ᠤᠷᠠᠯᠢᠬ

ᠰᠤᠷᠭ᠋ᠠᠭᠤᠯᠢ ᠵᠢᠨ ᠪᠦᠬᠦ ᠲᠠᠯ᠎ᠠ ᠵᠢᠨ ᠠᠵᠢᠯ᠎ᠤᠨ ᠢᠯᠭᠤᠮ ᠤᠷᠤᠠᠠᠰᠢᠳᠠᠢ ᠶᠠᠪᠤᠠᠠᠳᠠᠭ᠍ᠤ ᠠ᠋ᠰᠡᠬᠦ᠎ᠨᠢ ᠠᠩᠭᠢ ᠵᠢᠨ ᠠ᠋ᠷᠬᠢᠯᠡᠭᠴᠢ ᠵᠢᠨ ᠠᠵᠢᠯ᠎ᠲᠠᠢ ᠰᠢᠭᠤᠳ ᠬᠤᠯᠪᠤᠭ᠎ᠠ᠎ᠲᠠᠢ᠃ ᠠᠩᠭᠢ ᠵᠢᠨ ᠠ᠋ᠷᠬᠢᠯᠡᠭᠴᠢᠳ ᠲᠤᠰ ᠲᠤᠰ᠎ᠤᠨ ᠠᠩᠭᠢ ᠵᠢᠨ ᠬᠠᠮᠢᠶᠠᠷᠤᠯᠳᠠ᠂ ᠰᠤᠷᠤᠯᠴᠠᠯᠭ᠎ᠠ ᠬᠦᠮᠦᠵᠢᠯ᠂ ᠰᠤᠷᠤᠠᠠᠴᠢᠳ᠎ᠤᠨ ᠰᠤᠷᠤᠯᠴᠠᠵᠤ ᠠᠮᠢᠳᠤᠷᠠᠭ᠍ᠤ ᠤᠪᠤᠷ ᠢᠳᠡᠪᠬᠢᠵᠢᠯ ᠵᠡᠷᠭᠡ ᠵᠢ ᠰᠠᠶ᠋ᠢᠳᠤᠷ ᠲᠠᠶ᠋ᠢᠴᠢᠯᠠᠨ ᠵᠦᠪ ᠲᠤᠳᠤᠷᠬᠠᠢ ᠰᠤᠷᠤᠯᠴᠠᠭ᠍ᠤ ᠦᠵᠡᠯᠳᠡ ᠲᠠᠨᠢᠯᠳᠠ᠎ᠲᠠᠢ᠂ ᠦᠭᠡᠳᠡᠷᠭᠡᠭ ᠰᠡᠳᠬᠢᠯ᠎ᠲᠠᠢ ᠬᠠᠮᠳᠤ ᠨᠢᠭᠡᠴᠢ ᠪᠤᠯᠭ᠋ᠠᠨ ᠪᠦᠳᠦᠭᠡᠨ ᠪᠠᠶ᠋ᠢᠭᠤᠯᠵᠤ ᠴᠢᠳᠠᠪᠠᠯ ᠨᠢᠭᠡᠨ ᠰᠤᠷᠭ᠋ᠠᠭᠤᠯᠢ ᠵᠢᠨ ᠡᠯ᠎ᠡ ᠲᠠᠯ᠎ᠠ ᠵᠢᠨ ᠠᠵᠢᠯ ᠯᠠᠪᠳᠠᠢ ᠦᠷ᠎ᠡ ᠪᠦᠳᠦᠮᠵᠢ ᠰᠠᠶ᠋ᠢᠨ ᠪᠠᠶ᠋ᠢᠵᠤ᠂ ᠵᠢᠩᠬᠢᠨᠢ ᠠᠷᠠᠳ ᠲᠦᠮᠡᠨ᠎ᠳᠤ ᠬᠠᠨᠤᠮᠵᠢᠳᠠᠢ ᠰᠤᠷᠭ᠋ᠠᠨ ᠬᠦᠮᠤᠵᠢᠯ᠎ᠢ ᠶᠠᠪᠤᠠᠠᠳᠠᠭᠤᠯᠬᠤ᠎ᠳᠤ ᠲᠦᠯᠬᠢᠴᠡ ᠦᠢ᠍ᠯᠡᠳᠤᠯ ᠦᠵᠡᠬᠦᠯᠵᠤ ᠴᠢᠳᠠᠨ᠎ᠠ᠃
ᠲᠤᠤᠷ᠎ᠠ ᠪᠢ 《ᠭᠤᠷᠪᠠ ᠵᠢ ᠴᠢᠬᠤᠯᠠᠴᠢᠯᠠᠨ ᠨᠢᠭᠡ ᠵᠢ ᠲᠠᠶᠬᠠᠳᠠᠭ᠍ᠤ》 ᠠᠷᠭ᠎ᠠ ᠠᠪᠴᠠᠯ ᠵᠶ᠋ᠠᠷ ᠠᠩᠭᠢ᠎ᠪᠠᠨ ᠠ᠋ᠷᠬᠢᠯᠡᠵᠤ ᠢᠷᠡᠭᠰᠡᠨ ᠤᠯᠤᠯᠳᠠ ᠲᠦᠷᠦᠭᠳᠡᠯ ᠵᠶ᠋ᠠᠨ ᠲᠠ ᠤᠯᠠᠨ᠎ᠲᠠᠢ᠎ᠪᠠᠨ ᠬᠤᠪᠢᠶᠠᠯᠴᠠᠶ᠎ᠠ᠃
ᠨᠢᠭᠡ᠂ ᠰᠤᠷᠭ᠋ᠠᠭᠤᠯᠢ ᠵᠢᠨ ᠤᠳᠤᠷᠢᠳᠤᠯᠭ᠎ᠠ ᠵᠢᠯᠤᠭᠤᠳᠤᠯᠭ᠎ᠠ ᠲᠤᠤᠷ᠎ᠠ ᠠᠨᠭ᠌ᠬᠢ ᠵᠢᠨ ᠠ᠋ᠷᠬᠢᠯᠡᠭᠴᠢ ᠵᠢᠨ ᠠᠵᠢᠯ ᠵᠶ᠋ᠠᠨ ᠶᠠᠪᠤᠠᠠᠳᠠᠭᠤᠯᠬᠤ᠎ᠨᠢ ᠲᠤᠶ᠋ᠢᠯ᠎ᠤᠨ ᠴᠢᠬᠤᠯᠠ ᠪᠠᠶ᠋ᠢᠳᠠᠭ᠃ ᠰᠤᠷᠭ᠋ᠠᠭᠤᠯᠢ ᠵᠢᠨ ᠵᠦᠪ ᠤᠨᠤᠪᠴᠢᠳᠠᠢ ᠤᠳᠤᠷᠢᠳᠤᠯᠭ᠎ᠠ᠂ ᠬᠤᠪᠢ ᠪᠡᠶ᠎ᠡ ᠵᠢᠨ ᠰᠤᠷᠤᠯᠴᠠᠯᠭ᠎ᠠ ᠴᠢᠷᠮᠠᠶ᠋ᠢᠯᠭ᠎ᠠ᠂ ᠡᠯ᠎ᠡ ᠲᠦᠷᠦᠯ᠎ᠤᠨ ᠬᠢᠴᠢᠶᠡᠯ᠎ᠤᠨ ᠪᠠᠭᠰᠢ ᠨᠠᠷ᠎ᠤᠨ ᠬᠠᠮᠳᠤ ᠵᠢᠨ ᠴᠢᠷᠮᠠᠶ᠋ᠢᠯᠭ᠎ᠠ᠎ᠪᠠᠷ ᠪᠤᠯᠪᠠᠰᠤᠨ ᠰᠠᠶ᠋ᠢᠬᠠᠨ ᠮᠤᠷᠠᠯ ᠰᠤᠷᠳᠠᠭ᠍ᠤᠨ᠂ ᠵᠦᠪ ᠶᠢᠷᠳᠢᠨᠴᠤ ᠵᠢᠨ ᠦᠵᠡᠯᠳᠡ᠂ ᠵᠦᠪ ᠠᠮᠢᠳᠤᠷᠠᠭ᠍ᠤᠢ ᠵᠢᠨ ᠦᠵᠡᠯᠳᠡ᠂ ᠵᠦᠪ ᠦᠷᠳᠡᠭ᠎ᠤᠨ ᠦᠵᠡᠯᠳᠡ᠂ ᠨᠠᠶ᠋ᠢᠳᠠᠴᠢ ᠦᠵᠡᠯ ᠤᠬᠠᠮᠰᠠᠷ᠂ ᠤᠯᠤᠰ ᠤᠷᠤᠨ ᠵᠶ᠋ᠠᠨ ᠬᠠᠶ᠋ᠢᠷᠠᠯᠠᠭ᠍ᠤ ᠬᠦᠮᠦᠵᠢᠯ᠎ᠢ ᠠ᠋ᠳᠤᠷ ᠲᠤᠳᠤᠮ᠎ᠤᠨ ᠵᠢᠭ᠋ᠠᠨ ᠰᠤᠷᠭ᠋ᠠᠯᠳᠠ᠂ ᠬᠦᠳᠡᠯᠪᠤᠷᠢ ᠠᠵᠢᠯᠯᠠᠭ᠎ᠠ ᠲᠤᠮᠳᠠ ᠦᠷᠬᠦᠯᠵᠢ ᠵᠢᠨ ᠴᠢᠨᠠᠷᠳᠠᠢ ᠦᠷᠨᠢᠬᠦᠯᠬᠦ ᠵᠢ ᠪᠠᠷᠢᠮᠳᠠᠯᠠᠭ᠍ᠤ ᠬᠡᠷᠡᠭᠳᠠᠢ᠃ ᠵᠢᠱ᠌ᠢᠶᠡᠯᠡᠪᠡᠯ᠂ ᠪᠠᠭᠰᠢ ᠠᠬᠠᠮᠠᠳ᠎ᠲᠠᠢ᠎ᠪᠠᠨ ᠮᠡᠨᠳᠦᠴᠢᠯᠡᠬᠦ᠂ ᠨᠠᠶ᠋ᠢᠵᠠ ᠨᠦᠬᠦᠳ ᠵᠶ᠋ᠠᠨ ᠬᠠᠯᠠᠮᠵᠢᠯᠠᠨ ᠬᠠᠪᠰᠤᠷᠬᠤ᠂ ᠪᠡᠶ᠎ᠡ ᠰᠡᠳᠬᠢᠴᠡ᠎ᠪᠠᠨ ᠲᠤᠬᠢᠷᠠᠭᠤᠯᠬᠤ ᠵᠢ ᠰᠤᠷᠬᠤ᠂ ᠨᠠᠮ ᠵᠢᠮ ᠬᠤᠭᠤᠯᠠᠯᠠᠵᠤ᠂ ᠪᠦᠷᠢᠯᠭᠡᠬᠦ ᠵᠢ ᠲᠡᠪᠴᠢᠬᠦ᠂ ᠠᠩᠭᠢ ᠵᠢᠨ ᠭᠡᠷ ᠤᠨ ᠨᠠᠮ ᠵᠢᠮ᠎ᠢ ᠪᠠᠳᠤᠯᠠᠵᠤ ᠰᠤᠷᠤᠯᠴᠠᠯᠭ᠎ᠠ ᠵᠢ ᠲᠡᠭᠡᠳᠦᠯᠡᠬᠦ᠂ ᠦᠳᠡ ᠤᠷᠤᠢ ᠵᠢᠨ ᠠᠮᠠᠷᠠᠯᠳᠠ᠎ᠳᠤ ᠨᠤᠮ᠎ᠲᠠᠢ ᠬᠠᠨᠢᠯᠠᠭ᠍ᠤ᠂ ᠭᠠᠷᠤᠨ ᠠᠶ᠎ᠠ᠎ᠪᠠᠷ ᠬᠤᠭ ᠨᠤᠪᠰᠢ ᠵᠢ ᠲᠡᠬᠦᠵᠤ᠂ ᠴᠡᠪᠡᠷ ᠰᠠᠶ᠋ᠢᠬᠠᠨ ᠰᠤᠷᠭ᠋ᠠᠭᠤᠯᠢ ᠵᠢᠨ ᠬᠦᠷᠢᠶ᠎ᠡ ᠵᠢ ᠴᠤᠠᠠᠴᠠᠯᠠᠬᠤ᠎ᠪᠠᠷ ᠰᠤᠷᠤᠠᠠᠴᠢᠳ ᠵᠶ᠋ᠠᠨ ᠱᠠᠭ᠋ᠠᠷᠳᠠᠵᠤ᠂ ᠲᠤᠰ ᠵᠠᠷᠴᠢᠮ᠎ᠤᠨ ᠴᠠᠭ᠋ᠠᠨᠠᠬᠢ ᠤᠳᠬ᠎ᠠ ᠠᠭᠤᠯᠭ᠎ᠠ ᠵᠢ ᠨᠠᠷᠢᠨ ᠲᠠᠶ᠋ᠢᠯᠪᠤᠷᠢᠯᠡᠵᠤ ᠮᠦᠨ ᠪᠡᠶᠡᠴᠢᠯᠡᠨ ᠤᠶ᠋ᠢᠯᠠᠭ᠋ᠠᠭᠤᠯᠬᠤ᠎ᠪᠠᠷ ᠲᠠᠮᠵᠢᠨ ᠰᠤᠷᠤᠠᠠᠴᠢᠳ᠎ᠤᠨ ᠵᠶ᠋ᠠᠨ ᠤᠶ᠋ᠢᠯᠡ ᠠᠵᠢᠯᠯᠠᠭ᠎ᠠ ᠵᠢ ᠲᠦᠷᠢᠮᠵᠢᠬᠦᠯᠵᠤ᠂ ᠨᠢᠭᠡᠨ ᠪᠠᠭᠰᠢ ᠠᠬᠠᠮᠠᠳ ᠵᠶ᠋ᠠᠨ ᠬᠦᠨᠳᠦᠳᠭᠡᠭᠰᠡᠨ᠂ ᠨᠠᠶ᠋ᠢᠵᠠ ᠨᠦᠬᠦᠳ᠎ᠲᠠᠢ᠎ᠪᠠᠨ ᠠ᠋ᠶ᠎ᠡ ᠪᠦᠯᠬᠦᠮᠳᠡᠯ᠎ᠲᠠᠢ᠂ ᠨᠡᠶ᠋ᠢᠭᠡᠮ ᠨᠡᠶ᠋ᠢᠳᠡ ᠵᠢᠨ ᠬᠠᠷᠢᠭᠤᠴᠠᠯᠭ᠋ᠠᠳᠤ ᠰᠡᠳᠬᠢᠯ ᠵᠶ᠋ᠠᠷ ᠴᠢᠩᠭ᠎ᠠ᠂ ᠵᠦᠪ ᠦᠵᠡᠯ ᠪᠤᠳᠤᠯ᠎ᠲᠠᠢ᠂ ᠰᠤᠷᠤᠯᠭ᠎ᠠ ᠠᠮᠢᠳᠤᠷᠠᠯ᠎ᠳᠤ᠎ᠪᠠᠨ ᠦᠭᠡᠳᠡᠷᠭᠡᠭ ᠦᠵᠡᠯ᠎ᠲᠠᠢ ᠭᠦᠮᠦᠨ ᠪᠤᠯᠭ᠋ᠠᠨ ᠬᠦᠮᠦᠵᠢᠭᠦᠯᠬᠦ ᠵᠢ ᠴᠢᠬᠤᠯᠠᠴᠢᠯᠠᠪᠠ᠃
ᠬᠤᠶᠠᠷ᠂ ᠬᠢᠴᠢᠶᠡᠯᠯᠡᠭᠴᠢ ᠪᠠᠭᠰᠢ ᠨᠠᠷ᠎ᠲᠠᠢ᠎ᠪᠠᠨ ᠢᠳᠡᠪᠬᠢᠳᠠᠢ ᠬᠠᠮᠵᠢᠯᠴᠠᠭ᠍ᠤ ᠵᠢ ᠴᠢᠬᠤᠯᠠᠴᠢᠯᠠᠨ ᠠᠩᠬᠠᠷᠬᠤ ᠭᠡᠷᠡᠭᠳᠠᠢ᠃ ᠠᠩᠬᠢ ᠵᠢᠨ ᠠ᠋ᠷᠬᠢᠯᠡᠭᠴᠢ ᠪᠤᠯᠤᠠᠠᠰᠠᠳ ᠠ᠋ᠷᠭᠡᠪᠰᠢ ᠤᠬᠠᠮᠰᠠᠷ᠎ᠠᠴᠠ᠎ᠪᠠᠨ ᠢᠳᠡᠪᠬᠢᠳᠠᠢ᠎ᠪᠠᠷ ᠡᠯ᠎ᠡ ᠬᠢᠴᠢᠶᠡᠯ ᠲᠦᠷᠦᠯ᠎ᠤᠨ ᠪᠠᠭᠰᠢ ᠨᠠᠷ᠎ᠲᠠᠢ᠎ᠪᠠᠨ ᠨᠢᠠᠠᠳᠠ ᠤᠶᠠᠯᠳᠤᠨ ᠬᠠᠮᠵᠢᠯᠴᠠᠭ᠍ᠤ ᠵᠢ ᠬᠦᠨᠳᠤᠳᠭᠡᠨ ᠪᠠᠷᠢᠮᠳᠠᠯᠠᠪᠠᠯ ᠰᠠᠶ᠋ᠢᠨ᠃ ᠪᠦᠬᠦ ᠬᠢᠴᠢᠶᠡᠯ ᠲᠦᠷᠦᠯ᠎ᠤᠨ ᠪᠠᠭᠰᠢ ᠨᠠᠷ ᠲᠢ ᠪᠦᠯᠬᠦᠮᠳᠡᠨ ᠨᠢᠠᠠᠳᠠᠷᠠᠵᠤ ᠴᠢᠳᠠᠪᠠᠯ ᠲᠤᠰ ᠠᠩᠭᠢ ᠵᠢᠨ ᠡᠯ᠎ᠡ ᠲᠠᠯ᠎ᠠ ᠵᠢᠨ ᠬᠦᠮᠦᠵᠢᠯ ᠪᠤᠯᠪᠠᠰᠤᠷᠠᠯ᠂ ᠰᠤᠷᠤᠯᠭ᠎ᠠ ᠮᠤᠷᠠᠯ᠂ ᠪᠦᠬᠦ ᠲᠠᠯ᠎ᠠ ᠵᠢᠨ ᠠᠵᠢᠯ ᠠᠮᠵᠢᠯᠳᠠ᠎ᠲᠠᠢ ᠶᠠᠪᠤᠠᠠᠳᠠᠨ ᠰᠤᠷᠤᠠᠠᠴᠢᠳ᠎ᠤᠨ ᠦᠰᠦᠨ ᠪᠤᠶ᠋ᠢᠵᠢᠯᠳᠠ᠎ᠳᠤ ᠲᠤᠶ᠋ᠢᠯ᠎ᠤᠨ ᠰᠠᠶ᠋ᠢᠨ ᠨᠦᠬᠦᠴᠡᠯ ᠪᠤᠯᠤᠮᠵᠢ ᠵᠢ ᠬᠠᠨᠭ᠌ᠭ᠋ᠠᠬᠤ ᠪᠤᠯᠤᠨ᠎ᠠ᠃ ᠪᠢ ᠠ᠋ᠬᠢᠯᠡᠨ ᠠᠩᠭᠢ ᠵᠢᠨ ᠠ᠋ᠷᠬᠢᠯᠡᠭᠴᠢ ᠪᠤᠯᠬᠤ ᠦᠶᠡᠰ᠂ ᠬᠠᠮᠢᠭ᠎ᠠ᠎ᠠᠴᠠ ᠠ᠋ᠬᠢᠯᠡᠨ ᠬᠡᠷᠬᠢᠨ ᠠᠵᠢᠯᠯᠠᠭ᠍ᠤ᠂ ᠰᠤᠷᠤᠠᠠᠴᠢᠳᠢ ᠶᠠᠭ᠋ᠠᠬᠢᠵᠤ ᠵᠢᠯᠤᠭᠤᠳᠬᠤ᠂ ᠭᠡᠷ᠎ᠤᠨ ᠠᠬᠠᠮᠠᠳ᠎ᠲᠠᠢ ᠬᠡᠷᠬᠢᠨ ᠬᠠᠷᠢᠴᠠᠭ᠍ᠤ ᠵᠡᠷᠭᠡ ᠲᠤᠬᠠᠢ ᠶᠠᠮᠠᠷ ᠴᠤ᠌ ᠲᠤᠷᠰᠢᠯᠭ᠎ᠠ ᠦᠭᠡᠢ ᠪᠠᠶ᠋ᠢᠵᠠᠢ᠃ ᠠᠬᠠᠮᠠᠳ ᠪᠠᠭᠰᠢ ᠨᠠᠷ᠎ᠠᠴᠠ᠎ᠪᠠᠨ ᠠᠰᠠᠭᠤᠨ ᠰᠤᠷᠤᠯᠴᠠᠭ᠍ᠤ ᠲᠤᠮᠳᠠ᠎ᠠᠴᠠ ᠬᠡᠷᠬᠢᠨ ᠰᠠᠶ᠋ᠢᠨ ᠠᠩᠭᠢ ᠵᠢᠨ ᠠ᠋ᠷᠬᠢᠯᠡᠭᠴᠢ ᠪᠤᠯᠬᠤ᠂ ᠦᠪᠡᠷᠮᠢᠴᠠ ᠤᠨᠴᠠᠯᠢᠭ᠎ᠲᠠᠢ ᠰᠤᠷᠤᠠᠠᠴᠢ ᠵᠢ ᠬᠡᠷᠬᠢᠨ ᠬᠦᠮᠦᠵᠢᠬᠦᠯᠬᠦ᠂ ᠰᠡᠳᠬᠢᠴᠡ ᠵᠢᠨ ᠠᠰᠠᠭᠤᠳᠠᠯ᠎ᠲᠠᠢ ᠰᠤᠷᠤᠠᠠᠴᠢ ᠵᠢ ᠭᠡᠷᠬᠢᠨ ᠵᠢᠯᠤᠭᠤᠳᠪᠠᠯ ᠦᠷ᠎ᠡ ᠠᠰᠢᠭ ᠰᠠᠶ᠋ᠢᠨ ᠪᠤᠯᠬᠤ᠂ ᠰᠤᠷᠤᠠᠠᠴᠢᠳ᠎ᠤᠨ ᠡᠯ᠎ᠡ ᠵᠤᠶ᠋ᠢᠯ᠎ᠤᠨ ᠠᠰᠠᠭᠤᠯᠳᠠ᠎ᠳᠤ ᠶᠠᠮᠠᠷ ᠬᠠᠷᠢᠭᠤᠯᠳᠠ ᠦᠭᠪᠡᠯ ᠬᠠᠮᠤᠭ᠎ᠤᠨ ᠲᠤᠬᠢᠷᠠᠮᠵᠢᠳᠠᠢ ᠪᠤᠯᠬᠤ᠂ ᠠᠩᠭᠢ ᠨᠢᠭᠡᠴᠢ᠎ᠳᠤ ᠢᠯᠡᠷᠡᠭᠰᠡᠨ ᠠᠰᠠᠭᠤᠳᠠᠯ᠎ᠢ ᠬᠡᠷᠬᠢᠨ ᠡᠪᠯᠢᠭ ᠰᠢᠢ᠍ᠳᠪᠤᠷᠢᠯᠡᠬᠦ ᠬᠡᠬᠦ ᠮᠡᠳᠤ ᠤᠯᠠᠨ ᠠᠰᠠᠭᠤᠳᠠᠯ᠎ᠢ ᠬᠠᠮᠤᠭ᠎ᠤᠨ ᠬᠢᠯᠪᠠᠷ ᠬᠠᠮᠤᠭ᠎ᠤᠨ ᠵᠤᠬᠢᠴᠠᠩᠭᠤᠢ ᠠᠷᠭ᠎ᠠ ᠪᠠᠷᠢᠯ ᠵᠶ᠋ᠠᠷ ᠰᠢᠢ᠍ᠳᠪᠤᠷᠢᠯᠡᠬᠦ ᠵᠢ ᠰᠤᠷᠤᠠᠠᠰᠠᠨ᠎ᠠᠴᠠ ᠮᠢᠨᠤ ᠠᠩᠭᠢ ᠵᠢᠨ ᠠᠵᠢᠯ ᠤᠯᠠᠨ ᠪᠠᠭᠰᠢ ᠨᠠᠷ᠎ᠤᠨ ᠬᠠᠶ᠋ᠢᠷ᠎ᠠ ᠬᠠᠯᠠᠮᠵᠢ ᠬᠠᠯᠠᠰᠢᠷᠠᠯ ᠦᠬᠡᠢ ᠬᠠᠪᠰᠤᠷᠤᠯᠭ᠎ᠠ ᠲᠤᠤᠷ᠎ᠠ ᠲᠤᠩ ᠢᠯᠭᠤᠮ ᠰᠠᠶ᠋ᠢᠨ ᠶᠠᠪᠤᠠᠠᠳᠠᠭᠰᠠᠨ ᠪᠠᠶ᠋ᠢᠨ᠎ᠠ᠃ ᠵᠢᠱ᠌ᠢᠶᠡᠯᠡᠪᠡᠯ᠂ ᠬᠢᠴᠢᠶᠡᠯᠯᠡᠬᠦ ᠶᠠᠪᠤᠴᠠ ᠲᠤᠮᠳᠠ ᠪᠤᠰᠤᠳ᠎ᠠᠴᠠ ᠤᠨᠴᠠᠭ᠋ᠠᠶ᠋ᠢᠷᠠᠵᠤ ᠠᠭ᠋ᠠᠰᠢᠯᠠᠳᠠᠭ ᠰᠤᠷᠤᠠᠠᠴᠢ ᠵᠢᠨ ᠠᠰᠠᠭᠤᠳᠠᠯ᠎ᠢ ᠰᠢᠢ᠍ᠳᠪᠤᠷᠢᠯᠡᠬᠦ ᠦᠶ᠎ᠡ᠎ᠳᠤ ᠵᠦᠪᠭᠡᠨ ᠲᠡᠬᠦᠨ᠎ᠤ ᠠᠯᠳᠠᠭ᠎ᠠ᠎ᠳᠤᠨᠢ ᠴᠢᠭᠯᠡᠬᠦᠯᠦᠨ ᠰᠢᠬᠦᠮᠵᠢᠯᠡᠬᠦ ᠪᠢᠰᠢ᠂ ᠬᠠᠷᠢᠨ ᠲᠤᠰ ᠰᠤᠷᠤᠠᠠᠴᠢ ᠵᠢᠨ ᠪᠠᠶ᠎ᠠ ᠲᠡᠭᠡᠷ᠎ᠡ ᠠ᠋ᠶ᠋ᠢᠮᠤᠷᠬᠦᠤ ᠦᠵᠡᠭᠳᠡᠯ ᠢᠯᠡᠷᠡᠵᠤ ᠪᠠᠶ᠋ᠢᠭ᠎ᠠ ᠵᠢᠨ ᠦᠨᠳᠤᠰᠤ ᠰᠢᠯᠳᠠᠭ᠋ᠠᠨ᠎ᠢ ᠨᠠᠷᠢᠨ ᠠᠵᠢᠠᠠᠯᠠᠵᠤ ᠰᠦᠪᠡᠭᠴᠢᠯᠡᠵᠤ ᠪᠠᠶ᠋ᠢᠮᠠᠨᠵᠢᠨ ᠪᠤᠳᠠᠳᠠᠢ᠎ᠳᠤᠨᠢ ᠲᠤᠬᠢᠷᠬᠠᠰᠠᠨ ᠠᠷᠭ᠎ᠠ ᠠᠪᠴᠠᠯ᠎ᠢ ᠠᠪᠤᠠᠠᠰᠠᠨ ᠵᠡᠷᠭᠡ ᠪᠤᠢ᠃
ᠭᠤᠷᠪᠠ᠂ ᠭᠡᠷ᠎ᠤᠨ ᠠᠬᠠᠮᠠᠳ᠎ᠲᠠᠢ ᠨᠢᠠᠠᠳᠠ ᠤᠶᠠᠯᠳᠤᠬᠤ ᠵᠢ ᠠᠩᠬᠠᠷᠬᠤ᠎ᠨᠢ ᠴᠢᠬᠤᠯᠠ᠃
ᠠᠩᠬᠢ ᠵᠢᠨ ᠠ᠋ᠷᠬᠢᠯᠡᠭᠴᠢ ᠵᠢᠨ ᠠᠵᠢᠯ᠎ᠢ ᠰᠠᠶ᠋ᠢᠳᠤᠷ ᠪᠡᠶᠡᠯᠡᠬᠦᠯᠬᠦ᠎ᠳᠤ ᠦᠷᠭᠡᠨ ᠤᠯᠠᠨ ᠭᠡᠷ᠎ᠤᠨ ᠠᠬᠠᠮᠠᠳ᠎ᠤᠨ ᠬᠠᠪᠰᠤᠷᠤᠯᠭ᠎ᠠ ᠲᠡᠮᠵᠢᠯᠭᠡ᠎ᠳᠤ ᠲᠦᠰᠢᠭᠯᠡᠬᠦ ᠪᠤᠯ ᠲᠤᠶ᠋ᠢᠯ᠎ᠤᠨ ᠴᠢᠬᠤᠯᠠ ᠪᠠᠶ᠋ᠢᠳᠠᠭ᠃ ᠤᠳᠤᠬᠢ ᠤᠯᠠᠩᠬᠢ ᠰᠤᠷᠤᠠᠠᠴᠢ᠎ᠨᠢ ᠠᠶ᠋ᠢᠯ ᠠ᠋ᠷᠦᠭᠡ ᠵᠢᠨ ᠭᠠᠭᠴᠠ ᠬᠡᠥᠭᠡᠳ ᠪᠤᠶᠤ ᠬᠤᠶᠠᠷ ᠬᠡᠥᠭᠡᠳ᠎ᠤᠨ ᠨᠢᠭᠡᠨ ᠪᠠᠶ᠋ᠢᠭ᠎ᠠ᠃ ᠭᠡᠷ ᠪᠦᠯᠢ᠎ᠳᠤ᠎ᠪᠠᠨ ᠠ᠋ᠷᠭᠡ ᠲᠠᠩᠭᠢ᠂ ᠪᠤᠰᠤᠳ᠎ᠲᠠᠢ ᠡᠪᠳᠠᠢ ᠰᠠᠶ᠋ᠢᠬᠠᠨ ᠨᠠᠶ᠋ᠢᠵᠠᠯᠠᠵᠤ ᠬᠤᠷᠰᠢᠬᠤ ᠲᠠᠯ᠎ᠠ᠎ᠪᠠᠷ ᠪᠠᠷᠤᠠᠠᠳᠠᠢ᠂ ᠠᠵᠢᠯ ᠬᠦᠳᠡᠯᠮᠤᠷᠢ ᠵᠢᠨ ᠡᠪ ᠲᠦᠢ ᠵᠢ ᠡᠵᠡᠮᠰᠢᠭᠰᠡᠨ ᠲᠠᠯ᠎ᠠ᠎ᠪᠠᠷ ᠠᠨᠠᠶ᠋ᠢᠬᠠᠨ᠂ ᠲᠤᠰ ᠲᠤᠰ᠎ᠤᠨ ᠦᠪᠡᠷᠮᠢᠴᠡ ᠤᠨᠴᠠᠯᠢᠭ ᠵᠠᠩ ᠠᠷᠠᠨᠰᠢᠨ᠎ᠲᠠᠢ᠂ ᠪᠤᠰᠤᠳ ᠵᠶ᠋ᠠᠷ ᠬᠡᠯᠡᠬᠦᠯᠬᠦ ᠲᠤᠷ᠎ᠠ ᠦᠭᠡᠢ᠂ ᠰᠤᠷᠤᠯᠭ᠎ᠠ ᠠᠮᠢᠳᠤᠷᠠᠯ᠎ᠳᠤ ᠬᠠᠨᠳᠤᠬᠤ ᠤᠪᠤᠷ ᠦᠵᠡᠯᠳᠡ ᠠᠳᠠᠯᠢ ᠪᠤᠰᠤ᠂ ᠭᠡᠷ ᠪᠦᠯᠢ ᠵᠢᠨ ᠦᠰᠦᠨ ᠪᠤᠶ᠋ᠢᠵᠢᠠᠠᠰᠠᠨ ᠤᠷᠴᠢᠨ ᠨᠦᠬᠦᠴᠡᠯ ᠵᠦᠷᠢᠶ᠎ᠡ᠎ᠲᠠᠢ᠂ ᠦᠭᠡᠷ᠎ᠡ᠎ᠪᠠᠷ ᠬᠡᠯᠡᠪᠡᠯ 《ᠠᠪᠤ ᠵᠢᠨ ᠬᠦᠤ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ》 ᠭᠡᠳᠡᠭᠴᠢᠯᠡᠨ ᠠ᠋ᠳᠡᠭᠡᠷ ᠰᠤᠷᠤᠠᠠᠴᠢ ᠵᠢ ᠨᠢᠭᠡ ᠠᠩᠭᠢ ᠵᠢᠨ ᠪᠠᠭᠰᠢ ᠵᠢᠯᠤᠭᠤᠳᠤᠨ ᠬᠦᠮᠦᠵᠢᠬᠦᠯᠬᠦ ᠪᠤᠯ ᠮᠠᠰᠢ ᠬᠦᠴᠢᠷ ᠲᠦᠪᠡᠭ᠎ᠲᠠᠢ ᠠᠵᠢᠯ ᠮᠦᠨ᠃ ᠠ᠋ᠶ᠋ᠢᠮᠤ᠎ᠠᠴᠠ ᠵᠠᠪᠠᠯ ᠰᠤᠷᠤᠠᠠᠴᠢ ᠪᠦᠷᠢ ᠵᠢᠨ ᠭᠡᠷ᠎ᠤᠨ ᠠᠬᠠᠮᠠᠳ᠎ᠲᠠᠢ ᠨᠢᠠᠠᠳᠠ ᠤᠶᠠᠯᠳᠤᠨ ᠲᠡᠳᠡᠨ᠎ᠢ ᠢᠯᠡᠬᠦᠤ ᠰᠤᠷᠪᠤᠯᠵᠢᠯᠠᠵᠤ᠂ ᠠᠩᠭᠢ ᠵᠢᠨ ᠰᠤᠷᠤᠠᠠᠴᠢᠳ᠎ᠤᠨ ᠵᠶ᠋ᠠᠨ ᠪᠤᠳᠠᠳᠠᠢ ᠪᠠᠶ᠋ᠢᠳᠠᠯ᠎ᠢ ᠤᠶ᠋ᠢᠯᠠᠭ᠋ᠠᠨ ᠵᠠᠳᠠᠯᠵᠤ ᠲᠠᠨᠢᠠᠠᠰᠠᠨ ᠰᠠᠭᠤᠷᠢᠨ ᠲᠡᠭᠡᠷ᠎ᠡ ᠰᠤᠷᠤᠭᠴᠢ᠎ᠪᠠᠨ ᠬᠦᠮᠦᠵᠢᠬᠦᠯᠬᠦ ᠵᠢ ᠠᠩᠬᠠᠷᠤᠯ᠎ᠳᠤ᠎ᠪᠠᠨ ᠠᠪᠤᠪᠠᠯ ᠪᠢᠳᠡᠨ᠎ᠤ ᠰᠤᠷᠭ᠋ᠠᠨ ᠬᠦᠮᠦᠵᠢᠯ ᠵᠢᠭ᠋ᠠᠨ ᠰᠤᠷᠭ᠋ᠠᠯᠳᠠ ᠵᠢᠨ ᠠᠵᠢᠯ ᠵᠶ᠋ᠠᠨ ᠶᠠᠪᠤᠠᠠᠳᠠᠭᠤᠯᠬᠤ᠎ᠳᠤ ᠲᠤᠶ᠋ᠢᠯ᠎ᠤᠨ ᠠᠰᠢᠠᠠᠳᠠᠢ ᠶᠤᠮ᠃ ᠵᠢᠱ᠌ᠢᠶᠡᠯᠡᠪᠡᠯ᠂ ᠵᠠᠷᠢᠮ ᠰᠤᠷᠤᠠᠠᠴᠢ ᠲᠦᠷᠢᠮ ᠲᠤᠠᠠᠳᠠᠭ᠋ᠠᠯᠢ ᠵᠦᠷᠢᠴᠡᠭᠰᠡᠨ ᠪᠤᠶᠤ ᠨᠦᠯᠦᠭᠡ ᠲᠤᠰᠬᠠᠯ ᠠᠨᠠᠢ ᠦᠢ᠍ᠯᠡ ᠠᠵᠢᠯᠯᠠᠭ᠎ᠠ ᠬᠢᠭᠰᠡᠨ ᠦᠶ᠎ᠡ᠎ᠳᠤ ᠵᠦᠪᠭᠡᠨ ᠰᠤᠷᠤᠠᠠᠴᠢ ᠵᠢ ᠰᠢᠬᠦᠮᠵᠢᠯᠡᠬᠦ᠂ ᠰᠢᠢ᠍ᠳᠭᠡᠨ ᠲᠤᠷᠭ᠋ᠠᠬᠤ ᠵᠡᠷᠭᠡ ᠰᠢᠢ᠍ᠳᠪᠤᠷᠢᠯᠡᠬᠦ ᠠᠷᠭ᠎ᠠ ᠠᠪᠬᠤ ᠪᠢᠰᠢ᠂ ᠨᠡᠩ ᠴᠢᠬᠤᠯᠠ᠎ᠨᠢ ᠠ᠋ᠨᠡ ᠬᠦ᠌ ᠰᠤᠷᠤᠭᠴᠢ ᠵᠢᠨ ᠭᠡᠷ᠎ᠤᠨ ᠠᠬᠠᠮᠠᠳ᠎ᠲᠠᠢ ᠰᠠᠶ᠋ᠢᠳᠤᠷ ᠶᠠᠷᠢᠯᠴᠠᠵᠤ᠂ ᠲᠤᠰ ᠰᠤᠷᠤᠭᠴᠢ ᠵᠢᠨ ᠦᠰᠦᠨ ᠪᠤᠶ᠋ᠢᠵᠢᠭᠰᠠᠨ ᠦᠩᠭᠡᠷᠡᠯᠳᠡ᠂ ᠵᠠᠩ ᠠᠷᠠᠨᠰᠢᠨ᠂ ᠠᠢ᠍ᠢ᠍ᠯ ᠭᠡᠷᠲᠠᠬᠢ ᠶᠡᠷᠦᠩᠭᠡᠢ ᠪᠠᠶ᠋ᠢᠳᠠᠯ᠎ᠢ᠎ᠨᠢ ᠤᠶ᠋ᠢᠯᠠᠭ᠋ᠠᠨ ᠮᠡᠳᠡᠵᠤ᠂ ᠠ᠋ᠭᠦᠨ᠎ᠳᠤ ᠰᠠᠭᠤᠷᠢᠯᠠᠨ ᠦᠨᠳᠦᠰᠦ ᠰᠢᠯᠳᠠᠭ᠋ᠠᠨ᠎ᠳᠤᠨᠢ ᠴᠢᠭᠯᠡᠭᠦᠯᠦᠨ ᠪᠤᠳᠠᠳᠠᠢ᠎ᠪᠠᠷ ᠰᠢᠢ᠍ᠳᠪᠦᠷᠢᠯᠡᠪᠡᠯ ᠰᠠᠶᠢ ᠰᠤᠷᠭ᠋ᠠᠨ ᠬᠦᠮᠦᠵᠢᠭᠦᠯᠬᠦ ᠵᠤᠷᠢᠯᠭ᠎ᠠ᠎ᠳᠤ᠎ᠪᠠᠨ ᠬᠦᠷᠴᠤ ᠴᠢᠳᠠᠨ᠎ᠠ᠃ ᠠ᠋ᠰᠡ ᠲᠡᠶ᠋ᠢᠮᠦ ᠪᠤᠯ ᠬᠡᠳᠡᠷᠬᠦ ᠦᠢ᠍ᠯᠡᠳᠦᠯ ᠦᠵᠡᠭᠦᠯᠬᠦ ᠮᠠᠭ᠋ᠠᠳ᠃ ᠢᠢ᠍ᠮᠦ᠎ᠠᠴᠠ ᠰᠤᠷᠤᠭᠴᠢ ᠪᠤᠯᠭ᠋ᠠᠨ᠎ᠤ ᠤᠨᠴᠠᠯᠢᠭ᠎ᠠᠴᠠ ᠠ᠋ᠭᠦᠰᠦᠨ ᠠᠰᠠᠭᠤᠳᠠᠯ᠎ᠢ ᠰᠢᠢ᠍ᠳᠪᠦᠷᠢᠯᠡᠬᠦ᠎ᠨᠢ ᠪᠠᠰᠠ ᠴᠤ᠌ ᠵᠠᠩᠭᠢᠯᠠᠭ᠎ᠠ ᠪᠤᠯᠤᠨ᠎ᠠ᠃
ᠲᠥᠷᠪᠡ᠂ ᠰᠤᠷᠤᠭᠴᠢᠳ᠎ᠢ ᠠᠯᠪᠠᠳᠠᠨ ᠱᠠᠭ᠋ᠠᠷᠳᠠᠭ᠍ᠤ᠎ᠠᠴᠠ ᠠ᠋ᠷᠡᠰ ᠵᠠᠶ᠋ᠢᠯᠠᠰᠬᠢᠬᠤ ᠬᠡᠷᠡᠭᠳᠠᠢ᠃ 《ᠴᠠᠭ ᠦᠶ᠎ᠡ ᠬᠦᠮᠦᠨ᠎ᠢ ᠲᠦᠷᠦᠭᠦᠯᠳᠡᠭ》 ᠬᠡᠳᠡᠭᠴᠢᠯᠡᠨ ᠤᠳᠤᠬᠢ ᠴᠠᠭ ᠦᠶ᠎ᠡ ᠵᠢᠨ ᠰᠤᠷᠤᠭᠴᠢ ᠵᠢᠨ ᠦᠵᠡᠯ ᠪᠤᠳᠤᠯ᠂ ᠠᠮᠢᠳᠤᠷᠠᠯ᠎ᠤᠨ ᠲᠤᠷᠰᠢᠯᠭ᠎ᠠ᠂ ᠠᠯᠢᠪᠠ ᠪᠦᠭᠦᠨ ᠤᠤᠯ᠎ᠤᠨ ᠰᠤᠷᠤᠭᠴᠢᠳ᠎ᠠᠴᠠ ᠮᠠᠰᠢ ᠶᠡᠭᠡ ᠵᠦᠷᠢᠶ᠎ᠡ᠎ᠲᠠᠢ ᠪᠤᠯᠤᠭᠰᠠᠨ᠎ᠢ ᠪᠠᠭᠰᠢ ᠪᠤᠯᠤᠭᠰᠠᠨ ᠪᠢᠳᠡ ᠵᠠᠪᠠᠯ ᠰᠡᠷᠡᠵᠤ ᠲᠠᠨᠢᠭᠰᠠᠨ ᠪᠠᠶ᠋ᠢᠬᠤ ᠬᠡᠷᠡᠭᠳᠠᠢ᠃ ᠤᠳᠤ ᠵᠢᠨ ᠰᠤᠷᠤᠭᠴᠢᠳ 《ᠪᠠᠭᠰᠢ᠎ᠳᠤ᠎ᠪᠠᠨ ᠪᠠᠭᠰᠢ ᠪᠤᠯᠵᠤ ᠴᠢᠳᠠᠭ᠍ᠤ ᠲᠠᠪᠠᠭᠤᠯᠢᠭ ᠲᠠᠯ᠎ᠠ ᠤᠯᠠᠨ ᠪᠠᠶ᠋ᠢᠳᠠᠭ》᠎ᠢ ᠪᠢᠳᠡ ᠬᠦᠯᠢᠶᠡᠨ ᠠᠪᠴᠤ ᠴᠢᠳᠠᠭᠰᠠᠨ ᠪᠠᠶ᠋ᠢᠬᠤ ᠬᠡᠷᠡᠭᠳᠠᠢ᠃ ᠦᠭᠡᠷ᠎ᠡ᠎ᠪᠠᠷ ᠬᠡᠯᠡᠪᠡᠯ ᠠᠯᠢ ᠨᠢᠬᠡᠨ ᠰᠤᠷᠤᠭᠴᠢ᠎ᠨᠢ ᠠᠯᠢ ᠨᠢᠬᠡᠨ ᠲᠠᠯ᠎ᠠ᠎ᠪᠠᠷ ᠨᠠᠳᠠ᠎ᠳᠤ ᠯᠠᠪᠳᠠᠢ ᠪᠠᠭᠰᠢ ᠪᠤᠯᠵᠤ ᠴᠢᠳᠠᠭ᠍ᠤ ᠬᠢᠷᠢ ᠬᠡᠮ ᠪᠠᠶ᠋ᠢᠳᠠᠭ᠎ᠢ ᠪᠢᠳᠡ ᠦᠪᠡᠷ ᠵᠶ᠋ᠠᠨ ᠰᠡᠷᠡᠵᠤ ᠮᠡᠳᠡᠷᠡᠵᠤ ᠪᠠᠶ᠋ᠢᠪᠠᠯ ᠰᠤᠷᠤᠭᠴᠢᠳ ᠵᠶ᠋ᠠᠨ ᠬᠦᠮᠦᠵᠢᠭᠦᠯᠬᠦ ᠦᠶ᠎ᠡ᠎ᠳᠤ ᠪᠢᠳᠡᠨ᠎ᠤ ᠬᠠᠷᠠᠭ᠋ᠠᠰᠦ ᠪᠠᠰᠠ ᠨᠢᠬᠡ ᠥᠭᠡᠷ᠎ᠡ ᠪᠤᠯᠬᠤ᠎ᠨᠢ ᠯᠠᠪᠳᠠᠢ᠃ ᠢᠨᠭ᠌ᠬᠢᠪᠠᠯ ᠪᠢᠳᠡ ᠰᠤᠷᠤᠭᠴᠢᠳ ᠵᠶ᠋ᠠᠨ 《ᠢᠩᠭᠢ ᠴᠢᠩᠭᠢ᠂ ᠪᠤᠯᠤᠨ᠎ᠠ ᠪᠤᠯᠬᠤ ᠦᠬᠡᠢ᠂ ᠵᠦᠪ ᠪᠤᠷᠤᠭᠤ》 ᠬᠡᠬᠦ ᠮᠡᠳᠦ ᠱᠠᠭ᠋ᠠᠷᠳᠠᠨ ᠠᠯᠪᠠᠳᠠᠭ᠍ᠤ ᠶᠠᠪᠤᠳᠠᠯ ᠯᠠᠪᠳᠠᠢ ᠤᠷᠤᠰᠢᠬᠤ ᠦᠬᠡᠢ ᠪᠤᠯᠤᠨ᠎ᠠ᠃ ᠤᠴᠢᠷ᠎ᠨᠢ ᠮᠢᠨᠤ ᠰᠤᠷᠤᠭᠴᠢᠳ ᠪᠤᠯ ᠪᠠᠭ᠎ᠠ ᠨᠠᠰᠤᠨ᠎ᠤ ᠬᠡᠤᠭᠡᠳ ᠪᠢᠰᠢ᠂ ᠬᠠᠷᠢᠨ ᠤᠬᠠᠮᠰᠠᠷ ᠲᠠᠨᠢᠯᠳᠡ ᠨᠡᠯᠢᠶᠡᠳ ᠦᠨᠳᠦᠷ᠂ ᠦᠪᠡᠷ᠎ᠤᠨ ᠬᠡᠰᠡᠨ ᠦᠵᠡᠯ ᠪᠤᠳᠤᠯ᠎ᠲᠠᠢ᠂ ᠵᠤᠬᠢᠬᠤ ᠬᠡᠮᠵᠢᠶᠡᠨ᠎ᠤ ᠪᠤᠯᠪᠠᠰᠤᠷᠠᠯ ᠲᠠᠳᠬᠠᠯ᠎ᠲᠠᠢ ᠲᠡᠭᠡᠳᠦ ᠲᠤᠮᠳᠠᠳᠤ ᠵᠢᠨ 《ᠲᠤᠮᠤ ᠬᠦᠮᠦᠰ》 ᠪᠠᠶ᠋ᠢᠭ᠎ᠠ᠃ ᠢᠢ᠍ᠮᠦ᠎ᠠᠴᠠ ᠪᠢ ᠠ᠋ᠨᠡ ᠨᠢᠬᠡᠨ ᠦᠶ᠎ᠡ ᠵᠢᠨ᠎ᠬᠢᠨ᠎ᠢ ᠲᠠᠭ᠋ᠠᠭᠤᠯᠤᠨ ᠵᠢᠯᠤᠭᠤᠳᠬᠤ᠎ᠳᠤ᠎ᠪᠠᠨ ᠪᠠᠭ᠎ᠠ ᠰᠤᠷᠭ᠋ᠠᠭᠤᠯᠢ ᠵᠢᠨ ᠰᠤᠷᠤᠭᠴᠢ᠎ᠳᠤ ᠬᠠᠨᠳᠤᠵᠤ ᠪᠠᠶ᠋ᠢᠭ᠎ᠠ ᠠᠳᠠᠯᠢ 《ᠪᠤᠰ᠂ ᠰᠠᠭᠤ᠂ ᠪᠢᠴᠢ᠂ ᠤᠩᠰᠢ᠂ ᠢᠩᠭᠢ ᠴᠢᠩᠭᠢ》 ᠬᠡᠬᠦ ᠮᠡᠳᠦᠴᠢᠯᠡᠨ ᠠᠯᠪᠠᠳᠠᠨ ᠱᠠᠭ᠋ᠠᠷᠳᠠᠵᠤ ᠰᠤᠷᠭ᠋ᠠᠨ ᠬᠦᠮᠦᠵᠢᠭᠦᠯᠬᠦ᠎ᠠᠴᠠ ᠬᠢᠴᠢᠶᠡᠪᠡ᠃ ᠦᠷᠭᠦᠯᠵᠢ ᠰᠤᠷᠤᠭᠴᠢᠳ᠎ᠤᠨ ᠵᠶ᠋ᠠᠨ ᠰᠠᠨᠠᠯ ᠪᠤᠳᠤᠯ᠎ᠢ ᠰᠤᠨᠤᠰᠬᠤ᠂ ᠬᠤᠪᠢᠶᠠᠯᠴᠠᠭ᠍ᠤ᠂ ᠬᠡᠷᠬᠢᠨ ᠰᠢᠢ᠍ᠳᠪᠦᠷᠢᠯᠡᠬᠦ ᠠᠷᠭ᠎ᠠ ᠪᠠᠷᠢᠯ᠎ᠢ ᠪᠡᠶ᠎ᠡ᠎ᠪᠠᠷ᠎ᠨᠢ ᠲᠤᠭᠳᠠᠭ᠋ᠠᠯᠭ᠋ᠠᠬᠤ᠂ ᠨᠦᠬᠦᠳ ᠵᠠᠭᠤᠷ᠎ᠠ᠎ᠪᠠᠨ ᠬᠡᠷᠬᠢᠨ ᠬᠠᠪᠰᠤᠷᠤᠯᠴᠠᠵᠤ ᠬᠠᠯᠠᠮᠵᠢᠯᠠᠭ᠍ᠤ᠂ ᠠᠯᠢ ᠲᠦᠷᠦᠯ᠎ᠤᠨ ᠠᠵᠢᠯᠯᠠᠭ᠎ᠠ ᠬᠦᠳᠡᠯᠪᠦᠷᠢ᠎ᠳᠤ ᠬᠡᠨ ᠰᠠᠶ᠋ᠢᠨ ᠲᠤᠷ᠎ᠠ᠎ᠠᠴᠠ᠎ᠪᠠᠨ ᠤᠷᠤᠯᠴᠠᠭ᠍ᠤ᠂ ᠬᠡᠷᠬᠢᠨ ᠤᠷᠤᠯᠴᠠᠭ᠍ᠤ᠂ ᠰᠤᠷᠤᠯᠭ᠎ᠠ ᠠᠮᠢᠳᠤᠷᠠᠯ᠎ᠤᠨ ᠪᠠᠶᠠᠷ ᠪᠠᠶᠠᠰᠤᠯ ᠵᠶ᠋ᠠᠨ ᠬᠡᠷᠬᠢᠨ ᠬᠤᠪᠢᠶᠠᠯᠴᠠᠭ᠍ᠤ᠂ ᠠ᠋ᠶ᠎ᠡ ᠡᠪᠳᠠᠢ ᠬᠤᠷᠰᠢᠨ ᠰᠤᠷᠤᠯᠴᠠᠭ᠍ᠤ ᠠᠵᠠ ᠵᠢᠷᠭ᠋ᠠᠯ᠎ᠢ ᠭᠡᠷᠬᠢᠨ ᠮᠡᠳᠡᠷᠡᠬᠦ᠂ ᠬᠡᠷᠬᠢᠨ ᠨᠠᠨᠳᠢᠩᠨᠠᠭ᠍ᠤ ᠬᠡᠬᠦ ᠮᠡᠳᠦ ᠠᠯᠢᠪᠠ᠎ᠳᠤ ᠰᠤᠷᠤᠭᠴᠢᠳ᠎ᠤᠨ ᠪᠡᠶ᠎ᠡ᠎ᠪᠠᠨ ᠲᠠᠭ᠋ᠠᠭ᠋ᠠᠬᠤ ᠵᠢ ᠭᠦᠨᠳᠤᠳᠭᠡᠵᠦ᠂ ᠪᠠᠭᠰᠢ ᠲᠡᠷᠭᠡᠳᠡᠠᠴᠠᠨᠢ ᠬᠦᠳᠦᠯᠦᠨ ᠰᠠᠨᠠᠭᠤᠯᠵᠤ ᠰᠡᠩᠭᠡᠷᠡᠬᠦᠯᠵᠤ ᠢᠷᠡᠪᠡ᠃ ᠢᠢ᠍ᠮᠦᠷᠬᠦᠤ ᠪᠤᠳᠠᠳᠠᠢ ᠠᠷᠭ᠎ᠠ᠎ᠨᠤᠭᠤᠳ᠎ᠢ ᠠᠪᠴᠤ ᠢᠷᠡᠭᠰᠡᠨ᠎ᠠᠴᠠ ᠮᠠᠨ᠎ᠤ ᠠᠨᠭ᠌ᠬᠢ ᠵᠢᠨ ᠰᠤᠷᠤᠭᠴᠢᠳ᠎ᠤᠨ ᠤᠯᠠᠨ ᠨᠡᠶ᠋ᠢᠳᠡ ᠵᠢᠨ ᠠᠵᠢᠯᠯᠠᠭ᠎ᠠ ᠬᠦᠳᠡᠯᠪᠦᠷᠢ᠎ᠳᠤ ᠤᠷᠤᠯᠴᠠᠭ᠍ᠤ ᠤᠬᠠᠮᠰᠠᠷ ᠲᠠᠨᠢᠯᠳᠡ ᠢᠳᠡᠪᠬᠢᠵᠢᠯ᠂ ᠤᠷᠤᠯᠴᠠᠭᠰᠠᠨ᠎ᠤ ᠰᠡᠭᠦᠯᠡᠷᠬᠢ ᠤᠯᠤᠯᠳᠡ ᠪᠦᠷ ᠦᠪᠡᠷ ᠦᠪᠡᠷ᠎ᠤᠨ ᠦᠩᠭᠡ ᠪᠤᠳᠤᠭ᠎ᠲᠠᠢ ᠪᠠᠶ᠋ᠢᠵᠤ᠂ ᠲᠡᠳᠡᠨ᠎ᠤ ᠠᠮᠢᠳᠤᠷᠠᠯ ᠰᠤᠷᠤᠯᠴᠠᠯᠭ᠎ᠠ᠎ᠳᠤ ᠬᠠᠨᠳᠤᠬᠤ ᠤᠪᠤᠷ ᠦᠵᠡᠯᠳᠡ ᠪᠠᠰᠠ ᠨᠢᠬᠡᠨ ᠲᠡᠭᠳᠡᠷ᠎ᠲᠤ ᠬᠦᠷᠴᠦ ᠴᠢᠳᠠᠭᠰᠠᠨ᠎ᠢ ᠤᠯᠵᠤ ᠮᠡᠳᠡᠭᠰᠡᠨ ᠪᠠᠶ᠋ᠢᠨ᠎ᠠ᠃ ᠵᠢᠱ᠌ᠢᠶᠡᠯᠡᠪᠡᠯ᠂ ᠰᠤᠷᠭ᠋ᠠᠭᠤᠯᠢ᠎ᠠᠴᠠ ᠵᠤᠬᠢᠶᠠᠨ ᠪᠠᠶ᠋ᠢᠭᠤᠯᠤᠭᠰᠠᠨ ᠶᠠᠮᠠᠷ ᠨᠢᠬᠡᠨ ᠤᠷᠤᠯᠳᠤᠭ᠋ᠠᠨ ᠮᠦᠷᠦᠶ᠋ᠢᠴᠡᠭᠡᠨ᠎ᠳᠤ ᠤᠷᠤᠯᠴᠠᠭ᠍ᠤ᠎ᠳᠤ ᠪᠢᠳᠡᠨ᠎ᠤ ᠴᠢᠳᠠᠪᠤᠷᠢ ᠴᠢᠳᠠᠴᠠ᠂ ᠪᠤᠳᠠᠳᠠᠢ ᠰᠠᠭᠤᠷᠢ ᠨᠦᠬᠦᠴᠡᠯ ᠪᠦᠷᠢᠮᠦᠰᠦᠨ ᠪᠤᠰᠤᠳ᠎ᠢ ᠬᠦᠷᠬᠦ ᠦᠬᠡᠢ ᠪᠠᠶ᠋ᠢᠵᠤ ᠪᠤᠯᠤᠨ᠎ᠠ᠂ ᠵᠠᠪᠠᠯ ᠲᠡᠷᠢᠭᠦᠨ ᠲᠡᠳ᠋ᠢ ᠲᠡᠮᠡᠴᠡᠬᠦ᠎ᠪᠠᠷ ᠵᠤᠷᠢᠬᠤ ᠪᠢᠰᠢ᠂ ᠬᠠᠷᠢᠨ ᠠ᠋ᠷᠭᠡᠪᠰᠢ ᠦᠪᠡᠷ᠎ᠤᠨ ᠬᠢᠷᠢ ᠴᠢᠳᠠᠪᠤᠷᠢ ᠨᠦᠬᠦᠴᠡᠯ ᠪᠤᠯᠤᠯᠴᠠᠭ᠋ᠠᠨ ᠲᠤᠳᠤᠷ᠎ᠠ᠎ᠪᠠᠨ ᠬᠠᠮᠤᠭ᠎ᠤᠨ ᠶᠡᠭᠡ ᠴᠢᠳᠠᠯ ᠵᠶ᠋ᠠᠷ ᠵᠶ᠋ᠠᠨ ᠪᠤᠯᠪᠠᠰᠤᠷᠠᠵᠤ ᠴᠢᠷᠮᠠᠶ᠋ᠢᠬᠤ ᠵᠢ ᠪᠠᠳᠤᠯᠠᠵᠤ᠂ ᠥᠪᠡᠷ᠎ᠢ᠎ᠪᠠᠨ ᠢᠯᠠᠨ ᠲᠠᠪᠠᠭ᠍ᠤ᠎ᠪᠠᠷ ᠴᠢᠷᠮᠠᠶ᠋ᠢᠵᠤ ᠪᠠᠶ᠋ᠢᠪᠠᠯ ᠡᠴᠦᠰ᠎ᠤᠨ ᠦᠷ᠎ᠡ ᠳ᠋ᠦᠩ ᠶᠠᠮᠠᠷ ᠪᠠᠶ᠋ᠢᠭᠰᠠᠨ ᠴᠦ᠍ ᠮᠠᠨ᠎ᠤ ᠴᠢᠷᠮᠠᠶ᠋ᠢᠯᠭ᠎ᠠ ᠦᠨ᠎ᠡ ᠥᠷᠳᠡᠭ᠎ᠲᠠᠢ ᠮᠦᠷᠳᠡᠭᠡᠨ ᠤᠳᠬ᠎ᠠ ᠠᠭᠤᠯᠭ᠎ᠠ᠎ᠲᠠᠢ ᠬᠡᠭᠴᠢ ᠵᠢ ᠬᠠᠮᠳᠤ᠎ᠪᠠᠷ ᠰᠡᠭᠡᠭᠡᠷᠡᠨ ᠤᠬᠠᠭ᠋ᠠᠷᠠᠪᠠ᠃ ᠪᠠᠰᠠ ᠵᠢᠱ᠌ᠢᠶᠡᠯᠡᠪᠡᠯ᠂ ᠠᠯᠢ ᠨᠢᠬᠡᠨ ᠬᠦᠴᠢᠷᠳᠡᠯ᠎ᠲᠠᠢ ᠨᠡᠶ᠋ᠢᠵᠡᠪᠠᠨ ᠲᠡᠮᠵᠢᠬᠦ᠎ᠪᠠᠷ ᠪᠤᠳᠤᠪᠠᠯ ᠬᠦᠮᠦᠨ ᠪᠦᠭᠦᠨ ᠵᠠᠪᠠᠯ ᠠ᠋ᠬᠡᠬᠡ ᠠᠳᠠᠯᠢᠬᠠᠨ ᠵᠤᠭᠤᠰ ᠮᠦᠩᠭᠦ᠎ᠪᠠᠷ ᠲᠤᠰᠠᠯᠠᠭ᠍ᠤ ᠪᠢᠰᠢ᠂ ᠵᠠᠷᠢᠮ ᠰᠤᠷᠤᠭᠴᠢ ᠵᠢᠨ ᠭᠡᠷ᠎ᠤᠨ ᠠᠮᠢᠳᠤᠷᠠᠯ᠎ᠨᠢ ᠲᠤᠰᠠᠯᠠᠮᠵᠢ ᠬᠦᠷᠳᠡᠵᠤ ᠪᠠᠶ᠋ᠢᠭ᠎ᠠ ᠨᠠᠶ᠋ᠢᠵᠠᠠᠴᠠᠪᠠᠨ ᠪᠠᠰᠠ ᠬᠦᠴᠢᠷᠳᠠᠢ᠂ ᠲᠡᠭᠡᠪᠡᠯ ᠶᠠᠭ᠋ᠠᠬᠢᠵᠤ ᠲᠡᠳᠡᠨ᠎ᠢ ᠲᠤᠰᠠᠯᠠᠨ᠎ᠠ ᠪᠤᠢ? ᠬᠡᠪᠡᠯ᠂ ᠦᠪᠡᠷ᠎ᠤᠨ ᠭᠠᠯ ᠬᠠᠯᠠᠭᠤᠨ ᠰᠡᠳᠬᠢᠯ᠎ᠤᠨ ᠦᠬᠡ᠂ ᠦᠷᠦᠪᠴᠢ ᠵᠦᠭᠡᠯᠡᠨ ᠬᠠᠷᠠᠴᠠ᠂ ᠰᠠᠶ᠋ᠢᠬᠠᠨ ᠰᠠᠨᠠᠭ᠎ᠠ᠎ᠪᠠᠷ ᠵᠶ᠋ᠠᠨ ᠨᠠᠶ᠋ᠢᠵᠠ᠎ᠪᠠᠨ ᠲᠡᠮᠵᠢᠬᠦ᠎ᠳᠤ ᠮᠥᠨ ᠤᠳᠬ᠎ᠠ ᠠᠭᠤᠯᠭ᠎ᠠ᠎ᠲᠠᠢ᠂ ᠤᠶᠤᠨ ᠰᠠᠨᠠᠭ᠋ᠠᠨ᠎ᠤ ᠵᠤᠷᠢᠭ ᠵᠢᠪᠬᠤᠭ᠎ᠠ ᠨᠡᠮᠡᠷᠢᠯᠡᠵᠤ᠂ ᠨᠠᠶ᠋ᠢᠵᠠ᠎ᠪᠠᠨ ᠬᠠᠯᠠᠮᠵᠢᠯᠡᠨ ᠬᠠᠪᠰᠤᠷᠤᠭᠰᠠᠨ᠎ᠳᠤ ᠲᠤᠭ᠋ᠠᠴᠠᠭᠳᠠᠨ᠎ᠠ ᠬᠡᠳᠡᠭ᠎ᠢ ᠲᠡᠳᠡᠨ᠎ᠳᠤ ᠪᠤᠳᠠᠳᠠᠢ ᠠᠵᠢᠯᠯᠠᠭ᠎ᠠ᠎ᠪᠠᠷ ᠵᠶ᠋ᠠᠨ ᠰᠡᠷᠡᠨ ᠮᠡᠳᠡᠷᠡᠭᠦᠯᠪᠡ᠃
ᠶᠡᠷᠦᠩᠭᠡᠶ᠋ᠢᠯᠡᠭᠡᠳ ᠬᠡᠯᠡᠪᠡᠯ ᠠᠩᠭᠢ ᠵᠢᠨ ᠠ᠋ᠷᠬᠢᠯᠡᠭᠴᠢ ᠵᠢᠨ ᠠᠵᠢᠯ ᠪᠤᠯ ᠲᠤᠶ᠋ᠢᠯ᠎ᠤᠨ ᠶᠠᠳᠠᠷᠠᠯᠲᠠᠢ ᠮᠦᠷᠳᠡᠭᠡᠨ ᠬᠠᠳᠠᠭᠤᠵᠢᠯᠲᠠᠢ ᠠᠵᠢᠯ ᠮᠥᠨ᠃ ᠮᠦᠨ ᠴᠦ᠍ ᠠᠵᠠ ᠵᠢᠷᠭ᠋ᠠᠯ᠎ᠲᠠᠢ ᠮᠦᠷᠳᠡᠭᠡᠨ ᠠᠭᠤᠤ ᠶᠡᠭᠡ ᠠᠵᠢᠯ ᠮᠥᠨ᠃ ᠠ᠋ᠨᠡ ᠬᠦ᠌ ᠠᠵᠢᠯ᠎ᠢ ᠢᠯᠭᠤᠮ ᠰᠠᠶ᠋ᠢᠬᠠᠨ ᠶᠠᠪᠤᠭᠳᠠᠭᠤᠯᠬᠤ ᠵᠢ ᠠᠩᠭᠢ ᠵᠢᠨ ᠠ᠋ᠷᠬᠢᠯᠡᠭᠴᠢ ᠪᠤᠯᠤᠭᠰᠠᠳ ᠠ᠋ᠷᠬᠡᠪᠰᠢ ᠰᠤᠷᠭ᠋ᠠᠭᠤᠯᠢ᠂ ᠭᠡᠷ ᠪᠦᠯᠢ᠂ ᠬᠢᠴᠢᠶᠡᠯᠯᠡᠭᠴᠢ ᠪᠠᠭᠰᠢ ᠨᠢᠭᠡ ᠪᠦᠷᠢ᠎ᠲᠠᠢ ᠨᠢᠠᠠᠳᠠ ᠤᠶᠠᠯᠳᠤᠨ ᠰᠤᠷᠤᠭᠴᠢ ᠨᠢᠭᠡ ᠪᠦᠷᠢ ᠵᠢᠨ ᠪᠤᠳᠠᠳᠠᠢ ᠪᠠᠶ᠋ᠢᠳᠠᠯ᠎ᠢ ᠤᠶ᠋ᠢᠯᠠᠭ᠋ᠠᠨ ᠡᠵᠡᠮᠳᠡᠵᠤ᠂ ᠦᠪᠡᠷ᠎ᠤᠨ ᠵᠢᠭ᠋ᠠᠨ ᠰᠤᠷᠭ᠋ᠠᠬᠤ ᠵᠢᠯᠤᠭᠤᠳᠤᠨ ᠲᠠᠭ᠋ᠠᠭᠤᠯᠬᠤ ᠠᠷᠭ᠎ᠠ ᠪᠠᠷᠢᠯ ᠵᠶ᠋ᠠᠨ ᠵᠦᠪ ᠲᠤᠭᠳᠠᠭ᠋ᠠᠵᠤ ᠦᠪᠡᠷ᠎ᠤᠨ ᠪᠡᠶ᠎ᠡ᠎ᠪᠠᠷ ᠵᠶ᠋ᠠᠨ ᠵᠦᠪ ᠬᠡᠪ ᠲᠠᠭᠤᠷᠢᠶᠠᠯ ᠪᠤᠯᠵᠤ ᠲᠡᠳᠡᠨ᠎ᠢ ᠢᠷᠡᠭᠡᠳᠦᠢ᠎ᠳᠤ ᠪᠤᠯᠪᠠᠰᠤᠨ ᠮᠤᠷᠠᠯ ᠰᠤᠷᠳᠠᠭ᠍ᠤᠨ᠎ᠲᠠᠢ᠂ ᠵᠦᠪ ᠦᠵᠡᠯ ᠪᠤᠳᠤᠯ᠎ᠲᠠᠢ᠂ ᠵᠦᠪ ᠠ᠋ᠨ᠋ᠸᠷᠬᠢ᠎ᠲᠠᠢ᠂ ᠪᠡᠶ᠎ᠡ ᠰᠡᠳᠬᠢᠴᠡ ᠠ᠋ᠷᠡᠭᠦᠯ ᠰᠠᠷᠠᠭᠤᠯ᠂ ᠤᠯᠤᠰ ᠦᠨᠳᠦᠰᠦᠳᠡᠨ᠎ᠳᠤ᠎ᠪᠠᠨ ᠬᠠᠶ᠋ᠢᠷᠠᠳᠠᠢ ᠰᠢᠨ᠎ᠡ ᠴᠠᠭ ᠦᠶ᠎ᠡ ᠵᠢᠨ ᠬᠢᠷᠢ ᠲᠡᠩᠴᠡᠭᠰᠡᠨ ᠠ᠋ᠷᠭᠡ᠎ᠳᠦ ᠠᠷᠠᠳ ᠪᠤᠯᠬᠤ᠎ᠳᠤ ᠰᠠᠶ᠋ᠢᠨ ᠰᠠᠭᠤᠷᠢ ᠵᠢ ᠲᠠᠯᠪᠢᠵᠤ ᠦᠭᠬᠦ᠎ᠪᠠᠷ ᠬᠠᠮᠳᠤ᠎ᠪᠠᠷ ᠴᠢᠷᠮᠠᠶ᠋ᠢᠪᠠᠯ ᠵᠤᠬᠢᠨ᠎ᠠ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠦᠭᠡᠬᠤᠳᠠ ᠵᠢᠨ ᠭᠤᠴᠢᠳᠤᠭ᠋ᠠᠷ
ᠲᠤᠮᠳᠠᠳᠤ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)