠤᠬᠤ ᠴᠢᠳᠠᠪᠤᠷᠢ᠎ᠨᠢ ᠲᠡᠶ᠋ᠢᠮᠤ ᠰᠠᠶ᠋ᠢᠨ ᠪᠢᠰᠢ᠃ ᠵᠢᠱ᠌ᠢᠶᠡᠯᠡᠭᠦ᠎ᠳᠤ᠂ ᠬᠠᠩᠰᠢ ᠵᠢᠨ ᠠ᠋ᠳᠤᠷ ᠦᠷᠡᠭᠳᠡᠭᠰᠡᠨ ᠪᠠᠭ᠋ᠠᠳᠤᠷᠴᠤᠳ ᠵᠶ᠋ᠠᠨ ᠲᠤᠷᠠᠰᠤᠨ ᠰᠠᠨᠠᠭ᠋ᠠᠯᠵᠠᠳᠠᠭ ᠬᠡᠵᠥ ᠪᠠᠶ᠋ᠢᠨ᠎ᠠ᠃ ᠲᠡᠬᠡᠪᠡᠯ ᠶᠠᠭᠤ ᠵᠢ ᠦᠷᠡᠭᠳᠡᠭᠰᠡᠨ ᠬᠡᠭᠦ ᠪᠤᠢ? ᠶᠠᠭᠤ ᠬᠡᠵᠥ ᠦᠷᠡᠭᠳᠡᠭᠰᠡᠨ ᠪᠤᠢ? ᠦᠷᠡᠭᠳᠡᠭᠦ ᠦᠬᠡᠢ ᠪᠤᠯ ᠪᠤᠯᠬᠤ ᠦᠬᠡᠢ ᠶᠤᠮ ᠤᠤ? ᠬᠡᠨ᠎ᠲᠠᠢ ᠲᠡᠮᠡᠴᠡᠭᠰᠡᠨ ᠪᠤᠢ? ᠲᠡᠳᠡ ᠬᠠᠮᠢᠭ᠎ᠠ ᠪᠠᠶ᠋ᠢᠬᠤ ᠪᠤᠢ? ᠬᠡᠭᠦ ᠮᠡᠳᠦ ᠵᠢᠨ ᠤᠯᠠᠨ ᠤᠯᠠᠨ ᠰᠤᠨᠢᠨ ᠠᠰᠠᠭᠤᠳᠠᠯ᠎ᠢ ᠲᠤᠷᠠᠳᠴᠦ ᠪᠠᠶ᠋ᠢᠳᠠᠭ᠃
      ᠪᠠᠭ᠎ᠠ ᠰᠤᠷᠭ᠋ᠠᠭᠤᠯᠢ ᠵᠢᠨ ᠲᠤᠤᠷᠠᠳᠤ ᠤᠨ᠎ᠤ ᠰᠤᠷᠤᠭᠴᠢᠳ ᠪᠤᠯ ᠴᠡᠴᠡᠷᠯᠢᠭ᠎ᠤᠨ ᠱᠠᠳᠤᠨ᠎ᠳᠠᠬᠢ           《ᠨᠠᠭ᠋ᠠᠳᠬᠤ》᠎ᠠᠴᠠ ᠰᠤᠷᠭ᠋ᠠᠭᠤᠯᠢ ᠵᠢᠨ ᠱᠠᠳᠤᠨ᠎ᠳᠠᠬᠢ 《ᠰᠤᠷᠬᠤ》 ᠶᠠᠪᠤᠴᠠ ᠵᠦᠭ ᠰᠢᠯᠵᠢᠵᠥ ᠪᠠᠶ᠋ᠢᠭ᠎ᠠ᠂ ᠰᠡᠳᠬᠢᠴᠡ ᠵᠢᠨ ᠬᠤᠪᠢ᠎ᠳᠤ ᠲᠡᠳᠡᠨ᠎ᠤ ᠬᠡᠶ᠋ᠢᠰᠪᠤᠷᠢᠯᠡᠨ ᠪᠤᠳᠤᠬᠤ᠂ ᠲᠦᠰᠦᠬᠡᠯᠡᠨ ᠪᠤᠳᠤᠬᠤ᠂ ᠬᠤᠯᠪᠤᠨ ᠪᠤᠳᠤᠬᠤ᠂ ᠬᠤᠷᠢᠶᠠᠩᠭᠤᠶ᠋ᠢᠯᠠᠭ᠍ᠤ᠂ ᠮᠠᠭ᠋ᠠᠳᠯᠠᠭ᠍ᠤ᠂ ᠲᠤᠮᠢᠶᠠᠴᠢᠯᠠᠭ᠍ᠤ ᠵᠢᠴᠢ ᠤᠶ᠋ᠢᠯᠠᠭ᠋ᠠᠬᠤ ᠴᠢᠳᠠᠪᠤᠷᠢ᠎ᠨᠢ ᠴᠦᠮ ᠠᠩᠬᠠᠨ᠎ᠤ ᠱᠠᠳᠤᠨ᠎ᠳᠤ᠎ᠪᠠᠨ ᠪᠠᠶ᠋ᠢᠵᠥ᠂ ᠪᠤᠢ ᠪᠤᠯᠵᠥ ᠪᠦᠷᠢᠯᠳᠦᠨ ᠲᠡᠭᠦᠯᠳᠡᠷᠵᠢᠭᠦ ᠵᠢᠨ ᠠ᠋ᠬᠢᠨ᠎ᠤ ᠦᠶ᠎ᠡ᠎ᠳᠤ ᠪᠠᠶ᠋ᠢᠭ᠎ᠠ ᠲᠤᠯᠠ ᠪᠠᠭᠰᠢ ᠵᠢᠨ ᠵᠢᠭ᠋ᠠᠨ ᠵᠢᠯᠤᠭᠤᠳᠤᠯᠭ᠎ᠠ ᠪᠤᠯ ᠲᠤᠩ ᠴᠢᠬᠤᠯᠠ ᠪᠠᠶ᠋ᠢᠳᠠᠭ᠃ ᠲᠡᠬᠡᠷᠡᠬᠢ ᠵᠢᠱ᠌ᠢᠶ᠎ᠡ᠎ᠨᠦᠭᠦᠳ᠎ᠲᠤ ᠲᠤᠷᠠᠳᠤᠭᠰᠠᠨ ᠦᠬᠡᠰ᠎ᠢ ᠲᠡᠳᠡᠨ᠎ᠳᠤ ᠲᠠᠶ᠋ᠢᠯᠪᠤᠷᠢᠯᠠᠭ᠍ᠤ ᠦᠬᠡᠢ᠎ᠪᠠᠷ ᠲᠤᠭᠤᠷᠢᠵᠥ ᠭᠠᠷᠬᠤ᠂ ᠠᠯᠢ ᠠ᠋ᠰᠡᠭᠦᠯ᠎ᠡ ᠬᠡᠳᠦ ᠭᠦᠨ ᠶᠠᠷᠢᠵᠥ ᠤᠨᠤᠯᠵᠢᠭᠤᠯᠬᠤ᠎ᠨᠢ ᠴᠦᠮ ᠲᠡᠳᠡᠨ᠎ᠤ ᠬᠢᠴᠢᠶᠡᠯ᠎ᠤᠨ ᠪᠢᠴᠢᠭ᠎ᠤᠨ ᠠᠭᠤᠯᠭ᠎ᠠ᠎ᠪᠠᠨ ᠰᠠᠶ᠋ᠢᠳᠤᠷ ᠤᠶ᠋ᠢᠯᠠᠭ᠋ᠠᠬᠤ᠎ᠳᠤ ᠬᠠᠷᠰᠢ᠎ᠲᠠᠢ ᠶᠠᠪᠤᠳᠠᠯ ᠪᠤᠯᠬᠤ ᠶᠤᠮ᠃ ᠠ᠋ᠭᠦᠨ᠎ᠳᠤ ᠠᠩᠬᠠᠷᠬᠤ ᠴᠢᠬᠤᠯᠠ᠎ᠲᠠᠢ ᠨᠢᠬᠡᠨ ᠠᠰᠠᠭᠤᠳᠠᠯ ᠪᠤᠯ ᠲᠠᠷᠤᠢ ᠰᠤᠷᠤᠭᠴᠢᠳ᠎ᠤᠨ ᠨᠠᠰᠤᠨ᠎ᠤ ᠤᠨᠴᠠᠯᠢᠭ᠂ ᠰᠡᠳᠬᠢᠴᠡ ᠵᠢᠨ ᠤᠨᠴᠠᠯᠢᠭ᠂ ᠤᠶ᠋ᠢᠯᠠᠭ᠋ᠠᠬᠤ ᠴᠢᠳᠠᠪᠤᠷᠢ᠎ᠳᠤ ᠲᠤᠬᠢᠷᠠᠭᠤᠯᠬᠤ ᠬᠡᠷᠡᠭᠳᠠᠢ᠃ ᠠᠷᠭ᠎ᠠ ᠠᠪᠴᠠᠯ᠎ᠤᠨ ᠬᠤᠪᠢ᠎ᠳᠤ᠂ ᠭᠠᠭᠴᠠ ᠬᠡᠯᠡ ᠪᠢᠴᠢᠭ᠎ᠤᠨ ᠬᠢᠴᠢᠶᠡᠯ᠎ᠳᠤ ᠨᠠᠶ᠋ᠢᠳᠠᠭ᠋ᠠᠳ ᠪᠤᠯᠬᠤ ᠦᠬᠡᠢ ᠪᠠᠰᠠ ᠬᠢᠴᠢᠶᠡᠯ ᠲᠦᠷᠦᠯ᠎ᠤᠨ ᠪᠤᠳᠠᠳᠠᠢ᠎ᠲᠠᠢ᠎ᠪᠠᠨ ᠤᠶᠠᠯᠳᠤᠭᠤᠯᠵᠤ᠂ ᠺᠠᠷᠲ᠋ᠤᠨ ᠵᠦᠴᠦᠬᠡ᠂ ᠬᠡᠤᠬᠡᠯᠳᠠᠢ ᠺᠢᠨᠤ᠋᠂ ᠲᠦᠷᠰᠦ ᠪᠢᠴᠢᠯᠬᠡ᠂ ᠲᠠᠭᠤᠤ ᠤᠷᠠᠯᠢᠭ ᠵᠡᠷᠬᠡ ᠵᠠᠭᠤᠴᠢ ᠮᠠᠲᠸᠷᠢᠶᠠᠯ᠎ᠢ ᠬᠠᠪᠰᠤᠷᠭ᠋ᠠᠬᠤ᠂ ᠲᠦᠷᠢ᠎ᠳᠤ ᠲᠤᠭᠯᠠᠭᠤᠯᠬᠤ᠂ ᠪᠠᠶᠠᠴᠢᠯᠡᠨ ᠲᠤᠷᠰᠢᠬᠤ᠂ ᠲᠤᠭᠤᠷᠢᠨ ᠦᠵᠡᠭᠦᠯᠭᠦ᠂ ᠶᠠᠷᠢᠯᠴᠠᠭ᠎ᠠ ᠬᠢᠭᠦ ᠵᠡᠷᠬᠡ ᠠᠯᠢ ᠤᠯᠠᠨ ᠠᠷᠭ᠎ᠠ ᠬᠡᠮᠵᠢᠶ᠎ᠡ ᠵᠢ ᠠᠪᠴᠦ᠂ ᠠ᠋ᠳᠡᠬᠡᠷ ᠠᠵᠢᠯᠯᠠᠭ᠋ᠠᠨ ᠲᠤᠮᠳᠠ ᠎ᠪᠠᠨ ᠠᠭᠤᠰᠬᠠᠨ ᠰᠢᠩᠬᠡᠬᠡᠵᠥ ᠨᠠᠪᠴᠢᠭᠦᠯᠦᠨ ᠰᠢᠭᠤᠳ ᠪᠤᠶᠤ ᠲᠠᠮ ᠵᠶ᠋ᠠᠷ ᠢᠳᠡᠭ ᠢᠳᠡᠭ ᠵᠶ᠋ᠠᠷ᠂ ᠪᠠᠭ᠎ᠠ ᠪᠠᠭ᠎ᠠ᠎ᠪᠠᠷ᠂ ᠠᠵᠢᠯ᠎ᠤᠨ ᠠᠬᠢᠴᠠ᠎ᠳᠤ᠎ᠪᠠᠨ ᠵᠤᠬᠢᠴᠠᠭᠤᠯᠵᠥ᠂ ᠫᠷᠤᠭ᠌ᠷᠤᠮ ᠶᠤᠰᠤᠭ᠋ᠠᠷ ᠦᠬᠡᠰ᠎ᠤᠨ ᠤᠳᠬ᠎ᠠ ᠵᠢ ᠲᠠᠶ᠋ᠢᠯᠪᠤᠷᠢᠯᠠᠵᠥ᠂ ᠬᠢᠴᠢᠶᠡᠯ᠎ᠤᠨ ᠠᠭᠤᠯᠭ᠎ᠠ᠎ᠪᠠᠨ ᠰᠠᠶ᠋ᠢᠳᠤᠷ ᠤᠶ᠋ᠢᠯᠠᠭ᠋ᠠᠭᠤᠯᠪᠠᠯ ᠲᠠᠭ᠋ᠠᠷᠠᠨ᠎ᠠ᠃ ᠠ᠋ᠨᠡ᠎ᠨᠢ ᠬᠢᠴᠢᠶᠡᠯ᠎ᠤᠨ ᠲᠠᠷᠤᠭ᠋ᠠᠰᠤ ᠵᠢ ᠭᠦᠨᠳᠦᠷᠡᠭᠦᠯᠵᠥ ᠪᠠᠶ᠋ᠢᠭ᠎ᠠ ᠠᠰᠠᠭᠤᠳᠠᠯ ᠪᠢᠰᠢ᠂ ᠬᠠᠷᠢᠨ ᠶᠠᠭᠤ ᠶᠠᠷᠢᠵᠥ ᠶᠠᠭᠤ ᠵᠢᠭ᠋ᠠᠵᠥ ᠪᠠᠶ᠋ᠢᠬᠤ ᠬᠡᠳᠡᠭ ᠵᠶ᠋ᠠᠨ ᠮᠡᠳᠡᠭᠦᠯᠵᠥ᠂ ᠬᠢᠴᠢᠶᠡᠯ᠎ᠤᠨ ᠠᠭᠤᠯᠭ᠎ᠠ ᠵᠢ ᠨᠡᠩ ᠰᠠᠶ᠋ᠢᠨ ᠨᠡᠩ ᠭᠦᠢ᠍ᠴᠡᠳ᠂ ᠨᠡᠩ ᠢᠯᠡᠭᠦᠤ ᠪᠦᠳᠦᠮᠵᠢ᠎ᠲᠠᠢ ᠤᠶ᠋ᠢᠯᠠᠭ᠋ᠠᠭᠤᠯᠬᠤ᠎ᠳᠤ ᠦᠢ᠍ᠯᠡᠴᠢᠯᠡᠵᠥ ᠪᠠᠶ᠋ᠢᠭ᠎ᠠ ᠬᠡᠷᠡᠭ ᠶᠤᠮ᠃ ᠲᠡᠬᠡᠷ᠎ᠡ ᠶᠠᠷᠢᠭᠰᠠᠨ᠎ᠨᠢ ᠮᠢᠨᠤ ᠬᠤᠪᠢ ᠭᠦᠮᠦᠨ᠎ᠤ ᠦᠵᠡᠯᠳᠡ ᠪᠤᠳᠤᠯ ᠲᠡᠳᠦᠢ᠂ ᠪᠠᠭᠰᠢ ᠨᠠᠷ ᠲᠤᠩᠭ᠋ᠠᠭ᠋ᠠᠨ ᠰᠢᠭᠦᠵᠥ᠂ ᠵᠠᠰᠠᠨ ᠵᠠᠯᠠᠷᠠᠭᠤᠯᠬᠤ ᠪᠤᠯᠪᠠᠤ!



       ᠠᠰᠢᠭᠯᠠᠭᠰᠠᠨ ᠮᠠᠲᠸᠷᠢᠶᠠᠯ


     [1] ᠪᠠᠭ᠋ᠠᠳᠤᠷ᠂ 《ᠮᠤᠩᠭᠤᠯ ᠦᠬᠡᠰ᠎ᠤᠨ ᠰᠠᠩ᠎ᠤᠨ ᠰᠢᠨᠵᠢᠯᠡᠭᠡ》᠂ ᠦᠨᠳᠦᠰᠦᠳᠡᠨ᠎ᠤ ᠬᠡᠪᠯᠡᠯ᠎ᠤᠨ ᠬᠤᠷᠢᠶ᠎ᠠ᠂ 1988 ᠤᠨ
     [2] ᠠᠯᠪᠠᠨ ᠵᠢᠷᠤᠮ᠎ᠤᠨ ᠰᠤᠷᠭ᠋ᠠᠨ ᠭᠦᠮᠦᠵᠢᠯ᠎ᠤᠨ ᠪᠠᠭ᠎ᠠ ᠰᠤᠷᠭ᠋ᠠᠭᠤᠯᠢ ᠵᠢᠨ ᠬᠢᠴᠢᠶᠡᠯ᠎ᠤᠨ ᠪᠢᠴᠢᠭ 《ᠶᠤᠰᠤ ᠰᠤᠷᠳᠠᠭ᠍ᠤᠨ ᠬᠢᠬᠡᠳ ᠬᠠᠤᠯᠢ᠎ᠪᠠᠷ ᠵᠠᠰᠠᠭ᠍ᠤᠢ》 (ᠨᠢᠬᠡᠳᠦᠬᠡᠷ᠂ ᠬᠤᠶᠠᠳᠤᠭ᠋ᠠᠷ ᠤᠨ᠎ᠤ ᠲᠡᠬᠡᠳᠦ ᠲᠤᠤᠷᠠᠳᠤ ᠲᠠᠪᠳᠡᠷ)᠂ ᠠᠷᠠᠳ᠎ᠤᠨ ᠰᠤᠷᠭ᠋ᠠᠨ ᠭᠦᠮᠦᠵᠢᠯ᠎ᠤᠨ ᠭᠡᠪᠯᠡᠯ᠎ᠤᠨ ᠬᠤᠷᠢᠶ᠎ᠠ᠂ 2019 ᠤᠨ
     [3]《ᠰᠡᠳᠬᠢᠴᠡ ᠵᠢᠨ ᠵᠦᠢ》᠂ ᠦᠪᠤᠷ ᠮᠤᠩᠭᠤᠯ᠎ᠤᠨ ᠰᠤᠷᠭ᠋ᠠᠨ ᠭᠦᠮᠦᠵᠢᠯ᠎ᠤᠨ ᠬᠡᠪᠯᠡᠯ᠎ᠤᠨ ᠬᠤᠷᠢᠶ᠎ᠠ᠂ 1999 ᠤᠨ
     [4] ᠲᠦᠮᠡᠨᠵᠢᠷᠭ᠋ᠠᠯ᠂ 《ᠤᠳᠤ ᠦᠶ᠎ᠡ ᠵᠢᠨ ᠮᠤᠩᠭᠤᠯ ᠬᠡᠯᠡ》᠂ ᠦᠪᠤᠷ ᠮᠤᠩᠭᠤᠯ᠎ᠤᠨ ᠶᠡᠭᠡ ᠰᠤᠷᠭ᠋ᠠᠭᠤᠯᠢ ᠵᠢᠨ ᠬᠡᠪᠯᠡᠯ᠎ᠤᠨ ᠬᠤᠷᠢᠶ᠎ᠠ᠂ 2009 ᠤᠨ
     [5]《ᠮᠤᠩᠭᠤᠯ ᠬᠡᠯᠡ》 (ᠲᠡᠬᠡᠳᠦ᠂ ᠲᠤᠮᠳᠠᠳᠤ᠂ ᠲᠤᠤᠷᠠᠳᠤ)᠂ ᠦᠪᠤᠷ ᠮᠤᠩᠭᠤᠯ᠎ᠤᠨ ᠰᠤᠷᠭ᠋ᠠᠨ ᠭᠦᠮᠦᠵᠢᠯ᠎ᠤᠨ ᠬᠡᠪᠯᠡᠯ᠎ᠤᠨ ᠬᠤᠷᠢᠶ᠎ᠠ᠂ 1989 ᠤᠨ
     [6] ᠴᠡᠩᠬᠡᠯᠳᠠᠢ᠂ 《ᠤᠳᠤ ᠦᠶ᠎ᠡ ᠵᠢᠨ ᠮᠤᠩᠭᠤᠯ ᠬᠡᠯᠡᠨ ᠵᠦᠢ》᠂ ᠦᠪᠤᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 1979 ᠤᠨ (ᠰᠦᠯᠵᠢᠶ᠎ᠡ)


       ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠪᠠᠷᠠᠭᠤᠨ ᠦᠵᠦᠮᠦᠴᠢᠨ ᠬᠤᠰᠢᠭᠤᠨ᠎ᠤ ᠠᠩᠬ᠎ᠠ 
                                ᠵᠡᠷᠬᠡ ᠵᠢᠨ ᠨᠢᠬᠡᠳᠦᠬᠡᠷ ᠲᠤᠮᠳᠠᠳᠤ ᠰᠤᠷᠭ᠋ᠠᠭᠤᠯᠢ
                                (ᠠᠯᠳᠠᠨᠰᠦᠢ᠍ᠭᠡ ᠨᠠᠢ᠍ᠢ᠍ᠷᠠᠭᠤᠯᠪᠠ)



ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠲᠤᠭ᠋ᠠᠨ᠎ᠤ ᠤᠬᠠᠭ᠋ᠠᠨ᠎ᠤ ᠬᠢᠴᠢᠶᠡᠯᠯᠡᠭᠡ᠎ᠳᠤ ᠭᠡᠷᠬᠢᠨ ᠪᠠᠶ᠎ᠠ᠎ᠪᠠᠨ ᠲᠠᠭ᠋ᠠᠭ᠋ᠠᠨ ᠰᠤᠷᠴᠤ ᠰᠤᠳᠤᠯᠬᠤ ᠪᠤᠢ
ᠪᠡᠶ᠎ᠡ᠎ᠪᠠᠨ ᠳᠠᠭ᠋ᠠᠭ᠋ᠠᠨ ᠰᠣᠷᠤᠯᠴᠠᠬᠤ ᠵᠢᠭ᠋ᠠᠨ ᠰᠤᠷᠭ᠋ᠠᠯᠲᠠ ᠵᠢᠨ ᠵᠠᠭᠪᠤᠷ᠎ᠢ ᠠᠩᠬ᠎ᠠ ᠳᠤᠮᠳᠠᠳᠤ ᠵᠢᠨ ᠬᠢᠮᠢ ᠵᠢᠨ ᠬᠢᠴᠢᠶᠡᠯ᠎ᠳᠤ ᠬᠡᠷᠡᠭᠵᠢᠭᠦᠯᠦᠭᠰᠡᠨ᠎ᠨᠢ
ᠪᠠᠭ᠎ᠠ ᠰᠤᠷᠭ᠋ᠠᠭᠤᠯᠢ ᠵᠢᠨ ᠲᠣᠭ᠋ᠠᠨ᠎ᠤ ᠤᠬᠠᠭ᠋ᠠᠨ᠎ᠤ ᠬᠢᠴᠢᠶᠡᠯᠯᠡᠭᠡ ᠪᠣᠯᠤᠨ ᠪᠣᠯᠪᠠᠰᠤᠷᠠᠯ ᠳᠠᠪᠲᠠᠯᠭ᠎ᠠ
ᠳᠡᠭᠡᠳᠦ ᠳᠤᠮᠳᠠᠳᠤ ᠵᠢᠨ ᠲᠣᠭ᠋ᠠᠨ᠎ᠤ ᠤᠬᠠᠭ᠋ᠠᠨ᠎ᠤ ᠬᠢᠴᠢᠶᠡᠯ᠎ᠤᠨ ᠪᠦᠲᠦᠮᠵᠢᠲᠡᠶ ᠵᠢᠭ᠋ᠠᠨ ᠰᠤᠷᠭ᠋ᠠᠯᠲᠠ ᠵᠢᠨ ᠠᠷᠭ᠎ᠠ ᠪᠣᠳᠣᠯᠭ᠎ᠠ ᠵᠢᠨ ᠰᠤᠳᠤᠯᠤᠯ
ᠪᠠᠭ᠎ᠠ ᠰᠤᠷᠭ᠋ᠠᠭᠤᠯᠢ ᠵᠢᠨ ᠲᠤᠭ᠋ᠠᠨ᠎ᠤ ᠤᠬᠠᠭ᠋ᠠᠨ᠎ᠤ ᠵᠢᠭ᠋ᠠᠨ ᠰᠤᠷᠭ᠋ᠠᠯᠳᠠ᠎ᠳᠠᠬᠢ ᠪᠠᠭ᠎ᠠ ᠳᠤᠭᠤᠶ᠋ᠢᠯᠠᠩ᠎ᠤᠨ ᠬᠠᠮᠳᠤᠷᠠᠯᠴᠠᠭ᠋ᠠᠨ᠎ᠤ ᠰᠤᠷᠤᠯᠴᠠᠯᠭ᠎ᠠ ᠵᠢᠨ ᠲᠤᠬᠠᠢ ᠦᠭᠦᠯᠡᠬᠦ᠎ᠨᠢ
 
             蒙ICP备05000248号