ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠴᠢᠯᠦᠭᠡᠲᠦ᠍ ᠶᠠᠷᠢᠯᠴᠠᠭ᠎ᠠ
ᠭᠧᠷᠮᠠᠨ ᠤᠯᠣᠰ ᠵᠶ᠋ᠠᠷ ᠲᠤᠭᠤᠷᠢᠵᠥ ᠰᠤᠷᠤᠯᠴᠠᠭᠰᠠᠨ ᠬᠠᠷᠢᠭᠤ ᠮᠡᠳᠡᠭᠦᠯᠦᠯᠳᠡ
ᠨᠡᠶ᠋ᠢᠲᠡᠯᠡᠭᠰᠡᠨ ᠴᠠᠭ᠄ 2020-04-09

                          ᠠᠮᠤᠷᠭᠡᠰᠢᠭ


     2018 ᠤᠨ᠎ᠤ 10 ᠰᠠᠷ᠎ᠠ ᠵᠢᠨ 11᠎ᠤ ᠦᠷᠯᠦᠭᠡ ᠵᠢᠨ 2 ᠴᠠᠭ᠎ᠲᠤ ᠪᠡᠭᠡᠵᠢᠩ ᠬᠤᠳᠡ ᠵᠢᠨ ᠨᠢᠰᠬᠡᠯ᠎ᠤᠨ ᠦᠷᠳᠡᠬᠡᠨ᠎ᠠᠴᠠ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠤᠳᠤᠷᠢᠳᠤᠯᠭ᠎ᠠ ᠺᠠᠳ᠋ᠷ ᠵᠶ᠋ᠠᠷ ᠪᠦᠷᠢᠯᠳᠦᠭᠰᠡᠨ ᠲᠤᠭᠤᠷᠢᠨ ᠰᠤᠷᠤᠯᠴᠠᠭ᠍ᠤ ᠪᠦᠯᠭᠦᠮ ᠭ᠋ᠸᠷᠮᠠᠨ ᠤᠯᠤᠰ᠎ᠤᠨ ᠹᠷᠡᠨᠺᠹᠦ᠋ᠷᠲ ᠬᠤᠳᠡ ᠵᠢ ᠴᠢᠭᠯᠡᠪᠡ᠃
      ᠨᠢᠰᠬᠡᠯ ᠤᠯᠠᠭ᠋ᠠᠨᠪᠠᠭ᠋ᠠᠳᠤᠷ ᠬᠤᠳᠡ᠂ ᠤᠷᠤᠰ᠎ᠤᠨ ᠬᠠᠷᠢᠶ᠎ᠠ ᠤᠬᠳᠠᠷᠭᠤᠢ᠎ᠪᠠᠷ 12000 m᠎ᠤᠨ ᠭᠦᠨ᠎ᠳᠤ ᠲᠡᠭᠳᠡᠵᠥ᠂ ᠴᠠᠭ ᠪᠦᠷᠢ 900 ᠺᠢᠯᠤᠮᠸᠲᠷ᠎ᠤᠨ ᠬᠤᠷᠳᠤᠴᠨ᠎ᠪᠠᠷ ᠠᠶᠠᠯᠠᠭ᠍ᠤ᠎ᠳᠤ ᠭᠡᠰᠡᠭ ᠨᠤᠶ᠋ᠢᠷᠮᠤᠭᠯᠠᠵᠥ᠂ ᠭᠡᠰᠡᠭ ᠰᠠᠷᠠᠵᠥ ᠨᠢᠭᠡ ᠮᠡᠳᠡᠭᠦ᠎ᠳᠤ ᠨᠢᠬᠡᠨᠳᠡ ᠠᠷᠪᠠᠭ᠋ᠠᠳ ᠴᠠᠭ ᠠᠶᠠᠯᠠᠴᠢᠬᠠᠬᠰᠠᠨ ᠪᠠᠢ᠍ᠢ᠍ᠪᠠ᠃
      ᠪᠢᠳᠡ ᠭ᠋ᠸᠷᠮᠠᠨ ᠤᠯᠤᠰ᠎ᠤᠨ ᠹᠷᠡᠨᠺᠹᠦ᠋ᠷᠲ ᠬᠤᠳᠡ ᠵᠢᠨ ᠨᠢᠰᠬᠡᠯ᠎ᠤᠨ ᠪᠠᠭᠤᠳᠠᠯ᠎ᠳᠤ ᠲᠤᠰ ᠤᠯᠤᠰ᠎ᠤᠨ ᠴᠠᠭ ᠵᠶ᠋ᠠᠷ 11᠎ᠤ ᠦᠷᠯᠦᠭᠡ ᠵᠢᠨ 7᠄ 15᠎ᠳᠤ ᠪᠠᠭᠤᠪᠠ᠃ ᠨᠢᠭᠤᠷ ᠭᠠᠷ ᠵᠶ᠋ᠠᠨ ᠲᠦᠭᠦᠮ ᠤᠬᠢᠶᠠᠭ᠋ᠠᠳ ᠭᠠᠷᠬᠤ᠎ᠳᠤ ᠭᠠᠳᠠᠨ᠎ᠠ ᠢᠰᠭᠢᠷᠦᠭᠰᠡᠨ ᠰᠡᠷᠢᠭᠦᠨ ᠰᠠᠯᠬᠢ᠎ᠲᠠᠢ᠂ ᠨᠡᠯᠢᠶᠠᠳ ᠭᠦᠢ᠍ᠳᠡᠨ ᠰᠢᠭ ᠰᠠᠨᠠᠭᠳᠠᠪᠠ᠃ ᠭᠦᠳᠦᠯᠦᠭᠴᠢ ᠵᠢᠨ ᠲᠠᠭ᠋ᠠᠭᠤᠯᠭ᠎ᠠ᠎ᠪᠠᠷ ᠠᠶᠠᠨᠴᠢᠳ᠎ᠤᠨ ᠮᠠᠰᠢᠨ᠎ᠳᠤ ᠭᠠᠷᠴᠤ ᠰᠢᠭᠤᠳ ᠷᠤᠲᠸᠨ᠋ᠪᠦᠷᠡᠭ ᠭᠡᠳᠡᠭ ᠵᠢᠵᠢᠭ ᠬᠤᠳᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢ ᠴᠢᠭᠯᠡᠨ ᠲᠠᠪᠬᠢᠭᠤᠯᠪᠠ᠃
      ᠭ᠋ᠸᠷᠮᠠᠨ ᠤᠯᠤᠰ 35.7 ᠲᠦᠮᠡᠨ ᠲᠡᠭᠰᠢ ᠲᠦᠷᠪᠡᠯᠵᠢᠨ ᠺᠢᠯᠦᠮᠸᠲᠷ ᠨᠤᠳᠤᠭ ᠲᠠᠪᠢᠰᠭᠡᠷ ᠲᠡᠭᠡᠷ᠎ᠡ 8401.2 ᠲᠦᠮᠡᠨ ᠭᠦᠮᠦᠨ ᠠᠮᠨ᠎ᠲᠠᠢ᠂ ᠠ᠋ᠸᠦ᠋ᠷᠦᠫᠡ ᠲᠢᠪ᠎ᠤᠨ ᠭᠤᠤᠯ᠎ᠳᠤ ᠪᠠᠶ᠋ᠢᠷᠢᠯᠠᠵᠥ ᠪᠠᠶ᠋ᠢᠭ᠎ᠠ ᠭᠦᠭᠵᠢᠭᠰᠡᠨ ᠭᠦᠷᠦᠩᠭᠡᠳᠤ ᠤᠯᠤᠰ ᠪᠠᠢ᠍ᠢ᠍ᠵᠤ᠂ ᠦᠪᠦᠷ ᠮᠤᠩᠭᠤᠯ᠎ᠤᠨ ᠭᠠᠵᠠᠷ ᠨᠤᠳᠤᠭ᠎ᠤᠨ 1/3᠎ᠳᠤ ᠭᠦᠷᠭᠦ ᠦᠭᠡᠢ ᠭᠠᠵᠠᠷ ᠲᠡᠭᠡᠷ᠎ᠡ ᠦᠪᠦᠷ ᠮᠤᠩᠭᠤᠯ᠎ᠤᠨ ᠭᠦᠮᠦᠨ ᠠᠮᠠᠨ᠎ᠤ ᠭᠤᠷᠪᠡ ᠲᠠᠬᠢᠨ᠎ᠠᠴᠠ ᠢᠯᠡᠬᠦᠦ ᠬᠦᠮᠦᠨ ᠠᠮᠨ ᠠᠮᠢᠳᠤᠷᠠᠵᠤ ᠪᠠᠢ᠍ᠢ᠍ᠳᠠᠬ᠃ ᠪᠦᠬᠦ ᠤᠯᠤᠰ᠎ᠲᠤ 16 ᠵᠸᠤ᠎ᠲᠠᠢ᠃ ᠲᠡᠯᠡᠬᠡᠢ ᠵᠢᠨ ᠬᠤᠶᠠᠳᠤᠭ᠋ᠠᠷ ᠲᠠᠶ᠋ᠢᠨ᠎ᠠᠴᠠ ᠬᠤᠶ᠋ᠢᠰᠢ ᠠᠵᠥ ᠠᠬᠤᠢ ᠨᠡᠶ᠋ᠢᠬᠡᠮ᠎ᠤᠨ ᠭᠦᠭᠵᠢᠯᠳᠡ᠎ᠪᠠᠷ ᠲᠡᠯᠡᠬᠡᠢ ᠵᠢᠨ ᠲᠡᠷᠢᠬᠦᠨ᠎ᠤ ᠠ᠋ᠩᠨᠡᠭᠡᠨ᠎ᠳᠤ ᠵᠢᠬᠰᠠᠭ᠋ᠠᠬᠳᠠᠭᠰᠠᠨ ᠭ᠋ᠸᠷᠮᠠᠨ᠎ᠤ ᠨᠢᠭᠤᠴᠨ ᠵᠤᠷ ᠪᠤᠯᠪᠠᠰᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠳᠤ ᠪᠤᠢ ᠭᠡᠨ᠎ᠡ᠃
      ᠠ᠋ᠳᠦᠬᠡ ᠲᠡᠯᠡᠬᠡᠢ ᠵᠢᠨ ᠬᠡᠪᠴᠢᠶᠡᠨ᠎ᠳᠤ ᠵᠠᠭᠤ ᠭᠠᠷᠤᠢ ᠤᠯᠤᠰ ᠭ᠋ᠸᠷᠮᠠᠨ᠎ᠳᠤ ᠢᠷᠡᠵᠥ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠪᠦᠳᠦᠴᠨ᠂ ᠲᠤᠬᠳᠠᠮᠵᠢ ᠬᠢᠬᠡᠳ ᠬᠠᠮᠢᠶᠠᠷᠤᠯᠳᠡ᠂ ᠠᠷᠭ᠎ᠠ ᠪᠠᠷᠢᠯ᠎ᠢ ᠰᠤᠷᠤᠯᠴᠠᠵᠥ ᠪᠤᠢ᠃ ᠦᠨᠳᠤᠷ ᠬᠤᠷᠳᠤᠴᠠᠳᠤ ᠵᠠᠰᠠᠮᠠᠯ ᠵᠠᠮ ᠲᠠᠭᠡᠷ᠎ᠡ 7 ᠰᠠᠭᠤᠳᠠᠯ᠎ᠠᠴᠠ ᠲᠡᠭᠡᠭᠰᠢ ᠠᠶᠠᠨᠴᠢᠨ᠎ᠤ ᠲᠡᠷᠭᠡ ᠪᠤᠶᠤ ᠪᠠᠷᠠᠭ᠋ᠠᠨ᠎ᠤ ᠲᠤᠮᠤ ᠲᠡᠷᠭᠡ ᠬᠤᠷᠳᠤᠴᠨ ᠵᠢᠨ ᠬᠢᠵᠠᠭ᠋ᠠᠷᠯᠠᠯ᠎ᠲᠠᠢ᠂ ᠬᠤᠷᠳᠤᠴᠨ ᠵᠢ᠎ᠨᠢ ᠮᠠᠰᠢᠨ ᠲᠡᠷᠭᠡ᠎ᠳᠤ᠎ᠨᠢ ᠤᠬᠰᠠᠷᠠᠭᠰᠠᠨ ᠲᠤᠭ᠋ᠠᠴᠠᠯᠠᠭᠰᠠᠨ ᠮᠡᠳᠡᠭᠡ ᠵᠠᠩᠬᠢ ᠬᠤᠷᠢᠶᠠᠭ᠍ᠤ ᠬᠠᠷ᠎ᠠ ᠬᠠᠶ᠋ᠢᠷᠴᠠᠭ ᠠᠳᠠᠯᠢ ᠴᠢᠳᠠᠪᠬᠢ᠎ᠲᠠᠢ ᠮᠠᠰᠢᠨ᠎ᠨᠢ ᠵᠢᠯᠤᠭᠤᠴᠢ ᠵᠢ ᠭᠦᠢ᠍ᠴᠡᠳ ᠡᠵᠡᠮᠰᠢᠴᠢᠭᠡᠳᠡᠭ᠃ ᠲᠦᠷᠪᠡᠨ ᠴᠠᠭ᠎ᠤᠨ ᠠᠶᠠᠨ᠎ᠳᠤ ᠬᠤᠶᠠᠷ ᠤᠳᠠᠭ᠋ᠠᠨ᠎ᠤ ᠠᠮᠠᠷᠠᠯᠳᠠ ᠵᠢ ᠵᠠᠪᠠᠯ ᠪᠠᠶᠠᠯᠠᠭᠦᠯᠤᠨ᠎ᠡ᠃ ᠨᠢᠬᠡᠳᠦᠭᠡᠷ ᠤᠳᠠᠭ᠎ᠠ 15 ᠮᠢᠨᠦ᠋ᠲ᠂ ᠬᠤᠶᠠᠳᠤᠭ᠋ᠠᠷ ᠤᠳᠠᠭ᠎ᠠ 30 ᠮᠢᠨᠦ᠋ᠲ ᠵᠶ᠋ᠠᠷ ᠠᠮᠠᠷᠠᠭᠰᠠᠨ ᠠ᠋ᠰᠡᠬᠦ ᠵᠢ ᠮᠠᠰᠢᠨ ᠲᠡᠷᠭᠡᠨ᠎ᠳᠤ ᠤᠬᠰᠠᠷᠠᠭᠰᠠᠨ ᠬᠠᠷ᠎ᠠ ᠬᠠᠶ᠋ᠢᠷᠴᠠᠭ ᠲᠤᠳᠤᠷᠬᠠᠢ ᠲᠡᠮᠳᠡᠭᠯᠡᠵᠥ᠂ ᠵᠠᠮ ᠬᠠᠷᠢᠯᠴᠠᠭ᠋ᠠᠨ᠎ᠤ ᠶᠡᠷᠤᠩᠭᠡᠢ ᠬᠠᠮᠢᠶᠠᠷᠤᠯᠳᠠ᠎ᠳᠤ ᠢᠯᠡᠷᠡᠳᠡᠭ᠃ ᠭᠡᠷᠪᠡ ᠠᠮᠠᠷᠠᠭ᠍ᠤ ᠦᠬᠡᠢ ᠦᠩᠭᠡᠷᠡᠪᠡᠯ ᠵᠢᠯᠤᠭᠤᠴᠢ᠎ᠳᠤ ᠵᠠᠯᠬᠠᠭ᠋ᠠᠯ ᠰᠶ᠋ᠢᠳᠭᠡᠯ ᠦᠭᠭᠦᠨ᠎ᠡ᠃ ᠠ᠋ᠸᠦ᠋ᠷᠦᠫᠡ ᠵᠢᠨ ᠤᠯᠤᠰ᠎ᠤᠳ᠎ᠤᠨ ᠨᠠᠶ᠋ᠢᠳᠡ ᠵᠢᠨ ᠮᠠᠰᠢᠨ ᠲᠡᠷᠭᠡᠨ᠎ᠤ ᠵᠢᠯᠤᠭᠤᠴᠢ᠎ᠨᠢ ᠤᠯᠠᠩᠬᠢ᠎ᠳᠤ᠎ᠪᠠᠨ 60 ᠨᠠᠰᠤᠨ᠎ᠤ ᠲᠦᠯᠦᠪ᠎ᠤᠨ ᠡᠪᠦᠭᠡᠳ ᠪᠠᠶ᠋ᠢᠵᠥ᠂ ᠵᠠᠯᠠᠭᠤᠴᠤᠳ ᠴᠦᠬᠡᠨ᠂ ᠵᠢᠵᠢᠭ ᠮᠠᠰᠢᠨ ᠦᠨᠳᠤᠷ ᠬᠤᠷᠳᠤᠴᠠᠳᠤ᠎ᠪᠠᠷ ᠲᠠᠪᠬᠢᠬᠤ᠎ᠳᠤ ᠬᠤᠷᠳᠤᠴᠨ ᠵᠢᠨ ᠬᠢᠵᠠᠭ᠋ᠠᠷᠯᠠᠯ ᠬᠡᠵᠥ ᠦᠬᠡᠢ᠃
      ᠦᠨᠳᠤᠷ ᠬᠤᠷᠳᠤᠴᠠᠳᠤ ᠵᠠᠰᠠᠮᠠᠯ ᠵᠠᠮ ᠵᠶ᠋ᠠᠷ ᠠᠶᠠᠯᠠᠭ᠍ᠤ᠎ᠳᠤ ᠰᠠᠭᠤᠳᠠᠯ ᠤᠷᠤ ᠠᠭᠤᠵᠢᠮ᠂ ᠴᠠᠪᠠᠷ ᠲᠤᠬᠢᠯᠢᠬ᠂ ᠠᠭᠤᠷ ᠠᠮᠢᠰᠬᠤᠯ ᠤᠨᠴᠠᠭ᠋ᠠᠢ ᠲᠠᠭ᠋ᠠᠯᠠᠮᠵᠢᠲᠠᠢ᠃ ᠵᠠᠮ ᠲᠠᠭ᠋ᠠᠤ ᠦᠨᠳᠤᠷ ᠰᠦᠷᠯᠢᠭ ᠤᠢ ᠮᠤᠳᠤ᠂ ᠡᠪᠡᠰᠤ ᠤᠷᠭᠤᠮᠠᠯ᠂ ᠠᠭᠤᠯᠨ ᠲᠠᠯ᠎ᠠ ᠵᠢ ᠢᠬ᠍ᠴᠤ ᠰᠠᠭ᠍ᠤᠯᠢᠭ ᠪᠦᠷᠭᠦᠵᠥ᠂ ᠠᠯᠠᠭ᠋ᠠᠨ ᠲᠠᠳᠤᠢ ᠲᠠᠴᠢᠷ ᠬᠠᠯᠴᠠᠭ᠋ᠠᠢ ᠭᠠᠵᠠᠷ ᠦᠬᠡᠢ ᠬᠡᠵᠥ ᠬᠡᠯᠡᠬᠦ᠎ᠳᠤ ᠢᠯᠡᠬᠦᠳᠡᠬᠦ᠎ᠪᠠᠷ ᠦᠬᠡᠢ! ᠬᠠᠶᠨ ᠬᠠᠶᠨ ᠲᠦᠷᠪᠡᠯᠵᠢᠨ᠂ ᠭᠤᠷᠪᠡᠯᠵᠢᠨ᠂ ᠵᠢᠰᠢᠬᠦᠯᠵᠢᠨ ᠤᠯᠠᠨ ᠶᠠᠩᠵᠥ ᠬᠡᠯᠪᠡᠷᠢ ᠵᠢᠨ ᠨᠤᠪ ᠨᠤᠭᠤᠭ᠋ᠠᠨ ᠲᠠᠷᠢᠮᠠᠯ᠎ᠤᠨ ᠲᠠᠯᠠᠪᠠᠢ ᠪᠤᠶᠤ ᠠᠳᠠᠷ ᠬᠠᠭ᠋ᠠᠯᠪᠦᠷᠢᠯᠠᠵᠥ ᠲᠠᠷᠢᠶ᠎ᠠ ᠲᠠᠷᠢᠬᠤ᠎ᠪᠠᠷ ᠪᠠᠶ᠋ᠢᠭ᠎ᠠ ᠰᠢᠬ ᠲᠡᠭᠰᠢ ᠭᠠᠵᠠᠷ ᠠᠩᠬᠠᠷᠣᠯ᠎ᠢ ᠲᠠᠳᠠᠵᠥ ᠭ᠋ᠸᠷᠮᠠᠨ ᠤᠯᠤᠰ ᠴᠢᠨᠢ ᠲᠡᠷᠢᠶᠠᠯᠠᠩ᠎ᠤᠨ ᠤᠯᠤᠰ ᠤᠤ? ᠬᠡᠵᠥ ᠠᠰᠠᠭᠤᠬᠤ᠎ᠳᠤ ᠭᠦᠳᠦᠯᠦᠭᠴᠢ᠎ᠠᠴᠠ ᠭᠧᠷᠮᠠᠨ ᠤᠯᠤᠰ ᠪᠤᠯ ᠲᠠᠷᠢᠶᠠᠯᠠᠩ᠎ᠤᠨ ᠤᠯᠤᠰ ᠪᠢᠰᠢ᠃ ᠦᠪᠡᠷ᠎ᠤᠨ ᠤᠯᠤᠰ᠎ᠤᠨ ᠵᠶ᠋ᠠᠨ ᠲᠠᠷᠢᠶ᠎ᠠ ᠲᠦᠮᠦᠰᠤᠨ᠎ᠤ ᠭᠡᠷᠡᠭᠴᠡᠭᠡᠨ᠎ᠤ᠎ᠪᠠᠨ 1% ᠵᠢ ᠯᠨ ᠦᠪᠡᠷᠳᠡᠬᠡᠨ ᠰᠶ᠋ᠢᠳᠪᠦᠷᠢᠯᠡᠵᠥ᠂ ᠪᠤᠰᠤᠳ᠎ᠢ᠎ᠨᠢ ᠴᠦᠮ ᠭᠠᠳᠠᠭ᠋ᠠᠳᠤ᠎ᠠᠴᠠ ᠤᠷᠤᠭᠤᠯᠳᠠᠭ᠃ ᠠ᠋ᠨᠡ ᠬᠦ᠌ ᠦᠵᠡᠭᠳᠡᠵᠥ ᠪᠠᠶ᠋ᠢᠭ᠎ᠠ ᠵᠢᠵᠢᠭ ᠲᠡᠭᠰᠢ ᠲᠠᠯ᠎ᠠ ᠪᠤᠯ ᠶᠡᠬᠡᠩᠬᠢ᠎ᠳᠤ᠎ᠪᠠᠨ ᠴᠢᠨᠠᠷ ᠰᠠᠶ᠋ᠢᠲᠠᠢ ᠡᠪᠡᠰᠤ ᠲᠠᠷᠢᠵᠥ ᠪᠠᠶ᠋ᠢᠨ᠎ᠡ᠃ ᠴᠦᠬᠡᠬᠡᠨ ᠲᠤᠭ᠋ᠠᠨ᠎ᠤ ᠲᠠᠷᠢᠶᠠᠯᠠᠩ ᠪᠤᠢ ᠬᠡᠨ᠎ᠡ᠃ ᠴᠠᠭ᠋ᠠᠰᠢᠯᠠᠭ᠋ᠠᠳ ᠨᠠᠷᠢᠨ ᠠᠩᠬᠠᠷᠪᠠᠯ ᠬᠤᠳᠳᠤᠭ᠂ ᠤᠰᠤᠯᠠᠭ᠍ᠤ ᠪᠠᠭ᠋ᠠᠵᠢ ᠲᠦᠭᠦᠭᠡᠷᠦᠮᠵᠢ᠂ ᠬᠠᠶ᠋ᠢᠷᠴᠠᠭ ᠬᠠᠮᠠᠷ ᠬᠡᠵᠥ ᠦᠬᠡᠢ᠂ ᠵᠥᠪᠬᠡᠨ ᠭᠠᠵᠠᠷ᠎ᠢ᠎ᠨᠢ ᠬᠠᠭ᠋ᠠᠯᠪᠤᠷᠢᠯᠠᠭ᠋ᠠᠳ ᠰᠢᠪᠡᠷ ᠰᠢᠷᠤᠢ ᠵᠢ᠎ᠨᠢ ᠭᠤᠶᠤ ᠰᠠᠶ᠋ᠢᠬᠠᠨ ᠴᠤᠴᠠᠯᠠᠭ᠋ᠠᠳ ᠭᠦᠷᠦᠩᠭᠡ ᠤᠷᠤᠭᠤᠯᠴᠢᠬᠠᠳᠠᠭ ᠲᠠᠳᠤᠢ᠃ ᠤᠰᠤᠯᠠᠭ᠍ᠤ ᠵᠢ ᠮᠡᠳᠡᠬᠦ ᠦᠬᠡᠢ᠂ ᠪᠤᠷᠤᠭ᠋ᠠᠨ᠎ᠢ ᠲᠦᠰᠢᠨ᠎ᠡ᠃ ᠴᠠᠭ᠋ᠠᠰᠢ ᠤᠬᠤᠴᠢᠯᠠᠨ ᠦᠢ᠍ᠯᠠᠭ᠋ᠠᠪᠠᠯ ᠭ᠋ᠸᠷᠮᠠᠨ ᠤᠯᠤᠰ᠎ᠲᠤ ᠲᠤᠮᠤ ᠮᠠᠯᠵᠢᠯ᠎ᠤᠨ ᠲᠠᠯᠠᠪᠠᠢ ᠪᠠᠶ᠋ᠢᠨ᠎ᠠ᠃ ᠭᠤᠤᠯᠳᠠᠭᠤ ᠦᠭᠡᠷ᠂   ᠮᠤᠷᠢ᠂ ᠬᠤᠨᠢ ᠬᠡᠵᠥ ᠪᠤᠢ᠃ ᠴᠢᠨᠠᠷ ᠰᠠᠶ᠋ᠢᠲᠠᠢ ᠡᠪᠡᠰᠤ ᠪᠠᠯᠴᠢᠭᠡᠷ᠎ᠲᠤ᠎ᠪᠠᠨ ᠮᠠᠯ ᠵᠶ᠋ᠠᠨ ᠢᠳᠡᠰᠢᠯᠡᠬᠦᠯᠬᠦ ᠪᠤᠶᠤ ᠡᠪᠡᠰᠤ᠎ᠪᠠᠨ ᠮᠠᠰᠢᠨ ᠵᠶ᠋ᠠᠷ ᠬᠤᠷᠢᠶᠠᠵᠥ ᠮᠠᠯᠵᠢᠯ᠎ᠤᠨ ᠲᠠᠯᠠᠪᠠᠢ᠎ᠳᠤ᠎ᠪᠠᠨ ᠠᠰᠢᠬᠯᠠᠳᠠᠭ ᠪᠠᠶ᠋ᠢᠳᠠᠯ᠎ᠲᠠᠢ᠃ ᠭᠡᠪᠡᠴᠤ ᠪᠡᠯᠴᠢᠭᠡᠷᠯᠡᠵᠥ ᠪᠠᠶ᠋ᠢᠭ᠎ᠠ ᠮᠠᠯ ᠰᠦᠷᠦᠭ ᠬᠡᠵᠥ ᠴᠦᠭᠡᠪᠳᠤᠷ ᠦᠭᠡᠷ᠂ ᠠᠳᠤᠭᠤ᠂ ᠬᠤᠨᠢ ᠬᠠᠶᠨ ᠬᠠᠶᠨ   ᠬᠠᠷᠠᠭᠳᠠᠨ᠎ᠠ᠃
      ᠵᠠᠮ ᠲᠠᠭ᠋ᠠᠤ ᠭᠤᠤᠯ ᠭᠤᠷᠤᠬ᠎ᠠ᠂ ᠨᠠᠭᠤᠷ ᠴᠦᠭᠦᠷᠤᠮ᠎ᠤᠨ ᠣᠷᠣᠰᠬᠠᠯ᠎ᠢ ᠬᠠᠪᠢᠳᠠᠨ ᠤᠢ ᠵᠢᠨ ᠲᠤᠳᠤᠷᠠᠬᠢ ᠲᠤᠰᠬᠤᠨ ᠪᠠᠯᠭ᠋ᠠᠰᠤ᠂ ᠲᠤᠰᠬᠤᠨ᠎ᠤ ᠲᠤᠳᠤᠷᠠᠬᠢ ᠤᠢ ᠮᠣᠳᠣ ᠪᠠᠶ᠋ᠢᠭ᠋ᠠᠯᠢ᠎ᠳᠤ᠎ᠪᠠᠨ ᠵᠤᠬᠢᠴᠠᠭᠰᠠᠨ ᠮᠦᠷᠳᠡᠬᠡᠨ ᠦᠨᠳᠤᠷ ᠦᠨᠳᠤᠷ ᠠ᠋ᠾᠷᠢᠰᠲ᠋ᠤᠰ᠎ᠤᠨ ᠱᠠᠰᠢᠨ᠎ᠤ ᠲᠤᠭ᠋ᠠᠩ ᠬᠢᠭᠡᠳ ᠠ᠋ᠭ᠌ᠴᠨ ᠪᠤᠰᠤᠭ᠎ᠠ ᠲᠡᠭᠡᠪᠤᠷ᠎ᠲᠠᠢ ᠬᠤᠶᠠᠷ ᠭᠤᠷᠪᠠᠨ ᠲᠠᠪᠬᠤᠷ ᠠᠰᠠᠷ ᠲᠠᠭᠳᠤ ᠨᠡᠶ᠋ᠢᠳᠡᠮ᠎ᠳᠤ᠎ᠪᠠᠨ ᠨᠢᠬᠡ ᠯᠨ ᠤᠨᠴᠠᠯᠢᠭ᠎ᠲᠠᠢ᠃ ᠠᠶ᠋ᠢᠯ ᠠ᠋ᠷᠤᠬᠡ ᠭᠡᠵᠥ ᠲᠠᠷᠠᠬᠠᠢ ᠰᠠᠭᠤᠷᠢᠰᠢᠬᠰᠠᠨ ᠮᠠᠨ᠎ᠤ ᠠᠳᠡᠬᠢ ᠪᠠᠶ᠋ᠢᠳᠠᠯ ᠶᠠᠷᠤ ᠬᠠᠷᠠᠭᠳᠠᠭ᠍ᠤ ᠦᠬᠡᠢ᠃
      ᠭ᠋ᠸᠷᠮᠠᠨ ᠤᠯᠤᠰ᠎ᠤᠨ ᠴᠠᠭ ᠵᠶ᠋ᠠᠷ 11 ᠴᠠᠭ᠎ᠤᠨ ᠦᠶ᠎ᠡ᠎ᠪᠠᠷ ᠷᠤᠲᠸᠨ᠋ᠪᠦᠷᠡᠭ ᠭᠡᠳᠡᠭ ᠵᠢᠵᠢᠭ ᠬᠤᠳᠡ ᠵᠢᠨ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠠ᠋ᠬᠦᠳᠡᠨ᠎ᠳᠤ ᠭᠦᠷᠦᠯ᠎ᠠ᠃ ᠲᠤᠮᠳᠡ᠎ᠪᠠᠨ ᠨᠢᠬᠡ ᠯᠨ ᠤᠳᠠᠭ᠎ᠠ 15 ᠮᠢᠨᠦ᠋ᠲ᠎ᠤᠨ ᠠᠮᠠᠷᠠᠯᠳᠠ ᠬᠢᠪᠡ᠃ ᠭᠡᠷᠪᠡ ᠪᠠᠭ᠍ᠠᠨ ᠤᠳᠠᠭ᠋ᠠᠨ ᠰᠢᠬ ᠶᠠᠪᠤᠬᠰᠠᠨ ᠪᠤᠯ ᠭᠦᠷᠴᠤ ᠢᠷᠡᠬᠦ᠎ᠠᠴᠠ ᠠ᠋ᠮᠦᠨ᠎ᠡ ᠪᠠᠰᠠ 30 ᠮᠢᠨᠦ᠋ᠲ᠎ᠤᠨ ᠠᠮᠠᠷᠠᠯᠳᠠ ᠵᠢ ᠵᠠᠪᠠᠯ ᠬᠢᠬᠦ ᠴᠢᠬᠤᠯᠠᠲᠠᠢ ᠪᠠᠶ᠋ᠢᠯ᠎ᠠ᠃
      ᠨᠢᠭᠡ᠂ ᠰᠤᠷᠭ᠋ᠠᠭᠤᠯᠢ ᠵᠢᠨ ᠵᠠᠭᠢᠷᠣᠯ ᠠ᠋ᠭᠦᠳᠡᠨ᠎ᠤ ᠠ᠋ᠮᠤᠨ᠎ᠡ ᠪᠢᠳᠡᠨ᠎ᠢ ᠤᠬᠳᠤᠨ ᠠᠪᠴᠤ ᠬᠠᠯᠠᠭᠤᠨ ᠵᠶ᠋ᠠᠷ ᠮᠠᠨᠳᠤᠴᠢᠯᠠᠵᠤ ᠰᠤᠷᠭ᠋ᠠᠭᠤᠯᠢ ᠵᠢᠨ ᠠᠰᠠᠷ᠎ᠢ ᠨᠢᠭᠡ ᠨᠢᠭᠡ ᠲᠠᠪᠬᠤᠷᠭ᠎ᠠ᠎ᠪᠠᠷ ᠲᠤᠭᠤᠷᠢᠨ ᠲᠠᠨᠢᠯᠴᠠᠭᠤᠯᠪᠠ᠃
      ᠲᠤᠰ ᠠᠵᠢᠯ ᠮᠡᠷᠭᠡᠵᠢᠯ᠎ᠤᠨ ᠰᠤᠷᠭ᠋ᠠᠭᠤᠯᠢ᠎ᠨᠢ 1975 ᠤᠨ᠎ᠠᠴᠠ ᠠ᠋ᠮᠤᠨ᠎ᠡ ᠠ᠋ᠩ᠎ᠤᠨ ᠲᠤᠮᠳᠠᠳᠤ ᠰᠤᠷᠭ᠋ᠠᠭᠤᠯᠢ ᠪᠠᠶ᠋ᠢᠬᠰᠠᠨ ᠵᠶ᠋ᠠᠨ ᠠᠵᠢᠯ ᠮᠡᠷᠭᠡᠵᠢᠯ᠎ᠤᠨ ᠰᠤᠷᠭ᠋ᠠᠭᠤᠯᠢ ᠪᠤᠯᠭ᠋ᠠᠨ ᠦᠭᠡᠷᠡᠴᠢᠯᠡᠭᠳᠡᠵᠡᠢ᠃ 90 ᠭᠠᠷᠤᠢ ᠪᠠᠭᠰᠢ ᠠᠵᠢᠯᠳᠠᠨ᠎ᠲᠠᠢ᠃ 1800 ᠭᠠᠷᠤᠢ ᠰᠤᠷᠤᠬ᠍ᠴᠢ᠎ᠲᠠᠢ᠂ ᠭᠤᠷᠪᠠᠨ ᠰᠠᠯᠪᠤᠷᠢ ᠰᠤᠷᠭ᠋ᠠᠭᠤᠯᠢ ᠵᠢᠨ ᠴᠢᠭ᠎ᠲᠠᠢ᠃ ᠠ᠋ᠬᠦᠨ᠎ᠤ ᠲᠤᠳᠤᠷ᠎ᠠ ᠨᠢᠭᠡ ᠰᠠᠯᠪᠤᠷᠢ ᠰᠤᠷᠭ᠋ᠠᠭᠤᠯᠢ ᠵᠢᠨ ᠴᠢᠭ᠎ᠲᠤ᠎ᠨᠢ ᠵᠥᠪᠬᠡᠨ 7 ᠰᠤᠷᠤᠭᠴᠢ᠎ᠲᠠᠢ᠂ ᠠᠯᠪᠠᠨ   ᠠᠰᠠᠷ᠂ ᠪᠠᠶ᠋ᠢᠷᠢ ᠵᠢᠨ ᠠᠰᠠᠷ᠎ᠨᠢ ᠨᠢᠭᠡ ᠵᠠᠯᠭ᠋ᠠᠭ᠎ᠠ ᠪᠦᠬᠦᠯᠢ ᠴᠤᠬ᠍ᠴᠨ᠃ 500 ᠵᠢᠯ᠎ᠤᠨ ᠲᠡᠤᠭᠡ᠎ᠲᠠᠢ ᠬᠠᠭᠤᠴᠢᠨ ᠪᠠᠷᠢᠯᠭ᠎ᠠ ᠵᠢ ᠠᠰᠢᠬᠯᠠᠵᠥ ᠰᠡᠯᠪᠢᠯᠳᠡ ᠵᠠᠰᠠᠯᠳᠠ᠂ ᠪᠠᠬᠢᠵᠢᠬᠦᠯᠥᠯᠳᠡ ᠵᠢ ᠰᠠᠶ᠋ᠢᠬᠠᠨ ᠭᠢᠭᠡᠳ ᠰᠤᠷᠭ᠋ᠠᠭᠤᠯᠢ ᠠ᠋ᠷᠭᠢᠯᠡᠵᠥ ᠪᠠᠶ᠋ᠢᠨ᠎ᠠ᠃ ᠰᠡᠯᠪᠢᠯᠳᠡ ᠵᠠᠰᠠᠯᠳᠡ᠂ ᠪᠠᠬᠢᠵᠢᠬᠦᠯᠥᠯᠳᠡ᠎ᠨᠢ ᠤᠭ ᠪᠠᠷᠢᠯᠭ᠎ᠠ ᠵᠢᠨ ᠭᠡᠯᠪᠡᠷᠢ ᠲᠦᠷᠰᠤ᠂ ᠪᠦᠳᠦᠴᠨ ᠵᠢ ᠶᠠᠷᠤ ᠬᠤᠪᠢᠷᠠᠭᠤᠯᠬᠤ ᠦᠬᠡᠢ ᠪᠠᠶ᠋ᠢᠳᠠᠯ ᠲᠤᠤᠷ᠎ᠡ ᠭᠦᠢ᠍ᠴᠡᠳᠭᠡᠲᠡᠭ ᠲᠤᠯᠨ 500 ᠵᠢᠯ᠎ᠤᠨ ᠠ᠋ᠮᠦᠨᠡᠬᠢ ᠲᠡᠤᠬᠡ ᠰᠤᠶᠤᠯ᠎ᠤᠨ ᠤᠯᠨ ᠮᠦᠷ᠎ᠢ ᠨᠢᠳᠤᠨ᠎ᠳᠤ ᠦᠵᠡᠭᠳᠡᠵᠥ ᠭᠠᠷ᠎ᠲᠤ ᠪᠠᠷᠢᠬᠳᠠᠭ᠍ᠤ ᠬᠡᠮᠵᠢᠶᠡᠨ᠎ᠳᠤ ᠭᠦᠷᠳᠡᠯ᠎ᠡ ᠲᠤᠳᠤᠷᠬᠠᠢ ᠢᠯᠡᠷᠡᠭᠦᠯᠵᠥ᠂ ᠲᠡᠤᠭᠡ ᠰᠤᠶᠤᠯ ᠵᠶ᠋ᠠᠨ ᠦᠨᠦᠳᠤᠷ᠎ᠲᠤ ᠠᠭᠤᠰᠬᠠᠵᠥ᠂ ᠦᠨᠦᠳᠤᠷ᠎ᠤᠨ ᠭᠦᠭᠵᠢᠯᠳᠡ ᠲᠠᠪᠰᠢᠯᠳᠡ᠎ᠨᠢ ᠴᠦᠮ ᠤᠷᠳᠤ ᠬᠤᠭᠤᠴᠠᠭ᠋ᠠᠨ᠎ᠤ ᠲᠡᠣᠬᠡ᠎ᠶᠢᠨ ᠤᠯᠪᠠᠭ᠎ᠠ ᠵᠢᠨ ᠦᠶ᠎ᠡ ᠦᠶ᠎ᠡ ᠵᠢᠨ ᠭᠦᠮᠦᠨ ᠨᠡᠶ᠋ᠢᠬᠡᠮ᠎ᠤᠨ ᠤᠪᠤᠭ᠋ᠠᠨ᠎ᠳᠤ ᠴᠢᠯᠠᠭᠤ ᠨᠡᠮᠡᠭᠰᠡᠨ ᠲᠠᠳᠤᠢ ᠭᠡᠳᠡᠭ᠎ᠢ ᠭᠦᠨᠵᠡᠭᠡᠢ ᠲᠠᠨᠢᠭᠤᠯᠬᠤ᠎ᠠᠴᠠ ᠭᠠᠳᠠᠨ᠎ᠠ ᠠ᠋ᠬᠡ ᠪᠠᠶ᠋ᠢᠭ᠋ᠠᠯᠢ ᠵᠢᠨ ᠮᠦᠭᠦᠯᠢᠭ ᠰᠢᠷᠤᠢ᠎ᠶᠢ ᠭᠦᠷᠳᠡᠯ᠎ᠡ ᠠ᠋ᠰᠡ ᠪᠦᠷᠢᠯᠭᠡᠬᠦ᠂ ᠬᠠᠶ᠋ᠢᠷᠠᠯᠠᠵᠥ ᠨᠠᠨᠳᠢᠩᠨᠠᠭ᠍ᠤ᠂ ᠦᠷᠭᠦᠯᠵᠢᠯᠡᠬᠦᠯᠬᠦ᠂ ᠵᠠᠯᠭ᠋ᠠᠮᠵᠢᠯᠠᠭ᠍ᠤ᠎ᠶᠢ ᠲᠠᠷᠢᠭᠦᠨ᠎ᠳᠤ ᠲᠠᠯᠪᠢᠬᠤ ᠴᠠᠭ᠎ᠤᠨ ᠤᠷᠤᠰᠬᠠᠯ᠎ᠢ ᠲᠠᠭ᠋ᠠᠵᠥ᠂ ᠬᠠᠭᠤᠴᠢᠨ᠎ᠢ ᠤᠷᠤ ᠮᠦᠷ ᠦᠭᠡᠢ ᠦᠭᠡᠶ᠋ᠢᠰᠬᠡᠵᠥ᠂ ᠪᠦᠷᠢᠯᠭᠡᠵᠥ ᠰᠦᠢ᠍ᠳᠭᠡᠬᠦ᠂ ᠴᠠᠭ᠋ᠠᠰᠢᠳᠠ ᠲᠡᠥᠬᠡ ᠰᠤᠶᠤᠯ᠎ᠢ ᠪᠠᠯᠠᠷᠬᠠᠶ᠋ᠢᠰᠢᠭᠤᠯᠬᠤ ᠵᠢ ᠤᠨᠴᠠᠭ᠋ᠠᠢ ᠴᠡᠭᠡᠷᠯᠡᠵᠥ᠂ ᠤᠴᠢᠷ ᠦᠭᠡᠢ ᠰᠢᠨ᠎ᠡ ᠭᠠᠵᠠᠷ ᠨᠠᠭᠡᠭᠡᠵᠥ᠂ ᠲᠠᠬᠢᠨ ᠲᠠᠪᠳᠠᠨ ᠰᠢᠨ᠎ᠡ ᠠᠰᠠᠷ ᠲᠠᠭᠳᠤ ᠪᠠᠷᠢᠬᠤ ᠵᠢ ᠴᠢᠩᠭ᠎ᠠ ᠭᠢᠵᠠᠭ᠋ᠠᠷᠯᠠᠵᠥ᠂ ᠭᠡᠷᠡᠭᠴᠡᠭᠡ ᠱᠠᠭ᠋ᠠᠷᠳᠠᠯᠭ᠎ᠠ᠎ᠳᠤ᠎ᠪᠠᠨ ᠵᠤᠭᠢᠴᠠᠭᠰᠠᠨ ᠪᠠᠶ᠋ᠢᠬᠤ ᠪᠤᠯ ᠬᠠᠮᠤᠭ᠎ᠤᠨ ᠶᠡᠭᠡ ᠦᠨᠳᠤᠷ ᠪᠠᠷᠢᠮᠵᠢᠶ᠎ᠠ ᠱᠠᠭ᠋ᠠᠷᠳᠠᠯᠭ᠎ᠠ ᠪᠣᠯᠣᠨ᠎ᠠ᠃
      ᠲᠤᠰ ᠰᠤᠷᠭ᠋ᠠᠭᠤᠯᠢ 1800 ᠭᠠᠷᠤᠢ ᠰᠤᠷᠤᠬ᠍ᠴᠢ᠎ᠲᠠᠢ ᠪᠤᠯᠪᠠᠴᠤ ᠭᠤᠷᠪᠠᠨ ᠰᠠᠯᠪᠤᠷᠢ ᠰᠤᠷᠭ᠋ᠠᠭᠤᠯᠢ ᠭᠢᠭᠡᠳ ᠠᠵᠥ ᠠᠬᠤᠶ᠋ᠢᠯᠠᠯ᠎ᠳᠤ ᠬᠤᠪᠢᠶᠠᠭᠳᠠᠭ᠋ᠠᠳ ᠪᠠᠶ᠋ᠢᠩᠭᠤ ᠪᠠᠶ᠋ᠢᠬᠤ ᠰᠤᠷᠤᠬ᠍ᠴᠢ᠎ᠨᠢ ᠵᠦᠪᠬᠡᠨ 600 ᠭᠠᠷᠤᠢ᠃ ᠪᠠᠶ᠋ᠢᠷᠢ᠎ᠳᠤ ᠰᠠᠭᠤᠭ᠎ᠠ ᠰᠤᠷᠤᠬ᠍ᠴᠢ᠎ᠨᠢ ᠭᠡᠳᠤᠨ ᠠᠷᠪᠠᠭ᠍ᠠᠨ᠃ ᠭᠤᠷᠪᠠᠨ ᠴᠠᠭ ᠮᠠᠰᠢᠨ ᠵᠶ᠋ᠠᠷ ᠠᠶᠠᠯᠠᠭ᠋ᠠᠳ ᠰᠤᠷᠭ᠋ᠠᠭᠤᠯᠢ᠎ᠳᠤ ᠠ᠋ᠰᠨ ᠭᠦᠷᠴᠤ ᠲᠠᠶ᠋ᠢᠯᠭᠦ ᠰᠤᠷᠤᠭᠴᠢᠳ᠎ᠲᠤ ᠪᠠᠶ᠋ᠢᠷᠢ ᠲᠤᠭᠢᠷᠠᠭᠤᠯᠥᠨ᠎ᠡ᠃ ᠨᠢᠭᠡ ᠰᠤᠷᠤᠬ᠍ᠴᠢ ᠨᠢᠭᠡ ᠪᠠᠶ᠋ᠢᠷᠢ᠃ ᠪᠠᠶ᠋ᠢᠷᠢ ᠵᠢᠨ ᠲᠤᠳᠤᠷᠠᠭᠢ ᠨᠦᠭᠦᠴᠡᠯ ᠪᠤᠯ ᠤᠭᠢᠶᠠᠯᠭ᠎ᠠ ᠵᠢᠨ ᠦᠷᠦᠭᠡ᠂ ᠰᠤᠷᠤᠯᠴᠠᠭ᠍ᠤ ᠰᠢᠷᠡᠭᠡ ᠰᠠᠨᠳᠠᠯᠢ᠂ ᠤᠨᠳᠠᠭ᠍ᠤ ᠤᠷᠤ᠂ ᠨᠤᠮ ᠰᠤᠳᠤᠷ ᠪᠤᠶᠤ ᠬᠤᠪᠴᠠᠰᠤ ᠬᠤᠨᠠᠷ ᠵᠶ᠋ᠠᠨ ᠬᠤᠷᠢᠶᠠᠭ᠍ᠤ ᠬᠤᠷᠭᠤ᠂ ᠰᠡᠯᠡᠭᠦᠴᠡᠯ᠎ᠤᠨ ᠪᠠᠭ᠎ᠠ ᠲᠡᠭᠳᠡᠷ ᠵᠡᠷᠭᠡ ᠪᠦᠷᠢᠨ ᠲᠦᠭᠦᠷ ᠲᠦᠭᠦᠭᠡᠷᠤᠮᠵᠢ᠎ᠲᠠᠢ ᠮᠦᠷᠳᠡᠭᠡᠨ ᠤᠨᠴᠠᠭ᠋ᠠᠢ ᠴᠠᠪᠡᠷ ᠴᠡᠮᠴᠡᠭᠡᠷ ᠪᠠᠢ᠍ᠢ᠍ᠳᠠᠬ᠃ ᠴᠡᠪᠡᠷ᠎ᠤᠨ ᠲᠤᠳᠤᠷ᠎ᠠ ᠵᠤᠷᠯᠤᠩ ᠨᠡᠩ ᠴᠠᠪᠡᠷ᠃ ᠬᠠᠭᠤᠴᠢᠨ ᠪᠠᠷᠢᠯᠭ᠎ᠠ᠂ ᠬᠠᠭᠤᠴᠢᠨ ᠤᠷᠤᠨ ᠰᠠᠭᠤᠴᠨ ᠪᠤᠯᠪᠠᠴᠤ ᠤᠰᠤᠨ ᠴᠤᠷᠭᠤ᠂ ᠴᠠᠭᠢᠯᠭ᠋ᠠᠨ ᠨᠡᠭᠡᠭᠡᠯᠭᠡ ᠬᠠᠭ᠋ᠠᠯᠭ᠎ᠠ᠂ ᠠᠪᠳᠠᠷ᠎ᠠ ᠬᠤᠷᠭᠤ ᠭᠡᠳ ᠡᠪᠳᠡᠷᠭᠡᠢ ᠬᠠᠭ᠋ᠠᠷᠬᠠᠢ ᠵᠦᠢ᠍ᠯ ᠤᠬᠳᠤ ᠠᠯᠠᠭ᠎ᠠ᠃ ᠦᠢ᠍ᠯᠡᠳᠭᠦᠨ᠎ᠤ ᠴᠢᠨᠠᠷᠵᠢᠯ ᠰᠠᠶ᠋ᠢᠳᠠᠢ ᠲᠡᠭᠡᠷ᠎ᠡ᠎ᠨᠢ ᠬᠠᠶ᠋ᠢᠷᠠᠯᠠᠵᠥ ᠬᠠᠮᠠᠭ᠋ᠠᠯᠠᠭ᠍ᠤ ᠦᠵᠡᠯ ᠤᠬᠠᠮᠰᠠᠷ ᠦᠨᠳᠤᠷ᠂ ᠬᠠᠮᠢᠶᠠᠷᠤᠯᠳᠠ ᠴᠢᠩᠭ᠎ᠠ᠃ ᠭᠡᠷᠡᠮ ᠬᠠᠨᠠᠨ᠎ᠳᠤ ᠵᠢᠷᠤᠭ ᠰᠡᠭᠦᠳᠡᠷ᠂ ᠬᠤᠸᠠᠷ ᠭᠦᠷᠦᠭ ᠭᠡᠵᠥ ᠢᠯᠡᠬᠦᠳᠡᠮᠡᠯ ᠵᠦᠢ᠍ᠯ ᠨᠢᠭᠡ ᠴᠤ᠌ ᠦᠭᠡᠢ!
      ᠵᠠᠬᠢᠷᠤᠯ᠎ᠤᠨ ᠠᠯᠪᠠᠨ ᠭᠡᠷ᠎ᠤᠨ ᠦᠷᠦᠬᠡᠨ᠎ᠳᠤ᠎ᠨᠢ ᠲᠡᠳ᠋ ᠵᠠᠬᠢᠷᠤᠯ᠂ ᠬᠠᠵᠠᠭᠤ ᠬᠠᠪᠢ᠎ᠪᠠᠷ᠎ᠨᠢ ᠠᠯᠪᠠᠨ ᠭᠡᠷ᠎ᠤᠨ ᠠ᠋ᠷᠬᠢᠯᠡᠭᠴᠢ ᠬᠡᠳ ᠦᠨᠳᠤᠰᠤᠨ᠎ᠳᠤ᠎ᠪᠠᠨ ᠨᠢᠬᠡ ᠠ᠋ᠬᠦᠳᠡ᠂ ᠬᠡᠳᠤᠨ ᠦᠷᠦᠬᠡᠨ᠎ᠳᠤ ᠵᠠᠯᠭ᠋ᠠᠯᠳᠤᠨ ᠰᠠᠭᠤᠵᠠᠢ᠃
      ᠪᠠᠭᠰᠢ ᠨᠠᠷ ᠴᠤ᠌ ᠪᠤᠯᠤᠭ᠂ ᠰᠤᠷᠤᠬ᠍ᠴᠢ ᠨᠠᠷ ᠴᠤ᠌ ᠪᠤᠯᠤᠭ᠂ ᠬᠤᠭᠤᠯᠠᠨ ᠭᠡᠷ᠎ᠤᠨ ᠲᠤᠭᠤᠭ᠋ᠠᠴᠢ ᠨᠡᠷ ᠴᠤ᠌ ᠪᠤᠯᠤᠭ᠂ ᠠᠭᠤᠯᠵᠠᠩᠭᠤᠳᠡ ᠢᠨᠢᠶᠡᠮᠰᠦᠭᠯᠡᠨ᠂ ᠲᠤᠯᠤᠭ᠋ᠠᠢ ᠲᠤᠭᠢᠰᠬᠢᠨ ᠭ᠋ᠸᠷᠮᠠᠨ ᠬᠡᠯᠨ᠎ᠪᠠᠷ ᠮᠠᠨᠳᠤᠴᠢᠯᠠᠵᠥ᠂ ᠪᠠᠶᠠᠷ ᠪᠠᠶᠠᠰᠬᠤᠯᠠᠩ ᠵᠢᠪᠬᠤᠭ᠎ᠠ ᠲᠡᠭᠦᠯᠳᠡᠷ ᠪᠠᠶ᠋ᠢᠵᠥ᠂ ᠠᠵᠢᠯ ᠰᠤᠷᠤᠯᠭ᠎ᠠ᠎ᠳᠤ ᠲᠠᠷᠤᠬᠳᠠᠭᠰᠠᠨ᠂ ᠤᠷᠮ᠎ᠠ ᠦᠭᠡᠶ᠋ᠢᠳᠡᠭᠰᠠᠨ᠂ ᠲᠤᠷᠤᠭᠰᠢ ᠬᠠᠷᠠᠭᠰᠠᠨ᠂ ᠵᠦᠷᠢᠭᠦᠯᠡᠨ ᠪᠤᠷᠤᠭᠤᠯᠠᠭᠰᠠᠨ ᠪᠠᠶ᠋ᠢᠳᠠᠯ ᠬᠠᠷᠠᠭᠳᠠᠬᠤ ᠦᠭᠡᠢ!
      ᠨᠢᠭᠡ ᠠᠩᠬᠢ 16 ᠰᠤᠷᠤᠬ᠍ᠴᠢ᠎ᠠᠴᠠ ᠲᠠᠪᠠᠭ᠍ᠤ ᠦᠭᠡᠢ᠂ ᠲᠡᠭᠡᠳᠤ ᠲᠤᠮᠳᠠᠳᠤ ᠵᠢᠨ ᠠᠩᠭᠢ ᠪᠠᠶ᠋ᠢᠬᠤ᠎ᠠᠴᠠ ᠭᠠᠳᠠᠨ᠎ᠠ ᠠᠩᠬ᠎ᠠ ᠲᠤᠮᠳᠠᠳᠤ ᠵᠢᠨ ᠪᠡᠯᠡᠳᠭᠡᠯ ᠠᠩᠬᠢ ᠭᠡᠵᠥ ᠪᠤᠢ᠃ ᠲᠤᠰᠬᠠᠢ ᠮᠠᠷᠭᠡᠵᠢᠯ᠎ᠤᠨ ᠤᠨᠴᠠᠯᠢᠭ᠎ᠢ ᠦᠨᠳᠤᠰᠤᠯᠠᠵᠥ ᠤᠯᠠᠩᠭᠢ ᠰᠤᠷᠤᠬ᠍ᠴᠢ ᠨᠢᠭᠡ ᠬᠤᠭᠤᠴᠠᠭ᠋ᠠᠨ᠎ᠳᠤ ᠰᠤᠷᠭ᠋ᠠᠭᠤᠯᠢ᠎ᠳᠤ ᠲᠦᠪᠯᠠᠷᠠᠵᠥ ᠤᠨᠤᠯ ᠮᠡᠳᠡᠯᠭᠡ ᠵᠢᠨ ᠬᠢᠴᠢᠶᠡᠯ ᠤᠷᠤᠬᠤ᠎ᠨᠢ ᠰᠠᠶᠢ 2~5 ᠭᠠᠷᠠᠭ ᠲᠠᠳᠤᠢ᠂ ᠪᠤᠰᠣᠳ ᠴᠠᠭ᠎ᠲᠤ ᠴᠦᠮ ᠠᠵᠥ ᠠᠬᠤᠶ᠋ᠢᠯᠠᠯ᠎ᠳᠤ ᠤᠴᠢᠵᠥ ᠦᠢ᠍ᠯᠡᠳᠤᠯᠭᠡᠵᠢᠭᠰᠡᠨ ᠰᠤᠷᠭ᠋ᠠᠨ ᠭᠦᠮᠦᠵᠢᠯ᠎ᠢ ᠭᠦᠷᠳᠡᠳᠡᠭ᠃ ᠵᠠᠷᠢᠮ ᠰᠤᠷᠤᠬ᠍ᠴᠢ ᠰᠢᠭᠤᠳ ᠱᠠᠪᠢ ᠲᠠᠭ᠋ᠠᠬᠤ ᠭᠡᠯᠪᠡᠷᠢ᠎ᠪᠠᠷ ᠦᠢ᠍ᠯᠡᠳᠦᠯᠭᠡᠵᠢᠭᠰᠡᠨ ᠰᠤᠷᠭ᠋ᠠᠨ ᠭᠦᠮᠦᠵᠢᠯ ᠭᠦᠷᠳᠡᠨ᠎ᠡ᠃ ᠰᠤᠷᠭ᠋ᠠᠭᠤᠯᠢ᠎ᠳᠤ ᠲᠦᠪᠯᠠᠷᠠᠵᠥ ᠰᠤᠶᠤᠯ᠎ᠤᠨ ᠬᠢᠴᠢᠶᠡᠯ ᠤᠷᠤᠬᠤ᠎ᠳᠤ ᠪᠠᠭ᠎ᠠ ᠲᠤᠭᠤᠶ᠋ᠢᠯᠠᠩ ᠵᠶ᠋ᠠᠷ ᠨᠢᠭᠡᠴᠢᠯᠡᠵᠥ ᠬᠤᠷᠰᠢᠨ ᠰᠤᠷᠤᠯᠴᠠᠭ᠍ᠤ᠂ ᠪᠠᠶ᠎ᠠ᠎ᠪᠠᠨ ᠲᠠᠭ᠋ᠠᠭ᠋ᠠᠵᠥ ᠰᠤᠷᠤᠯᠴᠠᠭ᠍ᠤ᠂ ᠪᠠᠭᠰᠢ᠎ᠠᠴᠠ ᠰᠤᠷᠤᠯᠴᠠᠭ᠍ᠤ ᠠᠭᠤᠯᠭ᠎ᠠ ᠵᠢ ᠨᠡᠶ᠋ᠢᠳᠡᠪᠤᠷᠢᠵᠢᠭᠤᠯᠤᠨ   ᠲᠤᠰᠢᠶᠠᠵᠥ᠂ ᠰᠤᠷᠤᠯᠴᠠᠭ᠍ᠤ ᠠᠷᠭ᠎ᠠ ᠵᠢ ᠵᠢᠯᠤᠭᠤᠳᠤᠨ ᠰᠤᠷᠤᠬ᠍ᠴᠢ ᠨᠢᠭᠡᠪᠤᠷᠢ ᠵᠢᠨ ᠤᠨᠴᠠᠯᠢᠭ᠎ᠲᠤ᠎ᠨᠢ ᠲᠤᠭᠢᠷᠠᠭᠰᠠᠨ ᠠᠳᠠᠯᠢ ᠪᠤᠰᠤ ᠠ᠋ᠬᠦᠷᠭᠡ ᠱᠠᠭ᠋ᠠᠷᠳᠠᠯᠭ᠎ᠠ᠎ᠪᠠᠷ ᠠᠳᠠᠯᠢ ᠪᠤᠰᠤ ᠰᠤᠷᠬᠤ ᠠᠷᠭ᠎ᠠ ᠵᠢ ᠡᠵᠡᠮᠰᠢᠭᠦᠯᠳᠡᠭ᠃ ᠵᠤᠷᠢᠯᠭ᠎ᠠ ᠬᠠᠷᠠᠯᠳᠠ ᠲᠤᠳᠤᠷᠬᠠᠢ᠎ᠪᠠᠷ ᠰᠡᠳᠬᠢᠵᠥ ᠪᠤᠳᠤᠯᠬᠢᠯᠠᠭ᠍ᠤ᠂ ᠤᠷᠤᠯᠳᠤᠯᠭ᠎ᠠ ᠬᠢᠬᠦ ᠶᠠᠪᠤᠴᠨ ᠵᠢ ᠴᠢᠬᠤᠯᠠᠴᠢᠯᠠᠨ ᠠ᠋ᠷᠴᠢᠮᠵᠢᠬᠦᠯᠵᠥ᠂ ᠲᠡᠷᠢᠬᠢ ᠬᠥᠳᠡᠯᠭᠡᠬᠦ ᠦᠭᠡᠢ᠂ ᠰᠡᠳᠬᠢᠵᠥ ᠪᠤᠳᠤᠯᠬᠢᠯᠠᠭ᠍ᠤ ᠦᠬᠡᠢ᠂ ᠤᠷᠤᠯᠳᠤᠯᠭ᠎ᠠ ᠬᠢᠬᠦ ᠦᠭᠡᠢ᠎ᠪᠠᠷ ᠪᠠᠯᠠᠨ ᠬᠠᠷᠢᠭᠤᠯᠳᠠ᠎ᠪᠠᠷ ᠲᠡᠵᠢᠭᠡᠬᠦ᠂ ᠪᠠᠷᠢᠮᠵᠢᠶ᠎ᠠ ᠬᠠᠷᠢᠭᠤᠯᠳᠠ᠎ᠪᠠᠷ ᠲᠦᠭᠵᠢᠬᠦ ᠵᠢ ᠲᠡᠩᠬᠢᠮ᠎ᠤᠨ ᠵᠢᠭ᠋ᠠᠨ ᠰᠤᠷᠭ᠋ᠠᠯᠳᠠ᠂ ᠦᠢ᠍ᠯᠡᠳᠤᠯᠭᠡ ᠵᠢᠨ ᠵᠢᠭ᠋ᠠᠨ ᠰᠤᠷᠭ᠋ᠠᠯᠳᠠ᠎ᠳᠤ ᠴᠦᠮ ᠠ᠋ᠷᠡᠰ ᠴᠡᠭᠡᠷᠯᠡᠳᠡᠭ᠃ ᠰᠤᠷᠤᠬ᠍ᠴᠢ ᠨᠢᠭᠡᠪᠤᠷᠢ ᠵᠢᠨ ᠲᠤᠷ᠎ᠠ ᠪᠠᠬ᠎ᠠ᠂ ᠠᠪᠢᠶᠠᠰ ᠤᠨᠴᠠᠯᠢᠭ᠎ᠢ ᠪᠠᠭ᠎ᠠ ᠰᠤᠷᠭ᠋ᠠᠭᠤᠯᠢ ᠵᠢᠨ ᠱᠠᠳᠤᠨ᠎ᠠᠴᠠ ᠠ᠋ᠬᠢᠯᠡᠨ ᠭᠡᠷ᠎ᠤᠨ ᠠᠬᠠᠮᠠᠳ᠂ ᠠᠩᠬᠢ ᠵᠢᠨ ᠠ᠋ᠷᠬᠢᠯᠡᠭᠴᠢ᠂ ᠬᠢᠴᠢᠶᠡᠯᠯᠡᠭᠴᠢ ᠪᠠᠭᠰᠢ ᠨᠠᠷ᠎ᠤᠨ ᠬᠠᠮᠳᠤ ᠵᠢᠨ ᠠᠵᠢᠬᠯᠠᠯᠳᠠ ᠰᠢᠨᠵᠢᠯᠡᠯᠳᠡ᠎ᠪᠠᠷ ᠠ᠋ᠷᠳᠡᠬᠡᠨ᠎ᠠᠴᠠ ᠤᠨᠤᠰᠢᠯᠠᠨ ᠡᠵᠡᠮᠰᠢᠵᠥ᠂ ᠠ᠋ᠨᠡ ᠬᠦ᠌ ᠠᠪᠢᠶᠠᠰ ᠤᠨᠴᠠᠯᠢᠭ ᠲᠤᠷ᠎ᠠ ᠪᠠᠬ᠎ᠠ᠎ᠳᠤ᠎ᠨᠢ ᠵᠤᠬᠢᠴᠠᠭᠰᠠᠨ ᠦᠪᠡᠷᠮᠢᠴᠨ ᠵᠢᠭ᠋ᠠᠬᠤ ᠠᠷᠭ᠎ᠠ᠎ᠪᠠᠷ ᠰᠤᠷᠤᠬ᠍ᠴᠢ ᠨᠢᠭᠡᠪᠤᠷᠢ ᠵᠢᠨ ᠰᠤᠷᠤᠯᠴᠠᠭ᠍ᠤ᠂ ᠤᠷᠤᠯᠳᠤᠬᠤ ᠤᠷᠮ᠎ᠠ ᠪᠠᠬ᠎ᠠ ᠵᠢ ᠭᠦᠢ᠍ᠴᠠᠳ ᠲᠠᠶ᠋ᠢᠴᠢᠯᠠᠭ᠍ᠤ ᠪᠤᠯ ᠭ᠋ᠸᠷᠮᠠᠨ ᠤᠯᠤᠰ᠎ᠤᠨ ᠰᠤᠷᠭ᠋ᠠᠨ ᠭᠦᠮᠦᠵᠢᠯ᠎ᠤᠨ ᠠᠮᠵᠢᠯᠳᠡ ᠤᠯᠳᠠᠭ ᠠᠷᠭ᠎ᠠ ᠵᠠᠮ ᠪᠤᠯᠤᠨ᠎ᠠ᠃
      ᠰᠤᠷᠤᠬ᠍ᠴᠢ ᠨᠠᠷ ᠪᠠᠭᠰᠢ ᠵᠢᠨ ᠵᠤᠬᠢᠶᠠᠨ ᠪᠠᠶ᠋ᠢᠭᠤᠯᠬᠤ ᠪᠠ ᠵᠢᠯᠤᠭᠤᠳᠤᠯᠭ᠎ᠠ ᠲᠤᠤᠷ᠎ᠡ ᠰᠤᠷᠤᠯᠴᠠᠭ᠍ᠤ ᠠᠵᠢᠯᠯᠠᠭ᠎ᠠ᠎ᠳᠤ ᠠ᠋ᠬᠢᠨ᠎ᠠᠴᠠ᠎ᠨᠢ ᠠᠯᠬᠤᠮ ᠪᠦᠷᠢ᠎ᠳᠤ ᠠᠯᠭ᠋ᠠᠰᠠᠯ ᠦᠭᠡᠢ ᠤᠷᠤᠯᠴᠠᠵᠥ᠂ ᠤᠷᠤᠯᠳᠤᠯᠭ᠎ᠠ ᠪᠤᠯᠪᠠᠰᠤᠷᠠᠯ ᠬᠢᠬᠦ᠂ ᠠᠰᠠᠭᠤᠯᠳᠠ ᠲᠤᠷᠡᠳᠬᠤ᠂ ᠬᠤᠷᠰᠢᠬᠤ᠂ ᠬᠠᠪᠰᠤᠷᠣᠯᠴᠠᠭ᠍ᠤ ᠭᠦᠷ ᠭᠦᠭᠵᠢᠶᠡᠡᠳᠤ ᠪᠦᠬᠦᠯᠢ ᠶᠠᠪᠤᠴᠨ᠎ᠳᠤ ᠲᠡᠷᠢᠬᠢ᠎ᠪᠠᠨ ᠭᠦᠳᠡᠯᠭᠡᠵᠥ᠂ ᠰᠡᠳᠬᠢᠨ ᠪᠤᠳᠤᠯᠬᠢᠯᠠᠵᠥ ᠯᠨ ᠪᠠᠶ᠋ᠢᠪᠠᠯ ᠰᠤᠷᠤᠯᠴᠠᠯᠭ᠎ᠠ ᠵᠢᠨ ᠬᠠᠮᠤᠭ ᠦᠨᠳᠤᠷ ᠱᠠᠭ᠋ᠠᠷᠳᠠᠯᠭ᠎ᠠ᠎ᠳᠤ ᠭᠦᠷᠦᠭᠰᠡᠨ ᠶᠠᠪᠤᠳᠠᠯ ᠪᠤᠯᠥᠨ᠎ᠡ᠃ ᠲᠤᠬᠠᠶ᠋ᠢᠯᠠᠪᠠᠯ᠂ ᠬᠠᠮᠤᠭ ᠰᠠᠶ᠋ᠢᠨ ᠦᠨᠡᠯᠡᠯᠳᠡ ᠵᠢ ᠤᠯᠤᠨ᠎ᠡ᠃ ᠰᠢᠯᠭ᠋ᠠᠯᠳᠠ ᠵᠢᠨ ᠬᠤᠪᠢ᠎ᠪᠠᠷ ᠠᠯᠢ᠎ᠨᠢ ᠰᠠᠶ᠋ᠢᠨ ᠠᠯᠢ᠎ᠨᠢ ᠮᠠᠭᠤ ᠬᠡᠵᠥ ᠢᠯᠭ᠋ᠠᠬᠤ ᠦᠭᠡᠢ᠂ ᠵᠢᠬᠰᠠᠭ᠋ᠠᠬᠤ ᠦᠭᠡᠢ᠂ ᠬᠡᠪᠡᠴᠤ ᠪᠠᠭᠰᠢ ᠨᠡᠷ᠎ᠤᠨ ᠴᠡᠭᠡᠵᠢᠨ᠎ᠳᠤ ᠠᠯᠢ ᠰᠤᠷᠤᠬ᠍ᠴᠢ᠎ᠨᠢ ᠬᠢᠷᠢ ᠵᠡᠷᠬᠡ ᠭᠡᠳᠡᠭ᠎ᠨᠢ ᠲᠤᠪ ᠲᠤᠳᠤᠷᠬᠠᠢ᠃ ᠰᠤᠷᠤᠯᠴᠠᠭ᠍ᠤ ᠶᠠᠪᠤᠴᠨ ᠵᠢ ᠪᠦᠷᠢᠨᠵᠢᠭᠦᠯᠦᠭᠰᠡᠨ ᠪᠤᠯ ᠲᠡᠭᠦᠰᠭᠦ ᠰᠢᠯᠭ᠋ᠠᠯᠳᠠ᠎ᠳᠤ ᠤᠷᠤᠬᠤ ᠪᠤᠶᠤ ᠰᠤᠷᠭ᠋ᠠᠭᠤᠯᠢ ᠲᠠᠪᠰᠢᠬᠤ ᠰᠢᠯᠭ᠋ᠠᠯᠳᠠ᠎ᠳᠤ ᠤᠷᠤᠯᠴᠠᠭ᠍ᠤ ᠠ᠋ᠷᠭᠡ᠎ᠲᠠᠢ᠃ ᠰᠤᠷᠤᠯᠴᠠᠭ᠍ᠤ ᠶᠠᠪᠤᠴᠨ ᠪᠦᠷᠢᠨᠵᠢᠭᠰᠡᠨ ᠦᠭᠡᠢ ᠪᠤᠯ ᠭᠡᠳᠤᠢ ᠰᠠᠶ᠋ᠢᠨ ᠨᠦᠬᠦᠴᠡᠯ᠎ᠲᠠᠢ ᠬᠡᠤᠭᠡᠳ ᠴᠤ᠌ ᠰᠢᠯᠭ᠋ᠠᠯᠳᠠ᠎ᠳᠤ ᠤᠷᠤᠬᠤ ᠠ᠋ᠷᠭᠡ ᠦᠭᠡᠢ᠃ ᠥᠭᠡᠷ᠎ᠡ᠎ᠪᠠᠷ ᠬᠡᠯᠡᠪᠡᠯ᠂ ᠰᠢᠯᠭ᠋ᠠᠯᠳᠠ᠎ᠳᠤ ᠤᠷᠤᠯᠴᠠᠭᠤᠯᠬᠤ ᠦᠭᠡᠢ᠃ ᠴᠢᠯᠦᠭᠡ ᠠᠪᠴᠤ ᠣᠰᠣᠯᠳᠠᠭ᠍ᠤ᠂ ᠲᠤᠷ᠎ᠠ᠎ᠪᠠᠷ ᠣᠰᠣᠯᠳᠠᠭ᠍ᠤ᠂ ᠬᠢᠴᠢᠶᠡᠯ᠎ᠤᠨ ᠴᠠᠭ᠎ᠲᠤ ᠤᠨᠳᠠᠭ᠍ᠤ᠂ ᠠ᠋ᠳᠤᠷ ᠲᠤᠳᠤᠮ᠎ᠤᠨ ᠰᠤᠷᠤᠯᠴᠠᠯᠭ᠎ᠠ ᠵᠢᠨ ᠠᠵᠢᠯᠯᠠᠭ᠎ᠠ᠎ᠳᠤ ᠤᠬᠠᠮᠰᠠᠷᠲᠠᠢ᠂ ᠰᠠᠨᠠᠭ᠋ᠠᠴᠢᠯᠠᠭ᠎ᠠ᠎ᠲᠠᠢ ᠣᠷᠣᠯᠴᠠᠭ᠍ᠤ ᠦᠬᠡᠢ ᠪᠤᠯ ᠴᠦᠮ ᠰᠤᠷᠤᠯᠴᠠᠯᠭ᠎ᠠ ᠵᠢᠨ ᠶᠠᠪᠤᠴᠨ ᠵᠢ ᠪᠦᠷᠢᠨᠵᠢᠬᠦᠯᠵᠥ ᠭᠦᠢ᠍ᠴᠡᠳᠭᠡᠭᠰᠡᠨ ᠦᠭᠡᠢ᠎ᠳᠤ ᠲᠣᠭ᠋ᠠᠴᠢᠭᠳᠠᠨ᠎ᠠ᠃
      ᠰᠤᠷᠤᠯᠴᠠᠯᠭ᠎ᠠ ᠵᠢᠨ ᠠᠭᠤᠷ ᠠᠮᠢᠰᠬᠤᠯ ᠪᠤᠯ ᠴᠢᠯᠦᠭᠡᠲᠠᠢ᠂ ᠭᠦᠷ ᠭᠦᠭᠵᠢᠶᠡᠨᠳᠡᠢ᠂ ᠠᠰᠠᠭᠤᠵᠥ ᠪᠠᠶ᠋ᠢᠨ᠎ᠠ᠂ ᠶᠠᠷᠢᠯᠴᠠᠵᠥ ᠪᠠᠶ᠋ᠢᠨ᠎ᠠ᠂ ᠤᠷᠤᠯᠳᠤᠯᠭ᠎ᠠ ᠬᠢᠵᠥ ᠪᠠᠶ᠋ᠢᠨ᠎ᠠ᠂ ᠪᠠᠭᠰᠢ᠎ᠠᠴᠠ ᠰᠤᠷᠤᠬ᠍ᠴᠢᠳ᠎ᠤᠨ ᠪᠠᠶ᠋ᠢᠳᠠᠯ᠎ᠢ ᠠᠯᠳᠠᠯ ᠦᠬᠡᠢ ᠠᠵᠢᠬᠯᠠᠨ᠂ ᠰᠡᠳᠬᠢᠨ ᠪᠤᠳᠤᠯᠬᠢᠯᠠᠭ᠍ᠤ ᠠᠷᠭ᠎ᠠ ᠵᠢᠨ ᠲᠠᠯ᠎ᠠ᠎ᠪᠠᠷ ᠰᠠᠮ ᠲᠤᠬᠢᠬᠤ᠎ᠨᠢ ᠴᠢᠬᠤᠯᠨ ᠦᠢ᠍ᠯᠡᠳᠤᠯ᠎ᠲᠠᠢ᠃
      ᠵᠢᠭ᠋ᠠᠬᠤ ᠮᠠᠲᠸᠷᠢᠶᠠᠯ ᠬᠢᠭᠡᠳ ᠰᠤᠷᠬᠤ ᠠᠭᠤᠯᠭ᠎ᠠ ᠵᠢᠨ ᠬᠤᠪᠢ᠎ᠳᠤ ᠤᠯᠤᠰ᠎ᠠᠴᠠ ᠨᠢᠬᠡᠳᠤᠯᠳᠡᠢ ᠳᠣᠭᠲᠠᠭ᠋ᠠᠭᠰᠠᠨ ᠬᠠᠤᠯᠢ ᠵᠢᠨ ᠪᠠᠳᠤᠯᠠᠭ᠎ᠠ᠎ᠲᠠᠢ ᠵᠢᠭ᠋ᠠᠬᠤ ᠮᠠᠲᠸᠷᠢᠶᠠᠯ᠂ ᠬᠢᠴᠢᠶᠡᠯ᠎ᠤᠨ ᠠᠭᠤᠯᠭ᠎ᠠ ᠪᠠᠶ᠋ᠢᠬᠤ ᠪᠤᠯᠪᠠᠴᠤ ᠵᠸᠤ ᠵᠢᠨ ᠠᠵᠢᠯ ᠮᠡᠷᠭᠡᠵᠢᠯ᠎ᠤᠨ ᠰᠤᠷᠭ᠋ᠠᠨ ᠭᠦᠮᠦᠵᠢᠯ᠎ᠤᠨ ᠬᠠᠮᠢᠶᠠᠷᠤᠯᠳᠡ ᠵᠢᠨ ᠭᠠᠵᠡᠷ᠎ᠠᠴᠠ ᠦᠪᠡᠷ᠎ᠤᠨ ᠪᠤᠳᠠᠳᠠᠢ ᠪᠠᠶ᠋ᠢᠳᠠᠯ᠎ᠳᠤ ᠲᠤᠬᠢᠷᠠᠭᠰᠠᠨ ᠲᠤᠰᠠᠭ᠋ᠠᠷ ᠬᠠᠤᠯᠢ ᠵᠢᠨ ᠬᠦᠷᠢᠶ᠎ᠡ ᠴᠠᠷᠠᠭ᠎ᠠ᠎ᠪᠠᠷ ᠨᠡᠮᠡᠯᠳᠡ ᠬᠠᠰᠤᠯᠳᠡ᠎ᠲᠠᠢ ᠬᠤᠪᠢᠷᠠᠭ᠋ᠠᠵᠥ ᠪᠤᠯᠬᠤ᠎ᠠᠴᠠ ᠰᠤᠷᠭ᠋ᠠᠭᠤᠯᠢ᠎ᠨᠤᠭᠤᠳ ᠲᠤᠷ᠎ᠡ᠎ᠪᠠᠷ ᠦᠭᠡᠷᠡᠴᠢᠯᠡᠵᠥ ᠬᠤᠪᠢᠷᠠᠭ᠋ᠠᠵᠥ ᠪᠤᠯᠬᠤ ᠦᠭᠡᠢ᠃
      ᠶᠡᠮᠡᠷ ᠲᠤᠰᠬᠠᠢ ᠮᠡᠷᠭᠡᠵᠢᠯ ᠰᠤᠩᠭᠤᠬᠰᠠᠨ ᠪᠤᠯ ᠲᠡᠷᠨ ᠲᠤᠰᠬᠠᠢ ᠮᠡᠷᠭᠡᠵᠢᠯ᠎ᠳᠤ ᠵᠤᠬᠢᠴᠠᠭᠰᠠᠨ ᠰᠤᠶᠤᠯ᠎ᠤᠨ ᠭᠢᠴᠢᠶᠡᠯᠯᠡᠭᠡ ᠵᠢᠨ ᠠᠭᠤᠯᠭ᠎ᠠ᠎ᠲᠠᠢ᠂ ᠪᠤᠳᠠᠳᠠᠢ ᠱᠠᠭ᠋ᠠᠷᠳᠠᠯᠭ᠎ᠠ᠎ᠲᠠᠢ᠃ ᠲᠤᠰᠬᠠᠢ ᠮᠡᠷᠭᠡᠵᠢᠯ᠎ᠲᠠᠢ᠎ᠨᠢ ᠬᠤᠯᠪᠤᠬᠳᠠᠭ᠍ᠤ ᠦᠭᠡᠢ ᠰᠤᠶᠤᠯ᠎ᠤᠨ ᠬᠢᠴᠢᠶᠡᠯ ᠭᠡᠵᠥ ᠲᠠᠮᠢᠷ᠂ ᠤᠯᠤᠰ ᠲᠦᠷᠦ ᠠᠵᠥ ᠠᠬᠤᠢ᠎ᠠᠴᠠ ᠦᠭᠡᠷ᠎ᠡ ᠲᠡᠳᠤᠢ ᠤᠯᠠᠨ ᠬᠢᠴᠢᠶᠡᠯ ᠲᠦᠷᠦᠯ ᠭᠡᠵᠥ ᠦᠭᠡᠢ᠃ ᠵᠥᠪᠬᠡᠨ ᠠᠷᠢᠭᠤᠨ ᠨᠤᠮ᠎ᠤᠨ ᠲᠤᠬᠠᠢ ᠬᠢᠴᠢᠶᠡᠯ᠎ᠢ ᠪᠤᠯ ᠨᠠᠶ᠋ᠢᠳᠠᠮ᠎ᠳᠤ᠎ᠪᠠᠨ ᠤᠷᠤᠳᠠᠭ᠃ ᠲᠠᠶ᠋ᠢᠮᠤ᠎ᠠᠴᠠ ᠰᠤᠷᠤᠬ᠍ᠴᠢᠳ ᠦᠪᠡᠷ᠎ᠤᠨ ᠲᠤᠷ᠎ᠡ ᠪᠠᠬ᠎ᠠ ᠠᠪᠢᠶᠠᠰ ᠤᠨᠴᠠᠯᠢᠭ ᠵᠶ᠋ᠠᠷ ᠵᠶ᠋ᠠᠨ ᠪᠠᠳᠤᠲᠠᠢ ᠰᠤᠩᠭᠤᠯᠳᠡ ᠬᠢᠴᠢᠬᠡᠪᠡᠯ ᠬᠢᠴᠢᠶᠡᠯ ᠲᠦᠷᠦᠯ᠎ᠤᠨ ᠤᠯᠠᠨ ᠪᠡ ᠠᠭᠤᠯᠭ᠎ᠠ ᠵᠢᠨ ᠭᠦᠨᠳᠤᠴᠨ ᠭᠡᠳᠦᠷᠡᠭᠰᠡᠨ ᠵᠦᠢ᠍ᠯ ᠦᠭᠡᠢ᠃ ᠰᠤᠷᠤᠬ᠍ᠴᠢᠳ᠎ᠢ ᠠᠯᠢ ᠠ᠋ᠷᠳᠡ᠎ᠠᠴᠠ᠎ᠨᠢ ᠦᠪᠡᠷ᠎ᠤᠨ ᠪᠠᠶ᠎ᠡ᠎ᠪᠠᠨ ᠲᠠᠭ᠋ᠠᠭ᠋ᠠᠵᠥ᠂ ᠤᠬᠠᠮᠰᠠᠷ᠎ᠠᠴᠠ᠎ᠪᠠᠨ ᠰᠠᠨᠠᠭ᠋ᠠᠴᠢᠯᠠᠭ᠎ᠠ᠎ᠲᠠᠢ ᠰᠤᠷᠤᠯᠴᠠᠭ᠍ᠤ᠂ ᠰᠡᠳᠬᠢᠬᠦ᠂ ᠪᠤᠳᠤᠯᠬᠢᠯᠠᠭ᠍ᠤ᠂ ᠤᠷᠤᠯᠳᠤᠯᠭ᠎ᠠ ᠬᠢᠬᠦ ᠵᠠᠮ ᠮᠦᠷ᠎ᠲᠤ᠎ᠨᠢ ᠭᠦᠳᠦᠯᠥᠨ ᠤᠷᠤᠭᠤᠯᠵᠥ ᠤᠷᠮ᠎ᠠ᠎ᠲᠠᠢ᠂ ᠪᠠᠬ᠎ᠠ᠎ᠲᠠᠢ ᠰᠤᠷᠤᠯᠴᠠᠳᠠᠭ ᠪᠤᠯᠭ᠋ᠠᠬᠤ᠎ᠳᠤ ᠪᠠᠭᠰᠢ ᠬᠦᠮᠦᠨ ᠭᠦᠴᠦ ᠲᠠᠯᠪᠢᠨ᠎ᠠ᠂ ᠴᠢᠳᠠᠯ ᠭᠠᠷᠭ᠋ᠠᠨ᠎ᠠ᠂ ᠠ᠋ᠷᠳᠡᠮ ᠭᠠᠷᠭ᠋ᠠᠨ᠎ᠠ᠃ ᠰᠤᠷᠤᠬ᠍ᠴᠢ ᠨᠢᠭᠡᠪᠦᠷᠢ᠎ᠳᠤ ᠪᠤᠳᠠᠳᠤ ᠬᠠᠷᠠᠭ᠋ᠠᠯᠵᠠᠭᠰᠠᠨ ᠠᠮᠢᠳᠤᠯᠢᠭ ᠪᠠᠶᠠᠯᠢᠭ ᠰᠤᠷᠤᠯᠴᠠᠭ᠍ᠤ ᠠᠷᠭ᠎ᠠ ᠪᠠᠷᠢᠯ᠎ᠢ ᠵᠦᠪ ᠤᠨᠤᠪᠴᠢᠲᠠᠢ ᠲᠤᠭᠤᠰᠢᠳᠠᠢ ᠭᠦᠮᠦᠵᠢᠬᠦᠯᠵᠥ ᠪᠤᠯᠪᠠᠰᠤᠷᠠᠭᠤᠯᠬᠤ ᠪᠤᠯ ᠪᠠᠭᠰᠢ ᠨᠠᠷ᠎ᠤᠨ ᠵᠠᠪᠠᠯ ᠬᠦᠯᠢᠶᠡᠬᠦ ᠭᠦᠨᠳᠦ ᠠ᠋ᠭᠦᠷᠭᠡ᠂ ᠲᠠᠷᠬᠠᠨ ᠬᠠᠷᠢᠭᠤᠴᠠᠯᠭ᠎ᠠ᠎ᠨᠢ ᠶᠤᠮ ᠪᠠᠶ᠋ᠢᠨ᠎ᠠ᠃ ᠲᠡᠳᠡ ᠮᠠᠨ᠎ᠤ ᠤᠯᠤᠰ᠎ᠤᠨ ᠬᠡᠳᠤᠨ ᠠᠷᠪᠠᠨ ᠰᠤᠷᠤᠬ᠍ᠴᠢ᠎ᠲᠠᠢ ᠲᠡᠩᠬᠢᠮ᠎ᠤᠨ ᠵᠢᠭ᠋ᠠᠨ ᠰᠤᠷᠭ᠋ᠠᠯᠳᠠ ᠵᠢᠨ ᠭᠡᠯᠪᠡᠷᠢ ᠪᠠᠶ᠋ᠢᠳᠠᠯ᠎ᠢ ᠭᠠᠶ᠋ᠢᠬᠠᠵᠥ ᠪᠡᠶ᠋ᠢᠨ᠎ᠡ᠃
      ᠰᠤᠷᠭ᠋ᠠᠭᠤᠯᠢ ᠵᠢᠨ ᠭᠦᠷᠢᠶ᠎ᠡ ᠢᠪᠴᠤᠤ᠂ ᠬᠢᠮᠡᠯ ᠵᠦᠯᠬᠡᠨ ᠲᠠᠮᠢᠷ᠎ᠤᠨ ᠲᠠᠯᠠᠪᠡᠢ᠎ᠨᠢ ᠬᠤᠶᠠᠷ ᠰᠠᠭᠰᠤᠨ ᠪᠦᠮᠪᠦᠭᠡ ᠵᠢᠨ ᠲᠠᠯᠠᠪᠠᠢ ᠵᠢᠨ ᠤᠷᠴᠢᠮ᠂ ᠨᠢᠬᠡ ᠲᠠᠮᠢᠷ᠎ᠤᠨ ᠤᠷᠳᠤᠨ ᠪᠠᠶ᠋ᠢᠬᠤ ᠪᠤᠯᠪᠠᠴᠤ ᠵᠥᠪᠬᠡᠨ ᠨᠢᠭᠡ ᠰᠠᠭᠰᠤᠨ ᠪᠦᠮᠪᠦᠭᠡ ᠵᠢᠨ ᠲᠠᠯᠠᠪᠠᠢ ᠲᠡᠳᠥᠢ᠃ ᠭᠡᠪᠡᠴᠤ ᠠᠰᠢᠬᠯᠠᠯᠳᠠ ᠵᠢᠨ ᠨᠤᠷᠮ᠎ᠠ ᠦᠨᠳᠤᠷ᠂ ᠠᠰᠢᠬᠯᠠᠯᠳᠠ ᠵᠢᠨ ᠴᠢᠨᠠᠷᠵᠢᠯ ᠰᠠᠶ᠋ᠢᠨ᠂ ᠴᠡᠪᠠᠷ ᠠᠷᠢᠭᠤᠨ᠂ ᠬᠢᠯᠠᠭ᠋ᠠᠷ ᠴᠡᠮᠴᠡᠭᠡᠷ᠂ ᠡᠪᠳᠡᠷᠬᠡᠢ ᠬᠠᠭ᠋ᠠᠷᠬᠠᠢ ᠵᠦᠢ᠍ᠯ ᠦᠬᠡᠢ᠃ ᠲᠠᠮᠠᠬᠢ ᠲᠠᠳᠠᠭ᠍ᠤ ᠲᠤᠰᠬᠠᠢ ᠭᠠᠵᠠᠷ ᠭᠡᠵᠥ ᠵᠢᠵᠢᠭᠬᠡᠨ ᠪᠠᠭ᠎ᠠ ᠲᠦᠷᠪᠡᠯᠵᠢᠨ ᠲᠠᠯᠠᠪᠠᠢ ᠲᠡᠭᠡᠷ᠎ᠡ ᠲᠡᠮᠤᠷ ᠰᠡᠪᠡ ᠲᠠᠯᠪᠢᠵᠠᠢ᠃ ᠲᠠᠨᠳᠠ᠎ᠠᠴᠠ ᠪᠤᠰᠤᠳ ᠬᠠᠮᠢᠭ᠎ᠠ ᠴᠦ᠍ ᠲᠡᠮᠡᠬᠢ ᠲᠠᠳᠠᠵᠥ ᠪᠤᠯᠬᠤ ᠦᠭᠡᠢ᠃ ᠭᠡᠷᠪᠡ ᠲᠠᠮᠠᠬᠢ ᠲᠠᠳᠠᠵᠥ ᠪᠠᠢ᠍ᠢ᠍ᠭ᠋ᠠᠳ ᠪᠠᠷᠢᠬᠳᠠᠪᠠᠯ ᠪᠠᠭᠰᠢ ᠰᠤᠷᠤᠬ᠍ᠴᠢ᠂ ᠨᠡᠶ᠋ᠢᠬᠡᠮ᠎ᠤᠨ ᠭᠦᠮᠦᠰ ᠪᠠᠢ᠍ᠢ᠍ᠯ᠎ᠠ ᠴᠦ᠍ ᠴᠢᠨᠭᠭ᠎ᠠ ᠲᠤᠷᠭ᠋ᠠᠭᠤᠯᠢ᠎ᠳᠤ ᠤᠨᠤᠭᠳᠠᠳᠠᠬ᠃ ᠭᠧᠷᠮᠠᠨ᠎ᠳᠤ ᠤᠯᠠᠨ ᠨᠠᠶ᠋ᠢᠳᠡ ᠵᠢᠨ ᠲᠠᠯᠡᠪᠤᠷ᠎ᠲᠤ ᠲᠠᠮᠠᠬᠢ ᠲᠠᠳᠠᠵᠥ ᠪᠤᠯᠬᠤ ᠦᠭᠡᠢ᠂ ᠵᠦᠪᠬᠡᠨ ᠲᠠᠮᠠᠬᠢ ᠲᠠᠳᠠᠭ᠍ᠤ ᠭᠠᠵᠠᠷ ᠭᠡᠳᠡᠭ ᠲᠤᠬᠳᠠᠭᠰᠠᠨ ᠭᠠᠵᠠᠷ ᠯᠨ ᠲᠠᠮᠠᠬᠢ ᠲᠠᠳᠠᠵᠥ ᠪᠤᠯᠥᠨ᠎ᠡ᠃
      ᠰᠤᠷᠭ᠋ᠠᠭᠤᠯᠢ᠎ᠨᠢ ᠦᠷᠯᠦᠬᠡ ᠵᠢᠨ 9᠄ 00᠎ᠠᠴᠠ ᠠ᠋ᠬᠢᠯᠡᠨ ᠬᠢᠴᠢᠶᠡᠯᠯᠡᠵᠦ ᠤᠷᠤᠢ ᠵᠢᠨ 4᠄ 00 ᠴᠠᠭ ᠪᠤᠯᠬᠤ᠎ᠳᠤ ᠠᠮᠠᠷᠠᠴᠢᠬᠠᠨ᠎ᠠ᠃ ᠦᠳᠡ᠎ᠳᠤ ᠬᠠᠭ᠋ᠠᠰ ᠴᠠᠭ ᠪᠤᠶᠤ ᠲᠦᠴᠢᠨ ᠮᠢᠨᠦ᠋ᠲ᠎ᠤᠨ ᠬᠤᠭᠤᠯᠠ ᠢᠳᠡᠭᠦ   ᠴᠠᠭ᠎ᠲᠠᠢ᠂ ᠭᠤᠤᠯᠳᠠᠭᠤ ᠲᠠᠯᠬ᠎ᠠ ᠤᠮᠳᠠᠭ᠋ᠠᠨ ᠮᠡᠳᠤ ᠲᠦᠭᠦᠮ ᠬᠤᠭᠤᠯᠨ ᠢᠳᠡᠭᠡᠵᠡᠭᠡᠳᠡᠭ᠃
      ᠬᠤᠶᠠᠷ᠂ ᠭ᠋ᠸᠷᠮᠠᠨ ᠤᠯᠤᠰ᠎ᠤᠨ ᠰᠤᠷᠭ᠋ᠠᠨ ᠬᠦᠮᠦᠵᠢᠯ᠎ᠨᠢ ᠰᠠᠭᠤᠷᠢ ᠰᠤᠷᠭ᠋ᠠᠨ ᠬᠦᠮᠦᠵᠢᠯ᠂ ᠲᠡᠭᠡᠳᠦ ᠵᠡᠷᠭᠡ ᠵᠢᠨ ᠰᠤᠷᠭ᠋ᠠᠨ ᠬᠦᠮᠦᠵᠢᠯ ᠬᠢᠭᠡᠳ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠂ ᠦᠷᠬᠦᠯᠵᠢᠯᠡᠭᠰᠡᠨ ᠰᠤᠷᠭ᠋ᠠᠨ ᠬᠦᠮᠦᠵᠢᠯ ᠬᠡᠭᠦ ᠬᠤᠶᠠᠷ ᠵᠠᠮ ᠱᠤᠭᠤᠮ᠎ᠲᠠᠢ᠂ ᠱᠤᠭᠤᠮ ᠪᠦᠷᠢ᠎ᠳᠤ ᠠᠳᠠᠯᠢ ᠪᠤᠰᠤ ᠱᠠᠳᠤ ᠲᠡᠭᠳᠡᠷ᠎ᠲᠠᠢ᠃ 12 ᠵᠢᠯ᠎ᠤᠨ ᠠᠯᠪᠠᠨ ᠵᠢᠷᠤᠮ᠎ᠤᠨ ᠰᠤᠷᠭ᠋ᠠᠨ ᠭᠦᠮᠦᠵᠢᠯ᠎ᠢ ᠭᠡᠷᠡᠭᠵᠢᠬᠦᠯᠵᠥ᠂ 6~18 ᠨᠠᠰᠤᠨ᠎ᠤ ᠭ᠋ᠸᠷᠮᠠᠨ ᠢᠷᠭᠡᠳ ᠠ᠋ᠷᠭᠡᠪᠰᠢ ᠠᠯᠪᠠᠨ ᠵᠢᠷᠤᠮ᠎ᠤᠨ ᠰᠤᠷᠭ᠋ᠠᠨ ᠬᠦᠮᠦᠵᠢᠯ᠎ᠢ ᠭᠦᠷᠳᠡᠬᠦ ᠭᠡᠷᠡᠭᠲᠡᠢ᠃ ᠬᠡᠬᠦ᠎ᠳᠤ᠎ᠪᠠᠨ ᠲᠡᠭᠡᠷᠡᠬᠢ ᠬᠤᠶᠠᠷ ᠵᠠᠮ ᠱᠤᠭᠤᠮ᠎ᠤᠨ ᠠᠯᠢ᠎ᠨᠢ ᠴᠤ᠌ ᠠᠯᠪᠠᠨ ᠵᠢᠷᠤᠮ᠎ᠤᠨ ᠰᠤᠷᠭ᠋ᠠᠨ ᠬᠦᠮᠦᠵᠢᠯ᠎ᠢ ᠬᠦᠢ᠍ᠴᠡᠳᠬᠡᠵᠥ ᠪᠤᠯᠳᠠᠭ᠃
      ᠭᠧᠷᠮᠠᠨ ᠤᠯᠤᠰ᠎ᠤᠨ ᠴᠢᠳᠠᠪᠤᠷᠢᠳᠠᠨ ᠬᠦᠮᠦᠵᠢᠬᠦᠯᠬᠦ ᠬᠤᠶᠠᠷ ᠵᠤᠷᠪᠤᠰ ᠵᠠᠮ ᠱᠤᠭᠤᠮ᠎ᠤᠨ ᠨᠢᠬᠡ᠎ᠨᠢ ᠪᠠᠭ᠎ᠠ ᠰᠤᠷᠭ᠋ᠠᠭᠤᠯᠢ → ᠨᠡᠶ᠋ᠢᠬᠡᠮ ᠪᠠᠶ᠋ᠢᠭ᠋ᠠᠯᠢ ᠵᠢᠨ ᠬᠢᠴᠢᠶᠡᠯ ᠲᠦᠷᠦᠯ᠎ᠤᠨ ᠲᠤᠮᠳᠠᠳᠤ ᠰᠤᠷᠭ᠋ᠠᠭᠤᠯᠢ → ᠶᠡᠭᠡ ᠰᠤᠷᠭ᠋ᠠᠭᠤᠯᠢ᠎ᠳᠤ ᠰᠢᠭᠤᠳ ᠲᠡᠪᠰᠢᠵᠥ ᠰᠢᠨᠵᠢᠯᠡᠬᠦ ᠤᠬᠠᠭ᠋ᠠᠨ ᠰᠤᠳᠤᠯᠭ᠋ᠠᠨ ᠬᠢᠭᠡᠳ ᠰᠠᠭᠤᠷᠢ ᠤᠨᠤᠯ᠎ᠤᠨ ᠰᠤᠳᠤᠯᠤᠬ᠍ᠴᠢ ᠵᠢ ᠭᠦᠮᠦᠵᠢᠭᠦᠯᠦᠨ᠎ᠡ᠃ ᠨᠦᠬᠦᠭᠡ᠎ᠨᠢ ᠪᠠᠭ᠎ᠠ ᠰᠤᠷᠭ᠋ᠠᠭᠤᠯᠢ → ᠭᠤᠤᠯ ᠴᠤᠬ᠍ᠴᠡᠳᠤ ᠲᠤᠮᠳᠠᠳᠤ ᠰᠤᠷᠭ᠋ᠠᠭᠤᠯᠢ ᠪᠤᠶᠤ ᠦᠢ᠍ᠯᠡᠳᠤᠯᠭᠡᠴᠢ ᠲᠤᠮᠳᠠᠳᠤ ᠰᠤᠷᠭ᠋ᠠᠭᠤᠯᠢ → ᠠᠵᠢᠯ ᠮᠡᠷᠭᠡᠵᠢᠯ᠎ᠤᠨ ᠲᠡᠭᠡᠳᠦ ᠰᠤᠷᠭ᠋ᠠᠭᠤᠯᠢ᠎ᠪᠠᠷ ᠲᠠᠮᠵᠢᠵᠤ ᠨᠡᠶ᠋ᠢᠬᠡᠮ᠎ᠤᠨ ᠭᠡᠷᠡᠭᠴᠡᠭᠡ᠎ᠳᠤ ᠲᠤᠭᠢᠷᠠᠭᠰᠠᠨ ᠴᠢᠳᠠᠪᠤᠷᠢᠳᠠᠨ᠎ᠢ ᠭᠦᠮᠦᠵᠢᠬᠦᠯᠥᠨ᠎ᠡ᠃
      ᠭ᠋ᠸᠷᠮᠠᠨ ᠤᠯᠤᠰ᠎ᠤᠨ ᠪᠠᠭ᠎ᠠ ᠰᠤᠷᠭ᠋ᠠᠭᠤᠯᠢ᠎ᠨᠢ ᠲᠦᠷᠪᠡᠨ ᠵᠢᠯ ᠪᠠᠶ᠋ᠢᠵᠥ᠂ ᠪᠠᠭ᠎ᠠ ᠰᠤᠷᠭ᠋ᠠᠭᠤᠯᠢ ᠲᠡᠭᠦᠰᠦᠮᠡᠭᠴᠨ ᠠ᠋ᠷᠭᠡᠪᠰᠢ ᠨᠢᠬᠡᠳᠤᠯᠳᠠᠢ ᠰᠢᠯᠭ᠋ᠠᠯᠳᠠ᠎ᠳᠤ ᠤᠷᠤᠯᠴᠠᠨ᠂ ᠪᠠᠭ᠎ᠠ ᠰᠤᠷᠭ᠋ᠠᠭᠤᠯᠢ ᠲᠡᠭᠦᠰᠦᠭᠰᠡᠨ ᠬᠢᠷᠢ ᠪᠦᠳᠦᠮᠵᠢ᠂ ᠪᠠᠭᠰᠢ ᠵᠢᠨ ᠦᠨᠠᠯᠠᠯᠳᠠ ᠵᠠᠬᠢᠷᠤᠯ᠎ᠤᠨ ᠰᠠᠨᠠᠯ ᠬᠢᠭᠡᠳ ᠰᠤᠷᠤᠬ᠍ᠴᠢ ᠵᠢᠨ ᠲᠤᠷ᠎ᠠ ᠪᠠᠬ᠎ᠠ᠂ ᠭᠡᠷ᠎ᠤᠨ ᠠᠬᠠᠮᠠᠳ᠎ᠤᠨ ᠰᠤᠩᠭᠤᠯᠳᠡ᠎ᠪᠠᠷ ᠠᠳᠠᠯᠢ ᠪᠤᠰᠤ ᠬᠤᠶᠠᠷ ᠱᠤᠭᠤᠮ ᠵᠶ᠋ᠠᠷ ᠰᠤᠷᠭ᠋ᠠᠭᠤᠯᠢ ᠲᠠᠪᠰᠢᠨ᠎ᠠ᠃ ᠭᠤᠤᠯ ᠴᠤᠬ᠍ᠴᠡᠳᠤ ᠰᠤᠷᠭ᠋ᠠᠭᠤᠯᠢ ᠵᠢ ᠰᠤᠩᠭᠤᠪᠠᠯ 5~9 ᠤᠨ ᠪᠤᠯᠳᠠᠯ᠎ᠠ ᠲᠠᠪᠤᠨ ᠵᠢᠯ ᠰᠤᠷᠤᠯᠴᠠᠨ᠎ᠠ᠃ ᠰᠢᠨᠵᠢᠯᠡᠭᠡ ᠭᠡᠷᠡᠭᠯᠡᠭᠡᠨ᠎ᠤ ᠭᠡᠯᠪᠠᠷᠢ ᠵᠢᠨ ᠲᠤᠮᠳᠠᠳᠤ ᠰᠤᠷᠭ᠋ᠠᠭᠤᠯᠢ ᠵᠢ ᠰᠤᠩᠭᠤᠪᠠᠯ 5~10 ᠤᠨ ᠪᠤᠯᠳᠠᠯ᠎ᠠ ᠵᠢᠷᠭᠤᠭ᠋ᠠᠨ ᠵᠢᠯ ᠰᠤᠷᠤᠯᠴᠠᠨ᠎ᠠ᠃ ᠲᠡᠭᠦᠰᠦᠭᠰᠡᠳ ᠬᠤᠤᠰ ᠠᠯᠬᠤᠮᠳᠤ ᠠᠵᠢᠯ ᠮᠡᠷᠭᠡᠵᠢᠯ᠎ᠤᠨ ᠲᠡᠭᠡᠳᠦ ᠲᠤᠮᠳᠠᠳᠤ᠎ᠳᠤ ᠲᠠᠪᠰᠢᠨ ᠰᠤᠷᠤᠯᠴᠠᠨ᠎ᠠ᠃ ᠠ᠋ᠭᠦᠨ᠎ᠨᠢ 2 ᠵᠢᠯ᠎ᠤᠨ᠎ᠬᠢ᠂ 3 ᠵᠢᠯ᠎ᠤᠨ᠎ᠬᠢ᠂ 3.5 ᠵᠢᠯ᠎ᠤᠨ᠎ᠬᠢ ᠪᠦᠷ ᠪᠠᠶ᠋ᠢᠨ᠎ᠡ᠃ ᠲᠡᠭᠦᠰᠪᠡᠯ ᠰᠢᠭᠤᠳ ᠠᠵᠢᠯ ᠤᠯᠬᠤ ᠪᠤᠶᠤ ᠶᠡᠭᠡ ᠰᠤᠷᠭ᠋ᠠᠭᠤᠯᠢ᠎ᠳᠤ ᠲᠡᠪᠰᠢᠨ ᠦᠷᠬᠦᠯᠵᠢᠯᠡᠨ ᠰᠤᠷᠤᠯᠴᠠᠨ᠎ᠠ᠃ ᠠ᠋ᠨᠡ ᠬᠦ᠌ ᠵᠡᠮ ᠮᠦᠷ ᠵᠶ᠋ᠠᠷ ᠭᠦᠮᠦᠵᠢᠭᠳᠡᠬᠦ ᠰᠤᠷᠤᠬ᠍ᠴᠢ 70% ᠵᠢ ᠡᠵᠡᠯᠡᠨ᠎ᠡ᠃ ᠪᠠᠢ᠍ᠢ᠍ᠭ᠋ᠠᠯᠢ ᠨᠠᠢ᠍ᠢ᠍ᠭᠡᠮ᠎ᠤᠨ ᠰᠢᠨᠵᠢᠯᠡᠭᠡᠨ᠎ᠤ ᠲᠤᠮᠳᠠᠳᠤ ᠰᠤᠷᠭ᠋ᠠᠭᠤᠯᠢ ᠵᠢ ᠰᠤᠩᠭᠤᠬᠰᠠᠨ᠎ᠨᠢ 5~12 ᠪᠤᠶᠤ 13 ᠳ᠋ᠤᠭ᠋ᠠᠷ ᠤᠨ ᠪᠤᠯᠳᠠᠯ᠎ᠠ ᠨᠠᠶ᠋ᠢᠳᠡ 8᠎ᠠᠴᠠ 9 ᠵᠢᠯ ᠰᠤᠷᠤᠯᠴᠠᠭ᠋ᠠᠳ ᠶᠡᠭᠡ ᠲᠡᠭᠡᠳᠤ ᠰᠤᠷᠭ᠋ᠠᠭᠤᠯᠢ᠎ᠳᠤ ᠲᠡᠪᠰᠢᠵᠥ ᠰᠢᠨᠵᠢᠯᠡᠬᠦ ᠤᠬᠠᠭ᠋ᠠᠨ ᠰᠤᠳᠤᠯᠭ᠋ᠠᠨ᠎ᠤ ᠮᠡᠷᠭᠡᠵᠢᠯᠳᠡᠨ ᠵᠶ᠋ᠠᠷ ᠭᠦᠮᠦᠵᠢᠭᠳᠡᠨ᠎ᠡ᠃ ᠠ᠋ᠨᠡ᠎ᠨᠢ ᠰᠠᠶᠢ 30% ᠵᠢᠨ ᠬᠠᠷᠢᠴᠡᠯ᠎ᠢ ᠡᠵᠡᠯᠡᠨ᠎ᠡ᠃
      ᠰᠤᠷᠭ᠋ᠠᠭᠤᠯᠢ ᠲᠡᠪᠰᠢᠬᠤ᠎ᠳᠤ ᠴᠦᠮ ᠨᠢᠬᠡᠳᠤᠯᠳᠡᠢ ᠰᠢᠯᠭ᠋ᠠᠯᠳᠡ᠎ᠪᠠᠷ ᠲᠡᠮᠵᠢᠬᠤ ᠪᠤᠯᠪᠠᠴᠤ ᠠ᠋ᠯᠰᠡᠭᠳᠡᠭᠰᠡᠨ ᠬᠤᠶ᠋ᠢᠨ᠎ᠡ ᠰᠦᠢ᠍ᠳᠬᠡᠯ ᠦᠭᠡᠢ ᠰᠤᠷᠤᠯᠴᠠᠨ᠎ᠡ᠃ ᠭᠡᠷᠪᠡ ᠬᠤᠪᠢ ᠵᠢᠨ ᠰᠤᠷᠭ᠋ᠠᠭᠤᠯᠢ᠎ᠳᠤ ᠰᠤᠷᠤᠯᠴᠠᠪᠠᠯ ᠰᠦᠢ᠍ᠳᠬᠡᠯ ᠲᠣᠰᠢᠶᠡᠨ᠎ᠡ᠃
      ᠭᠤᠷᠪᠠ᠂ ᠭ᠋ᠸᠷᠮᠠᠨ ᠤᠯᠤᠰ᠎ᠤᠨ ᠬᠤᠤᠰ ᠠ᠋ᠰᠢᠳᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠨᠢ ᠳᠣᠣᠷᠠᠬᠢ ᠮᠡᠲᠦ ᠤᠨᠴᠠᠯᠢᠭ᠎ᠲᠠᠢ᠃
     1. ᠭ᠋ᠸᠷᠮᠠᠨ ᠤᠯᠤᠰ᠎ᠤᠨ ᠬᠤᠤᠰ ᠠ᠋ᠰᠢᠳᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠨᠢ ᠠᠵᠢᠯ ᠮᠡᠷᠭᠡᠵᠢᠯ᠎ᠤᠨ ᠰᠤᠷᠭ᠋ᠠᠭᠤᠯᠢ ᠬᠢᠭᠡᠳ ᠠᠵᠥ ᠠᠬᠤᠶ᠋ᠢᠯᠠᠯ ᠬᠤᠷᠰᠢᠨ ᠰᠤᠷᠤᠬ᠍ᠴᠢ ᠬᠦᠮᠦᠵᠢᠬᠦᠯᠳᠡᠭ᠃ ᠰᠤᠷᠭ᠋ᠠᠭᠤᠯᠢ ᠪᠡ ᠠᠵᠥ ᠠᠬᠤᠶ᠋ᠢᠯᠡᠯ᠎ᠤᠨ ᠬᠤᠷᠰᠢᠬᠤ ᠬᠡᠯᠪᠡᠷᠢ᠎ᠨᠢ ᠨᠢᠬᠡ ᠭᠠᠷᠠᠭ ᠵᠶ᠋ᠠᠷ ᠪᠤᠳᠤᠪᠠᠯ 1.5 ᠠ᠋ᠳᠤᠷ ᠰᠤᠷᠭ᠋ᠠᠭᠤᠯᠢ᠎ᠳᠤ ᠰᠤᠶᠤᠯ ᠮᠡᠳᠡᠯᠭᠡ ᠵᠢᠨ ᠬᠢᠴᠢᠶᠡᠯ ᠰᠤᠨᠤᠰᠴᠤ᠂ 3.5 ᠠ᠋ᠳᠤᠷ᠎ᠨᠢ ᠠᠵᠥ ᠠᠬᠤᠶ᠋ᠢᠯᠡᠯ᠎ᠳᠤ ᠲᠠᠳᠤᠯᠭ᠎ᠠ ᠪᠤᠯᠪᠠᠰᠤᠷᠠᠯ ᠬᠢᠨ᠎ᠡ᠃ ᠨᠢᠬᠡ ᠬᠤᠭᠤᠴᠠᠭ᠎ᠠ᠎ᠪᠠᠷ ᠪᠤᠳᠤᠪᠠᠯ 2~5 ᠭᠠᠷᠠᠭ ᠰᠤᠷᠭ᠋ᠠᠭᠤᠯᠢ᠎ᠳᠤ᠂ ᠪᠤᠰᠤᠳ ᠴᠠᠭ᠎ᠲᠤ᠎ᠨᠢ ᠠᠵᠥ ᠠᠬᠤᠶ᠋ᠢᠯᠠᠯ᠎ᠳᠤ ᠪᠣᠯᠪᠠᠰᠤᠷᠠᠨ᠎ᠠ᠃ ᠵᠢᠯ ᠵᠶ᠋ᠠᠷ ᠪᠤᠳᠤᠪᠠᠯ 3᠄ 7 ᠵᠢᠨ ᠬᠠᠷᠢᠴᠠᠯ ᠵᠶ᠋ᠠᠷ ᠪᠤᠳᠠᠳᠠᠢ ᠪᠠᠢ᠍ᠢ᠍ᠳᠠᠯ ᠵᠶ᠋ᠠᠨ ᠦᠨᠳᠤᠰᠤᠯᠠᠨ ᠲᠤᠬᠢᠷᠠᠭᠤᠯᠳᠠᠭ᠃ ᠭᠡᠪᠡᠴᠤ ᠠᠳᠠᠯᠢ ᠪᠤᠰᠤ ᠲᠤᠰᠬᠠᠢ ᠮᠡᠷᠭᠡᠵᠢᠯ᠎ᠨᠢ ᠠᠳᠠᠯᠢ ᠪᠤᠰᠤ ᠵᠢᠨ ᠬᠠᠷᠢᠴᠠᠯ  ᠎ᠲᠠᠢ᠃ ᠬᠤᠤᠰ ᠠᠯᠬᠤᠮᠳᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠪᠡᠯᠡᠳᠬᠡᠯ ᠰᠤᠷᠭ᠋ᠠᠨ ᠬᠦᠮᠦᠵᠢᠯ᠎ᠨᠢ 2~3 ᠵᠢᠯ᠂ ᠲᠡᠭᠡᠳᠤ ᠲᠤᠮᠳᠠᠳᠤ ᠵᠢᠨ ᠰᠤᠷᠭ᠋ᠠᠨ ᠭᠦᠮᠦᠵᠢᠯ᠎ᠨᠢ 2~3.5 ᠵᠢᠯ᠃ ᠲᠡᠭᠡᠳᠦ ᠲᠤᠮᠳᠠᠳᠤ ᠵᠢᠨ ᠱᠠᠳᠤᠨ᠎ᠤ ᠠᠵᠢᠯ ᠮᠡᠷᠭᠡᠵᠢᠯ᠎ᠤᠨ ᠰᠤᠷᠭ᠋ᠠᠭᠤᠯᠢ᠎ᠳᠤ ᠲᠠᠪᠰᠢᠨ ᠤᠷᠤᠬᠤ᠎ᠳᠤ ᠤᠯᠠᠨ ᠨᠦᠭᠦᠴᠠᠯ ᠱᠠᠭ᠋ᠠᠷᠳᠠᠯᠭ᠎ᠠ ᠦᠭᠡᠢ ᠪᠤᠯᠪᠠᠴᠤ ᠶᠡᠷᠤᠳᠡᠭᠡᠨ ᠭᠤᠤᠯ ᠴᠤᠬ᠍ᠴᠠᠳᠤ ᠲᠤᠮᠳᠠᠳᠤ ᠰᠤᠷᠭ᠋ᠠᠭᠤᠯᠢ᠂ ᠰᠢᠨᠵᠢᠯᠡᠭᠡ ᠭᠡᠷᠡᠭᠯᠡᠭᠡᠨ᠎ᠤ ᠭᠡᠯᠪᠠᠷᠢ ᠵᠢᠨ ᠲᠤᠮᠳᠠᠳᠤ ᠰᠤᠷᠭ᠋ᠠᠭᠤᠯᠢ ᠵᠢ ᠲᠡᠭᠦᠰᠦᠭᠰᠡᠨ ᠰᠤᠷᠤᠬ᠍ᠴᠢ ᠪᠠᠶ᠋ᠢᠬᠤ ᠭᠡᠷᠡᠭᠲᠠᠢ᠃
      ᠰᠤᠷᠤᠬ᠍ᠴᠢᠳ ᠰᠤᠷᠤᠯᠴᠠᠭ᠍ᠤ ᠶᠠᠪᠤᠴᠨ᠎ᠳᠤ ᠶᠠᠮᠠᠷᠴᠤ ᠰᠦᠢ᠍ᠳᠬᠡᠯ ᠲᠤᠰᠢᠶᠠᠭ᠍ᠤ ᠦᠬᠡᠢ᠃ ᠠᠵᠥ ᠠᠬᠤᠶ᠋ᠢᠯᠠᠯ᠎ᠠᠴᠠ ᠰᠤᠷᠤᠬ᠍ᠴᠢ ᠪᠦᠷᠢ᠎ᠳᠤ 500~700 ᠠ᠋ᠸᠦ᠋ᠷᠦᠫᠡ ᠮᠦᠩᠭᠦᠨ᠎ᠤ ᠠᠮᠢᠳᠤᠷᠠᠯ᠎ᠤᠨ ᠨᠦᠬᠦᠪᠦᠷᠢ ᠤᠯᠭᠤᠳᠠᠭ ᠮᠦᠷᠳᠡᠬᠡᠨ ᠬᠠᠤᠯᠢ ᠵᠢᠨ ᠪᠠᠳᠤᠯᠠᠭ᠎ᠠ᠎ᠲᠠᠢ᠃
     2. ᠪᠦᠬᠦᠯᠢ ᠠ᠋ᠳᠤᠷ᠎ᠤᠨ ᠲᠦᠷᠢᠮᠳᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠨᠢ ᠲᠤᠳᠤᠷ᠎ᠠ᠎ᠪᠠᠨ ᠬᠤᠶᠠᠷ ᠶᠡᠭᠡ ᠲᠦᠷᠦᠯ᠎ᠳᠤ ᠬᠤᠪᠢᠶᠠᠭᠳᠠᠳᠠᠭ᠃ ᠨᠢᠬᠡ᠎ᠨᠢ ᠬᠤᠤᠰ ᠠᠯᠬᠤᠮᠳᠤ ᠬᠡᠯᠪᠡᠷᠢ᠎ᠪᠠᠷ ᠵᠠᠰᠠᠭ᠍ᠤ ᠦᠢ᠍ᠯᠡᠳᠬᠦ ᠮᠠᠶᠢᠭ᠎ᠤᠨ ᠲᠦᠷᠦᠯ᠎ᠤᠨ᠎ᠬᠢ ᠪᠠᠢ᠍ᠢ᠍ᠵᠤ᠂ ᠠ᠋ᠨᠡ ᠲᠦᠷᠦᠯ᠎ᠨᠢ ᠰᠢᠭᠤᠳ ᠨᠡᠶ᠋ᠢᠬᠡᠮ ᠲᠡᠭᠡᠷ᠎ᠡ ᠠᠵᠢᠯ ᠤᠯᠬᠤ ᠬᠠᠨᠳᠤᠯᠭ᠎ᠠ᠎ᠲᠠᠢ᠃
      ᠨᠦᠬᠦᠭᠡ᠎ᠨᠢ ᠲᠤᠰᠠᠭ᠋ᠠᠷᠯᠠᠭᠰᠠᠨ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠲᠦᠷᠦᠯ᠎ᠤᠨ᠎ᠬᠢ ᠪᠠᠢ᠍ᠢ᠍ᠵᠤ᠂ ᠭᠤᠤᠯᠳᠠᠭᠤ ᠠᠵᠥ ᠦᠢ᠍ᠯᠡᠳᠪᠤᠷᠢ ᠬᠢᠭᠡᠳ ᠨᠡᠶ᠋ᠢᠬᠡᠮ᠎ᠤᠨ ᠰᠤᠷᠭ᠋ᠠᠨ ᠬᠦᠮᠦᠵᠢᠯ᠂ ᠡᠮ ᠠ᠋ᠮᠨᠡᠯᠭᠡ ᠬᠡᠬᠦ ᠮᠡᠳᠤ ᠪᠠᠢ᠍ᠢ᠍ᠳᠠᠬ᠃ ᠠ᠋ᠨᠡ ᠲᠦᠷᠦᠯ᠎ᠨᠢ ᠦᠷᠬᠦᠯᠵᠢᠯᠡᠨ ᠶᠡᠭᠡ ᠰᠤᠷᠭ᠋ᠠᠭᠤᠯᠢ᠎ᠳᠤ ᠰᠢᠯᠭ᠋ᠠᠨ ᠶᠠᠪᠤᠬᠤ ᠪᠤᠶᠤ ᠰᠢᠭᠤᠳ ᠠᠵᠢᠯ ᠤᠯᠵᠥ ᠪᠠᠰᠠ ᠪᠤᠯᠥᠨ᠎ᠡ᠃
     3. ᠶᠡᠭᠡ ᠰᠤᠷᠭ᠋ᠠᠭᠤᠯᠢ᠎ᠳᠤ ᠲᠡᠪᠰᠢᠬᠦᠯᠬᠦ ᠴᠢᠭᠯᠡᠯ᠎ᠲᠠᠢ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠨᠢ ᠭᠤᠤᠯ ᠭᠤᠷᠪᠠᠨ ᠲᠦᠷᠦᠯ ᠪᠤᠢ᠃
      ᠨᠢᠬᠡ᠎ᠨᠢ ᠲᠤᠰᠬᠠᠢ ᠮᠡᠷᠭᠡᠵᠢᠯ᠎ᠤᠨ ᠲᠡᠭᠡᠳᠤ ᠲᠤᠮᠳᠠᠳᠤ᠃ ᠦᠢ᠍ᠯᠡᠳᠤᠯᠭᠡᠴᠢ ᠲᠤᠮᠳᠠᠳᠤ ᠰᠤᠷᠭ᠋ᠠᠭᠤᠯᠢ ᠲᠡᠭᠦᠰᠦᠭᠰᠡᠨ ᠰᠤᠷᠤᠬ᠍ᠴᠢᠳ᠎ᠢ ᠠ᠋ᠯᠰᠡᠨ᠎ᠡ᠃ ᠰᠤᠷᠤᠯᠭ᠎ᠠ ᠵᠢᠨ ᠬᠤᠭᠤᠴᠠᠭ᠎ᠠ 2 ᠵᠢᠯ᠃ ᠤᠨᠤᠯ ᠦᠢ᠍ᠯᠡᠳᠤᠯᠭᠡ ᠵᠢᠨ ᠬᠢᠴᠢᠶᠡᠯ᠎ᠢ ᠲᠤᠰᠪᠤᠷᠢ ᠨᠢᠬᠡ ᠵᠢᠯ ᠤᠷᠤᠨ᠎ᠠ᠃ ᠲᠡᠭᠦᠰᠦᠭᠰᠡᠨ᠎ᠤ ᠲᠠᠷᠠᠭ᠎ᠠ ᠰᠢᠭᠤᠳ ᠲᠤᠰᠬᠠᠢ ᠮᠡᠷᠭᠡᠵᠢᠯ᠎ᠤᠨ ᠶᠡᠭᠡ ᠰᠤᠷᠭ᠋ᠠᠭᠤᠯᠢ᠎ᠳᠤ ᠲᠡᠪᠰᠢᠨ᠎ᠡ᠃
      ᠨᠥᠭᠦᠬᠡ᠎ᠨᠢ ᠠᠵᠢᠯ ᠮᠡᠷᠭᠡᠵᠢᠯ ᠪᠤᠶᠤ ᠲᠤᠰᠬᠠᠢ ᠮᠡᠷᠭᠡᠵᠢᠯ᠎ᠤᠨ ᠲᠡᠭᠡᠳᠤ ᠲᠤᠮᠳᠠᠳᠤ᠎ᠨᠢ ᠦᠢ᠍ᠯᠡᠳᠤᠯᠭᠡᠴᠢ ᠲᠤᠮᠳᠠᠳᠤ ᠰᠤᠷᠭ᠋ᠠᠭᠤᠯᠢ ᠲᠡᠭᠦᠰᠦᠭᠰᠡᠨ ᠰᠤᠷᠤᠭᠴᠢᠳ᠎ᠢ ᠠ᠋ᠯᠰᠡᠨ᠎ᠡ᠃ ᠰᠤᠷᠤᠯᠭ᠎ᠠ ᠵᠢᠨ ᠬᠤᠭᠤᠴᠠᠭ᠎ᠠ 2 ᠵᠢᠯ᠂ ᠪᠦᠬᠦᠯᠢ ᠠ᠋ᠳᠤᠷ ᠵᠶ᠋ᠠᠷ ᠤᠨᠤᠯ᠎ᠤᠨ ᠬᠢᠴᠢᠶᠡᠯ᠎ᠢ ᠰᠤᠷᠤᠯᠴᠠᠨ᠎ᠠ᠃ ᠲᠡᠭᠦᠰᠦᠭᠰᠡᠨ᠎ᠤ ᠲᠠᠷᠠᠭ᠎ᠠ ᠶᠡᠷᠤᠩᠭᠡᠶ᠋ᠢᠯᠡᠭᠰᠡᠨ ᠶᠡᠭᠡ ᠰᠤᠷᠭ᠋ᠠᠭᠤᠯᠢ᠎ᠳᠤ ᠲᠠᠪᠰᠢᠨ᠎ᠡ᠃
      ᠪᠠᠰᠠ ᠨᠢᠭᠡ᠎ᠨᠢ ᠲᠤᠰᠬᠠᠢ ᠮᠠᠷᠭᠡᠵᠢᠯ᠂ ᠠᠵᠢᠯ ᠮᠡᠷᠭᠡᠵᠢᠯ ᠪᠤᠶᠤ ᠮᠡᠷᠭᠡᠵᠢᠯ᠎ᠤᠨ ᠪᠦᠬᠦᠯᠢ ᠠ᠋ᠳᠤᠷ᠎ᠤᠨ ᠲᠦᠷᠢᠮᠳᠤ ᠲᠤᠮᠳᠠᠳᠤ ᠰᠤᠷᠭ᠋ᠠᠭᠤᠯᠢ᠃ ᠦᠢ᠍ᠯᠡᠳᠤᠯᠭᠡᠴᠢ ᠲᠤᠮᠳᠠᠳᠤ ᠰᠤᠷᠭ᠋ᠠᠭᠤᠯᠢ ᠲᠡᠭᠦᠰᠦᠭᠰᠡᠨ ᠰᠤᠷᠤᠬ᠍ᠴᠢ ᠵᠢ ᠠ᠋ᠯᠰᠡᠨ᠎ᠡ᠃ ᠰᠤᠷᠤᠯᠭ᠎ᠠ ᠵᠢᠨ ᠵᠢᠯ 3 ᠵᠢᠯ᠃ ᠲᠡᠭᠦᠰᠦᠭᠰᠡᠨ᠎ᠤ ᠲᠠᠷᠠᠭ᠎ᠠ ᠰᠢᠭᠤᠳ ᠶᠡᠷᠤᠩᠭᠡᠶ᠋ᠢᠯᠡᠭᠰᠡᠨ ᠶᠡᠭᠡ ᠰᠤᠷᠭ᠋ᠠᠭᠤᠯᠢ᠎ᠳᠤ ᠲᠡᠪᠰᠢᠨ᠎ᠡ᠃
    ᠲᠦᠷᠪᠡ᠂ ᠲᠡᠭᠡᠳᠤ ᠲᠤᠮᠳᠠᠳᠤ ᠵᠢ ᠲᠡᠭᠦᠰᠭᠡᠭᠰᠡᠨ᠎ᠤ ᠲᠠᠷᠠᠭ᠋ᠠᠬᠢ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠬᠦᠭᠵᠢᠯᠲᠡ ᠵᠢᠨ ᠬᠠᠨᠳᠤᠰᠢ ᠳᠣᠬᠢᠷᠠᠮᠵᠢᠲᠠᠢ᠃
     1. ᠲᠡᠭᠡᠳᠤ ᠲᠤᠮᠳᠠᠳᠤ ᠵᠢ ᠲᠡᠭᠦᠰᠭᠡᠭᠰᠡᠨ᠎ᠤ ᠲᠠᠷᠠᠭ᠎ᠠ ᠶᠡᠭᠡ ᠰᠤᠷᠭ᠋ᠠᠭᠤᠯᠢ ᠵᠢᠨ ᠪᠤᠰᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠃ ᠠ᠋ᠨᠡ ᠪᠤᠯ ᠲᠠᠪᠳᠠᠨ ᠪᠤᠯᠪᠠᠰᠤᠷᠠᠯ᠎ᠤᠨ ᠰᠢᠨᠵᠢ᠎ᠲᠠᠢ᠃ ᠠ᠋ᠯᠰᠡᠬᠦ ᠨᠦᠬᠦᠴᠡᠯ᠎ᠨᠢ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠢ 2 ᠵᠢᠯ᠎ᠠᠴᠠ ᠲᠡᠭᠡᠭᠰᠢ ᠭᠦᠷᠳᠡᠭᠰᠡᠨ ᠮᠦᠷᠳᠡᠭᠡᠨ ᠦᠢ᠍ᠯᠡᠳᠤᠯᠭᠡᠵᠢᠭᠰᠡᠨ ᠪᠠᠶ᠋ᠢᠬᠤ ᠭᠡᠷᠡᠭᠲᠡᠢ᠃ ᠰᠤᠷᠤᠯᠭ᠎ᠠ ᠵᠢᠨ ᠬᠤᠭᠤᠴᠠᠭ᠎ᠠ 2 ᠵᠢᠯ᠂ ᠮᠡᠷᠭᠡᠵᠢᠯ᠎ᠤᠨ ᠪᠠᠭᠰᠢ ᠪᠤᠶᠤ ᠮᠡᠷᠭᠡᠵᠢᠯ᠎ᠤᠨ ᠰᠤᠷᠭ᠋ᠠᠭᠤᠯᠢ (ᠤᠯᠤᠰ᠎ᠠᠴᠠ ᠭᠤᠤᠯᠯᠠᠨ ᠠ᠋ᠷᠬᠢᠯᠡᠵᠥ) ᠰᠢᠯᠭ᠋ᠠᠯᠳᠠ ᠬᠢᠨ᠎ᠡ᠃ ᠰᠢᠯᠭ᠋ᠠᠯᠳᠠ᠎ᠳᠤ ᠬᠢᠷᠢ ᠲᠡᠩᠴᠡᠪᠡᠯ ᠬᠢᠷᠢ ᠬᠡᠮ᠎ᠤᠨ ᠦᠨᠡᠮᠯᠡᠯ ᠤᠯᠭᠤᠵᠤ ᠠᠵᠢᠯ ᠤᠯᠤᠨ᠎ᠡ᠃ ᠭᠡᠷᠪᠡ ᠬᠢᠷᠢ ᠲᠡᠩᠴᠡᠭᠦ ᠦᠬᠡᠢ ᠪᠤᠯ ᠲᠡᠬᠢᠨ ᠬᠤᠶᠠᠷ ᠤᠳᠠᠭ᠎ᠠ ᠰᠢᠯᠭ᠋ᠠᠵᠥ ᠪᠤᠯᠥᠨ᠎ᠡ᠃
     2. ᠲᠡᠭᠡᠳᠤ ᠲᠤᠮᠳᠠᠳᠤ ᠵᠢ ᠲᠡᠭᠦᠰᠦᠭᠰᠡᠨ᠎ᠤ ᠲᠠᠷᠠᠭ᠋ᠠᠬᠢ ᠶᠡᠭᠡ ᠰᠤᠷᠭ᠋ᠠᠭᠤᠯᠢ ᠵᠢᠨ ᠱᠠᠳᠤᠨ᠎ᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠃ ᠠ᠋ᠨᠡ ᠪᠤᠯ ᠪᠦᠬᠦᠯᠢ ᠠ᠋ᠳᠤᠷ᠎ᠤᠨ ᠲᠦᠷᠢᠮᠳᠤ ᠪᠦᠷᠢᠨ ᠲᠤᠮᠳᠠᠳᠤ ᠰᠤᠷᠭ᠋ᠠᠭᠤᠯᠢ ᠲᠡᠭᠦᠰᠦᠭᠰᠡᠨ ᠰᠤᠷᠤᠬ᠍ᠴᠢᠳ᠎ᠤᠨ ᠰᠢᠯᠭ᠋ᠠᠯᠳᠠ ᠵᠢᠨ ᠦᠷ᠎ᠡ ᠪᠦᠳᠦᠮᠵᠢ᠎ᠪᠠᠷ᠎ᠨᠢ ᠠ᠋ᠯᠰᠡᠨ ᠠᠪᠴᠤ ᠦᠨᠳᠦᠷ ᠲᠡᠰ᠎ᠤᠨ ᠴᠢᠳᠠᠪᠤᠷᠢᠳᠡᠨ ᠪᠤᠯᠭ᠋ᠠᠨ ᠭᠦᠮᠦᠵᠢᠬᠦᠯᠦᠨ᠎ᠡ᠃ ᠭᠤᠷᠪᠠᠨ ᠵᠢᠯ᠎ᠤᠨ ᠲᠦᠷᠢᠮ ᠵᠶ᠋ᠠᠷ ᠲᠡᠭᠦᠰᠦᠭᠰᠡᠳ᠎ᠢ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠢᠨᠵᠸᠨ᠋ᠸᠷᠢᠩ᠎ᠤᠨ ᠴᠤᠯᠨ ᠵᠢ ᠤᠯᠭᠤᠨ᠎ᠠ᠃ ᠬᠤᠶᠠᠷ ᠵᠢᠯ᠎ᠤᠨ ᠰᠤᠷᠤᠯᠴᠠᠯᠭ᠎ᠠ ᠵᠢᠨ ᠲᠦᠷᠢᠮ ᠵᠶ᠋ᠠᠷ ᠲᠡᠭᠦᠰᠦᠭᠰᠡᠳ᠎ᠢ ᠢᠨᠵᠸᠨ᠋ᠸᠷᠢᠩ᠎ᠤᠨ ᠲᠤᠰᠠᠯᠠᠭᠴᠢ ᠵᠢᠨ ᠴᠤᠯᠨ ᠤᠯᠭᠤᠨ᠎ᠠ᠃
      ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠲᠤᠰᠬᠠᠢ ᠮᠡᠷᠭᠡᠵᠢᠯ᠎ᠢ ᠲᠤᠬᠢᠷᠠᠭᠤᠯᠬᠤ ᠶᠠᠪᠤᠴᠨ᠎ᠳᠤ ᠢᠨᠵᠸᠨ᠋ᠸᠷᠢᠩ᠎ᠤᠨ ᠮᠡᠷᠭᠡᠵᠢᠯ᠂ ᠠᠵᠥ ᠠᠬᠤᠢ ᠵᠢᠨ ᠢᠨᠵᠸᠨ᠋ᠸᠷᠢᠩ᠂ ᠨᠡᠶ᠋ᠢᠬᠡᠮ᠎ᠤᠨ ᠦᠢ᠍ᠯᠡᠴᠢᠯᠡᠭᠡ ᠵᠡᠷᠭᠡ ᠭᠤᠷᠪᠠᠨ ᠤᠷᠴᠢᠨ ᠲᠤᠭᠤᠷᠢᠨ᠎ᠳᠤ ᠬᠤᠤᠰ ᠠᠯᠬᠤᠮᠳᠤ ᠮᠠᠶᠢᠭ ᠵᠶ᠋ᠠᠷ ᠰᠤᠷᠤᠬ᠍ᠴᠢ ᠬᠢᠭᠡᠳ ᠠᠵᠥ ᠠᠬᠤᠶ᠋ᠢᠯᠠᠯ᠂ ᠰᠤᠷᠤᠬ᠍ᠴᠢ ᠬᠢᠭᠡᠳ ᠰᠤᠷᠭ᠋ᠠᠭᠤᠯᠢ ᠵᠢᠨ ᠬᠤᠭᠤᠷᠤᠨᠳᠤᠬᠢ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠭᠡᠷ᠎ᠡ ᠵᠢ ᠳᠣᠭᠲᠠᠭ᠋ᠠᠵᠤ ᠰᠤᠷᠭ᠋ᠠᠨ ᠬᠦᠮᠦᠵᠢᠯ ᠵᠢᠭ᠋ᠠᠨ ᠰᠤᠷᠭ᠋ᠠᠯᠳᠠ ᠶᠠᠪᠤᠬᠳᠠᠭᠤᠯᠤᠨ᠎ᠡ᠃ ᠭᠤᠷᠪᠠᠨ ᠰᠠᠷ᠎ᠠ ᠪᠤᠯᠬᠤ ᠪᠦᠷᠢ ᠲᠡᠬᠢᠨ ᠰᠢᠨᠡᠳᠭᠡᠨ᠎ᠡ᠃ ᠰᠤᠷᠤᠯᠭ᠎ᠠ ᠵᠢᠨ ᠬᠤᠭᠤᠴᠠᠭ᠋ᠠᠨ᠎ᠳᠤ ᠰᠤᠷᠤᠬ᠍ᠴᠢᠳ᠎ᠠᠴᠠ ᠰᠦᠢ᠍ᠳᠬᠡᠯ ᠬᠤᠷᠢᠶᠠᠭ᠍ᠤ ᠦᠬᠡᠢ᠂ ᠠᠵᠥ ᠠᠬᠤᠶ᠋ᠢᠯᠡᠯ᠎ᠠᠴᠠ ᠨᠦᠬᠦᠪᠦᠷᠢ ᠤᠯᠭᠤᠵᠥ᠂ ᠤᠯᠤᠰ᠎ᠤᠨ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠬᠠᠥᠯᠢ᠎ᠪᠠᠷ ᠪᠠᠳᠤᠯᠠᠳᠠᠭ᠃
      ᠲᠡᠪᠤ᠂ ᠠᠵᠢᠯ ᠮᠡᠷᠭᠡᠵᠢᠯ᠎ᠤᠨ ᠰᠤᠷᠭ᠋ᠠᠭᠤᠯᠢ ᠵᠢᠨ ᠦᠬᠡᠷᠡᠴᠢᠯᠡᠯᠳᠡ ᠬᠢᠭᠡᠳ ᠰᠢᠨ᠎ᠡ ᠠ᠋ᠭᠦᠳᠥᠯᠳᠡ᠎ᠨᠢ ᠥᠪᠡᠷᠮᠢᠴᠡ ᠤᠨᠴᠠᠯᠢᠭ᠎ᠲᠠᠢ᠃
     1969 ᠤᠨ᠎ᠳᠤ ᠭᠧᠷᠮᠠᠨ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠦᠨᠳᠤᠰᠤᠨ ᠬᠠᠥᠯᠢ ᠵᠢ ᠲᠤᠬᠳᠠᠭ᠋ᠠᠨ ᠭᠡᠷᠡᠭᠵᠢᠬᠦᠯᠪᠡ᠃
      ᠤᠯᠤᠰ᠎ᠤᠨ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠰᠤᠳᠤᠯᠭ᠋ᠠᠨ᠎ᠤ ᠲᠦᠪ᠂ ᠵᠸᠤ ᠵᠢᠨ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠰᠤᠳᠤᠯᠭ᠋ᠠᠨ᠎ᠤ ᠲᠦᠪ ᠪᠠᠶ᠋ᠢᠬᠤ᠎ᠠᠴᠠ ᠭᠠᠳᠠᠨ᠎ᠠ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠨᠡᠶ᠋ᠢᠬᠡᠮᠯᠢᠭ (ᠮᠠᠨ᠎ᠤ ᠤᠯᠤᠰ᠎ᠤᠨ ᠨᠡᠶ᠋ᠢᠭᠡᠮᠯᠢᠭ᠎ᠤᠳ᠎ᠲᠠᠢ ᠠᠳᠠᠯᠢ ᠦᠬᠡᠢ᠂ ᠵᠠᠰᠠᠭ ᠵᠠᠬᠢᠷᠭ᠋ᠠᠨ᠎ᠤ ᠠ᠋ᠷᠬᠡ ᠮᠡᠳᠡᠯ᠎ᠲᠠᠢ) ᠭᠡᠵᠦ ᠪᠠᠢ᠍ᠢ᠍ᠨ᠎ᠠ᠃ ᠲᠤᠰᠬᠠᠢ ᠮᠡᠷᠭᠡᠵᠢᠯ᠎ᠤᠨ ᠬᠢᠷᠢ ᠬᠡᠮ᠎ᠢ ᠬᠢᠨᠡᠨ ᠦᠨᠡᠯᠡᠵᠥ᠂ ᠦᠨᠡᠮᠯᠡᠯ ᠤᠯᠭᠤᠬᠤ ᠠ᠋ᠷᠬᠡ᠎ᠲᠠᠢ᠃ ᠤᠨᠴᠠᠭ᠋ᠠᠢ ᠠ᠋ᠷᠬᠡ᠎ᠲᠠᠢ ᠮᠦᠷᠳᠡᠬᠡᠨ ᠦᠢ᠍ᠯᠡᠳᠤᠯ ᠰᠠᠶ᠋ᠢᠳᠠᠢ᠃ ᠲᠤᠬᠠᠶ᠋ᠢᠯᠠᠪᠠᠯ᠄
     1. ᠠᠵᠥ ᠠᠬᠤᠶ᠋ᠢᠯᠠᠯ᠎ᠠᠴᠠ ᠰᠤᠷᠤᠬ᠍ᠴᠢᠳ᠎ᠲᠤ ᠲᠠᠳᠤᠯᠭ᠎ᠠ ᠪᠤᠯᠪᠠᠰᠤᠷᠠᠯ ᠭᠦᠷᠳᠡᠬᠡᠬᠦ ᠬᠢᠴᠢᠶᠡᠯ᠎ᠤᠨ ᠪᠠᠷᠢᠮᠵᠢᠶ᠎ᠠ ᠵᠢ ᠲᠤᠬᠳᠠᠭ᠋ᠠᠨ᠎ᠠ᠃
     2. ᠠᠵᠥ ᠠᠬᠤᠶ᠋ᠢᠯᠠᠯ᠎ᠤᠨ ᠰᠤᠷᠤᠬ᠍ᠴᠢᠳ᠎ᠲᠤ ᠭᠦᠷᠳᠡᠬᠡᠵᠥ ᠪᠠᠶ᠋ᠢᠭ᠎ᠠ ᠲᠠᠳᠤᠯᠭ᠎ᠠ ᠪᠤᠯᠪᠠᠰᠤᠷᠠᠯ᠎ᠳᠤ ᠰᠢᠭᠤᠳ ᠬᠢᠨᠡᠯᠳᠡ ᠬᠠᠮᠢᠶᠠᠷᠤᠯᠳᠡ ᠬᠢᠨ᠎ᠡ᠃
     3. ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠶᠠᠰᠤ ᠴᠢᠨᠠᠷ᠎ᠲᠤ ᠡᠵᠡᠮᠰᠢᠯ ᠬᠢᠬᠦ ᠮᠦᠷᠳᠡᠬᠡᠨ ᠱᠠᠪᠢ ᠲᠠᠭ᠋ᠠᠬᠰᠠᠳ᠎ᠢ ᠰᠢᠯᠭ᠋ᠠᠵᠥ ᠦᠨᠡᠯᠡᠨ᠎ᠡ᠃
     4. ᠠᠵᠥ ᠠᠬᠤᠶ᠋ᠢᠯᠠᠯ ᠠᠯᠤᠰᠯᠠᠭᠰᠠᠨ ᠲᠠᠳᠤᠯᠭ᠎ᠠ ᠪᠤᠯᠪᠠᠰᠤᠷᠠᠯ᠎ᠤᠨ ᠪᠦᠳᠦᠴᠨ ᠲᠤᠬᠳᠠᠮᠵᠢ᠎ᠶᠢ ᠵᠤᠬᠢᠴᠠᠭᠤᠯᠬᠤ ᠬᠦᠭᠦᠷᠬᠡ ᠵᠢᠨ ᠦᠢ᠍ᠯᠡᠳᠤᠯ᠎ᠲᠠᠢ᠃
      ᠰᠢᠨ᠎ᠡ ᠵᠢ ᠠ᠋ᠭᠦᠳᠦᠭᠰᠡᠨ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠰᠤᠳᠤᠯᠭ᠋ᠠᠨ᠎ᠢ ᠦᠪᠡᠷᠳᠡᠭᠡᠨ ᠰᠤᠷᠤᠯᠴᠠᠭ᠍ᠤ᠂ ᠬᠤᠷᠰᠢᠨ ᠰᠤᠷᠤᠯᠴᠠᠭ᠍ᠤ ᠶᠠᠪᠤᠴᠨ ᠬᠢᠭᠡᠳ ᠠᠵᠢᠯ᠎ᠤᠨ ᠶᠠᠪᠤᠴᠨ᠎ᠠᠴᠠ ᠲᠤᠬᠳᠠᠭ᠋ᠠᠬᠳᠠᠭᠰᠠᠨ 《ᠠᠵᠢᠯ ᠮᠡᠷᠭᠡᠵᠢᠯ᠎ᠤᠨ ᠰᠢᠨᠵᠢᠯᠡᠬᠦ ᠤᠬᠠᠭ᠋ᠠᠨ》᠎ᠢ ᠰᠣᠳᠣᠯᠵᠥ ᠪᠤᠳᠠᠳᠡᠢ᠎ᠠᠴᠠ ᠠ᠋ᠭᠦᠰᠦᠭᠰᠡᠨ ᠬᠠᠮᠤᠭ᠎ᠤᠨ ᠰᠠᠶ᠋ᠢᠨ ᠰᠤᠷᠤᠯᠴᠠᠭ᠍ᠤ ᠤᠷᠴᠢᠨ᠎ᠢ ᠠ᠋ᠭᠦᠳᠴᠤ᠂ ᠠᠵᠢᠯ᠎ᠤᠨ ᠶᠠᠪᠤᠴᠨ᠎ᠪᠠᠷ ᠭᠦᠳᠦᠯᠦᠮᠵᠢ ᠪᠤᠯᠭ᠋ᠠᠬᠰᠠᠨ ᠬᠢᠴᠢᠶᠡᠯᠯᠡᠭᠡ ᠵᠢ ᠭᠡᠷᠡᠭᠵᠢᠬᠦᠯᠵᠥ᠂ 《ᠠᠵᠢᠯᠯᠠᠭ᠍ᠤ ᠵᠢᠨ ᠲᠦᠯᠦᠭᠡ ᠰᠤᠷᠤᠯᠴᠠᠭ᠍ᠤ᠂ ᠠᠵᠢᠯᠯᠠᠭ᠋ᠠᠨ᠎ᠤ ᠶᠠᠪᠤᠴᠨ᠎ᠳᠤ ᠰᠤᠷᠤᠯᠴᠠᠭ᠍ᠤ》᠎ᠪᠠᠷ ᠵᠢᠯᠤᠭᠤᠳᠤᠭᠤᠯᠬᠤ ᠰᠤᠷᠭ᠋ᠠᠨ ᠬᠦᠮᠦᠵᠢᠯ᠎ᠤᠨ ᠠᠷᠭ᠎ᠠ ᠪᠠᠷᠢᠯ᠎ᠢ ᠭᠦᠨᠴᠨ᠎ᠲᠠᠢ ᠰᠤᠳᠤᠯᠥᠨ ᠠ᠋ᠭᠦᠳᠴᠤ ᠪᠤᠢ᠃
      ᠭ᠋ᠸᠷᠮᠠᠨ᠎ᠤ ᠠᠵᠢᠯ ᠮᠡᠷᠭᠡᠵᠢᠯ᠎ᠤᠨ ᠰᠤᠳᠤᠯᠬᠤ ᠭᠠᠵᠡᠷ᠎ᠠᠴᠠ ᠲᠤᠯᠤᠭ᠋ᠠᠶ᠋ᠢᠯᠠᠨ 2000 ᠲᠦᠯᠦᠭᠡᠯᠡᠭᠦ ᠴᠢᠨᠠᠷᠳᠠᠢ ᠠᠵᠥ ᠠᠬᠤᠶ᠋ᠢᠯᠠᠯ᠎ᠠᠴᠠ ᠠᠵᠢᠯ ᠮᠡᠷᠭᠡᠵᠢᠯ ᠬᠢᠭᠡᠳ ᠠᠵᠢᠯ ᠮᠡᠷᠭᠡᠵᠢᠯ᠎ᠤᠨ ᠬᠢᠷᠢ ᠬᠡᠮ᠎ᠳᠤ ᠲᠠᠯᠪᠢᠬᠰᠠᠨ ᠪᠤᠳᠠᠳᠤ ᠱᠠᠭ᠋ᠠᠷᠳᠠᠯᠭ᠎ᠠ ᠵᠢ ᠭᠦᠯᠢᠶᠠᠨ ᠠᠪᠴᠤ ᠨᠠᠷᠢᠨ ᠵᠠᠳᠠᠯᠥᠯᠳᠠ ᠬᠢᠵᠥ᠂ ᠵᠤᠷᠢᠯᠭ᠎ᠠ ᠬᠠᠷᠠᠯᠳᠠ᠎ᠪᠠᠨ ᠰᠢᠨᠡᠳᠭᠡᠵᠥ ᠠᠵᠢᠯ ᠮᠡᠷᠭᠡᠵᠢᠯ᠎ᠤᠨ ᠰᠢᠨ᠎ᠡ ᠲᠤᠭᠢᠷᠠᠭᠤᠯᠥᠯᠳᠡ ᠵᠢ ᠱᠠᠯᠠᠪᠳᠠᠵᠥ ᠪᠠᠶ᠋ᠢᠨ᠎ᠠ᠃
      ᠵᠢᠷᠭᠤᠭ᠎ᠠ᠂ ᠮᠠᠨ᠎ᠤ ᠤᠯᠤᠰ᠎ᠤᠨ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ ᠬᠢᠭᠡᠳ ᠭ᠋ᠸᠷᠮᠠᠨ᠎ᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠬᠠᠷᠢᠴᠠᠭᠤᠯᠤᠯ
     1. ᠬᠠᠤᠯᠢᠵᠢᠨ ᠲᠤᠭᠤᠰᠢᠯᠠᠭᠳᠠᠭᠰᠠᠨ ᠲᠠᠯ᠎ᠠ᠎ᠪᠠᠷ ᠮᠠᠨ᠎ᠤ ᠤᠯᠤᠰ 1995 ᠤᠨ᠎ᠳᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠬᠠᠥᠯᠢ ᠵᠢ ᠲᠤᠬᠳᠠᠭ᠋ᠠᠨ ᠭᠡᠷᠡᠭᠵᠢᠬᠦᠯᠪᠡ᠃
      ᠭ᠋ᠸᠷᠮᠠᠨ ᠤᠯᠤᠰ 1969 ᠤᠨ᠎ᠳᠤ ᠠᠵᠢᠯ ᠮᠡᠷᠭᠡᠵᠢᠯ᠎ᠤᠨ ᠬᠠᠥᠯᠢ ᠵᠢ ᠲᠤᠬᠳᠠᠭ᠋ᠠᠵᠥ ᠭᠡᠷᠡᠭᠵᠢᠬᠦᠯᠥᠭᠡᠳ᠂ 1972 ᠤᠨ᠂ 1976 ᠤᠨ᠂ 1981 ᠤᠨ᠂ 2005 ᠤᠨ᠎ᠳᠤ ᠠᠵᠢᠯ ᠮᠡᠷᠭᠡᠵᠢᠯ᠎ᠤᠨ ᠨᠦᠬᠦᠪᠦᠷᠢ ᠰᠢᠨ᠎ᠡ ᠬᠠᠥᠯᠢ ᠵᠢ ᠨᠠᠮᠠᠨ ᠲᠤᠬᠳᠠᠭ᠋ᠠᠵᠥ ᠲᠠᠰᠤᠷᠠᠯᠳᠠ ᠦᠬᠡᠢ ᠲᠡᠭᠦᠯᠳᠡᠷᠵᠢᠬᠦᠯᠥᠨ ᠭᠡᠷᠡᠭᠵᠢᠬᠦᠯᠪᠡ᠃
     2. ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠪᠡᠯᠨ ᠤᠷᠤᠭᠤᠯᠥᠯᠳᠡ᠎ᠠᠴᠠ ᠦᠵᠡᠪᠡᠯ ᠮᠡᠨ᠎ᠤ ᠤᠯᠤᠰ ᠪᠤᠯ ᠤᠯᠤᠰ᠎ᠤᠨ ᠠ᠋ᠳ᠋᠎ᠤᠨ ᠵᠠᠰᠠᠭ᠂ ᠭᠠᠵᠠᠷ ᠤᠷᠤᠨ᠎ᠤ ᠠ᠋ᠳ᠋᠎ᠤᠨ ᠵᠠᠰᠠᠭ ᠵᠶ᠋ᠠᠷ ᠭᠤᠤᠯ ᠪᠤᠯᠭ᠋ᠠᠨ ᠪᠡᠯᠨ ᠤᠷᠤᠭᠤᠯᠤᠯᠳᠡ᠎ᠪᠠᠨ ᠵᠢᠯ᠎ᠠᠴᠠ ᠵᠢᠯ ᠨᠡᠮᠡᠭᠳᠡᠬᠦᠯᠵᠥ ᠪᠡᠶ᠋ᠢᠨ᠎ᠡ᠃ ᠭ᠋ᠸᠷᠮᠠᠨ ᠤᠯᠤᠰ ᠪᠤᠯ ᠤᠯᠤᠰ᠎ᠤᠨ ᠠ᠋ᠳ᠋᠎ᠤᠨ ᠵᠠᠰᠠᠭ᠂ ᠵᠸᠤ ᠵᠢᠨ ᠠ᠋ᠳ᠋᠎ᠤᠨ ᠵᠠᠰᠠᠭ᠎ᠠᠴᠠ ᠭᠠᠳᠠᠨ᠎ᠠ ᠠᠵᠥ ᠠᠬᠤᠶ᠋ᠢᠯᠡᠯ᠎ᠠᠴᠠ ᠪᠠᠰᠠ ᠠᠵᠢᠯ ᠮᠡᠷᠭᠡᠵᠢᠯ ᠵᠶ᠋ᠠᠷ ᠰᠤᠷᠤᠯᠴᠠᠵᠥ ᠪᠠᠶ᠋ᠢᠭ᠎ᠠ ᠰᠤᠷᠤᠬ᠍ᠴᠢᠳ᠎ᠲᠤ ᠠᠮᠢᠳᠤᠷᠠᠯ᠎ᠤᠨ ᠨᠦᠬᠦᠪᠦᠷᠢ ᠤᠯᠭᠤᠵᠥ ᠪᠠᠶ᠋ᠢᠬᠤ ᠮᠦᠷᠳᠡᠬᠡᠨ ᠠ᠋ᠨᠡ᠎ᠨᠢ ᠨᠡᠯᠢᠶᠠᠳ ᠶᠡᠭᠡ ᠬᠠᠷᠢᠴᠠᠯ᠎ᠢ ᠡᠵᠡᠯᠡᠲᠡᠭ᠃
     3. ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠱᠠᠳᠤ ᠲᠡᠭᠳᠡᠷ᠎ᠤᠨ ᠲᠠᠯ᠎ᠠ᠎ᠪᠠᠷ ᠮᠠᠨ᠎ᠤ ᠤᠯᠤᠰ᠎ᠤᠨ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠤᠨ ᠬᠠᠥᠯᠢ᠎ᠳᠤ ᠠᠩᠬ᠎ᠠ ᠵᠡᠷᠭᠡ᠂ ᠲᠤᠮᠳᠠᠳᠤ ᠵᠡᠷᠭᠡ᠂ ᠲᠡᠭᠡᠳᠦ ᠵᠡᠷᠭᠡ ᠵᠢᠨ ᠠᠵᠢᠯ ᠮᠡᠷᠭᠡᠵᠢᠯ᠎ᠤᠨ ᠱᠠᠳᠤ ᠲᠡᠭᠳᠡᠷ᠎ᠲᠠᠢ ᠪᠤᠯᠪᠠᠴᠤ ᠠ᠋ᠳᠤᠭᠡ ᠵᠦᠪᠬᠡᠨ ᠲᠤᠮᠳᠠᠳᠤ ᠵᠡᠷᠭᠡ ᠵᠢᠨ ᠠᠵᠢᠯ ᠮᠡᠷᠭᠡᠵᠢᠯ᠂ ᠲᠡᠭᠡᠳᠦ ᠵᠡᠷᠭᠡ ᠵᠢᠨ ᠠᠵᠢᠯ ᠮᠡᠷᠭᠡᠵᠢᠯ ᠬᠡᠬᠦ ᠬᠤᠶᠠᠷ ᠱᠠᠳᠤ ᠲᠡᠭᠳᠡᠷ᠎ᠢ ᠭᠡᠷᠡᠭᠵᠢᠬᠦᠯᠥᠨ ᠠᠰᠢᠬᠯᠠᠵᠥ ᠪᠤᠢ᠃ ᠭ᠋ᠸᠷᠮᠠᠨ ᠤᠯᠤᠰ᠎ᠲᠤ ᠲᠦᠷᠪᠡᠨ ᠵᠢᠯ᠎ᠤᠨ ᠲᠦᠷᠢᠮᠳᠤ ᠪᠠᠭ᠎ᠠ ᠰᠤᠷᠭ᠋ᠠᠭᠤᠯᠢ ᠲᠡᠭᠦᠰᠦᠮᠡᠭᠴᠨ 70%᠎ᠠᠴᠠ ᠲᠡᠭᠡᠭᠰᠢᠬᠢ ᠰᠤᠷᠤᠬ᠍ᠴᠢᠳ᠎ᠢ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ ᠵᠶ᠋ᠠᠷ ᠰᠤᠩᠭᠤᠯᠳᠡ᠎ᠲᠠᠢ ᠵᠠᠮᠨᠠᠭᠤᠯᠳᠠᠭ᠃ ᠭ᠋ᠸᠷᠮᠠᠨ᠎ᠤ ᠠᠵᠢᠯ ᠮᠡᠷᠭᠡᠵᠢᠯ᠎ᠤᠨ ᠰᠤᠷᠭ᠋ᠠᠨ ᠬᠦᠮᠦᠵᠢᠯ᠎ᠨᠢ ᠠ᠋ᠷᠳ᠋ᠨ᠎ᠠᠴᠠ ᠴᠢᠭᠯᠡᠯᠳᠤ ᠴᠢᠨᠠᠷ᠎ᠲᠠᠢ᠂ ᠰᠤᠩᠭᠤᠯᠳᠡ᠎ᠲᠠᠢ ᠬᠤᠪᠢᠶᠠᠷᠢᠯᠡᠯᠳᠡ᠂ ᠰᠢᠰᠲᠸᠮ᠎ᠲᠠᠢ ᠠᠯᠬᠤᠮ ᠶᠠᠪᠤᠴᠨ ᠵᠢ ᠴᠢᠬᠤᠯᠠᠴᠢᠯᠠᠳᠠᠭ᠎ᠠᠴᠠ ᠠᠵᠢᠯ ᠮᠡᠷᠭᠡᠵᠢᠯ᠎ᠤᠨ ᠰᠤᠷᠭ᠋ᠠᠭᠤᠯᠢ ᠰᠤᠷᠤᠬ᠍ᠴᠢ ᠠ᠋ᠯᠰᠡᠬᠦ ᠲᠡᠷᠤᠭ᠋ᠠᠰᠤ ᠦᠬᠡᠢ᠂ ᠰᠠᠭᠤᠷᠢ ᠪᠡᠳᠤ ᠪᠠᠬᠢ᠂ ᠴᠢᠨᠠᠷᠵᠢᠯ ᠤᠬᠢ ᠰᠢᠯᠢᠲᠡᠭ᠂ ᠨᠡᠶ᠋ᠢᠬᠡᠮ᠎ᠤᠨ ᠭᠦᠭᠵᠢᠯᠳᠡ ᠵᠢᠨ ᠭᠡᠷᠡᠭᠴᠡᠭᠡ ᠱᠠᠭ᠋ᠠᠷᠳᠠᠯᠭ᠎ᠠ᠎ᠳᠤ ᠨᠠᠶ᠋ᠢᠴᠡᠵᠥ ᠪᠠᠶ᠋ᠢᠨ᠎ᠠ᠃ ᠨᠡᠶ᠋ᠢᠬᠡᠮ ᠲᠡᠭᠡᠷ᠎ᠡ ᠠᠵᠢᠯ ᠦᠬᠡᠢ ᠵᠠᠯᠠᠭᠤᠴᠤᠳ ᠬᠡᠵᠥ ᠲᠦᠢ᠍ᠯ᠎ᠤᠨ ᠴᠦᠬᠡᠨ᠃
      ᠮᠠᠨ᠎ᠤ ᠤᠯᠤᠰ᠎ᠨᠢ ᠵᠢᠷᠭᠤᠭ᠋ᠠᠨ ᠵᠢᠯ᠎ᠤᠨ ᠲᠦᠷᠢᠮᠳᠤ ᠪᠠᠭ᠎ᠠ ᠰᠤᠷᠭ᠋ᠠᠭᠤᠯᠢ ᠬᠢᠭᠡᠳ ᠭᠤᠷᠪᠠᠨ ᠵᠢᠯ᠎ᠤᠨ ᠲᠦᠷᠢᠮᠳᠤ ᠠᠩᠬ᠎ᠠ ᠲᠤᠮᠳᠠᠳᠤ ᠵᠢ ᠲᠡᠭᠦᠰᠭᠡᠭᠰᠡᠨ᠎ᠤ ᠲᠠᠷᠠᠭ᠎ᠠ ᠰᠠᠶᠢ ᠠ᠋ᠬᠢᠯᠡᠵᠥ ᠠᠵᠢᠯ ᠮᠡᠷᠭᠡᠵᠢᠯ᠎ᠤᠨ ᠵᠠᠮ ᠵᠶ᠋ᠠᠷ 1᠄ 1 ᠵᠢᠨ ᠬᠠᠷᠢᠴᠠᠯ ᠵᠶ᠋ᠠᠷ ᠬᠤᠪᠢᠶᠠᠷᠢᠯᠠᠭ᠍ᠤ᠎ᠳᠤ ᠤᠷᠳᠤ ᠬᠤᠭᠤᠴᠠᠭ᠎ᠠ ᠦᠢ᠍ᠯᠡᠳᠤᠯᠬᠡ ᠠᠮᠢᠳᠤᠷᠠᠯ᠎ᠠᠴᠠ ᠭᠦᠨᠳᠡᠶ᠋ᠢᠷᠡᠭᠰᠡᠨ ᠲᠡᠩᠭᠢᠮ᠎ᠤᠨ ᠰᠤᠷᠭ᠋ᠠᠨ ᠬᠦᠮᠦᠵᠢᠯ᠎ᠳᠤ ᠮᠢᠨᠴᠦᠭᠦᠷᠦᠭᠰᠡᠨ ᠰᠤᠷᠤᠭᠴᠢ᠎ᠨᠢ ᠪᠠᠭ᠎ᠠ ᠪᠤᠰᠤ ᠪᠠᠢ᠍ᠢ᠍ᠵᠤ᠂ ᠵᠠᠯᠠᠭᠤᠴᠤᠳ ᠮᠡᠷᠭᠡᠵᠢᠯ ᠴᠢᠳᠠᠪᠤᠷᠢ᠎ᠪᠠᠷ ᠬᠤᠮᠰᠠᠳᠠᠵᠥ ᠠᠵᠢᠯ ᠭᠦᠳᠡᠯᠮᠤᠷᠢ᠎ᠠᠴᠠ ᠵᠠᠶ᠋ᠢᠳᠠᠭᠰᠠᠭ᠋ᠠᠷ ᠪᠠᠶ᠋ᠢᠭ᠋ᠠᠳ ᠨᠡᠶ᠋ᠢᠬᠡᠮ᠎ᠤᠨ ᠭᠡᠷᠡᠭᠴᠡᠭᠡ ᠱᠠᠭ᠋ᠠᠷᠳᠠᠯᠭ᠎ᠠ᠎ᠳᠤ ᠭᠦᠷᠴᠦ ᠴᠢᠳᠠᠬᠤ ᠦᠭᠡᠢ ᠪᠤᠯᠵᠤ ᠮᠠᠳᠡᠭᠦ ᠵᠢ ᠠᠨᠭ᠌ᠬᠠᠷᠬᠤ ᠴᠢᠬᠤᠯᠠ᠎ᠲᠠᠢ ᠪᠤᠯᠤᠭᠰᠠᠨ ᠶᠤᠮ᠃
          ᠬᠠᠶᠢᠬ᠄ ᠣᠲᠤᠭ ᠬᠤᠰᠢᠭᠤᠨ᠎ᠤ ᠦᠨᠳᠦᠰᠦᠲᠡᠨ᠎ᠤ ᠠᠵᠢᠯ ᠮᠡᠷᠭᠡᠵᠢᠯ᠎ᠤᠨ
                    ᠶᠡᠷᠦᠩᠬᠡᠶ᠋ᠢᠯᠡᠭᠰᠡᠨ ᠳᠣᠮᠳᠠᠳᠤ ᠰᠤᠷᠭ᠋ᠠᠭᠤᠯᠢ
                             (ᠠ᠋ᠾᠤᠢ᠍ᠩ ᠮᠸᠢ ᠨᠠᠢ᠍ᠢ᠍ᠷᠠᠭᠤᠯᠪᠠ)
                             9   ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠬᠠᠮᠲᠤ᠎ᠪᠠᠷ ᠬᠢᠴᠢᠶᠡᠯ ᠪᠠᠯᠡᠳᠬᠡᠬᠦ ᠲᠤᠬᠠᠢ ᠦᠬᠦᠯᠡᠬᠦ᠎ᠨᠢ
 
             蒙ICP备05000248号