ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠰᠤᠷᠭ᠋ᠠᠭᠤᠯᠢ ᠵᠢᠨ ᠰᠤᠷᠭ᠋ᠠᠨ ᠭᠦᠮᠦᠵᠢᠯ᠎ᠤᠨ ᠲᠤᠬᠠᠢ ᠮᠢᠨᠤ ᠲᠠᠰᠤᠭ ᠪᠣᠰᠠᠭ ᠦᠵᠡᠯᠲᠡ
ᠨᠡᠶ᠋ᠢᠲᠡᠯᠡᠭᠰᠡᠨ ᠴᠠᠭ᠄ 2023-11-16

                               ᠬᠡᠷᠡᠯᠳᠦ

班工作2.png


      ᠥᠨᠦᠳᠤᠷ ᠨᠡᠢ᠍ᠢ᠍ᠭᠡᠮ᠎ᠤᠨ ᠭᠦᠭᠵᠢᠯᠲᠡ ᠨᠢᠰᠬᠦ ᠮᠡᠳᠦ ᠲᠦᠷᠭᠡᠨ ᠪᠤᠯᠵᠤ᠂ ᠰᠢᠨᠵᠢᠯᠡᠭᠡ ᠮᠡᠷᠭᠡᠵᠢᠯ᠂ ᠰᠤᠷᠠᠭ ᠳᠣᠬᠢᠶ᠎ᠠ ᠵᠡᠷᠭᠡ ᠡᠯ᠎ᠡ ᠲᠠᠯ᠎ᠠ᠎ᠪᠠᠷ ᠬᠤᠷᠴᠠ ᠰᠢᠷᠦᠭᠦᠨ ᠥᠷᠢᠰᠤᠯᠳᠤᠭᠡᠨ᠎ᠤ ᠴᠠᠭ ᠦᠶ᠎ᠡ᠎ᠳᠤ ᠤᠷᠤᠵᠤ᠂ ᠠ᠋ᠷᠳᠡᠮᠳᠡᠨ ᠴᠢᠳᠠᠪᠦᠷᠢᠳᠠᠨ᠎ᠳᠤ ᠲᠠᠯᠪᠢᠬᠤ ᠱᠠᠭ᠋ᠠᠷᠳᠠᠯᠭ᠎ᠠ ᠴᠦ᠍ ᠨᠡᠩ ᠦᠨᠳᠤᠷ ᠪᠤᠯᠪᠠ᠃ ᠭᠡᠪᠡᠴᠤ ᠠ᠋ᠢ᠍ᠢ᠍ᠮᠦᠷᠭᠦᠦ ᠴᠢᠬᠤᠯᠠᠴᠢᠯᠠᠭ᠎ᠠ᠎ᠨᠢ ᠰᠤᠷᠭ᠋ᠠᠭᠤᠯᠢ ᠵᠢᠨ ᠰᠤᠷᠭ᠋ᠠᠨ ᠭᠦᠮᠦᠵᠢᠯ᠎ᠳᠤ ᠥᠭᠬᠦ ᠲᠠᠷᠤᠭ᠋ᠠᠰᠤ ᠪᠠ ᠨᠥᠯᠦᠭᠡ ᠵᠢ ᠲᠡᠬᠢᠨ ᠵᠶ᠋ᠠᠷ ᠨᠡᠮᠡᠭᠳᠡᠭᠦᠯᠦᠭᠰᠡᠨ ᠶᠤᠮ᠃ ᠠ᠋ᠭᠦᠨ᠎ᠳᠤ ᠠ᠋ᠶᠡᠷᠭᠦ ᠲᠠᠯ᠎ᠠ ᠪᠠ ᠰᠥᠭᠡᠷᠭᠦ ᠲᠠᠯ᠎ᠠ ᠵᠢᠨ ᠨᠥᠯᠦᠭᠡ ᠪᠦᠷ ᠪᠤᠢ᠃ ᠠ᠋ᠭᠦᠨ᠎ᠤ ᠲᠤᠬᠠᠢ ᠥᠪᠡᠷ᠎ᠤᠨ ᠰᠢᠭᠦᠷᠭᠡᠢ ᠦᠵᠡᠯᠲᠡ᠎ᠪᠠᠨ ᠶᠡᠷᠢᠵᠦ ᠤᠯᠠᠨ ᠮᠡᠷᠭᠡᠳ᠎ᠲᠠᠢ ᠵᠥᠪᠯᠡᠬᠦ ᠵᠢ ᠰᠠᠨᠠᠯ᠎ᠠ᠃
      ᠨᠢᠭᠡ᠎ᠳᠤ᠂ ᠰᠤᠷᠤᠭᠴᠢ ᠵᠢ 《ᠭᠦᠮᠦᠨ》 ᠬᠡᠮᠡᠬᠦ ᠲᠠᠯ᠎ᠠ᠎ᠠᠴᠠ᠎ᠨᠢ ᠪᠤᠰᠤ᠂ ᠬᠠᠷᠢᠨ 《ᠪᠢᠴᠢᠭ ᠰᠤᠷᠳᠠᠭ ᠮᠠᠰᠢᠨ》 ᠵᠶ᠋ᠠᠷ ᠦᠵᠡᠳᠡᠭ ᠪᠣᠯᠪᠠ᠃
      1. ᠨᠡᠢ᠍ᠢ᠍ᠭᠡᠮ᠎ᠨᠢ ᠳᠡᠭᠡᠳᠦ ᠪᠣᠯᠪᠠᠰᠤᠷᠠᠯ ᠪᠦᠬᠦᠢ ᠴᠢᠳᠠᠪᠦᠷᠢᠳᠠᠨ᠎ᠢ ᠰᠤᠨᠭ᠌ᠭᠤᠬᠤ᠎ᠳᠤ᠎ᠪᠠᠨ ᠲᠡᠭᠦᠰᠦᠭᠰᠡᠨ ᠰᠤᠷᠭ᠋ᠠᠭᠤᠯᠢ᠂ ᠰᠤᠷᠤᠭᠰᠠᠨ ᠮᠡᠷᠭᠡᠵᠢᠯ᠎ᠢ ᠯᠡ ᠴᠢᠬᠤᠯᠠᠴᠢᠯᠠᠭ᠋ᠠᠳ ᠬᠠᠷᠢᠨ ᠲᠤᠰ ᠭᠦᠮᠦᠨ᠎ᠤ ᠪᠡᠶ᠎ᠡ᠎ᠳᠤ ᠬᠤᠷᠠᠮᠳᠤᠭᠰᠠᠨ ᠴᠢᠳᠠᠪᠦᠷᠢ᠂ ᠠ᠋ᠰᠡᠭᠦᠯ᠎ᠡ ᠤᠤᠯ᠎ᠠᠴᠠ ᠪᠠᠢ᠍ᠢ᠍ᠳᠠᠭ ᠠᠪᠢᠶᠠᠰ᠎ᠢ᠎ᠨᠢ ᠣᠮᠳᠤᠭ᠋ᠠᠢ᠍ᠢ᠍ᠯᠠᠳᠠᠭ᠃
      2. ᠰᠤᠷᠭ᠋ᠠᠭᠤᠯᠢ᠎ᠨᠢ ᠵᠢᠭ᠋ᠠᠨ ᠰᠤᠷᠭ᠋ᠠᠯᠲᠠ ᠵᠢᠨ ᠦᠷ᠎ᠡ ᠳ᠋ᠦᠩ᠂ ᠥᠭᠡᠷ᠎ᠡ᠎ᠪᠠᠷ ᠬᠡᠯᠡᠪᠡᠯ ᠡ᠊ᠩ᠎ᠤᠨ ᠲᠠᠭᠡᠳᠤ ᠰᠤᠷᠭ᠋ᠠᠭᠤᠯᠢ ᠵᠢᠨ ᠰᠤᠷᠤᠭᠴᠢ ᠠ᠋ᠯᠰᠠᠭᠦ ᠪᠦᠭᠦ ᠤᠯᠤᠰ᠎ᠤᠨ ᠨᠢᠭᠡᠳᠤᠯᠳᠠᠢ ᠰᠢᠯᠭ᠋ᠠᠯᠲᠠ ᠵᠡᠷᠭᠡ ᠡᠯ᠎ᠡ ᠱᠠᠳᠤᠨ᠎ᠤ ᠰᠢᠯᠭ᠋ᠠᠯᠲᠠ ᠵᠢᠨ ᠬᠢᠷᠢ ᠪᠦᠳᠦᠮᠵᠢ ᠵᠢ ᠰᠣᠬᠤᠷ ᠪᠠᠯᠠᠢ᠎ᠪᠠᠷ ᠭᠦᠭᠡᠭᠡᠴᠡᠯᠳᠤᠵᠦ᠂ ᠰᠤᠷᠭ᠋ᠠᠭᠤᠯᠢ ᠵᠢᠨ ᠨᠡᠷ᠎ᠡ ᠭᠦᠨᠳᠥ᠂ ᠠ᠋ᠷᠬᠡ ᠠᠰᠢᠭ᠎ᠢ ᠥᠷᠥᠭᠡᠰᠤᠯ ᠵᠶ᠋ᠠᠷ ᠴᠢᠬᠤᠯᠠᠴᠢᠯᠠᠨ ᠰᠤᠷᠤᠭᠴᠢᠳ᠎ᠢ 《ᠪᠠᠭ᠋ᠠᠵᠢ》᠎ᠪᠠᠷ ᠦᠵᠡᠵᠦ ᠭᠦᠮᠦᠨᠯᠢᠭ ᠲᠠᠯ᠎ᠠ ᠵᠢ᠎ᠨᠢ ᠤᠮᠳᠤᠭ᠋ᠠᠢ᠍ᠢ᠍ᠯᠠᠭᠰᠠᠨ ᠵᠶ᠋ᠠᠷ ᠪᠡᠶ᠎ᠡ ᠰᠡᠳᠭᠢᠴᠡ ᠵᠢᠨ ᠪᠣᠢ᠍ᠢ᠍ᠵᠢᠯᠲᠠ᠎ᠳᠤ᠎ᠨᠢ ᠠᠰᠢᠬ ᠦᠭᠡᠢ ᠨᠦᠯᠦᠭᠡ ᠦᠵᠡᠭᠦᠯᠪᠡ᠃
      3. ᠡᠴᠢᠭᠡ ᠠ᠋ᠬᠡ ᠪᠣᠯᠤᠭᠰᠠᠳ᠎ᠨᠢ ᠦᠷ᠎ᠡ ᠬᠡᠤᠭᠡᠳ ᠵᠶ᠋ᠠᠨ 《ᠦᠨᠳᠤᠷ ᠬᠤᠪᠢ ᠨᠤᠷᠮ᠎ᠠ᠎ᠪᠠᠷ ᠨᠡᠷᠡᠳᠥ ᠰᠤᠷᠭ᠋ᠠᠭᠤᠯᠢ᠎ᠳᠤ ᠤᠷᠤᠬᠤ ᠪᠤᠯ ᠴᠤᠷᠢ ᠵᠢᠨ ᠭᠠᠭᠴᠠ ᠵᠠᠮ》 ᠭᠡᠬᠦ ᠦᠵᠡᠯᠲᠡ᠎ᠪᠠᠷ ᠰᠤᠷᠭ᠋ᠠᠭᠤᠯᠢ ᠨᠡᠢ᠍ᠢ᠍ᠭᠡᠮ᠎ᠤᠨ ᠬᠠᠮᠰᠠᠭ᠎ᠠ ᠪᠤᠯᠵᠦ 《ᠲᠠᠰᠢᠭᠤᠷᠳᠠᠳᠠᠭ》᠎ᠠᠴᠠ ᠰᠤᠷᠤᠭᠴᠢᠳ᠎ᠤᠨ ᠪᠡᠶ᠎ᠡ ᠰᠡᠳᠭᠢᠯ᠎ᠤᠨ ᠲᠠᠷᠤᠭ᠋ᠠᠰᠤ ᠲᠠᠬᠢᠨ ᠵᠶ᠋ᠠᠷ ᠨᠡᠮᠡᠭᠳᠡᠵᠦ᠂ ᠴᠢᠳᠠᠯ᠂ ᠭᠦᠰᠡᠯ᠎ᠠᠴᠠ᠎ᠨᠢ ᠬᠡᠳᠦ ᠳᠠᠪᠠᠭᠰᠠᠨ 《ᠲᠡᠭᠡᠭᠡᠰᠢ》᠎ᠨᠢ ᠰᠤᠷᠤᠭᠴᠢᠳ᠎ᠤᠨ ᠮᠠᠬᠠᠪᠤᠳ᠎ᠢ᠎ᠨᠢ ᠳᠤᠷᠤᠢ᠍ᠢ᠍ᠳᠠᠭᠤᠯᠵᠦ ᠰᠡᠳᠭᠢᠯ᠎ᠢ᠎ᠨᠢ ᠲᠤᠢ᠍ᠢ᠍ᠯᠰᠢᠷᠡᠭᠤᠯᠵᠦ ᠪᠤᠳᠤᠵᠦ ᠣᠯᠤᠰᠢ ᠦᠭᠡᠢ ᠭᠡᠮ ᠠᠷᠬᠠᠭ᠎ᠢ ᠪᠤᠢ ᠪᠣᠯᠭ᠋ᠠᠳᠠᠭ ᠪᠠᠢ᠍ᠢ᠍ᠨ᠎ᠠ᠃
      ᠳᠡᠭᠡᠷ᠎ᠡ ᠶᠠᠷᠢᠭᠰᠠᠨ ᠭᠤᠷᠪᠠᠨ ᠲᠠᠯ᠎ᠠ ᠵᠢᠨ ᠰᠢᠯᠳᠠᠭ᠋ᠠᠨ᠎ᠠᠴᠠ ᠪᠣᠯᠵᠤ᠂ ᠰᠤᠷᠤᠭᠴᠢᠳ ᠎ᠤᠨ ᠶᠢᠷᠳᠢᠨᠴᠤ ᠵᠢᠨ ᠦᠵᠡᠯᠲᠡ᠂ ᠠᠮᠢᠳᠤᠷᠠᠬᠤᠢ ᠵᠢᠨ ᠦᠵᠡᠯᠲᠡ᠂ ᠥᠷᠳᠡᠭ᠎ᠤᠨ ᠦᠵᠡᠯᠲᠡ᠎ᠳᠤ ᠥᠭᠡᠷᠡᠴᠢᠯᠡᠯᠲᠡ ᠭᠠᠷᠴᠦ ᠨᠡᠢ᠍ᠢ᠍ᠭᠡᠮ᠎ᠢ ᠣᠢ᠍ᠢ᠍ᠯᠠᠭ᠋ᠠᠬᠤ᠎ᠠᠴᠠ᠎ᠪᠠᠨ ᠠ᠋ᠮᠦᠨ᠎ᠡ ᠬᠠᠰᠢᠷᠠᠨ ᠳᠤᠳᠠᠭ᠋ᠠᠬᠤ᠂ ᠡᠴᠢᠭᠡ ᠠ᠋ᠬᠡ ᠭᠡᠷ ᠪᠦᠯᠢ᠎ᠪᠠᠨ ᠣᠢ᠍ᠢ᠍ᠯᠠᠭ᠋ᠠᠬᠤ᠎ᠠᠴᠠ᠎ᠪᠠᠨ ᠠ᠋ᠮᠦᠨ᠎ᠡ ᠦᠵᠡᠨ ᠶᠠᠳᠠᠵᠦ ᠭᠦᠢ᠍ᠲᠡᠨ ᠴᠡᠪᠳᠡᠭ ᠬᠠᠨᠳᠤᠬᠤ ᠵᠡᠷᠭᠡ ᠪᠠᠢ᠍ᠢ᠍ᠳᠠᠯ ᠢᠯᠡᠷᠡᠳᠡᠭ᠃ ᠠ᠋ᠨᠡ᠎ᠨᠢ ᠨᠡᠩ ᠬᠣᠵᠢᠮ᠎ᠤᠨ ᠬᠣᠵᠢᠮ᠎ᠳᠤ᠎ᠪᠠᠨ ᠨᠡᠢ᠍ᠢ᠍ᠭᠡᠮ ᠨᠡᠢ᠍ᠢ᠍ᠲᠡ᠂ ᠭᠡᠷ ᠪᠦᠯᠢ᠎ᠳᠤ ᠤᠯᠠᠨ ᠲᠠᠯ᠎ᠠ ᠵᠢᠨ ᠲᠠᠷᠤᠭ᠋ᠠᠰᠤ ᠵᠢ ᠪᠤᠢ ᠪᠤᠯᠭ᠋ᠠᠵᠦ᠂ ᠰᠡᠳᠭᠢᠴᠡ ᠵᠢᠨ ᠭᠠᠵᠢᠭ᠎ᠠᠴᠠ ᠪᠣᠯᠤᠭᠰᠠᠨ ᠪᠤᠬᠢᠨᠢᠳᠤᠯ ᠵᠣᠪᠠᠨᠢᠯ᠂ ᠶᠠᠮᠠᠷ ᠴᠦ᠍ ᠵᠦᠢ᠍ᠯ᠎ᠳᠤ ᠢᠳᠡᠪᠬᠢ ᠣᠪᠤᠷ ᠦᠭᠡᠢ ᠨᠠᠵᠠᠭ᠋ᠠᠢ᠍ᠢ᠍ᠷᠠᠬᠤ᠂ ᠬᠡᠳᠦ ᠨᠠᠢ᠍ᠢ᠍ᠳᠠᠬᠤ᠂ ᠪᠡᠶ᠎ᠡ ᠎ᠪᠠᠨ ᠬᠣᠣᠷᠯᠠᠬᠤ ᠬᠡᠮᠳᠥ ᠬᠡᠷᠡᠭ ᠬᠢᠬᠦ ᠭᠡᠬᠦ ᠮᠡᠳᠥ ᠵᠢᠨ ᠦᠷ᠎ᠡ ᠳ᠋ᠦᠩ᠎ᠳᠤ ᠭᠥᠷᠳᠡᠭ᠃ ᠠ᠋ᠳᠡᠭᠡᠷ ᠪᠤᠳᠠᠳᠥ ᠪᠠᠢ᠍ᠢ᠍ᠳᠠᠯ᠎ᠨᠢ ᠨᠢᠭᠡᠨᠲᠡ ᠨᠡᠢ᠍ᠢ᠍ᠭᠡᠮ ᠨᠡᠢ᠍ᠢ᠍ᠲᠡ ᠵᠢᠨ ᠬᠠᠮᠤᠭ᠎ᠠᠴᠠ ᠰᠠᠨᠠᠭ᠋ᠠᠰᠢᠷᠠᠨ ᠠᠩᠬᠠᠷᠬᠤ ᠠᠰᠠᠭᠤᠳᠠᠯ ᠪᠣᠯᠤᠭ᠋ᠠᠳ ᠪᠠᠢ᠍ᠢ᠍ᠨ᠎ᠠ᠃ ᠠ᠋ᠳᠡᠭᠡᠷ ᠪᠦᠬᠦᠨ᠎ᠨᠢ ᠮᠠᠨᠤᠰ᠎ᠢ ᠰᠤᠷᠭ᠋ᠠᠨ ᠭᠦᠮᠦᠵᠢᠯ᠎ᠤᠨ ᠦᠨᠳᠤᠰᠤᠨ ᠵᠣᠷᠢᠯᠲᠠ᠂ ᠬᠠᠷᠠᠯᠲᠠ᠂ ᠤᠭ ᠠ᠋ᠰᠢ ᠵᠢ ᠠ᠋ᠷᠬᠡᠪᠰᠢ ᠲᠠᠬᠢᠨ ᠲᠠᠨᠢᠬᠤ᠂ ᠰᠢᠨ᠎ᠡ᠎ᠪᠠᠷ ᠲᠠᠨᠢᠬᠤ ᠵᠢ ᠱᠠᠭ᠋ᠠᠷᠳᠠᠬᠤ ᠪᠣᠯᠵᠠᠢ᠃
      ᠬᠤᠶᠠᠷ᠎ᠲᠤ᠂ ᠪᠢᠲᠡ ᠠ᠋ᠷᠬᠡᠪᠰᠢ ᠰᠤᠷᠤᠭᠴᠢᠳ ᠵᠶ᠋ᠠᠨ 《ᠭᠦᠮᠦᠨ》 ᠵᠶ᠋ᠠᠷ ᠦᠵᠡᠵᠦ ᠤᠢ᠍ᠢ᠍ᠯᠠᠭ᠋ᠠᠵᠦ ᠭᠦᠨᠳᠤᠳᠬᠡᠭᠦ ᠬᠡᠷᠡᠭᠳᠠᠢ᠃
      ᠮᠣᠩᠭᠤᠯ ᠦᠭᠡᠨ᠎ᠳᠤ 《ᠮᠠᠯ᠎ᠤᠨ ᠰᠠᠨᠠᠭ᠎ᠠ ᠵᠢ ᠲᠠᠭ᠋ᠠᠭᠰᠠᠨ ᠠᠢ᠍ᠢ᠍ᠯ᠎ᠤᠨ ᠮᠠᠯ ᠥᠭᠡᠳᠡᠷᠬᠡᠭ》 ᠭᠡᠰᠡᠨ ᠦᠭᠡ ᠪᠠᠢ᠍ᠢ᠍ᠳᠠᠭ᠂ ᠪᠢᠳᠡ ᠰᠤᠷᠤᠭᠴᠢᠳ᠎ᠤᠨ ᠵᠶ᠋ᠠᠨ ᠪᠣᠳᠤᠯ ᠭᠦᠰᠡᠯ᠎ᠢ ᠤᠢ᠍ᠢ᠍ᠯᠠᠭ᠋ᠠᠵᠦ᠂ ᠲᠡᠭᠦᠨ᠎ᠤ᠎ᠬᠢ᠎ᠨᠢ ᠲᠠᠭ᠋ᠠᠤ᠎ᠳᠤ ᠥᠪ ᠰᠣᠶᠤᠯ᠎ᠤᠨ ᠵᠶ᠋ᠠᠨ ᠰᠢᠯᠢᠳᠡᠭ᠎ᠢ᠎ᠨᠢ ᠲᠠᠨᠢᠭᠤᠯᠤᠨ ᠰᠤᠷᠤᠯᠴᠠᠭᠤᠯᠵᠦ᠂ ᠤᠷᠮᠠᠰᠢᠭᠤᠯᠤᠨ ᠵᠤᠷᠢᠬ᠍ᠵᠢᠭᠤᠯᠪᠠᠯ ᠦᠷ᠎ᠡ ᠬᠣᠢ᠍ᠢ᠍ᠴᠢᠰ ᠮᠢᠨᠢ ᠨᠡᠩ ᠵᠣᠯᠪᠤᠭ᠎ᠠ ᠲᠡᠭᠦᠯᠳᠡᠷ ᠵᠶ᠋ᠠᠷ᠂ ᠢᠳᠡᠭᠡᠯ ᠲᠡᠭᠦᠰ ᠵᠶ᠋ᠠᠷ ᠥᠪᠡᠷ᠎ᠤᠨ ᠵᠣᠷᠢᠭᠰᠠᠨ ᠦᠢ᠍ᠯᠡᠰ᠎ᠲᠤ᠎ᠪᠠᠨ ᠤᠷᠤᠭᠰᠢᠳᠠᠢ ᠢᠯᠭᠤᠮ ᠵᠶ᠋ᠠᠷ ᠭᠦᠷᠴᠦ ᠴᠢᠳᠠᠬᠤ ᠶᠤᠮ᠃ 《ᠥᠪᠡᠷ᠎ᠢ᠎ᠪᠠᠨ ᠭᠦᠨᠳᠤᠳᠬᠡᠭᠦ᠎ᠨᠢ ᠪᠤᠰᠤᠳ᠎ᠢ ᠭᠦᠨᠳᠤᠳᠬᠡᠭᠦ᠎ᠠᠴᠠ ᠠ᠋ᠬᠢᠯᠡᠳᠡᠭ》 ᠭᠡᠳᠡᠭ ᠵᠶ᠋ᠠᠷ ᠰᠤᠷᠤᠭᠴᠢᠳ᠎ᠲᠤ᠎ᠪᠠᠨ 《ᠥᠪᠡᠷ᠎ᠤᠨ ᠵᠶ᠋ᠠᠨ ᠴᠠᠭ ᠦᠶ᠎ᠡ᠂ ᠣᠷᠴᠢᠨ ᠠᠬᠤᠢ᠎ᠳᠤ ᠴᠢᠯᠦᠭᠡᠳᠠᠢ᠎ᠪᠠᠷ ᠨᠢᠰᠤᠨ ᠳᠡᠪᠳᠡᠷᠢᠬᠦ ᠠᠭ᠋ᠠᠷ ᠣᠷᠴᠢᠯᠠᠩ》᠎ᠢ ᠪᠦᠷᠢᠯᠳᠤᠭᠦᠯᠤᠨ ᠥᠭᠴᠦ ᠯᠡ ᠪᠠᠢ᠍ᠢ᠍ᠪᠠᠯ ᠠᠯᠢᠪᠠ ᠪᠦᠬᠦᠨ ᠰᠠᠢ᠍ᠢ᠍ᠨ ᠰᠠᠢ᠍ᠢ᠍ᠬᠠᠨ ᠵᠦᠭ᠎ᠲᠤ ᠥᠷᠨᠢᠭᠦ ᠪᠣᠯᠤᠨ᠎ᠠ᠃ ᠠ᠋ᠨᠡ᠎ᠨᠢ ᠮᠥᠨ ᠴᠦ᠍ ᠭᠡᠷ ᠪᠦᠯᠢ᠂ ᠨᠡᠢ᠍ᠢ᠍ᠭᠡᠮ᠎ᠤᠨ ᠰᠤᠷᠭ᠋ᠠᠨ ᠭᠦᠮᠦᠵᠢᠯ᠎ᠤᠨ ᠴᠢᠬᠤᠯᠠ ᠪᠣᠯᠬᠤ ᠨᠢᠭᠡᠨ ᠠ᠋ᠯᠧᠮᠧᠨ᠋ᠲ ᠭᠡᠳᠡᠭ᠎ᠢ ᠣᠢ᠍ᠢ᠍ᠯᠠᠭ᠋ᠠᠬᠤ ᠴᠢᠬᠤᠯᠠᠲᠠᠢ᠃
      1. ᠰᠤᠷᠤᠭᠴᠢᠳ᠎ᠢ ᠬᠦᠮᠦᠨ᠎ᠤ ᠦᠨᠦᠷ᠎ᠲᠠᠢ᠂ ᠮᠥᠰᠦ ᠴᠢᠨᠠᠷ᠎ᠲᠠᠢ ᠬᠦᠮᠦᠨ ᠪᠤᠯᠭ᠋ᠠᠨ ᠬᠥᠮᠦᠵᠢᠭᠦᠯᠬᠦ ᠪᠣᠯ ᠰᠤᠷᠭ᠋ᠠᠭᠤᠯᠢ ᠵᠢᠨ ᠰᠤᠷᠭ᠋ᠠᠨ ᠬᠦᠮᠦᠵᠢᠯ᠎ᠤᠨ ᠬᠠᠮᠤᠭ᠎ᠤᠨ ᠦᠨᠳᠦᠰᠦᠨ ᠬᠠᠷᠠᠯᠲᠠ ᠪᠣᠯᠤᠨ᠎ᠠ᠃ ᠰᠤᠷᠭ᠋ᠠᠨ ᠬᠦᠮᠦᠵᠢᠯ᠎ᠨᠢ ᠬᠦᠮᠦᠨ᠎ᠤ ᠪᠡᠶ᠎ᠡ᠎ᠳᠤ ᠪᠣᠢ ᠪᠠᠢ᠍ᠢ᠍ᠭ᠋ᠠᠯᠢᠯᠢᠬ᠂ ᠦᠭᠡᠷ᠎ᠡ᠎ᠪᠠᠷ ᠬᠡᠯᠡᠪᠡᠯ ᠲᠥᠷᠦᠯᠬᠢ ᠵᠡᠷᠯᠢᠭ ᠲᠠᠯ᠎ᠠ ᠵᠢ ᠵᠦᠭᠡᠯᠡᠯᠡᠨ ᠨᠦᠮᠵᠦᠭᠷᠡᠭᠦᠯᠵᠦ᠂ ᠪᠠᠢ᠍ᠢ᠍ᠭ᠋ᠠᠯᠢ ᠳᠡᠯᠡᠬᠡᠢ ᠵᠢᠨ ᠠᠮᠢᠲᠠᠨ ᠤᠷᠭᠤᠮᠠᠯ᠎ᠠᠴᠠ ᠣᠢ᠍ᠢ᠍ᠷ᠎ᠠ ᠲᠤᠭᠤᠷᠢᠨ᠎ᠤ᠎ᠪᠠᠨ ᠬᠦᠮᠦᠨ ᠠᠷᠠᠳ᠎ᠲᠤ ᠬᠠᠢ᠍ᠢ᠍ᠷ᠎ᠠ ᠬᠠᠯᠠᠮᠵᠢ᠎ᠲᠠᠢ᠂ ᠬᠦᠨᠳᠦᠳᠬᠡᠯ ᠬᠦᠷᠢᠶᠡᠯᠡᠯ᠎ᠲᠠᠢ᠂ ᠠ᠋ᠶ᠎ᠡ ᠨᠠᠢ᠍ᠢ᠍ᠷ᠎ᠲᠠᠢ᠂ ᠲᠠᠯᠠᠷᠬᠠᠨ ᠠᠴᠢᠯᠠᠬᠤ ᠰᠡᠳᠬᠢᠯ᠎ᠲᠠᠢ ᠬᠦᠮᠦᠨ ᠪᠣᠯᠭ᠋ᠠᠨ ᠬᠦᠮᠦᠵᠢᠭᠦᠯᠬᠦ ᠶᠠᠪᠤᠳᠠᠯ ᠪᠣᠯᠬᠤ ᠶᠤᠮ᠃ ᠳᠡᠯᠡᠬᠡᠢ ᠶᠢᠷᠲᠢᠨᠴᠦ ᠠ᠋ᠳᠦᠷ᠎ᠠᠴᠠ ᠠ᠋ᠳᠦᠷ᠎ᠲᠤ ᠠ᠋ᠷᠬᠡ ᠲᠡᠭᠰᠢ᠂ ᠠ᠋ᠶ᠎ᠡ ᠨᠠᠢ᠍ᠢ᠍ᠷ᠎ᠲᠠᠢ᠂ ᠴᠢᠯᠦᠭᠡᠲᠡᠢ᠂ ᠠᠷᠠᠳᠴᠢᠯᠠᠯ᠎ᠲᠠᠢ ᠬᠠᠮᠤᠭ᠎ᠤᠨ ᠰᠠᠢ᠍ᠢ᠍ᠬᠠᠨ ᠪᠣᠯᠪᠠᠰᠤᠨ ᠲᠡᠰᠢ ᠬᠦᠭᠵᠢᠵᠦ ᠪᠠᠢ᠍ᠢ᠍ᠭ᠎ᠠ ᠴᠠᠭ ᠦᠶ᠎ᠡ ᠵᠢᠨ ᠠᠢ᠍ᠢ᠍ᠵᠠᠮ ᠠᠯᠬᠤᠭ᠎ᠠ᠎ᠳᠤ ᠰᠤᠷᠭ᠋ᠠᠭᠤᠯᠢ᠎ᠨᠢ ᠶᠠᠭ ᠰᠤᠷᠤᠭᠴᠢᠳ ᠵᠶ᠋ᠠᠨ ᠠ᠋ᠢ᠍ᠢ᠍ᠮᠦᠷᠭᠦᠦ ᠬᠡᠪ ᠪᠣᠯᠪᠠᠰᠤᠷᠠᠯ᠎ᠲᠠᠢ ᠪᠣᠯᠭ᠋ᠠᠬᠤ ᠳᠠᠷᠬᠠᠨ ᠠ᠋ᠭᠦᠷᠭᠡ ᠵᠢ ᠠ᠋ᠭᠦᠷᠭᠡᠯᠡᠵᠦ ᠪᠠᠢ᠍ᠢ᠍ᠭ᠎ᠠ ᠶᠤᠮ᠃
      2. ᠪᠠᠭᠰᠢ ᠪᠤᠯᠤᠭᠰᠠᠳ ᠠ᠋ᠷᠬᠡᠪᠰᠢ ᠰᠤᠷᠤᠭᠴᠢᠳ᠎ᠤᠨ ᠵᠶ᠋ᠠᠨ ᠪᠡᠶ᠎ᠡ ᠰᠡᠳᠬᠢᠴᠡ ᠵᠢᠨ ᠪᠣᠢ᠍ᠢ᠍ᠵᠢᠯᠲᠠ ᠵᠢ ᠴᠠᠭ ᠴᠠᠭ᠎ᠤᠨ ᠲᠤᠷᠰᠢᠲᠠ ᠨᠠᠷᠢᠨ ᠨᠢᠮᠪᠠᠢ ᠰᠤᠳᠤᠯᠤᠨ ᠤᠢ᠍ᠢ᠍ᠯᠠᠭ᠋ᠠᠵᠤ᠂ ᠴᠠᠭ ᠴᠠᠭ᠎ᠲᠤ᠎ᠨᠢ ᠲᠤᠬᠢᠷᠠᠭᠰᠠᠨ ᠡᠮ ᠳᠣᠮ᠎ᠢ ᠤᠶᠠᠨ ᠬᠠᠲᠠᠨ ᠵᠶ᠋ᠠᠷ ᠵᠤᠬᠢᠴᠠᠭᠤᠯᠵᠤ ᠴᠢᠳᠠᠭᠰᠠᠨ ᠪᠠᠢ᠍ᠢ᠍ᠬᠤ ᠬᠡᠷᠡᠭᠲᠡᠢ ᠶᠤᠮ᠃ ᠥᠨᠦᠳᠦᠷ᠎ᠤᠨ ᠰᠤᠷᠤᠭᠴᠢᠳ᠎ᠤᠨ ᠬᠤᠭᠤᠷᠤᠨᠳᠤᠬᠢ ᠵᠦᠷᠢᠴᠡᠯ ᠮᠥᠷᠭᠦᠯᠳᠦᠭᠡᠨ᠂ ᠪᠠᠭᠰᠢ ᠰᠤᠷᠤᠭᠴᠢ ᠵᠢᠨ ᠬᠤᠭᠤᠷᠤᠨᠳᠤᠬᠢ ᠵᠦᠷᠢᠴᠡᠯ᠂ ᠭᠡᠷ᠎ᠤᠨ ᠠᠬᠠᠮᠠᠳ ᠪᠠ ᠬᠡᠦᠬᠡᠳ᠎ᠤᠨ ᠬᠤᠭᠤᠷᠤᠨᠳᠤᠬᠢ ᠵᠦᠷᠢᠴᠡᠯ ᠮᠠᠷᠭᠤᠭ᠋ᠠᠨ᠎ᠨᠢ ᠪᠦᠷ ᠬᠠᠷᠢᠯᠴᠠᠨ ᠨᠢᠭᠡ ᠨᠢᠭᠡᠨ ᠵᠶ᠋ᠠᠨ ᠥᠯᠦ ᠣᠢ᠍ᠢ᠍ᠯᠠᠭ᠋ᠠᠬᠤ᠂ ᠣᠢ᠍ᠢ᠍ᠯᠠᠭ᠋ᠠᠬᠤ ᠵᠢ ᠦᠯᠦ ᠬᠦᠰᠡᠭᠰᠡᠨ᠎ᠠᠴᠠ ᠪᠤᠯᠤᠭᠰᠠᠨ ᠦᠷ᠎ᠡ ᠳ᠋ᠥᠩ ᠶᠤᠮ᠃ ᠶᠡᠬᠡ ᠪᠠᠭ᠎ᠠ ᠭᠡᠰᠡᠨ ᠦᠭᠡᠢ᠂ ᠪᠠᠭᠰᠢ᠂ ᠰᠤᠷᠤᠭᠴᠢ᠂ ᠭᠡᠷ᠎ᠤᠨ ᠠᠬᠠᠮᠠᠳ ᠬᠠᠷᠢᠯᠴᠠᠨ ᠬᠡᠨ ᠠᠯᠢᠨ ᠵᠶ᠋ᠠᠨ ᠣᠢ᠍ᠢ᠍ᠯᠠᠭ᠋ᠠᠬᠤ ᠦᠭᠡᠢ᠂ ᠬᠠᠷᠢᠯᠴᠠᠨ ᠬᠡᠨ ᠠᠯᠢᠨ᠎ᠲᠠᠢ᠎ᠪᠠᠨ ᠨᠡᠪᠲᠡᠷᠡᠬᠦ ᠦᠭᠡᠢ ᠪᠣᠯ ᠬᠡᠷᠬᠢᠨ ᠬᠡᠨ ᠠᠯᠢᠨ᠎ᠤ᠎ᠪᠠᠨ ᠰᠡᠳᠬᠢᠯ᠎ᠳᠤ ᠨᠡᠪᠲᠡᠷᠡᠭᠰᠡᠨ᠂ ᠰᠡᠳᠬᠢᠯ᠎ᠳᠤ᠎ᠨᠢ ᠲᠠᠭ᠋ᠠᠯᠠᠭᠳᠠᠭᠰᠠᠨ ᠬᠦᠮᠦᠨ ᠪᠣᠯᠵᠤ ᠳᠡᠢ᠍ᠢ᠍ᠯᠬᠦ ᠶᠤᠮ᠃ ᠠ᠋ᠭᠦᠨ᠎ᠳᠤ ᠠᠯᠢ ᠲᠠᠯ᠎ᠠ᠎ᠨᠢ ᠪᠣᠯᠤᠭᠰᠠᠨ ᠴᠦ᠍ ᠠᠭᠤᠵᠢᠭᠤ ᠲᠠᠯᠪᠢᠭᠤ᠂ ᠬᠦᠯᠢᠴᠡᠩᠭᠦᠢ ᠳᠠᠭ᠋ᠠᠭ᠋ᠠᠴᠠᠲᠠᠢ᠂ ᠬᠠᠯᠠᠰᠢᠷᠠᠯ ᠦᠭᠡᠢ ᠬᠠᠷᠢᠯᠴᠠᠭ᠎ᠠ᠎ᠲᠠᠢ ᠪᠠᠢ᠍ᠢ᠍ᠮᠠᠨ ᠰᠠᠶᠢ ᠨᠢᠭᠡ ᠨᠢᠭᠡᠨ ᠵᠶ᠋ᠠᠨ ᠣᠢ᠍ᠢ᠍ᠯᠠᠭ᠋ᠠᠵᠤ᠂ ᠪᠠᠭᠰᠢ᠎ᠨᠢ ᠰᠤᠷᠤᠭᠴᠢ᠎ᠪᠠᠨ ᠬᠠᠢ᠍ᠢ᠍ᠷᠠᠯᠠᠬᠤ᠂ ᠰᠤᠷᠤᠭᠴᠢ᠎ᠨᠢ ᠪᠠᠭᠰᠢ᠎ᠪᠠᠨ ᠬᠦᠨᠳᠦᠳᠬᠡᠬᠦ᠂ ᠬᠡᠦᠬᠡᠳ᠎ᠨᠢ ᠡᠴᠢᠭᠡ ᠠ᠋ᠬᠡ᠎ᠪᠠᠨ ᠨᠠᠨᠳᠢᠩᠨᠠᠨ ᠬᠠᠢ᠍ᠢ᠍ᠷᠠᠯᠠᠬᠤ ᠭᠡᠬᠦ ᠮᠡᠲᠦ ᠵᠢᠨ ᠠ᠋ᠰᠢ ᠶᠤᠰᠤᠨ᠎ᠳᠤ ᠨᠡᠢ᠍ᠢ᠍ᠴᠡᠭᠰᠡᠨ ᠬᠠᠷᠢᠯᠴᠠᠭ᠎ᠠ ᠪᠦᠷᠢᠯᠳᠦᠵᠦ ᠴᠢᠳᠠᠨ᠎ᠠ᠃
      ① ᠣᠢ᠍ᠢ᠍ᠯᠠᠭ᠋ᠠᠵᠤ ᠠᠭᠤᠴᠢᠯᠠᠬᠤ ᠪᠣᠯ ᠬᠠᠮᠤᠭ᠎ᠤᠨ ᠰᠠᠢ᠍ᠢ᠍ᠨ ᠡᠮ ᠶᠤᠮ᠃
      ᠪᠠᠭᠰᠢ ᠪᠤᠯᠤᠭᠰᠠᠳ ᠠ᠋ᠷᠬᠡᠪᠰᠢ ᠬᠦᠯᠢᠴᠡᠩᠭᠦᠢ ᠪᠠᠭᠲᠠᠭ᠋ᠠᠮᠵᠢᠲᠠᠢ᠎ᠪᠠᠷ ᠰᠤᠷᠤᠭᠴᠢᠳ᠎ᠤᠨ ᠵᠶ᠋ᠠᠨ ᠰᠡᠳᠬᠢᠯ᠎ᠢ ᠢᠳᠡᠭ ᠠᠯᠬᠤᠮ ᠵᠶ᠋ᠠᠷ ᠨᠡᠬᠡᠭᠡᠵᠦ᠂ ᠤᠷᠤᠰᠢᠵᠤ ᠪᠠᠢ᠍ᠢ᠍ᠭ᠎ᠠ ᠠᠯᠳᠠᠭ᠎ᠠ ᠠ᠋ᠨᠳᠡᠯ᠎ᠢ᠎ᠨᠢ ᠢᠳᠡᠭ ᠠᠯᠬᠤᠮ ᠵᠶ᠋ᠠᠷ ᠵᠢᠭ᠋ᠠᠨ ᠭᠠᠷᠭ᠋ᠠᠵᠤ᠂ ᠠᠭᠤᠴᠢᠯᠠᠨ ᠠ᠋ᠨᠡᠷᠢᠬᠦ᠎ᠨᠢ ᠬᠠᠮᠤᠭ᠎ᠤᠨ ᠦᠷ᠎ᠡ ᠠᠰᠢᠭ᠎ᠲᠠᠢ ᠬᠦᠮᠦᠵᠢᠭᠦᠯᠦᠯ ᠪᠣᠯᠬᠤ ᠶᠤᠮ᠃ ᠬᠠᠷᠢᠨ ᠠ᠋ᠭᠦᠨ᠎ᠤ ᠠ᠋ᠰᠡᠷᠭᠦ᠎ᠪᠠᠷ ᠠᠭᠰᠤᠷᠤᠨ ᠵᠠᠩᠳᠤᠷᠴᠦ᠂ ᠬᠠᠷᠢᠶᠠᠨ ᠭᠤᠲᠤᠭ᠋ᠠᠬᠤ᠂ ᠨᠡᠩ ᠴᠢᠨᠠᠭᠰᠢᠯᠠᠨ ᠪᠦᠳᠦᠭᠦᠯᠢᠭ ᠵᠶ᠋ᠠᠷ ᠭᠤᠶᠠᠳᠠᠵᠤ ᠴᠣᠬᠢᠬᠤ᠎ᠨᠢ ᠤᠯᠠᠮ ᠪᠦᠷ ᠰᠤᠷᠤᠭᠴᠢᠳ᠎ᠢ 《ᠬᠤᠭᠤᠷᠠᠬᠤ᠎ᠠᠴᠠ ᠪᠢᠰᠢ ᠨᠤᠭᠤᠷᠠᠬᠤ                 ᠦᠭᠡᠢ》 ᠪᠤᠯᠭ᠋ᠠᠳᠠᠬ᠃ ᠬᠦᠮᠦᠨ᠎ᠤ ᠰᠡᠳᠬᠢᠯ ᠭᠡᠳᠡᠭ 《ᠬᠠᠲᠠᠭᠤ᠎ᠳᠤ ᠨᠤᠭᠤᠷᠠᠬᠤ ᠦᠭᠡᠢ ᠴᠦ᠍ ᠵᠥᠭᠡᠯᠡᠨ᠎ᠳᠤ ᠤᠶᠠᠷᠠᠳᠠᠭ》 ᠲᠠᠯ᠎ᠠ᠎ᠲᠠᠢ ᠭᠡᠳᠡᠭ᠎ᠢ ᠵᠠᠪᠠᠯ ᠤᠢ᠍ᠢ᠍ᠯᠠᠭ᠋ᠠᠬᠤ ᠬᠡᠷᠡᠭᠲᠡᠢ᠃
      ② ᠬᠠᠶ᠋ᠢᠷ᠎ᠠ ᠬᠠᠯᠠᠮᠵᠢ ᠬᠦᠷᠲᠡᠭᠡᠬᠦ ᠪᠣᠯ ᠬᠠᠮᠤᠭ᠎ᠤᠨ ᠰᠠᠶ᠋ᠢᠨ ᠬᠦᠨᠳᠦᠳᠭᠡᠯ ᠶᠤᠮ᠃
      ᠥᠨᠥᠳᠦᠷ᠎ᠤᠨ ᠰᠤᠷᠭ᠋ᠠᠭᠤᠯᠢ ᠵᠢᠨ ᠪᠠᠶ᠋ᠢᠳᠠᠯ᠎ᠠᠴᠠ ᠠᠵᠢᠭᠯᠠᠭ᠍ᠤ᠎ᠳᠤ ᠪᠠᠭᠰᠢ ᠰᠤᠷᠤᠭᠴᠢ ᠵᠢᠨ ᠬᠤᠭᠤᠷᠤᠨᠳᠤᠬᠢ ᠵᠠᠢ ᠨᠡᠯᠢᠶᠡᠳ ᠬᠤᠯᠠ ᠪᠠᠶ᠋ᠢᠭ᠎ᠠ ᠲᠥᠯᠥᠪ᠎ᠲᠠᠢ᠃ ᠠ᠋ᠭᠦᠨ᠎ᠳᠤ ᠰᠠᠶ᠋ᠢᠨ ᠪᠠᠭᠰᠢ ᠪᠣᠯ ᠶᠠᠭ᠋ᠠᠬᠢᠪᠠᠴᠦ ᠠᠳᠠᠯᠢ ᠦᠭᠡᠢ ᠪᠠᠶ᠋ᠢᠵᠤ᠂ ᠠᠮᠢᠳᠤᠷᠠᠯ ᠰᠤᠷᠤᠯᠴᠠᠯᠭ᠎ᠠ ᠵᠢᠨ ᠶᠠᠮᠠᠷ ᠲᠠᠯᠠᠪᠤᠷ᠎ᠲᠤ ᠴᠦ᠍ ᠰᠤᠷᠤᠭᠴᠢ ᠵᠢᠨ ᠵᠶ᠋ᠠᠨ ᠬᠠᠵᠠᠭᠤ᠎ᠳᠤ᠂ ᠰᠡᠳᠬᠢᠯ᠎ᠳᠤ᠎ᠨᠢ ᠤᠷᠤᠰᠢᠵᠦ ᠪᠠᠶ᠋ᠢᠳᠠᠭ᠃ ᠠ᠋ᠶ᠋ᠢᠮᠦ ᠪᠠᠭᠰᠢ᠎ᠲᠠᠢ ᠰᠤᠷᠤᠭᠴᠢᠳ ᠬᠠᠷᠢᠴᠠᠩᠭᠤᠢ ᠪᠠᠶᠠᠰᠤᠩᠭᠤᠢ ᠲᠠᠶ᠋ᠢᠪᠤᠩ ᠪᠦᠭᠡᠳ ᠶᠠᠮᠠᠷᠪᠠ ᠶᠠᠪᠤᠳᠠᠯ᠎ᠳᠤ ᠴᠦ᠍ ᠢᠳᠡᠪᠬᠢ ᠣᠪᠤᠷ᠎ᠲᠠᠢ ᠪᠠᠶ᠋ᠢᠳᠠᠭ᠃ ᠬᠦᠮᠦᠨ ᠪᠣᠯ ᠨᠡᠶ᠋ᠢᠭᠡᠮᠴᠢ ᠴᠢᠨᠠᠷ᠎ᠲᠠᠢ ᠪᠣᠯᠬᠤᠷ ᠲᠡᠳᠡᠨ᠎ᠤ ᠬᠤᠭᠤᠷᠤᠨᠳᠤᠬᠢ ᠬᠦᠭᠦᠷᠭᠡ ᠪᠣᠯ ᠰᠡᠳᠬᠢᠯᠭᠡ ᠪᠣᠯᠤᠨ᠎ᠠ᠃ ᠰᠡᠳᠬᠢᠯᠭᠡ ᠵᠢᠨ ᠬᠦᠭᠦᠷᠭᠡ ᠵᠢ ᠪᠠᠲᠤ ᠴᠤᠭᠴᠠᠯᠠᠭᠰᠠᠨ ᠪᠠᠶ᠋ᠢᠳᠠᠯ᠎ᠳᠤ ᠪᠠᠭᠰᠢ ᠰᠤᠷᠤᠭᠴᠢ ᠵᠢᠨ ᠬᠤᠭᠤᠷᠤᠨᠳᠤ ᠶᠠᠮᠠᠷ ᠴᠦ᠍ ᠵᠦᠷᠢᠴᠡᠯ ᠣᠷᠤᠰᠢᠬᠤ ᠪᠣᠯᠤᠯᠴᠠᠭ᠎ᠠ ᠦᠭᠡᠢ ᠶᠤᠮ᠃ ᠬᠠᠶ᠋ᠢᠷ᠎ᠠ ᠵᠢ᠎ᠨᠢ ᠬᠦᠷᠲᠡᠭᠰᠡᠨ ᠰᠤᠷᠤᠭᠴᠢᠳ ᠬᠡᠵᠢᠶᠡᠳᠡ ᠬᠠᠶ᠋ᠢᠷ᠎ᠠ ᠬᠦᠷᠲᠡᠭᠡᠭᠰᠡᠨ ᠪᠠᠭᠰᠢ᠎ᠳᠤ᠎ᠪᠠᠨ ᠲᠠᠯᠠᠷᠬᠠᠵᠦ ᠶᠠᠪᠤᠳᠠᠭ᠃ ᠭᠠᠷᠭ᠋ᠠᠭᠰᠠᠨ ᠠᠯᠳᠠᠭ᠎ᠠ ᠪᠤᠷᠤᠭᠤ ᠵᠢ᠎ᠨᠢ ᠬᠦᠷᠲᠡᠯ᠎ᠡ ᠠᠭᠤᠴᠢᠯᠠᠨ ᠪᠠᠭᠲᠠᠭ᠋ᠠᠵᠤ ᠴᠢᠳᠠᠭᠰᠠᠨ ᠪᠠᠭᠰᠢ᠎ᠳᠤ ᠲᠠᠯᠠᠷᠬᠠᠬᠤ ᠦᠭᠡᠢ ᠰᠤᠷᠤᠭᠴᠢ ᠭᠡᠵᠦ ᠪᠠᠶ᠋ᠢᠬᠤ ᠦᠭᠡᠢ           ᠶᠤᠮ᠃ ᠠ᠋ᠭᠦᠨ᠎ᠢ ᠮᠡᠳᠡᠭᠰᠡᠨ ᠰᠤᠷᠤᠭᠴᠢ ᠲᠠᠬᠢᠭ᠋ᠠᠳ ᠠᠯᠳᠠᠭ᠎ᠠ ᠭᠠᠷᠭ᠋ᠠᠬᠤ ᠪᠤᠯᠤᠯᠴᠠᠭ᠎ᠠ ᠴᠦ᠍ ᠦᠭᠡᠢ ᠶᠤᠮ᠃
      ᠭᠤᠷᠪᠠ᠎ᠳᠤ᠂ ᠰᠤᠷᠭ᠋ᠠᠭᠤᠯᠢ ᠵᠢᠨ ᠰᠤᠷᠭ᠋ᠠᠨ ᠭᠦᠮᠦᠵᠢᠯ᠎ᠤᠨ ᠦᠨᠳᠤᠰᠤ ᠪᠤᠯ ᠰᠤᠷᠤᠭᠴᠢᠳ᠎ᠢ 《ᠭᠦᠮᠦᠨ ᠪᠣᠯᠭ᠋ᠠᠬᠤ》 ᠠᠰᠠᠭᠤᠳᠠᠯ ᠶᠤᠮ᠃
      1. ᠰᠤᠷᠤᠭᠴᠢ ᠵᠢ᠎ᠪᠠᠨ 《ᠲᠡᠳᠡ ᠪᠤᠯ ᠲᠤᠰᠠᠭ᠋ᠠᠷ ᠤᠷᠤᠰᠢᠬᠤ ᠶᠢᠷᠳᠢᠨᠴᠦ》 ᠭᠡᠳᠡᠭ᠎ᠢ ᠵᠠᠪᠠᠯ ᠮᠡᠳᠡᠷᠡᠭᠦ ᠬᠡᠷᠡᠭᠳᠠᠢ᠃ ᠪᠠᠭᠰᠢ ᠵᠢᠨ ᠠ᠋ᠭᠦᠷᠭᠡ ᠬᠠᠷᠢᠭᠤᠴᠠᠯᠭ᠎ᠠ ᠪᠤᠯ ᠮᠡᠳᠡᠯᠭᠡ ᠤᠯᠠᠮᠵᠢᠯᠠᠭᠴᠢ ᠯᠡ ᠪᠢᠰᠢ᠂ ᠬᠠᠷᠢᠨ ᠠ᠋ᠭᠦᠨ᠎ᠤ᠎ᠪᠠᠨ ᠲᠠᠭ᠋ᠠᠤ᠎ᠳᠤ ᠥᠪᠡᠷ᠎ᠲᠤ ᠪᠤᠢ ᠪᠣᠯᠪᠠᠰᠤᠷᠠᠯ ᠭᠦᠮᠦᠵᠢᠯ᠎ᠤᠨ ᠤᠢ ᠪᠢᠯᠢᠭ ᠪᠤᠶᠤ ᠭᠡᠷᠡᠯ ᠭᠡᠭᠡ᠎ᠪᠠᠷ ᠵᠶ᠋ᠠᠨ ᠲᠡᠳᠡᠨ᠎ᠤ ᠣᠶᠤᠨ ᠰᠠᠨᠠᠭ᠋ᠠᠨ᠎ᠤ ᠶᠢᠷᠳᠢᠨᠴᠦ ᠵᠢ ᠭᠡᠬᠡᠨ ᠲᠤᠩᠭ᠋ᠠᠯᠠᠭ ᠪᠤᠯᠭ᠋ᠠᠵᠦ᠂ ᠨᠡᠩ ᠢᠯᠡᠭᠦᠦ ᠰᠠᠷᠠᠭᠤᠯ ᠠᠭᠤᠳᠠᠮ ᠶᠢᠷᠳᠢᠨᠴᠤ᠎ᠳᠤ ᠭᠦᠷᠭᠡᠭᠦ ᠵᠢ ᠬᠡᠯᠡᠳᠡᠭ ᠶᠤᠮ᠃ ᠬᠠᠷᠢᠨ ᠲᠡᠳᠡᠨᠤᠰ᠎ᠤᠨ ᠲᠤᠰᠠᠭ᠋ᠠᠷ ᠶᠢᠷᠳᠢᠨᠴᠦ ᠵᠢ ᠦᠭᠡᠢ᠍ᠢ᠍ᠰᠭᠡᠨ ᠥᠪᠡᠷ᠎ᠤᠨ ᠵᠶ᠋ᠠᠨ ᠶᠢᠷᠳᠢᠨᠴᠦ᠎ᠳᠤ ᠠᠪᠴᠢᠷᠠᠬᠤ ᠭᠡᠪᠡᠯ ᠦᠯᠢᠳᠭᠡᠰᠢ ᠦᠭᠡᠢ ᠪᠤᠰᠤᠷᠮᠠᠭ ᠦᠢ᠍ᠯᠡ ᠪᠤᠯᠵᠦ ᠰᠡᠳᠭᠢᠰᠢ ᠦᠭᠡᠢ ᠦᠷ᠎ᠡ ᠳ᠋ᠦᠩ᠂ ᠥᠭᠡᠷ᠎ᠡ᠎ᠪᠠᠷ ᠬᠡᠯᠡᠪᠡᠯ ᠥᠪᠡᠷ᠎ᠤᠨ ᠭᠡᠰᠡᠨ ᠦᠵᠡᠯ ᠪᠣᠳᠤᠯ ᠵᠶ᠋ᠠᠨ ᠠᠯᠳᠠᠭᠰᠠᠨ᠂ ᠪᠤᠰᠤᠳ᠎ᠤᠨ ᠦᠵᠡᠯ ᠰᠠᠨᠠᠭ᠋ᠠᠨ᠎ᠤ ᠪᠣᠭᠤᠯ ᠪᠣᠯᠤᠭᠰᠠᠨ ᠦᠬᠡᠨᠴᠡ ᠨᠢᠭᠡᠨ ᠦᠶ᠎ᠠ ᠵᠢ ᠭᠦᠮᠦᠵᠢᠭᠦᠯᠵᠤ ᠮᠠᠳᠠᠨ᠎ᠠ᠃
      2. ᠰᠤᠷᠭ᠋ᠠᠭᠤᠯᠢ ᠪᠤᠯᠤᠨ ᠪᠠᠭᠰᠢ ᠪᠤᠯ ᠰᠤᠷᠤᠭᠴᠢᠳ᠎ᠤᠨ ᠥᠪᠡᠷ᠎ᠤᠨ ᠭᠡᠷᠡᠯᠳᠦ ᠶᠢᠷᠳᠢᠨᠴᠦ᠎ᠳᠤ ᠨᠡᠪᠲᠡᠷᠡᠭᠦ᠎ᠳᠤ ᠵᠠᠮᠴᠢᠯᠠᠭᠴᠢ ᠪᠤᠶᠤ ᠴᠠᠮᠬᠠᠭ ᠪᠣᠯᠬᠤ ᠶᠤᠮ᠃ ᠰᠤᠷᠤᠭᠴᠢ ᠨᠢᠭᠡ ᠪᠦᠷᠢ ᠵᠢᠨ ᠭᠦᠰᠡᠯ ᠮᠦᠷᠥᠭᠡᠳᠤᠯ᠂ ᠠᠪᠢᠶᠠᠰ ᠪᠢᠯᠢᠭ᠎ᠢ᠎ᠨᠢ ᠬᠠᠢ᠍ᠢ᠍ᠨ ᠢᠯᠡᠷᠡᠭᠦᠯᠵᠦ᠂ ᠬᠢᠯᠪᠠᠷ ᠤᠢ᠍ᠢ᠍ᠯᠠᠭ᠋ᠠᠮᠵᠢᠳᠠᠢ ᠠᠷᠭ᠎ᠠ ᠵᠠᠮ ᠵᠶ᠋ᠠᠷ ᠥᠪᠡᠷ᠎ᠤᠨ ᠵᠶ᠋ᠠᠨ ᠶᠢᠷᠳᠢᠨᠴᠦ ᠤᠷᠤᠭᠤ ᠨᠡᠪᠲᠡᠷᠡᠭᠦ᠎ᠳᠤ᠎ᠨᠢ ᠲᠥᠬᠦᠮ ᠦᠵᠡᠭᠦᠯᠦᠭᠴᠢ ᠶᠤᠮ᠃
      ᠲᠠᠢ᠍ᠢ᠍ᠮᠦ ᠪᠤᠯᠬᠤᠷ ᠪᠠᠭᠰᠢ ᠪᠤᠯᠤᠭᠰᠠᠳ ᠴᠠᠭ ᠦᠶ᠎ᠡ ᠵᠢᠨ ᠠᠯᠬᠤᠮ ᠠᠢ᠍ᠢ᠍ᠵᠠᠮ᠎ᠳᠤ ᠵᠣᠬᠢᠴᠠᠭᠰᠠᠨ ᠭᠦᠮᠦᠨᠯᠢᠭ᠂ ᠠᠮᠢᠳᠤᠯᠢᠭ ᠴᠢᠯᠦᠭᠡᠳᠠᠢ᠂ ᠦᠨᠡᠨ ᠬᠦ᠌ ᠦᠷ᠎ᠡ ᠠᠰᠢᠭ᠎ᠲᠠᠢ ᠰᠤᠷᠭ᠋ᠠᠨ ᠭᠦᠮᠦᠵᠢᠯ᠎ᠤᠨ ᠰᠢᠨ᠎ᠡ ᠨᠢᠭᠡᠨ ᠵᠠᠮ ᠴᠢᠭᠯᠡᠯ᠎ᠢ ᠤᠯᠠᠮ ᠨᠢᠭᠡ ᠠᠯᠬᠤᠮ ᠬᠠᠢ᠍ᠢ᠍ᠨ ᠠ᠋ᠷᠢᠭᠦ ᠱᠠᠭ᠋ᠠᠷᠳᠠᠯᠭ᠎ᠠ ᠵᠢ ᠪᠠᠶᠠᠯᠠᠭᠦᠯᠭᠦ᠎ᠪᠠᠷ ᠴᠢᠷᠮᠠᠢ᠍ᠢ᠍ᠪᠠᠯ ᠵᠤᠬᠢᠨ᠎ᠠ᠃
       ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠣᠩᠨᠢᠭᠤᠳ ᠬᠣᠰᠢᠭᠤᠨ᠎ᠤ ᠰᠢᠨᠡᠰᠦ᠋ᠮ᠎ᠡ
                                 ᠶᠡᠷᠦᠩᠬᠡᠢ ᠪᠠᠭ᠎ᠠ ᠰᠤᠷᠭ᠋ᠠᠭᠤᠯᠢ
                                 (ᠠᠯᠳᠠᠨᠰᠦᠢ᠍ᠭᠡ ᠨᠠᠢ᠍ᠢ᠍ᠷᠠᠭᠤᠯᠪᠠ)
                                 2023.3 ᠳ᠋ᠤᠭ᠋ᠠᠷ ᠬᠤᠭᠤᠴᠠᠭ᠎ᠠ

 

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
《ᠬᠤᠶᠠᠷ᠎ᠢ ᠬᠦᠩᠬᠡᠷᠡᠭᠦᠯᠬᠦ》 ᠠᠬᠤᠢ ᠲᠤᠤᠷᠠᠬᠢ ᠠᠩᠬᠢ ᠠ᠋ᠷᠬᠢᠯᠡᠬᠦ ᠤᠬᠠᠭ᠋ᠠᠨ᠎ᠤ ᠲᠤᠬᠠᠢ ᠲᠤᠪᠴᠢᠠᠭᠨ ᠦᠭᠦᠯᠡᠬᠦ᠎ᠨᠢ
 
             蒙ICP备05000248号