ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠵᠢᠭᠠᠨ ᠰᠣᠷᠭᠠᠯᠲᠠ᠎ᠶᠢᠨ ᠰᠣᠳᠣᠯᠣᠯ
ᠳᠤᠮᠳᠠᠳᠤ ᠰᠤᠷᠭ᠋ᠠᠭᠤᠯᠢ ᠵᠢᠨ ᠰᠤᠷᠤᠭᠴᠢ ᠵᠢᠨ ᠤᠩᠰᠢᠯᠭ᠎ᠠ ᠵᠢᠨ ᠴᠢᠳᠠᠪᠤᠷᠢ ᠵᠢ ᠬᠡᠷᠬᠢᠨ ᠳᠡᠬᠡᠭᠰᠢᠯᠡᠬᠦᠯᠬᠦ ᠳᠤᠬᠠᠢ ᠰᠦᠪᠡᠭᠴᠢᠯᠡᠯ
ᠨᠡᠶ᠋ᠢᠲᠡᠯᠡᠭᠰᠡᠨ ᠴᠠᠭ᠄ 2025-01-15

ᠰᠠᠷᠠᠨᠴᠡᠴᠡᠭ

 

教学研究4.png

 

ᠳᠤᠮᠳᠠᠳᠤ ᠰᠤᠷᠭ᠋ᠠᠭᠤᠯᠢ ᠵᠢᠨ ᠰᠤᠷᠤᠭᠴᠢ ᠵᠢᠨ ᠬᠡᠯᠡ ᠪᠢᠴᠢᠭ᠎ᠤᠨ ᠤᠩᠰᠢᠯᠭ᠎ᠠ ᠵᠢᠨ ᠴᠢᠳᠠᠪᠤᠷᠢ᠎ᠨᠢ ᠰᠤᠷᠤᠭᠴᠢ ᠵᠢᠨ ᠦᠬᠡᠰ᠎ᠤᠨ ᠰᠠᠩ᠎ᠤᠨ ᠬᠤᠷᠠᠮᠳᠤᠭᠤᠯᠤᠯ ᠪᠠ ᠬᠡᠯᠡ ᠵᠦᠢ ᠵᠢᠨ ᠮᠡᠳᠡᠯᠬᠡ ᠵᠢᠨ ᠰᠤᠷᠤᠯᠴᠠᠯᠭ᠎ᠠ ᠵᠢᠴᠢ ᠶᠡᠷᠦᠩᠬᠡᠢ ᠬᠡᠷᠡᠭᠯᠡᠬᠡᠨ᠎ᠤ ᠬᠢᠷᠢ ᠲᠦᠪᠰᠢᠨ᠎ᠢ ᠬᠠᠷᠠᠭᠤᠯᠵᠤ  ᠪᠠᠶ᠋ᠢᠳᠠᠭ᠃ ᠳᠡᠶ᠋ᠢᠮᠦ᠎ᠠᠴᠠ ᠤᠩᠰᠢᠯᠭ᠎ᠠ ᠵᠢᠨ ᠴᠢᠳᠠᠪᠤᠷᠢ ᠵᠢ ᠬᠦᠮᠦᠵᠢᠬᠦᠯᠬᠦ᠎ᠨᠢ ᠬᠡᠯᠡ ᠪᠢᠴᠢᠭ᠎ᠤᠨ ᠦᠨᠳᠦᠰᠦᠨ ᠮᠡᠳᠡᠯᠬᠡ ᠪᠠ ᠬᠡᠷᠡᠭᠯᠡᠬᠡᠨ᠎ᠤ ᠴᠢᠳᠠᠪᠤᠷᠢ ᠵᠢ ᠳᠡᠭᠡᠭᠰᠢᠯᠡᠬᠦᠯᠵᠤ ᠴᠢᠳᠠᠭ᠍ᠤ᠎ᠪᠠᠷ ᠪᠠᠷᠠᠭ᠍ᠤ ᠦᠬᠡᠢ ᠪᠤᠰᠤᠳ ᠬᠢᠴᠢᠶᠡᠯ ᠲᠦᠷᠦᠯ᠎ᠢ ᠰᠠᠶ᠋ᠢᠳᠤᠷ ᠰᠤᠷᠬᠤ᠎ᠳᠤ᠎ᠨᠢ ᠰᠠᠭᠤᠷᠢ ᠪᠤᠯᠳᠠᠭ ᠶᠤᠮ᠃ ᠲᠡᠬᠡᠪᠡᠯ ᠪᠢᠳᠠ ᠶᠠᠭᠤᠨ᠎ᠤ ᠤᠷᠢᠳ ᠬᠡᠯᠡ ᠪᠢᠴᠢᠭ᠎ᠤᠨ ᠬᠢᠴᠢᠶᠡᠯ᠎ᠤᠨ ᠪᠠᠷᠢᠮᠵᠢᠶ᠎ᠠ᠎ᠳᠤ ᠳᠤᠮᠳᠠᠳᠤ ᠰᠤᠷᠭ᠋ᠠᠭᠤᠯᠢ ᠵᠢᠨ ᠰᠤᠷᠤᠭᠴᠢ ᠵᠢᠨ ᠤᠩᠰᠢᠯᠭ᠎ᠠ ᠵᠢᠨ ᠳᠤᠬᠠᠢ ᠶᠠᠮᠠᠷᠬᠠᠨ ᠱᠠᠭ᠋ᠠᠷᠳᠠᠯᠭ᠎ᠠ ᠳᠤᠷᠠᠳᠤᠭᠰᠠᠨ ᠳᠤᠬᠠᠢ ᠵᠠᠳᠠᠯᠵᠤ ᠦᠵᠡᠶ᠎ᠡ᠃

ᠨᠢᠬᠡ᠂ 《ᠬᠡᠯᠡ ᠪᠢᠴᠢᠭ᠎ᠤᠨ ᠬᠢᠴᠢᠶᠡᠯ᠎ᠤᠨ ᠪᠠᠷᠢᠮᠵᠢᠶ᠎ᠠ》᠎ᠳᠠᠬᠢ ᠳᠤᠮᠳᠠᠳᠤ ᠰᠤᠷᠭ᠋ᠠᠭᠤᠯᠢ ᠵᠢᠨ ᠰᠤᠷᠤᠭᠴᠢ ᠵᠢᠨ ᠤᠩᠰᠢᠯᠭ᠎ᠠ ᠵᠢᠨ ᠳᠤᠬᠠᠢ ᠱᠠᠭ᠋ᠠᠷᠳᠠᠯᠭ᠎ᠠ

《ᠬᠡᠯᠡ ᠪᠢᠴᠢᠭ᠎ᠤᠨ ᠬᠢᠴᠢᠶᠡᠯ᠎ᠤᠨ ᠪᠠᠷᠢᠮᠵᠢᠶ᠎ᠠ》 ᠵᠢᠨ 2013 ᠤᠨ᠎ᠤ ᠬᠡᠪᠯᠡᠯ ᠎ᠳᠤ 《ᠰᠤᠷᠤᠭᠴᠢ ᠪᠤᠯ ᠰᠤᠷᠬᠤ ᠵᠢᠨ ᠡᠵᠡᠨ ᠪᠡᠶ᠎ᠡ ᠮᠦᠨ᠃ ᠬᠡᠯᠡ ᠪᠢᠴᠢᠭ᠎ᠤᠨ ᠬᠢᠴᠢᠶᠡᠯ᠎ᠨᠢ ᠠ᠋ᠷᠬᠡᠪᠰᠢ ᠰᠤᠷᠤᠭᠴᠢᠳ᠎ᠤᠨ ᠪᠡᠶ᠎ᠡ ᠰᠡᠳᠭᠢᠴᠠ ᠵᠢᠨ ᠬᠦᠭᠵᠢᠯᠲᠡ ᠪᠤᠯᠤᠨ ᠬᠡᠯᠡ ᠪᠢᠴᠢᠭ ᠰᠤᠷᠬᠤ ᠤᠨᠴᠠᠯᠢᠭ᠎ᠠᠴᠠ ᠠ᠋ᠭᠦᠰᠴᠦ᠂ ᠰᠤᠷᠤᠭᠴᠢᠳ᠎ᠤᠨ ᠰᠤᠨᠢᠭᠤᠴᠢ ᠰᠡᠳᠭᠢᠯᠭᠡ᠂ ᠮᠡᠳᠡᠵᠦ ᠤᠢ᠍ᠢ᠍ᠯᠠᠭ᠋ᠠᠬᠤ ᠬᠦᠰᠡᠯ᠎ᠢ ᠠᠩᠬᠠᠷᠴᠤ᠂ ᠪᠡᠶ᠎ᠡ᠎ᠪᠠᠨ ᠳᠠᠭ᠋ᠠᠭ᠋ᠠᠵᠤ ᠤᠩᠰᠢᠬᠤ᠂ ᠴᠢᠯᠦᠭᠡᠲᠡᠢ ᠢᠯᠡᠳᠭᠡᠬᠦ ᠵᠢ ᠵᠤᠷᠢᠬ᠍ᠵᠢᠭᠤᠯᠤᠨ᠂ ᠠᠰᠠᠭᠤᠳᠠᠯ ᠲᠤᠷᠠᠳᠬᠤ ᠤᠬᠠᠮᠰᠠᠷ ᠪᠤᠯᠤᠨ ᠦᠭᠡᠳᠡᠯᠡᠨ ᠲᠠᠪᠰᠢᠬᠤ ᠵᠤᠷᠢᠭ ᠰᠠᠨᠠᠭ᠎ᠠ ᠵᠢ᠎ᠨᠢ ᠭᠦᠢ᠍ᠴᠡᠳ ᠪᠠᠳᠠᠷᠠᠭᠤᠯᠤᠨ᠎ᠠ᠃ ᠰᠤᠷᠤᠭᠴᠢᠳ᠎ᠤᠨ ᠵᠦᠷᠢᠶ᠎ᠡ ᠪᠤᠯᠤᠨ ᠠᠳᠠᠯᠢ ᠪᠤᠰᠤ ᠵᠢᠨ ᠰᠤᠷᠤᠯᠴᠠᠭ᠍ᠤ ᠬᠡᠷᠡᠭᠴᠡᠭᠡ᠎ᠳᠤ ᠲᠤᠬᠢᠷᠠᠭᠤᠯᠤᠨ᠂ ᠡᠵᠡᠨ ᠮᠡᠳᠡᠬᠦ᠂ ᠬᠤᠷᠰᠢᠬᠤ᠂ ᠰᠦᠪᠡᠭᠴᠢᠯᠡᠵᠦ ᠰᠤᠷᠤᠯᠴᠠᠭ᠍ᠤ᠎ᠳᠤ ᠲᠠᠶ᠋ᠢᠴᠢᠯᠠᠨ᠎ᠠ᠃ ᠵᠢᠭ᠋ᠠᠬᠤ ᠠᠭᠤᠯᠭ᠎ᠠ᠎ᠪᠠᠨ ᠲᠤᠬᠢᠷᠠᠭᠤᠯᠬᠤ᠂ ᠵᠢᠭ᠋ᠠᠬᠤ ᠠᠷᠭ᠎ᠠ᠎ᠪᠠᠨ ᠰᠤᠩᠭᠤᠬᠤ᠂ ᠦᠨᠡᠯᠡᠯᠲᠡ ᠵᠢᠨ ᠠᠷᠭ᠎ᠠ ᠬᠡᠯᠪᠡᠷᠢ᠎ᠪᠠᠨ ᠲᠦᠰᠦᠪᠯᠡᠬᠦ᠎ᠳᠤ ᠪᠦᠷ ᠠ᠋ᠶ᠋ᠢᠮᠦᠷᠬᠦᠦ ᠰᠤᠷᠤᠯᠴᠠᠭ᠍ᠤ ᠠᠷᠭ᠎ᠠ ᠵᠢ ᠪᠤᠢ ᠪᠤᠯᠭ᠋ᠠᠨ᠎ᠠ》 ᠬᠡᠵᠤ ᠳᠤᠷᠠᠳᠤᠭᠰᠠᠨ ᠪᠠᠶ᠋ᠢᠳᠠᠭ᠃ ᠠ᠋ᠨᠡ ᠪᠤᠯ ᠳᠠᠷᠤᠢ ᠳᠤᠮᠳᠠᠳᠤ ᠰᠤᠷᠭ᠋ᠠᠭᠤᠯᠢ ᠵᠢᠨ ᠬᠡᠯᠡ ᠪᠢᠴᠢᠭ᠎ᠤᠨ ᠵᠢᠭ᠋ᠠᠨ ᠰᠤᠷᠭ᠋ᠠᠯᠳᠠ᠎ᠳᠤ ᠰᠤᠷᠤᠭᠴᠢᠳ᠎ᠤᠨ ᠵᠶ᠋ᠠᠨ ᠤᠨᠴᠠᠯᠢᠭ᠎ᠲᠤ ᠳᠤᠬᠢᠷᠠᠭᠤᠯᠤᠨ ᠶᠠᠮᠠᠷᠬᠠᠨ ᠵᠢᠭ᠋ᠠᠨ ᠰᠤᠷᠭ᠋ᠠᠬᠤ ᠠᠷᠭ᠎ᠠ ᠬᠡᠯᠪᠡᠷᠢ ᠵᠢ ᠠᠰᠢᠭᠯᠠᠭ᠍ᠤ ᠳᠤᠬᠠᠢ ᠳᠤᠷᠠᠳᠴᠤ ᠪᠠᠶ᠋ᠢᠭ᠎ᠠ ᠶᠠᠪᠤᠳᠠᠯ ᠮᠦᠨ᠃ ᠮᠦᠨ ᠴᠤ᠌ ᠳᠤᠮᠳᠠᠳᠤ ᠰᠤᠷᠭ᠋ᠠᠭᠤᠯᠢ ᠵᠢᠨ ᠰᠤᠷᠤᠭᠴᠢ ᠠ᠋ᠨᠡ ᠱᠠᠳᠤᠨ᠎ᠳᠤ ᠶᠠᠮᠠᠷᠬᠠᠨ ᠬᠢᠷᠢ ᠬᠡᠮᠵᠢᠶᠡᠨ᠎ᠤ ᠤᠩᠰᠢᠯᠭ᠎ᠠ ᠵᠢᠨ ᠪᠠᠶ᠋ᠢᠳᠠᠯ᠎ᠲᠠᠢ ᠪᠠᠶ᠋ᠢᠬᠤ ᠳᠤᠬᠠᠢ ᠶᠠᠷᠢᠭᠰᠠᠨ ᠪᠠᠶ᠋ᠢᠳᠠᠭ᠃ ᠳᠡᠬᠡᠪᠡᠯ ᠳᠤᠰ 《ᠬᠢᠴᠢᠶᠡᠯ᠎ᠤᠨ ᠪᠠᠷᠢᠮᠵᠢᠶ᠎ᠠ》᠎ᠳᠤ ᠪᠠᠰᠠ 《ᠬᠡᠯᠡ ᠪᠢᠴᠢᠭ᠎ᠤᠨ ᠰᠤᠷᠤᠯᠴᠠᠯᠭ᠎ᠠ᠎ᠨᠢ ᠠ᠋ᠷᠬᠡᠪᠰᠢ ᠰᠤᠨᠤᠰᠬᠤ᠂ ᠶᠠᠷᠢᠬᠤ᠂ ᠤᠩᠰᠢᠬᠤ᠂ ᠪᠢᠴᠢᠬᠦ ᠵᠢᠨ ᠤᠶᠠᠯᠳᠤᠭ᠎ᠠ᠂ ᠬᠡᠯᠡ ᠪᠢᠴᠢᠭ ᠪᠤᠯᠤᠨ ᠠᠮᠢᠳᠤᠷᠠᠯ᠎ᠤᠨ ᠤᠶᠠᠯᠳᠤᠭ᠎ᠠ ᠵᠢ ᠴᠢᠬᠤᠯᠠᠴᠢᠯᠠᠨ ᠠᠩᠬᠠᠷᠴᠤ᠂ ᠮᠡᠳᠡᠯᠭᠡ ᠪᠤᠯᠤᠨ ᠴᠢᠳᠠᠪᠤᠷᠢ᠂ ᠶᠠᠪᠤᠴᠠ ᠪᠤᠯᠤᠨ ᠠᠷᠭ᠎ᠠ᠂ ᠤᠪᠤᠷ ᠰᠡᠳᠭᠢᠯᠭᠡ ᠪᠤᠯᠤᠨ ᠦᠷᠲᠡᠭ᠎ᠤᠨ ᠦᠵᠡᠯᠲᠡ ᠵᠢᠨ ᠪᠦᠬᠦᠯᠢ ᠴᠤᠭᠴᠠᠲᠤ ᠬᠦᠭᠵᠢᠯᠲᠡ ᠵᠢ ᠠᠬᠢᠭᠤᠯᠤᠨ᠎ᠠ》 ᠬᠡᠵᠤ ᠳᠤᠷᠠᠳᠤᠭᠰᠠᠨ᠎ᠠᠴᠠ ᠪᠢᠳᠡ ᠤᠩᠰᠢᠬᠤ ᠪᠤᠯ ᠬᠡᠯᠡ ᠪᠢᠴᠢᠭ᠎ᠤᠨ ᠦᠨᠳᠦᠰᠦᠨ ᠲᠦᠷᠪᠡᠨ ᠴᠢᠳᠠᠪᠤᠷᠢ ᠵᠢᠨ ᠨᠢᠬᠡ ᠪᠤᠯᠬᠤ ᠵᠢ ᠳᠤᠳᠤᠷᠬᠠᠢ ᠤᠶ᠋ᠢᠯᠠᠭ᠋ᠠᠵᠤ ᠪᠤᠯᠬᠤ᠎ᠪᠠᠷ ᠪᠠᠷᠠᠭ᠍ᠤ ᠦᠬᠡᠢ ᠬᠡᠯᠡ ᠪᠢᠴᠢᠭ᠎ᠤᠨ ᠶᠡᠷᠦᠩᠬᠡᠢ ᠴᠢᠳᠠᠪᠤᠷᠢ ᠵᠢ ᠳᠠᠬᠡᠭᠰᠢᠯᠡᠬᠦᠯᠬᠦ ᠬᠡᠪᠡᠯ ᠠ᠋ᠨᠡ ᠳᠠᠯ᠎ᠠ ᠵᠢᠨ ᠴᠢᠳᠠᠪᠤᠷᠢ ᠵᠢ ᠠ᠋ᠷᠬᠡᠪᠰᠢ ᠬᠦᠨᠳᠦᠳᠬᠡᠨ ᠦᠵᠡᠬᠦ ᠬᠡᠷᠡᠭᠳᠡᠢ ᠬᠡᠳᠡᠭ᠎ᠢ ᠮᠡᠳᠡᠵᠤ ᠪᠤᠯᠬᠤ ᠶᠤᠮ᠃ ᠵᠠᠯᠭ᠋ᠠᠭ᠋ᠠᠳ ᠪᠠᠰᠠ ᠳᠤᠮᠳᠠᠳᠤ ᠰᠤᠷᠭ᠋ᠠᠭᠤᠯᠢ ᠵᠢᠨ ᠰᠤᠷᠤᠭᠴᠢ ᠵᠢᠨ ᠲᠦᠷᠪᠡᠳᠦᠬᠡᠷ ᠱᠠᠳᠤᠨ ᠎ᠤ ᠤᠩᠰᠢᠵᠤ ᠤᠶ᠋ᠢᠯᠠᠭ᠋ᠠᠬᠤ ᠳᠤᠬᠠᠢ ᠶᠠᠷᠢᠬᠤ᠎ᠳᠤ ᠎ᠪᠠᠨ ᠠ᠋ᠶ᠋ᠢᠮᠦᠷᠬᠦᠤ ᠬᠡᠳᠦᠨ ᠳᠠᠯ᠎ᠠ ᠵᠢᠨ ᠪᠤᠳᠠᠳᠤ ᠱᠠᠭ᠋ᠠᠷᠳᠠᠯᠭ᠎ᠠ ᠵᠢ ᠳᠤᠷᠠᠳᠤᠭᠰᠠᠨ ᠪᠠᠶ᠋ᠢᠳᠠᠭ᠃ ᠳᠠᠷᠤᠢ 《ᠠ᠋ᠩ᠎ᠤᠨ ᠨᠤᠮ ᠵᠤᠬᠢᠶᠠᠯ᠎ᠢ ᠪᠤᠯᠪᠠᠰᠤᠷᠠᠩᠭᠤᠢ᠂ ᠰᠡᠳᠭᠢᠯᠭᠡ᠎ᠲᠠᠢ᠎ᠪᠠᠷ ᠠᠪᠤᠨ ᠲᠤᠤᠷ᠎ᠠ᠎ᠪᠠᠨ ᠳᠠᠭᠤᠲᠠᠢ ᠤᠩᠰᠢᠵᠤ ᠴᠢᠳᠠᠨ᠎ᠠ᠃ ᠳᠠᠭᠤ ᠦᠭᠡᠢ ᠤᠩᠰᠢᠬᠤ ᠳᠠᠳᠬᠠᠯ᠎ᠲᠠᠢ ᠪᠤᠯᠵᠤ᠂ ᠮᠢᠨᠦ᠋ᠲ ᠪᠦᠷᠢ 200~400 ᠦᠭᠡ ᠵᠢᠨ ᠬᠤᠷᠳᠤᠴᠠ᠎ᠪᠠᠷ ᠤᠩᠰᠢᠵᠤ ᠴᠢᠳᠠᠭ᠍ᠤ ᠪᠦᠭᠡᠳ ᠵᠤᠬᠢᠶᠠᠯ᠎ᠤᠨ ᠭᠤᠤᠯ ᠠᠭᠤᠯᠭ᠎ᠠ᠂ ᠵᠤᠬᠢᠶᠠᠭᠴᠢ ᠵᠢᠨ ᠦᠵᠡᠯ ᠰᠡᠳᠭᠢᠯᠭᠡ ᠵᠢ ᠤᠢ᠍ᠢ᠍ᠯᠠᠭ᠋ᠠᠨ᠎ᠠ᠃ ᠲᠦᠢ᠍ᠮᠤᠴᠢᠯᠠᠨ ᠤᠩᠰᠢᠬᠤ᠂ ᠬᠠᠶ᠋ᠢᠨ ᠤᠩᠰᠢᠬᠤ ᠠᠷᠭ᠎ᠠ ᠵᠢ ᠪᠤᠯᠪᠠᠰᠤᠷᠠᠩᠭᠤᠢ ᠡᠵᠡᠮᠰᠢᠵᠦ᠂ ᠤᠩᠰᠢᠯᠭ᠎ᠠ ᠵᠢᠨ ᠬᠦᠷᠢᠶ᠎ᠡ ᠴᠠᠷᠠᠭ᠎ᠠ᠎ᠪᠠᠨ ᠦᠷᠭᠡᠳᠭᠡᠨ᠎ᠡ᠃ ᠬᠢᠴᠢᠶᠡᠯ ᠵᠶ᠋ᠠᠨ ᠲᠤᠭᠤᠰᠢ ᠤᠩᠰᠢᠭᠰᠠᠨ ᠰᠠᠭᠤᠷᠢᠨ ᠳᠡᠭᠡᠷ᠎ᠡ ᠰᠡᠳᠭᠢᠮᠵᠢ ᠵᠢ᠎ᠨᠢ ᠤᠯᠵᠤ᠂ ᠭᠤᠤᠯ ᠠᠭᠤᠯᠭ᠎ᠠ ᠵᠢ᠎ᠨᠢ ᠤᠶ᠋ᠢᠯᠠᠭ᠋ᠠᠨ᠂ ᠵᠠᠩᠭᠢᠯᠠᠭ᠎ᠠ ᠵᠢᠨ ᠦᠭᠡ ᠦᠭᠦᠯᠡᠪᠦᠷᠢ ᠵᠢᠨ ᠲᠤᠬᠠᠢ ᠵᠢᠨ ᠬᠡᠯᠡᠨ᠎ᠤ ᠤᠷᠴᠢᠨ᠎ᠳᠠᠬᠢ ᠤᠳᠬ᠎ᠠ ᠦᠢ᠍ᠯᠡᠳᠦᠯ᠎ᠢ ᠰᠢᠨᠵᠢᠯᠡᠵᠦ ᠴᠢᠳᠠᠨ᠎ᠠ》 ᠭᠡᠬᠦ ᠮᠡᠳᠦ᠎ᠪᠠᠷ ᠳᠤᠷᠠᠳᠤᠭᠰᠠᠨ ᠪᠠᠶ᠋ᠢᠳᠠᠭ᠃ ᠠ᠋ᠳᠡᠬᠡᠷ ᠪᠤᠯ ᠳᠠᠷᠤᠢ ᠳᠤᠮᠳᠠᠳᠤ ᠰᠤᠷᠭ᠋ᠠᠭᠤᠯᠢ ᠵᠢᠨ ᠱᠠᠳᠤᠨ᠎ᠳᠤ ᠰᠤᠷᠤᠭᠴᠢ ᠵᠢᠨ ᠡᠵᠡᠮᠰᠢᠬᠦ ᠶᠤᠰᠤᠳᠠᠢ ᠤᠩᠰᠢᠯᠭ᠎ᠠ ᠵᠢᠨ ᠳᠤᠬᠠᠢ ᠱᠠᠭ᠋ᠠᠷᠳᠠᠯᠭ᠎ᠠ ᠪᠤᠯᠬᠤ ᠶᠤᠮ᠃ ᠠ᠋ᠬᠦᠨ᠎ᠠᠴᠠ ᠪᠢᠳᠡ ᠤᠩᠰᠢᠯᠭ᠎ᠠ᠎ᠨᠢ ᠬᠡᠯᠡ ᠪᠢᠴᠢᠭ᠎ᠤᠨ ᠵᠢᠭ᠋ᠠᠨ ᠰᠤᠷᠭ᠋ᠠᠯᠳᠠ᠎ᠳᠤ ᠮᠠᠰᠢ ᠴᠢᠬᠤᠯᠠ ᠪᠠᠶ᠋ᠢᠷᠢ ᠰᠠᠭᠤᠷᠢ ᠵᠢ ᠡᠵᠡᠯᠡᠵᠤ᠂ ᠬᠡᠯᠡ ᠪᠢᠴᠢᠭ᠎ᠤᠨ ᠦᠨᠳᠦᠰᠦᠨ ᠳᠦᠷᠪᠡᠨ ᠴᠢᠳᠠᠪᠤᠷᠢ ᠵᠢᠨ ᠴᠢᠬᠤᠯᠠ ᠨᠢᠬᠡᠨ ᠴᠢᠳᠠᠪᠤᠷᠢ ᠪᠤᠯᠬᠤ ᠵᠢ ᠤᠶ᠋ᠢᠯᠠᠭ᠋ᠠᠵᠤ ᠪᠤᠯᠤᠨ᠎ᠠ᠃ ᠠ᠋ᠶ᠋ᠢᠮᠦ᠎ᠠᠴᠠ ᠪᠢᠳᠡ ᠬᠡᠯᠡ ᠪᠢᠴᠢᠭ᠎ᠤᠨ ᠬᠢᠴᠢᠶᠡᠯ᠎ᠤᠨ ᠵᠢᠭ᠋ᠠᠨ ᠰᠤᠷᠭ᠋ᠠᠯᠳᠠ ᠵᠢ ᠤᠯᠠᠮ ᠴᠢᠨᠠᠷᠵᠢᠭᠤᠨ ᠪᠤᠯᠭ᠋ᠠᠬᠤ ᠬᠡᠪᠡᠯ ᠠ᠋ᠷᠬᠡᠪᠰᠢ ᠤᠩᠰᠢᠯᠭ᠎ᠠ ᠵᠢᠨ ᠴᠢᠬᠤᠯᠠ ᠴᠢᠨᠠᠷ᠎ᠢ ᠵᠦᠪ ᠵᠶ᠋ᠠᠷ ᠤᠶ᠋ᠢᠯᠠᠭ᠋ᠠᠵᠤ᠂ ᠤᠩᠰᠢᠯᠭ᠎ᠠ ᠠᠨᠠᠢ ᠪᠠᠶ᠋ᠢᠳᠠᠭ᠎ᠤᠨ ᠰᠢᠯᠳᠠᠭ᠋ᠠᠨ ᠪᠠ ᠤᠩᠰᠢᠯᠭ᠎ᠠ ᠵᠢᠨ ᠬᠤᠷᠳᠤᠴᠠ ᠵᠢ ᠰᠠᠶ᠋ᠢᠵᠢᠷᠠᠭᠤᠯᠬᠤ ᠠᠷᠭ᠎ᠠ ᠪᠠᠷᠢᠯ ᠵᠡᠷᠬᠡ ᠵᠢ ᠨᠢᠬᠳᠠᠯᠠᠨ ᠰᠤᠳᠤᠯᠬᠤ ᠬᠡᠷᠡᠭᠳᠡᠢ ᠶᠤᠮ᠃

ᠬᠤᠶᠠᠷ᠂ ᠳᠤᠮᠳᠠᠳᠤ ᠰᠤᠷᠭ᠋ᠠᠭᠤᠯᠢ ᠵᠢᠨ ᠰᠤᠷᠤᠭᠴᠢ ᠵᠢᠨ ᠤᠩᠰᠢᠯᠭ᠎ᠠ ᠵᠢᠨ ᠴᠢᠳᠠᠪᠤᠷᠢ ᠠᠨᠠᠢ ᠪᠠᠶ᠋ᠢᠳᠠᠭ᠎ᠤᠨ ᠰᠢᠯᠳᠠᠭ᠋ᠠᠨ

1. ᠬᠡᠯᠡ ᠪᠢᠴᠢᠭ᠎ᠤᠨ ᠦᠨᠳᠦᠰᠦᠨ ᠮᠡᠳᠡᠯᠬᠡ ᠪᠠ ᠦᠨᠳᠦᠰᠦᠨ ᠴᠢᠳᠠᠪᠤᠷᠢ᠎ᠨᠢ ᠠᠨᠠᠢ ᠪᠠᠶ᠋ᠢᠬᠤ

ᠳᠤᠮᠳᠠᠳᠤ ᠰᠤᠷᠭ᠋ᠠᠭᠤᠯᠢ ᠵᠢᠨ ᠰᠤᠷᠤᠭᠴᠢ ᠵᠢᠨ ᠤᠩᠰᠢᠯᠭ᠎ᠠ ᠵᠢᠨ ᠴᠢᠳᠠᠪᠤᠷᠢ ᠠᠨᠠᠢ ᠪᠠᠶ᠋ᠢᠳᠠᠭ᠎ᠤᠨ ᠬᠠᠮᠤᠭ᠎ᠤᠨ ᠭᠤᠤᠯ ᠰᠢᠯᠳᠠᠭ᠋ᠠᠨ ᠪᠤᠯ ᠳᠠᠷᠤᠢ ᠦᠬᠡ ᠵᠢᠨ ᠰᠠᠩ᠎ᠤᠨ ᠬᠤᠷᠠᠮᠳᠤᠭᠤᠯᠤᠯ ᠳᠤᠳᠠᠭᠤ᠂ ᠬᠡᠯᠡᠨ ᠵᠦᠢ ᠵᠢᠨ ᠰᠠᠭᠤᠷᠢ ᠮᠡᠳᠡᠯᠬᠡ ᠠᠨᠠᠢ᠎ᠠᠴᠠ ᠪᠤᠯᠤᠭᠰᠠᠨ ᠶᠤᠮ᠃ ᠬᠡᠷᠪᠡ ᠬᠠᠷᠠᠭ᠍ᠠᠨ ᠪᠠᠭ᠎ᠠ᠎ᠠᠴᠠ᠎ᠪᠠᠨ ᠦᠬᠡᠰ᠎ᠤᠨ ᠰᠠᠩ᠎ᠤᠨ ᠬᠤᠷᠠᠮᠳᠤᠭᠤᠯᠤᠯ ᠠᠨᠠᠢ᠂ ᠦᠬᠡ ᠡᠵᠡᠮᠰᠢᠬᠦ ᠪᠠ ᠦᠬᠡ ᠵᠢᠨ ᠤᠳᠬ᠎ᠠ ᠵᠢ ᠤᠶ᠋ᠢᠯᠠᠭ᠋ᠠᠬᠤ ᠳᠠᠯ᠎ᠠ᠎ᠪᠠᠷ ᠠᠷᠭ᠎ᠠ ᠮᠠᠶᠢᠭ᠎ᠨᠢ ᠪᠤᠷᠤᠭᠤ ᠪᠤᠶᠤ ᠤᠷ᠎ᠠ ᠮᠡᠷᠬᠡᠰᠢᠯ᠎ᠨᠢ ᠳᠤᠳᠠᠭᠤ᠎ᠠᠴᠠ ᠪᠤᠯᠤᠭ᠋ᠠᠳ ᠶᠠᠮᠠᠷ ᠨᠢᠬᠡ ᠦᠬᠡ ᠵᠢᠨ ᠵᠦᠪᠬᠡᠨ ᠨᠢᠬᠡ ᠯᠠ ᠤᠳᠬ᠎ᠠ ᠵᠢ ᠤᠶ᠋ᠢᠯᠠᠭ᠋ᠠᠵᠤ᠂ ᠳᠡᠬᠦᠨ᠎ᠤ ᠤᠯᠠᠨ ᠤᠳᠬ᠎ᠠ ᠪᠤᠶᠤ ᠠ᠋ᠰᠡᠷᠬᠦ ᠤᠳᠬ᠎ᠠ ᠵᠡᠷᠬᠡ ᠵᠢ ᠤᠶ᠋ᠢᠯᠠᠭ᠋ᠠᠬᠤ ᠦᠬᠡᠢ᠎ᠠᠴᠠ ᠪᠤᠯᠤᠭ᠋ᠠᠳ ᠵᠤᠬᠢᠶᠠᠯ᠎ᠤᠨ ᠤᠳᠬ᠎ᠠ ᠰᠠᠨᠠᠭ᠎ᠠ ᠵᠢ ᠤᠶ᠋ᠢᠯᠠᠭ᠋ᠠᠬᠤ᠎ᠳᠤ ᠮᠠᠰᠢ ᠬᠦᠴᠢᠷᠳᠡᠳᠡᠭ᠃ ᠠ᠋ᠨᠡ᠎ᠨᠢ ᠳᠡᠳᠡᠨ᠎ᠤ ᠤᠩᠰᠢᠯᠭ᠎ᠠ ᠵᠢᠨ ᠬᠢᠷᠢ ᠪᠦᠲᠦᠮᠵᠢ ᠵᠢ ᠶᠡᠭᠡ᠎ᠪᠠᠷ ᠨᠦᠯᠦᠬᠡᠯᠡᠳᠡᠭ ᠶᠤᠮ᠂ ᠶᠡᠷᠦ᠎ᠨᠢ ᠤᠩᠰᠢᠯᠭ᠎ᠠ ᠵᠢᠨ ᠬᠠᠮᠤᠭ᠎ᠤᠨ ᠦᠨᠳᠦᠰᠦᠨ ᠳᠠᠪᠬᠤᠷᠭ᠎ᠠ ᠪᠤᠯ ᠳᠠᠷᠤᠢ ᠦᠬᠡ ᠦᠰᠦᠭ᠎ᠤᠨ ᠤᠳᠬ᠎ᠠ ᠵᠢ ᠤᠶ᠋ᠢᠯᠠᠭ᠋ᠠᠬᠤ ᠱᠠᠳᠤ ᠪᠤᠯᠤᠨ᠎ᠠ᠃ ᠬᠡᠷᠪᠡ ᠠ᠋ᠨᠡ ᠪᠤᠭᠤᠮᠳᠠ ᠵᠢ ᠳᠠᠪᠠᠵᠤ ᠴᠢᠳᠠᠭ᠍ᠤ ᠦᠬᠡᠢ ᠪᠤᠯ ᠤᠩᠰᠢᠯᠭ᠎ᠠ ᠵᠢᠨ ᠳᠠᠷᠠᠭ᠋ᠠᠬᠢ ᠪᠤᠭᠤᠮᠳᠠ ᠵᠢ ᠳᠠᠪᠠᠭ᠍ᠤ᠎ᠳᠤ ᠮᠠᠰᠢ ᠬᠦᠴᠢᠷ ᠶᠤᠮ᠃ ᠬᠡᠷᠪᠡ ᠨᠢᠬᠡ ᠦᠬᠡ ᠵᠢᠨ ᠤᠳᠬ᠎ᠠ ᠵᠢ ᠪᠦᠷᠢᠨ ᠰᠠᠶ᠋ᠢᠨ ᠤᠶ᠋ᠢᠯᠠᠭ᠋ᠠᠵᠤ ᠴᠢᠳᠠᠭ᠍ᠤ ᠦᠬᠡᠢ ᠪᠤᠯ ᠦᠬᠦᠯᠡᠪᠦᠷᠢ ᠵᠢᠨ ᠤᠳᠬ᠎ᠠ ᠵᠢ ᠤᠶ᠋ᠢᠯᠠᠭ᠋ᠠᠬᠤ᠎ᠳᠤ ᠬᠦᠴᠢᠷᠳᠡᠨ᠎ᠡ᠂ ᠦᠬᠦᠯᠡᠪᠦᠷᠢ ᠵᠢᠨ ᠤᠳᠬ᠎ᠠ ᠵᠢ ᠤᠶ᠋ᠢᠯᠠᠭ᠋ᠠᠵᠤ ᠴᠢᠳᠠᠭ᠍ᠤ ᠦᠬᠡᠢ ᠪᠤᠯ ᠬᠡᠰᠡᠭ ᠪᠦᠯᠦᠭ᠎ᠤᠨ ᠤᠳᠬ᠎ᠠ ᠵᠢ ᠤᠶ᠋ᠢᠯᠠᠭ᠋ᠠᠬᠤ᠎ᠳᠤ ᠬᠦᠴᠢᠷᠳᠡᠨ᠎ᠡ᠂ ᠬᠡᠰᠡᠭ ᠪᠦᠯᠦᠭ᠎ᠤᠨ ᠠᠭᠤᠯᠭ᠎ᠠ ᠵᠢ ᠤᠶ᠋ᠢᠯᠠᠭ᠋ᠠᠬᠤ ᠦᠬᠡᠢ ᠪᠤᠯ ᠪᠦᠬᠦᠢ ᠯᠠ ᠠ᠋ᠬᠡ ᠪᠢᠴᠢᠭ ᠪᠠ ᠵᠤᠬᠢᠶᠠᠯ ᠎ᠤᠨ ᠠᠭᠤᠯᠭ᠎ᠠ ᠵᠢ ᠤᠶ᠋ᠢᠯᠠᠭ᠋ᠠᠬᠤ ᠦᠬᠡᠢ ᠶᠤᠮ᠃ ᠢᠩᠬᠢᠪᠡᠯ ᠳᠠᠷᠤᠢ ᠤᠩᠰᠢᠯᠭ᠎ᠠ ᠵᠢᠨ ᠬᠢᠷᠢ ᠪᠦᠲᠦᠮᠵᠢ ᠠᠶ᠎ᠠ᠎ᠪᠠᠷ ᠵᠶ᠋ᠠᠨ ᠳᠤᠷᠤᠭᠰᠢᠯᠠᠵᠤ᠂ ᠬᠡᠯᠡ ᠪᠢᠴᠢᠭ᠎ᠤᠨ ᠶᠡᠷᠦᠩᠬᠡᠢ ᠬᠡᠪ ᠪᠤᠯᠪᠠᠰᠤᠷᠠᠯ᠎ᠢ ᠨᠦᠯᠦᠬᠡᠯᠡᠬᠦ ᠪᠤᠯᠤᠨ᠎ᠠ᠃

ᠤᠳᠤ ᠨᠢᠬᠡ ᠠᠰᠠᠭᠤᠳᠠᠯ᠎ᠨᠢ ᠤᠯᠠᠩᠬᠢ ᠰᠤᠷᠤᠭᠴᠢᠳ ᠬᠡᠯᠡᠨ ᠵᠦᠢ ᠰᠤᠷᠬᠤ ᠳᠤᠷ᠎ᠠ ᠦᠬᠡᠢ ᠪᠠᠶ᠋ᠢᠳᠠᠭ ᠮᠦᠷᠳᠡᠬᠡᠨ ᠬᠡᠯᠡᠨ ᠵᠦᠢ ᠵᠢᠨ ᠦᠨᠳᠦᠰᠦᠨ ᠮᠡᠳᠡᠯᠬᠡ᠎ᠨᠢ ᠠᠨᠠᠢ᠎ᠠᠴᠠ ᠪᠤᠯᠵᠤ᠂ ᠵᠤᠬᠢᠶᠠᠯ᠎ᠤᠨ ᠠᠭᠤᠯᠭ᠎ᠠ ᠵᠢ ᠪᠦᠷᠢᠨ ᠰᠠᠶ᠋ᠢᠨ ᠤᠶ᠋ᠢᠯᠠᠭ᠋ᠠᠵᠤ ᠴᠢᠳᠠᠭ᠍ᠤ ᠦᠬᠡᠢ ᠪᠠᠶ᠋ᠢᠳᠠᠭ᠃ ᠬᠡᠯᠡ ᠵᠦᠢ ᠵᠢᠨ ᠮᠡᠳᠡᠯᠬᠡ ᠳᠡᠷᠡ ᠳᠤᠰᠤᠮ ᠵᠶ᠋ᠠᠨ ᠦᠬᠡ ᠵᠢᠨ ᠰᠠᠩ ᠪᠠ ᠨᠠᠶ᠋ᠢᠷᠠᠭᠤᠯᠭ᠎ᠠ ᠵᠦᠢ ᠵᠢᠨ ᠮᠡᠳᠡᠯᠬᠡ ᠳᠤᠳᠠᠭᠤ ᠪᠤᠯ ᠤᠩᠰᠢᠯᠭ᠎ᠠ ᠵᠢᠨ ᠬᠢᠷᠢ ᠪᠦᠲᠦᠮᠵᠢ ᠵᠢ ᠦᠨᠡᠨ ᠬᠦ᠌ ᠨᠦᠯᠦᠬᠡᠯᠡᠳᠡᠭ᠃ ᠠ᠋ᠨᠡ ᠪᠤᠯ ᠳᠠᠷᠤᠢ ᠤᠩᠰᠢᠯᠭ᠎ᠠ ᠠᠨᠠᠢ ᠪᠠᠶ᠋ᠢᠳᠠᠭ᠎ᠤᠨ ᠬᠠᠮᠤᠭ᠎ᠤᠨ ᠴᠢᠬᠤᠯᠠ ᠨᠢᠬᠡᠨ ᠰᠢᠯᠳᠠᠭ᠋ᠠᠨ ᠪᠤᠯᠬᠤ ᠮᠦᠷᠳᠡᠬᠡᠨ ᠤᠩᠰᠢᠯᠭ᠎ᠠ ᠵᠢᠨ ᠬᠠᠮᠤᠭ᠎ᠤᠨ ᠲᠤᠤᠷᠠᠳᠤ ᠱᠠᠳᠤᠨ᠎ᠳᠤ ᠠ᠋ᠷᠬᠡᠪᠰᠢ ᠪᠡᠶᠡᠯᠡᠬᠦᠯᠬᠦ ᠬᠡᠷᠡᠭᠳᠡᠢ ᠱᠠᠭ᠋ᠠᠷᠳᠠᠯᠭ᠎ᠠ ᠪᠤᠯᠬᠤ ᠶᠤᠮ᠃

2. ᠰᠡᠳᠬᠢᠴᠡ ᠵᠢᠨ ᠬᠠᠷᠰᠢ ᠰᠠᠭ᠋ᠠᠳ᠎ᠲᠠᠢ ᠪᠠᠶ᠋ᠢᠬᠤ ᠠᠰᠠᠭᠤᠳᠠᠯ

ᠰᠤᠷᠤᠭᠴᠢᠳ ᠶᠡᠷᠦ᠎ᠨᠢ ᠤᠩᠰᠢᠯᠭ᠎ᠠ ᠵᠢᠨ ᠳᠠᠯ᠎ᠠ᠎ᠪᠠᠷ ᠶᠡᠭᠡ ᠳᠠᠷᠤᠭ᠋ᠠᠰᠤ᠎ᠲᠠᠢ ᠪᠠᠶ᠋ᠢᠳᠠᠭ᠂ ᠵᠠᠷᠢᠮ ᠰᠤᠷᠤᠭᠴᠢᠳ ᠤᠩᠰᠢᠯᠭ᠎ᠠ᠎ᠠᠴᠠ ᠬᠠᠯᠠᠰᠢᠷᠠᠳᠠᠭ᠃ ᠵᠠᠷᠢᠮ᠎ᠨᠢ ᠤᠩᠰᠢᠯᠭ᠎ᠠ᠎ᠳᠤ ᠳᠤᠷ᠎ᠠ ᠦᠬᠡᠢ᠎ᠠᠴᠠ᠎ᠪᠠᠨ ᠪᠤᠯᠤᠭ᠋ᠠᠳ ᠨᠤᠮ ᠤᠩᠰᠢᠬᠤ ᠪᠤᠶᠤ ᠤᠩᠰᠢᠯᠭ᠎ᠠ ᠬᠢᠬᠦ ᠬᠡᠪᠡᠯ ᠠᠶᠤᠵᠤ ᠰᠠᠨᠳᠤᠷᠳᠠᠭ᠃ ᠠ᠋ᠶ᠋ᠢᠮᠦᠷᠬᠦᠤ ᠠᠶᠤᠵᠤ ᠰᠠᠨᠳᠤᠷᠬᠤ ᠰᠡᠳᠬᠢᠴᠡ᠎ᠠᠴᠠ᠎ᠪᠠᠨ ᠪᠤᠯᠤᠭ᠋ᠠᠳ ᠬᠡᠴᠢᠨᠡᠬᠡᠨ ᠬᠢᠯᠪᠠᠷ ᠠᠭᠤᠯᠭ᠎ᠠ ᠪᠠᠶ᠋ᠢᠭᠰᠠᠨ ᠴᠤ᠌ ᠬᠡᠳᠦ ᠪᠤᠳᠤᠯᠢᠶᠠᠨ᠎ᠲᠠᠢ᠎ᠪᠠᠷ ᠪᠤᠳᠤᠵᠤ᠂ ᠤᠯᠠᠮ ᠤᠶ᠋ᠢᠯᠠᠭ᠋ᠠᠬᠤ ᠦᠬᠡᠢ ᠪᠤᠯᠳᠠᠭ᠃ ᠤᠯᠠᠩᠬᠢ ᠰᠤᠷᠤᠭᠴᠢ ᠨᠤᠮ ᠤᠩᠰᠢᠬᠤ᠎ᠳᠤ᠎ᠪᠠᠨ ᠵᠦᠪᠬᠡᠨ ᠤᠩᠰᠢᠵᠤ ᠪᠠᠷᠠᠭ᠋ᠠᠬᠤ ᠵᠢ ᠯᠠ ᠭᠤᠤᠯ ᠵᠤᠷᠢᠯᠭ᠎ᠠ ᠪᠤᠯᠭ᠋ᠠᠬᠤ᠎ᠠᠴᠠ ᠪᠢᠰᠢ᠂ ᠬᠠᠷᠢᠨ ᠤᠩᠰᠢᠭ᠋ᠠᠳ ᠬᠡᠴᠢᠨᠡᠬᠡᠨ ᠵᠦᠢ᠍ᠯ᠎ᠢ ᠤᠶ᠋ᠢᠯᠠᠭ᠋ᠠᠵᠤ ᠮᠡᠳᠡᠬᠦ᠎ᠪᠠᠷ ᠦᠨᠳᠦᠰᠦᠨ ᠵᠤᠷᠢᠯᠭ᠎ᠠ᠎ᠪᠠᠨ ᠪᠤᠯᠭ᠋ᠠᠳᠠᠭ ᠦᠬᠡᠢ ᠪᠢᠯᠡ᠃ ᠠ᠋ᠨᠡ᠎ᠨᠢ ᠳᠡᠳᠡᠨ᠎ᠤ ᠤᠩᠰᠢᠯᠭ᠎ᠠ ᠵᠢᠨ ᠬᠢᠷᠢ ᠲᠦᠪᠰᠢᠨ᠎ᠢ ᠰᠢᠭᠤᠳ ᠨᠦᠯᠦᠬᠡᠯᠡᠳᠡᠭ᠃ ᠠ᠋ᠨᠡ᠎ᠨᠢ ᠤᠩᠰᠢᠯᠭ᠎ᠠ ᠠᠨᠠᠢ ᠪᠠᠶ᠋ᠢᠳᠠᠭ᠎ᠤᠨ ᠪᠠᠰᠠ ᠨᠢᠬᠡᠨ ᠴᠢᠬᠤᠯᠠ ᠰᠢᠯᠳᠠᠭ᠋ᠠᠨ ᠪᠤᠯᠤᠨ᠎ᠠ᠃ ᠠ᠋ᠶ᠋ᠢᠮᠦᠷᠬᠦᠤ ᠰᠡᠳᠬᠢᠴᠡ᠎ᠠᠴᠠ ᠪᠤᠯᠤᠭ᠋ᠠᠳ ᠤᠯᠠᠩᠬᠢ ᠰᠤᠷᠤᠭᠴᠢ᠎ᠳᠤ ᠨᠤᠮ ᠤᠩᠰᠢᠬᠤ ᠪᠤᠶᠤ ᠪᠢᠴᠢᠭ ᠮᠠᠲᠸᠷᠢᠶᠠᠯ ᠤᠩᠰᠢᠬᠤ᠎ᠨᠢ ᠶᠡᠭᠡ ᠯᠠ ᠳᠠᠷᠤᠭ᠋ᠠᠰᠤ᠎ᠲᠠᠢ ᠰᠠᠨᠠᠭᠳᠠᠵᠤ᠂ ᠨᠤᠮ ᠤᠩᠰᠢᠪᠠᠯ ᠠᠩᠬᠠᠷᠤᠯ᠎ᠨᠢ ᠲᠦᠪᠯᠡᠷᠡᠬᠦ ᠦᠬᠡᠢ᠂ ᠠᠯᠢ ᠠ᠋ᠰᠡᠬᠦᠯ᠎ᠡ ᠳᠤᠯᠤᠭ᠋ᠠᠢ᠎ᠨᠢ ᠡᠪᠡᠳᠬᠦ ᠪᠤᠶᠤ ᠶᠠᠳᠠᠷᠠᠭ᠍ᠤ ᠳᠤᠯᠠ ᠦᠴᠦᠬᠡᠨ ᠴᠤ᠌ ᠦᠷ᠎ᠡ ᠠᠰᠢᠭ ᠦᠬᠡᠢ ᠪᠠᠶ᠋ᠢᠳᠠᠭ ᠶᠤᠮ᠃ ᠠ᠋ᠶ᠋ᠢᠮᠦ᠎ᠠᠴᠠ ᠤᠩᠰᠢᠯᠭ᠎ᠠ ᠵᠢᠨ ᠬᠤᠷᠳᠤᠴᠠ᠎ᠪᠠᠨ ᠨᠡᠮᠡᠭᠳᠡᠬᠦᠯᠬᠦ ᠬᠡᠪᠡᠯ ᠠ᠋ᠷᠬᠡᠪᠰᠢ ᠠ᠋ᠶ᠋ᠢᠮᠦᠷᠬᠦᠤ ᠰᠡᠳᠬᠢᠴᠡ᠎ᠪᠠᠨ ᠢᠯᠠᠨ ᠳᠠᠪᠠᠭ᠍ᠤ ᠬᠡᠷᠡᠭᠳᠡᠢ᠂ ᠳᠡᠬᠡᠪᠡᠯ ᠰᠠᠶᠢ ᠤᠩᠰᠢᠯᠭ᠎ᠠ ᠵᠢᠨ ᠵᠦᠪ ᠤᠨᠤᠪᠴᠢᠳᠠᠢ ᠠᠷᠭ᠎ᠠ ᠳᠠᠳᠬᠠᠯ᠎ᠢ ᠡᠵᠡᠮᠰᠢᠬᠦ᠎ᠪᠠᠷ ᠪᠠᠷᠠᠭ᠍ᠤ ᠦᠬᠡᠢ᠂ ᠬᠡᠯᠡ ᠪᠢᠴᠢᠭ᠎ᠤᠨ ᠦᠨᠳᠦᠰᠤᠨ ᠪᠤᠯᠪᠠᠰᠤᠷᠠᠯ᠎ᠤᠨ ᠬᠢᠷᠢ ᠲᠦᠪᠰᠢᠨ ᠵᠶ᠋ᠠᠨ ᠨᠡᠮᠡᠭᠳᠡᠬᠦᠯᠵᠤ ᠳᠡᠶ᠋ᠢᠯᠬᠦ ᠶᠤᠮ᠃

3. ᠤᠩᠰᠢᠯᠭ᠎ᠠ ᠵᠢᠨ ᠠᠷᠭ᠎ᠠ ᠪᠠ ᠮᠡᠷᠬᠡᠵᠢᠯ᠎ᠤᠨ ᠳᠠᠯ᠎ᠠ᠎ᠪᠠᠷ ᠳᠤᠳᠠᠮᠠᠭ ᠪᠠᠶ᠋ᠢᠳᠠᠭ

ᠤᠩᠰᠢᠯᠭ᠎ᠠ ᠵᠢᠨ ᠠᠷᠭ᠎ᠠ ᠪᠠ ᠴᠢᠳᠠᠪᠤᠷᠢ ᠳᠤᠳᠠᠮᠠᠭ ᠪᠠᠶ᠋ᠢᠬᠤ᠎ᠨᠢ ᠳᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠤᠨ ᠤᠩᠰᠢᠯᠭ᠎ᠠ ᠵᠢ ᠰᠢᠭᠤᠳ ᠨᠦᠯᠦᠬᠡᠯᠡᠬᠦ ᠪᠠᠰᠠ ᠨᠢᠬᠡᠨ ᠰᠢᠯᠳᠠᠭ᠋ᠠᠨ ᠮᠦᠨ᠃ ᠤᠴᠢᠷ᠎ᠨᠢ ᠤᠯᠠᠩᠬᠢ ᠰᠤᠷᠤᠭᠴᠢᠳ ᠶᠠᠮᠠᠷ ᠨᠤᠮ ᠤᠩᠰᠢᠬᠤ᠂ ᠶᠠᠮᠠᠷ ᠲᠦᠷᠦᠯ᠎ᠤᠨ ᠨᠤᠮ᠎ᠢ ᠶᠠᠭ᠋ᠠᠬᠢᠵᠤ ᠤᠩᠰᠢᠬᠤ᠂ ᠶᠠᠮᠠᠷ ᠨᠤᠮ ᠰᠤᠩᠭᠤᠬᠤ ᠬᠡᠬᠦ ᠮᠡᠳᠦ ᠵᠢᠨ ᠳᠠᠯ᠎ᠠ ᠵᠢᠨ ᠦᠨᠳᠦᠰᠦᠨ ᠪᠤᠯᠪᠠᠰᠤᠷᠠᠯ ᠪᠠᠶ᠋ᠢᠳᠠᠭ ᠦᠬᠡᠢ᠂ ᠳᠡᠷᠡᠴᠢᠯᠡᠨ ᠤᠯᠠᠩᠬᠢ ᠬᠡᠷ᠎ᠤᠨ ᠠᠬᠠᠮᠠᠳ ᠪᠤᠶᠤ ᠪᠠᠭᠰᠢ ᠨᠠᠷ ᠴᠤ᠌ ᠰᠤᠷᠤᠭᠴᠢᠳ᠎ᠢ ᠵᠦᠪᠬᠡᠨ ᠨᠤᠮ ᠤᠩᠰᠢ ᠬᠡᠵᠤ ᠱᠠᠭ᠋ᠠᠷᠳᠠᠳᠠᠭ᠎ᠠᠴᠠ ᠪᠢᠰᠢ᠂ ᠬᠠᠷᠢᠨ ᠶᠠᠮᠠᠷ ᠨᠤᠮ ᠤᠩᠰᠢᠬᠤ ᠪᠤᠢ? ᠶᠠᠭ᠋ᠠᠬᠢᠵᠤ ᠤᠩᠰᠢᠬᠤ ᠪᠤᠢ ᠬᠡᠬᠦ ᠮᠡᠳᠦ ᠵᠢᠨ ᠨᠤᠮ ᠤᠩᠰᠢᠯᠭ᠎ᠠ ᠵᠢᠨ ᠠᠷᠭ᠎ᠠ ᠮᠡᠷᠬᠡᠵᠢᠯ᠎ᠢ ᠵᠢᠭ᠋ᠠᠵᠤ ᠦᠭᠳᠡᠭ ᠦᠬᠡᠢ ᠪᠢᠯᠡ᠃ ᠠ᠋ᠨᠡ᠎ᠨᠢ ᠮᠦᠨ ᠤᠩᠰᠢᠯᠭ᠎ᠠ ᠤᠳᠠᠭ᠋ᠠᠨ ᠪᠤᠶᠤ ᠤᠩᠰᠢᠯᠭ᠎ᠠ ᠠᠨᠠᠢ ᠪᠠᠶ᠋ᠢᠬᠤ ᠎ᠲᠠᠢ ᠰᠢᠭᠤᠳ ᠬᠤᠯᠪᠤᠭᠳᠠᠭ᠍ᠤ ᠠᠰᠠᠭᠤᠳᠠᠯ ᠮᠦᠨ᠂ ᠠ᠋ᠳᠡᠬᠡᠷ ᠠᠷᠭ᠎ᠠ ᠪᠠᠷᠢᠯ ᠪᠠ ᠮᠡᠷᠬᠡᠵᠢᠯ ᠎ᠢ ᠰᠠᠶ᠋ᠢᠳᠤᠷ ᠡᠵᠡᠮᠰᠢᠬᠡ ᠦᠬᠡᠢ᠎ᠠᠴᠠ᠎ᠪᠠᠨ ᠪᠤᠯᠤᠭ᠋ᠠᠳ ᠬᠡᠯᠡ ᠪᠢᠴᠢᠭ᠎ᠤᠨ ᠬᠢᠷᠢ ᠬᠡᠮᠵᠢᠶ᠎ᠡ ᠎ᠨᠢ ᠤᠯᠠᠮ ᠠᠨᠠᠢ ᠪᠤᠯᠳᠠᠭ᠃ ᠤᠴᠢᠷ᠎ᠨᠢ ᠮᠠᠨ᠎ᠤ ᠤᠯᠠᠩᠬᠢ ᠰᠤᠷᠤᠭᠴᠢᠳ᠎ᠤᠨ ᠤᠩᠰᠢᠯᠭ᠎ᠠ ᠵᠢᠨ ᠠᠷᠭ᠎ᠠ᠎ᠨᠢ ᠭᠤᠤᠯᠳᠠᠭᠤ ᠬᠡᠳᠦ ᠬᠡᠪᠰᠢᠮᠡᠯ ᠪᠠᠶ᠋ᠢᠳᠠᠯ᠎ᠲᠠᠢ ᠪᠠᠶ᠋ᠢᠵᠤ᠂ ᠶᠠᠮᠠᠷᠪᠠ ᠨᠤᠮ ᠵᠤᠬᠢᠶᠠᠯ᠎ᠢ ᠵᠦᠪᠬᠡᠨ ᠭᠠᠭᠴᠠ ᠠᠷᠭ᠎ᠠ᠎ᠪᠠᠷ ᠤᠩᠰᠢᠵᠤ᠂ ᠭᠤᠤᠯ ᠳᠡᠳ᠋᠎ᠢ᠎ᠨᠢ ᠢᠯᠭ᠋ᠠᠬᠤ ᠦᠬᠡᠢ᠂ ᠠᠯᠢ ᠵᠢ᠎ᠨᠢ ᠭᠤᠤᠯ ᠡᠵᠡᠮᠰᠢᠬᠦ᠂ ᠠᠯᠢ ᠬᠡᠰᠡᠭ᠎ᠢ᠎ᠨᠢ ᠬᠦᠶᠦᠬᠡᠨ ᠤᠶ᠋ᠢᠯᠠᠭ᠋ᠠᠬᠤ ᠳᠠᠯ᠎ᠠ ᠎ᠪᠠᠷ ᠳᠤᠳᠠᠮᠠᠭ ᠪᠠᠶ᠋ᠢᠵᠤ᠂ ᠴᠠᠭ ᠵᠶ᠋ᠠᠨ ᠳᠠᠯᠠᠭ᠋ᠠᠷ ᠦᠩᠭᠡᠷᠡᠬᠦᠯᠬᠦ᠎ᠪᠠᠷ ᠪᠠᠷᠠᠭ᠍ᠤ ᠦᠬᠡᠢ᠂ ᠰᠤᠷᠤᠯᠭ᠎ᠠ ᠵᠢᠨ ᠬᠢᠷᠢ ᠪᠦᠳᠤᠮᠵᠢ᠎ᠪᠠᠨ ᠴᠤ᠌ ᠳᠡᠬᠡᠭᠰᠢᠯᠡᠬᠦᠯᠵᠤ ᠴᠢᠳᠠᠳᠠᠭ ᠦᠬᠡᠢ᠃ ᠠ᠋ᠶ᠋ᠢᠮᠦ᠎ᠠᠴᠠ ᠰᠤᠷᠤᠭᠴᠢᠳ᠎ᠤᠨ ᠤᠩᠰᠢᠯᠭ᠎ᠠ ᠵᠢᠨ ᠦᠷ᠎ᠡ ᠠᠰᠢᠭ᠎ᠢ ᠨᠦᠯᠦᠬᠡᠯᠡᠳᠡᠭ ᠰᠢᠯᠳᠠᠭ᠋ᠠᠨ᠎ᠨᠢ ᠰᠤᠷᠤᠭᠴᠢ ᠵᠢᠨ ᠤᠩᠰᠢᠯᠭ᠎ᠠ ᠵᠢᠨ ᠠᠷᠭ᠎ᠠ ᠳᠡᠮ᠎ᠢ ᠡᠵᠡᠮᠰᠢᠬᠡ ᠦᠬᠡᠢ᠎ᠲᠠᠢ ᠰᠢᠭᠤᠳ ᠬᠤᠯᠪᠤᠭ᠎ᠠ᠎ᠲᠠᠢ ᠶᠤᠮ᠃ ᠬᠡᠷᠪᠡ ᠠ᠋ᠶ᠋ᠢᠮᠦᠷᠬᠦᠤ ᠤᠷ᠎ᠠ ᠴᠢᠳᠠᠪᠤᠷᠢ ᠵᠢ ᠡᠵᠡᠮᠰᠢᠬᠡ ᠦᠬᠡᠢ ᠰᠤᠷᠤᠭᠴᠢ ᠪᠤᠯ ᠪᠦᠬᠦᠳᠡ ᠠᠳᠠᠯᠢᠬᠠᠨ ᠤᠩᠰᠢᠯᠭ᠎ᠠ ᠵᠢᠨ ᠠᠷᠭ᠎ᠠ ᠪᠠ ᠬᠤᠷᠳᠤ᠎ᠲᠠᠢ᠎ᠪᠠᠷ ᠠᠯᠢᠪᠠ ᠨᠤᠮ ᠵᠤᠬᠢᠶᠠᠯ᠎ᠢ ᠤᠩᠰᠢᠬᠤ ᠪᠤᠶᠤ ᠦᠬᠡ ᠦᠰᠦᠭ᠎ᠢ᠎ᠨᠢ ᠨᠢᠬᠡ ᠨᠢᠬᠡ᠎ᠪᠠᠷ ᠨᠢᠳᠦᠯᠡᠨ ᠤᠩᠰᠢᠳᠠᠭ᠃ ᠳᠡᠶ᠋ᠢᠮᠦ᠎ᠠᠴᠠ ᠤᠩᠰᠢᠯᠭ᠎ᠠ ᠵᠢᠨ ᠦᠷ᠎ᠡ ᠠᠰᠢᠭ᠎ᠢ ᠨᠡᠮᠡᠭᠳᠡᠬᠦᠯᠬᠦ ᠵᠢᠨ ᠵᠠᠩᠬᠢᠯᠠᠭ᠎ᠠ ᠵᠢᠨ ᠠᠰᠠᠭᠤᠳᠠᠯ ᠪᠤᠯ ᠳᠠᠷᠤᠢ ᠤᠩᠰᠢᠯᠭ᠎ᠠ ᠵᠢᠨ ᠠᠷᠭ᠎ᠠ ᠮᠡᠷᠬᠡᠵᠢᠯ᠎ᠢ ᠵᠦᠪ ᠡᠵᠡᠮᠰᠢᠬᠦ ᠶᠠᠪᠤᠳᠠᠯ ᠪᠤᠯᠤᠨ᠎ᠠ᠃

① ᠦᠭᠡᠰ᠎ᠤᠨ ᠰᠠᠩ ᠵᠶ᠋ᠠᠨ ᠨᠡᠮᠡᠭᠳᠠᠭᠦᠯᠵᠤ ᠬᠡᠯᠡᠨ ᠵᠦᠢ ᠵᠢᠨ ᠮᠡᠳᠡᠯᠬᠡ᠎ᠪᠠᠨ ᠰᠠᠢ᠍ᠢ᠍ᠳᠤᠷ ᠡᠵᠡᠮᠰᠢᠭᠦ ᠬᠡᠷᠡᠭᠳᠡᠢ᠃

ᠦᠭᠡᠰ᠎ᠤᠨ ᠰᠠᠩ᠎ᠤᠨ ᠬᠤᠷᠠᠮᠳᠤᠭᠤᠯᠤᠯ ᠵᠶ᠋ᠠᠨ ᠨᠡᠮᠡᠭᠳᠠᠭᠦᠯᠭᠦ ᠵᠢᠨ ᠳᠤᠯᠠᠳᠠ ᠦᠬᠡ ᠴᠡᠬᠡᠵᠢᠯᠡᠬᠦ ᠬᠡᠷᠡᠭᠳᠡᠢ᠃ ᠳᠡᠬᠡᠬᠦ ᠮᠦᠷᠳᠡᠬᠡᠨ ᠨᠢᠬᠡ ᠦᠬᠡ ᠵᠢᠨ ᠦᠨᠳᠦᠰᠦᠨ ᠤᠳᠬ᠎ᠠ᠎ᠠᠴᠠ ᠭᠠᠳᠠᠨ᠎ᠠ ᠠ᠋ᠰᠡᠷᠬᠦ ᠤᠳᠬ᠎ᠠ᠂ ᠢᠵᠢᠯ ᠤᠳᠬ᠎ᠠ᠎ᠲᠠᠢ ᠦᠬᠡ ᠵᠡᠷᠬᠡ ᠵᠢ ᠤᠯᠠᠮ ᠨᠠᠷᠢᠯᠢᠬ ᠴᠡᠬᠡᠵᠢᠯᠡᠵᠤ ᠤᠶ᠋ᠢᠯᠠᠭ᠋ᠠᠬᠤ ᠬᠡᠷᠡᠭᠳᠡᠢ᠃ ᠨᠦᠬᠦᠬᠡ ᠳᠠᠯ᠎ᠠ᠎ᠪᠠᠷ ᠬᠡᠯᠡᠨ ᠵᠦᠢ ᠵᠢᠨ ᠴᠡᠬᠡᠵᠢᠯᠡᠬᠦ ᠶᠤᠰᠤᠳᠠᠢ ᠠᠭᠤᠯᠭ᠎ᠠ ᠵᠢ ᠠ᠋ᠷᠬᠡᠪᠰᠢ ᠨᠠᠷᠢᠯᠢᠬ ᠴᠡᠬᠡᠵᠢᠯᠡᠬᠦ ᠬᠡᠷᠡᠭᠳᠡᠢ᠃ ᠴᠡᠬᠡᠵᠢᠯᠡᠭᠰᠡᠨ ᠰᠠᠭᠤᠷᠢᠨ ᠳᠡᠬᠡᠷ᠎ᠡ ᠠᠮᠢᠳᠤᠯᠢᠭ ᠰᠠᠶ᠋ᠢᠬᠠᠨ ᠬᠡᠷᠡᠭᠯᠡᠵᠤ ᠪᠠᠶ᠋ᠢᠮᠠᠨᠵᠢᠨ ᠤᠯᠠᠮ ᠴᠠᠭ᠋ᠠᠷᠠᠭ᠍ᠤ᠎ᠨᠢ ᠭᠠᠷᠴᠠᠭ᠎ᠠ ᠦᠬᠡᠢ᠃ ᠠ᠋ᠨᠡ ᠪᠤᠯ ᠤᠩᠰᠢᠯᠭ᠎ᠠ ᠵᠢᠨ ᠬᠠᠮᠤᠭ᠎ᠤᠨ ᠦᠨᠳᠦᠰᠦᠨ ᠪᠤᠭᠤᠮᠳᠠ ᠵᠢ ᠳᠠᠪᠠᠭ᠍ᠤ᠎ᠳᠤ ᠠ᠋ᠷᠬᠡᠪᠰᠢ ᠬᠦᠢ᠍ᠴᠡᠳᠬᠡᠬᠦ ᠠᠵᠢᠯ ᠮᠦᠷᠳᠡᠬᠡᠨ ᠤᠩᠰᠢᠯᠭ᠎ᠠ ᠵᠢᠨ ᠬᠤᠷᠳᠤᠴᠠ ᠵᠢ ᠨᠡᠮᠡᠭᠳᠡᠬᠦᠯᠬᠦ ᠪᠠ ᠬᠡᠯᠡ ᠪᠢᠴᠢᠭ᠎ᠤᠨ ᠦᠨᠳᠦᠰᠦᠨ ᠴᠢᠳᠠᠪᠤᠷᠢ᠎ᠪᠠᠨ ᠳᠡᠬᠡᠭᠰᠢᠯᠡᠬᠦᠯᠬᠦ ᠵᠠᠩᠬᠢᠯᠠᠭ᠎ᠠ ᠵᠢᠨ ᠠᠰᠠᠭᠤᠳᠠᠯ ᠪᠤᠯᠤᠨ᠎ᠠ᠃

② ᠤᠩᠰᠢᠯᠭ᠎ᠠ ᠵᠢᠨ ᠬᠤᠷᠳᠤᠴᠠ ᠵᠢ ᠬᠠᠷᠰᠢᠯᠠᠳᠠᠭ ᠬᠠᠷᠰᠢ ᠰᠠᠭ᠋ᠠᠳ᠎ᠢ ᠳᠠᠪᠠᠨ ᠭᠠᠷᠬᠤ ᠬᠡᠷᠡᠭᠳᠡᠢ᠃

ᠬᠡᠷᠪᠡ ᠬᠤᠷᠳᠤᠨ ᠤᠩᠰᠢᠬᠤ ᠬᠡᠪᠡᠯ ᠠ᠋ᠷᠬᠡᠪᠰᠢ ᠤᠩᠰᠢᠯᠭ᠎ᠠ ᠵᠢᠨ ᠬᠤᠷᠳᠤᠴᠠ ᠵᠢ ᠨᠦᠯᠦᠬᠡᠯᠡᠳᠡᠭ ᠤᠯᠠᠨ ᠰᠠᠭ᠋ᠠᠳ᠎ᠢ ᠳᠠᠪᠠᠨ ᠭᠠᠷᠬᠤ ᠬᠡᠷᠡᠭᠳᠡᠢ᠃ ᠦᠬᠡ ᠵᠢ ᠨᠢᠬᠡ ᠨᠢᠬᠡ᠎ᠪᠠᠷ ᠤᠩᠰᠢᠬᠤ᠂ ᠳᠠᠬᠢᠨ ᠳᠠᠪᠳᠠᠨ ᠪᠤᠴᠠᠵᠤ ᠤᠩᠰᠢᠬᠤ᠂ ᠦᠬᠡ ᠵᠢ ᠳᠤᠳᠤᠷ᠎ᠠ᠎ᠪᠠᠨ ᠬᠡᠯᠡᠵᠤ ᠤᠩᠰᠢᠬᠤ᠂ ᠤᠩᠰᠢᠬᠤ᠎ᠳᠤ᠎ᠪᠠᠨ ᠠᠩᠬᠠᠷᠤᠯ ᠵᠶ᠋ᠠᠨ ᠲᠦᠪᠯᠡᠷᠡᠬᠦᠯᠬᠦ ᠦᠬᠡᠢ ᠪᠠᠶ᠋ᠢᠬᠤ ᠵᠡᠷᠬᠡ ᠪᠤᠯ ᠪᠦᠷ ᠤᠩᠰᠢᠯᠭ᠎ᠠ ᠵᠢᠨ ᠰᠠᠭ᠋ᠠᠳ ᠪᠤᠯᠬᠤ ᠵᠦᠢ᠍ᠯ ᠶᠤᠮ᠃ ᠠ᠋ᠶ᠋ᠢᠮᠦ᠎ᠠᠴᠠ ᠳᠤᠮᠳᠠᠳᠤ ᠰᠤᠷᠭ᠋ᠠᠭᠤᠯᠢ ᠵᠢᠨ ᠰᠤᠷᠤᠭᠴᠢ ᠪᠤᠯᠤᠭᠰᠠᠨ᠎ᠤ ᠬᠤᠪᠢ᠎ᠳᠤ ᠠ᠋ᠷᠬᠡᠪᠰᠢ ᠠ᠋ᠳᠡᠬᠡᠷ ᠬᠠᠷᠰᠢ ᠰᠠᠭ᠋ᠠᠳ᠎ᠢ ᠳᠠᠪᠠᠨ ᠭᠠᠷᠴᠤ ᠴᠢᠳᠠᠮᠠᠨᠵᠢᠨ ᠰᠠᠶᠢ ᠵᠦᠪ ᠤᠨᠤᠪᠴᠢᠳᠠᠢ ᠤᠩᠰᠢᠯᠭ᠎ᠠ ᠵᠢᠨ ᠠᠷᠭ᠎ᠠ ᠮᠡᠷᠬᠡᠵᠢᠯ᠎ᠢ ᠡᠵᠡᠮᠰᠢᠵᠤ ᠴᠢᠳᠠᠭ᠍ᠤ ᠶᠤᠮ᠃ ᠠ᠋ᠶ᠋ᠢᠮᠦ᠎ᠠᠴᠠ ᠰᠤᠷᠤᠭᠴᠢ ᠵᠢ ᠬᠠᠪᠰᠤᠷᠤᠨ ᠰᠢᠯᠢᠳᠡᠭ ᠰᠠᠶ᠋ᠢᠬᠠᠨ ᠤᠩᠰᠢᠯᠭ᠎ᠠ ᠵᠢᠨ ᠳᠠᠳᠬᠠᠯ᠎ᠢ ᠪᠤᠢ ᠪᠤᠯᠭ᠋ᠠᠬᠤ᠎ᠨᠢ ᠤᠩᠰᠢᠯᠭ᠎ᠠ ᠵᠢᠨ ᠤᠷ᠎ᠠ ᠴᠢᠳᠠᠪᠤᠷᠢ ᠵᠢ ᠳᠡᠬᠡᠭᠰᠢᠯᠡᠬᠦᠯᠬᠦ ᠴᠢᠬᠤᠯᠠ ᠠᠷᠭ᠎ᠠ ᠮᠠᠶᠢᠭ ᠪᠤᠯᠬᠤ ᠮᠦᠷᠳᠡᠬᠡᠨ ᠬᠡᠯᠡ ᠪᠢᠴᠢᠭ᠎ᠤᠨ ᠦᠨᠳᠦᠰᠦᠨ ᠴᠢᠳᠠᠪᠤᠷᠢ ᠵᠢ ᠳᠡᠬᠡᠭᠰᠢᠯᠡᠬᠦᠯᠬᠦ ᠴᠢᠬᠤᠯᠠ ᠠᠷᠭ᠎ᠠ ᠵᠢᠨ ᠨᠢᠬᠡ ᠪᠤᠯᠤᠨ᠎ᠠ᠃ ᠠ᠋ᠶ᠋ᠢᠮᠦ᠎ᠠᠴᠠ ᠪᠢᠳᠡ ᠤᠩᠰᠢᠯᠭ᠎ᠠ ᠵᠢᠨ ᠵᠦᠪ ᠳᠠᠳᠬᠠᠯ᠎ᠢ ᠪᠤᠢ ᠪᠤᠯᠭ᠋ᠠᠬᠤ ᠬᠡᠪᠡᠯ ᠶᠠᠭᠤᠨ᠎ᠤ ᠤᠷᠢᠳ ᠵᠶ᠋ᠠᠷ ᠠᠩᠬᠠᠷᠤᠯ ᠵᠶ᠋ᠠᠨ ᠲᠦᠪᠯᠡᠷᠡᠬᠦᠯᠦᠨ ᠤᠩᠰᠢᠬᠤ ᠳᠠᠳᠬᠠᠯ᠎ᠢ ᠪᠤᠢ ᠪᠤᠯᠭ᠋ᠠᠨ᠎ᠠ᠃ ᠠ᠋ᠬᠦᠨ ᠵᠶ᠋ᠠᠷ ᠳᠠᠮᠵᠢᠭᠤᠯᠤᠨ ᠰᠤᠷᠤᠭᠴᠢ ᠵᠢᠨ ᠳᠠᠭᠤᠳᠤ ᠤᠩᠰᠢᠯᠭ᠎ᠠ᠂ ᠳᠠᠭᠤ ᠦᠬᠡᠢ ᠤᠩᠰᠢᠯᠭ᠎ᠠ ᠵᠢᠨ ᠪᠤᠯᠪᠠᠰᠤᠷᠠᠯ ᠬᠢᠯᠬᠡᠵᠤ ᠰᠤᠷᠬᠤ ᠬᠡᠷᠡᠭᠳᠡᠢ᠃ ᠳᠠᠷᠠᠭ᠋ᠠᠯᠠᠪᠠᠯ᠂ ᠰᠤᠷᠤᠭᠴᠢ ᠵᠢ ᠬᠠᠪᠰᠤᠷᠤᠨ ᠲᠤᠪᠴᠢᠯᠠᠵᠤ ᠤᠩᠰᠢᠬᠤ᠂ ᠠ᠋ᠷᠢᠵᠤ ᠤᠩᠰᠢᠬᠤ᠂ ᠬᠦᠶᠦᠯᠬᠡᠨ ᠤᠩᠰᠢᠬᠤ ᠵᠡᠷᠬᠡ ᠤᠯᠠᠨ ᠵᠦᠢ᠍ᠯ᠎ᠤᠨ ᠠᠷᠭ᠎ᠠ ᠬᠡᠯᠪᠡᠷᠢ᠎ᠪᠠᠷ ᠮᠠᠲᠸᠷᠢᠶᠠᠯ ᠤᠩᠰᠢᠭᠤᠯᠵᠤ ᠭᠤᠤᠯᠳᠠᠯᠭ᠎ᠠ᠎ᠲᠠᠢ ᠵᠦᠢ᠍ᠯ ᠵᠶ᠋ᠠᠨ ᠠ᠋ᠷᠢᠵᠤ ᠤᠯᠬᠤ ᠴᠢᠳᠠᠪᠤᠷᠢ ᠵᠢ ᠡᠵᠡᠮᠰᠢᠬᠦᠯᠬᠦ ᠬᠡᠷᠡᠭᠳᠡᠢ᠃ ᠠ᠋ᠬᠦᠨ᠎ᠠᠴᠠ ᠭᠠᠳᠠᠨ᠎ᠠ ᠤᠩᠰᠢᠯᠭ᠎ᠠ ᠵᠢᠨ ᠬᠢᠷᠢ ᠲᠦᠪᠰᠢᠨ᠎ᠢ ᠳᠡᠬᠡᠭᠰᠢᠯᠡᠬᠦᠯᠬᠦ ᠬᠡᠪᠡᠯ ᠠᠮᠢᠳᠤᠷᠠᠯ᠎ᠤᠨ ᠳᠤᠷᠰᠢᠯᠭ᠎ᠠ ᠵᠢ᠎ᠨᠢ ᠨᠡᠮᠡᠭᠳᠡᠬᠦᠯᠦᠨ ᠳᠠᠨᠢᠯᠳᠠ ᠵᠢ᠎ᠨᠢ ᠳᠡᠬᠡᠭᠰᠢᠯᠡᠬᠦᠯᠬᠦ ᠬᠡᠷᠡᠭᠳᠡᠢ ᠶᠤᠮ᠃ ᠦᠨᠡᠨ᠎ᠳᠤ᠎ᠪᠠᠨ ᠰᠤᠷᠤᠭᠴᠢᠳ ᠠᠮᠢᠳᠤᠷᠠᠯ᠎ᠳᠤ ᠢᠯᠡᠬᠦᠤ ᠤᠶ᠋ᠢᠷᠠᠳᠤᠨ ᠦᠢ᠍ᠯᠡᠳᠦᠯᠬᠡ᠎ᠳᠤ ᠢᠯᠡᠬᠦᠤ ᠤᠷᠤᠯᠴᠠᠭ᠍ᠤ᠎ᠨᠢ ᠳᠡᠳᠡᠨ᠎ᠤ ᠠᠮᠢᠳᠤᠷᠠᠯ᠎ᠢ ᠠᠵᠢᠭᠯᠠᠭ᠍ᠤ᠂ ᠳᠠᠨᠢᠯᠴᠠᠭ᠍ᠤ᠂ ᠤᠶ᠋ᠢᠯᠠᠭ᠋ᠠᠬᠤ ᠬᠢᠷᠢ ᠬᠡᠮᠵᠢᠶ᠎ᠡ ᠵᠢ ᠤᠯᠠᠮ ᠨᠡᠮᠡᠭᠳᠡᠬᠦᠯᠵᠤ᠂ ᠳᠡᠳᠡᠨ᠎ᠤ ᠤᠩᠰᠢᠯᠭ᠎ᠠ ᠵᠢᠨ ᠬᠢᠷᠢ ᠲᠦᠪᠰᠢᠨ᠎ᠢ ᠳᠡᠬᠡᠭᠰᠢᠯᠡᠬᠦᠯᠬᠦ᠎ᠳᠤ ᠰᠢᠭᠤᠳ ᠨᠦᠯᠦᠬᠡ ᠦᠵᠡᠬᠦᠯᠳᠡᠭ᠃ ᠠ᠋ᠶ᠋ᠢᠮᠦ᠎ᠠᠴᠠ ᠠᠮᠢᠳᠤᠷᠠᠯ᠎ᠤᠨ ᠲᠤᠷᠰᠢᠯᠭ᠎ᠠ ᠪᠤᠯ ᠨᠤᠮ ᠤᠩᠰᠢᠬᠤ ᠬᠤᠷᠳᠤᠴᠠ ᠵᠢ ᠨᠡᠮᠡᠭᠳᠡᠬᠦᠯᠬᠦ ᠪᠠᠰᠠ ᠨᠢᠬᠡᠨ ᠴᠢᠬᠤᠯᠠ ᠠᠷᠭ᠎ᠠ ᠬᠡᠵᠤ ᠬᠡᠯᠡᠵᠤ ᠪᠤᠯᠤᠨ᠎ᠠ᠃ ᠳᠡᠶ᠋ᠢᠮᠦ᠎ᠠᠴᠠ ᠬᠡᠯᠡ ᠪᠢᠴᠢᠭ᠎ᠤᠨ ᠪᠠᠭᠰᠢ ᠨᠠᠷ᠎ᠤᠨ ᠨᠢᠬᠡᠨ ᠠ᠋ᠬᠦᠷᠬᠡ ᠪᠤᠯ ᠳᠠᠷᠤᠢ ᠰᠤᠷᠤᠭᠴᠢᠳ᠎ᠢ ᠬᠠᠪᠰᠤᠷᠤᠨ ᠠᠮᠢᠳᠤᠷᠠᠯ᠎ᠳᠤ ᠢᠯᠡᠬᠦᠤ ᠤᠷᠤᠯᠴᠠᠭᠤᠯᠬᠤ ᠶᠠᠪᠤᠳᠠᠯ ᠪᠤᠯᠤᠨ᠎ᠠ᠃ ᠮᠦᠨ ᠴᠤ᠌ ᠶᠠᠮᠠᠷ ᠨᠢᠬᠡᠨ ᠨᠦᠬᠦᠴᠡᠯ ᠪᠤᠯᠤᠮᠵᠢ ᠵᠢ ᠪᠦᠷᠢᠯᠳᠦᠬᠦᠯᠵᠤ ᠰᠤᠷᠤᠭᠴᠢᠳ᠎ᠲᠤ ᠶᠡᠭᠡ ᠬᠡᠮᠵᠢᠶᠡᠨ᠎ᠤ ᠮᠡᠳᠡᠬᠡᠯᠡᠯ ᠤᠯᠬᠤ ᠨᠦᠬᠡᠴᠡ ᠵᠢ ᠬᠠᠩᠭ᠋ᠠᠵᠤ᠂ ᠰᠤᠷᠤᠭᠴᠢᠳ᠎ᠲᠤ ᠠᠮᠢᠳᠤᠷᠠᠯ᠎ᠢ ᠤᠶ᠋ᠢᠯᠠᠭ᠋ᠠᠬᠤ ᠳᠠᠨᠢᠬᠤ ᠤᠷᠴᠢᠨ ᠳᠤᠭᠤᠷᠢᠨ᠎ᠢ ᠪᠤᠢ ᠪᠤᠯᠭ᠋ᠠᠵᠤ ᠦᠭᠬᠦ ᠬᠡᠷᠡᠭᠳᠡᠢ᠃ ᠵᠢᠱ᠌ᠢᠶᠡᠯᠡᠪᠡᠯ᠂ ᠬᠡᠯᠡ ᠪᠢᠴᠢᠭ᠎ᠤᠨ ᠪᠠᠭᠰᠢ ᠨᠠᠷ ᠬᠢᠴᠢᠶᠡᠯ᠎ᠤᠨ ᠭᠠᠳᠠᠭᠤᠷᠬᠢ ᠬᠦᠳᠡᠯᠬᠡᠬᠡᠨ᠎ᠢ ᠢᠯᠡᠬᠦᠬᠡᠨ ᠵᠤᠬᠢᠶᠠᠨ ᠪᠠᠶ᠋ᠢᠭᠤᠯᠵᠤ ᠪᠤᠯᠤᠨ᠎ᠠ᠃ ᠳᠤᠷ᠎ᠠ ᠰᠤᠨᠢᠷᠬᠠᠯ᠎ᠤᠨ ᠠᠩᠬᠢ ᠠ᠋ᠷᠬᠢᠯᠡᠬᠦ᠂ ᠤᠷᠠᠨ ᠵᠤᠬᠢᠶᠠᠯ᠎ᠤᠨ ᠨᠡᠶ᠋ᠢᠬᠡᠮᠯᠢᠭ ᠵᠤᠬᠢᠶᠠᠨ ᠪᠠᠶ᠋ᠢᠭᠤᠯᠬᠤ᠂ ᠮᠡᠳᠡᠯᠬᠡ ᠵᠢᠨ ᠤᠷᠤᠯᠳᠤᠭ᠋ᠠᠨ᠎ᠤ ᠦᠵᠡᠬᠦᠯᠬᠡ ᠬᠢᠬᠦ᠂ ᠳᠤᠭᠯᠠᠭ᠋ᠠᠮ ᠤᠷᠠᠯᠢᠭ᠎ᠤᠨ ᠦᠢ᠍ᠯᠡ ᠠᠵᠢᠯᠯᠠᠭ᠎ᠠ ᠵᠤᠬᠢᠶᠠᠨ ᠪᠠᠶ᠋ᠢᠭᠤᠯᠬᠤ ᠵᠡᠷᠬᠡ ᠤᠯᠠᠨ ᠲᠦᠷᠦᠯ ᠵᠦᠢ᠍ᠯ᠎ᠤᠨ ᠠᠳᠠᠯᠢ ᠪᠤᠰᠤ ᠬᠡᠯᠪᠡᠷᠢ ᠵᠢᠨ ᠦᠢ᠍ᠯᠡ ᠠᠵᠢᠯᠯᠠᠭ᠎ᠠ ᠵᠢ ᠵᠤᠬᠢᠶᠠᠨ ᠪᠠᠶ᠋ᠢᠭᠤᠯᠬᠤ᠂ ᠠᠯᠢ ᠠ᠋ᠰᠡᠬᠦᠯ᠎ᠡ ᠨᠢᠬᠡ ᠠ᠋ᠳᠦᠷ᠎ᠤᠨ ᠨᠢᠬᠡ ᠬᠡᠯᠡᠴᠡ ᠴᠡᠬᠡᠵᠢᠯᠡᠬᠦ᠂ ᠨᠢᠬᠡ ᠠ᠋ᠳᠦᠷ᠎ᠤᠨ ᠨᠢᠬᠡ ᠦᠯᠢᠬᠡᠷ ᠰᠤᠷᠬᠤ ᠭᠡᠬᠦ ᠮᠡᠳᠦ᠎ᠪᠠᠷ ᠠᠮᠢᠳᠤᠷᠠᠯ᠎ᠤᠨ ᠤᠯᠠᠨ ᠳᠠᠯ᠎ᠠ ᠵᠢᠨ ᠮᠡᠳᠡᠯᠬᠡ ᠵᠢ ᠰᠤᠷᠤᠯᠴᠠᠵᠤ᠂ ᠮᠦᠨ ᠴᠤ᠌ ᠭᠠᠷᠠᠭ᠎ᠤᠨ ᠬᠦᠳᠡᠯᠬᠡᠬᠡᠨ ᠵᠤᠬᠢᠶᠠᠨ ᠪᠠᠶ᠋ᠢᠭᠤᠯᠵᠤ᠂ ᠨᠢᠬᠡ ᠭᠠᠷᠠᠭ᠎ᠤᠨ ᠨᠢᠬᠡ ᠰᠤᠨᠢᠨ᠂ ᠨᠢᠭᠡ ᠳᠠᠭᠤᠤ᠂ ᠨᠢᠬᠡ ᠵᠤᠬᠢᠶᠠᠯ᠂ ᠨᠢᠬᠡ ᠰᠢᠯᠦᠭ᠎ᠢ ᠠ᠋ᠮᠬᠢᠳᠬᠡᠵᠤ ᠴᠡᠬᠡᠵᠢᠯᠡᠬᠦ᠂ ᠰᠠᠷ᠎ᠠ᠎ᠪᠠᠷ ᠨᠢᠬᠡᠴᠡᠯᠡᠨ ᠨᠢᠬᠡ ᠰᠠᠷ᠎ᠠ ᠵᠢᠨ ᠬᠠᠮᠤᠭ᠎ᠤᠨ ᠰᠢᠯᠢᠳᠡᠭ ᠵᠤᠬᠢᠶᠠᠯ᠂ ᠨᠢᠬᠡ ᠰᠠᠷ᠎ᠠ ᠵᠢᠨ ᠰᠤᠨᠢᠨ ᠮᠡᠳᠡᠭᠡ ᠵᠡᠷᠬᠡ ᠦᠢ᠍ᠯᠡ ᠠᠵᠢᠯᠯᠠᠭ᠎ᠠ ᠵᠢ ᠵᠤᠬᠢᠶᠠᠨ ᠪᠠᠶ᠋ᠢᠭᠤᠯᠵᠤ ᠪᠤᠯᠤᠨ᠎ᠠ᠃ ᠠ᠋ᠳᠡᠬᠡᠷ ᠎ᠨᠢ ᠪᠦᠷ ᠰᠤᠷᠤᠭᠴᠢᠳ᠎ᠲᠤ ᠠᠮᠢᠳᠤᠷᠠᠯ᠎ᠳᠤ ᠤᠷᠤᠯᠴᠠᠭ᠍ᠤ ᠪᠤᠯᠤᠮᠵᠢ ᠵᠢ ᠬᠠᠩᠭ᠋ᠠᠬᠤ᠎ᠪᠠᠷ ᠪᠠᠷᠠᠭ᠍ᠤ ᠦᠬᠡᠢ᠂ ᠳᠡᠳᠡᠨ᠎ᠤ ᠶᠡᠷᠦ ᠵᠢᠨ ᠮᠡᠳᠡᠯᠬᠡ ᠵᠢᠨ ᠬᠤᠷᠠᠮᠳᠤᠭᠤᠯᠤᠯ᠎ᠢ ᠴᠢᠩᠭ᠋ᠠᠳᠬᠠᠵᠤ᠂ ᠤᠩᠰᠢᠯᠭ᠎ᠠ ᠵᠢᠨ ᠬᠤᠷᠳᠤ ᠵᠢ᠎ᠨᠢ ᠳᠡᠬᠡᠭᠰᠢᠯᠡᠬᠦᠯᠬᠦ ᠪᠤᠯᠤᠨ᠎ᠠ᠃ ᠤᠩᠰᠢᠯᠭ᠎ᠠ ᠵᠢᠨ ᠬᠤᠷᠳᠤ ᠵᠢ ᠳᠡᠬᠡᠭᠰᠢᠯᠡᠬᠦᠯᠬᠦ ᠳᠤᠳᠤᠮ ᠰᠤᠷᠤᠭᠴᠢᠳ᠎ᠤᠨ ᠤᠶ᠋ᠢᠯᠠᠭ᠋ᠠᠬᠤ ᠴᠢᠳᠠᠪᠤᠷᠢ ᠴᠤ᠌᠎ᠲᠠᠭᠠᠨ ᠳᠡᠬᠡᠭᠰᠢᠯᠡᠵᠤ᠂ ᠬᠡᠯᠡ ᠪᠢᠴᠢᠭ᠎ᠤᠨ ᠰᠤᠷᠤᠯᠭ᠎ᠠ ᠵᠢᠨ ᠬᠢᠷᠢ ᠲᠦᠪᠰᠢᠨ᠎ᠨᠢ ᠴᠤ᠌ ᠳᠡᠬᠡᠭᠰᠢᠯᠡᠬᠦ᠎ᠨᠢ ᠯᠠᠪᠳᠠᠢ ᠶᠤᠮ᠃

ᠶᠡᠷᠦᠩᠬᠡᠶ᠋ᠢᠯᠡᠪᠡᠯ᠂ ᠳᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠤᠨ ᠤᠩᠰᠢᠯᠭ᠎ᠠ ᠵᠢᠨ ᠬᠢᠷᠢ ᠲᠦᠪᠰᠢᠨ᠎ᠢ ᠳᠡᠬᠡᠭᠰᠢᠯᠡᠬᠦᠯᠬᠦ᠎ᠳᠤ ᠪᠢᠳᠡ ᠵᠢᠭ᠋ᠠᠨ ᠰᠤᠷᠭ᠋ᠠᠯᠳᠠ ᠵᠢᠨ ᠦᠬᠦᠮᠡᠯ ᠠᠷᠭ᠎ᠠ ᠵᠢ ᠬᠡᠷᠡᠭᠯᠡᠵᠤ ᠪᠤᠯᠬᠤ ᠦᠬᠡᠢ᠂ ᠬᠠᠷᠢᠨ ᠤᠩᠰᠢᠯᠭ᠎ᠠ ᠵᠢᠨ ᠠᠷᠭ᠎ᠠ ᠪᠠᠷᠢᠯ᠎ᠤᠨ ᠳᠠᠯ᠎ᠠ᠎ᠪᠠᠷ ᠰᠢᠨᠵᠢᠯᠡᠬᠦ ᠤᠬᠠᠭ᠋ᠠᠨᠴᠢ ᠠᠷᠭ᠎ᠠ᠎ᠨᠤᠭᠤᠳ᠎ᠢ ᠬᠡᠷᠡᠭᠯᠡᠪᠡᠯ ᠤᠩᠰᠢᠯᠭ᠎ᠠ ᠵᠢᠨ ᠬᠤᠷᠳᠤ ᠵᠢ ᠦᠳᠳᠡᠷ ᠲᠡᠭᠡᠭᠰᠢᠯᠡᠭᠦᠯᠭᠦ᠎ᠪᠠᠷ ᠪᠠᠷᠠᠭ᠍ᠤ ᠦᠬᠡᠢ ᠬᠡᠯᠡ ᠪᠢᠴᠢᠭ᠎ᠤᠨ ᠵᠢᠭ᠋ᠠᠨ ᠰᠤᠷᠭ᠋ᠠᠯᠳᠠ ᠵᠢᠨ ᠦᠷ᠎ᠠ ᠠᠰᠢᠭ᠎ᠢ ᠴᠤ᠌ ᠤᠯᠠᠮ ᠨᠡᠮᠡᠭᠳᠠᠭᠦᠯᠵᠤ ᠳᠡᠶ᠋ᠢᠯᠬᠦ ᠶᠤᠮ᠃

ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠰᠦᠪᠸᠢ ᠵᠢᠨ ᠮᠤᠨᠭ᠌ᠭᠤᠯ ᠦᠨᠳᠤᠰᠤᠳᠠᠨ᠎ᠤ ᠦᠪᠠᠷᠳᠡᠭᠡᠨ 
                                      ᠵᠠᠰᠠᠬᠤ ᠰᠢᠶᠠᠨ᠎ᠤ ᠮᠤᠨᠭ᠌ᠭᠤᠯ ᠦᠨᠳᠤᠰᠤᠳᠠᠨ᠎ᠤ ᠰᠤᠷᠭ᠋ᠠᠭᠤᠯᠢ
                                            (ᠠᠯᠳᠠᠨᠰᠦᠢ᠍ᠭᠡ ᠨᠠᠢ᠍ᠢ᠍ᠷᠠᠭᠤᠯᠪᠠ)

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠵᠦᠪ ᠳᠦᠷᠢᠮᠵᠢᠭᠦᠨ ᠪᠢᠴᠢᠯᠭᠡ ᠵᠢ ᠰᠠᠶ᠋ᠢᠵᠢᠷᠠᠭᠤᠯᠬᠤ ᠠᠷᠭ᠎ᠠ ᠠᠪᠴᠠᠯ᠎ᠤᠨ ᠲᠤᠬᠠᠢ ᠰᠢᠨᠵᠢᠯᠡᠬᠦ᠎ᠨᠢ — ᠪᠠᠭ᠋ᠠᠷᠢᠨ ᠵᠡᠭᠦᠨ ᠬᠤᠰᠢᠭᠤᠨ᠎ᠤ ᠤᠯᠠᠭ᠋ᠠᠨᠳᠠᠪᠠᠭ᠎ᠠ ᠮᠤᠩᠭᠤᠯ ᠦᠨᠳᠦᠰᠦᠲᠡᠨ᠎ᠤ ᠪᠠᠭ᠎ᠠ ᠰᠤᠷᠭ᠋ᠠᠭᠤᠯᠢ ᠵᠢᠨ ᠵᠢᠱ᠌ᠢᠶᠡᠨ᠎ᠳᠤ
ᠰᠤᠷᠤᠭᠴᠢᠳ᠎ᠤᠨ ᠶᠠᠷᠢᠶᠠᠨ᠎ᠤ ᠬᠡᠯᠡᠨ᠎ᠤ ᠪᠤᠯᠪᠠᠰᠤᠷᠠᠯ᠎ᠢ ᠴᠢᠩᠭ᠋ᠠᠳᠬᠠᠬᠤ᠎ᠳᠤ ᠠᠩᠬᠠᠷᠬᠤ ᠠᠰᠠᠭᠤᠳᠠᠯ᠎ᠤᠳ
ᠬᠢᠮᠢ ᠵᠢᠨ ᠬᠢᠴᠢᠶᠡᠯ᠎ᠳᠤ ᠲᠣᠷᠰᠢᠯᠳᠠ ᠵᠢ ᠴᠢᠩᠭ᠋ᠠᠳᠬᠠᠬᠤ ᠵᠢᠨ ᠴᠢᠬᠤᠯᠠ ᠴᠢᠨᠠᠷ
ᠬᠡᠦᠬᠡᠳ᠎ᠲᠤ ᠮᠤᠷᠠᠯ᠎ᠤᠨ ᠬᠦᠮᠦᠵᠢᠯ ᠬᠢᠬᠦ ᠵᠢ ᠴᠢᠬᠤᠯᠠᠴᠢᠯᠠᠭ᠍ᠤ ᠬᠡᠷᠡᠭᠲᠡᠢ
ᠰᠤᠷᠤᠭᠴᠢ ᠵᠢ ᠭᠡᠷᠬᠢᠨ ᠭᠦᠮᠦᠵᠢᠭᠦᠯᠭᠦ ᠪᠤᠢ
 
             蒙ICP备05000248号