ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠪᠠᠭᠰᠢ᠎ᠶᠢᠨ ᠬᠤᠷᠸ᠎ᠠ
《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠵᠢ ᠪᠤᠳᠠᠳᠦ ᠬᠢᠴᠢᠶᠡᠯᠯᠡᠭᠡ᠎ᠳᠤ ᠦᠢ᠍ᠯᠡᠳᠦᠯᠭᠡᠵᠢᠭᠦᠯᠦᠭᠰᠡᠨ ᠶᠠᠪᠣᠴᠠ
ᠨᠡᠶ᠋ᠢᠲᠡᠯᠡᠭᠰᠡᠨ ᠴᠠᠭ᠄ 2019-01-11

                  —   ᠬᠦᠯᠦᠨ ᠪᠤᠶ᠋ᠢᠷ ᠬᠤᠳᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ᠎ᠤ
                        ᠨᠢᠭᠡᠳᠦᠭᠡᠷ ᠳᠤᠮᠳᠠᠳᠤ ᠰᠤᠷᠭ᠋ᠠᠭᠤᠯᠢ ᠵᠢᠨ ᠪᠣᠥ ᠢᠤᠢ ᠯᠢᠶᠠᠨ
                        ᠪᠠᠭᠰᠢ ᠵᠢᠨ ᠦᠢ᠍ᠯᠨ ᠠᠵᠢᠯᠯᠠᠭ᠎ᠠ᠎ᠠᠴᠠ


                                                              ᠵᠢᠷᠭ᠋ᠠᠯᠲᠦ


      ᠶᠠᠮᠠᠷᠪᠠ ᠬᠡᠷᠡᠭ ᠪᠤᠳᠠᠰ ᠪᠤᠯ ᠪᠦᠷ ᠲᠠᠰᠤᠷᠠᠯᠳᠠ ᠦᠬᠡᠢ ᠬᠤᠪᠢᠷᠠᠯ ᠬᠦᠭᠵᠢᠯ᠎ᠤᠨ ᠲᠤᠮᠳ᠋ᠨ ᠤᠷᠤᠰᠢᠵᠤ ᠪᠠᠶ᠋ᠢᠳᠠᠭ᠃ ᠦᠬᠡᠷᠡᠴᠢᠯᠡᠯᠳ᠋ᠨ ᠬᠢᠬᠦ᠎ᠨᠢ ᠬᠡᠷᠡᠭ ᠪᠤᠳᠠᠰ᠎ᠤᠨ ᠬᠤᠪᠢᠷᠠᠯ᠎ᠢ ᠲᠦᠷᠭᠡᠳᠭᠡᠵᠦ᠂ ᠨᠡᠩ ᠲᠦᠷᠭᠡᠨ ᠵᠶ᠋ᠠᠷ ᠬᠦᠭᠵᠢᠯᠳ᠋ᠨ ᠵᠢᠨ ᠨᠤᠶᠠᠨ ᠤᠷᠬᠢᠯ᠎ᠳᠤ ᠬᠦᠷᠭᠡᠵᠦ ᠴᠢᠳᠠᠨ᠎ᠠ᠃ ᠰᠣᠷᠭ᠋ᠠᠨ ᠬᠦᠮᠦᠵᠢᠯ ᠪᠤᠯ ᠨᠢᠭᠡ ᠣᠯᠣᠰ ᠦᠨᠳᠦᠰᠦᠳᠡᠨ᠎ᠤ ᠬᠦᠭᠵᠢᠯᠳ᠋ᠨ ᠵᠢᠨ ᠦᠨᠳᠦᠰᠦ᠂ ᠭᠠᠬ᠍ᠴᠠ ᠭᠦ᠌ ᠰᠣᠷᠭ᠋ᠠᠨ ᠬᠦᠮᠦᠵᠢᠯ᠎ᠢ ᠴᠢᠩᠭ᠎ᠠ ᠠᠳᠬᠤᠪᠠᠯ ᠰᠠᠶᠢ ᠨᠢᠭᠡᠨ ᠤᠯᠤᠰ ᠦᠨᠳᠦᠰᠦᠳᠡᠨ᠎ᠤ ᠲᠤᠭᠲᠠᠭᠤᠨ ᠬᠦᠭᠵᠢᠯᠳ᠋ᠨ ᠵᠢ ᠪᠠᠲᠤᠯᠠᠵᠤ ᠴᠢᠳᠠᠨ᠎ᠠ᠃ ᠵᠦᠪ ᠰᠠᠶ᠋ᠢᠨ ᠦᠬᠡᠷᠡᠴᠢᠯᠡᠯᠳ᠋ᠨ᠎ᠪᠠᠷ ᠲᠠᠮᠵᠢᠨ ᠰᠤᠷᠭ᠋ᠠᠨ ᠬᠦᠮᠦᠵᠢᠯ᠎ᠨᠢ ᠰᠠᠶᠢ ᠬᠦᠭᠵᠢᠯᠳ᠋ᠨ᠎ᠪᠠᠨ ᠤᠯᠵᠤ᠂ ᠰᠢᠨᠵᠢᠯᠡᠬᠦ ᠤᠬᠠᠭ᠋ᠠᠨ᠂ ᠨᠡᠶ᠋ᠢᠭᠡᠮ᠂ ᠤᠯᠤᠰ᠎ᠤᠨ ᠶᠠᠷᠤᠨᠭ᠌ᠭᠡᠢ᠍ᠢ᠍ᠯᠡᠭᠰᠡᠨ ᠭᠦᠴᠦᠨ᠎ᠤ ᠬᠦᠭᠵᠢᠯᠳ᠋ᠨ ᠵᠢ ᠠᠬᠢᠭᠤᠯᠬᠤ᠎ᠳᠤ ᠵᠠᠩᠬᠢᠯᠠᠭ᠎ᠠ ᠵᠢᠨ ᠤᠶ᠋ᠢᠯᠡᠳᠦᠯ ᠵᠶ᠋ᠠᠨ ᠪᠠᠳᠠᠷᠠᠭᠤᠯᠵᠦ ᠴᠢᠳᠠᠭ᠍ᠤ ᠶᠤᠮ᠃
      ᠤᠯᠤᠰ᠎ᠤᠨ ᠰᠤᠷᠭ᠋ᠠᠨ ᠬᠦᠮᠦᠵᠢᠯ᠎ᠤᠨ ᠦᠬᠡᠷᠡᠴᠢᠯᠡᠯᠳ᠋ᠨ ᠵᠢ ᠲᠠᠭ᠋ᠠᠯᠳᠤᠨ ᠦᠨᠳᠦᠰᠦᠳᠡᠨ᠎ᠤ ᠰᠣᠷᠭ᠋ᠠᠨ ᠬᠦᠮᠦᠵᠢᠯ ᠴᠤ᠌ ᠦᠪᠡᠷ᠎ᠤᠨ ᠤᠨᠴᠠᠯᠢᠭ᠎ᠲᠤ᠎ᠪᠠᠨ ᠲᠤᠬᠢᠷᠠᠭᠰᠠᠨ ᠦᠬᠡᠷᠡᠴᠢᠯᠡᠯᠳ᠋ᠨ ᠵᠢᠨ ᠠᠷᠭ᠎ᠠ ᠬᠡᠮᠵᠢᠶ᠎ᠡ ᠵᠢ ᠠᠪᠴᠣ ᠪᠤᠢ᠃ ᠬᠡᠪᠰᠢᠮᠠᠯ ᠬᠢᠴᠢᠶᠠᠯ᠎ᠤᠨ ᠲᠠᠩᠬᠢᠮ᠎ᠤᠨ ᠵᠢᠭ᠋ᠠᠨ ᠰᠤᠷᠭ᠋ᠠᠯᠳ᠋ᠨ (ᠪᠠᠭᠰᠢ ᠵᠢᠨ ᠶᠠᠷᠢᠬᠤ᠎ᠪᠠᠷ ᠭᠤᠤᠯᠯᠠᠭᠰᠠᠨ ᠵᠢᠭ᠋ᠠᠨ ᠰᠣᠷᠭ᠋ᠠᠯᠳ᠋ᠨ) ᠵᠢᠨ ᠬᠡᠯᠪᠡᠷᠢ᠎ᠠᠴᠠ ᠰᠤᠷᠤᠭᠴᠢ᠎ᠪᠠᠷ ᠭᠤᠣᠯ ᠴᠣᠭᠴᠠ ᠪᠣᠯᠭ᠋ᠠᠭᠰᠠᠨ᠂ ᠰᠣᠷᠣᠭᠴᠢ ᠦᠪᠡᠷᠳᠡᠭᠡᠨ ᠡᠵᠡᠨ ᠮᠡᠳᠡᠨ ᠰᠣᠷᠣᠯᠴᠠᠭ᠍ᠣ᠂ ᠬᠤᠷᠰᠢᠨ ᠰᠣᠷᠣᠯᠴᠠᠭ᠍ᠤ᠂ ᠰᠦᠪᠡᠭᠴᠢᠯᠡᠨ ᠰᠣᠷᠣᠯᠴᠠᠭ᠍ᠣ᠂ ᠪᠠᠭᠰᠢ᠎ᠠᠴᠠ ᠰᠡᠩᠭᠡᠷᠡᠭᠦᠯᠦᠨ ᠵᠢᠯᠤᠭᠤᠳᠬᠤ ᠬᠡᠯᠪᠡᠷᠢ᠎ᠳᠤ ᠠᠶᠠᠨᠳᠠᠭ᠋ᠠᠨ ᠰᠢᠯᠵᠢᠬᠦ ᠰᠢᠯᠵᠢᠯᠳᠡ ᠵᠢ ᠴᠢᠷᠮᠠᠶ᠋ᠢᠨ ᠪᠡᠶᠡᠯᠡᠬᠦᠯᠵᠦ ᠪᠤᠢ᠃ ᠠ᠋ᠶ᠋ᠢᠮᠦᠷᠬᠦᠤ ᠦᠬᠡᠷᠡᠴᠢᠯᠡᠯᠳ᠋ᠨ᠎ᠳᠤ ᠵᠠᠯᠠᠭᠤ ᠢᠳᠡᠷ ᠪᠠᠭᠰᠢ ᠨᠠᠷ ᠢᠳᠡᠪᠬᠢᠳᠠᠢ ᠭᠠᠪᠰᠢᠭ᠋ᠠᠶ᠋ᠢᠯᠠᠵᠦ᠂ ᠰᠣᠷᠭ᠋ᠠᠨ ᠬᠦᠮᠦᠵᠢᠯ᠎ᠤᠨ ᠦᠬᠡᠷᠡᠴᠢᠯᠡᠯᠳ᠋ᠨ ᠵᠢᠨ ᠲᠡᠷᠢᠬᠦᠨ᠎ᠤ ᠬᠤᠰᠢᠭᠤᠴᠢ ᠠ᠋ᠩᠨᠡᠭᠡ ᠪᠤᠯᠵᠤ ᠪᠦᠷᠢᠯᠳᠦᠵᠦ ᠪᠤᠢ᠃
      ᠬᠦᠯᠦᠨ ᠪᠤᠶ᠋ᠢᠷ ᠬᠤᠳᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ᠎ᠤ ᠨᠢᠭᠡᠳᠦᠭᠡᠷ ᠳᠤᠮᠳᠠᠳᠤ ᠰᠤᠷᠭ᠋ᠠᠭᠤᠯᠢ ᠵᠢᠨ ᠪᠤᠤ ᠢᠤᠢ ᠯᠢᠶᠠᠨ ᠪᠠᠭᠰᠢ ᠪᠤᠯ ᠶᠠᠭ ᠠ᠋ᠨᠡ ᠬᠦ᠌ ᠬᠤᠰᠢᠭᠤᠴᠢ ᠠ᠋ᠩᠨᠡᠭᠡᠨ᠎ᠳᠤ ᠤᠷᠤᠶ᠋ᠢᠯᠠᠵᠦ ᠪᠠᠶ᠋ᠢᠭ᠎ᠠ ᠵᠠᠯᠠᠭᠤ ᠪᠠᠭᠰᠢ ᠪᠤᠯᠬᠤ ᠶᠤᠮ᠃ ᠲᠡᠷᠨ᠎ᠪᠠᠷ 2016 ᠤᠨ᠎ᠠᠴᠠ ᠠ᠋ᠬᠢᠯᠡᠨ ᠪᠦᠬᠦ ᠤᠷᠤᠨ᠎ᠤ ᠬᠡᠪᠴᠢᠶᠡᠨ᠎ᠳᠤ ᠶᠠᠪᠤᠭᠳᠠᠭᠤᠯᠵᠤ ᠪᠠᠶ᠋ᠢᠭ᠎ᠠ ᠳᠣᠮᠳᠠᠲᠣ ᠰᠣᠷᠭ᠋ᠠᠭᠤᠯᠢ ᠵᠢᠨ ᠪᠠᠶ᠋ᠢᠭ᠋ᠠᠯᠢ ᠵᠢᠨ ᠰᠢᠨᠵᠢᠯᠡᠬᠦ ᠣᠬᠠᠭ᠋ᠠᠨ᠎ᠤ ᠬᠢᠴᠢᠶᠡᠯ ᠲᠦᠷᠦᠯ᠎ᠤᠨ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ᠎ᠲᠠᠢ ᠠᠩᠬ᠎ᠠ ᠲᠠᠨᠢᠯᠴᠠᠭᠰᠠᠨ᠎ᠠᠴᠠ᠎ᠪᠠᠨ ᠤᠳᠤ ᠪᠤᠯᠳᠠᠯ᠎ᠠ ᠤᠯᠠᠨ ᠤᠳᠠᠭ᠎ᠠ ᠪᠦᠬᠦ ᠣᠷᠣᠨ᠎ᠤ ᠪᠠᠶ᠋ᠢᠭ᠋ᠠᠯᠢ ᠵᠢᠨ ᠬᠢᠴᠢᠶᠡᠯ ᠲᠦᠷᠦᠯ᠎ᠤᠨ ᠪᠠᠭᠰᠢ ᠵᠢᠨ ᠪᠤᠯᠪᠠᠰᠤᠷᠠᠯ᠎ᠳᠤ ᠤᠷᠤᠯᠴᠠᠭ᠍ᠤ ᠵᠢᠨ ᠬᠠᠮᠳᠦ ᠪᠦᠬᠦ ᠤᠷᠤᠨ᠎ᠤ ᠪᠠᠭᠰᠢ ᠵᠢᠨ ᠪᠤᠯᠪᠠᠰᠤᠷᠠᠯ᠂ ᠬᠦᠯᠦᠨ ᠪᠤᠶ᠋ᠢᠷ ᠬᠤᠲᠠ ᠵᠢᠨ ᠪᠠᠭᠰᠢ ᠵᠢᠨ ᠪᠤᠯᠪᠠᠰᠤᠷᠠᠯ᠂ ᠪᠠᠷᠠᠭᠤᠨ ᠪᠠᠷᠭᠤ ᠬᠤᠰᠢᠭᠤᠨ᠎ᠤ ᠪᠠᠭᠰᠢ ᠵᠢᠨ ᠪᠤᠯᠪᠠᠰᠤᠷᠠᠯ᠎ᠳᠤ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠨ ᠰᠤᠷᠭ᠋ᠠᠬᠤ ᠠᠷᠭ᠎ᠠ ᠵᠢᠨ ᠲᠤᠬᠠᠢ ᠶᠠᠷᠢᠶ᠎ᠠ ᠲᠠᠶ᠋ᠢᠯᠣᠮᠵᠢ ᠪᠠ ᠲᠠᠭᠤᠷᠢᠶᠠᠯ᠎ᠤᠨ ᠬᠢᠴᠢᠶᠡᠯ᠎ᠢ ᠤᠯᠠᠨᠳᠠ ᠬᠢᠵᠦ᠂ ᠲᠣᠰᠬᠠᠢ ᠮᠡᠷᠭᠡᠵᠢᠯᠳᠡᠳ ᠪᠠ ᠪᠠᠭᠰᠢ ᠨᠠᠷ᠎ᠤᠨ ᠥᠨᠳᠦᠷ ᠦᠨᠡᠯᠡᠯᠳ᠋ᠨ ᠵᠢ ᠤᠯᠵᠠᠢ᠃ ᠲᠡᠬᠦᠨ᠎ᠤ 《ᠤᠷᠤᠯᠳᠤᠯᠭ᠎ᠠ᠎ᠪᠠᠷ ᠳᠦᠷᠢ ᠪᠦᠳᠦᠭᠡᠬᠦ》 ᠵᠢᠭ᠋ᠠᠬᠤ ᠠᠷᠭ᠎ᠠ ᠵᠢ ᠤᠶ᠋ᠢᠯᠡᠳᠦᠯᠭᠡᠵᠢᠬᠦᠯᠦᠭᠰᠡᠨ ᠪᠠᠶ᠋ᠢᠳᠠᠯ᠎ᠢ ᠤᠯᠠᠨ ᠪᠠᠭᠰᠢ ᠨᠠᠷ᠎ᠲᠤ᠎ᠪᠠᠨ ᠲᠠᠨᠢᠯᠴᠠᠭᠤᠯᠤᠶ᠎ᠠ᠃
      ᠨᠢᠭᠡ᠂ ᠬᠢᠴᠢᠶᠡᠯ ᠲᠦᠷᠦᠯ᠎ᠤᠨ ᠵᠢᠭ᠋ᠠᠨ ᠰᠤᠷᠭ᠋ᠠᠯᠳᠠ᠎ᠳᠤ᠎ᠪᠠᠨ 《ᠤᠷᠤᠯᠳᠤᠯᠭ᠎ᠠ᠎ᠪᠠᠷ ᠳᠦᠷᠢ ᠪᠦᠳᠦᠭᠡᠭᠦ》 ᠵᠢᠭ᠋ᠠᠬᠤ ᠠᠷᠭ᠎ᠠ ᠵᠢ ᠬᠡᠷᠡᠭᠵᠢᠭᠦᠯᠦᠭᠰᠡᠨ ᠪᠠᠶ᠋ᠢᠳᠠᠯ
     (ᠨᠢᠭᠡ) ᠰᠤᠳᠤᠯᠤᠭᠳᠠᠭ᠍ᠤᠨ
      ᠬᠦᠯᠦᠨ ᠪᠤᠶ᠋ᠢᠷ ᠬᠤᠳᠠ ᠵᠢᠨ ᠰᠢᠨ᠎ᠡ ᠪᠠᠷᠭᠤ ᠪᠠᠷᠠᠭᠤᠨ ᠬᠤᠰᠢᠭᠤᠨ᠎ᠤ ᠨᠢᠭᠡᠳᠦᠭᠡᠷ ᠳᠤᠮᠳᠠᠳᠤ ᠰᠤᠷᠭ᠋ᠠᠭᠤᠯᠢ ᠵᠢᠨ ᠶᠢᠰᠦᠳᠦᠭᠡᠷ ᠣᠨ᠎ᠤ ᠲᠠᠪᠤᠳᠤᠭ᠋ᠠᠷ ᠠᠩᠭᠢ ᠪᠠ ᠵᠢᠷᠭᠤᠳᠤᠭ᠋ᠠᠷ ᠠᠩᠭᠢ ᠵᠢ ᠰᠤᠩᠭᠤᠵᠦ ᠰᠤᠳᠤᠯᠤᠭᠳᠠᠭ᠍ᠤᠨ ᠪᠤᠯᠭ᠋ᠠᠵᠠᠢ᠃ ᠠ᠋ᠬᠦᠨ᠎ᠳᠤ ᠶᠢᠰᠦᠳᠦᠭᠡᠷ ᠤᠨ᠎ᠤ ᠵᠢᠷᠭᠤᠳᠤᠭ᠋ᠠᠷ ᠠᠩᠬᠢ᠎ᠳᠤ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠵᠢ ᠬᠡᠷᠡᠭᠯᠡᠵᠦ᠂ ᠶᠢᠰᠦᠳᠦᠭᠡᠷ ᠤᠨ᠎ᠤ ᠲᠠᠪᠤᠳᠤᠭ᠋ᠠᠷ ᠠᠩᠭᠢ᠎ᠳᠤ ᠣᠯᠠᠮᠵᠢᠯᠠᠯᠳᠣ ᠵᠢᠭ᠋ᠠᠨ ᠰᠣᠷᠭ᠋ᠠᠯᠳᠠ ᠵᠢᠨ ᠬᠡᠯᠪᠡᠷᠢ ᠵᠢ ᠬᠡᠷᠡᠭᠵᠢᠭᠦᠯᠦᠨ ᠬᠠᠷᠢᠴᠠᠭᠤᠯᠤᠭᠴᠢ ᠠᠩᠭᠢ ᠪᠤᠯᠭ᠋ᠠᠵᠦ᠂ ᠵᠢᠭ᠋ᠠᠬᠤ ᠠᠭᠤᠯᠭ᠎ᠠ ᠪᠠ ᠠᠬᠢᠴᠠ ᠵᠢ ᠢᠵᠢᠯᠢ ᠠᠯᠬᠤᠮ ᠵᠶ᠋ᠠᠷ ᠶᠠᠪᠤᠭᠳᠠᠭᠤᠯᠬᠤ ᠵᠢ ᠠᠩᠬᠠᠷᠤᠪᠠ᠃ ᠶᠢᠰᠦᠳᠦᠭᠡᠷ ᠤᠨ᠎ᠤ ᠵᠢᠷᠭᠤᠳᠤᠭ᠋ᠠᠷ ᠠᠩᠬᠢ ᠵᠢᠨ ᠠᠩᠬᠢ ᠵᠢᠨ ᠠ᠋ᠷᠬᠢᠯᠡᠭᠴᠢ᠎ᠲᠠᠢ ᠬᠠᠮᠵᠢᠯᠴᠠᠨ ᠰᠤᠷᠤᠭᠴᠢ ᠵᠢᠨ ᠰᠤᠷᠤᠯᠴᠠᠯᠭ᠎ᠠ ᠵᠢᠨ ᠳᠤᠭᠤᠢ᠍ᠢ᠍ᠯᠠᠩ ᠪᠠᠶ᠋ᠢᠭᠤᠯᠵᠦ᠂ ᠲᠤᠭᠤᠶ᠋ᠢᠯᠠᠩ ᠪᠦᠷᠢ᠎ᠳᠤ ᠳᠥᠷᠪᠡᠨ ᠰᠤᠷᠤᠭᠴᠢ ᠬᠤᠪᠢᠶᠠᠵᠤ᠂ ᠰᠤᠷᠤᠯᠭ᠎ᠠ ᠵᠢᠨ ᠬᠢᠷᠢ ᠪᠦᠲᠦᠮᠵᠢ᠎ᠪᠠᠷ ᠭᠤᠷᠪᠠᠨ ᠲᠡᠰ ᠬᠤᠪᠢᠶᠠᠨ᠂ ᠨᠢᠭᠡ ᠳᠤᠭᠤᠶ᠋ᠢᠯᠠᠩ᠎ᠳᠤ ᠳᠡᠰ ᠪᠦᠷᠢ ᠵᠢᠨ ᠰᠤᠷᠤᠭᠴᠢ ᠵᠢ ᠪᠠᠭᠳᠠᠭ᠋ᠠᠵᠦ᠂ ᠬᠤᠪᠢᠶᠠᠭ᠍ᠤ᠎ᠳᠤ᠎ᠪᠠᠨ ᠴᠢᠨᠠᠷ᠎ᠤᠨ ᠢᠯᠭ᠋ᠠᠯ᠂ ᠵᠠᠩ ᠠᠭ᠋ᠠᠯᠢ᠂ ᠠᠪᠢᠶᠠᠰ ᠴᠢᠳᠠᠪᠦᠷᠢ᠂ ᠣᠶᠤᠨ᠎ᠤ ᠪᠤᠰᠤ ᠲᠠᠯ᠎ᠠ ᠵᠡᠷᠭᠡ ᠵᠢ ᠠᠩᠬᠠᠷᠴᠠᠢ᠃ ᠠ᠋ᠭᠦᠨ᠎ᠳᠤ ᠳᠤᠭᠤᠶ᠋ᠢᠯᠠᠩ᠎ᠤᠨ ᠬᠤᠭᠤᠷᠤᠨᠳᠤ ᠬᠦᠮᠦᠨ᠎ᠤ ᠲᠤᠭ᠎ᠠ ᠲᠡᠩᠴᠡᠬᠦᠤ᠂ ᠳᠤᠭᠤᠶ᠋ᠢᠯᠠᠩ᠎ᠤᠨ ᠭᠡᠰᠢᠭᠦᠳ ᠬᠤᠭᠤᠷᠤᠨᠳᠤ᠎ᠪᠠᠨ ᠢᠯᠭ᠋ᠠᠭ᠎ᠠ᠎ᠲᠠᠢ ᠪᠠᠶ᠋ᠢᠬᠤ ᠵᠢ ᠪᠠᠷᠢᠮᠳᠠᠯᠠᠵᠤ᠂ ᠳᠤᠭᠤᠶ᠋ᠢᠯᠠᠩ᠎ᠤᠨ ᠨᠡᠷ᠎ᠡ᠂ ᠳᠤᠭᠤᠶ᠋ᠢᠯᠠᠩ᠎ᠤᠨ ᠳᠠᠷᠤᠭ᠎ᠠ᠂ ᠳᠤᠭᠤᠶ᠋ᠢᠯᠠᠩ᠎ᠤᠨ ᠭᠡᠰᠢᠭᠦᠨ ᠪᠦᠷᠢ ᠵᠢᠨ ᠠ᠋ᠭᠦᠷᠭᠡ ᠬᠠᠷᠢᠭᠤᠴᠠᠯᠭ᠎ᠠ᠂ ᠳᠤᠭᠤᠶ᠋ᠢᠯᠠᠩ᠎ᠤᠨ ᠤᠷᠢᠶ᠎ᠠ᠂ ᠳᠤᠭᠤᠶ᠋ᠢᠯᠠᠩ᠎ᠤᠨ ᠬᠠᠷᠠᠯᠲᠠ᠂ ᠳᠤᠭᠤᠶ᠋ᠢᠯᠠᠩ᠎ᠤᠨ ᠳᠠᠭᠤᠤ᠂ ᠳᠤᠭᠤᠶ᠋ᠢᠯᠠᠩ᠎ᠤᠨ ᠲᠦᠷᠢᠮ ᠭᠠᠷᠭ᠋ᠠᠵᠤ᠂ ᠰᠤᠷᠤᠯᠭ᠎ᠠ ᠵᠢ ᠬᠠᠮᠢᠶᠠᠷᠭ᠍ᠤ ᠪᠠ ᠰᠠᠬᠢᠯᠭ᠎ᠠ ᠪᠠᠳᠤ ᠵᠢ ᠬᠠᠮᠢᠶᠠᠷᠬᠤ ᠳᠤᠭᠤᠶ᠋ᠢᠯᠠᠩ᠎ᠤᠨ ᠲᠠᠷᠤᠭ᠎ᠠ ᠬᠤᠶᠠᠷ ᠰᠤᠷᠤᠭᠴᠢ ᠵᠢ ᠲᠤᠰ ᠲᠤᠰ ᠰᠤᠩᠭᠤᠨ ᠭᠠᠷᠭ᠋ᠠᠵᠤ᠂ ᠳᠤᠭᠤᠶ᠋ᠢᠯᠠᠩ᠎ᠤᠨ ᠰᠤᠷᠤᠯᠭ᠎ᠠ ᠪᠠ ᠮᠤᠷᠠᠯ᠎ᠤᠨ ᠠᠵᠢᠯ᠎ᠢ ᠬᠠᠷᠢᠭᠤᠴᠠᠭᠤᠯᠵᠠᠢ᠃ ᠬᠢᠴᠢᠶᠡᠯᠯᠡᠭᠡ ᠵᠢᠨ ᠶᠠᠪᠤᠴᠠ᠎ᠳᠤ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ᠎ᠪᠠᠨ ᠤᠷᠭ᠋ᠠᠨᠢᠭ ᠵᠶ᠋ᠠᠷ ᠬᠡᠷᠡᠭᠯᠡᠵᠦ᠂ 45 ᠮᠢᠨᠦ᠋ᠲ᠎ᠤᠨ ᠬᠢᠴᠢᠶᠡᠯᠯᠡᠭᠡ ᠵᠢᠨ ᠶᠠᠪᠤᠴᠠ᠎ᠪᠠᠨ ᠵᠤᠬᠢᠰᠳᠠᠢ ᠲᠤᠬᠢᠷᠠᠭᠤᠯᠬᠤ ᠵᠢ ᠪᠠᠷᠢᠮᠳᠠᠯᠠᠵᠠᠢ᠃
     (ᠬᠤᠶᠠᠷ) ᠲᠤᠷᠰᠢᠯᠳᠠ ᠶᠠᠪᠤᠭᠳᠠᠭᠤᠯᠤᠭᠰᠠᠨ ᠠᠷᠭ᠎ᠠ ᠬᠡᠯᠪᠡᠷᠢ
      ᠶᠢᠰᠦᠳᠦᠭᠡᠷ ᠤᠨ᠎ᠤ ᠲᠠᠪᠤᠳᠤᠭ᠋ᠠᠷ ᠠᠩᠭᠢ᠎ᠳᠤ ᠤᠤᠯ ᠶᠤᠰᠤᠭ᠋ᠠᠷ ᠪᠠᠭᠰᠢ᠎ᠠᠴᠠ ᠬᠢᠴᠢᠶᠡᠯ ᠲᠠᠶ᠋ᠢᠯᠪᠦᠷᠢᠯᠠᠵᠦ᠂ ᠰᠤᠷᠤᠭᠴᠢ ᠰᠤᠨᠤᠰᠬᠤ ᠠᠷᠭ᠎ᠠ ᠬᠡᠯᠪᠡᠷᠢ᠎ᠪᠠᠨ ᠪᠠᠷᠢᠮᠳᠠᠯᠠᠵᠦ᠂ ᠵᠢᠱ᠌ᠢᠶ᠎ᠡ ᠰᠡᠲᠣᠪ ᠪᠣᠶᠣ ᠬᠤᠯᠪᠣᠭᠳᠠᠯ ᠪᠦᠬᠦᠢ ᠳᠠᠪᠳᠠᠯᠭ᠎ᠠ ᠬᠢᠯᠭᠡᠵᠦ᠂ ᠬᠢᠴᠢᠶᠡᠯ᠎ᠤᠨ ᠲᠠᠷᠠᠭ᠎ᠠ ᠪᠠᠳᠣᠳᠬᠠᠯ ᠪᠣᠯᠪᠠᠰᠣᠷᠠᠯ᠎ᠢ ᠴᠠᠭ ᠲᠣᠬᠠᠢ᠎ᠳᠤ᠎ᠨᠢ ᠪᠡᠶᠡᠯᠡᠬᠦᠯᠬᠦ ᠪᠠ ᠤᠶ᠋ᠢᠯᠠᠭ᠋ᠠᠭᠰᠠᠨ ᠦᠭᠡᠢ ᠵᠦᠢ᠍ᠯ ᠵᠶ᠋ᠠᠨ ᠪᠠᠭᠰᠢ᠎ᠪᠠᠨ ᠠ᠋ᠷᠢᠵᠣ ᠠᠰᠠᠭᠤᠬᠤ ᠵᠡᠷᠭᠡ ᠠᠯᠬᠤᠮ ᠲᠠᠷᠠᠭ᠎ᠠ᠎ᠪᠠᠷ ᠶᠠᠪᠤᠭᠳᠠᠭᠤᠯᠵᠠᠢ᠃ ᠶᠢᠰᠦᠳᠦᠭᠡᠷ ᠤᠨ᠎ᠤ ᠵᠢᠷᠭᠤᠳᠤᠭ᠋ᠠᠷ ᠠᠩᠭᠢ᠎ᠳᠤ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠨ ᠰᠣᠷᠭ᠋ᠠᠬᠤ ᠠᠷᠭ᠎ᠠ ᠵᠢ ᠬᠡᠷᠡᠭᠵᠢᠬᠦᠯᠵᠥ᠂ ᠪᠠᠭᠰᠢ᠎ᠠᠴᠠ ᠠᠰᠠᠭᠤᠳᠠᠯ᠎ᠤᠨ ᠣᠷᠴᠢᠨ᠎ᠢ ᠲᠦᠰᠦᠪᠯᠡᠨ᠂ ᠪᠦᠳᠦᠮᠵᠢᠳᠣ ᠵᠢᠭ᠋ᠠᠨ ᠰᠣᠷᠭ᠋ᠠᠯᠳᠠ ᠵᠢᠨ ᠠ᠋ᠬᠢ ᠪᠡᠶᠠᠯᠢᠭ᠎ᠢ ᠬᠠᠩᠭ᠋ᠠᠨ᠂ ᠠᠰᠠᠭᠤᠳᠠᠯ᠎ᠢ ᠢᠯᠡᠷᠡᠭᠦᠯᠬᠦ᠂ ᠠᠰᠠᠭᠤᠳᠠᠯ ᠲᠣᠷᠠᠳᠬᠤ᠂ ᠠᠰᠠᠭᠤᠳᠠᠯ᠎ᠢ ᠵᠠᠳᠠᠯᠬᠤ᠂ ᠠᠰᠠᠭᠤᠳᠠᠯ᠎ᠢ ᠰᠢᠢ᠍ᠳᠪᠦᠷᠢᠯᠡᠬᠦ᠎ᠪᠠᠷ ᠭᠤᠣᠯ ᠰᠢᠵᠢᠮ ᠪᠣᠯᠭ᠋ᠠᠵᠣ᠂ ᠪᠠᠭᠰᠢ ᠵᠢᠨ ᠵᠢᠯᠣᠭᠤᠳᠣᠯᠭ᠎ᠠ ᠲᠣᠣᠷ᠎ᠡ᠂ ᠰᠣᠷᠣᠭᠴᠢᠳ ᠬᠤᠷᠰᠢᠨ ᠰᠦᠪᠡᠭᠴᠢᠯᠡᠵᠦ ᠰᠣᠷᠣᠯᠴᠠᠭ᠍ᠤ᠎ᠪᠠᠷ ᠲᠠᠮᠵᠢᠨ᠂ ᠣᠣᠯ᠎ᠤᠨ ᠮᠡᠳᠡᠯᠭᠡ ᠲᠣᠷᠰᠢᠯᠭ᠎ᠠ ᠵᠢᠨ ᠵᠶ᠋ᠠᠨ ᠰᠠᠭᠤᠷᠢᠨ ᠲᠡᠭᠡᠷ᠎ᠡ ᠰᠢᠨ᠎ᠡ ᠮᠡᠳᠡᠯᠭᠡ ᠲᠣᠷᠰᠢᠯᠭ᠎ᠠ ᠵᠢᠨ ᠰᠢᠰᠲᠸᠮ᠎ᠢ ᠪᠦᠲᠦᠭᠡᠵᠦ᠂ ᠰᠦᠪᠡᠭᠴᠢᠯᠡᠨ ᠰᠣᠷᠣᠯᠴᠠᠭ᠍ᠤ᠎ᠪᠠᠷ ᠭᠤᠣᠯ ᠰᠣᠷᠣᠯᠴᠠᠭ᠍ᠤ ᠠᠷᠭ᠎ᠠ ᠪᠣᠯᠭ᠋ᠠᠨ᠂ ᠰᠣᠷᠣᠭᠴᠢ ᠵᠢᠨ ᠣᠣᠯ ᠳᠦᠷᠢ ᠵᠢ ᠢᠵᠢᠯᠢᠰᠢᠬᠦᠯᠬᠦ ᠪᠣᠶᠣ ᠵᠣᠬᠢᠴᠠᠭᠤᠯᠵᠣ᠂ ᠣᠣᠯ ᠲᠡᠩᠴᠡᠭᠦᠷᠢ ᠵᠢ ᠡᠪᠳᠡᠵᠣ᠂ ᠰᠢᠨ᠎ᠠ ᠳᠦᠷᠢ ᠵᠢ ᠪᠦᠳᠦᠭᠡᠬᠦ ᠵᠢ ᠵᠣᠷᠢᠨ ᠬᠢᠴᠢᠶᠡᠯᠯᠡᠵᠠᠢ᠃
      ᠲᠣᠷᠰᠢᠯᠳᠠ ᠵᠢᠨ ᠠ᠋ᠬᠢᠨ᠎ᠤ ᠨᠢᠭᠡ ᠰᠠᠷ᠎ᠠ᠎ᠳᠤ ᠬᠢᠷᠢ ᠪᠦᠳᠦᠮᠵᠢ ᠲᠡᠶ᠋ᠢᠮᠦ ᠶᠡᠭᠡ ᠬᠤᠪᠢᠷᠠᠯᠳᠠ ᠭᠠᠷᠣᠭᠰᠠᠨ ᠦᠭᠡᠢ ᠪᠤᠯᠪᠠᠴᠦ ᠶᠢᠰᠦᠳᠦᠭᠡᠷ ᠤᠨ᠎ᠤ ᠵᠢᠷᠭᠤᠳᠤᠭ᠋ᠠᠷ ᠠᠩᠬᠢ ᠵᠢᠨ ᠰᠣᠷᠣᠭᠴᠢᠳ᠎ᠤᠨ ᠬᠢᠴᠢᠶᠡᠯᠯᠡᠬᠦ ᠣᠷᠮ᠎ᠠ ᠪᠠᠬ᠎ᠠ ᠮᠡᠳᠡᠭᠳᠡᠮ᠎ᠠ ᠲᠡᠭᠡᠭᠰᠢᠯᠡᠯᠳᠠ᠎ᠲᠠᠢ ᠪᠤᠯᠪᠠ᠃ ᠬᠤᠭᠤᠴᠠᠭ᠋ᠠᠨ ᠡᠴᠦᠰ ᠪᠤᠯᠬᠤ᠎ᠳᠤ ᠬᠤᠶᠠᠷ ᠠᠩᠬᠢ ᠵᠢᠨ ᠶᠡᠷᠦᠩᠭᠡᠢ ᠬᠢᠷᠢ ᠭᠡᠮᠵᠢᠶ᠎ᠡ᠎ᠳᠤ ᠴᠦ᠍ ᠢᠯᠡᠷᠭᠡᠢ ᠬᠤᠪᠢᠷᠠᠯᠳᠠ ᠭᠠᠷᠴᠠᠢ᠃
     1. ᠲᠤᠷᠰᠢᠯᠳᠠ ᠵᠢᠨ ᠶᠠᠪᠤᠴᠠ᠎ᠳᠤ ᠪᠠᠭᠰᠢ ᠵᠢᠨ ᠲᠠᠯ᠎ᠠ᠎ᠠᠴᠠ ᠪᠡᠶᠡᠯᠡᠭᠦᠯᠦᠭᠰᠡᠨ ᠠᠵᠢᠯ
     (1) ᠰᠤᠷᠤᠯᠴᠠᠯᠭ᠎ᠠ᠎ᠪᠠᠨ ᠴᠢᠩᠭ᠋ᠠᠳᠬᠠᠨ᠂ ᠰᠤᠳᠤᠯᠭ᠋ᠠᠨ᠎ᠤ ᠴᠢᠳᠠᠪᠦᠷᠢ᠎ᠪᠠᠨ ᠳᠡᠭᠡᠭᠰᠢᠯᠡᠬᠦᠯᠵᠦ᠂ ᠤᠨᠤᠯ᠎ᠤᠨ ᠰᠠᠭᠤᠷᠢ᠎ᠪᠠᠨ ᠪᠠᠳᠤᠳᠬᠠᠪᠠ᠃ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠲᠤᠷᠰᠢᠯᠳᠠ ᠵᠢᠨ ᠶᠠᠪᠤᠴᠠ᠎ᠳᠤ᠎ᠪᠠᠨ᠂ ᠲᠤᠰ ᠪᠠᠭᠰᠢ᠎ᠠᠴᠠ ᠦᠪᠡᠷ᠎ᠤᠨ ᠤᠨᠤᠯ᠎ᠤᠨ ᠰᠤᠷᠤᠯᠴᠠᠯᠭ᠎ᠠ᠎ᠪᠠᠨ ᠴᠢᠩᠭ᠋ᠠᠳᠬᠠᠪᠠ᠃ ᠠ᠋ᠬᠦᠨ᠎ᠳᠤ 《ᠣᠷᠣᠯᠳᠣᠯᠭ᠎ᠠ᠎ᠪᠠᠷ ᠲᠥᠷᠢ ᠪᠦᠲᠥᠭᠡᠬᠦ》 ᠵᠢᠭ᠋ᠠᠬᠤ ᠠᠷᠭ᠎ᠠ ᠵᠢᠴᠢ ᠬᠢᠮᠢ ᠵᠢᠨ ᠬᠢᠴᠢᠶᠡᠯ᠎ᠤᠨ 《ᠰᠢᠨ᠎ᠡ ᠬᠢᠴᠢᠶᠡᠯ᠎ᠤᠨ ᠪᠠᠷᠢᠮᠵᠢᠶ᠎ᠠ》 ᠵᠢᠨ ᠬᠠᠷᠢᠴᠠᠭ᠋ᠠᠨ᠎ᠤ ᠲᠤᠬᠠᠢ᠂ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠤᠨᠤᠯ᠎ᠤᠨ ᠰᠠᠭᠤᠷᠢ᠂ 《ᠤᠷᠤᠯᠳᠤᠯᠭ᠎ᠠ᠎ᠪᠠᠷ ᠲᠥᠷᠢ ᠪᠦᠳᠥᠭᠡᠬᠦ》 ᠵᠢᠭ᠋ᠠᠬᠤ ᠠᠷᠭ᠎ᠠ ᠪᠠ ᠮᠤᠩᠭᠤᠯ ᠦᠨᠳᠦᠰᠦᠳᠡᠨ᠎ᠤ ᠤᠯᠠᠮᠵᠢᠯᠠᠯᠲᠦ ᠰᠤᠶᠤᠯ᠎ᠯᠤᠭ᠎ᠠ ᠵᠢᠨ ᠬᠠᠷᠢᠴᠠᠭ᠎ᠠ ᠵᠡᠷᠭᠡ ᠵᠢ ᠬᠦᠨᠵᠡᠭᠡᠢ ᠰᠤᠳᠤᠯᠪᠠ᠃
     (2) ᠰᠤᠳᠤᠯᠭ᠋ᠠᠨ᠎ᠤ ᠠᠵᠢᠯ᠎ᠤᠨ ᠬᠠᠮᠢᠶᠠᠷᠤᠯᠳᠠ᠎ᠪᠠᠨ ᠴᠢᠩᠭ᠋ᠠᠳᠬᠠᠨ᠂ ᠲᠦᠷᠢᠮᠵᠢᠬᠦᠯᠦᠯᠳ᠋ᠨ ᠵᠢᠨ ᠠᠵᠢᠯ᠎ᠢ ᠴᠢᠩᠭ᠋ᠠᠳᠬᠠᠪᠠ᠃ ᠰᠤᠷᠭ᠋ᠠᠭᠤᠯᠢ ᠵᠢᠨ ᠵᠠᠰᠠᠭ᠎ᠤᠨ ᠲᠠᠯ᠎ᠠ᠎ᠠᠴᠠ ᠪᠠᠶ᠋ᠢᠭ᠋ᠠᠯᠢ ᠵᠢᠨ ᠰᠢᠨᠵᠢᠯᠡᠭᠡᠨ᠎ᠤ ᠬᠢᠴᠢᠶᠡᠯ ᠲᠥᠷᠦᠯ᠎ᠤᠨ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠰᠤᠳᠤᠯᠭ᠋ᠠᠨ᠎ᠤ ᠠᠵᠢᠯ᠎ᠢ ᠪᠦᠬᠦ ᠲᠠᠯ᠎ᠠ ᠵᠢᠨ ᠠᠵᠢᠯ᠎ᠤᠨ ᠵᠶ᠋ᠠᠨ ᠭᠤᠤᠯᠳᠠᠯᠭ᠎ᠠ ᠵᠢᠨ ᠭᠤᠤᠯᠳᠠᠯᠭ᠎ᠠ ᠪᠤᠯᠭ᠋ᠠᠨ ᠠᠳᠬᠤᠵᠦ᠂ ᠠ᠋ᠳᠦᠷ ᠲᠤᠳᠤᠮ᠎ᠤᠨ ᠠᠯᠢᠪᠠ ᠵᠠᠷᠤᠳᠠᠯ ᠮᠦᠡᠭᠬᠦ ᠪᠠ ᠬᠦᠮᠦᠨ᠎ᠤ ᠬᠦᠴᠦᠨ᠎ᠢ ᠭᠦᠢ᠍ᠴᠡᠳ ᠬᠠᠩᠭ᠋ᠠᠵᠠᠢ᠃ ᠠ᠋ᠭᠦᠨ᠎ᠳᠤ᠂ ᠰᠠᠷ᠎ᠠ ᠪᠦᠷᠢ ᠨᠢᠬᠡ ᠤᠳᠠᠭ᠎ᠠ ᠪᠦᠬᠦ ᠰᠤᠷᠭ᠋ᠠᠭᠤᠯᠢ ᠵᠢᠨ ᠬᠡᠪᠴᠢᠶᠡᠨ᠎ᠳᠤ ᠰᠤᠳᠤᠯᠭ᠋ᠠᠨ᠎ᠤ ᠬᠦᠳᠡᠯᠭᠡᠭᠡᠨ᠎ᠢ ᠵᠤᠬᠢᠶᠠᠨ ᠪᠠᠶ᠋ᠢᠭᠤᠯᠤᠨ ᠦᠷᠨᠢᠭᠦᠯᠵᠦ᠂ ᠵᠢᠭ᠋ᠠᠬᠤ ᠵᠢ ᠰᠤᠳᠤᠯᠬᠤ ᠳᠤᠭᠤᠶ᠋ᠢᠯᠠᠩ᠎ᠨᠢ ᠭᠠᠷᠠᠭ ᠪᠦᠷᠢ ᠠᠳᠠᠭ᠎ᠲᠤ᠎ᠪᠠᠨ ᠨᠢᠭᠡ ᠤᠳᠠᠭ᠋ᠠᠨ᠎ᠤ ᠬᠠᠮᠳᠦ ᠵᠢᠨ ᠬᠦᠳᠡᠯᠭᠡᠭᠡᠨ᠎ᠢ ᠵᠤᠬᠢᠶᠠᠨ ᠪᠠᠶ᠋ᠢᠭᠤᠯᠵᠦ᠂ ᠲᠤᠷᠰᠢᠯᠭ᠎ᠠ ᠰᠤᠯᠢᠯᠴᠠᠭ᠍ᠤ ᠠᠵᠢᠯ᠎ᠢ ᠭᠤᠤᠯᠴᠢᠯᠠᠨ ᠠᠳᠬᠤᠵᠦ᠂ ᠠ᠋ᠳᠡᠭᠡᠷ ᠬᠦᠳᠡᠯᠭᠡᠭᠡᠨ᠎ᠢ ᠰᠤᠷᠭ᠋ᠠᠭᠤᠯᠢ᠎ᠠᠴᠠ ᠵᠢᠭ᠋ᠠᠨ ᠰᠤᠷᠭ᠋ᠠᠯᠲᠠ ᠵᠢᠨ ᠰᠤᠳᠤᠯᠭ᠋ᠠᠨ ᠰᠢᠨᠵᠢᠯᠡᠭᠡᠨ᠎ᠤ ᠬᠠᠮᠢᠶᠠᠷᠤᠯᠳᠠ ᠵᠢᠨ ᠳᠦᠷᠢᠮ ᠳᠤᠭᠳᠠᠭ᠋ᠠᠯ᠎ᠳᠤ ᠤᠷᠤᠭᠤᠯᠵᠦ᠂ ᠲᠤᠰᠬᠠᠢ ᠬᠦᠮᠦᠨ ᠬᠠᠷᠢᠭᠤᠴᠠᠨ᠂ ᠲᠤᠰᠬᠠᠢ ᠦᠵᠡᠭᠦᠯᠦᠯᠭᠡ ᠵᠢᠨ ᠦᠷᠦᠭᠡ ᠪᠠᠶ᠋ᠢᠭᠤᠯᠵᠦ᠂ ᠲᠠᠩᠰᠠ ᠡᠪᠬᠡᠮᠡᠯ᠂ ᠮᠠᠲᠸᠷᠢᠶᠠᠯ᠎ᠤᠨ ᠴᠤᠭᠯᠠᠭᠤᠯᠬᠤ᠂ ᠲᠡᠮᠳᠡᠭᠯᠡᠬᠦ᠂ ᠲᠠᠷᠤᠮᠠᠯᠯᠠᠬᠤ᠂ ᠬᠠᠳᠠᠭ᠍ᠤ᠂ ᠲᠠᠩᠰᠠᠯᠠᠭ᠍ᠤ ᠵᠠᠷᠭᠡ ᠲᠠᠯ᠎ᠠ᠎ᠳᠤ ᠲᠦᠬᠦᠮ ᠦᠵᠡᠬᠦᠯᠵᠦ᠂ ᠳᠦᠷᠢᠮᠵᠢᠭᠦᠯᠦᠯᠳ᠋ᠨ ᠲᠠᠷᠤᠮᠠᠯᠯᠠᠬᠤ ᠬᠠᠮᠢᠶᠠᠷᠤᠯᠳᠠ᠎ᠪᠠᠨ ᠴᠢᠩᠭ᠋ᠠᠳᠬᠠᠭᠰᠠᠨ ᠪᠠᠶ᠋ᠢᠨ᠎ᠠ᠃
     (3) ᠲᠠᠪᠰᠢᠭᠰᠠᠨ ᠣᠷᠣᠨ᠎ᠤ ᠵᠢᠭ᠋ᠠᠨ ᠰᠣᠷᠭ᠋ᠠᠯᠳᠠ ᠵᠢᠨ ᠲᠣᠷᠰᠢᠯᠭ᠎ᠠ᠂ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠲᠤᠬᠠᠢ ᠣᠷᠣᠨ᠂ ᠬᠤᠳᠠ᠂ ᠬᠤᠰᠢᠭᠤᠨ᠎ᠠᠴᠠ ᠠ᠋ᠷᠭᠢᠯᠡᠭᠰᠡᠨ ᠰᠣᠷᠣᠯᠴᠠᠯᠭ᠎ᠠ ᠪᠣᠯᠪᠠᠰᠣᠷᠠᠯ᠎ᠳᠤ ᠢᠳᠡᠪᠭᠢᠳᠡᠢ ᠤᠷᠤᠯᠴᠠᠭᠰᠠᠨ ᠪᠠᠶ᠋ᠢᠨ᠎ᠠ᠃ ᠪᠦᠬᠦ ᠣᠷᠣᠨ᠎ᠤ 《ᠣᠷᠣᠯᠳᠣᠯᠭ᠎ᠠ᠎ᠪᠠᠷ ᠳᠦᠷᠢ ᠪᠦᠳᠦᠭᠡᠬᠦ》 ᠵᠢᠭ᠋ᠠᠬᠤ ᠠᠷᠭ᠎ᠠ ᠵᠢᠨ ᠶᠠᠷᠢᠯᠴᠠᠨ ᠰᠣᠳᠣᠯᠭ᠍ᠤ ᠬᠤᠷᠠᠯ᠂ ᠪᠦᠬᠦ ᠣᠷᠣᠨ᠎ᠤ ᠭᠤᠣᠯᠯᠠᠭᠴᠢ ᠪᠠᠭᠰᠢ ᠵᠢᠨ ᠦᠨᠳᠣᠷ ᠲᠡᠰ᠎ᠤᠨ ᠰᠣᠳᠣᠯᠭ᠋ᠠᠨ᠎ᠤ ᠪᠤᠯᠪᠠᠰᠣᠷᠠᠯ᠎ᠤᠨ ᠬᠤᠷᠠᠯ᠂ ᠪᠦᠬᠦ ᠣᠷᠣᠨ᠎ᠤ ᠮᠣᠩᠭᠤᠯ ᠵᠶ᠋ᠠᠷ ᠬᠢᠴᠢᠶᠡᠯᠯᠡᠬᠦ ᠠᠩᠬ᠎ᠠ ᠲᠣᠮᠳᠠᠳᠣ ᠵᠢᠨ ᠹᠢᠽᠢᠺ᠂ ᠬᠢᠮᠢ᠂ ᠠᠮᠢᠳᠣ ᠪᠣᠳᠠᠰ᠎ᠤᠨ ᠪᠠᠭᠰᠢ ᠵᠢᠨ ᠪᠣᠯᠪᠠᠰᠣᠷᠠᠯ᠂ ᠪᠦᠬᠦ ᠣᠷᠣᠨ᠎ᠤ ᠮᠣᠩᠭᠤᠯ ᠵᠶ᠋ᠠᠷ ᠬᠢᠴᠢᠶᠡᠯᠯᠡᠬᠦ ᠲᠣᠮᠳᠠᠳᠣ ᠪᠠᠭ᠎ᠠ ᠰᠣᠷᠭ᠋ᠠᠭᠤᠯᠢ ᠵᠢᠨ 《ᠨᠡᠷᠡᠳᠦ ᠪᠠᠭᠰᠢ ᠵᠢᠨ ᠠᠵᠢᠯ᠎ᠤᠨ ᠬᠠᠮᠳᠣᠯᠢᠭ》᠎ᠤᠨ ᠠ᠋ᠷᠬᠢᠯᠡᠭᠴᠢ ᠵᠢᠨ ᠠᠵᠢᠯ᠎ᠤᠨ ᠬᠤᠷᠠᠯ᠂ ᠪᠦᠬᠦ ᠣᠷᠣᠨ᠎ᠤ 《ᠨᠡᠷᠡᠲᠦ ᠪᠠᠭᠰᠢ ᠵᠢᠨ ᠬᠠᠮᠲᠣᠯᠢᠭ》᠎ᠤᠨ ᠠ᠋ᠷᠬᠢᠯᠡᠭᠴᠢ ᠵᠢᠨ ᠬᠤᠷᠠᠯ᠂ ᠪᠦᠬᠦ ᠣᠷᠣᠨ᠎ᠤ ᠮᠣᠩᠭᠤᠯ ᠵᠶ᠋ᠠᠷ ᠬᠢᠴᠢᠶᠡᠯᠯᠡᠬᠦ ᠠᠩᠬ᠎ᠠ ᠲᠣᠮᠳᠠᠳᠣ ᠵᠢᠨ ᠹᠢᠽᠢᠺ᠂ ᠬᠢᠮᠢ᠂ ᠠᠮᠢᠳᠣ ᠪᠣᠳᠠᠰ᠎ᠤᠨ ᠬᠢᠴᠢᠶᠡᠯ ᠲᠥᠷᠦᠯ᠎ᠤᠨ ᠪᠠᠭᠰᠢ ᠵᠢᠨ ᠪᠣᠯᠪᠠᠰᠣᠷᠠᠯ᠂ ᠪᠦᠬᠦ ᠣᠷᠣᠨ᠎ᠤ ᠮᠣᠩᠭᠤᠯ ᠵᠶ᠋ᠠᠷ ᠬᠢᠴᠢᠶᠡᠯᠯᠡᠬᠦ ᠠᠩᠬ᠎ᠠ ᠲᠣᠮᠳᠠᠳᠣ ᠵᠢᠨ ᠪᠠᠶ᠋ᠢᠭ᠋ᠠᠯᠢ ᠵᠢᠨ ᠬᠢᠴᠢᠶᠡᠯ ᠲᠥᠷᠦᠯ᠎ᠤᠨ 《ᠣᠷᠣᠯᠳᠣᠯᠭ᠎ᠠ᠎ᠪᠠᠷ ᠳᠦᠷᠢ ᠪᠦᠳᠦᠭᠡᠬᠦ》 ᠵᠢᠭ᠋ᠠᠬᠤ ᠠᠷᠭ᠎ᠠ ᠵᠢᠨ ᠰᠢᠯᠢᠳᠡᠭ ᠵᠢᠭ᠋ᠠᠨ ᠰᠤᠷᠭ᠋ᠠᠬᠤ ᠲᠥᠰᠦᠪᠯᠡᠯ᠎ᠤᠨ ᠴᠤᠪᠤᠷᠠᠯ ᠪᠢᠴᠢᠭ᠎ᠢ ᠨᠠᠶ᠋ᠢᠷᠠᠭᠤᠯᠬᠤ ᠰᠤᠳᠤᠯᠭ᠋ᠠᠨ᠎ᠤ ᠲᠤᠬᠠᠢ ᠪᠣᠯᠪᠠᠰᠤᠷᠠᠯ᠂ ᠪᠦᠬᠦ ᠣᠷᠤᠨ᠎ᠤ ᠮᠣᠩᠭᠤᠯ ᠵᠶ᠋ᠠᠷ ᠬᠢᠴᠢᠶᠡᠯᠯᠡᠬᠦ ᠠᠩᠬ᠎ᠠ ᠲᠣᠮᠳᠠᠲᠣ ᠵᠢᠨ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠬᠢᠴᠢᠶᠡᠯ᠎ᠤᠨ ᠪᠠᠭᠰᠢ ᠵᠢᠨ ᠪᠢᠴᠢᠯ ᠬᠢᠴᠢᠶᠡᠯ᠎ᠢ ᠲᠥᠰᠦᠪᠯᠡᠵᠦ ᠬᠢᠬᠦ ᠵᠢᠴᠢ ᠵᠢᠭ᠋ᠠᠨ ᠰᠣᠷᠭ᠋ᠠᠯᠳ᠋ᠨ᠎ᠳᠤ᠎ᠬᠢ ᠬᠡᠷᠡᠭᠯᠡᠯᠳᠡ ᠵᠢᠨ ᠲᠤᠬᠠᠢ ᠪᠣᠯᠪᠠᠰᠤᠷᠠᠯ᠂ ᠥᠪᠦᠷ ᠮᠣᠩᠭᠤᠯ᠎ᠤᠨ ᠥᠪᠡᠷᠲᠡᠭᠡᠨ ᠵᠠᠰᠠᠭ᠍ᠤ ᠣᠷᠤᠨ᠎ᠤ ᠮᠣᠩᠭᠤᠯ ᠵᠶ᠋ᠠᠷ ᠬᠢᠴᠢᠶᠡᠯᠯᠡᠬᠦ ᠲᠤᠮᠳᠠᠳᠣ ᠰᠤᠷᠭ᠋ᠠᠭᠤᠯᠢ ᠵᠢᠨ ᠪᠠᠶ᠋ᠢᠭ᠋ᠠᠯᠢ ᠵᠢᠨ ᠰᠢᠨᠵᠢᠯᠡᠭᠡᠨ᠎ᠤ ᠭᠤᠣᠯᠯᠠᠭᠴᠢ ᠪᠠᠭᠰᠢ ᠵᠢᠨ ᠲᠡᠭᠡᠳᠦ ᠵᠡᠷᠭᠡ ᠵᠢᠨ ᠪᠣᠯᠪᠠᠰᠤᠷᠠᠯ ᠵᠡᠷᠭᠡ ᠤᠯᠠᠨ ᠣᠳᠠᠭ᠋ᠠᠨ᠎ᠤ ᠪᠣᠯᠪᠠᠰᠣᠷᠠᠯ᠎ᠳᠤ ᠤᠷᠤᠯᠴᠠᠵᠦ᠂ ᠰᠤᠳᠤᠯᠭ᠋ᠠᠨ᠎ᠤ ᠴᠢᠳᠠᠪᠦᠷᠢ ᠮᠡᠷᠭᠡᠵᠢᠯ᠎ᠤᠨ ᠳᠡᠭᠡᠭᠰᠢᠯᠡᠯᠳᠡ᠎ᠪᠠᠨ ᠪᠠᠳᠤᠯᠠᠵᠠᠢ᠃
     (4) ᠰᠤᠷᠭ᠋ᠠᠭᠤᠯᠢ ᠵᠢᠨ ᠲᠤᠷᠰᠢᠯᠳᠠ ᠵᠢᠨ ᠲᠠᠰᠤᠭ᠎ᠤᠨ ᠲᠤᠨᠤᠭ ᠲᠦᠬᠦᠭᠡᠷᠦᠮᠵᠢ᠂ ᠲᠤᠷᠰᠢᠯᠳᠠ ᠵᠢᠨ ᠡᠮ ᠵᠡᠷᠭᠡ ᠵᠢ ᠪᠦᠷᠢᠨᠰᠢᠬᠦᠯᠵᠦ᠂ ᠰᠣᠷᠣᠭᠴᠢ ᠦᠪᠡᠷᠳᠡᠭᠡᠨ ᠡᠵᠡᠨ ᠮᠡᠳᠡᠨ ᠰᠣᠷᠣᠯᠴᠠᠭ᠍ᠣ᠂ ᠬᠤᠷᠰᠢᠨ ᠰᠣᠷᠣᠯᠴᠠᠭ᠍ᠤ᠂ ᠰᠦᠪᠡᠭᠴᠢᠯᠡᠨ ᠰᠣᠷᠣᠯᠴᠠᠭ᠍ᠣ᠎ᠳᠤ ᠭᠦᠢ᠍ᠴᠡᠳ ᠨᠦᠬᠦᠴᠡᠯ᠎ᠢ ᠬᠠᠩᠭ᠋ᠠᠵᠦ ᠦᠭᠬᠦ ᠵᠢ ᠬᠢᠴᠢᠶᠡᠵᠠᠢ᠃ 《ᠤᠷᠤᠯᠳᠤᠯᠭ᠎ᠠ᠎ᠪᠠᠷ ᠳᠦᠷᠢ ᠪᠦᠳᠦᠭᠡᠬᠦ》 ᠵᠢᠭ᠋ᠠᠬᠤ ᠠᠷᠭ᠎ᠠ ᠵᠢᠨ ᠶᠠᠪᠤᠴᠠ ᠵᠢᠨ ᠳᠤᠮᠳᠠᠬᠢ ᠰᠦᠪᠡᠭᠴᠢᠯᠡᠯᠳᠡ ᠵᠢᠨ ᠴᠢᠳᠠᠪᠦᠷᠢ᠂ ᠲᠤᠷᠰᠢᠯᠳᠠ ᠵᠢᠨ ᠴᠢᠳᠠᠪᠤᠷᠢ ᠵᠢ ᠬᠦᠮᠦᠵᠢᠭᠦᠯᠬᠦ ᠲᠣᠷᠰᠢᠯᠳᠠ ᠵᠢ ᠪᠦᠷᠢᠨ ᠨᠡᠭᠡᠭᠡᠬᠦ ᠵᠢ ᠪᠠᠳᠤᠯᠠᠵᠦ᠂ ᠰᠦᠪᠡᠭᠴᠢᠯᠡᠯ᠎ᠤᠨ ᠲᠣᠷᠰᠢᠯᠳᠠ ᠵᠢᠨ ᠮᠡᠳᠡᠭᠦᠯᠦᠯᠳᠡ ᠪᠢᠴᠢᠬᠦ ᠵᠢ ᠱᠠᠭ᠋ᠠᠷᠳᠠᠭᠰᠠᠨ ᠪᠠᠶ᠋ᠢᠨ᠎ᠠ᠃
     (5) ᠰᠤᠷᠤᠭᠴᠢ ᠵᠢᠨ ᠲᠤᠷᠰᠢᠯᠲᠠ ᠵᠢᠨ ᠪᠠᠭ᠋ᠠᠵᠢ ᠳᠦᠬᠦᠬᠡᠷᠦᠮᠵᠢ ᠵᠢ ᠲᠠᠨᠢᠬᠤ ᠪᠠ ᠳᠦᠷᠢᠮᠵᠢᠬᠦᠨ ᠵᠢᠷᠤᠬᠤ ᠤᠷᠤᠯᠳᠤᠭ᠋ᠠᠨ᠎ᠢ ᠵᠣᠬᠢᠶᠠᠨ ᠪᠠᠶ᠋ᠢᠭᠤᠯᠵᠣ᠂ ᠰᠣᠷᠣᠭᠴᠢᠳ᠎ᠤᠨ ᠠᠵᠢᠭᠯᠠᠭ᠍ᠤ ᠴᠢᠳᠠᠪᠤᠷᠢ᠂ ᠲᠣᠷᠰᠢᠨ ᠤᠷᠣᠯᠳᠣᠬᠤ ᠴᠢᠳᠠᠪᠤᠷᠢ ᠪᠠ ᠰᠤᠷᠤᠭᠰᠠᠨ ᠮᠡᠳᠡᠯᠭᠡ᠎ᠪᠠᠷ ᠵᠶ᠋ᠠᠨ ᠪᠣᠳᠠᠳᠤ ᠠᠰᠠᠭᠤᠳᠠᠯ᠎ᠢ ᠰᠢᠢ᠍ᠳᠪᠦᠷᠢᠯᠡᠬᠦ ᠴᠢᠳᠠᠪᠣᠷᠢ ᠵᠢ ᠬᠦᠮᠦᠵᠢᠭᠦᠯᠬᠦ ᠬᠢᠴᠢᠶᠡᠯ᠎ᠤᠨ ᠭᠠᠳᠠᠭᠤᠷᠬᠢ ᠲᠤᠷᠰᠢᠯᠲᠠ 《ᠦᠪᠡᠰᠦᠪᠡᠨ ᠲᠦᠬᠦᠮᠬᠡᠨ ᠤᠰᠤ ᠴᠡᠪᠡᠷᠰᠢᠭᠦᠯᠦᠦᠷ ᠦᠢ᠍ᠯᠡᠳᠬᠦ》 ᠭᠡᠬᠦ ᠮᠡᠳᠦ ᠵᠢᠨ ᠭᠡᠷ᠎ᠤᠨ ᠪᠠᠭ᠎ᠠ ᠲᠤᠷᠰᠢᠯᠲᠠ ᠵᠢᠨ ᠱᠠᠩᠨᠠᠯᠳᠦ ᠤᠷᠤᠯᠲᠤᠭ᠋ᠠᠨ᠎ᠢ ᠵᠤᠬᠢᠶᠠᠨ ᠪᠠᠶ᠋ᠢᠭᠤᠯᠵᠥ᠂ ᠬᠢᠮᠢ ᠰᠤᠷᠬᠤ ᠤᠷᠮᠠᠰᠢᠯ᠎ᠢ ᠲᠠᠶ᠋ᠢᠴᠢᠯᠠᠵᠥ᠂ ᠬᠤᠶᠠᠳᠤᠭ᠋ᠠᠷ ᠬᠢᠴᠢᠶᠡᠯ᠎ᠤᠨ ᠲᠠᠩᠬᠢᠮ᠎ᠤᠨ ᠠᠭᠤᠷ ᠠᠮᠢᠰᠬᠤᠯ᠎ᠢ ᠬᠦᠭᠵᠢᠭᠡᠨ᠂ ᠦᠷᠢᠰᠦᠯᠳᠦᠠ ᠰᠣᠷᠣᠯᠴᠠᠭ᠍ᠣ ᠵᠣᠷᠢᠭ ᠰᠠᠨᠠᠭ᠎ᠠ ᠵᠢ ᠬᠦᠮᠦᠵᠢᠭᠦᠯᠵᠠᠢ᠃
     (6) ᠴᠠᠬᠢᠯᠭ᠋ᠠᠨᠵᠢᠭᠰᠠᠨ ᠵᠢᠭ᠋ᠠᠨ ᠰᠣᠷᠭ᠋ᠠᠯᠳᠠ ᠵᠢᠨ ᠠᠷᠭ᠎ᠠ ᠵᠢ ᠬᠡᠷᠡᠭᠯᠡᠨ ᠬᠤᠶᠠᠷ ᠲᠡᠪᠲᠡᠷ᠎ᠤᠨ ᠺᠤᠣᠷᠰᠸᠠᠢ᠍ᠢ᠍ᠷ᠎ᠢ ᠵᠤᠬᠢᠶᠠᠨ ᠦᠢ᠍ᠯᠡᠳᠦᠭᠰᠡᠨ ᠮᠥᠷᠲᠡᠭᠡᠨ ᠠᠭᠤᠯᠭ᠎ᠠ ᠪᠦᠷᠢ ᠵᠢᠨ ᠺᠤᠣᠷᠰᠸᠠᠢ᠍ᠢ᠍ᠷ᠎ᠢ ᠰᠢᠭᠤᠳ ᠬᠢᠴᠢᠶᠡᠯᠯᠡᠭᠡ᠎ᠳᠤ ᠠᠰᠢᠭᠯᠠᠭᠰᠠᠨ ᠪᠠᠶ᠋ᠢᠨ᠎ᠠ᠃ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ᠎ᠪᠠᠷ ᠬᠢᠮᠢ ᠵᠢᠨ ᠶᠢᠰᠦᠳᠦᠭᠡᠷ ᠣᠨ᠎ᠤ ᠲᠡᠭᠡᠲᠦ ᠲᠣᠣᠷᠠᠳᠣ ᠬᠤᠶᠠᠷ ᠲᠡᠪᠲᠡᠷ᠎ᠤᠨ ᠠᠭᠤᠯᠭ᠎ᠠ ᠵᠢᠨ ᠵᠢᠭ᠋ᠠᠨ ᠰᠤᠷᠭ᠋ᠠᠬᠤ ᠲᠥᠰᠦᠪ᠎ᠢ 108 ᠬᠤᠪᠢ ᠪᠢᠴᠢᠵᠣ᠂ ᠬᠢᠴᠢᠶᠡᠯ ᠪᠦᠬᠦᠨ᠎ᠳᠤ ᠠ᠋ᠷᠬᠢᠴᠡᠬᠦᠯᠦᠯ ᠪᠢᠴᠢᠵᠦ᠂ ᠲᠣᠰᠬᠠᠢ ᠠ᠋ᠮᠬᠢᠯᠡᠨ ᠲᠠᠩᠰᠠ ᠡᠪᠬᠡᠮᠡᠯ᠎ᠳᠤ᠎ᠪᠠᠨ ᠤᠷᠤᠭᠤᠯᠵᠠᠢ᠃
     (7) ᠰᠤᠳᠤᠯᠭ᠋ᠠᠨ᠎ᠤ ᠶᠠᠪᠤᠴᠠ᠎ᠳᠤ᠎ᠪᠠᠨ᠂ ᠬᠤᠰᠢᠭᠤ᠂ ᠬᠤᠳ᠋ᠨ ᠵᠢᠨ ᠬᠡᠪᠴᠢᠶᠡᠨ᠎ᠤ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠲᠤᠬᠠᠢ ᠲᠠᠶ᠋ᠢᠯᠤᠮᠵᠢ ᠬᠢᠵᠦ᠂ ᠤᠯᠠᠨ ᠰᠤᠷᠭ᠋ᠠᠭᠤᠯᠢ ᠵᠢᠨ ᠪᠠᠭᠰᠢ ᠨᠠᠷ᠎ᠲᠠᠢ ᠬᠠᠮᠳᠣ᠎ᠪᠠᠷ ᠬᠢᠴᠢᠶᠡᠯ ᠪᠡᠯᠡᠳᠬᠡᠨ᠂ ᠳᠤᠭᠤᠶ᠋ᠢᠯᠠᠩ ᠪᠠ ᠪᠦᠬᠦ ᠰᠣᠷᠭ᠋ᠠᠭᠤᠯᠢ ᠵᠢᠨ ᠬᠡᠪᠴᠢᠶᠡᠨ᠎ᠳᠤ ᠦᠵᠡᠭᠦᠯᠭᠡ ᠵᠢᠨ ᠬᠢᠴᠢᠶᠡᠯ ᠪᠠ ᠲᠠᠭᠤᠷᠢᠶᠠᠯ ᠬᠢᠴᠢᠶᠡᠯ ᠤᠯᠠᠨ ᠤᠳᠠᠭ᠎ᠠ ᠤᠷᠤᠵᠠᠢ᠃
     2. ᠰᠣᠷᠣᠭᠴᠢ ᠵᠢᠨ ᠲᠠᠯ᠎ᠠ᠎ᠠᠴᠠ ᠪᠡᠶᠡᠯᠡᠭᠦᠯᠦᠭᠰᠡᠨ ᠠᠵᠢᠯ
     (1) ᠰᠣᠷᠣᠭᠴᠢᠳ ᠰᠣᠷᠣᠭᠰᠠᠨ ᠠᠭᠤᠯᠭ᠎ᠠ᠎ᠪᠠᠨ ᠪᠤᠳᠠᠳᠠᠶ᠋ᠢᠵᠢᠭᠤᠯᠣᠨ ᠪᠠᠳᠣᠳᠬᠠᠵᠣ᠂ ᠪᠡᠶ᠎ᠡ᠎ᠪᠠᠨ ᠲᠠᠭ᠋ᠠᠭ᠋ᠠᠨ ᠰᠡᠳᠬᠢᠨ ᠪᠤᠳᠣᠯᠬᠢᠯᠠᠵᠣ᠂ ᠵᠣᠷᠢᠭᠳᠠᠢ᠎ᠪᠠᠷ ᠰᠢᠨ᠎ᠡ ᠵᠢ ᠠ᠋ᠭᠦᠳᠬᠦ ᠬᠠᠶ᠋ᠢᠨ ᠰᠦᠪᠡᠭᠴᠢᠯᠡᠯᠳᠡ ᠬᠢᠵᠦ᠂ ᠲᠣᠤᠷᠠᠬᠢ ᠮᠡᠳᠤ ᠪᠠᠭ᠋ᠠᠵᠢ ᠦᠢ᠍ᠯᠡᠳᠭᠦ ᠪᠠ ᠬᠡᠷ᠎ᠤᠨ ᠪᠠᠭ᠎ᠠ ᠲᠣᠷᠰᠢᠯᠳᠠ ᠬᠢᠵᠠᠢ᠃
《ᠯᠠ ᠰᠢᠲᠠᠭ᠍ᠤ ᠵᠢ ᠠᠵᠢᠭᠯᠠᠭ᠍ᠤ》᠂ 《ᠲᠦᠭᠡᠭᠡᠯ ᠣᠰᠣᠨ᠎ᠤ ᠬᠠᠳᠠᠭᠤᠴᠨ ᠵᠢ ᠢᠯᠭ᠋ᠠᠨ ᠲᠠᠨᠢᠬᠤ》᠂ 《ᠪᠠᠯ ᠴᠢᠯᠠᠭᠤᠨ᠎ᠤ ᠴᠠᠬᠢᠯᠭ᠋ᠠᠨ ᠲᠠᠮᠵᠢᠭᠤᠯᠬᠤ ᠲᠤᠷᠰᠢᠯᠲᠠ》᠂ 《ᠢᠲᠡᠪᠬᠢᠵᠢᠭᠦᠯᠦᠭᠰᠡᠨ ᠨᠡᠭᠦᠷᠡᠰᠦ᠎ᠪᠠᠷ ᠭᠦᠯᠲᠡᠭᠡᠭᠦᠷ᠎ᠲᠤ᠎ᠬᠢ ᠦᠨᠦᠷ᠎ᠢ ᠠᠷᠢᠯᠭ᠋ᠠᠬᠤ》᠂ 《ᠦᠪᠡᠰᠦᠪᠡᠨ ᠴᠢᠱ᠌ᠦ᠋ᠢ ᠬᠢᠬᠦ》᠂ 《ᠨᠠᠪᠴᠢᠨ ᠰᠣᠳᠠᠰᠣᠨ ᠪᠢᠴᠢᠭ᠎ᠤᠨ ᠱᠤᠰᠢᠭ᠎ᠠ ᠵᠢ ᠬᠢᠬᠦ》᠂ 《ᠦᠨᠳᠡᠭᠡᠨ ᠬᠠᠯᠢᠰᠤᠨ᠎ᠤ ᠬᠡᠮᠬᠡᠳᠡᠭ᠎ᠢ ᠼᠣᠣ ᠵᠢᠨ ᠤᠬᠢ᠎ᠳᠤ ᠠᠭᠤᠰᠬᠠᠬᠤ》᠂ 《ᠢᠲᠡᠭᠡᠨ᠎ᠤ ᠼᠣᠣ᠎ᠪᠠᠷ ᠭᠤᠯᠢᠷ ᠪᠠ ᠪᠠᠭ᠎ᠠ ᠰᠤᠲᠠ ᠵᠢ ᠢᠯᠭ᠋ᠠᠬᠤ》᠂ 《ᠢᠲᠡᠭᠡᠨ᠎ᠤ ᠼᠣᠣ᠎ᠪᠠᠷ ᠨᠠᠩᠬᠤ ᠵᠢᠨ ᠤᠰᠤᠨ ᠬᠠᠭ᠎ᠢ ᠠᠷᠢᠯᠭ᠋ᠠᠬᠤ》᠂ 《ᠲᠡᠮᠦᠷᠯᠢᠭ᠎ᠤᠨ ᠢᠳᠡᠭᠳᠡᠯ ᠪᠠ ᠬᠠᠮᠠᠭ᠋ᠠᠯᠠᠯᠳ᠋ᠨ》᠂ 《ᠭᠦᠩᠭᠡᠨᠴᠠᠭ᠋ᠠᠨ ᠠ᠋ᠳ᠋ᠯᠡᠯ ᠭᠡᠷᠡᠭᠰᠡᠯ᠎ᠤᠨ ᠭᠠᠲᠠᠷᠭᠤ ᠵᠢ ᠴᠡᠪᠡᠷᠯᠡᠭᠦ ᠪᠦᠮᠪᠦᠭᠡ᠎ᠪᠠᠷ ᠠᠷᠴᠢᠵᠥ ᠪᠤᠯᠬᠤ ᠦᠭᠡᠢ》᠂ 《ᠲᠣᠩᠭ᠋ᠠᠯᠠᠭ ᠪᠠᠶ᠋ᠢᠪᠠᠩ᠎ᠤᠨ ᠲᠠᠯᠠᠰᠲᠦ ᠵᠢ ᠭᠠᠷᠭ᠋ᠠᠨ ᠠᠪᠬᠤ》᠂ 《ᠬᠤᠭᠤᠯᠠᠨ᠎ᠤ ᠰᠠᠪᠠ ᠬᠡᠷᠡᠭᠰᠡᠯ᠎ᠢ ᠤᠬᠢᠶᠠᠨ ᠴᠡᠪᠡᠷᠯᠡᠬᠦ》᠂ 《ᠭᠦᠪᠤᠩ᠂ ᠬᠤᠨᠢᠨ ᠨᠤᠤᠰᠦ᠂ ᠨᠡᠶ᠋ᠢᠯᠡᠯᠭᠡ ᠰᠢᠷᠭᠡᠭ᠎ᠢ ᠢᠯᠭ᠋ᠠᠨ ᠲᠠᠨᠢᠬᠤ》 ᠵᠡᠷᠭᠡ ᠲᠤᠷᠰᠢᠯᠳᠠ ᠵᠢ ᠲᠦᠰᠦᠪᠯᠡᠨ ᠬᠦᠢ᠍ᠴᠡᠳᠭᠡᠪᠡ᠃
     (2) ᠵᠢᠵᠢᠭ ᠦᠭᠦᠯᠡᠯ᠂ ᠠ᠋ᠷᠬᠢᠴᠡᠬᠦᠯᠦᠯ ᠪᠠ ᠲᠦᠷᠦᠭᠳᠡᠯ ᠪᠢᠴᠢᠬᠦ ᠬᠦᠳᠡᠯᠭᠡᠭᠡᠨ᠎ᠢ ᠵᠤᠬᠢᠶᠠᠨ ᠪᠠᠶ᠋ᠢᠭᠤᠯᠵᠦ᠂ ᠬᠢᠮᠢ ᠵᠢᠨ ᠬᠢᠴᠢᠶᠡᠯ᠎ᠤᠨ ᠰᠣᠨᠢᠷᠬᠠᠯᠳᠤ ᠴᠢᠨᠠᠷ ᠪᠠ ᠬᠢᠮᠢ ᠵᠢ ᠬᠡᠷᠬᠢᠨ ᠰᠠᠶ᠋ᠢᠨ ᠰᠣᠷᠬᠤ ᠲᠤᠬᠠᠢ ᠦᠪᠡᠷ᠎ᠤᠨ ᠪᠤᠳᠤᠯ ᠳᠦᠷᠦᠭᠳᠡᠯ ᠵᠶ᠋ᠠᠨ ᠵᠤᠷᠢᠭᠳᠠᠢ ᠢᠯᠡᠳᠭᠡᠵᠤ᠂ ᠠ᠋ᠳᠦᠷ ᠲᠤᠳᠤᠮ᠎ᠤᠨ ᠠᠮᠢᠳᠣᠷᠠᠯ ᠲᠣᠮᠳᠠᠬᠢ ᠬᠠᠶᠠᠭᠳᠠᠮᠠᠯ ᠠ᠋ᠳ᠋ ᠪᠤᠳᠠᠰ᠎ᠢ ᠬᠢᠴᠢᠶᠡᠯ᠎ᠳᠤ᠎ᠪᠠᠨ ᠠᠰᠢᠭᠯᠠᠨ᠂ ᠬᠢᠮᠢ ᠪᠤᠯᠤᠨ ᠠᠮᠢᠳᠣᠷᠠᠯ᠎ᠤᠨ ᠤᠷᠤᠨ ᠵᠠᠢ ᠵᠢ ᠤᠯᠠᠮ ᠵᠶ᠋ᠠᠷ ᠤᠶ᠋ᠢᠷᠠᠳᠤᠭᠤᠯᠤᠨ᠂ ᠰᠢᠨᠵᠢᠯᠡᠬᠦ ᠣᠬᠠᠭ᠋ᠠᠨ ᠪᠠ ᠨᠡᠶ᠋ᠢᠭᠡᠮ᠂ ᠰᠢᠨᠵᠢᠯᠡᠬᠦ ᠣᠬᠠᠭ᠋ᠠᠨ ᠪᠠ ᠠ᠋ᠳᠦᠷ ᠲᠤᠳᠤᠮ᠎ᠤᠨ ᠠᠮᠢᠳᠤᠷᠠᠯ᠎ᠯᠤᠭ᠎ᠠ ᠵᠢᠨ ᠬᠠᠷᠢᠴᠠᠭ᠋ᠠᠨ᠎ᠳᠤ ᠪᠤᠳᠠᠳᠦ ᠤᠶ᠋ᠢᠯᠠᠭ᠋ᠠᠯᠳᠠ ᠬᠢᠵᠠᠢ᠃
     (3) ᠰᠤᠷᠤᠭᠴᠢᠳ ᠬᠤᠭᠤᠷᠤᠨᠲᠦ᠎ᠪᠠᠨ ᠰᠠᠶ᠋ᠢᠨ ᠰᠠᠶ᠋ᠢᠬᠠᠨ ᠰᠣᠷᠤᠯᠴᠠᠭ᠍ᠤ ᠠᠷᠭ᠎ᠠ᠎ᠪᠠᠨ ᠬᠠᠷᠢᠯᠴᠠᠨ ᠬᠠᠷᠠᠮ ᠦᠭᠡᠢ ᠲᠠᠨᠢᠯᠴᠠᠭᠤᠯᠵᠦ᠂ ᠬᠠᠷᠢᠯᠴᠠᠨ ᠵᠤᠷᠢᠬ᠍ᠵᠢᠭᠤᠯᠵᠦ᠂ ᠬᠢᠷᠢ ᠪᠦᠳᠦᠮᠵᠢ ᠠᠨᠠᠢ ᠰᠣᠷᠤᠭᠴᠢᠳ ᠦᠪᠡᠷ᠎ᠤᠨ ᠰᠤᠷᠤᠯᠴᠠᠯᠭ᠎ᠠ ᠵᠢᠨ ᠲᠤᠮᠳᠠ ᠣᠷᠤᠰᠢᠵᠣ ᠪᠠᠶ᠋ᠢᠭ᠎ᠠ ᠠᠰᠠᠭᠤᠳᠠᠯ᠎ᠳᠤ᠎ᠪᠠᠨ ᠵᠣᠷᠢᠭᠳᠠᠢ᠎ᠪᠠᠷ ᠵᠠᠳᠠᠯᠣᠯᠳᠠ ᠬᠢᠵᠤ ᠵᠤᠷᠢᠭ ᠵᠶ᠋ᠠᠨ ᠢᠯᠡᠳᠭᠡᠳᠡᠭ ᠪᠥᠭᠡᠳ ᠵᠠᠷᠢᠮ ᠦᠶ᠎ᠡ᠎ᠳᠤ ᠬᠢᠴᠢᠶᠡᠯᠯᠡᠭᠡ ᠵᠢᠨ ᠶᠠᠪᠤᠴᠠ᠎ᠳᠤ ᠲᠣᠭᠯᠠᠭ᠋ᠠᠮ ᠬᠠᠪᠰᠤᠷᠭ᠋ᠠᠬᠤ ᠠᠷᠭ᠎ᠠ᠎ᠪᠠᠷ ᠬᠢᠴᠢᠶᠡᠯ᠎ᠤᠨ ᠠᠭᠤᠯᠭ᠎ᠠ᠎ᠪᠠᠨ ᠪᠠᠳᠤᠳᠬᠠᠪᠠ᠃
     (ᠭᠤᠷᠪᠠ) 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠨ ᠰᠣᠷᠭ᠋ᠠᠬᠤ ᠠᠷᠭ᠎ᠠ ᠵᠢ ᠦᠢ᠍ᠯᠡᠳᠦᠯᠭᠡ᠎ᠳᠤ ᠬᠡᠷᠡᠭᠵᠢᠭᠦᠯᠦᠭᠰᠡᠨ ᠦᠷ᠎ᠡ ᠳ᠋ᠦᠩ
      ᠲᠤᠷᠰᠢᠯᠳᠠ ᠵᠢᠨ ᠠ᠋ᠬᠢᠨ᠎ᠤ ᠦᠶ᠎ᠡ᠎ᠳᠤ ᠲᠣᠰ ᠬᠤᠶᠠᠷ ᠠᠩᠬᠢ ᠵᠢᠨ ᠬᠢᠮᠢ ᠵᠢᠨ ᠬᠢᠴᠢᠶᠡᠯ᠎ᠤᠨ ᠬᠢᠷᠢ ᠪᠦᠲᠦᠮᠵᠢ᠎ᠳᠤ ᠠᠳᠠᠯᠢᠳᠬᠠᠯ ᠬᠢᠬᠦ᠎ᠳᠤ᠂ ᠶᠢᠰᠦ ᠵᠢᠨ ᠲᠠᠪᠤ ᠵᠢᠨ ᠬᠢᠷᠢ ᠪᠦᠳᠦᠮᠵᠢ᠎ᠨᠢ ᠬᠠᠷᠢᠴᠠᠩᠭᠤᠢ ᠦᠨᠲᠦᠷ ᠰᠢᠭ ᠪᠠᠶ᠋ᠢᠪᠠ᠃
     《ᠤᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢ ᠬᠡᠷᠡᠭᠵᠢᠭᠦᠯᠤᠭ᠌ᠰᠡᠨ᠎ᠤ ᠲᠠᠷᠠᠭ᠎ᠠ ᠨᠢᠭᠡ ᠬᠤᠭᠤᠴᠠᠭ᠎ᠠ ᠲᠤᠷᠰᠢᠨ ᠶᠠᠪᠤᠭᠳᠠᠭᠤᠯᠬᠤ᠎ᠪᠠᠷ ᠲᠠᠮᠵᠢᠭ᠋ᠠᠳ ᠪᠠᠭᠰᠢ ᠪᠠ ᠰᠤᠷᠤᠭᠴᠢ᠂ ᠬᠤᠶᠠᠷ ᠠᠩᠬᠢ ᠵᠢᠨ ᠶᠡᠷᠦᠩᠭᠡᠢ ᠬᠢᠷᠢ ᠪᠦᠳᠦᠮᠵᠢ ᠵᠡᠷᠭᠡ ᠲᠠᠯ᠎ᠠ᠎ᠪᠠᠷ ᠮᠠᠰᠢ ᠶᠡᠭᠡ ᠬᠤᠪᠢᠷᠠᠯᠳᠠ ᠭᠠᠷᠴᠠᠢ᠃ ᠳᠠᠷᠠᠭ᠋ᠠᠬᠢ ᠪᠦᠷᠢᠳᠭᠡᠯ ᠪᠤᠯ ᠨᠢᠬᠡ ᠬᠤᠭᠤᠴᠠᠭ᠋ᠠᠨ᠎ᠤ ᠲᠦᠷᠪᠡ ᠤᠳᠠᠭ᠋ᠠᠨ᠎ᠤ ᠰᠣᠷᠢᠯᠳ᠋ᠨ ᠵᠢᠨ ᠰᠢᠯᠭ᠋ᠠᠯᠳᠠ ᠵᠢᠨ ᠬᠢᠷᠢ ᠪᠦᠲᠦᠮᠵᠢ ᠵᠢᠨ ᠪᠦᠷᠢᠳᠬᠡᠯ ᠪᠤᠯᠬᠤ ᠶᠤᠮ᠃ ᠠ᠋ᠬᠦᠨ᠎ᠠᠴᠠ ᠪᠢᠳᠠ ᠦᠵᠡᠵᠦ ᠭᠠᠷᠬᠤ᠎ᠨᠢ ᠶᠢᠰᠦᠳᠦᠭᠡᠷ ᠤᠨ᠎ᠤ ᠵᠢᠷᠭᠤᠳᠤᠭ᠋ᠠᠷ ᠠᠩᠭᠢ ᠵᠢᠨ ᠬᠢᠷᠢ ᠪᠦᠲᠦᠮᠵᠢ 10 ᠳ᠋ᠣᠭ᠋ᠠᠷ ᠰᠠᠷ᠎ᠠ᠎ᠠᠴᠠ ᠠ᠋ᠬᠢᠯᠡᠨ ᠢᠯᠡᠷᠬᠡᠢ ᠳᠡᠭᠡᠭᠰᠢᠯᠡᠯᠳᠡ᠎ᠲᠠᠢ ᠪᠤᠯᠵᠦ᠂ ᠬᠠᠷᠢᠨ ᠶᠢᠰᠦᠳᠦᠭᠡᠷ ᠤᠨ᠎ᠤ ᠲᠠᠪᠤᠳᠤᠭ᠋ᠠᠷ ᠠᠩᠭᠢ ᠵᠢᠨ ᠬᠢᠷᠢ ᠪᠦᠲᠦᠮᠵᠢ 10 ᠳ᠋ᠣᠭ᠋ᠠᠷ ᠰᠠᠷ᠎ᠠ᠎ᠠᠴᠠ᠎ᠪᠠᠨ ᠢᠯᠡᠷᠬᠡᠢ ᠬᠤᠪᠢᠷᠠᠯᠳ᠋ᠨ ᠭᠠᠷᠣᠭᠰᠠᠨ ᠦᠬᠡᠢ ᠪᠠᠶ᠋ᠢᠨ᠎ᠠ᠃ ᠪᠦᠷᠢᠳᠭᠡᠯ᠎ᠳᠤ᠎ᠬᠢ ᠠ᠋ᠮᠦᠨᠡᠬᠢ᠎ᠨᠢ ᠶᠢᠰᠦᠳᠦᠭᠡᠷ ᠤᠨ᠎ᠤ ᠲᠠᠪᠤᠳᠤᠭ᠋ᠠᠷ ᠠᠩᠭᠢ (9.5) ᠵᠢ ᠲᠥᠯᠦᠭᠡᠯᠡᠵᠦ᠂ ᠬᠤᠶ᠋ᠢᠨᠠᠬᠢ᠎ᠨᠢ ᠶᠢᠰᠦᠳᠦᠭᠡᠷ ᠤᠨ᠎ᠤ ᠵᠢᠷᠭᠤᠳᠤᠭ᠋ᠠᠷ ᠠᠩᠭᠢ (9.6) ᠵᠢ ᠲᠥᠯᠦᠭᠡᠯᠡᠨ᠎ᠡ᠃
      ᠶᠢᠰᠦᠳᠤᠭᠡᠷ ᠤᠨ᠎ᠤ ᠵᠢᠷᠭᠤᠳᠤᠭ᠋ᠠᠷ ᠠᠩᠬᠢ ᠵᠢᠨ ᠬᠤᠪᠢᠷᠠᠯᠳᠠ ᠵᠢ᠎ᠨᠢ ᠳᠠᠷᠠᠭ᠋ᠠᠯᠠᠨ ᠲᠤᠭ᠋ᠠᠴᠢᠪᠠᠯ᠄ ᠨᠢᠭᠡ᠎ᠳᠤ᠂ ᠰᠤᠷᠤᠭᠴᠢᠳ᠎ᠤᠨ ᠰᠤᠷᠤᠯᠭ᠎ᠠ ᠬᠢᠴᠢᠶᠡᠯ᠎ᠳᠤ ᠲᠤᠷ᠎ᠠ ᠦᠭᠡᠶ᠋ᠢᠴᠡᠬᠦ ᠦᠵᠡᠭᠳᠡᠯ ᠮᠡᠳᠡᠭᠳᠡᠮ᠎ᠠ ᠴᠦᠬᠡᠷᠡᠵᠦ᠂ ᠬᠢᠴᠢᠶᠡᠯᠯᠡᠭᠡ᠎ᠳᠤ ᠦᠨᠳᠤᠰᠤᠨ᠎ᠳᠤ᠎ᠪᠠᠨ ᠪᠦᠬᠦᠨ ᠵᠶ᠋ᠠᠷ ᠵᠶ᠋ᠠᠨ ᠤᠷᠤᠯᠴᠠᠵᠤ᠂ ᠦᠪᠡᠷ᠎ᠢ᠎ᠪᠠᠨ ᠢᠯᠡᠷᠡᠭᠦᠯᠬᠦ ᠵᠠᠪᠰᠢᠶᠠᠨ᠎ᠲᠠᠢ ᠪᠤᠯᠵᠦ᠂ ᠪᠡᠶ᠎ᠡ᠎ᠳᠤ᠎ᠪᠠᠨ ᠢᠳᠡᠭᠡᠬᠦ᠂ ᠵᠤᠷᠢᠭᠳᠠᠢ᠎ᠪᠠᠷ ᠶᠠᠷᠢᠵᠦ ᠢᠯᠡᠳᠭᠡᠬᠦ᠂ ᠤᠷᠤᠯᠳᠤᠨ ᠲᠤᠷᠰᠢᠬᠤ᠂ ᠵᠣᠬᠢᠶᠠᠨ ᠪᠠᠶ᠋ᠢᠭᠤᠯᠬᠤ᠂ ᠬᠤᠷᠰᠢᠨ ᠰᠤᠷᠤᠯᠴᠠᠭ᠍ᠤ ᠣᠪᠤᠷ ᠰᠤᠷᠲᠠᠯ᠎ᠨᠢ ᠢᠯᠡᠳᠳᠡ ᠰᠠᠶ᠋ᠢᠵᠢᠷᠠᠵᠦ᠂ ᠠᠰᠠᠭᠤᠳᠠᠯ ᠳᠤᠷᠠᠳᠬᠤ ᠤᠬᠠᠮᠰᠠᠷ᠎ᠲᠠᠢ ᠰᠤᠷᠤᠭᠴᠢ ᠣᠯᠠᠰᠢᠷᠠᠨ᠂ ᠰᠡᠵᠢᠭᠯᠡᠬᠦ ᠰᠡᠳᠬᠢᠬᠦ ᠳᠠᠳᠬᠠᠯ ᠪᠣᠢ ᠪᠣᠯᠵᠤ᠂ ᠬᠠᠮᠳᠤ ᠨᠡᠶ᠋ᠢᠳ᠋ᠨ ᠵᠢᠨ ᠤᠬᠠᠮᠰᠠᠷ ᠵᠢᠴᠢ ᠦᠷᠢᠰᠦᠯᠳᠦᠨ ᠳᠠᠪᠰᠢᠬᠤ ᠦᠵᠡᠯ ᠰᠠᠨᠠᠭ᠎ᠠ᠎ᠲᠠᠢ ᠪᠤᠯᠵᠦ᠂ ᠵᠦᠪ ᠦᠷᠲᠡᠭ᠎ᠤᠨ ᠦᠵᠡᠯᠲᠡ ᠠᠭ᠋ᠠᠵᠢᠮ ᠵᠶ᠋ᠠᠷ ᠪᠦᠷᠢᠯᠳᠦᠵᠦ ᠪᠠᠶ᠋ᠢᠨ᠎ᠠ᠃ ᠬᠤᠶᠠᠷ᠎ᠲᠤ᠂ 《ᠤᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠲᠠᠪᠤᠨ ᠭᠤᠭᠴᠤᠭ᠎ᠠ ᠵᠢ ᠠᠮᠢᠳᠤᠷᠠᠯ ᠰᠤᠷᠤᠯᠴᠠᠯᠭ᠎ᠠ ᠵᠢᠨ ᠳᠤᠮᠳᠠ᠎ᠪᠠᠨ ᠬᠡᠷᠡᠭᠯᠡᠵᠦ ᠠᠰᠠᠭᠤᠳᠠᠯ ᠰᠢᠢ᠍ᠳᠪᠦᠷᠢᠯᠡᠵᠤ ᠪᠠᠶ᠋ᠢᠭ᠎ᠠ ᠪᠠᠶ᠋ᠢᠳᠠᠯ ᠪᠣᠢ ᠪᠣᠯᠵᠣ ᠪᠣᠢ᠃ ᠭᠤᠷᠪᠠ᠎ᠳᠤ᠂ ᠠᠩᠭᠢ ᠨᠢᠭᠡᠴᠢ ᠪᠠ ᠳᠤᠭᠤᠶ᠋ᠢᠯᠠᠩ᠎ᠤᠨ ᠴᠤᠭᠴᠠᠯᠠᠯᠲᠠ ᠵᠢᠨ ᠵᠣᠬᠢᠶᠠᠨ ᠪᠠᠶ᠋ᠢᠭᠤᠯᠤᠯᠳᠠ ᠲᠢᠭᠯᠢᠮ᠎ᠲᠠᠢ ᠪᠤᠯᠵᠦ᠂ ᠠᠩᠭᠢ ᠵᠢᠨ ᠬᠢᠷᠢ ᠪᠦᠲᠦᠮᠵᠢ ᠢᠯᠡᠷᠬᠡᠢ ᠳᠡᠭᠡᠭᠰᠢᠯᠡᠵᠦ ᠠ᠋ᠬᠢᠯᠡᠪᠡ᠃ ᠭᠠᠷ ᠬᠦᠳᠡᠯᠦᠨ ᠤᠷᠤᠯᠳᠤᠬᠤ ᠴᠢᠳᠠᠪᠦᠷᠢ ᠳᠡᠭᠡᠭᠰᠢᠯᠡᠵᠦ ᠲᠤᠷᠰᠢᠯᠲᠡ ᠵᠢᠨ ᠬᠢᠴᠢᠶᠡᠯ᠎ᠳᠤ ᠳᠤᠷ᠎ᠠ ᠪᠠᠬ᠎ᠠ᠎ᠲᠠᠢ ᠪᠤᠯᠤᠭᠰᠠᠨ ᠵᠶ᠋ᠠᠷ ᠪᠠᠷᠠᠭ᠍ᠤ ᠦᠭᠡᠢ ᠲᠤᠷᠰᠢᠯᠲᠠ ᠵᠢᠨ ᠬᠤᠷᠳᠤᠴᠠ᠂ ᠤᠨᠤᠪᠴᠢ ᠵᠢᠨ ᠬᠡᠮᠵᠢᠶ᠎ᠡ ᠴᠦᠮ ᠳᠡᠭᠡᠭᠰᠢᠯᠡᠵᠦ ᠠ᠋ᠬᠢᠯᠡᠵᠡᠢ᠃ ᠳᠦᠷᠪᠡ᠎ᠳᠤ᠂ ᠰᠤᠷᠤᠭᠴᠢ ᠪᠠᠭᠰᠢ ᠵᠢᠨ ᠬᠠᠷᠢᠴᠠᠭ᠎ᠠ ᠤᠯᠠᠮ ᠠ᠋ᠶ᠎ᠡ ᠨᠠᠶ᠋ᠢᠷᠳᠠᠢ ᠪᠣᠯᠵᠤ᠂ ᠬᠢᠴᠢᠶᠡᠯ᠎ᠳᠤ ᠤᠨᠲᠠᠭ᠍ᠤ ᠰᠤᠷᠤᠭᠴᠢ᠂ ᠰᠤᠯᠨ ᠦᠭᠡ ᠶᠠᠷᠢᠬᠤ ᠰᠤᠷᠤᠭᠴᠢ ᠦᠭᠡᠢ ᠪᠤᠯᠵᠠᠢ᠃ ᠲᠠᠪᠤ᠎ᠳᠤ᠂ ᠨᠢᠭᠳᠠᠷᠠᠯ ᠪᠦᠯᠬᠦᠮᠳᠡᠯ᠎ᠤᠨ ᠬᠦᠴᠦᠨ ᠴᠢᠳᠠᠯ᠎ᠢ ᠤᠶ᠋ᠢᠯᠠᠭ᠋ᠠᠵᠦ᠂ ᠬᠠᠮᠳᠦ ᠵᠢᠨ ᠤᠬᠠᠮᠰᠠᠷ᠎ᠨᠢ ᠳᠡᠭᠡᠭᠰᠢᠯᠡᠪᠡ᠃ ᠵᠢᠷᠭᠤᠭ᠎ᠠ᠎ᠳᠤ᠂ ᠨᠤᠮ ᠪᠢᠴᠢᠭ᠎ᠢ ᠤᠩᠰᠢᠨ ᠤᠶ᠋ᠢᠯᠠᠭ᠋ᠠᠬᠤ ᠴᠢᠳᠠᠪᠦᠷᠢ᠎ᠨᠢ ᠳᠡᠭᠡᠭᠰᠢᠯᠡᠵᠦ᠂ ᠪᠡᠶ᠎ᠡ᠎ᠳᠤ᠎ᠪᠠᠨ ᠲᠤᠬᠢᠷᠠᠭᠰᠠᠨ ᠰᠤᠷᠬᠤ ᠠᠷᠭ᠎ᠠ ᠵᠢ ᠠ᠋ᠷᠢᠵᠦ ᠬᠠᠶ᠋ᠢᠬᠤ ᠪᠤᠯᠪᠠ᠃ ᠳᠣᠯᠤᠭ᠎ᠠ᠎ᠳᠤ᠂ ᠪᠠᠭᠰᠢ ᠪᠠ ᠰᠤᠷᠤᠭᠴᠢ ᠵᠢᠨ ᠪᠠᠶ᠋ᠢᠷᠢ ᠵᠢᠨ ᠬᠤᠪᠢᠷᠠᠯᠳᠠ ᠭᠠᠷᠪᠠ᠃ ᠪᠠᠭᠰᠢ ᠵᠢᠨ ᠡᠵᠡᠨ ᠪᠡᠶ᠎ᠡ ᠵᠢᠨ ᠪᠠᠶ᠋ᠢᠷᠢ ᠰᠠᠭᠤᠷᠢ᠎ᠨᠢ ᠵᠤᠬᠢᠶᠠᠨ ᠪᠠᠶ᠋ᠢᠭᠤᠯᠤᠭᠴᠢ᠂ ᠰᠡᠩᠬᠡᠷᠡᠭᠦᠯᠤᠭ᠌ᠴᠢ᠂ ᠤᠷᠤᠯᠴᠠᠭᠴᠢ᠎ᠪᠠᠷ ᠰᠤᠯᠢᠭᠳᠠᠨ᠂ ᠰᠤᠷᠤᠭᠴᠢ᠎ᠨᠢ ᠬᠦᠯᠢᠶᠡᠨ ᠠᠪᠤᠭᠴᠢ᠂ ᠰᠤᠨᠤᠰᠤᠭᠴᠢ᠂ ᠴᠡᠭᠡᠵᠢᠯᠡᠭᠴᠢ ᠪᠠᠶ᠋ᠢᠭᠰᠠᠨ᠎ᠠᠴᠠ᠎ᠪᠠᠨ ᠤᠷᠤᠯᠴᠠᠭᠴᠢ᠂ ᠰᠦᠪᠡᠭᠴᠢᠯᠡᠭᠴᠢ᠂ ᠳ᠋ᠦᠩᠨᠡᠭᠴᠢ᠂ ᠦᠨᠡᠯᠡᠭᠴᠢ ᠵᠢᠨ ᠪᠠᠶ᠋ᠢᠷᠢᠨ᠎ᠳᠤ ᠰᠢᠯᠵᠢᠪᠡ᠃
     《ᠴᠢᠷᠮᠠᠶ᠋ᠢᠯᠭ᠎ᠠ ᠬᠦᠮᠦᠨ᠎ᠢ ᠭᠤᠮᠤᠳᠠᠭ᠋ᠠᠬᠤ ᠦᠭᠡᠢ》 ᠭᠡᠭᠦ ᠰᠠᠶ᠋ᠢᠬᠠᠨ ᠦᠭᠡ ᠪᠠᠶ᠋ᠢᠳᠠᠭ ᠰᠠᠨ᠃ ᠪᠤᠤ ᠢᠤᠢ ᠯᠢᠶᠠᠨ ᠪᠠᠭᠰᠢ ᠵᠢᠨ ᠰᠢᠷᠭ᠋ᠠᠭᠤ ᠴᠢᠷᠮᠠᠶ᠋ᠢᠯᠭ᠎ᠠ᠎ᠨᠢ ᠬᠤᠶᠠᠷ ᠵᠢᠯ ᠰᠢᠬᠠᠮ᠎ᠤᠨ ᠤᠬᠤᠷᠬᠠᠨ ᠬᠤᠭᠤᠴᠠᠭ᠋ᠠᠨ᠎ᠳᠤ ᠪᠤᠳᠠᠳᠦ ᠦᠷ᠎ᠡ ᠳ᠋ᠦᠩ ᠤᠯᠵᠦ᠂ ᠢᠳᠡᠷ ᠵᠠᠯᠠᠭᠤ ᠪᠠᠭᠰᠢ ᠨᠠᠷ᠎ᠤᠨ ᠳᠤᠮᠳᠠ ᠤᠶ᠋ᠢᠯᠡ ᠠᠵᠢᠯᠯᠠᠭ᠎ᠠ᠎ᠪᠠᠷ ᠵᠶ᠋ᠠᠨ ᠤᠷᠤᠶ᠋ᠢᠯᠠᠨ ᠴᠤᠯᠭᠤᠷᠠᠭᠰᠠᠨ ᠶᠤᠮ᠃ ᠲᠤᠰ ᠪᠠᠭᠰᠢ᠎ᠠᠴᠠ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠵᠢ ᠰᠣᠷᠣᠭᠴᠢᠳ᠎ᠲᠤ ᠵᠤᠷᠢᠭᠲᠠᠢ᠎ᠪᠠᠷ ᠬᠢᠵᠦ᠂ ᠰᠣᠷᠣᠭᠴᠢ ᠵᠢᠨ ᠡᠵᠡᠨ ᠪᠡᠶ᠎ᠡ ᠵᠢᠨ ᠪᠠᠶ᠋ᠢᠷᠢ ᠵᠢ ᠪᠠᠲᠤᠯᠠᠨ᠂ ᠰᠤᠷᠤᠭᠴᠢᠳ᠎ᠢ ᠪᠡᠶ᠎ᠡ᠎ᠪᠠᠨ ᠲᠠᠭ᠋ᠠᠭ᠋ᠠᠨ ᠰᠣᠳᠣᠯᠣᠯᠳ᠋ᠨ᠎ᠲᠠᠢ ᠰᠣᠷᠣᠯᠴᠠᠭ᠍ᠤ᠂ ᠬᠠᠮᠳᠣᠷᠠᠨ ᠰᠣᠷᠣᠯᠴᠠᠵᠤ ᠰᠢᠨ᠎ᠡ ᠵᠢ ᠠ᠋ᠬᠦᠳᠬᠦ ᠵᠠᠮ᠎ᠳᠤ ᠬᠦᠳᠦᠯᠦᠭᠰᠡᠨ᠎ᠠᠴᠠ ᠰᠣᠷᠣᠭᠴᠢᠳ᠎ᠤᠨ ᠰᠣᠷᠬᠤ ᠣᠷᠮᠠᠰᠢᠯ᠂ ᠬᠢᠮᠢ ᠵᠢᠨ ᠬᠢᠴᠢᠶᠡᠯ᠎ᠤᠨ ᠬᠢᠷᠢ ᠪᠦᠳᠦᠮᠵᠢ ᠪᠠᠶᠠᠷᠯᠠᠭᠤᠰᠢᠳᠠᠢ ᠦᠷ᠎ᠠ ᠳ᠋ᠦ᠍ᠢ᠍ᠩ᠎ᠳᠤ ᠬᠦᠷᠴᠦ ᠴᠢᠳᠠᠭᠰᠠᠨ ᠵᠶ᠋ᠠᠷ ᠪᠠᠷᠠᠭ᠍ᠤ ᠦᠭᠡᠢ᠂ ᠳᠡᠷᠡ ᠪᠠᠰᠠ ᠦᠪᠡᠷ᠎ᠤᠨ ᠣᠷᠣᠯᠳᠣᠯᠭ᠎ᠠ᠎ᠪᠠᠨ ᠦᠬᠦᠯᠡᠯ ᠪᠤᠯᠭ᠋ᠠᠨ ᠪᠢᠴᠢᠵᠤ᠂ ᠤᠷᠤᠨ᠎ᠤ ᠳᠤᠳᠤᠨ᠎ᠠ ᠭᠠᠳᠠᠨᠠᠬᠢ ᠨᠡᠯᠢᠶᠡᠳ ᠤᠯᠠᠨ ᠰᠡᠳᠭᠦᠯ᠎ᠳᠤ ᠨᠡᠶ᠋ᠢᠳᠡᠯᠡᠬᠦᠯᠵᠠᠢ᠃ ᠮᠦᠨᠴᠦ ᠰᠣᠳᠣᠯᠭ᠍ᠤ ᠰᠣᠷᠣᠭᠴᠢ ᠵᠢᠨ ᠲᠡᠭᠦᠰᠬᠦ ᠦᠬᠦᠯᠡᠯ ᠵᠶ᠋ᠠᠨ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠰᠤᠳᠤᠯᠭ᠋ᠠᠨ ᠵᠶ᠋ᠠᠷ ᠰᠡᠳᠦᠪᠯᠡᠵᠦ ᠪᠢᠴᠢᠭᠰᠡᠨ᠎ᠠᠴᠠ ᠵᠢᠯᠤᠭᠤᠳᠤᠭᠴᠢ ᠪᠠᠭᠰᠢ ᠵᠢᠨ ᠦᠨᠳᠦᠷ ᠦᠨᠡᠯᠡᠯᠳ᠋ᠨ ᠵᠢ ᠬᠦᠷᠳᠡᠭᠰᠡᠨ ᠪᠠᠶ᠋ᠢᠨ᠎ᠠ᠃
     2016 ᠣᠨ᠎ᠤ 5 ᠰᠠᠷ᠎ᠠ᠎ᠳᠤ ᠪᠦᠬᠦ ᠬᠤᠲᠠ ᠵᠢᠨ ᠮᠣᠩᠭᠤᠯ ᠵᠶ᠋ᠠᠷ ᠬᠢᠴᠢᠶᠡᠯᠯᠡᠬᠦ ᠠᠩᠬ᠎ᠠ ᠲᠣᠮᠳᠠᠳᠣ ᠵᠢᠨ ᠬᠢᠮᠢ ᠵᠢᠨ ᠤᠶᠤᠨ᠎ᠤ ᠤᠷᠤᠯᠳᠤᠭ᠋ᠠᠨ᠎ᠳᠤ ᠲᠡᠬᠦᠨ᠎ᠤ ᠵᠢᠯᠤᠭᠤᠳᠤᠭᠰᠠᠨ ᠰᠤᠷᠤᠭᠴᠢ ᠵᠤᠤ ᠰᠢᠨ ᠯᠧᠢ ᠬᠤᠪᠢ ᠬᠥᠮᠦᠨ᠎ᠤ ᠲᠡᠷᠢᠭᠦᠨ᠎ᠤ ᠱᠠᠩᠨᠠᠯ᠎ᠢ ᠬᠦᠷᠲᠡᠵᠦ᠂ ᠰᠣᠷᠣᠭᠴᠢ ᠢᠷᠠᠭᠤ ᠬᠤᠶᠠᠳᠤᠭ᠋ᠠᠷ ᠲᠡᠰ᠎ᠤᠨ ᠱᠠᠩᠨᠠᠯ᠎ᠢ ᠤᠯᠪᠠ᠃ 2016 ᠣᠨ᠎ᠳᠤ ᠠ᠋ᠷᠬᠢᠯᠡᠭᠰᠡᠨ ᠠᠩᠭᠢ ᠵᠢᠨ ᠬᠢᠮᠢ ᠵᠢᠨ ᠬᠢᠴᠢᠶᠡᠯ ᠲᠥᠷᠦᠯ᠎ᠤᠨ ᠲᠡᠭᠰᠢᠳᠭᠡᠯ ᠬᠤᠪᠢ ᠪᠠ ᠬᠢᠷᠢ ᠲᠡᠩᠴᠡᠯᠳ᠋ᠨ ᠵᠢᠨ ᠨᠤᠷᠮ᠎ᠠ ᠪᠦᠬᠦ ᠬᠤᠳ᠋ᠨ᠎ᠳᠤ᠎ᠪᠠᠨ ᠲᠡᠷᠢᠬᠦᠯᠡᠵᠦ᠂ ᠰᠤᠷᠤᠭᠴᠢ ᠵᠣᠣ ᠰᠢᠨ ᠯᠧᠢ᠂ ᠢᠷᠠᠭᠤ ᠰᠢᠯᠢᠳᠡᠭ ᠬᠢᠷᠢ ᠪᠦᠲᠦᠮᠵᠢ᠎ᠪᠠᠷ ᠬᠥᠬᠡᠬᠤᠲᠠ ᠵᠢᠨ ᠪᠠᠭᠰᠢ ᠵᠢᠨ ᠶᠡᠭᠡ ᠰᠤᠷᠭ᠋ᠠᠭᠤᠯᠢ ᠵᠢᠨ ᠬᠠᠷᠢᠶᠠᠲᠤ ᠲᠤᠮᠳᠠᠳᠣ ᠰᠤᠷᠭ᠋ᠠᠭᠤᠯᠢ᠎ᠳᠤ ᠰᠢᠯᠭ᠋ᠠᠨ ᠣᠷᠤᠵᠤ᠂ ᠺᠠᠩ ᠱᠣᠣ ᠵᠢᠶᠦ᠋ᠨ᠂ ᠪᠤᠤ ᠵᠢᠶᠦ᠋ᠨ ᠵᠢᠶᠧ᠂ ᠰᠠᠴᠣᠷᠨ᠂ ᠴᠢ ᠾᠦᠢ᠂ ᠲᠢᠩ ᠲᠢᠩ᠂ ᠴᠢ ᠶᠠᠨ ᠲᠢᠩ᠂ ᠵᠢᠩ ᠵᠢᠩ ᠵᠡᠷᠭᠡ ᠳᠣᠯᠤᠭ᠋ᠠᠨ ᠰᠤᠷᠤᠭᠴᠢ ᠬᠠᠶ᠋ᠢᠯᠠᠷ ᠨᠢᠭᠡᠳᠦᠭᠡᠷ ᠲᠤᠮᠳᠠᠳᠣ ᠰᠤᠷᠭ᠋ᠠᠭᠤᠯᠢ ᠵᠢᠨ ᠲᠣᠷᠰᠢᠯᠳ᠋ᠨ ᠵᠢᠨ ᠠᠩᠭᠢ᠎ᠳᠤ ᠰᠢᠯᠭ᠋ᠠᠨ ᠣᠷᠤᠵᠤ᠂ ᠠ᠋ᠷᠬᠢᠯᠡᠭᠰᠡᠨ ᠠᠩᠬᠢ᠎ᠨᠢ ᠬᠤᠰᠢᠭᠤᠨ ᠲᠠᠰ᠎ᠤᠨ ᠰᠢᠯᠢᠳᠡᠭ ᠠᠩᠬᠢ ᠨᠢᠬᠡᠴᠢ ᠪᠠ ᠬᠤᠰᠢᠭᠤᠨ ᠲᠡᠰ᠎ᠤᠨ ᠪᠤᠯᠪᠠᠰᠤᠨ ᠠᠩᠭᠢ ᠨᠢᠭᠡᠴᠢ᠎ᠪᠠᠷ ᠰᠤᠩᠭᠤᠭᠳᠠᠵᠤ᠂ ᠰᠤᠷᠤᠭᠴᠢ ᠴᠢ ᠾᠦᠢ ᠬᠤᠰᠢᠭᠤᠨ ᠲᠡᠰ᠎ᠤᠨ 《ᠰᠢᠯᠢᠳᠡᠭ ᠰᠤᠷᠤᠭᠴᠢ》 ᠪᠤᠯᠵᠤ᠂ ᠰᠤᠷᠤᠭᠴᠢ ᠰᠦᠶᠦᠭᠡ ᠬᠤᠰᠢᠭᠤᠨ ᠲᠡᠰ᠎ᠤᠨ 《ᠰᠢᠯᠢᠳᠡᠭ ᠠᠩᠬᠢ ᠵᠢᠨ ᠺᠠᠳ᠋ᠷ》᠂ ᠰᠤᠷᠤᠭᠴᠢ ᠵᠤᠤ ᠰᠢᠨ ᠯᠸᠢ ᠬᠤᠳ᠋ᠨ ᠵᠢᠨ ᠲᠡᠰ᠎ᠤᠨ 《ᠰᠢᠯᠢᠳᠡᠭ ᠰᠤᠷᠤᠭᠴᠢ》 ᠵᠶ᠋ᠠᠷ ᠲᠤᠰ ᠪᠦᠷᠢ ᠬᠦᠬᠢᠬᠦᠯᠦᠭᠳᠡᠭᠰᠡᠨ ᠪᠠᠶ᠋ᠢᠨ᠎ᠠ᠃ 2017 ᠣᠨ᠎ᠤ 5 ᠰᠠᠷ᠎ᠠ᠎ᠳᠤ ᠪᠦᠬᠦ ᠬᠤᠲᠠ ᠵᠢᠨ ᠮᠣᠩᠭᠤᠯ ᠵᠶ᠋ᠠᠷ ᠬᠢᠴᠢᠶᠡᠯᠯᠡᠬᠦ ᠠᠩᠬ᠎ᠠ ᠲᠣᠮᠳᠠᠳᠣ ᠵᠢᠨ ᠬᠢᠮᠢ ᠵᠢᠨ ᠤᠶᠤᠨ᠎ᠤ ᠤᠷᠤᠯᠳᠤᠭ᠋ᠠᠨ᠎ᠳᠤ ᠰᠤᠷᠤᠭᠴᠢ ᠯᠢᠶᠠᠩ ᠸᠧᠨ ᠵᠢᠶᠤᠸᠠᠨ ᠬᠤᠪᠢ ᠬᠥᠮᠦᠨ᠎ᠤ ᠲᠡᠷᠢᠭᠦᠨ᠎ᠤ ᠱᠠᠩᠨᠠᠯ᠎ᠢ ᠬᠦᠷᠳᠡᠪᠡ᠃ 2018 ᠣᠨ᠎ᠤ ᠪᠦᠬᠦ ᠬᠤᠲᠠ ᠵᠢᠨ ᠳᠣᠮᠳᠠᠲᠣ ᠰᠢᠯᠭ᠋ᠠᠯᠲᠠ᠎ᠳᠤ ᠲᠡᠭᠦᠨ᠎ᠤ ᠲᠡᠭᠦᠰᠭᠡᠭᠰᠡᠨ ᠠᠩᠭᠢ ᠵᠢᠨ ᠬᠢᠮᠢ ᠵᠢᠨ ᠲᠡᠭᠰᠢᠳᠭᠡᠭᠰᠡᠨ ᠬᠢᠷᠢ ᠪᠦᠲᠦᠮᠵᠢ᠎ᠨᠢ ᠬᠤᠲᠠ᠎ᠳᠤ᠎ᠪᠠᠨ ᠲᠡᠷᠢᠭᠦᠯᠡᠭᠰᠡᠨ ᠪᠠᠶ᠋ᠢᠨ᠎ᠠ᠃
      ᠳᠡᠭᠡᠷ᠎ᠡ ᠶᠠᠷᠢᠭᠰᠠᠨ ᠠᠭᠤᠯᠭ᠎ᠠ ᠪᠤᠯ ᠪᠤᠤ ᠢᠤᠢ ᠯᠢᠶᠠᠨ ᠪᠠᠭᠰᠢ ᠵᠢᠨ ᠪᠤᠳᠠᠳᠦ ᠵᠢᠭ᠋ᠠᠨ ᠰᠤᠷᠭ᠋ᠠᠯᠳᠠ ᠲᠤᠮᠳᠠ 《ᠤᠷᠤᠯᠳᠤᠯᠭ᠎ᠠ᠎ᠪᠠᠷ ᠲᠦᠷᠢ ᠪᠦᠳᠦᠭᠡᠬᠦ》 ᠵᠢᠭ᠋ᠠᠬᠤ ᠠᠷᠭ᠎ᠠ ᠵᠢ ᠬᠢᠮᠢ ᠵᠢᠨ ᠬᠢᠴᠢᠶᠡᠯᠯᠡᠭᠡ᠎ᠳᠤ᠎ᠪᠠᠨ ᠬᠡᠷᠡᠭᠵᠢᠬᠦᠯᠦᠭᠰᠡᠨ ᠪᠠᠶ᠋ᠢᠳᠠᠯ᠎ᠤᠨ ᠲᠤᠬᠠᠢ ᠲᠤᠭ᠋ᠠᠴᠢᠯᠳᠠ ᠪᠤᠯᠤᠨ᠎ᠠ᠃
      ᠬᠤᠶᠠᠷ᠂ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠨ ᠰᠣᠷᠭ᠋ᠠᠬᠤ ᠠᠷᠭ᠎ᠠ ᠵᠢ ᠦᠢ᠍ᠯᠡᠳᠦᠯᠭᠡ᠎ᠳᠤ ᠬᠡᠷᠡᠭᠵᠢᠬᠦᠯᠬᠦ ᠶᠠᠪᠤᠴᠨ᠎ᠳᠤ ᠤᠷᠤᠰᠢᠵᠤ ᠪᠠᠶ᠋ᠢᠭ᠎ᠠ ᠠᠰᠠᠭᠤᠳᠠᠯ
      ᠪᠦᠬᠦ ᠤᠷᠤᠨ᠎ᠤ ᠬᠡᠪᠴᠢᠶᠡᠨ᠎ᠳᠤ᠂ ᠮᠤᠩᠭᠤᠯ ᠵᠶ᠋ᠠᠷ ᠬᠢᠴᠢᠶᠡᠯᠯᠡᠵᠦ ᠪᠠᠶ᠋ᠢᠭ᠎ᠠ ᠳᠤᠮᠳᠠᠳᠦ ᠰᠤᠷᠭ᠋ᠠᠭᠤᠯᠢ ᠵᠢᠨ ᠪᠠᠶ᠋ᠢᠭ᠋ᠠᠯᠢ ᠵᠢᠨ ᠰᠢᠨᠵᠢᠯᠡᠭᠡᠨ᠎ᠤ ᠬᠢᠴᠢᠶᠡᠯ ᠲᠦᠷᠦᠯ᠎ᠤᠨ ᠵᠢᠭ᠋ᠠᠨ ᠰᠤᠷᠭ᠋ᠠᠯᠳᠠ᠎ᠳᠤ 《ᠤᠷᠤᠯᠳᠤᠯᠭ᠎ᠠ᠎ᠪᠠᠷ ᠲᠦᠷᠢ ᠪᠦᠳᠦᠭᠡᠬᠦ》 ᠵᠢᠭ᠋ᠠᠬᠤ ᠠᠷᠭ᠎ᠠ ᠵᠢ ᠬᠡᠷᠡᠭᠯᠡᠭᠡᠳ ᠬᠤᠶᠠᠷ ᠵᠢᠯ ᠭᠠᠷᠤᠢ ᠪᠤᠯᠵᠦ ᠪᠠᠶ᠋ᠢᠨ᠎ᠠ᠃ ᠠ᠋ᠨᠡ ᠬᠦ᠌ ᠬᠤᠭᠤᠴᠠᠭ᠋ᠠᠨ᠎ᠳᠤ 《ᠤᠷᠤᠯᠳᠤᠯᠭ᠎ᠠ᠎ᠪᠠᠷ ᠳᠦᠷᠢ ᠪᠦᠳᠦᠭᠡᠬᠦ》 ᠵᠢᠭ᠋ᠠᠬᠤ ᠠᠷᠭ᠎ᠠ ᠵᠢᠨ ᠰᠤᠳᠤᠯᠭ᠋ᠠᠨ᠎ᠤ ᠠᠵᠢᠯ᠎ᠨᠢ ᠲᠦᠰᠦᠪᠯᠡᠭᠰᠡᠨ ᠶᠤᠰᠤᠭ᠋ᠠᠷ ᠠᠮᠵᠢᠯᠳᠠ ᠪᠦᠳᠦᠮᠵᠢ᠎ᠲᠠᠢ ᠶᠠᠪᠤᠭᠳᠠᠭᠰᠠᠨ ᠪᠠᠶ᠋ᠢᠨ᠎ᠠ᠃ ᠬᠡᠪᠡᠴᠦ ᠪᠠᠰᠠ ᠵᠤᠬᠢᠬᠤ ᠬᠡᠮᠵᠢᠶᠡᠨ᠎ᠳᠤ ᠠᠰᠠᠭᠤᠳᠠᠯ ᠤᠷᠤᠰᠢᠭᠰᠠᠭ᠋ᠠᠷ ᠪᠦᠭᠡᠳ ᠪᠢᠳᠠ ᠨᠠᠷ ᠦᠷᠬᠦᠯᠵᠢᠯᠡᠨ ᠦᠭᠡᠷᠡᠴᠢᠯᠡᠨ ᠰᠠᠶ᠋ᠢᠵᠢᠷᠠᠭᠤᠯᠬᠤ ᠴᠢᠬᠤᠯᠠ᠎ᠲᠠᠢ ᠪᠢᠯᠡ᠃
     (ᠨᠢᠭᠡ) ᠪᠠᠭᠰᠢ ᠨᠠᠷ᠎ᠤᠨ ᠪᠤᠯᠪᠠᠰᠤᠷᠠᠯ ᠳᠤᠳᠠᠮᠠᠭ᠂ ᠤᠶ᠋ᠢᠯᠠᠭ᠋ᠠᠯᠳ᠋ᠨ ᠳᠠᠨᠢᠯᠳᠠ ᠬᠦᠢ᠍ᠴᠡᠳ ᠪᠤᠰᠤ
ᠪᠦᠬᠦ ᠤᠷᠤᠨ᠎ᠤ ᠬᠡᠪᠴᠢᠶᠡᠨ᠎ᠳᠤ᠂ ᠮᠤᠩᠭᠤᠯ ᠵᠶ᠋ᠠᠷ ᠬᠢᠴᠢᠶᠡᠯᠯᠡᠵᠦ ᠪᠠᠶ᠋ᠢᠭ᠎ᠠ ᠳᠤᠮᠳᠠᠳᠦ ᠰᠤᠷᠭ᠋ᠠᠭᠤᠯᠢ ᠵᠢᠨ ᠪᠠᠶ᠋ᠢᠭ᠋ᠠᠯᠢ ᠵᠢᠨ ᠰᠢᠨᠵᠢᠯᠡᠭᠡᠨ᠎ᠤ ᠬᠢᠴᠢᠶᠡᠯ ᠲᠦᠷᠦᠯ᠎ᠤᠨ ᠪᠠᠭᠰᠢ ᠨᠡᠶ᠋ᠢᠳᠡ 2952 ᠪᠠᠶ᠋ᠢᠵᠦ᠂ ᠬᠤᠶᠠᠷ ᠵᠢᠯ ᠭᠠᠷᠤᠢ ᠵᠢᠨ ᠬᠤᠭᠤᠴᠠᠭ᠋ᠠᠨ᠎ᠳᠤ 《ᠤᠷᠤᠯᠳᠤᠯᠭ᠎ᠠ᠎ᠪᠠᠷ ᠳᠦᠷᠢ ᠪᠦᠳᠦᠭᠡᠬᠦ》 ᠵᠢᠭ᠋ᠠᠬᠤ ᠠᠷᠭ᠎ᠠ ᠵᠢᠨ ᠪᠤᠯᠪᠠᠰᠤᠷᠠᠯ᠎ᠳᠤ ᠤᠷᠤᠯᠴᠠᠭᠰᠠᠳ 1600 ᠬᠦᠮᠦᠨ ᠣᠳᠠᠭ᠎ᠠ ᠬᠦᠷᠴᠦ᠂ 《ᠤᠷᠤᠯᠳᠤᠯᠭ᠎ᠠ᠎ᠪᠠᠷ ᠳᠦᠷᠢ ᠪᠦᠳᠦᠭᠡᠬᠦ》 ᠵᠢᠭ᠋ᠠᠬᠤ ᠠᠷᠭ᠎ᠠ ᠵᠢ ᠵᠢᠩᠬᠢᠨᠢ ᠡᠵᠡᠮᠰᠢᠭᠡᠳ ᠪᠣᠲᠠᠲᠠᠢ ᠵᠢᠭ᠋ᠠᠨ ᠰᠣᠷᠭ᠋ᠠᠯᠲᠠ᠎ᠳᠤ᠎ᠪᠠᠨ ᠦᠨᠡᠨᠬᠦ ᠬᠡᠷᠡᠭᠵᠢᠭᠦᠯᠵᠦ ᠪᠠᠶ᠋ᠢᠭ᠎ᠠ ᠪᠠᠭᠰᠢ ᠣᠯᠠᠩᠬᠢ ᠲᠤᠭ᠎ᠠ ᠵᠢ ᠡᠵᠡᠯᠡᠵᠦ ᠪᠠᠶ᠋ᠢᠨ᠎ᠠ᠂ ᠭᠡᠪᠡᠴᠦ ᠪᠠᠰᠠ ᠴᠦᠬᠡᠨ ᠲᠣᠭ᠋ᠠᠨ᠎ᠤ ᠪᠠᠭᠰᠢ ᠲᠣᠰ ᠠᠷᠭ᠎ᠠ ᠵᠢ ᠪᠦᠷᠢᠮᠦᠰᠦᠨ ᠡᠵᠡᠮᠰᠢᠵᠦ ᠴᠢᠳᠠᠭ᠋ᠠᠳᠣᠢ᠂ ᠠᠷᠭ᠎ᠠ ᠮᠡᠷᠭᠡᠵᠢᠯ᠎ᠤᠨ ᠲᠠᠯ᠎ᠠ᠎ᠪᠠᠷ ᠪᠦᠷᠢᠮᠦᠰᠦᠨ ᠰᠢᠨᠡᠴᠢᠯᠡᠭᠳᠡᠵᠦ ᠴᠢᠳᠠᠭ᠋ᠠᠳᠤᠢ ᠪᠠᠶ᠋ᠢᠭᠰᠠᠭ᠋ᠠᠷ᠃ ᠵᠢᠭ᠋ᠠᠨ ᠰᠤᠷᠭ᠋ᠠᠯᠳᠠ ᠵᠢᠨ ᠳᠤᠮᠳᠠ ᠪᠠᠭᠰᠢ ᠰᠤᠷᠤᠭᠴᠢ ᠵᠢᠨ ᠪᠠᠶ᠋ᠢᠷᠢ ᠵᠢᠨ ᠰᠤᠯᠢᠭᠳᠠᠯ᠎ᠨᠢ ᠤᠳᠠᠭ᠋ᠠᠨ ᠪᠠᠶ᠋ᠢᠵᠦ᠂ ᠤᠯᠠᠮᠵᠢᠯᠠᠯᠳᠦ ᠵᠢᠭ᠋ᠠᠨ ᠰᠤᠷᠭ᠋ᠠᠯᠳᠠ ᠵᠢᠨ ᠬᠦᠷᠢᠶᠡᠨ᠎ᠠᠴᠠ ᠭᠦᠢ᠍ᠴᠡᠳ ᠭᠠᠷᠴᠦ ᠴᠢᠳᠠᠭ᠋ᠠᠳᠤᠢ᠃ ᠰᠢᠨ᠎ᠡ ᠬᠢᠴᠢᠶᠡᠯ᠎ᠤᠨ ᠦᠭᠡᠷᠡᠴᠢᠯᠡᠯᠳᠡ᠎ᠳᠤ ᠬᠡᠷᠬᠢᠨ ᠠᠵᠢᠯᠯᠠᠪᠠᠯ ᠰᠠᠶᠢ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠳᠠᠰᠤᠷᠠᠯᠳᠠ ᠦᠭᠡᠢ ᠦᠢ᠍ᠯᠡᠳᠦᠯᠭᠡᠵᠢᠭᠦᠯᠭᠦ ᠵᠢᠨ ᠬᠠᠮᠳᠤ ᠠᠮᠢᠵᠢᠷᠠᠯ᠎ᠤᠨ ᠬᠦᠴᠦᠨ᠎ᠨᠢ ᠭᠦᠢ᠍ᠴᠡᠳ ᠢᠯᠡᠷᠡᠭᠦ ᠠᠰᠠᠭᠤᠳᠠᠯ᠎ᠨᠢ ᠬᠤᠶ᠋ᠢᠰᠢᠳᠠ ᠤᠯᠠᠮ ᠨᠢᠭᠡ ᠠᠯᠬᠤᠮ ᠰᠤᠳᠤᠯᠤᠭᠤᠰᠢᠳᠠᠢ ᠠᠰᠠᠭᠤᠳᠠᠯ ᠪᠤᠯᠤᠨ ᠪᠢᠳᠠᠨ᠎ᠤ ᠠ᠋ᠮᠦᠨ᠎ᠡ ᠲᠠᠯᠪᠢᠭᠳᠠᠵᠦ ᠪᠠᠶ᠋ᠢᠨ᠎ᠠ᠃ ᠦᠨᠡᠨ᠎ᠳᠤ᠎ᠪᠠᠨ ᠵᠠᠬᠢᠷᠤᠯ ᠪᠤᠯᠤᠨ ᠪᠠᠭᠰᠢ ᠨᠠᠷ᠎ᠤᠨ ᠦᠵᠡᠯᠳᠡ ᠲᠠᠨᠢᠯᠳᠠ᠎ᠪᠠᠨ ᠬᠤᠪᠢᠷᠠᠭᠤᠯᠬᠤ ᠠᠰᠠᠭᠤᠳᠠᠯ ᠪᠤᠯ ᠰᠢᠨ᠎ᠡ ᠬᠢᠴᠢᠶᠡᠯᠯᠡᠭᠡ ᠵᠢᠨ ᠦᠭᠡᠷᠡᠴᠢᠯᠡᠯᠳᠡ ᠵᠢᠨ ᠵᠤᠷᠢᠯᠭ᠎ᠠ᠎ᠳᠤ ᠬᠦᠷᠬᠦ ᠬᠠᠮᠤᠭ᠎ᠤᠨ ᠴᠢᠬᠤᠯᠠ ᠭᠤᠭᠴᠤᠭ᠎ᠠ ᠪᠤᠯᠤᠨ᠎ᠠ᠃ ᠤᠴᠢᠷ᠎ᠨᠢ ᠦᠵᠡᠯᠳᠡ ᠪᠤᠯ ᠦᠢ᠍ᠯᠨ ᠠᠵᠢᠯᠯᠠᠭ᠋ᠠᠨ᠎ᠤ ᠰᠦᠭ ᠰᠦᠨᠡᠰᠦ ᠶᠤᠮ᠃ ᠪᠠᠭᠰᠢ ᠵᠢᠨ ᠦᠵᠡᠯᠳᠡ ᠳᠠᠨᠢᠯᠳᠠ᠎ᠨᠢ ᠵᠢᠭ᠋ᠠᠨ ᠰᠤᠷᠭ᠋ᠠᠯᠳᠠ ᠲᠣᠮᠳ᠋ᠨ ᠰᠤᠷᠤᠭᠴᠢᠳ᠎ᠤᠨ ᠰᠤᠷᠤᠯᠴᠠᠭ᠍ᠤ ᠵᠢ ᠰᠢᠭᠤᠳ ᠨᠦᠯᠦᠭᠡᠯᠡᠳᠡᠭ᠃
     (ᠬᠤᠶᠠᠷ) ᠦᠨᠳᠦᠰᠦᠨ ᠱᠠᠳᠤᠨ᠎ᠤ ᠰᠤᠷᠭ᠋ᠠᠭᠤᠯᠢ ᠵᠢᠨ ᠪᠡᠯᠡᠳᠬᠡᠯ ᠲᠦᠬᠦᠬᠡᠷᠦᠮᠵᠢ ᠪᠦᠷᠢᠨ ᠪᠤᠰᠤ
ᠪᠤᠶ᠋ᠢᠳᠠ ᠪᠦᠭᠯᠡᠬᠦᠦ ᠭᠠᠵᠠᠷ ᠤᠷᠤᠨ᠎ᠤ ᠦᠨᠳᠦᠰᠦᠨ ᠱᠠᠳᠤᠨ᠎ᠤ ᠰᠤᠷᠭ᠋ᠠᠭᠤᠯᠢ᠎ᠨᠤᠭᠤᠳ ᠬᠤᠳᠠ᠎ᠠᠴᠠ ᠵᠠᠶ᠋ᠢᠳᠠᠢ᠂ ᠡᠯ᠎ᠡ ᠳᠠᠯ᠎ᠠ ᠵᠢᠨ ᠨᠦᠬᠦᠴᠡᠯ ᠪᠤᠯᠤᠮᠵᠢ ᠬᠠᠷᠢᠴᠠᠩᠭᠤᠢ ᠠᠨᠠᠢ ᠪᠠᠶ᠋ᠢᠳᠠᠭ᠎ᠠᠴᠠ ᠪᠡᠯᠡᠳᠬᠡᠯ ᠳᠦᠬᠦᠬᠡᠷᠦᠮᠵᠢ ᠵᠢᠨ ᠨᠦᠬᠦᠴᠡᠯ ᠭᠦᠢ᠍ᠴᠠᠳ ᠪᠤᠰᠤ ᠪᠠᠶ᠋ᠢᠭᠰᠠᠭ᠋ᠠᠷ᠃ ᠠ᠋ᠶ᠋ᠢᠮᠦᠷᠬᠦᠤ ᠦᠵᠡᠭᠳᠡᠯ᠎ᠨᠢ ᠵᠤᠬᠢᠬᠤ ᠭᠡᠮᠵᠢᠶᠡᠨ᠎ᠳᠤ ᠰᠤᠷᠭ᠋ᠠᠭᠤᠯᠢ ᠵᠢᠨ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠎ᠢ ᠨᠦᠯᠦᠬᠡᠯᠡᠬᠦ ᠪᠠᠰᠠ ᠨᠢᠭᠡᠨ ᠠ᠋ᠯᠸᠮᠸᠨ᠋ᠲ ᠪᠤᠯᠵᠤ ᠪᠠᠶ᠋ᠢᠭ᠎ᠠ ᠶᠤᠮ᠃ ᠲᠤᠭ᠎ᠠ᠂ ᠬᠢᠮᠢ᠂ ᠹᠢᠽᠢᠺ᠂ ᠠᠮᠢᠳᠦ ᠪᠤᠳᠠᠰ᠎ᠤᠨ ᠬᠢᠴᠢᠶᠡᠯ ᠲᠦᠷᠦᠯ᠎ᠤᠨ ᠤᠨᠴᠠᠯᠢᠭ᠎ᠠᠴᠠ ᠠᠪᠴᠦ ᠭᠡᠯᠡᠪᠡᠯ᠂ ᠪᠦᠷᠢᠨ ᠲᠦᠬᠦᠷ ᠪᠠᠭ᠋ᠠᠵᠢ ᠬᠡᠷᠡᠭᠰᠡᠯ᠂ ᠲᠤᠨᠤᠭ ᠲᠦᠬᠦᠭᠡᠷᠦᠮᠵᠢ᠂ ᠲᠤᠷᠰᠢᠯᠳᠠ ᠵᠢᠨ ᠲᠠᠰᠤᠭ ᠵᠡᠷᠭᠡ ᠵᠢᠨ ᠨᠦᠬᠦᠴᠡᠯ᠎ᠨᠢ 《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠵᠢ ᠠᠮᠵᠢᠯᠳᠠᠳᠠᠢ ᠶᠠᠪᠤᠭᠳᠠᠭᠤᠯᠬᠤ᠎ᠳᠤ ᠳᠤᠳᠠᠭᠳᠠᠵᠤ ᠪᠤᠯᠬᠤ ᠦᠭᠡᠢ ᠬᠦᠴᠦᠨ ᠵᠦᠢ᠍ᠯ ᠪᠤᠯᠵᠦ ᠪᠠᠶ᠋ᠢᠳᠠᠭ᠃
      ᠭᠤᠷᠪᠠ᠂ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢ ᠲᠦᠭᠡᠮᠡᠯᠵᠢᠬᠦᠯᠬᠦ ᠠᠷᠭ᠎ᠠ ᠪᠠ ᠠᠩᠬᠠᠷᠬᠤ ᠵᠦᠢ᠍ᠯ
      ᠵᠢᠭ᠋ᠠᠨ ᠰᠤᠷᠭ᠋ᠠᠯᠳᠠ ᠵᠢᠨ ᠦᠭᠡᠷᠡᠴᠢᠯᠡᠯᠳᠡ᠎ᠨᠢ ᠴᠠᠭ ᠦᠶ᠎ᠡ ᠵᠢᠨ ᠱᠠᠭ᠋ᠠᠷᠳᠠᠯᠭ᠎ᠠ᠎ᠳᠤ ᠨᠡᠶ᠋ᠢᠴᠡᠭᠰᠡᠨ ᠪᠠᠶ᠋ᠢᠬᠤ ᠵᠢ ᠱᠠᠭ᠋ᠠᠷᠳᠠᠳᠠᠭ᠃ ᠵᠠᠩᠭᠢᠯᠠᠭ᠎ᠠ ᠵᠢᠨ ᠴᠢᠳᠠᠪᠦᠷᠢ ᠵᠢ ᠪᠦᠷᠢᠯᠳᠦᠭᠦᠯᠦᠭᠰᠡᠨ᠂ ᠵᠦᠪ ᠶᠢᠷᠳᠢᠨᠴᠤ ᠵᠢᠨ ᠦᠵᠡᠯᠳᠡ᠂ ᠠᠮᠢᠳᠦᠷᠠᠬᠤᠢ ᠵᠢᠨ ᠦᠵᠡᠯᠳᠡ᠂ ᠦᠷᠳᠡᠭ᠎ᠤᠨ ᠦᠵᠡᠯᠳᠡ᠎ᠲᠠᠢ ᠰᠤᠷᠤᠭᠴᠢᠳ᠎ᠢ ᠬᠦᠮᠦᠵᠢᠬᠦᠯᠬᠦ᠎ᠳᠤ ᠴᠠᠭ ᠦᠶ᠎ᠡ ᠵᠢᠨ ᠠᠯᠬᠤᠭ᠎ᠠ᠎ᠲᠠᠢ ᠨᠡᠶ᠋ᠢᠴᠡᠭᠰᠡᠨ ᠵᠢᠭ᠋ᠠᠬᠤ ᠠᠷᠭ᠎ᠠ ᠭᠡᠷᠡᠭᠳᠠᠢ ᠪᠠᠶ᠋ᠢᠳᠠᠭ᠃ ᠳᠤᠮᠳᠠᠳᠤ ᠰᠤᠷᠭ᠋ᠠᠭᠤᠯᠢ ᠵᠢᠨ ᠰᠤᠷᠤᠭᠴᠢᠳ ᠪᠤᠯ ᠶᠠᠭ ᠰᠠᠶ᠋ᠢᠬᠠᠨ ᠵᠠᠩᠭᠢᠯᠠᠭ᠎ᠠ ᠵᠢᠨ ᠴᠢᠳᠠᠪᠦᠷᠢ ᠵᠢ ᠪᠦᠷᠢᠯᠳᠦᠭᠦᠯᠬᠦ᠂ ᠶᠢᠷᠳᠢᠨᠴᠤ ᠵᠢᠨ ᠦᠵᠡᠯᠳᠡ᠂ ᠦᠷᠳᠡᠭ᠎ᠤᠨ ᠦᠵᠡᠯᠳᠡ᠂ ᠠᠮᠢᠳᠦᠷᠠᠬᠤᠢ ᠵᠢᠨ ᠦᠵᠡᠯᠳᠡ ᠲᠦᠯᠦᠪᠰᠢᠷᠡᠬᠦ ᠵᠠᠩᠬᠢᠯᠠᠭ᠎ᠠ ᠵᠢᠨ ᠨᠠᠰᠤᠨ᠎ᠤ ᠰᠤᠷᠤᠭᠴᠢᠳ ᠶᠤᠮ᠃ ᠠ᠋ᠨᠡ ᠱᠠᠳᠤ ᠦᠶ᠎ᠡ᠎ᠳᠤ ᠵᠢᠭ᠋ᠠᠨ ᠰᠤᠷᠭ᠋ᠠᠯᠳᠠ ᠵᠢᠨ ᠬᠦᠩᠭᠡᠪᠴᠢᠯᠡᠯ᠎ᠠᠴᠠ ᠪᠤᠯᠵᠤ᠂ ᠵᠠᠩᠭᠢᠯᠠᠭ᠎ᠠ ᠵᠢᠨ ᠴᠢᠳᠠᠪᠦᠷᠢ ᠵᠢ ᠪᠦᠷᠢᠯᠳᠦᠭᠦᠯᠬᠦ᠂ ᠰᠤᠷᠤᠭᠴᠢᠳ᠎ᠤᠨ ᠦᠷᠳᠡᠭ᠎ᠤᠨ ᠦᠵᠡᠯᠳᠡ᠂ ᠠᠮᠢᠳᠣᠷᠠᠬᠤᠢ ᠵᠢᠨ ᠦᠵᠡᠯᠳᠡ᠂ ᠶᠢᠷᠳᠢᠨᠴᠤ ᠵᠢᠨ ᠦᠵᠡᠯᠳᠡ ᠵᠢᠨ ᠪᠦᠷᠢᠯᠳᠦᠯ᠎ᠳᠤ ᠨᠠᠵᠠᠭ᠋ᠠᠢ ᠨᠦᠯᠦᠭᠡ ᠦᠵᠡᠭᠦᠯᠪᠡᠯ ᠨᠠᠰᠤᠨ ᠳᠤᠷᠰᠢᠳᠠ ᠵᠠᠯᠠᠷᠠᠭᠤᠯᠬᠤᠶ᠎ᠠ ᠪᠡᠷᠬᠡ ᠪᠤᠯᠳᠠᠭ᠃ ᠠ᠋ᠶ᠋ᠢᠮᠦ᠎ᠠᠴᠠ ᠬᠢᠴᠢᠶᠡᠯ ᠲᠥᠷᠦᠯ᠎ᠤᠨ ᠦᠭᠡᠷᠡᠴᠢᠯᠡᠯᠳᠡ᠎ᠨᠢ ᠤᠯᠠᠮᠵᠢᠯᠠᠯᠳᠤ ᠮᠠᠶᠢᠭ᠎ᠤᠨ ᠪᠠᠭᠰᠢ᠎ᠠᠴᠠ ᠮᠡᠳᠡᠯᠭᠡ ᠴᠢᠳᠬᠤᠳᠠᠭ ᠪᠠᠶ᠋ᠢᠳᠠᠯ᠎ᠢ ᠦᠭᠡᠷᠡᠴᠢᠯᠡᠵᠦ᠂ ᠤᠯᠠᠨ ᠲᠦᠷᠦᠯ᠎ᠤᠨ ᠠ᠋ᠯᠪᠡᠭ ᠪᠠᠶᠠᠯᠢᠭ ᠠᠭᠤᠯᠭ᠎ᠠ᠎ᠲᠠᠢ ᠬᠢᠴᠢᠶᠡᠯᠯᠡᠭᠡ᠎ᠪᠠᠷ ᠳᠠᠮᠵᠢᠨ ᠰᠤᠷᠤᠭᠴᠢᠳ᠎ᠤᠨ ᠵᠦᠪ ᠶᠢᠷᠳᠢᠨᠴᠦ ᠵᠢᠨ ᠦᠵᠡᠯᠳᠡ ᠵᠢᠨ ᠪᠦᠷᠢᠯᠳᠦᠬᠦ ᠵᠢ ᠠᠬᠢᠭᠤᠯᠬᠤ ᠵᠤᠷᠢᠯᠭ᠎ᠠ᠎ᠪᠠᠨ ᠠ᠋ᠷᠭᠡᠪᠰᠢ ᠪᠠᠷᠢᠮᠳᠠᠯᠠᠭ᠍ᠤ ᠭᠡᠷᠡᠭᠳᠠᠢ᠃ ᠪᠢᠳᠡ ᠳᠤᠮᠳᠠᠳᠤ ᠰᠤᠷᠭ᠋ᠠᠭᠤᠯᠢ ᠵᠢᠨ ᠵᠢᠭ᠋ᠠᠨ ᠰᠤᠷᠭ᠋ᠠᠯᠳᠠ ᠳᠤᠮᠳᠠ 《ᠤᠷᠤᠯᠳᠤᠯᠭ᠎ᠠ᠎ᠪᠠᠷ ᠳᠦᠷᠢ ᠪᠦᠳᠦᠭᠡᠭᠦ》 ᠵᠢᠭ᠋ᠠᠬᠤ ᠠᠷᠭ᠎ᠠ ᠵᠢ ᠬᠡᠷᠡᠭᠵᠢᠭᠦᠯᠵᠦ ᠪᠠᠶ᠋ᠢᠭ᠎ᠠ᠎ᠨᠢ 《ᠤᠷᠤᠯᠳᠤᠯᠭ᠎ᠠ᠎ᠪᠠᠷ ᠲᠥᠷᠢ ᠪᠦᠳᠥᠭᠡᠬᠦ》 ᠵᠢᠭ᠋ᠠᠬᠤ ᠠᠷᠭ᠎ᠠ ᠪᠤᠯ ᠵᠢᠭ᠋ᠠᠨ ᠰᠤᠷᠭ᠋ᠠᠯᠲᠠ ᠵᠢᠨ ᠶᠤᠰᠤ ᠵᠦᠢ᠎ᠳᠤ ᠨᠡᠶ᠋ᠢᠴᠡᠭᠰᠡᠨ᠂ ᠬᠡᠣᠬᠡᠳ᠎ᠤᠨ ᠦᠰᠦᠨ ᠪᠣᠶ᠋ᠢᠵᠢᠯᠲᠠ ᠵᠢᠨ ᠵᠢᠮ᠎ᠡ ᠬᠠᠣᠯᠢ᠎ᠲᠠᠢ ᠨᠡᠶ᠋ᠢᠴᠡᠭᠰᠡᠨ᠂ ᠰᠤᠷᠤᠭᠴᠢ ᠵᠢᠨ ᠪᠤᠳᠠᠳᠤ ᠪᠠᠶ᠋ᠢᠳᠠᠯ᠎ᠳᠤ ᠵᠤᠬᠢᠴᠠᠭᠰᠠᠨ᠂ ᠣᠯᠣᠰ᠎ᠤᠨ ᠬᠢᠴᠢᠶᠡᠯ᠎ᠤᠨ ᠪᠠᠷᠢᠮᠵᠢᠶ᠎ᠠ ᠵᠢᠨ ᠱᠠᠭ᠋ᠠᠷᠳᠠᠯᠭ᠎ᠠ᠎ᠳᠤ ᠲᠣᠬᠢᠷᠠᠭᠰᠠᠨ᠂ ᠰᠤᠷᠤᠭᠴᠢ ᠵᠢᠨ ᠬᠦᠭᠵᠢᠯᠲᠡ ᠵᠢᠨ ᠭᠤᠣᠯᠯᠠᠭᠴᠢ ᠬᠡᠪ ᠪᠣᠯᠪᠠᠰᠣᠷᠠᠯ᠎ᠢ ᠬᠦᠮᠦᠵᠢᠭᠦᠯᠵᠣ᠂ ᠰᠣᠷᠣᠭᠴᠢ ᠵᠢ ᠪᠦᠬᠦ ᠲᠠᠯ᠎ᠠ᠎ᠪᠠᠷ ᠬᠦᠭᠵᠢᠭᠦᠯᠬᠦ᠎ᠪᠠᠷ ᠤᠷᠢᠳᠠᠯ ᠪᠤᠯᠭ᠋ᠠᠭᠰᠠᠨ ᠦᠷ᠎ᠡ ᠠᠰᠢᠭᠲᠤ ᠵᠢᠭ᠋ᠠᠨ ᠰᠤᠷᠭ᠋ᠠᠯᠲᠠ ᠵᠢᠨ ᠠᠷᠭ᠎ᠠ ᠪᠤᠯᠬᠤ᠎ᠳᠤ ᠤᠷᠤᠰᠢᠨ᠎ᠠ᠃
      ᠳᠤᠮᠳᠠᠳᠤ ᠰᠤᠷᠭ᠋ᠠᠭᠤᠯᠢ ᠵᠢᠨ ᠪᠠᠶ᠋ᠢᠭ᠋ᠠᠯᠢ ᠵᠢᠨ ᠰᠢᠨᠵᠢᠯᠡᠭᠡᠨ᠎ᠤ ᠬᠢᠴᠢᠶᠡᠯ ᠲᠦᠷᠦᠯ᠎ᠤᠨ ᠵᠢᠭ᠋ᠠᠨ ᠰᠤᠷᠭ᠋ᠠᠯᠳᠠ ᠳᠤᠮᠳᠠ 《ᠤᠷᠤᠯᠳᠤᠯᠭ᠎ᠠ᠎ᠪᠠᠷ ᠳᠦᠷᠢ ᠪᠦᠳᠦᠭᠡᠭᠦ》 ᠵᠢᠭ᠋ᠠᠬᠤ ᠠᠷᠭ᠎ᠠ ᠵᠢ ᠳᠦᠭᠡᠮᠡᠯᠵᠢᠭᠦᠯᠵᠦ ᠬᠡᠷᠡᠭᠵᠢᠭᠦᠯᠬᠦ᠎ᠳᠤ ᠪᠠᠭᠰᠢ ᠨᠠᠷ ᠵᠢᠴᠢ ᠬᠠᠮᠢᠶ᠎ᠠ ᠪᠦᠬᠦᠢ ᠮᠡᠷᠭᠡᠵᠢᠯᠳᠡᠳ᠎ᠠᠴᠠ ᠨᠠᠷᠢᠨ ᠰᠤᠳᠤᠯᠵᠤ᠂ ᠦᠷ᠎ᠡ ᠠᠰᠢᠭ᠎ᠢ ᠳᠠᠰᠤᠷᠠᠯᠳᠠ ᠦᠭᠡᠢ ᠰᠢᠨᠡᠴᠢᠯᠡᠵᠦ᠂ ᠨᠡᠩ ᠤᠯᠠᠨ ᠰᠤᠷᠭ᠋ᠠᠭᠤᠯᠢ᠂ ᠨᠡᠩ ᠤᠯᠠᠨ ᠪᠠᠭᠰᠢ ᠨᠠᠷ᠂ ᠰᠤᠷᠤᠭᠴᠢᠳ᠎ᠲᠤ ᠳᠠᠨᠢᠭᠤᠯᠬᠤ ᠬᠡᠷᠡᠭᠳᠡᠢ ᠶᠤᠮ᠃
      ᠪᠠᠭᠰᠢ ᠨᠠᠷ᠎ᠤᠨ ᠳᠤᠮᠳᠠ ᠳᠤᠭᠳᠠᠭᠰᠠᠨ ᠬᠤᠭᠤᠴᠠᠭ᠎ᠠ᠎ᠲᠠᠢ 《ᠤᠷᠤᠯᠳᠤᠯᠭ᠎ᠠ᠎ᠪᠠᠷ ᠳᠦᠷᠢ ᠪᠦᠳᠦᠭᠡᠭᠦ》 ᠵᠢᠭ᠋ᠠᠬᠤ ᠠᠷᠭ᠎ᠠ ᠵᠢᠨ ᠲᠤᠬᠠᠢ ᠪᠤᠯᠪᠠᠰᠤᠷᠠᠯ ᠠ᠋ᠷᠬᠢᠯᠡᠨ᠎ᠡ᠃ 《ᠤᠷᠤᠯᠳᠤᠯᠭ᠎ᠠ᠎ᠪᠠᠷ ᠳᠦᠷᠢ ᠪᠦᠳᠦᠭᠡᠭᠦ》 ᠵᠢᠭ᠋ᠠᠬᠤ ᠠᠷᠭ᠎ᠠ ᠵᠢᠨ ᠦᠷ᠎ᠡ ᠠᠰᠢᠭ᠎ᠢ ᠭᠦᠢ᠍ᠴᠡᠳ ᠪᠠᠳᠠᠷᠠᠭᠤᠯᠤᠶ᠎ᠠ ᠭᠡᠪᠡᠯ᠂ ᠠ᠋ᠩ ᠲᠡᠷᠢᠬᠦᠨ᠎ᠳᠤ ᠪᠠᠭᠰᠢ ᠨᠠᠷ᠎ᠤᠨ ᠦᠵᠡᠯᠳᠡ ᠳᠠᠨᠢᠯᠳᠠ ᠵᠢ ᠳᠡᠭᠡᠭᠰᠢᠯᠡᠭᠦᠯᠬᠦ ᠪᠤᠯᠪᠠᠰᠤᠷᠠᠯ᠎ᠢ ᠠ᠋ᠷᠬᠢᠯᠡᠬᠦ᠎ᠨᠢ ᠵᠠᠩᠬᠢᠯᠠᠭ᠎ᠠ ᠪᠤᠯᠬᠤ ᠶᠤᠮ᠃ ᠪᠤᠯᠪᠠᠰᠤᠷᠠᠯ ᠠ᠋ᠷᠬᠢᠯᠡᠬᠦ᠎ᠳᠤ ᠳᠤᠤᠷᠠᠬᠢ ᠬᠡᠳᠦᠨ ᠳᠠᠯ᠎ᠠ ᠵᠢ ᠠᠩᠬᠠᠷᠬᠤ ᠬᠡᠷᠡᠭᠳᠡᠢ᠃
      ᠪᠤᠯᠪᠠᠰᠤᠷᠠᠯ᠎ᠳᠤ ᠤᠷᠤᠯᠴᠠᠵᠤ ᠪᠠᠶ᠋ᠢᠭ᠎ᠠ ᠪᠠᠭᠰᠢ ᠨᠠᠷ ᠵᠶ᠋ᠠᠷ 《ᠤᠷᠤᠯᠳᠤᠯᠭ᠎ᠠ᠎ᠪᠠᠷ ᠳᠦᠷᠢ ᠪᠦᠳᠦᠭᠡᠭᠦ》 ᠵᠢᠭ᠋ᠠᠬᠤ ᠠᠷᠭ᠎ᠠ ᠵᠢᠨ ᠳᠤᠬᠠᠢ ᠦᠵᠡᠯᠳᠡ ᠳᠠᠨᠢᠯᠳᠠ ᠵᠢ᠎ᠨᠢ ᠰᠤᠯᠢᠯᠴᠠᠭᠤᠯᠬᠤ ᠵᠢᠨ ᠬᠠᠮᠳᠤ ᠪᠠᠭᠰᠢ ᠨᠠᠷ᠎ᠤᠨ 《ᠤᠷᠤᠯᠳᠤᠯᠭ᠎ᠠ᠎ᠪᠠᠷ ᠳᠦᠷᠢ ᠪᠦᠳᠦᠭᠡᠭᠦ》 ᠵᠢᠭ᠋ᠠᠬᠤ ᠠᠷᠭ᠎ᠠ ᠵᠢᠨ ᠵᠢᠭ᠋ᠠᠨ ᠰᠤᠷᠭ᠋ᠠᠬᠤ ᠲᠦᠰᠦᠪ᠎ᠢ ᠳᠡᠯᠭᠡᠨ ᠦᠵᠡᠬᠦᠯᠵᠦ᠂ ᠠᠳᠠᠯᠢᠳᠬᠠᠯ ᠰᠢᠯᠭ᠋ᠠᠷᠠᠭᠤᠯᠤᠯᠳᠠ ᠶᠠᠪᠤᠭᠳᠠᠭᠤᠯᠵᠦ ᠪᠤᠯᠤᠨ᠎ᠠ᠃ ᠢᠩᠬᠢᠬᠦ᠎ᠨᠢ ᠬᠠᠷᠢᠯᠴᠠᠨ ᠰᠤᠷᠤᠯᠴᠠᠵᠤ᠂ ᠬᠠᠮᠳᠦ᠎ᠪᠠᠷ ᠳᠡᠭᠡᠭᠰᠢᠯᠡᠬᠦ᠎ᠳᠤ ᠠᠰᠢᠭᠳᠠᠢ ᠶᠤᠮ᠃
      ᠡᠯ᠎ᠡ ᠰᠤᠷᠭ᠋ᠠᠭᠤᠯᠢ᠎ᠨᠤᠭᠤᠳ ᠤᠷᠤᠨ᠂ ᠠᠶ᠋ᠢᠮᠠᠭ᠂ ᠬᠤᠰᠢᠭᠤᠨ᠎ᠤ ᠬᠤᠯᠪᠤᠭᠳᠠᠯ ᠪᠦᠬᠦᠢ ᠰᠠᠯᠠᠭ᠎ᠠ ᠮᠦᠴᠢᠷ᠎ᠠᠴᠠ ᠠ᠋ᠷᠬᠢᠯᠡᠭᠰᠡᠨ ᠡᠯ᠎ᠡ ᠲᠡᠰ᠎ᠤᠨ ᠪᠤᠯᠪᠠᠰᠤᠷᠠᠯ᠎ᠳᠤ ᠪᠠᠭᠰᠢ ᠨᠠᠷ᠎ᠢ᠎ᠪᠠᠨ ᠢᠳᠡᠪᠬᠢᠳᠠᠢ ᠤᠷᠤᠯᠴᠠᠭᠤᠯᠵᠦ᠂ ᠰᠢᠨ᠎ᠡ ᠪᠠᠶ᠋ᠢᠳᠠᠯ᠂ ᠰᠢᠨ᠎ᠡ ᠠᠷᠭ᠎ᠠ ᠵᠢ ᠴᠠᠭ ᠲᠤᠬᠠᠢ᠎ᠳᠤ᠎ᠨᠢ ᠡᠵᠡᠮᠰᠢᠵᠦ᠂ ᠰᠢᠨ᠎ᠡ ᠪᠠᠶ᠋ᠢᠳᠠᠯ᠎ᠳᠤ ᠦᠳᠳᠠᠷ ᠲᠦᠷᠬᠡᠨ ᠲᠠᠳᠬᠠᠯᠵᠢᠬᠤ᠎ᠳᠤ᠎ᠨᠢ ᠨᠦᠬᠦᠴᠡᠯ ᠪᠤᠯᠤᠮᠵᠢ ᠵᠢ ᠬᠦᠢ᠍ᠴᠡᠳ ᠬᠠᠩᠭ᠋ᠠᠬᠤ ᠴᠢᠬᠤᠯᠠ᠎ᠲᠠᠢ ᠪᠠᠶ᠋ᠢᠨ᠎ᠠ᠃
     《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ᠎ᠨᠢ ᠤᠳᠤᠬᠠᠨ᠎ᠤ ᠵᠢᠭ᠋ᠠᠨ ᠰᠤᠷᠭ᠋ᠠᠯᠳᠠ ᠵᠢᠨ ᠴᠢᠬᠤᠯᠠ ᠨᠢᠭᠡᠨ ᠬᠠᠨᠳᠤᠰᠢ ᠪᠤᠯᠵᠤ᠂ ᠪᠠᠭᠰᠢ ᠰᠤᠷᠤᠭᠴᠢᠳ᠎ᠤᠨ ᠳᠤᠮᠳᠠ ᠦᠷᠭᠡᠨ ᠬᠡᠷᠡᠭᠯᠡᠭᠳᠡᠬᠦ ᠪᠠᠶ᠋ᠢᠳᠠᠯ᠎ᠲᠠᠢ ᠪᠤᠯᠤᠭᠰᠠᠨ ᠶᠤᠮ᠃ ᠪᠠᠭᠰᠢ ᠰᠤᠷᠤᠭᠴᠢᠳ ᠠ᠋ᠳᠦᠷ᠎ᠠᠴᠠ ᠠ᠋ᠳᠦᠷ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠠᠴᠢ ᠬᠤᠯᠪᠤᠭᠳᠠᠯ᠎ᠢ ᠳᠠᠨᠢᠵᠤ᠂ ᠠ᠋ᠬᠢᠯᠡᠨ ᠬᠡᠷᠡᠭᠵᠢᠭᠦᠯᠵᠦ ᠪᠠᠶ᠋ᠢᠭ᠎ᠠ᠎ᠨᠢ ᠵᠢᠭ᠋ᠠᠨ ᠰᠤᠷᠭ᠋ᠠᠯᠳᠠ ᠵᠢᠨ ᠬᠦᠭᠵᠢᠯᠳᠡ ᠭᠡᠵᠦ ᠦᠵᠡᠵᠦ ᠪᠤᠯᠤᠨ᠎ᠠ᠃ ᠪᠠᠶ᠋ᠢᠭ᠋ᠠᠯᠢ ᠵᠢᠨ ᠰᠢᠨᠵᠢᠯᠡᠭᠡᠨ᠎ᠤ ᠬᠢᠴᠢᠶᠡᠯ᠎ᠨᠢ ᠳᠤᠮᠳᠠᠳᠤ ᠰᠤᠷᠭ᠋ᠠᠭᠤᠯᠢ ᠵᠢᠨ ᠱᠠᠳᠤᠨ᠎ᠳᠤ ᠠᠪᠴᠤ ᠬᠡᠯᠡᠪᠡᠯ ᠭᠤᠤᠯᠳᠠᠯᠭ᠋ᠠᠳᠤ ᠬᠢᠴᠢᠶᠡᠯ ᠪᠣᠯᠬᠤ ᠪᠦᠭᠡᠳ ᠬᠦᠴᠢᠷᠳᠡᠯᠭᠡ᠎ᠲᠠᠢ ᠬᠢᠴᠢᠶᠡᠯ᠎ᠳᠤ ᠪᠠᠭᠳᠠᠳᠠᠭ᠃ ᠠ᠋ᠶ᠋ᠢᠮᠦ ᠪᠠᠶ᠋ᠢᠳᠠᠯ ᠳᠤᠤᠷ᠎ᠠ ᠪᠠᠶ᠋ᠢᠭ᠋ᠠᠯᠢ ᠵᠢᠨ ᠰᠢᠨᠵᠢᠯᠡᠭᠡᠨ᠎ᠤ ᠵᠢᠭ᠋ᠠᠨ ᠰᠤᠷᠭ᠋ᠠᠯᠳᠠ ᠳᠤᠮᠳᠠ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢ ᠲᠦᠬᠡᠮᠡᠯᠵᠢᠬᠦᠯᠬᠦ᠎ᠨᠢ ᠳᠤᠮᠳᠠᠳᠤ ᠰᠤᠷᠭ᠋ᠠᠭᠤᠯᠢ ᠵᠢᠨ ᠪᠠᠶ᠋ᠢᠭ᠋ᠠᠯᠢ ᠵᠢᠨ ᠰᠢᠨᠵᠢᠯᠡᠭᠡᠨ᠎ᠤ ᠬᠢᠴᠢᠶᠡᠯ ᠲᠦᠷᠦᠯ᠎ᠤᠨ ᠵᠢᠭ᠋ᠠᠨ ᠰᠤᠷᠭ᠋ᠠᠯᠳᠠ ᠵᠢᠨ ᠠᠮᠵᠢᠯᠳᠠ ᠤᠯᠬᠤ᠎ᠳᠤ ᠳᠤᠳᠠᠭᠳᠠᠵᠤ ᠪᠤᠯᠤᠰᠢ ᠦᠭᠡᠢ ᠶᠤᠮ᠃
      ᠤᠳᠤᠬᠠᠨ᠎ᠳᠤ ᠵᠠᠷᠢᠮ ᠪᠠᠭᠰᠢ ᠨᠠᠷ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢ ᠭᠦᠢ᠍ᠴᠡᠳ ᠡᠵᠡᠮᠰᠢᠵᠦ ᠴᠢᠳᠠᠭ᠎ᠠ ᠦᠭᠡᠢ ᠪᠤᠯᠬᠤᠷ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢ ᠢᠯᠭᠤᠮ ᠤᠷᠤᠭᠰᠢᠳᠠᠢ ᠶᠠᠪᠤᠭᠳᠠᠭᠤᠯᠵᠤ ᠴᠢᠳᠠᠭ᠎ᠠ ᠦᠭᠡᠢ ᠪᠠᠶ᠋ᠢᠭ᠎ᠠ ᠶᠤᠮ᠃ ᠠ᠋ᠶ᠋ᠢᠮᠦ ᠪᠠᠶ᠋ᠢᠳᠠᠯ ᠳᠤᠤᠷ᠎ᠠ ᠰᠤᠷᠭ᠋ᠠᠭᠤᠯᠢ ᠪᠠ ᠬᠠᠮᠢᠶ᠎ᠠ ᠪᠦᠬᠦᠢ ᠰᠠᠯᠠᠭ᠎ᠠ ᠮᠦᠴᠢᠷ᠎ᠨᠢ ᠪᠠᠶ᠋ᠢᠭ᠋ᠠᠯᠢ ᠵᠢᠨ ᠬᠢᠴᠢᠶᠡᠯ ᠲᠥᠷᠦᠯ᠎ᠤᠨ ᠪᠠᠭᠰᠢ ᠨᠠᠷ᠎ᠲᠤ ᠬᠠᠨᠳᠤᠭᠤᠯᠤᠨ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠲᠤᠬᠠᠢ ᠪᠤᠯᠪᠠᠰᠤᠷᠠᠯ᠎ᠤᠨ ᠠᠩᠬᠢ ᠠ᠋ᠷᠬᠢᠯᠡᠵᠦ᠂ ᠳᠡᠳᠡᠨ᠎ᠤ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢᠨ ᠳᠤᠬᠠᠢ ᠦᠵᠡᠯᠳᠡ ᠳᠠᠨᠢᠯᠳᠠ ᠵᠢ ᠳᠡᠭᠡᠭᠰᠢᠯᠡᠭᠦᠯᠬᠦ ᠬᠡᠷᠡᠭᠳᠡᠢ ᠪᠦᠭᠡᠳ ᠴᠢᠳᠠᠪᠤᠷᠢ ᠵᠢᠨ ᠪᠤᠯᠪᠠᠰᠤᠷᠠᠯ ᠬᠦᠷᠳᠡᠭᠡᠬᠦ ᠬᠡᠷᠡᠭᠳᠡᠢ ᠶᠤᠮ᠃ ᠮᠦᠨ ᠰᠤᠷᠤᠭᠴᠢᠳ᠎ᠤᠨ ᠢᠳᠡᠪᠬᠢᠵᠢᠯ᠂ ᠤᠷᠮ᠎ᠠ ᠪᠠᠬ᠎ᠠ ᠵᠢ ᠳᠠᠶ᠋ᠢᠴᠢᠯᠠᠭ᠍ᠤ ᠠᠵᠢᠯ᠎ᠢ ᠦᠷᠭᠦᠯᠵᠢᠯᠡᠨ ᠬᠢᠵᠦ᠂ ᠰᠤᠷᠤᠭᠴᠢ᠎ᠪᠠᠷ ᠭᠤᠤᠯ ᠴᠣᠭᠴᠠ ᠪᠤᠯᠭ᠋ᠠᠬᠤ ᠵᠢᠭ᠋ᠠᠨ ᠰᠤᠷᠭ᠋ᠠᠯᠳᠠ ᠵᠢᠨ ᠦᠵᠡᠯᠳᠡ᠎ᠪᠠᠨ ᠪᠠᠷᠢᠮᠳᠠᠯᠠᠭ᠍ᠤ ᠬᠡᠷᠡᠭᠳᠡᠢ᠃ ᠡᠯ᠎ᠡ ᠰᠤᠷᠭ᠋ᠠᠭᠤᠯᠢ ᠵᠢᠨ ᠨᠦᠬᠦᠴᠡᠯ ᠪᠠᠶ᠋ᠢᠳᠠᠯ ᠠᠳᠠᠯᠢ ᠦᠭᠡᠢ᠎ᠠᠴᠠ ᠪᠤᠯᠵᠤ᠂ 《ᠣᠷᠤᠯᠳᠤᠯᠭ᠎ᠠ᠎ᠪᠠᠷ ᠳᠦᠷᠢ ᠪᠦᠲᠦᠭᠡᠬᠦ》 ᠵᠢᠭ᠋ᠠᠬᠤ ᠠᠷᠭ᠎ᠠ ᠵᠢ ᠬᠡᠷᠡᠭᠵᠢᠭᠦᠯᠬᠦ ᠪᠠᠶ᠋ᠢᠳᠠᠯ ᠴᠦ᠍ ᠠᠳᠠᠯᠢ ᠦᠭᠡᠢ ᠪᠠᠶ᠋ᠢᠳᠠᠭ᠃ ᠠ᠋ᠭᠦᠨ᠎ᠳᠤ ᠳᠤᠯᠭ᠋ᠠᠷᠠᠭ᠍ᠤ ᠠᠰᠠᠭᠤᠳᠠᠯ ᠴᠦ᠍ ᠠᠳᠠᠯᠢ ᠦᠭᠡᠢ ᠪᠠᠶ᠋ᠢᠵᠤ᠂ ᠡᠯ᠎ᠡ ᠰᠤᠷᠭ᠋ᠠᠭᠤᠯᠢ᠎ᠨᠢ ᠦᠪᠡᠷ ᠦᠪᠡᠷ᠎ᠤᠨ ᠤᠨᠴᠠᠯᠢᠭ᠎ᠲᠤ᠎ᠪᠠᠨ ᠳᠤᠬᠢᠷᠠᠭᠰᠠᠨ ᠠᠷᠭ᠎ᠠ ᠬᠡᠮᠵᠢᠶ᠎ᠡ ᠵᠢ ᠠᠪᠬᠤ ᠬᠡᠷᠡᠭᠳᠡᠢ ᠶᠤᠮ᠃ 《ᠬᠠᠭᠤᠴᠢᠨ᠎ᠨᠢ ᠤᠯᠠ᠂ ᠰᠢᠨ᠎ᠡ᠎ᠨᠢ ᠵᠤᠯᠠ》 ᠪᠣᠯᠤᠭᠰᠠᠨ ᠲᠦᠷᠭᠡᠨ ᠬᠥᠭᠵᠢᠯᠲᠡ ᠵᠢᠨ ᠴᠠᠭ ᠦᠶ᠎ᠡ᠎ᠳᠤ᠂ ᠮᠡᠳᠡᠯᠭᠡ ᠮᠡᠷᠭᠡᠰᠢᠯ᠎ᠤᠨ ᠬᠠᠭᠤᠴᠢᠷᠠᠯ ᠪᠠ ᠬᠠᠶᠠᠭᠳᠠᠯ᠎ᠨᠢ ᠬᠥᠮᠦᠨ ᠲᠦᠷᠥᠯᠬᠢᠳᠡᠨ᠎ᠳᠤ ᠶᠠᠭ᠋ᠠᠬᠢᠬᠤ ᠵᠢᠨ ᠠᠷᠭ᠎ᠠ ᠦᠭᠡᠢ ᠥᠷᠢᠰᠦᠯᠳᠦᠭᠡᠨ᠎ᠢ ᠠᠪᠴᠢᠷᠠᠭ᠍ᠤ ᠬᠡᠮᠵᠢᠶᠡᠨ᠎ᠳᠤ ᠬᠦᠷᠴᠠᠢ᠃ 《ᠮᠡᠳᠡᠯᠭᠡ ᠪᠣᠯ ᠬᠦᠴᠦᠨ》 ᠭᠡᠬᠦ᠎ᠠᠴᠠ 《ᠪᠦᠯᠬᠦᠮᠳᠡᠯ ᠪᠣᠯ ᠬᠦᠴᠦᠨ》 ᠭᠡᠬᠦ ᠵᠢ ᠠ᠋ᠷᠬᠢᠮᠯᠡᠬᠦ᠎ᠨᠢ ᠨᠡᠩ ᠴᠢᠬᠤᠯᠠ ᠪᠣᠯᠵᠠᠢ᠃ ᠠ᠋ᠶ᠋ᠢᠨᠬᠦ 《ᠬᠤᠷᠳᠤᠨ ᠶᠠᠪᠤᠶ᠎ᠠ ᠭᠡᠪᠡᠯ ᠭᠠᠭᠴᠠᠭ᠋ᠠᠷ ᠶᠠᠪᠤ᠂ ᠬᠤᠯᠠ ᠶᠠᠪᠤᠶ᠎ᠠ ᠭᠡᠪᠡᠯ ᠬᠠᠮᠳᠤ᠎ᠪᠠᠷ ᠶᠠᠪᠤ》 ᠭᠡᠳᠡᠭᠴᠢᠯᠡᠨ ᠬᠡᠷᠡᠭ ᠪᠣᠳᠠᠰ᠎ᠤᠨ ᠲᠠᠨᠢᠯᠲᠠ ᠵᠢᠨ ᠲᠦᠪᠰᠢᠨ᠎ᠢ ᠬᠦᠨᠵᠡᠬᠡᠢ᠍ᠢ᠍ᠷᠡᠬᠦᠯᠦᠨ ᠪᠠᠳᠤᠳᠬᠠᠬᠤ ᠬᠠᠮᠤᠭ᠎ᠤᠨ ᠰᠠᠶ᠋ᠢᠨ ᠠᠷᠭ᠎ᠠ ᠪᠣᠯ ᠬᠠᠮᠳᠤ᠎ᠪᠠᠷ ᠪᠦᠯᠭᠦᠮᠳᠡᠬᠦ ᠠᠵᠢᠯᠯᠠᠭ᠋ᠠᠨ ᠶᠤᠮ᠃ ᠪᠢᠳᠠ ᠤᠯᠠᠨ ᠪᠦᠬᠦᠳᠡᠭᠡᠷ ᠪᠦᠯᠬᠦᠮᠳᠡᠨ ᠨᠢᠭᠡᠳᠴᠦ᠂ ᠵᠢᠭ᠋ᠠᠨ ᠰᠤᠷᠭ᠋ᠠᠯᠳᠠ ᠵᠢᠨ ᠠᠵᠢᠯ ᠵᠶ᠋ᠠᠨ ᠠᠬᠢᠨ ᠨᠢᠭᠡ ᠦᠨᠳᠦᠷ ᠲᠦᠪᠰᠢᠨ᠎ᠳᠤ ᠬᠦᠷᠭᠡᠬᠦ᠎ᠪᠠᠷ ᠴᠢᠷᠮᠠᠶ᠋ᠢᠵᠠᠭ᠋ᠠᠶ᠎ᠠ᠃


      ᠬᠠᠶᠢᠬ᠄ ᠦᠪᠤᠷ ᠮᠤᠨᠭ᠌ᠭᠤᠯ᠎ᠤᠨ ᠦᠪᠠᠷᠳᠡᠭᠡᠨ ᠵᠠᠰᠠᠬᠤ ᠤᠷᠤᠨ᠎ᠤ ᠵᠢᠭ᠋ᠠᠬᠤ ᠵᠢ ᠰᠤᠳᠤᠯᠬᠤ ᠲᠠᠰᠤᠬ

                    2018 ᠣᠨ᠎ᠤ 8 ᠳ᠋ᠤᠭ᠋ᠠᠷ ᠬᠤᠭᠤᠴᠠᠭ᠎ᠠ

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠲᠠᠢ᠍ᠢ᠍ᠯᠤᠭᠳᠠᠰᠢ ᠦᠭᠡᠢ ᠰᠡᠳᠬᠢᠯ᠎ᠤᠨ ᠵᠠᠨᠭ᠌ᠬᠢᠷᠠᠭ᠎ᠠ
ᠠ᠋ᠷᠢᠯᠭᠢᠯᠠᠯ
ᠪᠠᠭᠰᠢ ᠭᠦᠮᠤᠨ᠎ᠤ ᠠ᠋ᠳᠤᠷ ᠲᠤᠵᠢ ᠬᠢᠭᠦ ᠭᠤᠷᠪᠠᠨ ᠴᠢᠬᠤᠯᠠ ᠶᠠᠪᠤᠳᠠᠯ
 
             蒙ICP备05000248号