ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠨᠣᠷ᠎ᠤᠨ ᠰᠠᠴᠣᠷᠠᠭ
ᠵᠢᠨᠭᠬᠢᠨᠢ ᠰᠤᠷᠤᠯᠴᠠᠬᠤ ᠠᠷᠭ᠎ᠠ ᠭᠡᠳᠡᠭ ᠶᠠᠭᠤ ᠪᠤᠢ
ᠨᠡᠶ᠋ᠢᠲᠡᠯᠡᠭᠰᠡᠨ ᠴᠠᠭ᠄ 2021-06-16

                                          ᠸᠠᠨ ᠸᠸᠢ ᠭᠠᠩ


     2017 ᠤᠨ᠎ᠳᠤ ᠠᠮᠸᠷᠢᠺᠠ ᠵᠢᠨ ᠰᠤᠷᠭ᠋ᠠᠨ ᠭᠦᠮᠦᠵᠢᠯ᠎ᠤᠨ ᠰᠤᠳᠤᠯᠭ᠋ᠠᠨ ᠭᠡᠤᠭᠡᠳ᠎ᠤᠨ ᠠᠨᠭ᠌ᠬᠠᠨ᠎ᠤ ᠰᠤᠷᠭ᠋ᠠᠨ ᠭᠦᠮᠦᠵᠢᠯ᠎ᠤᠨ ᠵᠢᠮ᠎ᠠ ᠬᠠᠤᠯᠢ ᠪᠤᠯᠬᠤ 《ᠵᠤᠯᠭ᠋ᠠᠷᠠᠯᠳᠠ ᠵᠢᠨ ᠦᠢ᠍ᠯᠠᠴᠢᠯᠡᠭᠡ》 ᠭᠡᠳᠡᠭ᠎ᠢ ᠲᠤᠷᠠᠳᠴᠠᠢ᠃ ᠠ᠋ᠨᠡ ᠵᠢᠮ᠎ᠠ ᠬᠠᠤᠯᠢ᠎ᠳᠤ ᠭᠡᠷᠪᠡ ᠴᠢ ᠰᠤᠷᠤᠭᠴᠢᠳ᠎ᠲᠤ ᠵᠠᠷᠢᠮ ᠮᠠᠳᠠᠯᠭᠡ ᠵᠢ ᠮᠠᠰᠢ ᠲᠦᠷᠭᠡᠨ ᠵᠶ᠋ᠠᠷ ᠴᠢᠳᠬᠤᠨ ᠰᠤᠷᠭ᠋ᠠᠬᠤ᠎ᠳᠤ ᠭᠦᠷᠪᠡᠯ ᠰᠤᠷᠤᠭᠴᠢ ᠦᠨᠠᠭᠡᠷ ᠦᠳᠳᠡᠷ ᠲᠦᠷᠭᠡᠨ ᠵᠶ᠋ᠠᠷ ᠰᠢᠯᠢᠳᠡᠭ ᠬᠢᠷᠢ ᠪᠦᠳᠤᠮᠵᠢ ᠵᠢ ᠤᠯᠳᠠᠬ᠃ ᠭᠡᠪᠡᠴᠤ ᠠ᠋ᠨᠡ ᠭᠦ᠌ ᠲᠠᠪᠠᠭᠤᠯᠢᠬ᠎ᠨᠢ ᠲᠠᠮᠠᠢ ᠤᠳᠠᠯ ᠦᠭᠡᠢ ᠵᠤᠯᠭ᠋ᠠᠷᠠᠨ ᠠᠷᠢᠯᠳᠠᠬ᠃ ᠲᠠᠳᠡᠭᠡᠷ ᠮᠠᠳᠠᠯᠭᠡ ᠵᠢ ᠪᠤᠰᠤᠳ ᠭᠦᠮᠦᠰ ᠴᠤ᠌ ᠡᠴᠤᠰ᠎ᠲᠤ᠎ᠪᠠᠨ ᠰᠤᠷᠴᠤ ᠴᠢᠳᠠᠳᠠᠬ᠃ ᠭᠡᠳᠡᠯ᠎ᠡ ᠠ᠋ᠮᠦᠨᠡᠬᠢ᠎ᠨᠢ ᠨᠦᠭᠡᠴᠡ ᠭᠦᠴᠦᠨ ᠵᠶ᠋ᠠᠷ ᠭᠦᠢ᠍ᠴᠡᠳ ᠪᠢᠰᠢ ᠪᠠᠢ᠍ᠢ᠍ᠳᠠᠬ᠃ ᠦᠨᠠᠨ᠎ᠳᠤ᠎ᠪᠠᠨ 《ᠵᠤᠯᠭ᠋ᠠᠷᠠᠯᠳᠠ ᠵᠢᠨ ᠦᠢ᠍ᠯᠠᠴᠢᠯᠡᠭᠡ》᠎ᠨᠢ ᠵᠦᠪᠭᠡᠨ ᠠ᠋ᠷᠳᠠ ᠦᠶ᠎ᠠ ᠵᠢᠨ ᠰᠤᠷᠭ᠋ᠠᠨ ᠭᠦᠮᠦᠵᠢᠯ᠎ᠳᠤ ᠬᠢᠵᠠᠭ᠋ᠠᠷᠯᠠᠭᠳᠠᠬᠤ ᠪᠢᠰᠢ ᠬᠠᠷᠢᠨ ᠪᠤᠢ ᠪᠦᠭᠦᠢ ᠰᠤᠷᠭ᠋ᠠᠨ ᠭᠦᠮᠦᠵᠢᠯ᠎ᠳᠤ ᠪᠦᠷ ᠤᠷᠤᠰᠢᠵᠤ ᠪᠠᠢ᠍ᠢ᠍ᠳᠠᠬ᠃
      ᠤᠴᠢᠷ᠎ᠨᠢ ᠲᠦᠪᠯᠠᠷᠠᠭᠦᠯᠦᠨ ᠴᠢᠳᠬᠤᠭᠰᠠᠨ ᠮᠠᠳᠠᠯᠭᠡ ᠪᠤᠯ ᠪᠦᠷ 《ᠪᠢᠳᠡᠭᠦᠮᠵᠢᠯᠡᠭᠰᠡᠨ ᠭᠡᠯᠪᠠᠷᠢᠳᠤ》 ᠮᠠᠷᠭᠡᠰᠢᠯ ᠪᠤᠯᠬᠤ ᠶᠤᠮ᠃ ᠦᠭᠡᠷ᠎ᠠ᠎ᠪᠠᠷ ᠭᠡᠯᠡᠪᠡᠯ ᠪᠦᠷ ᠵᠤᠬᠢᠬᠤ ᠲᠤᠭᠳᠠᠭᠰᠠᠨ ᠠᠵᠢᠯᠯᠠᠭ᠋ᠠᠨ ᠵᠶ᠋ᠠᠷ ᠰᠤᠷᠤᠯᠴᠠᠬᠤ ᠭᠡᠯᠪᠠᠷᠢ ᠪᠤᠯᠤᠨ᠎ᠠ᠃ ᠠ᠋ᠢ᠍ᠢ᠍ᠮᠦᠷᠭᠦᠦ ᠮᠠᠳᠠᠯᠭᠡ ᠵᠢ ᠵᠢᠭ᠋ᠠᠪᠠᠯ ᠳᠠᠷᠤᠢ ᠰᠤᠷᠴᠤ ᠴᠢᠳᠠᠨ᠎ᠠ᠂ ᠭᠡᠪᠡᠴᠤ ᠬᠤᠷᠠᠮᠳᠤᠭᠤᠯᠤᠯ᠎ᠤᠨ ᠦᠢ᠍ᠯᠠᠳᠤᠯ ᠵᠶ᠋ᠠᠷ ᠲᠤᠳᠠᠮᠠᠬ ᠪᠠᠢ᠍ᠢ᠍ᠵᠤ᠂ ᠰᠠᠭᠦᠯᠴᠢ ᠵᠢᠨ ᠲᠠᠪᠰᠢᠯᠳᠠ᠎ᠳᠤ ᠰᠠᠭᠤᠷᠢ ᠪᠤᠯᠵᠤ ᠴᠢᠳᠠᠬᠤ ᠦᠭᠡᠢ ᠪᠠᠢ᠍ᠢ᠍ᠳᠠᠬ᠃ ᠪᠤᠰᠤᠳ᠎ᠲᠤ ᠭᠦᠢ᠍ᠴᠡᠭᠳᠡᠭᠦ ᠦᠭᠡᠢ ᠭᠡᠪᠡᠯ ᠲᠠ ᠠ᠋ᠷᠭᠡᠪᠰᠢ 《ᠨᠡᠭᠡᠭᠡᠯᠳᠠ ᠵᠢᠨ ᠭᠡᠯᠪᠠᠷᠢᠳᠤ》 ᠮᠠᠷᠭᠡᠰᠢᠯ᠎ᠢ ᠡᠵᠡᠮᠰᠢᠭᠦ ᠭᠡᠷᠡᠭᠳᠠᠢ᠃ ᠠ᠋ᠢ᠍ᠢ᠍ᠮᠦᠷᠭᠦᠦ ᠮᠠᠷᠭᠡᠰᠢᠯ᠎ᠨᠢ ᠪᠤᠰᠤᠳ ᠮᠠᠳᠠᠯᠭᠡ᠎ᠲᠠᠢ ᠬᠤᠯᠪᠤᠭ᠎ᠠ ᠠ᠋ᠭᠦᠰᠴᠤ ᠲᠠᠪᠳᠠᠭᠳᠠᠨ ᠠᠰᠢᠭᠯᠠᠭᠳᠠᠬᠤ ᠦᠢ᠍ᠯᠠᠳᠤᠯ᠎ᠲᠠᠢ ᠪᠠᠢ᠍ᠢ᠍ᠳᠠᠬ᠃
      ᠨᠠᠭᠡᠭᠡᠯᠳᠠ ᠵᠢᠨ ᠭᠡᠯᠪᠠᠷᠢᠳᠤ ᠮᠠᠷᠭᠡᠰᠢᠯ᠎ᠤᠨ ᠰᠤᠷᠤᠯᠴᠠᠯᠭ᠎ᠠ᠎ᠨᠢ ᠤᠳᠠᠭ᠋ᠠᠨ ᠪᠠᠢ᠍ᠢ᠍ᠳᠠᠬ᠃ ᠵᠢᠨᠭᠬᠢᠨᠢ ᠦᠷ᠎ᠠ ᠪᠦᠳᠤᠮᠵᠢᠳᠤ ᠭᠡᠳᠤᠨ ᠵᠦᠢ᠍ᠯ᠎ᠤᠨ ᠰᠤᠷᠤᠯᠴᠠᠯᠭ᠎ᠠ ᠵᠢᠨ ᠠᠷᠭ᠎ᠠ ᠵᠢᠨ ᠬᠠᠮᠳᠤ ᠵᠢᠨ ᠤᠨᠴᠠᠯᠢᠬ᠎ᠨᠢ ᠲᠠᠷᠤᠢ ᠤᠳᠠᠭ᠋ᠠᠨ ᠪᠤᠯᠤᠨ᠎ᠠ᠃ ᠭᠡᠪᠠᠴᠤ ᠲᠠ ᠠ᠋ᠭᠦᠨ᠎ᠠᠴᠠ ᠪᠤᠯᠵᠤ ᠤᠳᠤ᠎ᠪᠠᠷ ᠵᠶ᠋ᠠᠨ ᠢᠯᠠᠭᠳᠠᠵᠤ ᠪᠠᠢ᠍ᠢ᠍ᠪᠠᠴᠤ ᠢᠷᠡᠭᠡᠳᠤᠢ᠎ᠳᠤ ᠢᠯᠠᠯᠳᠠ ᠤᠯᠤᠨ᠎ᠠ ᠭᠡᠳᠡᠭ᠎ᠤᠨ ᠵᠢᠨᠭᠬᠢᠨᠢ ᠴᠢᠳᠠᠪᠤᠷᠢ ᠵᠢ ᠲᠠᠨᠢᠵᠤ ᠤᠯᠬᠤ ᠪᠢᠯᠠ᠃
      ᠨᠢᠭᠡ᠂ ᠰᠠᠢ᠍ᠢ᠍ᠨ ᠪᠠᠭᠰᠢ
      ᠠᠮᠸᠷᠢᠺᠠ ᠵᠢᠨ ᠠᠭ᠋ᠠᠷ᠎ᠤᠨ ᠴᠡᠷᠢᠭ᠎ᠤᠨ ᠲᠠᠭᠡᠳᠤ ᠰᠤᠷᠭ᠋ᠠᠭᠤᠯᠢ ᠪᠤᠯ ᠰᠤᠷᠭ᠋ᠠᠨ ᠭᠦᠮᠦᠵᠢᠯ ᠵᠢᠭ᠋ᠠᠨ ᠰᠤᠷᠭ᠋ᠠᠯᠳᠠ ᠵᠢᠨ ᠨᠢᠭᠡᠨ ᠲᠤᠮᠤ ᠪᠠᠢ᠍ᠢ᠍ᠭᠤᠯᠤᠮᠵᠢ ᠪᠤᠯᠬᠤ ᠪᠦᠭᠡᠳ ᠵᠢᠭ᠋ᠠᠨ ᠰᠤᠷᠭ᠋ᠠᠯᠳᠠ᠎ᠨᠢ ᠴᠢᠨᠭᠭ᠎ᠠ ᠮᠦᠷᠳᠡᠭᠡᠨ ᠲᠦᠢ᠍ᠯ᠎ᠤᠨ ᠰᠢᠰᠲᠸᠮ᠎ᠲᠠᠢ ᠶᠤᠮ᠃ ᠲᠠᠭᠡᠳᠤ ᠰᠤᠷᠭ᠋ᠠᠭᠤᠯᠢ ᠵᠢᠨ ᠰᠠᠭᠤᠷᠢ ᠬᠢᠴᠢᠶᠡᠯ ᠪᠤᠯ ᠬᠤᠶᠠᠷ ᠬᠤᠭᠤᠴᠠᠭ᠋ᠠᠨ᠎ᠤ 《ᠢᠯᠭ᠋ᠠᠷᠠᠯ ᠴᠤᠮᠬᠠᠷᠠᠯ 1》 ᠪᠠ 《ᠢᠯᠭ᠋ᠠᠷᠠᠯ ᠴᠤᠮᠬᠠᠷᠠᠯ 2》 ᠪᠤᠯᠤᠨ᠎ᠠ᠃ ᠨᠢᠭᠡᠨ ᠠᠵᠤ ᠠᠬᠤᠢ ᠵᠢᠨ ᠠ᠋ᠷᠳᠠᠮᠳᠠᠨ᠎ᠠᠴᠠ ᠠᠭ᠋ᠠᠷ᠎ᠤᠨ ᠴᠡᠷᠢᠭ᠎ᠤᠨ ᠲᠠᠭᠡᠳᠤ ᠰᠤᠷᠭ᠋ᠠᠭᠤᠯᠢ ᠵᠢᠨ ᠢᠯᠭ᠋ᠠᠷᠠᠯ ᠴᠤᠮᠬᠠᠷᠠᠯ᠎ᠢ ᠵᠢᠭ᠋ᠠᠬᠤ ᠠᠷᠭ᠎ᠠ᠎ᠳᠤ ᠰᠤᠳᠤᠯᠤᠯᠳᠠ ᠬᠢᠵᠤ ᠦᠵᠠᠵᠠᠢ᠃
      ᠠᠭ᠋ᠠᠷ᠎ᠤᠨ ᠴᠡᠷᠢᠭ᠎ᠤᠨ ᠲᠠᠭᠡᠳᠤ ᠰᠤᠷᠭ᠋ᠠᠭᠤᠯᠢ᠎ᠨᠢ ᠰᠤᠷᠤᠭᠴᠢᠳ ᠵᠶ᠋ᠠᠨ ᠭᠡᠳᠤᠨ ᠠᠨᠭ᠌ᠬᠢ ᠬᠤᠪᠢᠶᠠᠵᠠᠢ᠃ ᠠᠨᠭ᠌ᠬᠢ ᠪᠦᠷᠢ᠎ᠳᠤ ᠬᠢᠴᠢᠶᠡᠯᠯᠡᠭᠦ ᠪᠠᠭᠰᠢ᠎ᠨᠢ ᠠᠳᠠᠯᠢ ᠪᠤᠰᠤ ᠪᠤᠯᠪᠠᠴᠤ ᠰᠢᠯᠭ᠋ᠠᠬᠤ ᠰᠠᠳᠤᠪ ᠪᠠ ᠬᠤᠪᠢ ᠤᠯᠭᠤᠬᠤ ᠪᠠᠷᠢᠮᠵᠢᠶ᠎ᠠ᠎ᠨᠢ ᠪᠦᠷᠢᠮᠤᠰᠤᠨ ᠠᠳᠠᠯᠢ ᠪᠠᠢ᠍ᠢ᠍ᠪᠠ᠃ ᠢᠯᠭ᠋ᠠᠷᠠᠯ ᠴᠤᠮᠬᠠᠷᠠᠯ 1 ᠵᠢ ᠤᠷᠤᠵᠤ ᠪᠠᠷᠠᠭᠰᠠᠨ᠎ᠤ ᠳᠠᠷᠠᠭ᠎ᠠ ᠲᠠᠬᠢᠨ ᠨᠢᠭᠡ ᠤᠳᠠᠭ᠎ᠠ ᠠᠨᠭ᠌ᠬᠢ ᠬᠤᠪᠢᠶᠠᠵᠤ ᠢᠯᠭ᠋ᠠᠷᠠᠯ ᠴᠤᠮᠬᠠᠷᠠᠯ 2᠎ᠢ ᠤᠷᠤᠵᠠᠢ᠃ ᠠ᠋ᠨᠡ ᠲᠦᠷᠢᠮ᠎ᠨᠢ ᠠᠯᠢ ᠪᠠᠭᠰᠢ᠎ᠨᠢ ᠰᠠᠢ᠍ᠢ᠍ᠨ ᠵᠢᠭ᠋ᠠᠵᠤ᠂ ᠠᠯᠢ ᠪᠠᠭᠰᠢ᠎ᠨᠢ ᠮᠠᠭᠤ ᠵᠢᠭ᠋ᠠᠳᠠᠬ᠎ᠢ ᠲᠤᠩ ᠠᠮᠠᠷᠬᠠᠨ ᠢᠯᠭ᠋ᠠᠨ ᠮᠠᠳᠡᠳᠡᠭ ᠪᠠᠢ᠍ᠢ᠍ᠨ᠎ᠠ᠃
      ᠠ᠋ᠳᠡᠭᠡᠷ ᠪᠠᠭᠰᠢ ᠵᠢ ᠬᠤᠶᠠᠷ ᠲᠦᠷᠤᠯ᠎ᠳᠤ ᠬᠤᠪᠢᠶᠠᠵᠤ ᠪᠤᠯᠤᠨ᠎ᠠ᠃ ᠨᠢᠭᠡᠳᠤᠭᠡᠷ ᠲᠦᠷᠤᠯ᠎ᠤᠨ ᠪᠠᠭᠰᠢ᠎ᠨᠢ ᠰᠤᠷᠤᠭᠴᠢ ᠵᠢ ᠰᠢᠯᠭ᠋ᠠᠯᠳᠠ᠎ᠳᠤ ᠰᠠᠢ᠍ᠢ᠍ᠨ ᠬᠢᠷᠢ ᠪᠦᠳᠤᠮᠵᠢ ᠤᠯᠭᠤᠭᠤᠯᠬᠤ᠎ᠳᠤ᠎ᠪᠠᠨ ᠴᠢᠳᠠᠮᠠᠭ᠋ᠠᠢ ᠪᠠᠢ᠍ᠢ᠍ᠳᠠᠬ᠃ ᠲᠠᠳᠠ ᠬᠢᠴᠢᠶᠡᠯ ᠵᠶ᠋ᠠᠨ ᠢᠯᠭᠤᠮ ᠤᠷᠤᠵᠤ᠂ ᠮᠠᠳᠠᠯᠭᠡ ᠵᠢᠨ ᠴᠡᠭ᠎ᠨᠢ ᠢᠯᠠᠷᠭᠡᠢ᠂ ᠰᠠᠳᠤᠪ ᠵᠠᠳᠠᠯᠬᠤ ᠶᠠᠪᠤᠴᠠ᠎ᠨᠢ ᠲᠤᠳᠤᠷᠬᠠᠢ ᠪᠠᠢ᠍ᠢ᠍ᠳᠠᠬ᠃ ᠰᠤᠷᠤᠭᠴᠢᠳ ᠬᠢᠴᠢᠶᠡᠯ ᠳᠡᠭᠡᠷ᠎ᠡ ᠶᠠᠭᠤ ᠰᠤᠷᠤᠭᠰᠠᠨ ᠭᠡᠳᠡᠭ ᠵᠶ᠋ᠠᠨ ᠪᠦᠷᠢᠮᠤᠰᠤᠨ ᠮᠠᠳᠠᠵᠤ ᠪᠠᠢ᠍ᠢ᠍ᠳᠠᠬ ᠪᠤᠯᠬᠤᠷ ᠲᠠᠪᠳᠠᠯᠭ᠎ᠠ᠎ᠨᠢ ᠴᠢᠭᠯᠡᠯᠳᠤ ᠴᠢᠨᠠᠷᠳᠠᠢ ᠪᠠᠢ᠍ᠢ᠍ᠵᠤ ᠰᠢᠯᠭ᠋ᠠᠯᠳᠠ᠎ᠳᠤ᠎ᠪᠠᠨ ᠢᠳᠡᠭᠡᠯ ᠲᠡᠭᠦᠯᠳᠡᠷ ᠪᠠᠢ᠍ᠢ᠍ᠳᠠᠬ ᠪᠠᠢ᠍ᠢ᠍ᠨ᠎ᠠ᠃ ᠠ᠋ᠨᠡ ᠲᠦᠷᠦᠯ᠎ᠤᠨ ᠪᠠᠭᠰᠢ ᠪᠤᠯ ᠲᠦᠷᠭᠡᠨ ᠠᠮᠵᠢᠯᠳᠠ᠎ᠳᠤ ᠭᠦᠷᠭᠡᠭᠦ ᠪᠠᠭᠰᠢ ᠪᠤᠯᠤᠨ᠎ᠠ᠃
      ᠬᠤᠶᠠᠳᠤᠭ᠋ᠠᠷ ᠲᠦᠷᠤᠯ᠎ᠤᠨ ᠪᠠᠭᠰᠢ ᠪᠤᠯ ᠤᠳᠠᠭ᠋ᠠᠨ ᠵᠢᠭ᠋ᠠᠳᠠᠬ ᠪᠠᠭᠰᠢ ᠪᠤᠯᠤᠨ᠎ᠠ᠃ ᠲᠠᠳᠠ ᠰᠤᠷᠤᠭᠴᠢᠳ᠎ᠲᠤ ᠦᠷᠭᠦᠯᠵᠢ ᠲᠤᠭᠳᠠᠭᠰᠠᠨ ᠠᠭᠤᠯᠭ᠎ᠠ᠎ᠠᠴᠠ ᠭᠠᠳᠠᠨᠠᠬᠢ ᠵᠦᠢ᠍ᠯ᠎ᠢ ᠶᠠᠷᠢᠳᠠᠬ᠃ ᠵᠢᠱ᠌ᠢᠶᠡᠯᠡᠪᠡᠯ᠂ ᠢᠯᠭ᠋ᠠᠷᠠᠯ ᠴᠤᠮᠬᠠᠷᠠᠯ᠎ᠤᠨ ᠦᠵᠠᠯ ᠰᠠᠨᠠᠭ᠎ᠠ ᠪᠠ ᠹᠢᠽᠢᠺ᠎ᠤᠨ ᠤᠬᠠᠭ᠋ᠠᠨ᠎ᠤ ᠮᠠᠳᠠᠯᠭᠡ ᠵᠢ ᠬᠤᠯᠪᠤᠨ ᠶᠠᠷᠢᠳᠠᠬ᠃ ᠲᠠᠳᠠ ᠰᠤᠷᠤᠭᠴᠢᠳ᠎ᠤᠨ ᠢᠯᠭ᠋ᠠᠷᠠᠯ ᠴᠤᠮᠬᠠᠷᠠᠯ᠎ᠤᠨ ᠲᠤᠬᠠᠢ ᠨᠠᠩ ᠭᠦᠨ ᠤᠢ᠍ᠢ᠍ᠯᠠᠭ᠋ᠠᠯᠳᠠ᠎ᠲᠠᠢ ᠪᠤᠯᠬᠤ ᠵᠢ ᠭᠦᠰᠡᠳᠡᠭ᠃ ᠭᠡᠪᠡᠴᠤ ᠠ᠋ᠳᠡᠭᠡᠷ᠎ᠨᠢ ᠰᠢᠯᠭ᠋ᠠᠯᠳᠠ᠎ᠳᠤ ᠭᠡᠷᠡᠭᠯᠡᠭᠳᠡᠳᠡᠭ ᠦᠭᠡᠢ ᠶᠤᠮ᠃ ᠰᠤᠷᠤᠭᠴᠢᠳ ᠬᠢᠴᠢᠶᠡᠯ᠎ᠤᠨ ᠳᠠᠷᠠᠭ᠎ᠠ ᠪᠤᠯᠪᠠᠰᠤᠷᠠᠯ᠎ᠤᠨ ᠰᠠᠳᠤᠪ ᠬᠢᠭᠦ᠎ᠳᠤ ᠠ᠋ᠷᠭᠡᠪᠰᠢ ᠦᠪᠠᠷ ᠵᠶ᠋ᠠᠨ ᠠᠷᠭ᠎ᠠ ᠪᠤᠳᠤᠨ ᠰᠢᠢ᠍ᠳᠪᠤᠷᠢᠯᠡᠭᠦ ᠪᠤᠯᠤᠨ᠎ᠠ᠃ ᠤᠴᠢᠷ᠎ᠨᠢ ᠪᠠᠭᠰᠢ ᠴᠢᠭᠯᠡᠯᠳᠤ ᠴᠢᠨᠠᠷᠳᠠᠢ ᠪᠤᠯᠪᠠᠰᠤᠷᠠᠯ᠎ᠤᠨ ᠵᠠᠮ᠎ᠢ ᠵᠢᠭ᠋ᠠᠵᠤ ᠦᠭᠭᠦᠭᠰᠡᠨ ᠦᠭᠡᠢ ᠪᠤᠯᠬᠤᠷ ᠠ᠋ᠳᠡᠭᠡᠷ ᠰᠤᠷᠤᠭᠴᠢ ᠵᠢᠨ ᠬᠢᠷᠢ ᠪᠦᠳᠤᠮᠵᠢ᠎ᠨᠢ ᠲᠠᠢ᠍ᠢ᠍ᠮᠦ ᠰᠠᠢ᠍ᠢ᠍ᠨ ᠪᠢᠰᠢ ᠪᠠᠢ᠍ᠢ᠍ᠳᠠᠬ᠃
      ᠰᠤᠷᠤᠭᠴᠢᠳ ᠪᠤᠯ ᠨᠢᠭᠡᠳᠤᠭᠡᠷ ᠲᠦᠷᠦᠯ᠎ᠤᠨ ᠪᠠᠭᠰᠢ᠎ᠳᠤ ᠲᠤᠷᠠᠳᠠᠢ ᠪᠠᠢ᠍ᠢ᠍ᠳᠠᠬ᠃ ᠭᠡᠪᠡᠴᠤ ᠠᠵᠤ ᠠᠬᠤᠢ ᠵᠢᠨ ᠤᠬᠠᠭ᠋ᠠᠨᠳᠠᠨ᠎ᠤ ᠰᠤᠳᠤᠯᠭ᠋ᠠᠨ᠎ᠤ ᠲᠤᠭ᠎ᠠ ᠪᠠᠷᠢᠮᠳᠠ᠎ᠨᠢ ᠮᠠᠳᠠᠯᠭᠡ᠎ᠳᠤ ᠬᠤᠯᠪᠤᠯᠳᠠ ᠪᠠᠢ᠍ᠢ᠍ᠭᠤᠯᠬᠤ ᠲᠤᠷᠠᠳᠠᠢ ᠪᠠᠢ᠍ᠢ᠍ᠳᠠᠬ ᠬᠤᠶᠠᠳᠤᠭ᠋ᠠᠷ ᠲᠦᠷᠤᠯ᠎ᠤᠨ ᠪᠠᠭᠰᠢ ᠵᠢᠨ ᠵᠢᠭ᠋ᠠᠭᠰᠠᠨ ᠵᠦᠢ᠍ᠯ᠎ᠨᠢ ᠵᠢᠨᠭᠬᠢᠨᠢ ᠴᠢᠳᠠᠪᠤᠷᠢ ᠪᠤᠯᠬᠤ ᠵᠢ ᠭᠡᠷᠡᠴᠢᠯᠡᠵᠡᠢ᠃ ᠰᠤᠳᠤᠯᠤᠭᠴᠢᠳ᠎ᠤᠨ ᠠᠨᠭ᠌ᠬᠠᠷᠤᠭᠰᠠᠨ᠎ᠨᠢ ᠰᠤᠷᠤᠭᠴᠢᠳ᠎ᠤᠨ ᠢᠯᠭ᠋ᠠᠷᠠᠯ ᠴᠤᠮᠬᠠᠷᠠᠯ 1᠎ᠳᠤ᠎ᠬᠢ ᠰᠢᠯᠭ᠋ᠠᠯᠳᠠ ᠵᠢᠨ ᠬᠢᠷᠢ ᠪᠦᠳᠤᠮᠵᠢ ᠪᠢᠰᠢ ᠬᠠᠷᠢᠨ ᠲᠠᠳᠠᠨ᠎ᠤ ᠢᠯᠭ᠋ᠠᠷᠠᠯ ᠴᠤᠮᠬᠠᠷᠠᠯ᠎ᠢ ᠵᠢᠨᠭᠬᠢᠨᠢ ᠡᠵᠡᠮᠰᠢᠭᠰᠡᠨ ᠠ᠋ᠰᠡᠭᠦ᠎ᠨᠢ ᠰᠤᠷᠤᠭᠴᠢᠳ᠎ᠤᠨ ᠬᠤᠵᠢᠮ᠎ᠤᠨ ᠬᠢᠴᠢᠶᠡᠯ᠎ᠳᠤ ᠢᠯᠠᠷᠠᠵᠤ ᠪᠠᠢ᠍ᠢ᠍ᠬᠤ ᠠ᠋ᠰᠠᠭᠦ ᠪᠤᠯᠤᠨ᠎ᠠ᠃ ᠵᠢᠱ᠌ᠢᠶᠡᠯᠡᠪᠡᠯ᠂ ᠢᠯᠭ᠋ᠠᠷᠠᠯ ᠴᠤᠮᠬᠠᠷᠠᠯ 2 ᠵᠢᠴᠢ ᠢᠯᠭ᠋ᠠᠷᠠᠯ ᠴᠤᠮᠬᠠᠷᠠᠯ᠎ᠤᠨ ᠰᠢᠨᠵᠢᠯᠠᠭᠦ ᠤᠬᠠᠭ᠋ᠠᠨ ᠪᠠ ᠪᠠᠷᠢᠯᠭ᠎ᠠ ᠵᠢᠨ ᠬᠢᠴᠢᠶᠡᠯ᠎ᠳᠤ ᠲᠡᠭᠦᠨ ᠵᠶ᠋ᠠᠨ ᠭᠡᠷᠡᠭᠯᠡᠵᠦ ᠴᠢᠳᠠᠬᠤ ᠠ᠋ᠰᠠᠭᠦ ᠵᠢ᠎ᠨᠢ ᠦᠵᠡᠭᠰᠡᠨ ᠪᠠᠢ᠍ᠢ᠍ᠨ᠎ᠠ᠃ ᠠ᠋ᠭᠦᠨ᠎ᠤ ᠳ᠋ᠦᠩ᠎ᠳᠤ ᠬᠤᠶᠠᠳᠤᠭ᠋ᠠᠷ ᠲᠦᠷᠤᠯ᠎ᠤᠨ ᠪᠠᠭᠰᠢ ᠵᠢᠨ ᠵᠢᠭ᠋ᠠᠭᠰᠠᠨ ᠰᠤᠷᠤᠭᠴᠢᠳ᠎ᠤᠨ ᠰᠠᠭᠦᠯᠴᠢ ᠵᠢᠨ ᠬᠢᠴᠢᠶᠡᠯ᠎ᠳᠤ᠎ᠬᠢ ᠢᠯᠠᠷᠠᠯ᠎ᠨᠢ ᠨᠠᠩ ᠰᠠᠢ᠍ᠢ᠍ᠨ ᠪᠠᠢ᠍ᠢ᠍ᠵᠠᠢ᠃
      ᠵᠠᠷᠢᠮ ᠪᠠᠭᠰᠢ ᠰᠢᠯᠭ᠋ᠠᠯᠳᠠ ᠵᠢ ᠠᠷᠭ᠋ᠠᠴᠠᠭ᠋ᠠᠬᠤ ᠮᠠᠷᠭᠡᠰᠢᠯ᠎ᠢ ᠵᠢᠭ᠋ᠠᠳᠠᠬ᠂ ᠵᠠᠷᠢᠮ ᠪᠠᠭᠰᠢ ᠵᠢᠨᠭᠬᠢᠨᠢ ᠴᠢᠳᠠᠪᠤᠷᠢ ᠵᠢ ᠵᠢᠭ᠋ᠠᠳᠠᠬ᠃ ᠭᠡᠪᠡᠴᠤ ᠰᠤᠷᠤᠭᠴᠢ ᠭᠦᠷᠳᠠᠯ᠎ᠠ ᠨᠢᠭᠡᠳᠤᠭᠡᠷ ᠲᠦᠷᠦᠯ᠎ᠤᠨ ᠪᠠᠭᠰᠢ᠎ᠳᠤ ᠲᠤᠷᠠᠳᠠᠢ ᠪᠠᠢ᠍ᠢ᠍ᠳᠠᠬ᠎ᠨᠢ ᠲᠠᠳᠠ ᠰᠤᠷᠤᠯᠴᠠᠯᠭ᠎ᠠ᠎ᠨᠢ ᠵᠦᠪᠭᠡᠨ ᠰᠢᠯᠭ᠋ᠠᠯᠳᠠ ᠵᠢᠨ ᠲᠦᠯᠦᠭᠡ ᠪᠢᠰᠢ ᠭᠡᠳᠡᠭ᠎ᠢ ᠮᠠᠷᠳᠠᠴᠢᠬᠠᠭᠰᠠᠨ ᠭᠡᠵᠢ ᠤᠤ?
      ᠬᠤᠶᠠᠷ᠂ ᠰᠢᠭᠤᠳ ᠪᠤᠯᠪᠠᠰᠤᠷᠠᠬᠤ ᠪᠠ ᠰᠤᠯᠢᠪᠴᠢᠭᠤᠯᠤᠨ ᠪᠤᠯᠪᠠᠰᠤᠷᠠᠬᠤ
      ᠲᠤᠷᠰᠢᠯᠭ᠎ᠠ᠎ᠲᠠᠢ ᠪᠠᠭᠰᠢ᠎ᠳᠤ ᠠᠪᠴᠤ ᠭᠡᠯᠡᠪᠡᠯ ᠰᠤᠷᠤᠭᠴᠢᠳ᠎ᠢ ᠲᠦᠷᠭᠡᠨ ᠰᠤᠷᠭ᠋ᠠᠬᠤ ᠮᠦᠷᠳᠡᠭᠡᠨ ᠰᠢᠯᠭ᠋ᠠᠯᠳᠠ᠎ᠳᠤ ᠰᠠᠢ᠍ᠢ᠍ᠨ ᠬᠢᠷᠢ ᠪᠦᠳᠤᠮᠵᠢ ᠤᠯᠭᠤᠭᠤᠯᠬᠤ᠎ᠨᠢ ᠲᠠᠢ᠍ᠢ᠍ᠮᠦ ᠭᠦᠴᠢᠷ ᠪᠢᠰᠢ ᠪᠠᠢ᠍ᠢ᠍ᠳᠠᠬ᠃ ᠬᠠᠮᠤᠭ᠎ᠤᠨ ᠰᠠᠢ᠍ᠢ᠍ᠨ ᠠᠷᠭ᠎ᠠ᠎ᠨᠢ ᠰᠢᠭᠤᠳ ᠪᠤᠯᠪᠠᠰᠤᠷᠠᠭᠤᠯᠬᠤ ᠪᠤᠯᠤᠨ᠎ᠠ᠃ ᠪᠤᠳᠤᠬᠤ ᠠᠷᠭ᠎ᠠ ᠵᠢ᠎ᠨᠢ ᠨᠢᠭᠡ ᠤᠳᠠᠭ᠎ᠠ ᠵᠢᠭ᠋ᠠᠵᠤ᠂ ᠲᠠᠷᠠᠭ᠎ᠠ᠎ᠨᠢ ᠠ᠋ᠨᠡ ᠠᠷᠭ᠎ᠠ ᠵᠢ ᠲᠠᠷᠠ ᠲᠤᠤᠷ᠎ᠠ᠎ᠨᠢ ᠭᠡᠷᠡᠭᠯᠡᠭᠦᠯᠦᠭᠡᠳ ᠪᠤᠯᠪᠠᠰᠤᠷᠠᠭᠤᠯᠬᠤ ᠪᠤᠯᠤᠨ᠎ᠠ᠃
      ᠵᠢᠱ᠌ᠢᠶᠡᠯᠡᠪᠡᠯ᠂ ᠦᠨᠦᠳᠤᠷ ᠲᠤᠭ᠋ᠠᠨ᠎ᠤ ᠤᠬᠠᠭ᠋ᠠᠨ ᠵᠢᠭ᠋ᠠᠭᠰᠠᠨ ᠪᠤᠯ ᠨᠢᠭᠡ ᠵᠦᠢ᠍ᠯ᠎ᠤᠨ ᠰᠠᠳᠤᠪ᠎ᠤᠨ ᠭᠡᠯᠪᠠᠷᠢ ᠵᠢ ᠵᠠᠳᠠᠯᠠᠭᠤᠯᠵᠤ᠂ ᠨᠢᠭᠡ ᠰᠠᠳᠤᠪ᠎ᠢ ᠵᠠᠳᠠᠯᠤᠨ ᠪᠤᠳᠤᠬᠤ ᠠᠷᠭ᠎ᠠ ᠵᠠᠮ᠎ᠢ ᠳ᠋ᠦᠨᠭᠨᠡᠨ ᠦᠭᠴᠦ᠂ ᠵᠠᠯᠭ᠋ᠠᠭ᠋ᠠᠳ ᠴᠢᠮ᠎ᠠ᠎ᠪᠠᠷ ᠠᠳᠠᠯᠢᠬᠠᠨ ᠭᠡᠯᠪᠠᠷᠢ ᠵᠢᠨ ᠤᠯᠠᠨ ᠠᠷᠪᠢᠨ ᠪᠤᠯᠪᠠᠰᠤᠷᠠᠬᠤ ᠰᠠᠳᠤᠪ᠎ᠢ ᠬᠢᠯᠭᠡᠨ᠎ᠡ᠃ ᠴᠢ ᠠ᠋ᠢ᠍ᠢ᠍ᠮᠦ ᠰᠠᠳᠦᠪ᠎ᠢ ᠪᠤᠳᠤᠬᠤ᠎ᠳᠤ ᠭᠠᠷ᠎ᠤᠨ ᠠᠶ᠎ᠠ᠎ᠪᠠᠷ ᠪᠠᠢ᠍ᠢ᠍ᠵᠤ᠂ ᠮᠠᠷᠭ᠋ᠠᠰᠢ᠎ᠨᠢ ᠠ᠋ᠢ᠍ᠢ᠍ᠮᠦ ᠰᠠᠳᠤᠪ᠎ᠢ ᠪᠠᠢ᠍ᠢ᠍ᠴᠠᠭ᠋ᠠᠬᠤ᠎ᠳᠤ ᠬᠢᠷᠢ ᠪᠦᠳᠤᠮᠵᠢ ᠴᠢᠨᠢ ᠯᠠᠪᠳᠠᠢ ᠰᠠᠢ᠍ᠢ᠍ᠨ ᠪᠤᠯᠬᠤ ᠶᠤᠮ᠃
      ᠭᠡᠳᠡᠯ᠎ᠠ ᠪᠤᠳᠠᠳᠤ ᠠᠮᠢᠳᠤᠷᠠᠯ ᠲᠤᠮᠳᠠᠬᠢ ᠠᠰᠠᠭᠤᠳᠠᠯ ᠠ᠋ᠢ᠍ᠢ᠍ᠮᠦ ᠪᠠᠢ᠍ᠢ᠍ᠳᠠᠬ ᠭᠡᠵᠢ ᠤᠤ? ᠵᠢᠱ᠌ᠢᠶᠡᠯᠡᠪᠡᠯ᠂ ᠲᠠ ᠦᠳᠠ ᠵᠢᠨ ᠬᠤᠢ᠍ᠢ᠍ᠨᠠᠬᠢ ᠠᠵᠢᠯ᠎ᠤᠨ ᠲᠤᠮᠳᠠ ᠭᠦᠴᠢᠷ ᠠᠰᠠᠭᠤᠳᠠᠯ᠎ᠳᠤ ᠲᠤᠯᠭ᠋ᠠᠷᠠᠪᠠᠯ ᠦᠳᠠ ᠵᠢᠨ ᠠ᠋ᠮᠦᠨ᠎ᠠ ᠰᠤᠷᠤᠭᠰᠠᠨ ᠠ᠋ᠨᠡ ᠲᠠᠯ᠎ᠠ ᠵᠢᠨ ᠲᠤᠭᠳᠠᠭᠰᠠᠨ ᠠᠷᠭ᠎ᠠ᠎ᠪᠠᠷ ᠵᠶ᠋ᠠᠨ ᠲᠡᠭᠦᠨ᠎ᠢ ᠰᠢᠢ᠍ᠳᠪᠤᠷᠢᠯᠡᠵᠦ ᠴᠢᠳᠠᠨ᠎ᠠ ᠤᠤ? ᠠ᠋ᠢ᠍ᠢ᠍ᠮᠦ ᠪᠤᠯᠤᠯᠴᠠᠭ᠎ᠠ ᠪᠠᠢ᠍ᠢ᠍ᠬᠤ ᠦᠭᠡᠢ ᠶᠤᠮ᠃ ᠠᠰᠠᠭᠤᠳᠠᠯ ᠭᠡᠳᠡᠭ ᠬᠢᠴᠢᠶᠡᠵᠦ ᠪᠠᠢ᠍ᠢ᠍ᠳᠠᠯ᠎ᠠ ᠲᠤᠯᠭ᠋ᠠᠷᠠᠴᠢᠬᠠᠳᠠᠬ᠃ ᠵᠠᠷᠢᠮ᠎ᠨᠢ ᠴᠢᠨᠦ ᠶᠡᠷᠦ᠎ᠠᠴᠠ ᠦᠵᠡᠭᠡ ᠦᠭᠡᠢ ᠰᠢᠨ᠎ᠠ ᠰᠠᠳᠤᠪ ᠪᠠᠢ᠍ᠢ᠍ᠳᠠᠬ᠃ ᠴᠢᠮ᠎ᠠ᠎ᠳᠤ ᠱᠠᠭ᠋ᠠᠷᠳᠠᠭᠳᠠᠬᠤ᠎ᠨᠢ ᠶᠠᠮᠠᠷ ᠠᠷᠭ᠎ᠠ ᠵᠢ ᠭᠡᠷᠡᠭᠯᠡᠭᠦ ᠲᠠᠳᠤᠢ ᠪᠢᠰᠢ᠂ ᠬᠠᠷᠢᠨ ᠤᠷᠢᠳ ᠵᠶ᠋ᠠᠷ ᠶᠠᠮᠠᠷ ᠠᠷᠭ᠎ᠠ ᠵᠢ ᠭᠡᠷᠡᠭᠯᠡᠭᠦ ᠭᠡᠳᠡᠭ ᠵᠶ᠋ᠠᠨ ᠮᠠᠭ᠋ᠠᠳᠯᠠᠬᠤ ᠭᠡᠷᠡᠭᠳᠠᠢ ᠪᠠᠢ᠍ᠢ᠍ᠳᠠᠬ᠃
      ᠵᠦᠪ ᠠᠷᠭ᠎ᠠ ᠪᠤᠯ ᠬᠤᠯᠢᠯᠳᠤᠭᠤᠯᠤᠨ ᠪᠤᠯᠪᠠᠰᠤᠷᠠᠭᠤᠯᠬᠤ ᠪᠤᠯᠤᠨ᠎ᠠ᠃ ᠤᠳᠠᠭ᠎ᠠ ᠪᠤᠯᠭ᠋ᠠᠨ᠎ᠤ ᠪᠤᠯᠪᠠᠰᠤᠷᠠᠯ᠎ᠳᠤ ᠪᠦᠷ ᠬᠤᠯᠢᠯᠳᠤᠭᠰᠠᠨ ᠰᠠᠳᠤᠪ᠂ ᠰᠠᠳᠤᠪ ᠨᠢᠭᠡ ᠪᠦᠷᠢ ᠵᠢ ᠬᠢᠭᠦ ᠦᠶ᠎ᠠ᠎ᠳᠤ ᠶᠠᠮᠠᠷ ᠠᠷᠭ᠎ᠠ ᠵᠢ ᠭᠡᠷᠡᠭᠯᠡᠭᠦ᠎ᠪᠠᠨ ᠲᠤᠬᠠᠢ ᠵᠢᠨ ᠴᠠᠭ᠎ᠲᠤ᠎ᠨᠢ ᠮᠠᠭ᠋ᠠᠳᠯᠠᠬᠤ ᠭᠡᠷᠡᠭᠳᠠᠢ᠃ ᠢᠨᠭ᠌ᠬᠢᠪᠠᠯ ᠰᠠᠶᠢ ᠰᠤᠷᠬᠤ᠎ᠨᠢ ᠭᠡᠷᠡᠭᠯᠡᠭᠦ ᠵᠢᠨ ᠲᠦᠯᠦᠭᠡ ᠭᠡᠳᠡᠭ ᠰᠠᠨᠠᠭ᠎ᠠ ᠠᠬᠤᠢ᠎ᠲᠠᠢ ᠪᠤᠯᠬᠤ ᠪᠤᠯᠤᠨ᠎ᠠ᠃
      ᠲᠠ ᠭᠡᠷᠪᠠ ᠨᠢᠭᠡᠨ ᠠᠯᠳᠠᠷᠳᠤ ᠵᠢᠷᠤᠭ᠎ᠢ ᠦᠵᠡᠮᠡᠭᠴᠡ ᠶᠠᠮᠠᠷ ᠵᠢᠷᠤᠭᠴᠢᠨ᠎ᠤ ᠶᠠᠮᠠᠷ ᠵᠢᠷᠤᠭ ᠪᠤᠯᠬᠤ ᠵᠢ ᠮᠠᠭ᠋ᠠᠳᠯᠠᠨ ᠴᠢᠳᠠᠬᠤ ᠴᠢᠳᠠᠪᠤᠷᠢ ᠵᠢ ᠰᠤᠷᠤᠯᠴᠠᠶ᠎ᠠ ᠭᠡᠪᠡᠯ ᠨᠢᠭᠡ ᠠᠷᠭ᠎ᠠ᠎ᠨᠢ ᠵᠢᠷᠤᠭᠴᠢᠨ ᠨᠢᠭᠡ ᠪᠦᠷᠢ ᠵᠢᠨ ᠪᠦᠳᠦᠭᠡᠯ᠎ᠢ ᠲᠠᠷᠠᠭ᠋ᠠᠯᠠᠨ ᠰᠤᠷᠤᠯᠴᠠᠬᠤ ᠭᠡᠷᠡᠭᠳᠠᠢ᠃ ᠵᠢᠱ᠌ᠢᠶᠡᠯᠡᠪᠡᠯ᠂ ᠫᠠᠺᠠᠰᠤ᠋ ᠵᠢᠨ 10 ᠵᠢᠷᠤᠭ᠎ᠢ ᠵᠠᠯᠭ᠋ᠠᠭ᠎ᠠ᠎ᠪᠠᠷ ᠦᠵᠠᠵᠤ᠂ ᠲᠠᠬᠢᠨ ᠽᠠᠢ᠍ᠢ᠍ᠱ᠌ᠡᠩ᠎ᠤᠨ 10 ᠵᠢᠷᠤᠭ᠎ᠢ ᠦᠵᠠᠵᠤ ᠵᠠᠯᠭ᠋ᠠᠭ᠋ᠠᠳ ᠪᠠᠰᠠ ᠯᠸᠨᠤᠸᠠ ᠵᠢᠨ 10 ᠵᠢᠷᠤᠭ᠎ᠢ ᠦᠵᠠᠭᠦ ᠪᠤᠯᠤᠨ᠎ᠠ᠃ ᠨᠦᠭᠦᠭᠡ ᠨᠢᠭᠡ ᠠᠷᠭ᠎ᠠ᠎ᠨᠢ ᠪᠤᠯ ᠲᠠᠳᠠᠨ᠎ᠤ ᠵᠢᠷᠤᠭ᠎ᠢ ᠬᠤᠯᠢᠵᠤ ᠲᠠᠯᠪᠢᠭ᠋ᠠᠳ ᠨᠢᠭᠡ ᠨᠢᠭᠡ᠎ᠪᠠᠷ ᠢᠯᠭ᠋ᠠᠨ ᠮᠠᠭ᠋ᠠᠳᠯᠠᠬᠤ ᠪᠤᠯᠤᠨ᠎ᠠ᠃ ᠬᠤᠶᠠᠳᠤᠭ᠋ᠠᠷ ᠠᠷᠭ᠎ᠠ᠎ᠨᠢ ᠲᠠᠨ᠎ᠢ ᠤᠯᠠᠨᠳᠠ ᠪᠤᠷᠤᠭᠤᠳᠠᠭᠤᠯᠬᠤ ᠶᠤᠮ᠃ ᠭᠡᠪᠠᠴᠤ ᠲᠠᠷᠠ᠎ᠨᠢ ᠠᠳᠠᠯᠢ ᠪᠤᠰᠤ ᠵᠢᠷᠤᠭᠴᠢᠨ᠎ᠤ ᠭᠡᠪ ᠨᠠᠮᠪᠠ ᠵᠢᠨ ᠵᠦᠷᠢᠶᠡᠨ᠎ᠢ ᠢᠯᠭ᠋ᠠᠨ ᠲᠠᠨᠢᠬᠤ ᠲᠠᠨ᠎ᠤ ᠲᠠᠨᠢᠯᠳᠠ ᠵᠢ ᠭᠦᠨᠵᠡᠭᠡᠢ᠍ᠢ᠍ᠷᠡᠭᠦᠯᠭᠦ ᠪᠤᠯᠤᠨ᠎ᠠ᠃ ᠴᠠᠭ᠋ᠠᠰᠢᠯᠠᠪᠠᠯ ᠫᠢᠶᠠᠨᠤ᠋ ᠬᠤᠭᠤᠷ᠎ᠲᠤ ᠭᠦᠷᠳᠠᠯ᠎ᠠ ᠬᠤᠯᠢᠯᠳᠤᠭᠰᠠᠨ ᠠᠷᠭ᠎ᠠ ᠵᠢ ᠭᠡᠷᠡᠭᠯᠡᠭᠦ ᠵᠢ ᠰᠤᠳᠤᠯᠭ᠋ᠠᠨ ᠵᠶ᠋ᠠᠷ ᠲᠠᠮᠵᠢᠨ ᠢᠯᠠᠷᠠᠭᠦᠯᠵᠡᠢ᠃ ᠵᠢᠱ᠌ᠢᠶᠡᠯᠡᠪᠡᠯ᠂ ᠰᠤᠷᠤᠭᠴᠢᠳ ᠵᠶ᠋ᠠᠷ 0.2 ᠰᠸᠺᠦ᠍ᠢ᠍ᠨ᠋ᠳ᠋᠎ᠤᠨ ᠲᠤᠳᠤᠷ᠎ᠠ ᠵᠠᠭᠦᠨ ᠭᠠᠷ ᠵᠶ᠋ᠠᠨ ᠫᠢᠶᠠᠨᠤ᠋ ᠵᠢᠨ 15 ᠲᠤᠪᠴᠢ ᠵᠢ ᠰᠤᠨᠳᠠᠯᠠᠬᠤ ᠨᠢᠭᠡᠨ ᠲᠠᠭᠡᠳᠤ ᠲᠠᠰ᠎ᠤᠨ ᠮᠠᠷᠭᠡᠰᠢᠯ᠎ᠤᠨ ᠭᠦᠳᠠᠯᠭᠡᠭᠡᠨ ᠬᠢᠯᠭᠡᠵᠡᠢ᠃ ᠰᠤᠳᠤᠯᠤᠭᠴᠢᠳ ᠠ᠋ᠨᠡ ᠭᠦᠳᠠᠯᠭᠡᠭᠡᠨ᠎ᠢ ᠭᠦᠮᠦᠨ ᠨᠢᠭᠡ ᠪᠦᠷᠢ ᠭᠡᠷ᠎ᠲᠤ᠎ᠪᠠᠨ ᠬᠠᠷᠢᠭ᠋ᠠᠳ 190 ᠤᠳᠠᠭ᠎ᠠ ᠪᠤᠯᠪᠠᠰᠤᠷᠠᠬᠤ ᠱᠠᠭ᠋ᠠᠷᠳᠠᠯᠭ᠎ᠠ ᠲᠠᠯᠪᠢᠵᠠᠢ᠃ ᠵᠠᠷᠢᠮ ᠰᠤᠷᠤᠭᠴᠢ ᠵᠦᠪᠭᠡᠨ ᠠ᠋ᠨᠡ ᠭᠦᠳᠠᠯᠭᠡᠭᠡᠨ᠎ᠢ 190 ᠤᠳᠠᠭ᠎ᠠ ᠪᠤᠯᠪᠠᠰᠤᠷᠠᠬᠤ᠎ᠳᠤ ᠵᠠᠷᠢᠮ ᠰᠤᠷᠤᠭᠴᠢ᠎ᠨᠢ 8 ᠲᠤᠪᠴᠢ 15 ᠲᠤᠪᠴᠢ ᠪᠠ 22 ᠲᠤᠪᠴᠢ ᠵᠢ ᠰᠤᠨᠳᠠᠯᠠᠬᠤ ᠪᠤᠯᠪᠠᠰᠤᠷᠠᠯ᠎ᠢ ᠬᠤᠯᠢᠯᠳᠤᠭᠤᠯᠤᠨ ᠬᠢᠵᠠᠢ᠃ ᠪᠠᠢ᠍ᠢ᠍ᠴᠠᠭ᠋ᠠᠯᠳᠠ ᠵᠢᠨ ᠳ᠋ᠦᠩ᠎ᠳᠤ ᠬᠤᠯᠢᠯᠳᠤᠭᠤᠯᠤᠭᠰᠠᠨ ᠪᠤᠯᠪᠠᠰᠤᠷᠠᠯ᠎ᠤᠨ ᠠᠷᠭ᠎ᠠ ᠵᠢ ᠭᠡᠷᠡᠭᠯᠡᠭᠰᠡᠨ ᠲᠤᠭᠤᠢ᠍ᠢ᠍ᠯᠠᠩ᠎ᠤᠨ ᠡᠵᠡᠮᠰᠢᠭᠰᠡᠨ᠎ᠨᠢ ᠢᠯᠠᠷᠭᠡᠢ ᠰᠠᠢ᠍ᠢ᠍ᠨ ᠪᠠᠢ᠍ᠢ᠍ᠪᠠ᠃
      ᠬᠠᠭᠤᠴᠢ ᠦᠭᠡ᠎ᠳᠤ᠄ 《ᠰᠦᠭᠡ ᠪᠠᠷᠢᠭᠰᠠᠨ ᠭᠦᠮᠦᠨ᠎ᠳᠤ ᠶᠠᠭᠤᠮ᠎ᠠ ᠪᠦᠭᠦᠨ ᠬᠠᠳᠠᠭ᠋ᠠᠰᠤ ᠠᠳᠠᠯᠢ ᠦᠵᠡᠭᠳᠡᠳᠡᠭ》 ᠭᠡᠳᠡᠭ᠃ ᠠ᠋ᠨᠡ ᠪᠤᠯ ᠲᠠᠳᠡᠭᠡᠷ ᠨᠢᠭᠡᠨᠳᠠ ᠡᠵᠡᠮᠰᠢᠭᠰᠡᠨ ᠭᠡᠳᠤᠨ ᠵᠦᠢ᠍ᠯ᠎ᠤᠨ ᠠᠷᠭ᠎ᠠ ᠵᠠᠮ ᠵᠶ᠋ᠠᠷ ᠵᠶ᠋ᠠᠨ ᠪᠤᠯᠪᠠᠰᠤᠷᠠᠵᠤ ᠴᠢᠳᠠᠬᠤ᠎ᠠᠴᠠ ᠪᠢᠰᠢ ᠦᠭᠡᠷ᠎ᠠ ᠶᠠᠨᠭ᠌ᠵᠤ᠎ᠪᠠᠷ ᠬᠤᠪᠢᠷᠠᠭᠤᠯᠵᠤ ᠴᠢᠳᠠᠳᠠᠬ ᠦᠭᠡᠢ ᠰᠤᠷᠤᠭᠴᠢ ᠵᠢ ᠭᠡᠯᠡᠭᠰᠡᠨ ᠦᠭᠡ ᠶᠤᠮ᠃ ᠬᠤᠯᠢᠯᠳᠤᠭᠤᠯᠤᠭᠰᠠᠨ ᠪᠤᠯᠪᠠᠰᠤᠷᠠᠯ᠎ᠨᠢ ᠤᠳᠠᠭ᠎ᠠ ᠪᠦᠷᠢ ᠲᠤᠬᠠᠢ ᠵᠢᠨ ᠲᠠᠯᠠᠪᠤᠷ᠎ᠲᠤ ᠶᠠᠮᠠᠷ ᠠᠷᠭ᠎ᠠ ᠭᠡᠷᠡᠭᠯᠡᠭᠦ ᠵᠢ ᠮᠠᠭ᠋ᠠᠳᠯᠠᠳᠠᠬ ᠪᠤᠯᠬᠤᠷ ᠲᠠᠷᠠ᠎ᠨᠢ ᠲᠠᠨ᠎ᠤ ᠪᠠᠭᠤᠷᠠᠢ ᠲᠠᠯ᠎ᠠ ᠵᠢ ᠨᠦᠭᠦᠪᠤᠷᠢᠯᠡᠵᠦ ᠪᠤᠯᠳᠠᠬ᠃
      ᠬᠤᠯᠪᠤᠯᠳᠤᠭᠤᠯᠬᠤ ᠪᠠ ᠬᠤᠯᠢᠯᠳᠤᠭᠤᠯᠬᠤ ᠪᠤᠯᠪᠠᠰᠤᠷᠠᠯ᠎ᠤᠨ ᠠᠷᠭ᠎ᠠ ᠵᠢ ᠭᠡᠷᠡᠭᠯᠡᠭᠦ᠎ᠨᠢ ᠲᠠᠨ᠎ᠳᠤ ᠭᠡᠷᠬᠢᠨ ᠠᠮᠢᠳᠤᠯᠢᠬ ᠵᠶ᠋ᠠᠷ ᠰᠤᠷᠴᠤ ᠠᠮᠢᠳᠤᠯᠢᠬ ᠵᠶ᠋ᠠᠷ ᠭᠡᠷᠡᠭᠯᠡᠭᠦ ᠵᠢ ᠰᠤᠷᠭ᠋ᠠᠬᠤ ᠪᠤᠯᠤᠨ᠎ᠠ᠃ ᠲᠤᠤᠷᠠᠬᠢ ᠪᠤᠯ ᠴᠡᠭᠡᠵᠢᠯᠡᠯ᠎ᠢ ᠰᠠᠢ᠍ᠢ᠍ᠵᠢᠷᠠᠭᠤᠯᠬᠤ ᠬᠤᠶᠠᠷ ᠵᠦᠢ᠍ᠯ᠎ᠤᠨ ᠠᠷᠭ᠎ᠠ ᠪᠤᠯᠬᠤ ᠶᠤᠮ᠃
      ᠭᠤᠷᠪᠠ᠂ ᠰᠢᠯᠭ᠋ᠠᠨ ᠪᠠᠢ᠍ᠢ᠍ᠴᠠᠭ᠋ᠠᠬᠤ ᠪᠠ ᠬᠤᠭᠤᠴᠠᠭ᠎ᠠ ᠠᠯᠤᠰᠯᠠᠬᠤ
      ᠰᠡᠳᠬᠢᠴᠠ ᠵᠢᠨ ᠵᠦᠢ ᠵᠢᠨ ᠠ᠋ᠷᠳᠠᠮᠳᠠᠨ 《ᠠᠰᠢᠬᠳᠠᠢ ᠭᠦᠴᠢᠷᠳᠠᠯ》 ᠭᠡᠳᠡᠭ᠎ᠢ ᠶᠠᠷᠢᠳᠠᠬ᠃ ᠠ᠋ᠨᠡ ᠦᠭᠡ ᠵᠢᠨ ᠰᠠᠨᠠᠭ᠎ᠠ᠎ᠨᠢ ᠭᠦᠴᠢᠷᠳᠠᠯ ᠪᠠᠢ᠍ᠢ᠍ᠮᠠᠨᠵᠢᠨ ᠰᠠᠶᠢ ᠴᠢ ᠭᠦᠨᠵᠡᠭᠡᠢ ᠰᠤᠷᠤᠯᠴᠠᠵᠤ ᠴᠢᠳᠠᠳᠠᠬ ᠭᠡᠰᠡᠨ ᠤᠳᠬ᠎ᠠ᠎ᠲᠠᠢ ᠪᠢᠯᠡ᠃
      ᠰᠢᠨ᠎ᠠ ᠮᠠᠳᠠᠯᠭᠡ ᠵᠢᠨ ᠴᠡᠭᠡᠵᠢᠯᠡᠯ᠎ᠢ ᠭᠦᠨᠵᠡᠭᠡᠢ᠍ᠢ᠍ᠷᠡᠭᠦᠯᠭᠦ ᠨᠢᠭᠡ ᠠᠷᠭ᠎ᠠ ᠪᠤᠯ ᠤᠷᠢᠳ ᠵᠶ᠋ᠠᠷ ᠰᠢᠯᠭ᠋ᠠᠨ ᠪᠠᠢ᠍ᠢ᠍ᠴᠠᠭ᠋ᠠᠵᠤ᠂ ᠲᠠᠷᠠᠭ᠎ᠠ᠎ᠨᠢ ᠰᠤᠷᠬᠤ ᠪᠤᠯᠤᠨ᠎ᠠ᠃ ᠠ᠋ᠨᠡ ᠮᠠᠳᠠᠯᠭᠡ ᠵᠢᠨ ᠴᠡᠭ᠎ᠢ ᠴᠢ ᠰᠤᠷᠤᠭ᠋ᠠᠳᠤᠢ ᠪᠤᠯᠬᠤᠷ ᠠ᠋ᠬᠢᠯᠡᠮᠡᠭᠴᠡ ᠰᠢᠯᠭ᠋ᠠᠨ ᠪᠠᠢ᠍ᠢ᠍ᠴᠠᠭ᠋ᠠᠬᠤ᠎ᠳᠤ ᠠᠮᠠᠷᠬᠠᠨ ᠪᠤᠷᠤᠭᠤᠳᠬᠤ ᠪᠤᠯᠤᠯᠴᠠᠭ᠎ᠠ᠎ᠲᠠᠢ᠃ ᠭᠡᠪᠡᠴᠤ ᠢᠨᠭᠬᠢᠭᠦ᠎ᠨᠢ ᠴᠢᠮ᠎ᠠ᠎ᠳᠤ ᠠᠰᠢᠭᠳᠠᠢ᠃ ᠪᠤᠷᠤᠭᠤᠳᠬᠤ᠎ᠨᠢ ᠴᠢᠨᠦ ᠰᠠᠭᠤᠬᠳᠠᠯ᠎ᠢ ᠤᠯᠠᠮ ᠭᠦᠨᠵᠡᠭᠡᠢ᠍ᠢ᠍ᠷᠡᠭᠦᠯᠳᠡᠭ ᠶᠤᠮ᠃
      ᠦᠭᠡᠷ᠎ᠠ ᠨᠢᠭᠡ ᠠᠷᠭ᠎ᠠ ᠪᠤᠯ ᠵᠤᠷᠢᠯᠭ᠎ᠠ᠎ᠲᠠᠢ᠎ᠪᠠᠷ ᠴᠠᠭ ᠠᠯᠤᠰᠯᠠᠬᠤ ᠪᠤᠯᠤᠨ᠎ᠠ᠃ ᠭᠡᠳᠤᠨ ᠠ᠋ᠳᠦᠷ᠎ᠤᠨ ᠲᠤᠳᠤᠷ᠎ᠠ ᠨᠢᠭᠡ ᠬᠢᠴᠢᠶᠡᠯ᠎ᠢ ᠲᠦᠪᠯᠠᠷᠠᠭᠦᠯᠦᠨ ᠰᠤᠷᠬᠤ ᠵᠢ ᠭᠦᠭᠡᠭᠡᠴᠡᠯᠳᠤᠭᠦ ᠭᠡᠷᠡᠭ ᠦᠭᠡᠢ᠃ ᠬᠠᠮᠤᠭ᠎ᠤᠨ ᠰᠠᠢ᠍ᠢ᠍ᠨ ᠠᠷᠭ᠎ᠠ ᠪᠤᠯ ᠭᠡᠳᠤᠨ ᠬᠢᠴᠢᠶᠡᠯ᠎ᠢ ᠬᠠᠮᠳᠤ᠎ᠳᠤ᠎ᠨᠢ ᠰᠤᠷᠪᠠᠯ ᠰᠠᠢ᠍ᠢ᠍ᠨ᠃ ᠦᠨᠦᠳᠤᠷ ᠠ᠋ᠨᠡ ᠬᠢᠴᠢᠶᠡᠯ᠎ᠢ ᠰᠤᠷᠤᠭᠰᠠᠨ ᠪᠤᠯ ᠵᠤᠷᠢᠯᠭ᠎ᠠ᠎ᠲᠠᠢ᠎ᠪᠠᠷ ᠨᠢᠭᠡ ᠬᠤᠶᠠᠷ ᠠ᠋ᠳᠦᠷ ᠲᠡᠭᠦᠨ᠎ᠢ ᠰᠤᠷᠬᠤ ᠦᠭᠡᠢ ᠪᠠᠢ᠍ᠢ᠍ᠵᠤ᠂ ᠵᠤᠬᠢᠬᠤ ᠴᠠᠭ ᠬᠤᠭᠤᠴᠠᠭ᠎ᠠ ᠦᠨᠭᠭᠡᠷᠡᠭᠰᠡᠨ᠎ᠤ ᠳᠠᠷᠠᠭ᠎ᠠ ᠲᠠᠬᠢᠨ ᠰᠤᠷᠬᠤ ᠭᠡᠷᠡᠭᠳᠠᠢ᠃
      ᠭᠡᠳᠤᠨ ᠠ᠋ᠳᠦᠷ᠎ᠤᠨ ᠳᠠᠷᠠᠭ᠎ᠠ ᠲᠠᠷᠠ ᠭᠡᠰᠡᠭ ᠴᠡᠭᠡᠵᠢᠯᠠᠯ ᠵᠶ᠋ᠠᠨ ᠰᠠᠷᠭᠦᠭᠡᠨ ᠪᠤᠳᠤᠬᠤ ᠦᠶ᠎ᠠ᠎ᠳᠤ ᠨᠠᠯᠢᠶᠠᠳ ᠭᠦᠴᠢᠷᠳᠠᠵᠤ ᠮᠠᠳᠠᠨ᠎ᠠ᠂ ᠲᠡᠭᠡᠪᠡᠯ ᠵᠦᠪ᠂ ᠠ᠋ᠨᠡ ᠪᠤᠯ ᠳᠠᠷᠤᠢ ᠪᠢᠳᠠᠨ᠎ᠤ ᠭᠦᠰᠠᠵᠤ ᠪᠠᠢ᠍ᠢ᠍ᠭ᠎ᠠ 《ᠠᠰᠢᠬᠳᠠᠢ ᠭᠦᠴᠢᠷᠳᠠᠯ》 ᠪᠤᠯᠤᠨ᠎ᠠ᠃ ᠭᠦᠴᠢᠷ᠎ᠢ ᠢᠯᠠᠨ ᠲᠠᠪᠠᠪᠠᠯ ᠰᠠᠶᠢ ᠭᠦᠨᠵᠡᠭᠡᠢ ᠰᠤᠷᠤᠯᠴᠠᠵᠤ ᠴᠢᠳᠠᠨ᠎ᠠ᠃
      ᠰᠤᠷᠤᠯᠴᠠᠯᠭ᠎ᠠ ᠪᠤᠯ ᠦᠨᠠᠭᠡᠷ ᠤᠳᠬ᠎ᠠ ᠠᠭᠤᠯᠭ᠎ᠠ᠎ᠲᠠᠢ ᠠᠵᠢᠯᠯᠠᠭ᠎ᠠ ᠶᠤᠮ᠃ ᠭᠦᠮᠦᠨ ᠪᠦᠭᠦᠨ ᠴᠦᠮ ᠭᠦᠴᠢᠷ᠎ᠢ ᠲᠤᠭᠤᠯᠪᠠᠯ ᠰᠢᠨ᠎ᠠ ᠶᠠᠭᠤᠮ᠎ᠠ ᠰᠤᠷᠴᠤ ᠴᠢᠳᠠᠨ᠎ᠠ᠂ 《ᠨᠢᠭᠡ ᠭᠡᠨᠡᠳᠡᠪᠡᠯ ᠨᠢᠭᠡ ᠤᠬᠠᠭ᠋ᠠᠷᠠᠨ᠎ᠠ》 ᠭᠡᠳᠡᠭ᠎ᠢ ᠭᠦᠮᠦᠨ ᠪᠦᠭᠦᠨ ᠮᠠᠳᠡᠳᠡᠭ ᠪᠤᠯᠪᠠᠴᠤ ᠵᠢᠨᠭᠬᠢᠨᠢ ᠰᠤᠷᠤᠯᠴᠠᠬᠤ ᠦᠶ᠎ᠠ᠎ᠳᠤ ᠬᠠᠰᠢ ᠯᠡ ᠪᠠᠰᠠ ᠪᠠᠭᠰᠢ᠎ᠠᠴᠠ ᠶᠠᠭᠤᠮ᠎ᠠ ᠪᠦᠭᠦᠨ᠎ᠢ ᠪᠡᠯᠡᠳᠭᠡᠨ ᠦᠭᠴᠦ ᠰᠠᠢ᠍ᠢ᠍ᠨ ᠬᠢᠷᠢ ᠪᠦᠳᠤᠮᠵᠢ ᠤᠯᠬᠤ ᠵᠢ ᠭᠦᠰᠠᠵᠤ ᠪᠠᠢ᠍ᠢ᠍ᠳᠠᠬ᠃
     2007 ᠤᠨ᠎ᠳᠤ ᠠᠮᠸᠷᠢᠺᠠ ᠵᠢᠨ ᠰᠤᠷᠭ᠋ᠠᠨ ᠭᠦᠮᠦᠵᠢᠯ᠎ᠤᠨ ᠶᠠᠮᠤᠨ ᠨᠢᠭᠡ ᠤᠳᠠᠭ᠋ᠠᠨ᠎ᠤ ᠲᠤᠮᠤ ᠭᠡᠪᠴᠢᠶᠡᠨ᠎ᠤ ᠰᠤᠳᠤᠯᠭ᠋ᠠᠨ ᠬᠢᠵᠤ ᠮᠠᠰᠢ ᠤᠯᠠᠨ ᠪᠠᠭᠰᠢ ᠰᠤᠷᠤᠭᠴᠢ᠎ᠠᠴᠠ ᠴᠤᠬᠤᠮ ᠶᠠᠮᠠᠷ ᠰᠤᠷᠤᠯᠴᠠᠬᠤ ᠠᠷᠭ᠎ᠠ᠎ᠨᠢ ᠵᠢᠨᠭᠬᠢᠨᠢ ᠦᠷ᠎ᠠ ᠪᠦᠳᠤᠮᠵᠢᠳᠠᠢ ᠰᠤᠷᠤᠯᠴᠠᠬᠤ ᠠᠷᠭ᠎ᠠ ᠪᠤᠯᠬᠤ ᠵᠢ ᠤᠢ᠍ᠢ᠍ᠯᠠᠭ᠋ᠠᠬᠤ ᠲᠤᠬᠠᠢ ᠪᠠᠢ᠍ᠢ᠍ᠴᠠᠭ᠋ᠠᠯᠳᠠ ᠬᠢᠵᠠᠢ᠃ ᠡᠴᠤᠰ᠎ᠤᠨ ᠳ᠋ᠦᠩ᠎ᠳᠤ ᠰᠢᠨᠵᠢᠯᠠᠭᠦ ᠤᠬᠠᠭ᠋ᠠᠨᠴᠢ ᠰᠢᠯᠭ᠋ᠠᠯᠳᠠ ᠵᠢ ᠲᠠᠭ᠋ᠠᠭ᠋ᠠᠵᠤ ᠴᠢᠳᠠᠬᠤ ᠠᠷᠭ᠎ᠠ ᠪᠤᠯ ᠳᠠᠷᠤᠢ ᠠ᠋ᠮᠦᠨ᠎ᠠ ᠲᠤᠷᠠᠳᠴᠤ ᠦᠨᠭᠭᠡᠷᠡᠭᠰᠡᠨ ᠬᠤᠭᠤᠴᠠᠭ᠎ᠠ ᠠᠯᠤᠰᠯᠠᠬᠤ᠂ ᠰᠢᠯᠭ᠋ᠠᠨ ᠪᠠᠢ᠍ᠢ᠍ᠴᠠᠭ᠋ᠠᠬᠤ ᠪᠠ ᠬᠤᠯᠪᠤᠯᠳᠠ ᠪᠠᠢ᠍ᠢ᠍ᠭᠤᠯᠬᠤ ᠠᠷᠭ᠎ᠠ ᠪᠠᠢ᠍ᠢ᠍ᠪᠠ᠃
      ᠠ᠋ᠭᠦᠨ᠎ᠠᠴᠠ ᠦᠵᠡᠪᠡᠯ ᠰᠠᠭᠦᠯᠠᠷ ᠭᠦᠴᠦᠯᠡᠭᠦ᠎ᠨᠢ ᠤᠷᠢᠳ ᠵᠶ᠋ᠠᠷ ᠭᠦᠷᠭᠦ᠂ ᠤᠳᠠᠭ᠋ᠠᠨ ᠴᠢᠷᠮᠠᠢ᠍ᠢ᠍ᠯᠭ᠎ᠠ ᠪᠤᠯ ᠰᠠᠶᠢ ᠵᠢᠨᠭᠬᠢᠨᠢ ᠴᠢᠷᠮᠠᠢ᠍ᠢ᠍ᠯᠭ᠎ᠠ ᠪᠠᠢ᠍ᠢ᠍ᠵᠤ ᠮᠠᠳᠠᠨ᠎ᠠ᠃ ᠭᠦᠴᠢᠷᠳᠠᠯ᠎ᠳᠤ ᠲᠤᠯᠭ᠋ᠠᠷᠠᠬᠤ ᠪᠤᠯ ᠰᠠᠶᠢ ᠵᠢᠨᠭᠬᠢᠨᠢ ᠰᠤᠷᠤᠯᠴᠠᠯᠭ᠎ᠠ ᠪᠤᠯᠬᠤ ᠪᠦᠭᠡᠳ ᠮᠦᠨ ᠴᠦ᠍ ᠰᠤᠷᠤᠯᠴᠠᠯᠭ᠎ᠠ ᠵᠢᠨ ᠰᠠᠭ᠋ᠠᠳ ᠪᠤᠯᠬᠤ ᠶᠤᠮ᠃ ᠤᠴᠢᠷ᠎ᠨᠢ ᠠ᠋ᠨᠡ ᠭᠦ᠌ ᠰᠠᠭ᠋ᠠᠳ ᠰᠠᠶᠢ ᠠᠮᠵᠢᠯᠳᠠ ᠤᠯᠬᠤ ᠭᠦᠮᠦᠨ ᠪᠠ ᠢᠯᠠᠭᠳᠠᠬᠤ ᠭᠦᠮᠦᠨ᠎ᠢ ᠢᠯᠭ᠋ᠠᠨ ᠭᠠᠷᠭ᠋ᠠᠵᠤ ᠴᠢᠳᠠᠳᠠᠬ᠃ ᠭᠡᠷᠪᠡ ᠲᠠ ᠠᠮᠵᠢᠯᠳᠠ ᠤᠯᠬᠤ ᠭᠦᠮᠦᠨ ᠪᠤᠯ ᠠ᠋ᠢ᠍ᠢ᠍ᠮᠦᠷᠭᠦᠦ ᠰᠠᠭ᠋ᠠᠳ ᠲᠤᠯᠭ᠋ᠠᠷᠠᠬᠤ ᠵᠢ ᠪᠠᠶᠠᠷᠳᠠᠢ᠎ᠪᠠᠷ ᠭᠦᠯᠢᠶᠡᠨ ᠠᠪᠴᠤ ᠲᠤᠭᠤᠯᠳᠠᠬ ᠶᠤᠮ᠃


            (《ᠪᠠᠭᠰᠢ ᠵᠢᠨ ᠬᠤᠷᠸ᠎ᠠ》 ᠰᠡᠳᠭᠦᠯ᠎ᠤᠨ 2019 ᠤᠨ᠎ᠤ 12 ᠳ᠋ᠤᠭ᠋ᠠᠷ
              ᠬᠤᠭᠤᠴᠠᠭ᠎ᠠ᠎ᠠᠴᠠ ᠰᠠᠢ᠍ᠢ᠍ᠨᠪᠤᠶᠠᠨ ᠤᠷᠴᠢᠭᠤᠯᠵᠤ ᠪᠠᠭᠤᠯᠭ᠋ᠠᠪᠠ)
                       2020 ᠣᠨ᠎ᠤ 10 ᠳ᠋ᠤᠭ᠋ᠠᠷ ᠬᠤᠭᠤᠴᠠᠭ᠎ᠠ



ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
《ᠠ᠋ᠸᠤᠢ᠍ᠺᠯᠢᠳ᠋᠎ᠤᠨ ᠤᠭ ᠪᠢᠴᠢᠭ》 ᠬᠢᠭᠡᠳ ᠮᠥᠩᠬᠡ ᠬᠠᠭ᠋ᠠᠨ
 
             蒙ICP备05000248号