ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠵᠢᠭᠠᠨ ᠰᠣᠷᠭᠠᠯᠲᠠ᠎ᠶᠢᠨ ᠰᠣᠳᠣᠯᠣᠯ
ᠰᠤᠷᠤᠭᠴᠢᠳ᠎ᠤᠨ ᠶᠠᠷᠢᠶᠠᠨ᠎ᠤ ᠬᠡᠯᠡᠨ᠎ᠤ ᠪᠤᠯᠪᠠᠰᠤᠷᠠᠯ᠎ᠢ ᠴᠢᠩᠭ᠋ᠠᠳᠬᠠᠬᠤ᠎ᠳᠤ ᠠᠩᠬᠠᠷᠬᠤ ᠠᠰᠠᠭᠤᠳᠠᠯ᠎ᠤᠳ
ᠨᠡᠶ᠋ᠢᠲᠡᠯᠡᠭᠰᠡᠨ ᠴᠠᠭ᠄ 2025-03-20

ᠶᠠᠩ ᠪᠠᠶᠠᠷ

 

教学研究6.png

 

ᠬᠡᠯᠡ ᠪᠢᠴᠢᠭ᠎ᠤᠨ ᠵᠢᠭ᠋ᠠᠨ ᠰᠤᠷᠭ᠋ᠠᠯᠳᠠ᠎ᠳᠤ ᠬᠤᠯᠪᠤᠭᠳᠠᠭ᠍ᠤ ᠴᠢᠬᠤᠯᠠ ᠨᠢᠬᠡᠨ ᠠᠰᠠᠭᠤᠳᠠᠯ ᠪᠤᠯ ᠳᠠᠷᠤᠢ ᠰᠤᠷᠤᠭᠴᠢᠳ᠎ᠤᠨ ᠶᠠᠷᠢᠬᠤ ᠴᠢᠳᠠᠪᠤᠷᠢ ᠵᠢ ᠬᠦᠮᠦᠵᠢᠬᠦᠯᠬᠦ ᠶᠠᠪᠤᠳᠠᠯ ᠪᠤᠯᠤᠨ᠎ᠠ᠃ ᠤᠳᠤᠬᠠᠨ᠎ᠤ ᠪᠠᠶ᠋ᠢᠳᠠᠯ᠎ᠠᠴᠠ ᠦᠵᠡᠬᠦ᠎ᠳᠤ ᠮᠠᠨ᠎ᠤ ᠰᠤᠷᠤᠭᠴᠢᠳ᠎ᠲᠤ ᠶᠠᠷᠢᠬᠤ ᠴᠢᠳᠠᠪᠤᠷᠢ ᠵᠢᠨ ᠳᠠᠯ᠎ᠠ᠎ᠪᠠᠷ ᠨᠡᠯᠢᠶᠡᠳ ᠠᠰᠠᠭᠤᠳᠠᠯ ᠤᠷᠤᠰᠢᠵᠤ ᠪᠠᠶ᠋ᠢᠭ᠎ᠠ ᠮᠦᠷᠳᠡᠬᠡᠨ ᠪᠠᠭᠰᠢ ᠨᠠᠷ ᠴᠤ᠌ ᠰᠤᠷᠤᠭᠴᠢᠳ᠎ᠲᠤ ᠵᠦᠪᠬᠡᠨ ᠰᠢᠯᠭ᠋ᠠᠯᠳᠠ ᠵᠢᠨ ᠬᠢᠷᠢ ᠬᠡᠮᠵᠢᠶ᠎ᠡ ᠵᠢ᠎ᠨᠢ ᠳᠡᠬᠡᠭᠰᠢᠯᠡᠬᠦᠯᠬᠦ ᠵᠤᠷᠢᠯᠭ᠎ᠠ᠎ᠪᠠᠷ ᠪᠢᠴᠢᠬᠦ ᠪᠤᠯᠪᠠᠰᠤᠷᠠᠯ᠎ᠢ᠎ᠨᠢ ᠢᠯᠡᠬᠦᠤ᠎ᠳᠤ ᠦᠵᠡᠵᠤ᠂ ᠶᠠᠷᠢᠬᠤ ᠪᠤᠯᠪᠠᠰᠤᠷᠠᠯ᠎ᠢ ᠤᠮᠳᠤᠭ᠋ᠠᠶ᠋ᠢᠯᠠᠭ᠍ᠤ ᠠᠰᠠᠭᠤᠳᠠᠯ ᠤᠷᠤᠰᠢᠵᠤ ᠪᠤᠢ᠃ ᠠ᠋ᠶ᠋ᠢᠮᠦᠷᠬᠦᠤ ᠪᠠᠶ᠋ᠢᠳᠠᠯ᠎ᠳᠤ ᠪᠢᠳᠡ ᠬᠡᠷᠬᠢᠨ ᠰᠤᠷᠤᠭᠴᠢᠳ᠎ᠤᠨ ᠬᠡᠯᠡᠨ᠎ᠤ ᠪᠤᠯᠪᠠᠰᠤᠷᠠᠯ᠎ᠢ ᠳᠡᠬᠡᠭᠰᠢᠯᠡᠬᠦᠯᠬᠦ ᠳᠤᠬᠠᠢ ᠦᠪᠡᠷ᠎ᠤᠨ ᠦᠵᠡᠯᠳᠡ᠎ᠪᠠᠨ ᠳᠠᠷᠠᠭ᠋ᠠᠬᠢ ᠮᠡᠳᠦ ᠬᠡᠳᠦᠨ ᠳᠠᠯ᠎ᠠ᠎ᠪᠠᠷ ᠲᠦᠬᠦᠮ ᠦᠬᠦᠯᠡᠶ᠎ᠡ᠃

ᠨᠢᠬᠡ᠂ ᠤᠯᠠᠮᠵᠢᠯᠠᠯᠳᠤ ᠰᠤᠷᠭ᠋ᠠᠨ ᠬᠦᠮᠦᠵᠢᠯ ᠪᠠ ᠬᠡᠯᠡᠨ᠎ᠤ ᠪᠤᠯᠪᠠᠰᠤᠷᠠᠯ᠎ᠤᠨ ᠬᠠᠷᠢᠴᠠᠭ᠎ᠠ

ᠤᠯᠠᠮᠵᠢᠯᠠᠯᠳᠤ ᠬᠦᠮᠦᠵᠢᠯ᠎ᠤᠨ ᠨᠢᠬᠡᠨ ᠴᠢᠬᠤᠯᠠ ᠠᠭᠤᠯᠭ᠎ᠠ ᠪᠤᠯ ᠠᠷᠠᠳ᠎ᠤᠨ ᠠᠮᠠᠨ ᠵᠤᠬᠢᠶᠠᠯ᠎ᠢ ᠲᠦᠬᠡᠮᠡᠯ ᠠᠰᠢᠭᠯᠠᠵᠤ ᠪᠠᠶ᠋ᠢᠭᠰᠠᠨ ᠶᠠᠪᠤᠳᠠᠯ ᠪᠤᠯᠤᠨ᠎ᠠ᠃ ᠠ᠋ᠭᠦᠨ᠎ᠳᠤ ᠠᠷᠠᠳ᠎ᠤᠨ ᠠᠮᠠᠨ ᠵᠤᠬᠢᠶᠠᠯ᠎ᠳᠠᠬᠢ ᠬᠡᠯᠡ ᠵᠦᠭᠰᠢᠷᠡᠬᠦᠯᠬᠦ ᠦᠬᠡ ᠪᠤᠯ ᠬᠡᠤᠬᠡᠳ᠎ᠤᠨ ᠬᠡᠯᠡᠨ᠎ᠤ ᠪᠤᠯᠪᠠᠰᠤᠷᠠᠯ᠎ᠢ ᠳᠡᠬᠡᠭᠰᠢᠯᠡᠬᠦᠯᠬᠦ ᠴᠢᠬᠤᠯᠠ ᠨᠢᠬᠡᠨ ᠠᠷᠭ᠎ᠠ ᠬᠡᠯᠪᠡᠷᠢ ᠪᠤᠯᠬᠤ ᠶᠤᠮ᠃ ᠬᠡᠯᠡ ᠵᠦᠭᠰᠢᠷᠡᠬᠦᠯᠬᠦ ᠦᠬᠡᠰ ᠭᠡᠳᠡᠭ ᠪᠤᠯ ᠦᠬᠦᠯᠡᠬᠦ᠎ᠳᠤ ᠲᠦᠪᠡᠭᠳᠡᠢ ᠵᠠᠷᠢᠮ ᠠᠪᠢᠶ᠎ᠠ ᠵᠢ ᠬᠤᠯᠪᠤᠭ᠎ᠠ ᠦᠭᠡᠰ ᠪᠤᠯᠤᠭᠰᠠᠨ ᠦᠬᠦᠯᠡᠪᠦᠷᠢ᠎ᠳᠤ ᠵᠤᠷᠢᠭᠤᠳᠠ ᠤᠶ᠋ᠢᠷ᠎ᠠ ᠤᠶ᠋ᠢᠷᠠᠭ᠍ᠠᠨ ᠳᠠᠪᠳᠠᠵᠤ ᠤᠷᠤᠭᠤᠯᠤᠭᠰᠠᠨ ᠤᠷᠠᠨ ᠰᠢᠯᠦᠭ ᠪᠤᠯᠬᠤ ᠶᠤᠮ᠃ ᠭᠡᠬᠦ᠎ᠳᠤ᠎ᠪᠠᠨ ᠬᠡᠯᠡ ᠵᠦᠭᠰᠢᠷᠡᠬᠦᠯᠬᠦ ᠦᠬᠡᠨ᠎ᠳᠤ ᠲᠠᠭ᠋ᠠᠷᠠᠯᠳᠤᠭᠰᠠᠨ ᠠᠪᠢᠶ᠎ᠠ ᠪᠤᠯᠭ᠋ᠠᠨ᠎ᠢ ᠳᠠᠪᠳᠠᠭ᠍ᠤ ᠪᠤᠰᠤ᠂ ᠬᠠᠷᠢᠨ ᠠᠪᠢᠶ᠎ᠠ ᠢᠵᠢᠯᠰᠢᠬᠦ᠂ ᠤᠨᠳᠤᠤᠰᠢᠬᠤ᠂ ᠰᠡᠯᠬᠦᠬᠦ ᠵᠡᠷᠭᠡ ᠮᠤᠩᠭᠤᠯ ᠬᠡᠯᠡᠨ᠎ᠤ ᠬᠠᠤᠯᠢ ᠵᠦᠢ᠎ᠳᠤ ᠲᠤᠯᠭ᠋ᠠᠭᠤᠷᠢᠯᠠᠨ ᠬᠡᠯᠡᠵᠤ ᠶᠠᠷᠢᠬᠤ᠎ᠳᠤ ᠨᠡᠶ᠋ᠢᠳᠡᠯᠢᠭ ᠠᠯᠳᠠᠭ᠎ᠠ ᠭᠠᠷᠴᠤ ᠪᠤᠯᠵᠤᠰᠢ ᠦᠬᠡᠢ ᠲᠡᠶ᠋ᠢᠮᠦ ᠠᠪᠢᠶ᠎ᠠ ᠵᠢ ᠰᠤᠩᠭᠤᠨ ᠤᠷᠤᠭᠤᠯᠤᠭᠰᠠᠨ ᠪᠠᠶ᠋ᠢᠳᠠᠭ᠃ ᠬᠡᠯᠡ ᠵᠦᠭᠰᠢᠷᠡᠬᠦᠯᠬᠦ ᠦᠬᠡ ᠵᠢᠨ ᠨᠡᠯᠢᠶᠡᠳ᠎ᠨᠢ ᠬᠤᠭᠤᠷᠤᠨᠳᠤ᠎ᠪᠠᠨ ᠰᠡᠯᠬᠦᠨ ᠰᠤᠯᠢᠭᠳᠠᠵᠤ ᠪᠤᠯᠵᠤᠰᠢ ᠦᠬᠡᠢ 《ᠷ᠊》 ᠪᠤᠯᠤᠨ 《ᠯ᠊》 ᠪᠠ 《ᠪ᠊》 ᠪᠤᠯᠤᠨ 《ᠮ᠊》 ᠠᠪᠢᠶ᠎ᠠ ᠵᠢ ᠵᠦᠪ ᠲᠤᠳᠤ ᠬᠡᠯᠡᠬᠦ᠎ᠳᠤ ᠴᠢᠭᠯᠡᠭᠳᠡᠳᠡᠭ᠃ ᠠ᠋ᠨᠡ᠎ᠨᠢ ᠬᠦᠮᠦᠰ ᠦᠬᠡ ᠵᠢ ᠵᠦᠪ ᠳᠤᠳᠤ ᠶᠠᠷᠢᠬᠤ ᠬᠡᠯᠡᠨ᠎ᠤ ᠪᠤᠯᠪᠠᠰᠤᠷᠠᠯ᠎ᠳᠤ ᠭᠠᠷᠰᠢᠬᠤ᠎ᠳᠤ᠎ᠨᠢ ᠴᠢᠬᠤᠯᠠ ᠦᠢ᠍ᠯᠡᠳᠦᠯ ᠦᠵᠡᠬᠦᠯᠳᠡᠭ᠃ ᠤᠯᠠᠮᠵᠢᠯᠠᠯᠳᠤ ᠬᠦᠮᠦᠵᠢᠯ᠎ᠤᠨ ᠬᠤᠪᠢ᠎ᠠᠴᠠ ᠠᠪᠴᠤ ᠶᠠᠷᠢᠬᠤ᠎ᠳᠤ ᠬᠡᠯᠡ ᠵᠦᠭᠰᠢᠷᠡᠬᠦᠯᠬᠦ ᠦᠬᠡ᠎ᠨᠢ ᠤᠯᠠᠮᠵᠢᠯᠠᠯᠲᠤ ᠰᠤᠷᠭ᠋ᠠᠨ ᠬᠦᠮᠦᠵᠢᠬᠦᠯᠬᠦ ᠵᠦᠢ ᠵᠢᠨ ᠨᠢᠬᠡ ᠴᠢᠬᠤᠯᠠ ᠭᠡᠰᠡᠭ ᠪᠤᠯᠵᠤ ᠪᠠᠶ᠋ᠢᠭᠰᠠᠨ ᠳᠡᠳᠦᠢ ᠦᠬᠡᠢ᠂ ᠦᠷ᠎ᠡ ᠬᠡᠤᠬᠡᠳ᠎ᠤᠨ ᠵᠶ᠋ᠠᠨ ᠬᠡᠯᠡ᠎ᠪᠠᠨ ᠬᠢᠷᠢ ᠵᠡᠷᠬᠡ ᠵᠦᠪ ᠶᠠᠷᠢᠵᠤ ᠡᠵᠡᠮᠰᠢᠬᠦ᠎ᠳᠤ᠎ᠨᠢ ᠦᠢ᠍ᠯᠡᠴᠢᠯᠡᠵᠤ ᠪᠠᠶ᠋ᠢᠭᠰᠠᠨ᠎ᠢ ᠠ᠋ᠬᠦᠨ᠎ᠠᠴᠠ ᠮᠡᠳᠡᠵᠤ ᠪᠤᠯᠤᠨ᠎ᠠ᠃

ᠠ᠋ᠨᠡ ᠬᠦ᠌ ᠤᠯᠠᠮᠵᠢᠯᠠᠯᠳᠤ ᠰᠤᠷᠭ᠋ᠠᠨ ᠬᠦᠮᠦᠵᠢᠬᠦᠯᠬᠦ ᠠᠷᠭ᠎ᠠ ᠬᠡᠯᠪᠡᠷᠢ᠎ᠨᠢ ᠨᠡᠶ᠋ᠢᠬᠡᠮ ᠴᠠᠭ ᠦᠶ᠎ᠡ ᠵᠢᠨ ᠬᠤᠪᠢᠷᠠᠯ᠎ᠠᠴᠠ ᠪᠤᠯᠤᠭ᠋ᠠᠳ ᠤᠯᠠᠮ ᠵᠶ᠋ᠠᠷ ᠮᠠᠷᠳᠠᠭᠳᠠᠵᠤ ᠬᠡᠭᠡᠭᠳᠡᠭᠰᠡᠨ ᠪᠤᠶᠤ ᠳᠡᠳᠦᠢ ᠯᠠ ᠤᠪᠠᠶ᠋ᠢᠯᠠᠭᠳᠠᠭ᠍ᠤ ᠦᠬᠡᠢ ᠪᠤᠯᠤᠭᠰᠠᠨ᠎ᠨᠢ ᠰᠤᠷᠤᠭᠴᠢᠳ᠎ᠤᠨ ᠶᠠᠷᠢᠶᠠᠨ᠎ᠤ ᠬᠡᠯᠡᠨ᠎ᠤ ᠪᠤᠯᠪᠠᠰᠤᠷᠠᠯ ᠠᠨᠠᠢ ᠪᠤᠯᠵᠤ ᠪᠠᠶ᠋ᠢᠭ᠎ᠠ ᠵᠢᠨ ᠦᠨᠳᠦᠰᠦᠨ ᠨᠢᠬᠡ ᠰᠢᠯᠳᠠᠭ᠋ᠠᠨ ᠬᠡᠵᠤ ᠬᠡᠯᠡᠵᠤ ᠪᠤᠯᠤᠨ᠎ᠠ᠃ ᠶᠡᠷᠦ᠎ᠨᠢ ᠬᠡᠯᠡ ᠵᠦᠭᠰᠢᠷᠡᠬᠦᠯᠬᠦ ᠦᠬᠡ᠎ᠨᠢ ᠤᠯᠠᠮᠵᠢᠯᠠᠯᠳᠤ ᠰᠤᠷᠭ᠋ᠠᠨ ᠬᠦᠮᠦᠵᠢᠯ᠎ᠤᠨ ᠨᠢᠬᠡᠨ ᠵᠢᠵᠢᠭᠬᠡᠨ ᠭᠡᠰᠡᠭ ᠳᠡᠳᠦᠢ ᠪᠢᠰᠢ᠂ ᠬᠠᠷᠢᠨ ᠳᠡᠷᠡ ᠪᠤᠯ ᠬᠡᠯᠡᠨ᠎ᠤ ᠪᠤᠯᠪᠠᠰᠤᠷᠠᠯ᠎ᠳᠤ ᠰᠢᠭᠤᠳ ᠨᠦᠯᠦᠬᠡᠯᠡᠵᠤ᠂ ᠠ᠋ᠬᠦᠨ ᠵᠶ᠋ᠠᠷ ᠵᠶ᠋ᠠᠨ ᠳᠠᠮᠵᠢᠨ ᠤᠶᠤᠨ ᠤᠬᠠᠭ᠋ᠠᠨ᠎ᠤ ᠳᠡᠭᠡᠭᠰᠢᠯᠡᠯ᠎ᠢ ᠴᠤ᠌ ᠨᠦᠯᠦᠬᠡᠯᠡᠳᠡᠭ᠃ ᠠ᠋ᠶ᠋ᠢᠮᠦ᠎ᠠᠴᠠ ᠰᠤᠷᠤᠭᠴᠢᠳ᠎ᠤᠨ ᠶᠠᠷᠢᠶᠠᠨ᠎ᠤ ᠬᠡᠯᠡᠨ᠎ᠤ ᠪᠤᠯᠪᠠᠰᠤᠷᠠᠯ᠎ᠢ ᠳᠡᠬᠡᠭᠰᠢᠯᠡᠬᠦᠯᠬᠦ ᠬᠡᠪᠡᠯ ᠬᠡᠯᠡ ᠵᠦᠭᠰᠢᠷᠡᠬᠦᠯᠬᠦ ᠦᠬᠡ ᠵᠢ ᠠ᠋ᠷᠭᠡᠪᠰᠢ ᠵᠦᠪ ᠡᠵᠡᠮᠰᠢᠬᠦᠯᠬᠦ ᠬᠡᠷᠡᠭᠳᠡᠢ᠃ ᠳᠡᠷᠡᠴᠢᠯᠡᠨ ᠬᠡᠯᠡ ᠪᠤᠯᠪᠠᠰᠤᠷᠠᠭᠤᠯᠬᠤ ᠦᠬᠡ᠎ᠨᠢ ᠭᠤᠷᠪᠠᠨ ᠳᠠᠯ᠎ᠠ ᠵᠢᠨ ᠱᠠᠭ᠋ᠠᠷᠳᠠᠯᠭ᠎ᠠ ᠵᠶ᠋ᠠᠷ ᠲᠦᠷᠪᠡᠨ ᠵᠦᠢ᠍ᠯ ᠵᠶ᠋ᠠᠷ ᠵᠤᠬᠢᠶᠠᠭᠳᠠᠭᠰᠠᠨ ᠭᠡᠭᠳᠡᠳᠡᠭ᠃ ᠭᠤᠷᠪᠠᠨ ᠱᠠᠭ᠋ᠠᠷᠳᠠᠯᠭ᠎ᠠ ᠭᠡᠳᠡᠭ᠎ᠨᠢ ᠬᠡᠯᠡ ᠵᠢ ᠪᠤᠯᠪᠠᠰᠤᠷᠠᠭᠤᠯᠬᠤ᠂ ᠠᠮᠠᠨ᠎ᠤ ᠬᠡᠯᠪᠡᠷᠢ ᠵᠢ ᠪᠤᠯᠪᠠᠰᠤᠷᠠᠭᠤᠯᠬᠤ᠂ ᠬᠤᠷᠴᠠ ᠲᠤᠰᠬᠠᠯ᠎ᠢ ᠪᠤᠯᠪᠠᠰᠤᠷᠠᠭᠤᠯᠬᠤ ᠱᠠᠭ᠋ᠠᠷᠳᠠᠯᠭ᠎ᠠ ᠪᠤᠯᠤᠨ᠎ᠠ᠃ ᠠ᠋ᠨᠡ ᠱᠠᠭ᠋ᠠᠷᠳᠠᠯᠭ᠎ᠠ ᠵᠢ᠎ᠨᠢ ᠦᠨᠳᠦᠰᠦᠯᠡᠨ ᠬᠡᠯᠡ ᠵᠦᠭᠰᠢᠷᠡᠬᠦᠯᠬᠦ ᠦᠬᠡ ᠵᠢ ᠪᠠᠰᠠ ᠬᠡᠯᠡ ᠪᠤᠯᠪᠠᠰᠤᠷᠠᠭᠤᠯᠬᠤ᠎ᠳᠤ ᠵᠤᠷᠢᠭᠤᠯᠤᠭᠳᠠᠭᠰᠠᠨ ᠬᠡᠯᠡ ᠵᠦᠭᠰᠢᠷᠡᠬᠦᠯᠬᠦ ᠦᠬᠡ᠂ ᠠᠮᠠᠨ᠎ᠤ ᠬᠡᠯᠪᠡᠷᠢ ᠵᠢ ᠪᠤᠯᠪᠠᠰᠤᠷᠠᠭᠤᠯᠬᠤ᠎ᠳᠤ ᠵᠤᠷᠢᠭᠤᠯᠤᠭᠳᠠᠭᠰᠠᠨ ᠬᠡᠯᠡ ᠵᠦᠭᠰᠢᠷᠡᠬᠦᠯᠬᠦ ᠦᠬᠡ᠂ ᠲᠤᠰᠬᠠᠯ᠎ᠢ ᠪᠤᠯᠪᠠᠰᠤᠷᠠᠭᠤᠯᠬᠤ᠎ᠳᠤ ᠵᠤᠷᠢᠭᠤᠯᠤᠭᠳᠠᠭᠰᠠᠨ ᠬᠡᠯᠡ ᠵᠦᠭᠰᠢᠷᠡᠬᠦᠯᠬᠦ ᠦᠬᠡ᠂ ᠬᠡᠯᠡ᠂ ᠠᠮᠠᠨ᠎ᠤ ᠬᠦᠳᠡᠯᠭᠡᠭᠡᠨ᠂ ᠳᠤᠰᠬᠠᠯ ᠭᠤᠷᠪᠠ ᠵᠢ ᠬᠠᠮᠳᠤ᠎ᠪᠠᠷ ᠪᠤᠯᠪᠠᠰᠤᠷᠠᠭᠤᠯᠬᠤ ᠎ᠳᠤ ᠵᠤᠷᠢᠭᠤᠯᠤᠭᠳᠠᠭᠰᠠᠨ ᠬᠡᠯᠡ ᠵᠦᠭᠰᠢᠷᠡᠬᠦᠯᠬᠦ ᠦᠬᠡ ᠭᠡᠵᠦ ᠲᠦᠷᠪᠡᠨ ᠵᠦᠢ᠍ᠯ᠎ᠳᠤ ᠬᠤᠪᠢᠶᠠᠳᠠᠭ᠃ ᠠ᠋ᠳᠡᠬᠡᠷ᠎ᠤᠨ ᠲᠤᠰ ᠲᠤᠰ᠎ᠤᠨ ᠬᠢᠨᠢ ᠵᠤᠷᠢᠯᠭ᠎ᠠ ᠠᠳᠠᠯᠢ ᠦᠬᠡᠢ ᠪᠤᠯᠪᠠᠴᠤ ᠬᠡᠯᠡ ᠵᠢ ᠵᠦᠪ ᠤᠨᠤᠪᠴᠢᠳᠠᠢ᠂ ᠲᠦᠷᠬᠡᠨ ᠤᠷᠤᠰᠤᠮ᠎ᠠ ᠬᠡᠯᠡᠬᠦ᠎ᠳᠤ ᠵᠤᠷᠢᠭᠤᠯᠤᠭᠳᠠᠵᠤ ᠪᠠᠶ᠋ᠢᠳᠠᠭ ᠵᠶ᠋ᠠᠷ ᠵᠶ᠋ᠠᠨ ᠨᠢᠬᠡᠳᠦᠯ᠎ᠲᠠᠢ ᠶᠤᠮ᠃ ᠵᠢᠱ᠌ᠢᠶᠡᠯᠡᠪᠡᠯ᠂

《ᠢᠯᠡᠤᠷ᠂ ᠬᠠᠭ᠋ᠠᠷᠢᠭᠤᠯ᠂ ᠪᠠᠯᠠᠯᠤᠭᠤᠷ

ᠬᠠᠭ᠋ᠠᠷᠢᠭᠤᠯ᠂ ᠪᠠᠯᠠᠯᠤᠭᠤᠷ᠂ ᠢᠯᠡᠤᠷ

ᠪᠠᠯᠠᠯᠤᠭᠤᠷ᠂ ᠢᠯᠡᠤᠷ᠂ ᠬᠠᠭ᠋ᠠᠷᠢᠭᠤᠯ》 ᠭᠡᠳᠡᠭ ᠬᠡᠯᠡ ᠵᠦᠭᠰᠢᠷᠡᠬᠦᠯᠬᠦ ᠦᠬᠡ ᠵᠢ ᠶᠠᠷᠢᠬᠤ᠎ᠳᠤ ᠠ᠋ᠨᠡ᠎ᠨᠢ ᠵᠦᠪᠬᠡᠨ ᠨᠢᠬᠡ ᠳᠠᠯ᠎ᠠ ᠵᠢᠨ ᠪᠤᠯᠪᠠᠰᠤᠷᠠᠯ᠎ᠢ ᠴᠢᠩᠭ᠋ᠠᠳᠬᠠᠬᠤ ᠪᠢᠰᠢ᠂ ᠬᠠᠷᠢᠨ ᠬᠡᠯᠡ ᠵᠢ ᠪᠤᠯᠪᠠᠰᠤᠷᠠᠭᠤᠯᠬᠤ᠂ ᠠᠮᠠᠨ᠎ᠤ ᠬᠡᠯᠪᠡᠷᠢ ᠵᠢ ᠪᠤᠯᠪᠠᠰᠤᠷᠠᠭᠤᠯᠬᠤ᠂ ᠬᠤᠷᠴᠠ ᠳᠤᠰᠬᠠᠯ᠎ᠢ ᠪᠤᠯᠪᠠᠰᠤᠷᠠᠭᠤᠯᠬᠤ ᠭᠤᠷᠪᠠᠨ ᠳᠠᠯ᠎ᠠ ᠵᠢᠨ ᠠᠭᠤᠯᠭ᠎ᠠ ᠵᠢ ᠪᠠᠭᠳᠠᠭ᠋ᠠᠵᠤ ᠪᠠᠶ᠋ᠢᠳᠠᠭ᠃ ᠳᠠᠷᠤᠢ 《ᠷ᠊》 ᠬᠡᠶ᠋ᠢᠬᠦᠯᠦᠭᠴᠢ ᠪᠠ 《ᠯ᠊》 ᠬᠡᠶ᠋ᠢᠬᠦᠯᠦᠭᠴᠢ ᠵᠢᠨ ᠰᠤᠯᠪᠢᠴᠠᠯ᠎ᠢ ᠶᠠᠷᠢᠬᠤ᠎ᠪᠠᠷ ᠳᠠᠮᠵᠢᠨ ᠬᠡᠯᠡ᠎ᠪᠠᠨ ᠪᠤᠯᠪᠠᠰᠤᠷᠠᠭᠤᠯᠬᠤ᠂ ᠢᠯᠡᠤᠷ᠂ ᠬᠠᠭ᠋ᠠᠷᠢᠭᠤᠯ᠂ ᠪᠠᠯᠠᠯᠤᠭᠤᠷ ᠭᠡᠳᠡᠭ ᠦᠬᠡᠨ᠎ᠳᠠᠬᠢ ᠠ᠋ᠭᠡᠰᠢᠭ ᠠᠪᠢᠶ᠎ᠠ᠎ᠨᠢ ᠠᠮᠠᠨ᠎ᠤ ᠬᠤᠪᠢᠷᠠᠯᠳᠠ ᠵᠢ ᠨᠦᠯᠦᠬᠡᠯᠡᠵᠤ ᠪᠠᠶ᠋ᠢᠳᠠᠭ᠎ᠠᠴᠠ ᠠ᠋ᠬᠦᠨ᠎ᠢ ᠶᠠᠷᠢᠬᠤ᠎ᠪᠠᠷ ᠳᠠᠮᠵᠢᠭ᠋ᠠᠳ ᠠᠮᠠᠨ᠎ᠤ ᠬᠡᠯᠪᠡᠷᠢ ᠵᠢ ᠪᠤᠯᠪᠠᠰᠤᠷᠠᠭᠤᠯᠬᠤ᠂ ᠭᠤᠷᠪᠠᠨ ᠦᠬᠡ ᠵᠢᠨ ᠪᠠᠶ᠋ᠢᠷᠢ ᠵᠢᠨ ᠰᠤᠯᠢᠭᠳᠠᠯ᠎ᠢ ᠳᠤᠳᠤ ᠢᠯᠭ᠋ᠠᠨ ᠬᠡᠯᠡᠵᠤ ᠴᠢᠳᠠᠭ᠍ᠤ᠎ᠠᠴᠠ ᠪᠤᠯᠵᠤ ᠲᠤᠰᠬᠠᠯ᠎ᠢ ᠪᠤᠯᠪᠠᠰᠤᠷᠠᠭᠤᠯᠬᠤ᠎ᠳᠤ ᠵᠤᠷᠢᠭᠤᠯᠤᠭᠳᠠᠭᠰᠠᠨ ᠪᠠᠶ᠋ᠢᠳᠠᠭ᠃ ᠠ᠋ᠶ᠋ᠢᠮᠦ᠎ᠠᠴᠠ ᠤᠯᠠᠮᠵᠢᠯᠠᠯᠳᠤ ᠬᠦᠮᠦᠵᠢᠯ᠎ᠢ ᠤᠳᠤᠬᠢ ᠵᠢᠭ᠋ᠠᠨ ᠰᠤᠷᠭ᠋ᠠᠯᠳᠠ᠎ᠲᠠᠢ᠎ᠪᠠᠨ ᠬᠡᠷᠬᠢᠨ ᠵᠤᠬᠢᠴᠠᠭᠤᠯᠵᠤ ᠬᠡᠷᠡᠭᠯᠡᠬᠦ ᠪᠤᠢ ᠬᠡᠳᠡᠭ ᠪᠤᠯ ᠪᠠᠭᠰᠢ ᠪᠤᠯᠤᠭᠰᠠᠳ᠎ᠤᠨ ᠡᠵᠡᠮᠰᠢᠬᠦ ᠶᠤᠰᠤᠳᠠᠢ ᠴᠢᠬᠤᠯᠠ ᠮᠡᠷᠬᠡᠵᠢᠯ ᠪᠤᠯᠬᠤ ᠮᠦᠷᠳᠡᠬᠡᠨ ᠰᠤᠷᠤᠭᠴᠢᠳ᠎ᠤᠨ ᠶᠠᠷᠢᠶᠠᠨ᠎ᠤ ᠬᠡᠯᠡᠨ᠎ᠤ ᠪᠤᠯᠪᠠᠰᠤᠷᠠᠯ᠎ᠢ ᠳᠡᠬᠡᠭᠰᠢᠯᠡᠬᠦᠯᠬᠦ ᠴᠢᠬᠤᠯᠠ ᠠᠷᠭ᠎ᠠ ᠪᠠᠷᠢᠯ ᠪᠤᠯᠤᠨ᠎ᠠ᠃

ᠬᠤᠶᠠᠷ᠂ ᠶᠠᠷᠢᠶᠠᠨ᠎ᠤ ᠬᠡᠯᠡᠨ᠎ᠤ ᠦᠨᠳᠦᠰᠦᠨ ᠪᠤᠯᠪᠠᠰᠤᠷᠠᠯ᠎ᠳᠤ ᠠᠩᠬᠠᠷᠬᠤ ᠵᠦᠢ᠍ᠯ

ᠦᠨᠡᠨ᠎ᠳᠤ᠎ᠪᠠᠨ ᠤᠯᠠᠨ ᠬᠦᠮᠦᠰ ᠰᠠᠶ᠋ᠢᠬᠠᠨ ᠶᠠᠷᠢᠬᠤ ᠵᠦᠪ ᠤᠨᠤᠪᠴᠢᠳᠠᠢ ᠤᠷᠤᠰᠤᠮ᠎ᠠ ᠶᠠᠷᠢᠬᠤ᠎ᠨᠢ ᠵᠦᠪᠬᠡᠨ ᠬᠦᠳᠦᠯᠦᠭᠴᠢ ᠨᠡᠪᠳᠡᠷᠡᠬᠦᠯᠦᠭᠴᠢ ᠵᠢᠨ ᠮᠡᠷᠬᠡᠵᠢᠯ᠎ᠲᠠᠢ ᠯᠠ ᠬᠤᠯᠪᠤᠭᠳᠠᠭ᠍ᠤ ᠰᠢᠤᠬᠠᠨ ᠰᠠᠨᠠᠳᠠᠭ᠃ ᠬᠡᠪᠡᠴᠦ ᠳᠡᠶ᠋ᠢᠮᠦ ᠪᠢᠰᠢ ᠶᠤᠮ᠂ ᠬᠦᠮᠦᠨ ᠪᠦᠬᠦᠨ ᠵᠠᠪᠠᠯ ᠵᠦᠪ ᠤᠷᠤᠰᠤᠮ᠎ᠠ ᠰᠠᠶ᠋ᠢᠬᠠᠨ ᠶᠠᠷᠢᠬᠤ ᠦᠨᠳᠦᠰᠦᠨ ᠪᠤᠯᠪᠠᠰᠤᠷᠠᠯ᠎ᠢ ᠡᠵᠡᠮᠰᠢᠬᠦ ᠬᠡᠷᠡᠭᠳᠡᠢ᠂ ᠨᠡᠩ ᠢᠯᠠᠩᠭᠤᠶ᠎ᠠ ᠰᠤᠷᠤᠭᠴᠢᠳ ᠦᠪᠡᠷ᠎ᠤᠨ ᠬᠡᠯᠡᠨ᠎ᠤ ᠪᠤᠯᠪᠠᠰᠤᠷᠠᠯ ᠵᠶ᠋ᠠᠨ ᠳᠡᠬᠡᠭᠰᠢᠯᠡᠬᠦᠯᠬᠦ ᠬᠡᠪᠡᠯ ᠵᠠᠪᠠᠯ ᠠ᠋ᠳᠡᠬᠡᠷ ᠦᠨᠳᠦᠰᠦᠨ ᠪᠤᠯᠪᠠᠰᠤᠷᠠᠯ᠎ᠢ ᠭᠠᠷᠳᠠᠨ ᠬᠢᠬᠦ ᠶᠤᠰᠤᠳᠠᠢ ᠪᠠᠶ᠋ᠢᠳᠠᠭ᠃

ᠲᠡᠬᠡᠪᠡᠯ ᠠ᠋ᠳᠡᠬᠡᠷ ᠦᠨᠳᠦᠰᠦᠨ ᠪᠤᠯᠪᠠᠰᠤᠷᠠᠯ᠎ᠳᠤ ᠳᠠᠭᠤᠨ᠎ᠤ ᠪᠤᠯᠪᠠᠰᠤᠷᠠᠯ᠂ ᠠᠮᠢᠰᠬᠤᠯ᠎ᠤᠨ ᠪᠤᠯᠪᠠᠰᠤᠷᠠᠯ᠂ ᠬᠡᠯᠡᠨ᠎ᠤ ᠪᠤᠯᠪᠠᠰᠤᠷᠠᠯ ᠭᠡᠬᠦ ᠭᠤᠷᠪᠠᠨ ᠠᠭᠤᠯᠭ᠎ᠠ ᠪᠠᠭᠳᠠᠳᠠᠭ᠃ ᠠ᠋ᠨᠡ᠎ᠨᠢ ᠳᠠᠷᠤᠢ ᠢᠷᠠᠭᠤ ᠲᠤᠳᠤ ᠬᠡᠯᠡ ᠶᠠᠷᠢᠶ᠎ᠠ᠎ᠲᠠᠢ᠂ ᠲᠤᠩᠭ᠋ᠠᠯᠠᠭ ᠴᠡᠭᠡᠯᠬᠡᠨ ᠲᠠᠭᠤᠨ ᠬᠤᠭᠤᠯᠠᠢ᠎ᠲᠠᠢ᠂ ᠠᠮᠢᠰᠬᠤᠯ ᠵᠶ᠋ᠠᠨ ᠵᠦᠪ ᠠᠪᠴᠤ ᠴᠢᠳᠠᠭᠰᠠᠨ ᠪᠠᠶ᠋ᠢᠮᠠᠨᠵᠢᠨ ᠰᠠᠶᠢ ᠬᠡᠯᠡᠨ᠎ᠤ ᠦᠨᠳᠦᠰᠦᠨ ᠪᠤᠯᠪᠠᠰᠤᠷᠠᠯ ᠵᠶ᠋ᠠᠨ ᠴᠢᠩᠭ᠋ᠠᠳᠬᠠᠵᠤ ᠴᠢᠳᠠᠭ᠍ᠤ ᠶᠤᠮ᠃ ᠠ᠋ᠳᠡᠬᠡᠷ ᠦᠨᠳᠦᠰᠦᠨ ᠪᠤᠯᠪᠠᠰᠤᠷᠠᠯ᠎ᠢ ᠪᠡᠶᠡᠯᠡᠬᠦᠯᠬᠦ᠎ᠳᠤ ᠠ᠋ᠷᠬᠡᠪᠰᠢ ᠳᠠᠷᠠᠭ᠋ᠠᠬᠢ ᠮᠡᠳᠦ ᠬᠡᠳᠦᠨ ᠳᠠᠯ᠎ᠠ᠎ᠪᠠᠷ ᠠᠩᠬᠠᠷᠬᠤ ᠬᠡᠷᠡᠭᠳᠡᠢ ᠪᠠᠶ᠋ᠢᠳᠠᠭ᠃

1. ᠶᠠᠭᠤᠨ᠎ᠤ ᠤᠷᠢᠳ ᠲᠠᠭᠤᠨ᠎ᠤ ᠪᠤᠯᠪᠰᠤᠷᠠᠯ᠎ᠢ ᠰᠠᠶ᠋ᠢᠨ ᠡᠵᠡᠮᠰᠢᠭᠰᠡᠨ ᠪᠠᠶ᠋ᠢᠬᠤ ᠭᠡᠷᠡᠭᠳᠡᠢ᠃ ᠬᠡᠯᠡ ᠠᠪᠢᠶ᠎ᠠ ᠳᠤᠳᠤ᠂ ᠳᠠᠭᠤᠨ ᠬᠤᠭᠤᠯᠠᠢ ᠵᠢᠨ ᠦᠩᠬᠡ ᠢᠷᠠᠭᠤ ᠴᠡᠭᠡᠯᠬᠡᠨ ᠪᠠᠶ᠋ᠢᠬᠤ᠎ᠨᠢ ᠬᠡᠯᠡᠨ᠎ᠤ ᠪᠤᠯᠪᠠᠰᠤᠷᠠᠯ ᠵᠦᠪ ᠤᠨᠤᠪᠴᠢᠳᠠᠢ ᠪᠠᠶ᠋ᠢᠬᠤ ᠵᠢᠨ ᠦᠨᠳᠦᠰᠤᠨ ᠨᠦᠬᠦᠴᠡᠯ ᠮᠦᠨ᠃ ᠠ᠋ᠶ᠋ᠢᠮᠦ᠎ᠠᠴᠠ ᠦᠪᠡᠷ᠎ᠤᠨ ᠳᠠᠭᠤᠨ ᠬᠤᠭᠤᠯᠠᠢ ᠵᠢᠨ ᠵᠶ᠋ᠠᠨ ᠪᠠᠶ᠋ᠢᠳᠠᠯ᠎ᠳᠤ ᠵᠤᠬᠢᠴᠠᠭᠤᠯᠤᠨ ᠳᠠᠭᠤᠨ᠎ᠤ ᠪᠤᠯᠪᠠᠰᠤᠷᠠᠯ ᠬᠢᠵᠤ ᠳᠠᠭᠤᠨ᠎ᠤ᠎ᠪᠠᠨ ᠬᠦᠴᠦ᠂ ᠳᠠᠭᠤᠨ᠎ᠤ ᠳᠠᠭ᠋ᠠᠭ᠋ᠠᠮᠠᠭ᠋ᠠᠢ ᠴᠢᠳᠠᠯ᠎ᠢ ᠨᠡᠮᠡᠭᠳᠡᠬᠦᠯᠵᠤ ᠪᠠᠶ᠋ᠢᠭ᠋ᠠᠳ ᠦᠪᠡᠷ᠎ᠲᠤ᠎ᠪᠠᠨ ᠵᠤᠬᠢᠴᠠᠭᠰᠠᠨ ᠬᠠᠮᠤᠭ᠎ᠤᠨ ᠰᠠᠶ᠋ᠢᠬᠠᠨ ᠳᠠᠭᠤ᠎ᠪᠠᠨ ᠪᠤᠯᠪᠠᠰᠤᠷᠠᠭᠤᠯᠬᠤ ᠭᠡᠷᠡᠭᠳᠡᠢ᠃

2. ᠳᠠᠷᠠᠭ᠎ᠠ᠎ᠨᠢ ᠠᠮᠢᠰᠬᠤᠯ᠎ᠤᠨ ᠪᠤᠯᠪᠠᠰᠤᠷᠠᠯ᠎ᠢ ᠴᠢᠩᠭ᠋ᠠᠳᠬᠠᠬᠤ ᠬᠡᠷᠡᠭᠳᠡᠢ᠂ ᠠ᠋ᠨᠡ ᠪᠤᠯ ᠮᠦᠨ ᠴᠤ᠌ ᠶᠠᠷᠢᠶᠠᠨ᠎ᠤ ᠬᠡᠯᠡᠨ᠎ᠤ ᠪᠤᠯᠪᠠᠰᠤᠷᠠᠯ᠎ᠢ ᠴᠢᠩᠭ᠋ᠠᠳᠬᠠᠬᠤ ᠴᠢᠬᠤᠯᠠ ᠨᠢᠬᠡᠨ ᠠᠭᠤᠯᠭ᠎ᠠ ᠪᠤᠯᠤᠨ᠎ᠠ᠃ ᠠᠮᠢᠰᠬᠤᠯ᠎ᠤᠨ ᠪᠤᠯᠪᠠᠰᠤᠷᠠᠯ᠎ᠢ ᠵᠦᠪ ᠡᠵᠡᠮᠰᠢᠪᠡᠯ ᠰᠠᠶᠢ ᠦᠬᠡ ᠦᠬᠦᠯᠡᠪᠦᠷᠢ ᠵᠢᠨ ᠠ᠋ᠷᠬᠦᠯᠳ᠋ᠨ ᠵᠤᠭᠰᠤᠯᠳᠠ᠂ ᠠᠶ᠋ᠢᠵᠠᠮ ᠬᠡᠮᠨᠡᠯ᠂ ᠰᠡᠳᠬᠢᠯᠬᠡ ᠵᠢᠨ ᠦᠩᠬᠡ ᠵᠢᠨ ᠲᠤᠬᠢᠷᠠᠭᠤᠯᠤᠯᠳᠠ ᠵᠢ ᠵᠦᠪ ᠳᠤᠬᠢᠷᠠᠭᠤᠯᠵᠤ ᠴᠢᠳᠠᠭ᠍ᠤ ᠪᠤᠯᠤᠨ᠎ᠠ᠃ ᠮᠦᠨ ᠴᠤ᠌ ᠠᠮᠢᠰᠬᠤᠯ᠎ᠤᠨ ᠪᠤᠯᠪᠠᠰᠤᠷᠠᠯ ᠰᠠᠶ᠋ᠢᠨ ᠪᠠᠶ᠋ᠢᠬᠤ᠎ᠳᠤ ᠠᠮᠢᠰᠬᠤᠯ᠎ᠤᠨ ᠠ᠋ᠷᠭᠡᠳᠡᠨ᠎ᠤ ᠠ᠋ᠷᠡᠬᠦᠯ ᠰᠠᠷᠠᠭᠤᠯ ᠪᠠᠶ᠋ᠢᠬᠤ᠎ᠨᠢ ᠴᠢᠬᠤᠯᠠ ᠤᠴᠢᠷ᠎ᠠᠴᠠ ᠲᠡᠬᠦᠨ᠎ᠢ ᠰᠠᠶ᠋ᠢᠨ ᠬᠠᠮᠠᠭ᠋ᠠᠯᠠᠭ᠍ᠤ ᠱᠠᠭ᠋ᠠᠷᠳᠠᠯᠭ᠎ᠠ᠎ᠲᠠᠢ ᠪᠠᠶ᠋ᠢᠳᠠᠭ᠃

3. ᠬᠡᠯᠡᠨ᠎ᠤ ᠪᠤᠯᠪᠠᠰᠤᠷᠠᠯ ᠪᠤᠯ ᠨᠢᠬᠡᠨ ᠴᠢᠬᠤᠯᠠ ᠦᠨᠳᠦᠰᠦᠨ ᠪᠤᠯᠪᠠᠰᠤᠷᠠᠯ ᠪᠤᠯᠤᠨ᠎ᠠ᠃ ᠬᠡᠯᠡ ᠪᠤᠯ ᠬᠦᠮᠦᠨ ᠲᠦᠷᠦᠯᠬᠢᠳᠡᠨ᠎ᠤ ᠬᠠᠷᠢᠯᠴᠠᠭ᠋ᠠᠨ᠎ᠤ ᠪᠠᠭ᠋ᠠᠵᠢ ᠮᠦᠨ᠃ ᠬᠡᠯᠡᠨ᠎ᠤ ᠪᠤᠯᠪᠠᠰᠤᠷᠠᠯ ᠭᠡᠳᠡᠭ᠎ᠨᠢ ᠳᠠᠷᠤᠢ ᠤᠩᠰᠢᠬᠤ ᠪᠤᠯᠪᠠᠰᠤᠷᠠᠯ᠎ᠢ ᠵᠢᠭ᠋ᠠᠵᠤ ᠪᠠᠶ᠋ᠢᠨ᠎ᠠ᠃ ᠠ᠋ᠶ᠋ᠢᠮᠦ᠎ᠠᠴᠠ ᠠ᠋ᠨᠡ ᠪᠤᠯᠪᠠᠰᠤᠷᠠᠯ᠎ᠢ ᠠ᠋ᠳᠦᠷ ᠪᠤᠯᠭ᠋ᠠᠨ ᠠᠯᠭ᠋ᠠᠰᠠᠯ ᠦᠬᠡᠢ ᠬᠢᠵᠤ ᠪᠠᠶ᠋ᠢᠬᠤ ᠬᠡᠷᠡᠭᠳᠡᠢ ᠮᠦᠷᠳᠡᠬᠡᠨ ᠢᠯᠡᠬᠦᠬᠡᠨ ᠳᠠᠭᠤᠳᠤ ᠤᠩᠰᠢᠯᠭ᠎ᠠ ᠬᠢᠬᠦ᠎ᠨᠢ ᠶᠡᠭᠡ ᠴᠢᠬᠤᠯᠠ ᠪᠠᠶ᠋ᠢᠳᠠᠭ ᠶᠤᠮ᠃ ᠳᠤᠰ ᠪᠤᠯᠪᠠᠰᠤᠷᠠᠯ᠎ᠢ ᠬᠢᠬᠦ᠎ᠳᠤ᠎ᠪᠠᠨ ᠤᠷᠤᠰᠤᠮ᠎ᠠ ᠰᠠᠶ᠋ᠢᠬᠠᠨ ᠤᠩᠰᠢᠵᠤ᠂ ᠦᠷᠬᠦᠯᠵᠢ ᠲᠤᠷᠴᠤ ᠲᠡᠭᠡᠭᠯᠡᠭᠡᠳ ᠪᠠᠶ᠋ᠢᠵᠤ ᠪᠤᠯᠬᠤ ᠦᠬᠡᠢ᠂ ᠤᠯᠠᠨ ᠵᠤᠭᠰᠤᠵᠤ ᠪᠤᠯᠬᠤ ᠦᠬᠡᠢ᠂ ᠰᠡᠳᠬᠢᠯᠭᠡ ᠵᠢ ᠵᠦᠪ ᠭᠠᠷᠭ᠋ᠠᠵᠤ ᠴᠢᠳᠠᠭ᠍ᠤ ᠭᠡᠷᠡᠭᠳᠡᠢ᠃ ᠮᠦᠨ ᠴᠤ᠌ ᠨᠤᠳᠤᠭ᠎ᠤᠨ ᠠᠶᠠᠯᠭᠤ᠎ᠪᠠᠨ ᠵᠠᠰᠠᠭ᠍ᠤ ᠭᠡᠷᠡᠭᠳᠡᠢ᠂ ᠠᠪᠢᠶ᠎ᠠ ᠵᠢ ᠵᠦᠪ ᠤᠨᠤᠪᠴᠢᠳᠠᠢ ᠭᠠᠷᠭ᠋ᠠᠵᠤ ᠴᠢᠳᠠᠭ᠍ᠤ ᠭᠡᠷᠡᠭᠳᠡᠢ ᠶᠤᠮ᠃ ᠢᠩᠬᠢᠪᠡᠯ ᠰᠠᠶᠢ ᠪᠠᠷᠢᠮᠵᠢᠶ᠎ᠠ ᠠᠪᠢᠶ᠎ᠠ ᠵᠢ ᠲᠦᠬᠡᠮᠡᠯᠵᠢᠬᠦᠯᠵᠤ ᠴᠢᠳᠠᠭ᠍ᠤ᠎ᠪᠠᠷ ᠪᠠᠷᠠᠭ᠍ᠤ ᠦᠬᠡᠢ᠃ ᠬᠡᠯᠡᠨ ᠎ᠤ ᠦᠨᠳᠦᠰᠦᠨ ᠪᠤᠯᠪᠠᠰᠤᠷᠠᠯ ᠵᠶ᠋ᠠᠨ ᠳᠡᠬᠡᠭᠰᠢᠯᠡᠬᠦᠯᠵᠤ ᠴᠢᠳᠠᠭ᠍ᠤ ᠪᠤᠯᠤᠨ᠎ᠠ᠃ ᠠ᠋ᠨᠡ ᠪᠤᠯᠪᠠᠰᠤᠷᠠᠯ᠎ᠢ ᠬᠦᠢ᠍ᠴᠡᠳᠬᠡᠬᠦ ᠨᠢᠬᠡᠨ ᠠᠷᠭ᠎ᠠ ᠪᠤᠯ ᠳᠠᠷᠤᠢ ᠬᠡᠯᠡ ᠵᠦᠭᠰᠢᠷᠡᠬᠦᠯᠬᠦ ᠦᠬᠡ ᠪᠤᠯᠤᠨ᠎ᠠ᠃

4. ᠪᠠᠰᠠ ᠵᠤᠭᠰᠤᠯᠳᠠ᠂ ᠠ᠋ᠷᠬᠦᠯᠳᠡ ᠵᠢᠨ ᠳᠠᠯ᠎ᠠ᠎ᠪᠠᠷ ᠠᠩᠬᠠᠷᠬᠤ ᠬᠡᠷᠡᠭᠳᠡᠢ᠃ ᠶᠠᠷᠢᠬᠤ ᠬᠡᠯᠡᠬᠦ ᠬᠡᠳᠡᠭ ᠪᠤᠯ ᠨᠢᠬᠡᠨ ᠵᠦᠢ᠍ᠯ᠎ᠤᠨ ᠬᠡᠯᠡᠨ᠎ᠤ ᠤᠷᠠᠯᠢᠭ ᠮᠦᠨ᠃ ᠲᠡᠷᠡ᠎ᠨᠢ ᠦᠬᠡ ᠬᠡᠯᠡ ᠵᠢ ᠠᠮᠢᠳᠤ ᠴᠤᠪᠤᠭᠤᠯᠢᠭ᠂ ᠳᠠᠭᠤᠲᠤ ᠬᠡᠯᠡ ᠪᠤᠯᠭ᠋ᠠᠵᠤ ᠬᠠᠮᠤᠭ ᠤᠶ᠋ᠢᠯᠠᠭ᠋ᠠᠮᠵᠢᠲᠠᠢ᠂ ᠬᠠᠮᠤᠭ ᠲᠦᠷᠬᠡᠨ ᠬᠤᠷᠳᠤᠴᠠ᠎ᠪᠠᠷ ᠬᠦᠮᠦᠰ᠎ᠲᠤ ᠬᠦᠷᠭᠡᠵᠤ ᠦᠭᠬᠦ ᠠ᠋ᠬᠦᠷᠬᠡ᠎ᠲᠠᠢ ᠪᠤᠯᠬᠤᠷ ᠶᠠᠷᠢᠶᠠᠨ᠎ᠤ ᠪᠤᠯᠪᠠᠰᠤᠷᠠᠯ᠎ᠢ ᠴᠢᠩᠭ᠋ᠠᠳᠬᠠᠬᠤ᠎ᠳᠤ ᠬᠠᠳᠠᠭᠤᠵᠢᠯᠲᠤ ᠮᠦᠷᠳᠡᠬᠡᠨ ᠬᠠᠷᠢᠭᠤᠴᠠᠯᠭ᠋ᠠᠳᠤ ᠤᠪᠤᠷ ᠴᠢᠬᠤᠯᠠ ᠪᠠᠶ᠋ᠢᠳᠠᠭ᠃

ᠤᠳᠤ ᠨᠢᠬᠡ᠎ᠨᠢ ᠵᠤᠭᠰᠤᠯᠳᠠ ᠠ᠋ᠷᠬᠦᠯᠳᠡ ᠵᠢᠨ ᠠᠰᠠᠭᠤᠳᠠᠯ ᠪᠤᠯᠤᠨ᠎ᠠ᠃ ᠵᠤᠭᠰᠤᠯᠳᠠ  ᠵᠢ ᠢᠯᠭ᠋ᠠᠬᠤ ᠵᠤᠭᠰᠤᠯᠳᠠ᠂ ᠠᠪᠤᠯᠴᠠᠭ᠍ᠤ ᠵᠤᠭᠰᠤᠯᠳᠠ᠂ ᠬᠤᠯᠪᠤᠯᠳᠠ ᠵᠡᠷᠭᠡᠴᠡᠭᠰᠡᠨ ᠵᠤᠭᠰᠤᠯᠳᠠ᠂ ᠢᠯᠭ᠋ᠠᠵᠤ ᠪᠠᠭᠴᠠᠯᠠᠭ᠍ᠤ ᠴᠢᠬᠤᠯᠠᠴᠢᠯᠠᠭ᠍ᠤ ᠵᠤᠭᠰᠤᠯᠳᠠ᠂ ᠮᠠᠭ᠋ᠠᠳᠯᠠᠭ᠍ᠤ ᠵᠤᠭᠰᠤᠯᠳᠠ᠂ ᠦᠭᠡᠷᠡᠳᠡᠬᠦᠯᠬᠦ ᠵᠤᠭᠰᠤᠯᠳᠠ᠂ ᠴᠢᠯᠦᠬᠡᠲᠤ ᠵᠤᠭᠰᠤᠯᠳᠠ ᠭᠡᠬᠦ ᠮᠡᠳᠦ ᠤᠯᠠᠨ ᠳᠠᠯ᠎ᠠ᠎ᠪᠠᠷ ᠠᠩᠬᠢᠯᠠᠵᠤ ᠪᠤᠯᠳᠠᠭ᠃ ᠠ᠋ᠶ᠋ᠢᠮᠦ᠎ᠠᠴᠠ ᠬᠡᠷᠪᠡ ᠰᠤᠨᠤᠰᠪᠤᠷᠢᠳᠠᠢ᠂ ᠳᠤᠳᠤ᠂ ᠤᠶᠠᠩᠭ᠋ᠠᠯᠢᠭ ᠰᠠᠶ᠋ᠢᠬᠠᠨ ᠶᠠᠷᠢᠬᠤ ᠬᠡᠪᠡᠯ ᠠ᠋ᠷᠬᠡᠪᠰᠢ ᠵᠤᠭᠰᠤᠯᠳᠠ ᠵᠢ ᠵᠦᠪ ᠤᠨᠤᠪᠴᠢᠳᠠᠢ ᠠᠪᠴᠤ᠂ ᠶᠠᠮᠠᠷ ᠭᠠᠵᠠᠷ ᠵᠤᠭᠰᠤᠵᠤ᠂ ᠶᠠᠮᠠᠷ ᠭᠠᠵᠠᠷ᠎ᠨᠢ ᠠ᠋ᠷᠬᠦᠯᠳᠡ ᠠᠪᠬᠤ ᠬᠡᠷᠡᠭᠳᠡᠢ᠎ᠢ ᠳᠤᠳᠤᠷᠬᠠᠢ ᠤᠶ᠋ᠢᠯᠠᠭ᠋ᠠᠬᠤ ᠬᠡᠷᠡᠭᠳᠡᠢ ᠪᠠᠶ᠋ᠢᠳᠠᠭ᠃ ᠠ᠋ᠳᠡᠭᠡᠷ ᠤᠯᠠᠨ ᠵᠤᠭᠰᠤᠯᠳᠠ᠎ᠨᠢ ᠠ᠋ᠬᠡ ᠪᠢᠴᠢᠭ᠎ᠤᠨ ᠤᠳᠬ᠎ᠠ ᠰᠠᠨᠠᠭ᠎ᠠ ᠵᠢ ᠤᠯᠠᠮ ᠲᠤᠳᠤ ᠤᠶ᠋ᠢᠯᠠᠭ᠋ᠠᠮᠵᠢᠲᠠᠢ ᠳᠠᠮᠵᠢᠭᠤᠯᠬᠤ ᠵᠢᠨ ᠲᠦᠯᠦᠬᠡ ᠪᠠᠶ᠋ᠢᠳᠠᠭ ᠶᠤᠮ᠃

ᠠ᠋ᠷᠭᠦᠯᠳᠡ ᠪᠤᠯ ᠶᠠᠮᠠᠷ ᠨᠢᠬᠡᠨ ᠠ᠋ᠬᠡ ᠪᠢᠴᠢᠭ᠎ᠢ ᠤᠩᠰᠢᠬᠤ ᠦᠶ᠎ᠡ᠎ᠳᠤ ᠬᠦᠨᠳᠦ ᠴᠢᠬᠤᠯᠠ ᠦᠬᠡ ᠦᠬᠦᠯᠡᠪᠦᠷᠢ ᠵᠢ ᠳᠠᠭᠤ᠎ᠪᠠᠨ ᠦᠨᠳᠦᠷ ᠴᠢᠩᠭ᠎ᠠ ᠪᠤᠯᠭ᠋ᠠᠨ ᠤᠳᠬ᠎ᠠ ᠵᠢ ᠤᠯᠠᠮ ᠰᠠᠶ᠋ᠢᠨ ᠤᠶ᠋ᠢᠯᠠᠭ᠋ᠠᠬᠤ ᠵᠢᠨ ᠲᠦᠯᠦᠬᠡ ᠬᠢᠳᠡᠭ ᠠᠵᠢᠯᠯᠠᠭ᠎ᠠ ᠪᠤᠯᠤᠨ᠎ᠠ᠂ ᠭᠡᠷᠪᠡ ᠶᠠᠷᠢᠬᠤ᠎ᠳᠤ᠎ᠪᠠᠨ ᠶᠠᠮᠠᠷ ᠴᠤ᠌ ᠠ᠋ᠷᠬᠦᠯᠳᠡ ᠳᠠᠷᠤᠯᠳᠠ ᠦᠬᠡᠢ ᠪᠤᠯᠬᠤ᠎ᠳᠤ ᠬᠦᠷᠪᠡᠯ ᠳᠠᠩ ᠴᠤᠯᠭᠤᠢ ᠪᠤᠯᠵᠤ ᠬᠦᠮᠦᠰ᠎ᠤᠨ ᠠᠩᠬᠠᠷᠤᠯ᠎ᠢ ᠳᠠᠳᠠᠵᠤ ᠴᠢᠳᠠᠭ᠍ᠤ ᠦᠬᠡᠢ ᠪᠤᠯᠳᠠᠭ᠃

ᠠ᠋ᠶ᠋ᠢᠮᠦ᠎ᠠᠴᠠ ᠬᠡᠯᠡ ᠪᠢᠴᠢᠭ᠎ᠤᠨ ᠵᠢᠭ᠋ᠠᠨ ᠰᠤᠷᠭ᠋ᠠᠯᠳᠠ᠎ᠳᠠᠬᠢ ᠶᠠᠷᠢᠬᠤ ᠴᠢᠳᠠᠪᠤᠷᠢ ᠵᠢ ᠬᠦᠮᠦᠵᠢᠬᠦᠯᠬᠦ ᠬᠡᠪᠡᠯ ᠠ᠋ᠷᠬᠡᠪᠰᠢ ᠠ᠋ᠳᠡᠬᠡᠷ ᠳᠠᠯ᠎ᠠ ᠵᠢᠨ ᠠᠰᠠᠭᠤᠳᠠᠯ᠎ᠢ ᠴᠤ᠌ ᠨᠠᠷᠢᠯᠢᠬ ᠵᠠᠳᠠᠯᠵᠤ᠂ ᠬᠦᠨᠵᠡᠬᠡᠢ ᠤᠶ᠋ᠢᠯᠠᠭ᠋ᠠᠬᠤ ᠬᠡᠷᠡᠭᠳᠡᠢ ᠶᠤᠮ᠃ ᠰᠠᠶ᠋ᠢᠬᠠᠨ ᠶᠠᠷᠢᠬᠤ᠂ ᠰᠠᠶ᠋ᠢᠨ ᠶᠠᠷᠢᠬᠤ᠎ᠠᠴᠠ ᠪᠤᠯᠤᠭ᠋ᠠᠳ ᠬᠡᠯᠡᠨ᠎ᠤ ᠪᠤᠯᠪᠠᠰᠤᠷᠠᠯ ᠤᠯᠠᠮ ᠳᠡᠬᠡᠭᠰᠢᠯᠡᠬᠦ ᠳᠡᠳᠦᠢ ᠦᠬᠡᠢ ᠰᠤᠷᠤᠭᠴᠢᠳ᠎ᠤᠨ ᠤᠩᠰᠢᠬᠤ ᠤᠶ᠋ᠢᠯᠠᠭ᠋ᠠᠬᠤ ᠴᠢᠳᠠᠪᠤᠷᠢ ᠴᠤ᠌ ᠠᠭ᠋ᠠᠵᠢᠮ ᠵᠶ᠋ᠠᠷ ᠳᠡᠬᠡᠭᠰᠢᠯᠡᠳᠡᠭ᠎ᠨᠢ ᠦᠨᠡᠨ ᠎ᠲᠠᠢ ᠪᠢᠯᠡ᠃

 

ᠠᠰᠢᠭᠯᠠᠭᠰᠠᠨ ᠮᠠᠲᠸᠷᠢᠶᠠᠯ

 [1] ᠬᠠ᠊ · ᠰᠠᠮᠫᠢᠯᠳᠠᠨᠳᠠᠪ (ᠮᠤᠩᠭᠤᠯ ᠤᠯᠤᠰ)᠄ 《ᠮᠤᠩᠭᠤᠯ ᠠᠷᠠᠳ᠎ᠤᠨ ᠰᠤᠷᠭ᠋ᠠᠨ ᠬᠦᠮᠦᠵᠢᠬᠦᠯᠬᠦ ᠵᠦᠢ ᠵᠢᠨ ᠲᠤᠷᠰᠢᠯᠭ᠎ᠠ》᠂ ᠦᠪᠦᠷ ᠮᠤᠩᠭᠤᠯ᠎ᠤᠨ ᠰᠤᠶᠤᠯ᠎ᠤᠨ ᠭᠡᠪᠯᠡᠯ᠎ᠤᠨ ᠬᠤᠷᠢᠶ᠎ᠠ᠂ 2006 ᠤᠨ᠎ᠤ 7 ᠰᠠᠷ᠎ᠠ

 [2] ᠪᠠᠶᠠᠷᠲᠤ᠄ 《ᠮᠤᠩᠭᠤᠯ ᠬᠡᠯᠡᠨ᠎ᠤ ᠨᠡᠪᠲᠡᠷᠡᠬᠦᠯᠬᠡ ᠵᠢᠨ ᠤᠬᠠᠭ᠋ᠠᠨ᠎ᠤ ᠲᠤᠶ᠋ᠢᠮᠤ》᠂ ᠦᠪᠦᠷ ᠮᠤᠩᠭᠤᠯ᠎ᠤᠨ ᠠᠷᠠᠳ᠎ᠤᠨ ᠭᠡᠪᠯᠡᠯ᠎ᠤᠨ ᠬᠤᠷᠢᠶ᠎ᠠ᠂ 1999 ᠤᠨ

ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠡᠵᠡᠨ ᠬᠤᠷᠤᠭ᠎ᠠ ᠬᠤᠰᠢᠭᠤᠨ᠎ᠤ ᠮᠤᠩᠭᠤᠯ 
                                       ᠦᠨᠳᠦᠰᠦᠳᠡᠨ᠎ᠤ ᠪᠠᠭ᠎ᠠ ᠰᠤᠷᠭ᠋ᠠᠭᠤᠯᠢ
                                       (ᠮᠦᠨᠭᠭᠦᠨᠴᠢᠮᠡᠭ ᠨᠠᠢ᠍ᠢ᠍ᠷᠠᠭᠤᠯᠪᠠ)

 

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠬᠢᠮᠢ ᠵᠢᠨ ᠬᠢᠴᠢᠶᠡᠯ᠎ᠳᠤ ᠲᠣᠷᠰᠢᠯᠳᠠ ᠵᠢ ᠴᠢᠩᠭ᠋ᠠᠳᠬᠠᠬᠤ ᠵᠢᠨ ᠴᠢᠬᠤᠯᠠ ᠴᠢᠨᠠᠷ
ᠬᠡᠦᠬᠡᠳ᠎ᠲᠤ ᠮᠤᠷᠠᠯ᠎ᠤᠨ ᠬᠦᠮᠦᠵᠢᠯ ᠬᠢᠬᠦ ᠵᠢ ᠴᠢᠬᠤᠯᠠᠴᠢᠯᠠᠭ᠍ᠤ ᠬᠡᠷᠡᠭᠲᠡᠢ
ᠰᠤᠷᠤᠭᠴᠢ ᠵᠢ ᠭᠡᠷᠬᠢᠨ ᠭᠦᠮᠦᠵᠢᠭᠦᠯᠭᠦ ᠪᠤᠢ
ᠳᠤᠮᠳᠠ ᠬᠤᠯᠠ ᠬᠦᠶᠦᠯᠲᠡ ᠵᠢᠨ ᠰᠫᠥᠷᠲᠴᠢᠳ᠎ᠤᠨ ᠰᠣᠷᠭ᠋ᠠᠭᠤᠯᠢᠯᠠᠯ᠎ᠤᠨ ᠲᠤᠬᠠᠢ ᠬᠠᠮᠢᠶ᠎ᠠ ᠪᠦᠬᠦᠢ ᠠᠷᠭ᠎ᠠ ᠠᠪᠴᠠᠯ
ᠤᠩᠰᠢᠬᠤ ᠪᠢᠴᠢᠭ᠎ᠢ ᠭᠡᠷᠬᠢᠨ ᠵᠢᠯᠣᠭᠤᠳᠬᠤ ᠪᠤᠢ
 
             蒙ICP备05000248号