ᠰᠠᠷᠠᠨ᠎ᠠ

《ᠬᠦᠮᠦᠨ᠎ᠳᠤ ᠨᠢᠭᠡ ᠬᠠᠯᠪᠠᠭ᠎ᠠ ᠤᠰᠤ ᠦᠭᠬᠦ᠎ᠳᠤ ᠦᠪᠡᠷᠲᠡᠭᠡᠨ ᠨᠢᠭᠡ ᠰᠠᠭᠤᠯᠠᠭ᠎ᠠ ᠤᠰᠤ ᠪᠠᠢ᠍ᠢ᠍ᠬᠤ ᠬᠡᠷᠡᠭᠲᠡᠢ》 ᠭᠡᠳᠡᠭ᠃ ᠪᠠᠭᠰᠢᠯᠠᠭ᠍ᠤ ᠬᠦᠮᠦᠨ ᠦᠪᠡᠷ᠎ᠤᠨ ᠪᠡᠶ᠎ᠡ᠎ᠨᠢ ᠦᠷᠭᠡᠨ ᠲᠡᠯᠭᠡᠷ ᠮᠡᠳᠡᠯᠭᠡ ᠴᠢᠳᠠᠪᠤᠷᠢ᠎ᠲᠠᠢ ᠪᠠᠶ᠋ᠢᠮᠠᠨᠵᠢᠨ ᠰᠠᠶᠢ ᠦᠷᠦᠭᠡᠯ ᠪᠤᠰᠤᠳ ᠢ ᠰᠠᠶ᠋ᠢᠨ ᠰᠤᠷᠭ᠋ᠠᠵᠤ ᠴᠢᠳᠠᠭ᠍ᠤ ᠶᠤᠮ᠃ ᠡ᠊ᠨᠳᠡ ᠪᠠᠭᠰᠢ ᠬᠦᠮᠦᠨ᠎ᠤ ᠤᠯᠠᠨ ᠲᠠᠯ᠎ᠠ ᠵᠢᠨ ᠠ᠋ᠷᠳᠡᠮ ᠴᠢᠳᠠᠪᠤᠷᠢ᠂ ᠲᠡᠷᠡ ᠪᠦᠬᠦᠨ᠎ᠢ ᠶᠠᠷᠢᠬᠤ ᠪᠢᠰᠢ᠂ ᠶᠠᠷᠢᠬᠤ ᠴᠦ᠍ ᠴᠢᠬᠤᠯᠠ ᠦᠭᠡᠢ᠃ ᠬᠠᠷᠢᠨ ᠵᠦᠪᠬᠡᠨ ᠪᠠᠭᠰᠢ ᠬᠦᠮᠦᠨ ᠶᠠᠭ᠋ᠠᠬᠢᠵᠤ ᠬᠡᠪ ᠲᠠᠭᠤᠷᠢᠶᠠᠯ ᠪᠤᠯᠵᠤ ᠠᠵᠢᠯᠯᠠᠵᠤ ᠪᠠᠶ᠋ᠢᠪᠠᠯ ᠵᠤᠬᠢᠬᠤ ᠲᠤᠬᠠᠢ ᠲᠤᠪᠴᠢ ᠦᠭᠦᠯᠡᠨ ᠶᠠᠷᠢᠶ᠎ᠠ ᠭᠡᠰᠡᠨ ᠶᠤᠮ᠃
1. ᠪᠠᠭᠰᠢ ᠰᠤᠷᠤᠭᠴᠢᠳ᠎ᠲᠤ ᠠᠳᠠᠯᠢ ᠲᠡᠭᠰᠢ᠎ᠪᠠᠷ ᠬᠠᠨᠳᠤᠬᠤ ᠬᠡᠷᠡᠭᠳᠠᠢ᠃
ᠪᠠᠭᠰᠢ᠎ᠨᠢ ᠰᠤᠷᠤᠭᠴᠢᠳ᠎ᠢ ᠠ᠋ᠷᠬᠢᠮ ᠲᠡᠭᠡᠳᠦ ᠰᠠᠶ᠋ᠢᠨ ᠰᠠᠶ᠋ᠢᠬᠠᠨ ᠶᠤᠰᠤ ᠰᠤᠷᠳᠠᠭ᠍ᠤᠨ ᠵᠶ᠋ᠠᠷ ᠰᠤᠷᠳᠠᠯᠴᠢᠯᠠᠨ ᠬᠦᠮᠦᠵᠢᠭᠦᠯᠦᠨ᠎ᠡ᠂ ᠲᠡᠭᠡᠭᠡᠳ ᠠᠩᠭᠢ ᠪᠦᠯᠦᠭ᠎ᠲᠤ᠎ᠪᠠᠨ ᠵᠢᠭ᠋ᠠᠨ ᠰᠤᠷᠭ᠋ᠠᠬᠤ ᠲᠦᠯᠦᠪᠯᠡᠭᠡ ᠪᠤᠶᠤ ᠵᠢᠭ᠋ᠠᠵᠤ ᠰᠤᠷᠭ᠋ᠠᠬᠤ ᠱᠠᠭ᠋ᠠᠷᠳᠠᠯᠭ᠎ᠠ ᠲᠤᠭᠳᠠᠭ᠋ᠠᠨ᠂ ᠲᠡᠷᠡ ᠶᠤᠰᠤᠭ᠋ᠠᠷ ᠰᠤᠷᠤᠭᠴᠢ ᠬᠡᠦᠬᠡᠳ᠎ᠤᠳ᠎ᠲᠤ ᠬᠠᠮᠤᠭ ᠠᠩᠬᠠᠨ᠎ᠤ ᠰᠠᠭᠤᠷᠢ ᠮᠡᠳᠡᠯᠭᠡ ᠵᠢ ᠡᠵᠡᠮᠰᠢᠭᠦᠯᠳᠡᠭ᠃ ᠰᠤᠷᠤᠭᠴᠢᠳ᠎ᠤᠨ ᠵᠠᠩ ᠠᠷᠠᠨᠰᠢᠨ᠂ ᠤᠶ᠋ᠢᠯᠠᠭ᠋ᠠᠬᠤ ᠬᠢᠷᠢ ᠬᠡᠮᠵᠢᠶ᠎ᠡ ᠠᠳᠠᠯᠢ ᠪᠤᠰᠤ ᠪᠤᠯᠪᠠᠴᠤ ᠪᠠᠭᠰᠢ᠎ᠠᠴᠠ ᠬᠡᠦᠬᠡᠳ᠎ᠤᠳ᠎ᠲᠤ᠎ᠪᠠᠨ ᠠᠳᠠᠯᠢ ᠲᠡᠭᠰᠢ᠎ᠪᠠᠷ ᠬᠠᠨᠳᠤᠵᠤ ᠰᠠᠶ᠋ᠢᠨ᠎ᠢ᠎ᠨᠢ ᠤᠯᠠᠮ ᠲᠡᠭᠡᠭᠰᠢᠯᠡᠭᠦᠯᠵᠦ ᠰᠤᠷᠤᠯᠭ᠎ᠠ ᠬᠦᠴᠢᠷᠳᠡᠳᠡᠭᠢᠨᠢ ᠴᠦ᠍ ᠬᠠᠶᠠᠭ᠋ᠠᠨ᠎ᠳᠤ᠎ᠨᠢ ᠬᠠᠶᠠᠵᠤ ᠪᠤᠯᠬᠤ ᠦᠭᠡᠢ ᠱᠠᠭ᠋ᠠᠷᠳᠠᠵᠤ ᠴᠢᠩᠭ᠋ᠠᠳᠬᠠᠬᠤ ᠶᠤᠰᠤᠳᠠᠢ ᠶᠤᠮ᠃ ᠠᠯᠢ ᠨᠢᠭᠡ ᠵᠡᠷᠭᠡ ᠠ᠋ᠷᠬᠡᠮᠳᠡᠨ ᠪᠠ ᠠ᠋ᠷᠬᠡ ᠰᠦᠷᠳᠡᠨᠤ ᠬᠡᠦᠬᠡᠳ ᠬᠢᠭᠡᠳ ᠠ᠋ᠭᠡᠯ ᠠᠷᠠᠳ᠎ᠤᠨ ᠬᠡᠦᠬᠡᠳ᠎ᠢ ᠴᠦ᠍ ᠠᠳᠠᠯᠢ ᠲᠡᠭᠰᠢ᠎ᠪᠠᠷ ᠬᠠᠨᠳᠤᠵᠤ ᠵᠢᠭ᠋ᠠᠨ ᠰᠤᠷᠭ᠋ᠠᠬᠤ ᠬᠡᠷᠡᠭᠳᠠᠢ ᠭᠡᠳᠡᠭ᠎ᠢ ᠪᠠᠷᠢᠮᠳᠠᠯᠠᠭ᠍ᠤ᠎ᠨᠢ ᠴᠢᠬᠤᠯᠠ ᠵᠠᠷᠴᠢᠮ ᠮᠦᠨ᠃
2. ᠪᠠᠭᠰᠢ ᠬᠦᠮᠦᠨ ᠦᠪᠡᠷ᠎ᠤᠨ ᠪᠡᠶ᠎ᠡ᠎ᠪᠠᠷ ᠵᠶ᠋ᠠᠨ ᠦᠯᠢᠭᠡᠷ ᠲᠠᠭᠤᠷᠢᠶᠠᠯ ᠪᠤᠯᠬᠤ ᠬᠡᠷᠡᠭᠳᠠᠢ᠃
ᠪᠠᠭᠰᠢ ᠬᠦᠮᠦᠨ᠎ᠢ ᠰᠤᠷᠤᠭᠴᠢᠳ᠎ᠤᠨ 《ᠲᠤᠯᠢ》 ᠭᠡᠳᠡᠭ᠃
ᠬᠡᠴᠢᠨᠡᠨ ᠤᠯᠠᠨ ᠰᠤᠷᠤᠭᠴᠢ ᠬᠡᠦᠬᠡᠳ᠎ᠤᠳ᠎ᠤᠨ ᠨᠢᠳᠦ ᠪᠠᠭᠰᠢ ᠵᠢᠨ ᠪᠡᠶ᠎ᠡ ᠲᠡᠭᠡᠷ᠎ᠡ ᠲᠤᠰᠴᠤ᠂ ᠪᠠᠭᠰᠢ ᠵᠢ᠎ᠪᠠᠨ ᠲᠠᠭᠤᠷᠢᠶᠠᠳᠠᠭ ᠭᠡᠳᠡᠭ᠎ᠢ ᠮᠡᠳᠡᠬᠦ ᠶᠤᠰᠤᠳᠠᠢ᠃ ᠲᠡᠶ᠋ᠢᠮᠦ᠎ᠠᠴᠠ ᠪᠠᠭᠰᠢ ᠪᠤᠯᠤᠭᠰᠠᠳ ᠠ᠋ᠮᠦᠰᠴᠦ ᠵᠡᠭᠦᠬᠦ᠂ ᠶᠠᠪᠤᠵᠤ ᠰᠠᠭᠤᠬᠤ᠂ ᠦᠭᠡ ᠶᠠᠷᠢᠶ᠎ᠠ᠂ ᠵᠠᠩ ᠠᠭ᠋ᠠᠰᠢ᠂ ᠦᠢ᠍ᠯᠡ ᠬᠦᠳᠡᠯᠭᠡᠭᠡᠨ᠂ ᠪᠢᠴᠢᠵᠦ ᠵᠢᠷᠤᠬᠤ᠂ ᠤᠩᠰᠢᠬᠤ᠂ ᠠᠵᠢᠯᠯᠠᠵᠤ ᠬᠦᠳᠡᠯᠮᠦᠷᠢᠯᠡᠬᠦ ᠠᠯᠢᠪᠠ ᠪᠦᠬᠦᠨ᠎ᠳᠤ ᠰᠤᠷᠤᠭᠴᠢ ᠬᠡᠦᠬᠡᠳ᠎ᠤᠳ᠎ᠲᠤ᠎ᠪᠠᠨ ᠦᠯᠢᠭᠡᠷ ᠵᠢᠱ᠌ᠢᠶ᠎ᠡ ᠪᠤᠯᠵᠤ ᠪᠠᠶ᠋ᠢᠳᠠᠭ᠃
3. ᠪᠠᠭᠰᠢ ᠬᠦᠮᠦᠨ ᠬᠡᠦᠬᠡᠳ᠎ᠤᠳ᠎ᠢ ᠢᠯᠡᠭᠦᠦ ᠰᠠᠶ᠋ᠢᠨ ᠮᠠᠭᠳᠠᠨ ᠰᠠᠶ᠋ᠢᠰᠢᠶᠠᠵᠤ ᠲᠡᠳᠡᠨ᠎ᠢ ᠵᠤᠷᠢᠬ᠍ᠵᠢᠭᠤᠯᠵᠤ ᠤᠷᠮᠠᠰᠢᠭᠤᠯᠬᠤ ᠬᠡᠷᠡᠭᠳᠠᠢ ᠶᠤᠮ᠃
ᠪᠠᠭᠰᠢ ᠪᠤᠯᠤᠭᠰᠠᠳ ᠬᠡᠦᠬᠡᠳ᠎ᠤᠳ᠎ᠢ ᠮᠠᠭᠳᠠᠨ ᠰᠠᠶ᠋ᠢᠰᠢᠶᠠᠵᠤ ᠤᠷᠮᠠᠰᠢᠭᠤᠯᠬᠤ ᠴᠢᠬᠤᠯᠠᠳᠠᠢ᠂ ᠤᠴᠢᠷ᠎ᠨᠢ ᠶᠠᠮᠠᠷ ᠴᠦ᠍ ᠶᠠᠭᠤᠮᠠᠨ᠎ᠳᠤ ᠬᠤᠶᠠᠷ ᠲᠠᠯ᠎ᠠ᠎ᠲᠠᠢ ᠪᠠᠶ᠋ᠢᠳᠠᠭ᠃ ᠰᠠᠶ᠋ᠢᠨ ᠪᠠᠶ᠋ᠢᠬᠤ᠎ᠳᠤ ᠮᠠᠭᠤ ᠴᠦ᠍ ᠪᠤᠢ᠂ ᠮᠠᠭᠤ ᠪᠠᠶ᠋ᠢᠬᠤ᠎ᠳᠤ ᠰᠠᠶ᠋ᠢᠨ ᠴᠦ᠍ ᠵᠦᠢ᠍ᠯ ᠪᠤᠢ᠃ ᠴᠤᠬᠤᠮ ᠵᠠᠭᠤᠨ᠎ᠤ ᠬᠡᠳᠦ ᠵᠢ ᠡᠵᠡᠯᠡᠵᠦ᠂ ᠬᠦᠨᠳᠦ ᠬᠦᠩᠭᠡᠨ᠎ᠨᠢ ᠬᠢᠷᠢ ᠵᠡᠷᠭᠡ ᠭᠡᠰᠡᠨ᠎ᠳᠤ ᠪᠤᠢ᠃ ᠬᠡᠦᠬᠡᠳ ᠶᠠᠮᠠᠷ ᠰᠦᠷᠡᠬᠡᠢ ᠮᠠᠭᠤ ᠲᠠᠯ᠎ᠠ ᠪᠠᠶ᠋ᠢᠬᠤᠪ᠂ ᠲᠡᠶ᠋ᠢᠮᠦ᠎ᠠᠴᠠ ᠬᠡᠦᠬᠡᠳ᠎ᠤᠨ ᠪᠠᠭ᠎ᠠ ᠯᠠ ᠰᠠᠶ᠋ᠢᠨ ᠲᠠᠯ᠎ᠠ ᠦᠵᠡᠭᠳᠡᠪᠡᠯ ᠰᠠᠶ᠋ᠢᠰᠢᠶᠠᠨ ᠮᠠᠭᠳᠠᠭ᠍ᠤ ᠬᠡᠷᠡᠭᠳᠠᠢ ᠶᠤᠮ᠃ ᠢᠩᠭᠢᠪᠡᠯ ᠬᠡᠦᠬᠡᠳ ᠪᠠᠶᠠᠷᠯᠠᠭ᠍ᠤ ᠮᠦᠷᠳᠡᠭᠡᠨ ᠰᠠᠢ᠍ᠢ᠍ᠨ ᠵᠶ᠋ᠠᠨ ᠪᠠᠳᠠᠷᠠᠭᠤᠯᠤᠨ ᠮᠠᠭᠤ᠎ᠪᠠᠨ ᠬᠠᠯᠠᠵᠤ᠂ ᠪᠠᠭᠰᠢ᠎ᠪᠠᠨ ᠴᠤ᠌ ᠤᠯᠠᠮ ᠬᠦᠨᠳᠦᠳᠭᠡᠬᠦ ᠪᠤᠯᠳᠠᠬ᠃ ᠪᠠᠭᠰᠢ᠂ ᠬᠡᠦᠬᠡᠳ᠎ᠤᠳ᠎ᠤᠨ ᠬᠦᠷᠢᠶᠡᠯᠡᠯ᠎ᠢ ᠤᠯᠵᠤ ᠴᠢᠳᠠᠪᠠᠯ ᠰᠠᠶᠢ ᠦᠭᠡ᠎ᠨᠢ ᠨᠡᠩ ᠶᠠᠪᠤᠭᠤᠷᠢ᠎ᠲᠠᠢ ᠪᠤᠯᠵᠤ᠂ ᠦᠭᠡ ᠶᠠᠪᠤᠭᠤᠷᠢ᠎ᠲᠠᠢ ᠪᠤᠯᠪᠠᠯ ᠬᠦᠮᠦᠵᠢᠯ ᠰᠤᠷᠭ᠋ᠠᠯ᠎ᠤᠨ ᠠᠵᠢᠯ ᠴᠦ᠍ ᠲᠤᠪᠤᠶ᠋ᠢᠮ᠎ᠠ ᠪᠤᠯᠵᠤ᠂ ᠬᠠᠳᠠᠭᠤ ᠵᠦᠭᠡᠯᠡᠨ ᠰᠤᠷᠭ᠋ᠠᠯ᠎ᠢ ᠤᠷᠠᠯᠢᠭ ᠶᠠᠪᠤᠭᠳᠠᠭᠤᠯᠪᠠᠯ ᠰᠠᠶᠢ ᠠᠮᠵᠢᠯᠳᠠ᠎ᠳᠤ ᠬᠦᠷᠴᠦ ᠴᠢᠳᠠᠭ᠍ᠤ ᠶᠤᠮ᠃
4. ᠪᠠᠭᠰᠢ ᠬᠦᠮᠦᠨ ᠰᠤᠷᠤᠭᠴᠢᠳ᠎ᠤᠨ ᠵᠶ᠋ᠠᠨ ᠭᠡᠷ᠎ᠤᠨ ᠠᠬᠠᠮᠠᠳ᠎ᠲᠠᠢ ᠵᠦᠪ ᠰᠠᠶ᠋ᠢᠬᠠᠨ ᠵᠶ᠋ᠠᠷ ᠬᠠᠷᠢᠴᠠᠵᠤ᠂ ᠡᠪᠳᠠᠢ ᠨᠠᠶ᠋ᠢᠷᠳᠠᠢ᠂ ᠠ᠋ᠶ᠎ᠡ ᠵᠤᠬᠢᠴᠠᠯᠳᠠᠢ ᠪᠠᠢ᠍ᠢ᠍ᠬᠤ ᠬᠡᠷᠡᠭᠳᠠᠢ ᠶᠤᠮ᠃
ᠭᠡᠷ ᠪᠦᠯᠢ ᠵᠢ ᠬᠡᠦᠬᠡᠳ᠎ᠤᠨ ᠦᠯᠦᠭᠡᠢ ᠭᠡᠵᠦ ᠦᠵᠡᠳᠡᠭ᠂ ᠡᠴᠢᠭᠡ ᠠ᠋ᠬᠡ ᠪᠤᠯ ᠠᠩᠬᠠᠨ᠎ᠤ ᠪᠠᠭᠰᠢ ᠪᠤᠯᠤᠨ᠎ᠠ᠃ ᠲᠡᠭᠡᠭᠦᠯᠡᠷ ᠠᠩᠬᠠᠨ᠎ᠤ ᠪᠠᠭᠰᠢ ᠪᠤᠯᠬᠤ ᠡᠵᠢ ᠠᠪᠤ᠎ᠳᠤᠨᠢ ᠬᠡᠦᠬᠡᠳ᠎ᠤᠳ᠎ᠤᠨ ᠪᠠᠶ᠋ᠢᠳᠠᠯ᠎ᠢ ᠵᠦᠪ ᠦᠨᠡᠨ ᠵᠶ᠋ᠠᠷ᠎ᠨᠢ ᠲᠤᠰᠬᠠᠵᠤ᠂ ᠭᠡᠷ ᠤᠷᠤᠨ᠎ᠳᠤ᠎ᠪᠠᠨ ᠬᠠᠷᠢᠪᠠᠯ ᠶᠠᠮᠠᠷ ᠰᠢᠦ ᠪᠠᠶ᠋ᠢᠳᠠᠯ᠎ᠲᠠᠢ ᠪᠠᠶ᠋ᠢᠬᠤ᠂ ᠰᠤᠷᠭ᠋ᠠᠭᠤᠯᠢ᠎ᠳᠤ ᠢᠷᠡᠪᠡᠯ ᠶᠠᠮᠠᠷ ᠪᠠᠶ᠋ᠢᠳᠠᠭ ᠲᠤᠬᠠᠢ ᠦᠨᠡᠨ ᠵᠦᠪ ᠵᠶ᠋ᠠᠷ ᠤᠶ᠋ᠢᠯᠠᠭ᠋ᠠᠯᠴᠠᠵᠤ᠂ ᠬᠠᠷᠢᠯᠴᠠᠨ ᠤᠶᠠᠯᠳᠤᠵᠤ ᠪᠠᠢ᠍ᠢ᠍ᠬᠤ ᠤᠴᠢᠷ᠎ᠲᠠᠢ᠃ ᠤᠳᠤ ᠵᠢᠨ ᠨᠡᠶ᠋ᠢᠭᠡᠮ᠎ᠤᠨ ᠬᠦᠭᠵᠢᠯᠳᠡ ᠵᠢ ᠲᠠᠭ᠋ᠠᠯᠳᠤᠨ ᠬᠡᠦᠬᠡᠳ ᠶᠡᠭᠡ ᠲᠤᠷ᠎ᠠ ᠲᠠᠪᠠ᠎ᠪᠠᠷ ᠵᠶ᠋ᠠᠨ ᠪᠤᠯᠵᠤ ᠪᠠᠶ᠋ᠢᠬᠤ ᠪᠠᠶ᠋ᠢᠳᠠᠯ ᠢᠯᠡᠷᠡᠵᠤ ᠪᠠᠢ᠍ᠢ᠍ᠨ᠎ᠠ᠂ ᠤᠴᠢᠷ᠎ᠨᠢ ᠨᠢᠭᠡ ᠠᠶ᠋ᠢᠯ ᠠ᠋ᠷᠦᠬᠡ᠎ᠨᠢ ᠨᠢᠭᠡ ᠯᠡ ᠬᠡᠦᠬᠡᠳ᠎ᠲᠠᠢ᠂ ᠲᠡᠶ᠋ᠢᠮᠦ᠎ᠠᠴᠠ ᠠᠪᠤ ᠡᠵᠢ ᠪᠤᠯᠤᠭᠰᠠᠳᠲᠠᠢᠨᠢ ᠢᠯᠡᠭᠦᠦ ᠬᠠᠷᠢᠴᠠᠵᠤ ᠲᠡᠳᠡᠨ᠎ᠢ ᠬᠠᠪᠰᠤᠷᠤᠨ ᠬᠦᠮᠦᠵᠢᠯ᠎ᠤᠨ ᠠᠵᠢᠯ᠎ᠢ ᠰᠠᠶ᠋ᠢᠳᠤᠷ ᠬᠢᠬᠦ ᠬᠡᠷᠡᠭᠳᠠᠢ᠃ ᠵᠠᠷᠢᠮ ᠲᠠᠯ᠎ᠠ᠎ᠠᠴᠠ ᠦᠵᠡᠪᠡᠯ ᠬᠡᠦᠬᠡᠳ ᠶᠡᠭᠡ ᠲᠤᠷ᠎ᠠ ᠲᠠᠪᠠ᠎ᠪᠠᠷ ᠵᠶ᠋ᠠᠨ ᠪᠠᠶ᠋ᠢᠵᠤ ᠭᠡᠷ᠎ᠤᠨ ᠠᠬᠠᠮᠠᠳ ᠨᠠᠷ ᠴᠦ᠍ ᠲᠡᠮᠡᠢ ᠬᠡᠯᠡᠵᠦ ᠰᠤᠷᠭ᠋ᠠᠵᠤ ᠴᠢᠳᠠᠭ᠍ᠤ ᠦᠭᠡᠢ ᠦᠵᠡᠭᠳᠡᠯ ᠴᠦ᠍ ᠵᠦᠩᠳᠡᠭᠡᠨ ᠢᠯᠡᠷᠡᠵᠦ ᠪᠤᠢ᠃ ᠠ᠋ᠨᠡ ᠪᠤᠯ ᠵᠦᠢ ᠵᠤᠬᠢᠰ ᠦᠭᠡᠢ᠂ ᠬᠡᠦᠬᠡᠳ ᠴᠦ᠍ ᠰᠠᠶ᠋ᠢᠨ ᠪᠤᠯᠵᠤ ᠴᠢᠳᠠᠭ᠍ᠤ ᠦᠭᠡᠢ᠃ ᠬᠡᠦᠬᠡᠳ ᠪᠤᠯ ᠬᠠᠰᠢ ᠯᠡ ᠬᠡᠦᠬᠡᠳ ᠰᠢᠦ ᠳ᠋ᠠ᠂ ᠲᠡᠶ᠋ᠢᠮᠦ ᠤᠯᠠᠨ ᠠᠷᠪᠢᠨ ᠵᠦᠢ᠍ᠯ᠎ᠢ ᠪᠤᠳᠤᠵᠤ ᠴᠢᠳᠠᠭ᠍ᠤ ᠦᠭᠡᠢ᠃ ᠠ᠋ᠶ᠋ᠢᠮᠦ᠎ᠠᠴᠠ ᠭᠡᠷ᠎ᠤᠨ ᠠᠬᠠᠮᠠᠳ᠎ᠨᠢ ᠬᠡᠦᠬᠡᠳ ᠵᠶ᠋ᠠᠨ ᠵᠦᠪ ᠰᠠᠶ᠋ᠢᠬᠠᠨ ᠵᠶ᠋ᠠᠷ ᠬᠦᠮᠦᠵᠢᠭᠦᠯᠬᠦ᠎ᠳᠤ ᠪᠠᠭ᠎ᠠ᠎ᠠᠴᠠ᠎ᠨᠢ ᠠ᠋ᠬᠢᠯᠠᠨ ᠠᠨᠭ᠌ᠬᠠᠷᠴᠤ ᠪᠠᠢ᠍ᠢ᠍ᠪᠠᠯ ᠵᠤᠬᠢᠨ᠎ᠠ᠂ ᠬᠡᠦᠬᠡᠳ᠎ᠨᠢ ᠶᠠᠭᠤᠮ᠎ᠠ ᠲᠦᠬᠦᠭᠡᠷᠡᠭᠡᠳ ᠢᠷᠡᠬᠦ᠎ᠳᠤᠨᠢ ᠰᠤᠷᠭ᠋ᠠᠨ᠎ᠠ ᠭᠡᠪᠡᠯ ᠤᠷᠤᠶ᠋ᠢᠳᠠᠨᠠ ᠰᠢᠦ᠃ 《ᠠ᠋ᠷᠬᠡ ᠬᠡᠦᠬᠡᠳ ᠡᠴᠢᠭᠡ ᠠ᠋ᠬᠡ ᠵᠢ᠎ᠪᠠᠨ ᠭᠠᠰᠠᠯᠭ᠋ᠠᠨᠠ》 ᠭᠡᠳᠡᠭ ᠦᠭᠡ ᠵᠢᠨ ᠤᠳᠬ᠎ᠠ ᠵᠢ ᠭᠦᠨᠵᠡᠭᠡᠢ ᠤᠶ᠋ᠢᠯᠠᠭ᠋ᠠᠵᠤ 《ᠲᠠᠭ᠋ᠠᠯᠠᠭ᠋ᠠᠳ ᠦᠰᠭᠡᠭᠰᠡᠨ ᠬᠡᠤᠬᠡᠳ ᠲᠠᠪᠤᠨ ᠯᠠᠩ᠂ ᠳᠠᠰᠢᠭ᠋ᠠᠳ ᠦᠰᠭᠡᠭᠰᠡᠨ ᠬᠡᠤᠬᠡᠳ ᠲᠠᠪᠢᠨ ᠯᠠᠩ》 ᠭᠡᠳᠡᠭ᠎ᠢ ᠰᠠᠨᠠᠬᠤ ᠬᠡᠷᠡᠭᠳᠠᠢ ᠶᠤᠮ᠃
5. ᠶᠠᠳᠠᠭᠤ ᠲᠤᠷᠤᠢ ᠦᠨᠦᠴᠢᠨ ᠦᠷᠦᠭᠡᠰᠦᠨ ᠪᠤᠶᠤ ᠭᠡᠷ ᠪᠦᠯᠢ᠎ᠨᠢ ᠰᠠᠯᠵᠤ ᠪᠤᠳᠠᠷᠠᠭᠰᠠᠨ ᠬᠡᠦᠬᠡᠳ᠎ᠢ ᠬᠠᠷᠠᠭ᠋ᠠᠯᠵᠠᠵᠤ᠂ ᠪᠠᠭᠰᠢ ᠵᠢᠨ ᠬᠡᠪ ᠰᠤᠷᠳᠠᠯ ᠬᠡᠪ ᠲᠦᠷᠢᠮ᠎ᠢ ᠪᠠᠳᠠᠷᠠᠭᠤᠯᠬᠤ ᠬᠡᠷᠡᠭᠳᠠᠢ᠃
ᠬᠡᠦᠬᠡᠳ ᠪᠤᠯ ᠬᠦᠭᠡᠷᠦᠬᠦᠢ ᠰᠢᠦ ᠳ᠋ᠠ᠂ ᠠᠳᠠᠯᠢ ᠪᠤᠰᠤ ᠰᠢᠯᠳᠠᠭ᠋ᠠᠨ᠎ᠠᠴᠠ ᠪᠤᠯᠵᠤ ᠶᠠᠳᠠᠭᠤ ᠲᠤᠷᠤᠢ ᠬᠦᠴᠢᠷ᠎ᠲᠠᠢ ᠠ᠋ᠷᠦᠬᠡ ᠵᠢᠨ ᠬᠡᠦᠬᠡᠳ ᠴᠦ᠍ ᠪᠠᠶ᠋ᠢᠳᠠᠭ᠃ ᠵᠠᠷᠢᠮ᠎ᠨᠢ ᠡᠴᠢᠭᠡ ᠠ᠋ᠬᠡ᠎ᠨᠢ ᠬᠠᠭ᠋ᠠᠴᠠᠵᠤ ᠰᠠᠯᠤᠭᠰᠠᠨ ᠠᠶ᠋ᠢᠯ᠎ᠤᠨ ᠬᠡᠦᠬᠡᠳ ᠴᠦ᠍ ᠪᠤᠢ᠃ ᠪᠠᠰᠠ ᠵᠠᠷᠢᠮ᠎ᠨᠢ ᠦᠨᠦᠴᠢᠨ ᠦᠷᠦᠭᠡᠰᠦᠨ ᠬᠡᠦᠬᠡᠳ ᠴᠦ᠍ ᠪᠤᠢ᠃ ᠠ᠋ᠭᠦᠨ᠎ᠳᠤ ᠪᠠᠭᠰᠢ ᠪᠤᠯᠤᠭᠰᠠᠳ ᠵᠦᠪ ᠲᠠᠨᠢᠯᠳᠠ᠎ᠲᠠᠢ ᠪᠠᠶ᠋ᠢᠵᠤ ᠲᠡᠳᠡᠭᠡᠷ ᠬᠡᠦᠬᠡᠳ᠎ᠢ ᠭᠠᠳᠠᠭᠤᠷᠴᠢᠯᠠᠭ᠍ᠤ ᠦᠭᠡᠢ ᠪᠦᠭᠡᠳ ᠲᠡᠳᠡᠨ᠎ᠤ ᠤᠶᠤᠨ ᠤᠬᠠᠭ᠋ᠠᠨ᠂ ᠰᠠᠨᠠᠭ᠎ᠠ ᠰᠡᠳᠬᠢᠯ᠎ᠢ ᠵᠦᠪ ᠲᠠᠯ᠎ᠠ ᠵᠦᠭ ᠭᠦᠳᠦᠯᠦᠨ ᠲᠠᠭ᠋ᠠᠭᠤᠯᠵᠤ ᠵᠢᠯᠤᠭᠤᠳᠴᠤ ᠪᠠᠶ᠋ᠢᠪᠠᠯ ᠵᠤᠬᠢᠨ᠎ᠠ᠃ ᠤᠯᠠᠨ ᠲᠠᠯ᠎ᠠ᠎ᠪᠠᠷ ᠬᠠᠷᠠᠵᠤ ᠬᠠᠷᠠᠭ᠋ᠠᠯᠵᠠᠭ᠍ᠤ᠂ ᠬᠠᠶ᠋ᠢᠷ᠎ᠠ ᠬᠠᠯᠠᠮᠵᠢ ᠵᠢ ᠪᠠᠷᠢᠮᠳᠠᠯᠠᠨ ᠭᠦᠢ᠍ᠴᠡᠳᠭᠡᠪᠡᠯ ᠵᠤᠬᠢᠬᠤ ᠵᠢᠨ ᠬᠠᠮᠲᠤ ᠵᠤᠷᠰᠢᠯ ᠪᠤᠯᠭ᠋ᠠᠵᠤ ᠠᠯᠢ ᠴᠢᠳᠠᠭ᠍ᠤ᠎ᠪᠠᠷ ᠰᠠᠶ᠋ᠢᠨ ᠰᠠᠶ᠋ᠢᠬᠠᠨ ᠠᠷᠭ᠎ᠠ ᠪᠤᠳᠤᠯᠭ᠎ᠠ ᠵᠢ ᠠᠪᠴᠤ ᠤᠯᠠᠨ ᠲᠠᠯ᠎ᠠ ᠵᠢᠨ᠎ᠬᠢᠨ᠎ᠲᠠᠢ ᠬᠠᠮᠵᠢᠯᠴᠠᠨ ᠬᠦᠴᠢᠷ ᠪᠡᠷᠬᠡᠰᠢᠶᠡᠯ᠎ᠢ᠎ᠨᠢ ᠰᠢᠢ᠍ᠳᠪᠦᠷᠢᠯᠡᠵᠦ ᠪᠠᠶ᠋ᠢᠵᠤ ᠰᠤᠷᠭ᠋ᠠᠨ ᠬᠦᠮᠦᠵᠢᠭᠦᠯᠦᠨ᠎ᠡ᠃
6. ᠪᠠᠭᠰᠢ ᠬᠦᠮᠦᠨ ᠰᠤᠷᠬᠤ ᠰᠤᠳᠤᠯᠬᠤ ᠠᠵᠢᠯ ᠵᠶ᠋ᠠᠨ ᠴᠢᠩᠭ᠋ᠠᠳᠬᠠᠵᠤ ᠪᠠᠭᠰᠢ ᠵᠢᠨ ᠮᠡᠳᠡᠯᠭᠡ ᠮᠡᠷᠭᠡᠵᠢᠯ ᠵᠶ᠋ᠠᠨ ᠰᠡᠯᠪᠢᠨ ᠰᠢᠨᠡᠳᠭᠡᠬᠦ ᠬᠡᠪ ᠰᠤᠷᠳᠠᠯ᠎ᠢ ᠪᠠᠷᠢᠮᠳᠠᠯᠠᠨ ᠪᠠᠳᠠᠷᠠᠭᠤᠯᠬᠤ ᠬᠡᠷᠡᠭᠳᠠᠢ᠃
ᠨᠡᠶ᠋ᠢᠭᠡᠮ ᠶᠡᠷᠦ᠎ᠨᠢ ᠲᠠᠰᠤᠷᠠᠯᠳᠠ ᠦᠭᠡᠢ ᠬᠦᠭᠵᠢᠨ ᠬᠤᠪᠢᠷᠠᠵᠤ ᠪᠠᠶ᠋ᠢᠳᠠᠭ᠃ ᠬᠠᠷᠢᠨ ᠬᠦᠮᠦᠰ᠎ᠤᠨ ᠦᠵᠡᠯ ᠲᠠᠨᠢᠯᠳᠠ ᠬᠤᠴᠤᠷᠤᠭ᠋ᠠᠳ ᠪᠠᠶ᠋ᠢᠳᠠᠭ᠃ ᠠ᠋ᠭᠦᠨ᠎ᠢ᠎ᠪᠠᠨ ᠬᠦᠮᠦᠰ ᠪᠠᠰᠠ ᠲᠡᠮᠡᠢ ᠤᠯᠵᠤ ᠮᠡᠳᠡᠳᠡᠭ ᠦᠭᠡᠢ ᠶᠤᠮ᠃ ᠬᠡᠨ ᠬᠦᠮᠦᠨ ᠮᠡᠳᠡᠶ᠎ᠡ ᠴᠢᠳᠠᠶ᠎ᠠ ᠭᠡᠪᠡᠯ ᠠ᠋ᠷᠬᠡᠪᠰᠢ ᠰᠤᠷᠤᠯᠴᠠᠭ᠍ᠤ ᠬᠡᠷᠡᠭᠳᠠᠢ᠃ ᠴᠢᠳᠠᠯ᠎ᠤᠨ ᠲᠤᠳᠤᠷ᠎ᠠ ᠲᠠᠷᠢᠬᠢ᠎ᠪᠠᠨ ᠢᠯᠡᠭᠦᠦ ᠬᠦᠳᠡᠯᠭᠡᠨ ᠰᠤᠷᠴᠤ ᠰᠤᠳᠤᠯᠬᠤ᠂ ᠲᠤᠷᠰᠢᠯᠭ᠎ᠠ ᠰᠤᠷᠭ᠋ᠠᠮᠵᠢ᠎ᠪᠠᠨ ᠴᠦ᠍ ᠭᠡᠰᠡᠨ ᠲᠡᠮᠳᠡᠭᠯᠡᠨ ᠪᠢᠴᠢᠬᠦ᠂ ᠪᠤᠰᠤ᠎ᠳᠤ ᠲᠠᠪᠠᠭᠤᠯᠢᠭ᠎ᠢ᠎ᠲᠠᠭᠠᠨ ᠰᠤᠷᠤᠯᠴᠠᠨ ᠦᠪᠡᠷ᠎ᠤᠨ ᠲᠤᠳᠠᠭᠳᠠᠯ ᠵᠶ᠋ᠠᠨ ᠬᠠᠯᠠᠨ ᠵᠠᠯᠠᠷᠠᠭᠤᠯᠵᠤ᠂ ᠰᠤᠷᠴᠤ ᠰᠤᠳᠤᠯᠬᠤ ᠲᠡᠭᠡᠷ᠎ᠡ᠎ᠪᠠᠨ ᠬᠦᠴᠦ ᠭᠠᠷᠭ᠋ᠠᠬᠤ ᠬᠡᠷᠡᠭᠳᠠᠢ ᠪᠠᠶ᠋ᠢᠳᠠᠭ ᠶᠤᠮ᠃ ᠰᠢᠨ᠎ᠡ ᠰᠡᠪᠡᠭᠦᠨ ᠵᠢᠭ᠋ᠠᠬᠤ ᠠᠷᠭ᠎ᠠ ᠮᠠᠶᠢᠭ᠎ᠢ ᠰᠦᠪᠡᠭᠴᠢᠯᠡᠨ᠂ ᠤᠳᠤᠬᠢᠴᠢᠯᠠᠭᠰᠠᠨ ᠵᠢᠭ᠋ᠠᠬᠤ ᠠᠷᠭ᠎ᠠ ᠮᠠᠶᠢᠭ᠎ᠢ ᠰᠢᠩᠭᠡᠭᠡᠨ ᠠᠭᠤᠰᠬᠠᠵᠤ᠂ ᠬᠢᠴᠢᠶᠡᠯᠯᠡᠭᠡ ᠵᠢᠨ ᠦᠷ᠎ᠡ ᠠᠰᠢᠭ᠎ᠢ ᠪᠠᠳᠤᠯᠠᠭ᠍ᠤ ᠵᠢ ᠴᠠᠭ ᠦᠷᠭᠦᠯᠵᠢ ᠠᠩᠬᠠᠷᠴᠤ ᠪᠠᠷᠢᠮᠳᠠᠯᠠᠭ᠍ᠤ᠂ ᠬᠤᠪᠢ᠎ᠪᠠᠷ ᠰᠤᠷᠬᠤ ᠪᠠ ᠬᠠᠮᠳᠤᠪᠡᠷ ᠰᠤᠷᠬᠤ ᠵᠢ ᠤᠶᠠᠯᠳᠤᠭᠤᠯᠬᠤ᠂ ᠪᠤᠰᠤᠳ᠎ᠤᠨ ᠲᠡᠷᠢᠭᠦᠨ᠎ᠤ ᠲᠤᠷᠰᠢᠯᠭ᠎ᠠ ᠵᠢ ᠰᠤᠷᠤᠯᠴᠠᠨ ᠦᠷᠭᠦᠯᠵᠢ ᠵᠢᠨ ᠴᠢᠨᠠᠷᠳᠠᠢ ᠰᠤᠷᠴᠤ ᠰᠤᠳᠤᠯᠬᠤ᠎ᠪᠠᠷ ᠦᠪᠡᠷ᠎ᠢ᠎ᠪᠠᠨ ᠲᠡᠭᠦᠯᠳᠡᠷᠵᠢᠭᠦᠯᠦᠨ᠂ ᠬᠢᠴᠢᠶᠡᠯᠯᠡᠭᠡ ᠵᠢᠨ ᠠᠭᠤᠷ ᠠᠮᠢᠰᠬᠤᠯ᠎ᠢ ᠠ᠋ᠯᠪᠡᠭ ᠪᠠᠶᠠᠯᠢᠭ ᠠᠭᠤᠯᠭ᠎ᠠ᠎ᠲᠠᠢ ᠰᠤᠷᠤᠭᠴᠢᠳ᠎ᠤᠨ ᠲᠤᠷ᠎ᠠ ᠪᠠᠬ᠎ᠠ ᠵᠢ ᠲᠠᠳᠠᠭᠰᠠᠨ ᠤᠷᠮ᠎ᠠ ᠪᠠᠶᠠᠰᠤᠯ᠎ᠤᠨ ᠲᠤᠮᠳᠠ ᠰᠢᠨ᠎ᠡ ᠮᠡᠳᠡᠯᠭᠡ ᠵᠢ ᠤᠯᠠᠮᠵᠢᠯᠠᠭ᠍ᠤ ᠵᠢ ᠪᠠᠷᠢᠮᠳᠠᠯᠠᠨ᠎ᠠ᠃
ᠰᠤᠷᠭ᠋ᠠᠨ ᠬᠦᠮᠦᠵᠢᠯ᠎ᠤᠨ ᠦᠭᠡᠷᠡᠴᠢᠯᠡᠯᠳᠡ ᠵᠢ ᠭᠦᠨᠵᠡᠭᠡᠶ᠋ᠢᠷᠡᠭᠦᠯᠵᠦ ᠬᠡᠪ ᠴᠢᠨᠠᠷ᠎ᠤᠨ ᠰᠤᠷᠭ᠋ᠠᠨ ᠬᠦᠮᠦᠵᠢᠯ᠎ᠢ ᠪᠦᠬᠦ ᠲᠠᠯ᠎ᠠ᠎ᠪᠠᠷ ᠲᠦᠯᠬᠢᠨ ᠠᠬᠢᠭᠤᠯᠬᠤ᠂ ᠰᠤᠷᠭ᠋ᠠᠨ ᠬᠦᠮᠦᠵᠢᠯ᠎ᠤᠨ ᠠ᠋ᠷᠬᠡ ᠲᠡᠭᠰᠢ ᠵᠢ ᠴᠢᠷᠮᠠᠶ᠋ᠢᠨ ᠠᠬᠢᠭᠤᠯᠬᠤ᠂ ᠰᠤᠷᠭ᠋ᠠᠨ ᠬᠦᠮᠦᠵᠢᠯ᠎ᠢ ᠠ᠋ᠷᠡᠭᠦᠯ ᠵᠶ᠋ᠠᠷ ᠬᠦᠭᠵᠢᠭᠦᠯᠬᠦ ᠪᠤᠳᠠᠳᠤ ᠪᠠᠶ᠋ᠢᠳᠠᠯ᠎ᠲᠠᠢ ᠤᠶᠠᠯᠳᠤᠭᠤᠯᠵᠤ᠂ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠎ᠢ ᠲᠠᠰᠤᠷᠠᠯᠳᠠ ᠦᠭᠡᠢ ᠰᠢᠯᠢᠳᠡᠭᠵᠢᠭᠦᠯᠦᠨ᠂ ᠰᠤᠷᠤᠭᠴᠢᠳ ᠵᠶ᠋ᠠᠷ ᠲᠦᠪ ᠪᠤᠯᠭ᠋ᠠᠵᠤ ᠬᠢᠴᠢᠶᠡᠯ᠎ᠤᠨ ᠦᠨ᠎ᠡ ᠦᠷᠳᠡᠭ᠂ ᠵᠢᠭ᠋ᠠᠬᠤ ᠬᠠᠷᠠᠯᠳᠠ ᠵᠢᠨ ᠴᠢᠨᠠᠷ ᠴᠢᠨᠰᠠᠭ᠎ᠠ ᠵᠢ ᠪᠦᠬᠦ ᠲᠠᠯ᠎ᠠ᠎ᠪᠠᠷ ᠲᠤᠭᠤᠰᠢᠯᠠᠭᠤᠯᠤᠨ ᠪᠡᠶᠡᠯᠡᠭᠦᠯᠬᠦ ᠵᠢ ᠵᠤᠷᠢᠵᠤ᠂ ᠰᠤᠷᠭ᠋ᠠᠨ ᠬᠦᠮᠦᠵᠢᠯ᠎ᠤᠨ ᠦᠢ᠍ᠯᠡᠰ᠎ᠲᠤ᠎ᠪᠠᠨ ᠬᠠᠶ᠋ᠢᠷᠠᠳᠠᠢ ᠪᠠᠶ᠋ᠢᠵᠤ᠂ ᠬᠠᠶ᠋ᠢᠷ᠎ᠠ᠎ᠪᠠᠷ ᠰᠤᠷᠤᠭᠴᠢᠳ ᠵᠶ᠋ᠠᠨ ᠬᠦᠮᠦᠵᠢᠭᠦᠯᠬᠦ ᠵᠢ ᠦᠨᠳᠦᠰᠦᠯᠡᠯ ᠪᠤᠯᠭ᠋ᠠᠨ 《ᠰᠤᠷᠬᠤ᠎ᠳᠤ ᠴᠦᠬᠦᠷᠡᠰᠢ ᠦᠭᠡᠢ᠂ ᠰᠤᠷᠭ᠋ᠠᠬᠤ᠎ᠳᠤ ᠬᠠᠯᠠᠰᠢᠷᠠᠯ ᠦᠭᠡᠢ》 ᠵᠤᠷᠢᠭ ᠵᠶ᠋ᠠᠷ ᠴᠢᠷᠮᠠᠶ᠋ᠢᠨ ᠠᠵᠢᠯᠯᠠᠵᠤ᠂ ᠰᠤᠷᠭ᠋ᠠᠨ ᠬᠦᠮᠦᠵᠢᠯ ᠵᠢᠭ᠋ᠠᠨ ᠰᠤᠷᠭ᠋ᠠᠯᠳᠠ᠎ᠳᠤ᠎ᠪᠠᠨ ᠮᠡᠷᠡᠢ᠍ᠢ᠍ᠨ ᠵᠢᠳᠭᠦᠪᠡᠯ ᠵᠤᠬᠢᠨ᠎ᠠ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠪᠠᠷᠠᠭᠤᠨ ᠦᠵᠦᠮᠦᠴᠢᠨ ᠬᠤᠰᠢᠭᠤᠨ᠎ᠤ
ᠨᠢᠭᠡᠳᠦᠭᠡᠷ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)