ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ ᠲᠤᠭᠤᠰᠢᠯᠠᠭᠤᠯᠤᠨ | ᠨᠠᠶᠢᠳᠠᠪᠤᠷᠢᠵᠢᠭᠤᠯᠵᠤ᠂ ᠨᠠᠮ ᠤᠨ ᠰᠤᠷᠭᠠᠨ ᠬᠥᠮᠦᠵᠢᠯ ᠤᠨ ᠴᠢᠭᠯᠡᠯᠲᠡ ᠶᠢ ᠪᠦᠬᠦ ᠲᠠᠯ᠎ᠠ ᠪᠠᠷ ᠲᠤᠭᠤᠰᠢᠯᠠᠭᠤᠯᠤᠨ᠂ | ᠮᠡᠷᠭᠡᠵᠢᠯ ᠤᠨ ᠴᠣᠯᠠ ᠶᠢᠨ ᠲᠦᠷᠢᠮ ᠤᠨ ᠥᠭᠡᠷᠡᠴᠢᠯᠡᠯᠲᠡ ᠪᠣᠯᠣᠨ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ | ᠬᠦᠷᠢᠶᠡᠨ ᠳᠠᠬᠢ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠳᠡᠭᠡᠳᠦ | ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠡᠷᠬᠡ ᠶᠢ ᠲᠠᠯᠪᠢᠭᠰᠠᠨ ᠤ ᠳᠠᠷᠠᠭᠠᠬᠢ | ᠬᠢᠨᠠᠯᠲᠠ ᠬᠠᠮᠢᠶᠠᠷᠤᠯᠲᠠ ᠶᠢᠨ ᠠᠵᠢᠯ ᠢ ᠰᠠᠶᠢᠲᠤᠷ ᠬᠢᠬᠦ ᠶᠢᠨ ᠲᠤᠰᠠᠳᠠ᠂ ᠰᠤᠷᠭᠠᠨ ᠬᠥᠮᠦᠵᠢᠯ ᠤᠨ ᠶᠠᠮᠤᠨ᠂ | ᠬᠥᠮᠦᠨ ᠤ ᠬᠦᠴᠦᠨ ᠤ ᠡᠬᠢ ᠪᠠᠶᠠᠯᠢᠭ ᠨᠡᠶᠢᠭᠡᠮ ᠤᠨ ᠪᠠᠲᠤᠯᠠᠭ᠎ᠠ ᠶᠢᠨ ᠶᠠᠮᠤᠨ ᠬᠠᠮᠲᠤᠷᠠᠨ ︽ᠳᠡᠭᠡᠳᠦ | ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠬᠢᠨᠠᠯᠲᠠ ᠬᠠᠮᠢᠶᠠᠷᠤᠯᠲᠠ ᠶᠢᠨ ᠲᠦᠷ | ᠬᠡᠷᠡᠭᠵᠢᠭᠦᠯᠬᠦ ᠠᠷᠭ᠎ᠠ︾ ︵ᠳᠣᠷᠣᠭᠰᠢ ︽ᠲᠦᠷ ᠬᠡᠷᠡᠭᠵᠢᠭᠦᠯᠬᠦ ᠠᠷᠭ᠎ᠠ︾ ᠭᠡᠵᠦ ᠲᠣᠪᠴᠢᠯᠠᠨ᠎ᠠ︶ ᠶᠢ ᠳᠠᠷᠤᠮᠠᠯᠯᠠᠨ | ᠲᠠᠷᠬᠠᠭᠠᠪᠠ᠃ ᠣᠷᠴᠢᠮ᠂ ᠰᠤᠷᠭᠠᠨ ᠬᠥᠮᠦᠵᠢᠯ ᠤᠨ ᠶᠠᠮᠤᠨ ᠤ ᠬᠤᠯᠪᠣᠭᠳᠠᠯ ᠪᠥᠬᠦᠶ ᠰᠠᠯᠠᠭ᠎ᠠ ᠮᠥᠴᠢᠷ ᠤᠨ | ᠬᠠᠷᠢᠭᠤᠴᠠᠯᠭᠠᠲᠠᠨ ᠬᠤᠯᠪᠣᠭᠳᠠᠯ ᠪᠦᠬᠦᠢ ᠪᠠᠶᠢᠳᠠᠯ ᠤᠨ ᠲᠤᠬᠠᠶ ᠰᠤᠷᠪᠤᠯᠵᠢᠯᠠᠭᠴᠢ ᠶᠢᠨ ᠠᠰᠠᠭᠤᠯᠲᠠ ᠶᠢ | ᠬᠠᠷᠢᠭᠤᠯᠪᠠ᠃ | 1. ᠨᠡᠶᠢᠭᠡᠮ ᠤᠨ ᠡᠯ᠎ᠡ ᠡᠲᠡᠭᠡᠳ ᠤᠨ ᠬᠢᠨ ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ | ᠴᠣᠯᠠ ᠶᠢ ᠬᠢᠨᠠᠨ ᠲᠣᠭᠲᠠᠭᠠᠬᠤ ᠠᠵᠢᠯ ᠢ ᠲᠦᠢᠯ ᠤᠨ ᠶᠡᠬᠡᠪᠡᠷ ᠠᠩᠬᠠᠷᠴᠤ ᠪᠠᠶᠢᠨ᠎ᠠ᠂ ᠲᠤᠰ ᠪᠢᠴᠢᠭ ᠮᠠᠲ᠋ᠧᠷᠢᠶᠠᠯ ᠢ | ᠨᠡᠶᠢᠲᠡᠯᠡᠭᠰᠡᠨ ᠠᠬᠤᠶ ᠪᠠᠶᠢᠳᠠᠯ ᠪᠣᠯᠣᠨ ᠠᠴᠢ ᠬᠤᠯᠪᠣᠭᠳᠠᠯ ᠤᠨ ᠲᠤᠬᠠᠶ ᠲᠠᠨᠢᠯᠴᠠᠭᠤᠯᠤᠭᠠᠳ ᠥᠭᠭᠦᠨᠦ᠃ | ᠬᠠᠷᠢᠭᠤᠯᠲᠠ᠄ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠰᠢ ᠶᠢᠨ ᠫᠢᠩ ᠨᠥᠬᠦᠷ ᠢᠶᠠᠷ | ᠭᠤᠣᠯ ᠪᠣᠯᠭᠠᠭᠰᠠᠨ ᠨᠠᠮ ᠤᠨ ᠲᠥᠪ ᠬᠤᠷᠢᠶ᠎ᠠ ᠠᠴᠠ ᠵᠠᠰᠠᠭ ᠤᠨ ᠣᠷᠳᠣᠨ ᠤ ᠡᠭᠦᠷᠭᠡ ᠴᠢᠳᠠᠪᠤᠷᠢ ᠶᠢ | ᠬᠤᠪᠢᠷᠠᠭᠤᠯᠬᠤ ᠨᠢ ᠠᠵᠤ ᠠᠬᠤᠶ ᠶᠢᠨ ᠪᠠᠶᠢᠭᠤᠯᠤᠯ ᠤᠨ ᠥᠭᠡᠷᠡᠴᠢᠯᠡᠯᠲᠡ ᠪᠣᠯᠣᠨ ᠵᠠᠰᠠᠭ ᠵᠠᠬᠢᠷᠭᠠᠨ ᠤ | ᠪᠠᠶᠢᠭᠤᠯᠤᠯ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠶᠢᠨ ᠵᠠᠩᠭᠢᠯᠠᠭ᠎ᠠ ᠪᠣᠯᠭᠠᠪᠠ᠃ ᠨᠠᠮ ᠤᠨ ᠠᠷᠪᠠ ᠶᠢᠰᠦᠳᠦᠭᠡᠷ | ᠶᠡᠭᠡ ᠬᠤᠷᠠᠯ ᠳᠤ ᠵᠠᠰᠠᠭ ᠤᠨ ᠣᠷᠳᠣᠨ ᠤ ᠡᠭᠦᠷᠭᠡ ᠴᠢᠳᠠᠪᠤᠷᠢ ᠶᠢ ᠬᠤᠪᠢᠷᠠᠭᠤᠯᠤᠨ᠂ ᠵᠠᠰᠠᠭ ᠢ ᠴᠣᠮᠬᠠᠳᠬᠠᠨ | ᠡᠷᠬᠡ ᠶᠢ ᠲᠠᠯᠪᠢᠬᠤ ᠶᠢ ᠭᠦᠨᠵᠡᠭᠡᠶᠢᠷᠡᠭᠦᠯᠵᠦ᠂ ᠬᠢᠨᠠᠨ ᠬᠠᠮᠢᠶᠠᠷᠬᠤ ᠠᠷᠭ᠎ᠠ ᠮᠠᠶ᠋ᠢᠭ ᠢ ᠰᠢᠨᠡᠴᠢᠯᠡᠨ᠂ ᠵᠠᠰᠠᠭ ᠤᠨ | ᠣᠷᠳᠣᠨ ᠤ ᠨᠡᠶᠢᠲᠡ ᠳᠤ ᠢᠲᠡᠭᠡᠭᠦᠯᠬᠦ ᠬᠦᠴᠦᠨ ᠪᠣᠯᠣᠨ ᠭᠦᠢᠴᠡᠳᠬᠡᠬᠦ ᠬᠦᠴᠦᠨ ᠢ ᠴᠢᠩᠭᠠᠳᠬᠠᠬᠤ ᠬᠡᠷᠡᠭᠲᠡᠶ ᠬᠡᠮᠡᠨ | ᠤᠯᠠᠮ ᠨᠢᠭᠡ ᠠᠯᠬᠤᠮ ᠲᠣᠳᠣᠷᠬᠠᠶ ᠳᠤᠷᠠᠳᠤᠨ ᠭᠠᠷᠭᠠᠵᠠᠢ᠃ ᠲᠦᠷᠦ ᠶᠢᠨ ᠶᠠᠪᠤᠳᠠᠯ ᠤᠨ ᠬᠤᠷᠢᠶ᠎ᠠ ︽ᠲᠠᠯᠪᠢᠬᠤ | ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠦᠷᠭᠦᠯᠵᠢᠯᠡᠨ ᠶᠡᠬᠡᠪᠡᠷ ᠠᠬᠢᠭᠤᠯᠵᠤ᠂ ᠡᠨᠡ ᠵᠢᠯ ᠠᠴᠠ ᠨᠠᠰᠢ᠂ | ᠳᠡᠭᠡᠳᠦ ᠰᠤᠷᠭᠠᠭᠤᠯᠢ ᠶᠢᠨ ᠳᠡᠳ᠋ ᠫᠷᠣᠹᠧᠰᠰᠣᠷ᠂ ᠫᠷᠣᠹᠧᠰᠰᠣᠷ ᠢ ᠬᠢᠨᠠᠨ ᠲᠣᠭᠲᠠᠭᠠᠬᠤ ᠡᠷᠬᠡ ᠶᠢᠨ ᠬᠢᠨᠠᠨ | ᠵᠥᠪᠰᠢᠶᠡᠷᠡᠯ ᠢ ᠬᠦᠴᠦᠨ ᠦᠭᠡᠢ ᠪᠣᠯᠭᠠᠬᠤ ᠪᠠᠷ ᠤᠷᠢᠳ ᠬᠤᠵᠢᠳ ᠲᠣᠭᠲᠠᠭᠠᠵᠤ᠂ ᠬᠠᠮᠢᠶ᠎ᠠ ᠪᠦᠬᠦᠢ ᠰᠠᠯᠠᠭ᠎ᠠ | ᠮᠥᠴᠢᠷ ᠢ ᠬᠡᠷᠡᠭ ᠤᠨ ᠳᠤᠮᠳᠠᠬᠢ ᠪᠠ ᠬᠡᠷᠡᠭ ᠤᠨ ᠬᠤᠶᠢᠨᠠᠬᠢ ᠬᠢᠨᠠᠨ ᠬᠠᠮᠢᠶᠠᠷᠤᠯᠲᠠ ᠶᠢᠨ ᠠᠷᠭ᠎ᠠ ᠶᠢ ᠲᠣᠭᠲᠠᠭᠠᠨ | ᠲᠡᠭᠦᠯᠳᠡᠷᠵᠢᠭᠦᠯᠬᠦ ᠬᠡᠷᠡᠭᠲᠡᠢ ᠭᠡᠵᠦ ᠲᠣᠳᠣᠷᠬᠠᠶ ᠱᠠᠭᠠᠷᠳᠠᠪᠠ᠃ ᠡᠨᠡ ᠵᠢᠯ ᠤᠨ 3 ᠳ᠋ᠤᠭᠠᠷ ᠰᠠᠷ᠎ᠠ ᠳᠤ᠂ ᠰᠤᠷᠭᠠᠨ | ᠬᠥᠮᠦᠵᠢᠯ ᠤᠨ ᠶᠠᠮᠤᠨ ᠵᠡᠷᠭᠡ ᠲᠠᠪᠤᠨ ᠰᠠᠯᠠᠭ᠎ᠠ ᠮᠦᠴᠢᠷ ᠠᠴᠠ ︽ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ | ᠬᠦᠷᠢᠶᠡᠨ ᠳᠠᠬᠢ ᠵᠠᠰᠠᠭ ᠢ ᠴᠣᠮᠬᠠᠳᠬᠠᠵᠦ ᠡᠷᠬᠡ ᠶᠢ ᠲᠠᠯᠪᠢᠬᠤ ᠪᠠ ᠬᠠᠮᠢᠶᠠᠷᠬᠤ ᠶᠢ ᠤᠶᠠᠯᠳᠤᠭᠤᠯᠵᠦ | ᠦᠢᠯᠡᠴᠢᠯᠡᠭᠡ ᠶᠢ ᠰᠢᠯᠢᠳᠡᠭᠵᠢᠭᠦᠯᠬᠦ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠲᠤᠬᠠᠶ ᠰᠠᠨᠠᠯ ᠤᠳ︾ ᠢ ᠨᠡᠶᠢᠲᠡᠯᠡᠵᠦ᠂ | ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠡᠷᠬᠡ ᠶᠢ ᠰᠢᠭᠤᠳ ᠳᠡᠭᠡᠳᠦ | ᠰᠤᠷᠭᠠᠭᠤᠯᠢ ᠳᠤ ᠬᠦᠷᠲᠡᠯ᠎ᠡ ᠪᠠᠭᠤᠯᠭᠠᠵᠤ᠂ ᠰᠤᠷᠭᠠᠨ ᠬᠦᠮᠦᠵᠢᠯ᠂ ᠬᠥᠮᠦᠨ ᠤ ᠬᠦᠴᠦᠨ ᠤ ᠡᠬᠢ ᠪᠠᠶᠠᠯᠢᠭ | ᠨᠡᠶᠢᠭᠡᠮ ᠤᠨ ᠪᠠᠲᠤᠯᠠᠭ᠎ᠠ ᠵᠡᠷᠭᠡ ᠰᠠᠯᠠᠭ᠎ᠠ ᠮᠦᠴᠢᠷ ᠤᠳ ᠬᠢᠨᠠᠨ ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠲᠡᠢ ᠭᠡᠵᠦ | ᠳᠤᠷᠠᠳᠪᠠ᠃ | ᠦᠢᠯᠡᠳᠦᠯᠭᠡ ᠶᠢᠨ ᠲᠠᠯ᠎ᠠ ᠪᠠᠷ᠂ ᠳᠡᠭᠡᠳᠦ ᠰᠤᠷᠭᠠᠭᠤᠯᠢ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ | ᠲᠣᠭᠲᠠᠭᠠᠯᠲᠠ ᠶᠢ ᠡᠵᠡᠨ ᠮᠡᠳᠡᠵᠦ ᠥᠷᠨᠢᠭᠦᠯᠬᠦ ᠳᠤ ᠵᠣᠬᠢᠬᠤ ᠠᠵᠢᠯ ᠤᠨ ᠰᠠᠭᠤᠷᠢ ᠪᠣᠯᠪᠠᠰᠤᠷᠠᠯ ᠪᠣᠯᠤᠨ | ᠲᠤᠷᠰᠢᠯᠭ᠎ᠠ ᠶᠢᠨ ᠬᠤᠷᠠᠮᠳᠤᠭᠤᠯᠤᠯ ᠪᠠᠶᠢᠬᠤ ᠬᠡᠷᠡᠭᠲᠡᠢ᠃ ᠫᠷᠣᠹᠧᠰᠰᠣᠷ᠂ ᠳᠡᠳ᠋ ᠫᠷᠣᠹᠧᠰᠰᠣᠷ ᠤᠨ ᠬᠢᠨᠠᠨ | ᠲᠣᠭᠲᠠᠭᠠᠬᠤ ᠡᠷᠬᠡ ᠶᠢ ᠨᠡᠯᠢᠶᠡᠳ ᠡᠷᠲᠡ ᠣᠯᠭᠤᠭᠰᠠᠨ ᠳᠡᠭᠡᠳᠦ ᠰᠤᠷᠭᠠᠭᠤᠯᠢ ᠨᠢ ᠤᠷᠢᠳᠠᠪᠠᠷ ᠬᠡᠷᠡᠭᠵᠢᠭᠦᠯᠦᠨ | ᠤᠷᠢᠳᠠᠪᠠᠷ ᠲᠤᠷᠰᠢᠵᠤ᠂ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ᠂ ᠬᠢᠨᠠᠨ ᠬᠠᠮᠢᠶᠠᠷᠬᠤ ᠵᠡᠷᠭᠡ | ᠲᠠᠯ᠎ᠠ ᠪᠠᠷ ᠦᠢᠯᠡᠳᠦᠯᠭᠡ ᠶᠢᠨ ᠲᠤᠷᠰᠢᠯᠭ᠎ᠠ ᠶᠢ ᠬᠤᠷᠠᠮᠳᠤᠭᠤᠯᠤᠭᠰᠠᠨ ᠪᠠᠶᠢᠨ᠎ᠠ᠃ ᠳᠡᠭᠡᠳᠦ ᠰᠤᠷᠭᠠᠭᠤᠯᠢ ᠪᠣᠯᠣᠨ | ᠣᠷᠣᠨ ᠨᠤᠲᠤᠭ ᠨᠢ ᠴᠥᠮ ᠡᠭᠦᠨ ᠳᠤ ᠰᠠᠭᠤᠷᠢᠯᠠᠨ ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ | ᠴᠣᠯᠠ ᠶᠢ ᠡᠵᠡᠨ ᠮᠡᠳᠡᠵᠦ ᠬᠢᠨᠠᠨ ᠲᠣᠭᠲᠠᠭᠠᠬᠤ ᠪᠠ ᠬᠢᠨᠠᠨ ᠬᠠᠮᠢᠶᠠᠷᠬᠤ ᠶᠢ ᠤᠯᠠᠮ ᠨᠢᠭᠡ ᠠᠯᠬᠤᠮ ᠠᠬᠢᠭᠤᠯᠬᠤ ᠪᠠᠷ | ᠬᠦᠰᠡᠵᠦ ᠪᠠᠶᠢᠨ᠎ᠠ᠃ | ᠡᠶᠢᠮᠦ ᠠᠴᠠ᠂ ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ | ᠡᠷᠬᠡ ᠶᠢ ᠳᠡᠭᠡᠳᠦ ᠰᠤᠷᠭᠠᠭᠤᠯᠢ ᠳᠤ ᠬᠦᠷᠲᠡᠯ᠎ᠡ ᠪᠠᠭᠤᠯᠭᠠᠬᠤ ᠶᠢᠨ ᠬᠠᠮᠲᠤ ᠬᠢᠨᠠᠨ ᠬᠠᠮᠢᠶᠠᠷᠤᠯᠲᠠ ᠪᠠᠨ ᠲᠠᠰᠤᠷᠠᠯᠲᠠ | ᠥᠬᠡᠢ ᠴᠢᠩᠭᠠᠳᠬᠠᠬᠤ ᠪᠣᠯ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ | ᠪᠠᠶᠢᠷᠢᠯᠠᠭᠤᠯᠤᠯᠲᠠ ᠳᠠᠬᠢ ᠲᠤᠭᠤᠰᠢᠯᠠᠭᠤᠯᠤᠯᠳᠠ ᠨᠠᠶᠢᠳᠠᠪᠤᠷᠢᠵᠢᠭᠤᠯᠤᠯᠲᠡ᠂ ᠳᠡᠭᠡᠳᠦ ᠵᠡᠷᠭᠡ ᠶᠢᠨ ᠰᠤᠷᠭᠠᠨ | ᠬᠥᠮᠦᠵᠢᠯ ᠤᠨ ᠬᠦᠷᠢᠶᠡᠨ ᠳᠠᠬᠢ ︽ᠲᠠᠯᠪᠢᠬᠤ ᠬᠠᠮᠢᠶᠠᠷᠬᠤ ᠦᠶᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ | ᠠᠬᠢᠭᠤᠯᠬᠤ ᠶᠢᠨ ᠦᠨᠳᠦᠰᠦᠨ ᠱᠠᠭᠠᠷᠳᠠᠯᠭ᠎ᠠ᠂ ᠳᠡᠭᠡᠳᠦ ᠵᠡᠷᠭᠡ ᠶᠢᠨ ᠰᠤᠷᠭᠠᠭᠤᠯᠢ ᠶᠢᠨ ᠰᠤᠷᠭᠠᠭᠤᠯᠢ ᠡᠷᠬᠢᠯᠡᠬᠦ ᠶᠢᠨ | ᠡᠵᠡᠨ ᠮᠡᠳᠡᠬᠦ ᠡᠷᠬᠡ ᠶᠢ ᠨᠢ ᠤᠯᠠᠮ ᠨᠢᠭᠡ ᠠᠯᠬᠤᠮ ᠨᠠᠶᠢᠳᠠᠪᠤᠷᠢᠵᠢᠭᠤᠯᠬᠤ ᠶᠢᠨ ᠴᠢᠬᠤᠯᠠ ᠠᠷᠭ᠎ᠠ ᠬᠡᠮᠵᠢᠶ᠎ᠡ ᠪᠣᠯᠣᠨ᠎ᠠ᠂ | ᠰᠤᠷᠭᠠᠨ ᠬᠥᠮᠦᠵᠢᠯ ᠤᠨ ᠵᠠᠰᠠᠯᠲᠠ ᠶᠢᠨ ᠰᠢᠰᠲ᠋ᠧᠮ ᠪᠣᠯᠤᠨ ᠵᠠᠰᠠᠯᠲᠠ ᠶᠢᠨ ᠴᠢᠳᠠᠪᠤᠷᠢ ᠶᠢᠨ ᠣᠳᠣᠬᠢᠴᠢᠯᠠᠯᠲᠠ ᠶᠢ | ᠠᠬᠢᠭᠤᠯᠵᠦ᠂ ᠳᠡᠭᠡᠳᠦ ᠰᠤᠷᠭᠠᠭᠤᠯᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠠᠵᠢᠯ ᠢ ᠵᠢᠷᠤᠮᠵᠢᠭᠤᠯᠤᠨ᠂ | ᠪᠠᠭᠰᠢ ᠨᠠᠷ ᠤᠨ ᠰᠤᠷᠭᠠᠵᠤ ᠬᠥᠮᠦᠵᠢᠭᠦᠯᠬᠦ ᠢᠳᠡᠪᠬᠢᠵᠢᠯ ᠪᠣᠯᠣᠨ ᠪᠦᠲᠦᠭᠡᠯᠴᠢ ᠴᠢᠨᠠᠷ ᠢ ᠬᠥᠭᠵᠢᠭᠡᠵᠦ᠂ ᠰᠢᠯᠢᠳᠡᠭ | ᠴᠢᠳᠠᠪᠤᠷᠢᠲᠠᠨ ᠤ ᠴᠣᠯᠭᠤᠷᠬᠤ ᠶᠢ ᠠᠬᠢᠭᠤᠯᠬᠤ ᠳᠤ ᠠᠰᠢᠭᠲᠠᠶ ᠪᠠᠶᠢᠳᠠᠭ᠃ | 2. ︽ᠲᠦᠷ ᠬᠡᠷᠡᠭᠵᠢᠭᠦᠯᠬᠦ ᠠᠷᠭ᠎ᠠ︾ ᠨᠢ ᠲᠦᠷᠦ ᠶᠢᠨ ᠪᠣᠳᠣᠯᠭᠠᠲᠤ ᠴᠢᠨᠠᠷ᠂ ᠲᠤᠰᠬᠠᠶ ᠮᠡᠷᠭᠡᠵᠢᠯ ᠤᠨ | ᠴᠢᠨᠠᠷ ᠢᠶᠠᠷ ᠮᠠᠰᠢ ᠴᠢᠩᠭ᠎ᠠ ᠪᠣᠯᠣᠭᠰᠠᠨ ᠨᠢ ᠢᠯᠡᠬᠡᠨ᠂ ᠡᠨᠡᠬᠦ ᠪᠢᠴᠢᠭ ᠮᠠᠲ᠋ᠧᠷᠢᠶᠠᠯ ᠬᠡᠷᠬᠢᠨ ᠪᠣᠢ ᠪᠣᠯᠣᠭᠰᠠᠨ ᠢ | ᠲᠠᠨᠢᠯᠴᠠᠭᠤᠯᠤᠭᠠᠳ ᠥᠭᠭᠦᠨᠦ︖ | ᠬᠠᠷᠢᠭᠤᠯᠲᠠ᠄ ᠡᠷᠬᠡ ᠶᠢ ᠲᠠᠯᠪᠢᠬᠤ ᠬᠢᠭᠡᠳ ᠬᠢᠨᠠᠯᠲᠠ ᠬᠠᠮᠢᠶᠠᠷᠤᠯᠲᠠ ᠶᠢ ᠬᠠᠷᠢᠯᠴᠠᠨ ᠤᠶᠠᠯᠳᠤᠭᠤᠯᠵᠤ᠂ | ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠶᠢ ᠡᠵᠡᠨ ᠮᠡᠳᠡᠵᠦ | ᠥᠷᠨᠢᠭᠦᠯᠬᠦ ᠶᠢ ᠠᠬᠢᠭᠤᠯᠬᠤ ᠪᠣᠯ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠬᠦᠷᠢᠶᠡᠨ ᠳᠠᠬᠢ ︽ᠲᠠᠯᠪᠢᠬᠤ | ᠬᠠᠮᠢᠶᠠᠷᠬᠤ ᠦᠶᠯᠡᠴᠢᠯᠡᠬᠦ︾ ᠥᠭᠡᠷᠡᠴᠢᠯᠡᠯᠲᠡ ᠶᠢᠨ ᠴᠢᠬᠤᠯᠠ ᠠᠭᠤᠯᠭ᠎ᠠ ᠪᠣᠯᠣᠨ᠎ᠠ᠃ ︽ᠲᠦᠷ ᠬᠡᠷᠡᠭᠵᠢᠭᠦᠯᠬᠦ | ᠠᠷᠭ᠎ᠠ︾ ᠶᠢ ᠨᠡᠶᠢᠲᠡᠯᠡᠬᠦ ᠳᠤ ᠭᠤᠣᠯᠳᠠᠭᠤ ᠳᠣᠣᠷᠠᠬᠢ ᠶᠠᠪᠤᠴᠠ ᠶᠢ ᠥᠩᠭᠡᠷᠡᠭᠡᠵᠡᠶ᠄ | ᠨᠢᠭᠡ ᠳᠤ᠂ ᠥᠷᠭᠡᠨ ᠭᠦᠨᠵᠡᠭᠡᠶ ᠪᠠᠶᠢᠴᠠᠭᠠᠨ ᠰᠤᠳᠤᠯᠤᠯᠲᠠ ᠬᠢᠪᠡ᠃ ᠲᠤᠰᠬᠠᠶ ᠰᠡᠳᠦᠪᠲᠦ ᠶᠠᠷᠢᠯᠴᠠᠬᠤ | ᠬᠤᠷᠠᠯ ᠬᠤᠷᠠᠯᠳᠤᠭᠤᠯᠬᠤ᠂ ᠲᠤᠬᠠᠶ ᠶᠢᠨ ᠭᠠᠵᠠᠷ ᠲᠤᠨᠢ ᠪᠠᠶᠢᠴᠠᠭᠠᠯᠲᠠ ᠬᠢᠬᠦ᠂ ᠬᠠᠮᠢᠶ᠎ᠠ ᠪᠦᠬᠦᠢ ᠳᠡᠭᠡᠳᠦ | ᠰᠤᠷᠭᠠᠭᠤᠯᠢ ᠳᠤ ᠨᠠᠶᠢᠳᠠᠨ ᠲᠤᠰᠬᠠᠶ ᠰᠡᠳᠦᠪᠲᠦ ᠰᠣᠳᠣᠯᠭᠠᠨ ᠦᠷᠨᠢᠭᠦᠯᠬᠦ ᠵᠡᠷᠭᠡ ᠶᠢ ᠵᠣᠬᠢᠶᠠᠨ ᠪᠠᠶᠢᠭᠤᠯᠬᠤ ᠪᠠᠷ | ᠳᠠᠮᠵᠢᠵᠤ᠂ ᠵᠡᠭᠦᠨ᠂ ᠳᠤᠮᠳᠠ᠂ ᠪᠠᠷᠠᠭᠤᠨ ᠣᠷᠣᠨ ᠤ ᠬᠠᠮᠢᠶ᠎ᠠ ᠪᠦᠬᠦᠢ ᠮᠤᠵᠢ ᠣᠷᠣᠨ ᠤ ᠰᠤᠷᠭᠠᠨ ᠬᠥᠮᠦᠵᠢᠯ᠂ | ᠬᠥᠮᠦᠨ ᠤ ᠬᠦᠴᠦᠨ ᠤ ᠡᠬᠢ ᠪᠠᠶᠠᠯᠢᠭ ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ ᠵᠢᠴᠢ ᠡᠯ᠎ᠡ ᠳᠡᠰ ᠤᠨ ᠡᠯ᠎ᠡ | ᠲᠦᠷᠦᠯ ᠤᠨ ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠠᠵᠢᠯ ᠳᠤ | ᠪᠠᠶᠢᠴᠠᠭᠠᠨ ᠰᠣᠳᠤᠯᠤᠯᠲᠠ ᠬᠢᠵᠦ᠂ ᠲᠤᠰᠬᠠᠶ ᠰᠡᠳᠦᠪᠲᠦ ᠪᠠᠶᠢᠴᠠᠭᠠᠨ ᠰᠤᠳᠤᠯᠤᠯᠲᠠ ᠶᠢᠨ ᠮᠡᠳᠡᠭᠦᠯᠦᠯᠲᠡ ᠶᠢ | ᠪᠦᠷᠢᠯᠳᠦᠭᠦᠯᠪᠡ᠃ | ᠬᠤᠶᠠᠷ ᠲᠤ᠂ ᠪᠢᠴᠢᠭ ᠮᠠᠲ᠋ᠧᠷᠢᠶᠠᠯ ᠢ ᠰᠣᠳᠣᠯᠣᠨ ᠲᠤᠭᠤᠷᠪᠢᠪᠠ᠃ ᠪᠠᠶᠢᠴᠠᠭᠠᠨ ᠰᠤᠳᠤᠯᠤᠯᠲᠠ ᠬᠢᠭᠰᠡᠨ | ᠰᠠᠭᠤᠷᠢᠨ ᠳᠡᠭᠡᠷ᠎ᠡ᠂ ᠰᠤᠷᠭᠠᠨ ᠬᠥᠮᠦᠵᠢᠯ ᠤᠨ ᠶᠠᠮᠤᠨ ᠤ ᠬᠠᠮᠢᠶ᠎ᠠ ᠪᠦᠬᠦᠢ ᠵᠤᠷᠭᠠᠨ ᠲᠣᠪᠴᠢᠶ᠎ᠠ ᠲᠦᠷᠦᠭᠦᠯᠡᠨ᠂ | ᠬᠤᠯᠪᠣᠭᠳᠠᠯ ᠪᠦᠬᠦᠢ ᠳᠡᠭᠡᠳᠦ ᠰᠤᠷᠭᠠᠭᠤᠯᠢ ᠪᠣᠯᠤᠨ ᠮᠤᠵᠢ ᠶᠢᠨ ᠳᠡᠰ ᠤᠨ ᠰᠤᠷᠭᠠᠨ ᠬᠥᠮᠦᠵᠢᠯ ᠤᠨ ᠰᠠᠯᠠᠭ᠎ᠠ | ᠮᠥᠴᠢᠷ ᠤᠨ ᠬᠠᠷᠢᠭᠤᠴᠠᠯᠭᠠᠲᠠᠨ ᠵᠢᠴᠢ ᠲᠤᠰᠬᠠᠶ ᠮᠡᠷᠭᠡᠵᠢᠯᠲᠡᠨ ᠢᠳᠡᠪᠬᠢᠲᠡᠶ ᠣᠷᠤᠯᠴᠠᠨ᠂ ᠪᠢᠴᠢᠭ ᠮᠠᠲ᠋ᠧᠷᠢᠶᠠᠯ ᠢ | ᠭᠠᠷᠳᠠᠨ ᠲᠣᠭᠤᠷᠪᠢᠵᠤ᠂ ᠲᠠᠬᠢᠨ ᠳᠠᠪᠲᠠᠨ ᠵᠥᠪᠳᠡᠯᠴᠡᠵᠦ᠂ ᠤᠯᠠᠨ ᠤᠳᠠᠭ᠎ᠠ ᠵᠠᠰᠠᠬᠤ ᠪᠠᠷ ᠳᠠᠮᠵᠢᠨ᠂ ᠪᠢᠴᠢᠭ | ᠮᠠᠲ᠋ᠧᠷᠢᠶᠠᠯ ᠤᠨ ᠰᠠᠨᠠᠯ ᠬᠤᠷᠢᠶᠠᠬᠤ ᠡᠬᠡ ᠨᠣᠣᠷᠠᠭ ᠢ ᠪᠦᠷᠢᠯᠳᠦᠭᠦᠯᠪᠡ᠃ | ᠭᠤᠷᠪᠠ ᠳᠤ᠂ ᠥᠷᠭᠡᠨ ᠢᠶᠠᠷ ᠰᠠᠨᠠᠯ ᠬᠤᠷᠢᠶᠠᠪᠠ᠃ ᠠᠵᠢᠯ ᠢ ᠰᠤᠳᠤᠯᠤᠨ ᠶᠠᠷᠢᠯᠴᠠᠬᠤ ᠬᠤᠷᠠᠯ᠂ ᠶᠠᠷᠢᠯᠴᠠᠬᠤ | ᠬᠤᠷᠠᠯ ᠬᠤᠷᠠᠯᠳᠤᠭᠤᠯᠵᠦ᠂ ᠪᠢᠴᠢᠭ ᠤᠨ ᠬᠡᠯᠪᠡᠷᠢ ᠪᠠᠷ ᠰᠠᠨᠠᠯ ᠬᠤᠷᠢᠶᠠᠬᠤ ᠵᠡᠷᠭᠡ ᠤᠯᠠᠨ ᠬᠡᠯᠪᠡᠷᠢ ᠪᠠᠷ ᠳᠠᠮᠵᠢᠭᠤᠯᠵᠤ᠂ | ᠣᠷᠣᠨ ᠨᠤᠲᠤᠭ ᠤᠨ ᠬᠤᠯᠪᠣᠭᠳᠠᠯ ᠪᠦᠬᠦᠢ ᠵᠠᠰᠠᠭ ᠵᠠᠬᠢᠷᠭᠠᠨ ᠤ ᠰᠠᠯᠠᠭ᠎ᠠ ᠮᠥᠴᠢᠷ᠂ ᠳᠡᠭᠡᠳᠦ ᠰᠤᠷᠭᠠᠭᠤᠯᠢ᠂ | ᠰᠤᠷᠭᠠᠨ ᠬᠥᠮᠦᠵᠢᠯ ᠤᠨ ᠶᠠᠮᠤᠨ ᠤ ᠬᠠᠮᠢᠶ᠎ᠠ ᠪᠦᠬᠦᠢ ᠵᠤᠷᠭᠠᠨ ᠲᠣᠪᠴᠢᠶ᠎ᠠ᠂ ᠬᠥᠮᠦᠨ ᠤ ᠬᠦᠴᠦᠨ ᠤ ᠡᠬᠢ ᠪᠠᠶᠠᠯᠢᠭ | ᠨᠡᠶᠢᠭᠡᠮ ᠤᠨ ᠪᠠᠲᠤᠯᠠᠭ᠎ᠠ ᠶᠢᠨ ᠶᠠᠮᠤᠨ ᠤ ᠬᠠᠮᠢᠶ᠎ᠠ ᠪᠦᠬᠦᠢ ᠵᠤᠷᠭᠠᠨ ᠲᠣᠪᠴᠢᠶ᠎ᠠ ᠶᠢᠨ ᠰᠠᠨᠠᠯ ᠰᠠᠨᠠᠭᠤᠯᠭ᠎ᠠ ᠶᠢ ᠤᠯᠠᠨ | ᠬᠠᠷᠠᠭᠠᠰᠤ ᠠᠴᠠ ᠰᠣᠨᠣᠰᠤᠭᠰᠠᠨ ᠪᠠ ᠬᠤᠷᠢᠶᠠᠮᠵᠢᠯᠠᠪᠠ᠃ | ᠲᠦᠷᠪᠡ ᠳᠤ᠂ ᠲᠠᠬᠢᠨ ᠳᠠᠪᠲᠠᠨ ᠵᠠᠰᠠᠪᠤᠷᠢ ᠣᠷᠣᠭᠤᠯᠤᠨ ᠲᠡᠭᠦᠯᠳᠡᠷᠵᠢᠭᠦᠯᠪᠡ᠃ ᠡᠯ᠎ᠡ ᠲᠠᠯ᠎ᠠ ᠶᠢᠨ ᠬᠢᠨ ᠤ | ᠰᠠᠨᠠᠯ ᠵᠦᠪᠯᠡᠯᠭᠡ ᠶᠢ ᠨᠠᠷᠢᠨ ᠬᠢᠨᠠᠮᠠᠭᠠᠶ ᠡᠮᠬᠢᠯᠡᠨ ᠰᠣᠳᠣᠯᠤᠭᠰᠠᠨ ᠰᠠᠭᠤᠷᠢᠨ ᠳᠡᠭᠡᠷ᠎ᠡ᠂ ᠪᠢᠴᠢᠭ ᠮᠠᠲ᠋ᠧᠷᠢᠶᠠᠯ ᠤᠨ ᠡᠭᠡ | ᠨᠤᠤᠷᠠᠭ ᠢ ᠤᠯᠠᠮ ᠨᠢᠭᠡ ᠠᠯᠬᠤᠮ ᠵᠠᠰᠠᠨ ᠲᠡᠭᠦᠯᠳᠡᠷᠵᠢᠭᠦᠯᠵᠦ᠂ ᠬᠡᠳᠦᠨ ᠠᠷᠪᠠᠨ ᠤᠳᠠᠭ᠎ᠠ ᠵᠠᠰᠠᠪᠤᠷᠢ ᠣᠷᠤᠭᠤᠯᠪᠠ᠃ | | ᠲᠠᠪᠤ ᠳᠤ᠂ ᠶᠠᠮᠤᠨ ᠤ ᠨᠠᠮ ᠤᠨ ᠤᠳᠤᠷᠢᠳᠬᠤ ᠳᠤᠭᠤᠶᠢᠯᠠᠩ ᠤᠨ ᠬᠤᠷᠠᠯ ᠢᠶᠠᠷ ᠬᠢᠨᠠᠨ ᠶᠠᠷᠢᠯᠴᠠᠪᠠ᠃ | ᠰᠤᠷᠭᠠᠨ ᠬᠥᠮᠦᠵᠢᠯ ᠤᠨ ᠶᠠᠮᠤᠨ ᠤ ᠨᠠᠮ ᠤᠨ ᠤᠳᠤᠷᠢᠳᠬᠤ ᠳᠤᠭᠤᠶᠢᠯᠠᠩ ᠤᠨ ᠬᠤᠷᠠᠯ ᠪᠢᠴᠢᠭ ᠮᠠᠲ᠋ᠧᠷᠢᠶᠠᠯ ᠤᠨ | ᠡᠬᠡ ᠨᠣᠣᠷᠠᠭ ᠢ ᠲᠤᠰᠬᠠᠶᠢᠯᠠᠨ ᠬᠢᠨᠠᠨ ᠶᠠᠷᠢᠯᠴᠠᠵᠤ᠂ ᠵᠠᠰᠠᠪᠤᠷᠢ ᠣᠷᠣᠭᠤᠯᠬᠤ ᠰᠠᠨᠠᠯ ᠢᠶᠠᠨ ᠳᠤᠷᠠᠳᠤᠨ᠂ ᠪᠢᠴᠢᠭ | ᠮᠠᠲ᠋ᠧᠷᠢᠶᠠᠯ ᠤᠨ ᠡᠭᠡ ᠨᠤᠤᠷᠠᠭ ᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠪᠠᠷ ᠱᠠᠭᠠᠷᠳᠠᠪᠠ᠃ | ᠵᠢᠷᠭᠤᠭ᠎ᠠ ᠳᠤ᠂ ᠬᠥᠮᠦᠨ ᠤ ᠬᠦᠴᠦᠨ ᠤ ᠡᠬᠢ ᠪᠠᠶᠠᠯᠢᠭ ᠨᠡᠶᠢᠭᠡᠮ ᠤᠨ ᠪᠠᠲᠤᠯᠠᠭ᠎ᠠ ᠶᠢᠨ ᠶᠠᠮᠤᠨ ᠲᠠᠢ | ᠬᠠᠮᠲᠤᠷᠠᠨ ᠳᠠᠷᠤᠮᠠᠯᠯᠠᠨ ᠲᠠᠷᠬᠠᠭᠠᠪᠠ᠃ | 3 . ︽ᠲᠦᠷ ᠬᠡᠷᠡᠭᠵᠢᠭᠦᠯᠬᠦ ᠠᠷᠭ᠎ᠠ︾ ᠶᠢᠨ ᠭᠤᠣᠯ ᠠᠭᠤᠯᠭ᠎ᠠ ᠨᠢ ᠶᠠᠭᠤ ᠪᠤᠢ︖ | ᠬᠠᠷᠢᠭᠤᠯᠲᠠ᠄ ︽ᠲᠦᠷ ᠬᠡᠷᠡᠭᠵᠢᠭᠦᠯᠬᠦ ᠠᠷᠭ᠎ᠠ︾ ᠳᠤ ︽ᠠᠪᠰᠠᠷ᠂ ᠪᠤᠲᠠᠲᠠᠢ᠂ ᠰᠢᠨ᠎ᠡ︾ ᠶᠢ | ᠴᠢᠬᠤᠯᠠᠴᠢᠯᠠᠵᠤ᠂ ᠨᠡᠶᠢᠲᠡ ᠲᠠᠪᠤᠨ ᠪᠦᠯᠦᠭ᠂ ᠠᠷᠪᠠᠨ ᠳᠤᠯᠤᠭᠠᠨ ᠵᠦᠢᠯ ᠬᠤᠪᠢᠶᠠᠵᠠᠢ᠃ | ᠨᠢᠭᠡᠳᠦᠭᠡᠷ ᠪᠦᠯᠦᠭ᠂ ᠶᠡᠷᠦᠩᠬᠡᠶ ᠳᠦᠷᠢᠮ᠃ ᠭᠤᠤᠯᠳᠠᠭᠤ ᠪᠢᠴᠢᠭ ᠮᠠᠲ᠋ᠧᠷᠢᠶᠠᠯ ᠢ ᠲᠤᠭᠲᠠᠭᠠᠬᠤ ᠠᠬᠤᠶ | ᠪᠠᠶᠢᠳᠠᠯ᠂ ᠵᠣᠷᠢᠯᠭ᠎ᠠ᠂ ᠬᠡᠷᠡᠭᠯᠡᠬᠦ ᠬᠡᠪᠴᠢᠶ᠎ᠡ ᠪᠣᠯᠤᠨ ᠬᠠᠮᠢᠶ᠎ᠠ ᠪᠥᠬᠦᠢ ᠬᠠᠷᠢᠭᠤᠴᠠᠯᠭᠠᠲᠤ ᠭᠤᠣᠯ ᠴᠣᠭᠴᠠ ᠶᠢ | ᠲᠠᠶᠢᠯᠪᠤᠷᠢᠯᠠᠵᠤ᠂ ᠡᠷᠬᠡ ᠬᠠᠷᠢᠭᠤᠴᠠᠯᠭ᠎ᠠ ᠶᠢ ᠵᠡᠷᠭᠡ ᠪᠠᠷ ᠲᠠᠯᠪᠢᠬᠤ ᠶᠢ ᠲᠤᠳᠤᠷᠬᠠᠶᠢᠯᠠᠵᠡᠢ᠃ | ᠬᠤᠶᠠᠳᠤᠭᠠᠷ ᠪᠦᠯᠦᠭ᠂ ᠬᠢᠨᠠᠨ ᠲᠣᠭᠲᠠᠭᠠᠬᠤ ᠠᠵᠢᠯ ᠤᠨ ᠲᠤᠬᠠᠶ᠃ ᠬᠢᠨᠠᠨ ᠲᠤᠭᠲᠠᠭᠠᠬᠤ ᠡᠷᠬᠡ ᠶᠢ | ᠲᠠᠯᠪᠢᠭᠰᠠᠨ ᠤ ᠳᠠᠷᠠᠭᠠᠬᠢ ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ | ᠪᠢᠴᠢᠭ ᠮᠠᠲ᠋ᠧᠷᠢᠶᠠᠯ ᠢ ᠲᠤᠭᠲᠠᠭᠠᠬᠤ᠂ ᠪᠢᠴᠢᠭ ᠮᠠᠲ᠋ᠧᠷᠢᠶᠠᠯ ᠢ ᠪᠦᠷᠢᠳᠬᠡᠨ ᠳᠠᠩᠰᠠᠯᠠᠬᠤ᠂ ᠡᠵᠡᠨ ᠮᠡᠳᠡᠵᠦ ᠬᠢᠨᠠᠨ | ᠲᠣᠭᠲᠠᠭᠠᠬᠤ᠂ ᠠᠵᠢᠯ ᠤᠨ ᠣᠨ ᠤ ᠮᠡᠳᠡᠭᠦᠯᠦᠯᠲᠡ ᠵᠢᠴᠢ ᠳᠠᠩᠰᠠ ᠡᠪᠬᠡᠮᠡᠯ ᠢ ᠬᠠᠳᠠᠭᠠᠯᠠᠬᠤ ᠵᠡᠷᠭᠡ ᠳᠤ ᠲᠣᠳᠣᠷᠬᠠᠶ | ᠱᠠᠭᠠᠷᠳᠠᠯᠭ᠎ᠠ ᠳᠤᠷᠠᠳᠤᠭᠰᠠᠨ ᠪᠠᠶᠢᠨ᠎ᠠ᠃ | ᠭᠤᠷᠪᠠᠳᠤᠭᠠᠷ ᠪᠦᠯᠦᠭ᠂ ᠬᠢᠨᠠᠨ ᠬᠠᠮᠢᠶᠠᠷᠤᠯᠲᠠ ᠶᠢᠨ ᠠᠭᠤᠯᠭ᠎ᠠ ᠶᠢᠨ ᠲᠤᠬᠠᠢ᠃ ᠭᠤᠣᠯᠳᠠᠭᠤ ᠳᠡᠭᠡᠳᠦ | ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢᠨ ᠬᠢᠨᠠᠨ ᠲᠤᠭᠲᠠᠭᠠᠯᠲᠠ ᠨᠢ ᠨᠠᠮ ᠪᠠ ᠤᠯᠤᠰ ᠤᠨ | ᠰᠤᠷᠭᠠᠨ ᠬᠥᠮᠦᠵᠢᠯ ᠤᠨ ᠴᠢᠭᠯᠡᠯᠲᠡ ᠵᠢᠴᠢ ᠬᠤᠯᠪᠣᠭᠳᠠᠯ ᠪᠦᠬᠦᠢ ᠲᠦᠷᠦ ᠶᠢᠨ ᠪᠤᠳᠤᠯᠭ᠎ᠠ ᠶᠢ ᠲᠤᠭᠤᠰᠢᠯᠠᠭᠤᠯᠤᠨ | ᠨᠠᠶᠢᠳᠠᠪᠤᠷᠢᠵᠢᠭᠤᠯᠬᠤ᠂ ᠬᠢᠨᠠᠨ ᠲᠣᠭᠲᠠᠭᠠᠬᠤ ᠠᠵᠢᠯ ᠤᠨ ᠬᠤᠯᠪᠣᠭᠳᠠᠯ ᠪᠦᠬᠦᠢ ᠱᠠᠭᠠᠷᠳᠠᠯᠭ᠎ᠠ ᠶᠢ | ᠨᠠᠶᠢᠳᠠᠪᠤᠷᠢᠵᠢᠭᠤᠯᠵᠤ᠂ ᠳᠦᠷᠢᠮᠵᠢᠯ ᠲᠠᠢ ᠪᠦᠭᠡᠳ ᠡᠮᠬᠢ ᠵᠢᠷᠤᠮ ᠲᠠᠢ ᠪᠠᠷ ᠬᠢᠨᠠᠨ ᠲᠤᠭᠲᠠᠭᠠᠯᠲᠠ ᠶᠢ ᠦᠷᠨᠢᠭᠦᠯᠬᠦ | ᠵᠡᠷᠭᠡ ᠠᠭᠤᠯᠭ᠎ᠠ ᠪᠠᠭᠲᠠᠨ᠎ᠠ᠃ | ᠳᠥᠷᠪᠡᠳᠦᠭᠡᠷ ᠪᠦᠯᠦᠭ᠂ ᠬᠢᠨᠠᠨ ᠬᠠᠮᠢᠶᠠᠷᠤᠯᠲᠠ ᠶᠢᠨ ᠠᠷᠭ᠎ᠠ ᠮᠠᠶ᠋ᠢᠭ ᠤᠨ ᠲᠤᠬᠠᠶ᠃ ᠭᠤᠣᠯᠳᠠᠭᠤ | ᠪᠢᠴᠢᠭ ᠢᠶᠠᠷ ᠬᠠᠷᠭᠤᠭᠤᠯᠤᠨ ᠪᠠᠶᠢᠴᠠᠭᠠᠬᠤ᠂ ᠰᠤᠭᠤᠴᠢᠨ ᠪᠠᠶᠢᠴᠠᠭᠠᠬᠤ ᠲᠣᠭᠤᠷᠢᠨ ᠪᠠᠶᠢᠴᠠᠭᠠᠬᠤ᠂ ᠮᠡᠳᠡᠭᠡ | ᠵᠠᠩᠭᠢ ᠶᠢ ᠢᠯᠡ ᠪᠣᠯᠭᠠᠬᠤ ᠶᠢ ᠬᠡᠷᠡᠭᠵᠢᠭᠦᠯᠬᠦ᠂ ᠵᠠᠭᠠᠯᠳᠤᠬᠤ ᠢᠯᠡᠴᠢᠯᠡᠨ ᠮᠡᠳᠡᠭᠦᠯᠬᠦ ᠳᠦᠷᠢᠮ ᠢ ᠲᠡᠭᠦᠯᠳᠡᠷᠵᠢᠭᠦᠯᠬᠦ | ᠵᠡᠷᠭᠡ ᠪᠠᠷ ᠳᠠᠮᠵᠢᠭᠤᠯᠤᠨ ᠬᠢᠨᠠᠨ ᠬᠠᠮᠢᠶᠠᠷᠤᠯᠲᠠ ᠪᠠᠨ ᠴᠢᠩᠭᠠᠳᠬᠠᠨ᠎ᠠ᠃ | ᠲᠠᠪᠤᠳᠤᠭᠠᠷ ᠪᠦᠯᠦᠭ᠂ ᠵᠠᠯᠬᠠᠭᠠᠨ ᠰᠢᠳᠬᠡᠬᠦ ᠠᠷᠭ᠎ᠠ ᠬᠡᠮᠵᠢᠶ᠎ᠡ ᠶᠢᠨ ᠲᠤᠬᠠᠢ᠃ ᠬᠠᠮᠢᠶ᠎ᠠ ᠪᠦᠭᠦᠢ | ᠬᠠᠷᠢᠭᠤᠴᠠᠯᠭᠠᠲᠤ ᠭᠤᠤᠯ ᠴᠣᠭᠴᠠ ᠶᠢᠨ ᠰᠠᠬᠢᠯᠭ᠎ᠠ ᠪᠠᠲᠤ ᠬᠠᠤᠯᠢ ᠴᠠᠭᠠᠵᠠ ᠶᠢ ᠵᠥᠷᠢᠴᠡᠭᠰᠡᠨ ᠠᠵᠢᠯᠯᠠᠭ᠎ᠠ ᠶᠢ | ᠵᠠᠯᠬᠠᠭᠠᠨ ᠰᠢᠳᠬᠡᠬᠦ ᠠᠷᠭ᠎ᠠ ᠬᠡᠮᠵᠢᠶ᠎ᠡ ᠶᠢ ᠲᠤᠳᠤᠷᠬᠠᠶᠢᠯᠠᠪᠠ᠃ | 4. ᠲᠡᠭᠡᠪᠡᠯ ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠤᠭᠲᠠᠭᠠᠬᠤ | ᠠᠵᠢᠯ ᠤᠨ ᠬᠢᠨᠠᠨ ᠬᠠᠮᠢᠶᠠᠷᠤᠯᠲᠠ ᠶᠢᠨ ᠭᠤᠣᠯᠳᠠᠯᠭ᠎ᠠ ᠨᠢ ᠶᠠᠭᠤ ᠪᠤᠢ︖ | ᠬᠠᠷᠢᠭᠤᠯᠲᠠ᠄ ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠤᠭᠲᠠᠭᠠᠬᠤ | ᠠᠵᠢᠯ ᠤᠨ ᠬᠢᠨᠠᠨ ᠬᠠᠮᠢᠶᠠᠷᠤᠯᠲᠠ ᠶᠢᠨ ᠭᠤᠣᠯᠳᠠᠯᠭ᠎ᠠ ᠳᠤ ᠳᠠᠷᠠᠭᠠᠬᠢ ᠵᠦᠢᠯ ᠪᠠᠭᠲᠠᠨ᠎ᠠ᠄ | ᠨᠢᠭᠡ ᠳᠤ᠂ ᠴᠢᠭᠯᠡᠯ ᠨᠢ ᠵᠥᠪ ᠣᠨᠣᠪᠴᠢᠲᠠᠶ ᠡᠰᠡᠬᠦ᠃ ᠳᠡᠭᠡᠳᠦ ᠰᠤᠷᠭᠠᠭᠤᠯᠢ ᠶᠢᠨ ᠪᠠᠭᠰᠢ ᠶᠢᠨ | ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠠᠵᠢᠯ ᠨᠢ ᠡᠷᠬᠡᠪᠰᠢ ᠨᠠᠮ ᠪᠠ ᠤᠯᠤᠰ ᠤᠨ ᠰᠤᠷᠭᠠᠨ ᠬᠥᠮᠦᠵᠢᠯ ᠤᠨ | ᠴᠢᠭᠯᠡᠯᠲᠡ ᠶᠢ ᠨᠠᠷᠢᠨ ᠬᠢᠨᠠᠮᠠᠭᠠᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠠᠷᠠᠳ ᠲᠦᠮᠡᠨ ᠳᠤ ᠦᠢᠯᠡᠴᠢᠯᠡᠬᠦ᠂ | ᠳᠤᠮᠳᠠᠳᠤ ᠤᠯᠤᠰ ᠤᠨ ᠡᠪ ᠬᠠᠮᠲᠤ ᠨᠠᠮ ᠤᠨ ᠲᠦᠷᠦ ᠶᠢ ᠵᠠᠰᠠᠵᠤ ᠵᠠᠰᠠᠭ ᠢ ᠡᠷᠬᠢᠯᠡᠬᠦ ᠳᠤ ᠦᠢᠯᠡᠴᠢᠯᠡᠬᠦ᠂ ᠳᠤᠮᠳᠠᠳᠤ | ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮᠲᠤ ᠪᠠᠶᠢᠭᠤᠯᠤᠯ ᠢ ᠪᠠᠬᠢᠵᠢᠭᠦᠯᠦᠨ ᠬᠦᠭᠵᠢᠭᠦᠯᠬᠦ ᠳᠤ ᠦᠢᠯᠡᠴᠢᠯᠡᠬᠦ᠂ | ᠥᠭᠡᠷᠡᠴᠢᠯᠡᠯᠲᠡ ᠬᠢᠵᠦ ᠴᠢᠯᠥᠭᠡᠲᠡᠶ ᠶᠠᠪᠤᠯᠴᠠᠬᠤ ᠪᠠ ᠨᠡᠶᠢᠭᠡᠮ ᠵᠢᠷᠤᠮᠲᠤ ᠤᠳᠤᠬᠢᠴᠢᠯᠠᠯᠲᠠ ᠶᠢᠨ ᠪᠦᠲᠦᠭᠡᠨ | ᠪᠠᠶᠢᠭᠤᠯᠤᠯᠲᠠ ᠳᠤ ᠦᠢᠯᠡᠴᠢᠯᠡᠬᠦ ᠵᠠᠷᠴᠢᠮ ᠢ ᠢᠯᠡᠷᠡᠭᠦᠯᠵᠦ᠂ ᠪᠠᠭᠰᠢ ᠶᠢᠨ ᠶᠣᠰᠣ ᠮᠣᠷᠠᠯ ᠤᠨ ᠦᠨᠡᠯᠡᠯᠲᠡ ᠶᠢ ᠦᠨᠡᠨ | ᠬᠦ ᠲᠡᠷᠢᠭᠦᠨ ᠳᠤ ᠲᠠᠯᠪᠢᠬᠤ ᠬᠡᠷᠡᠭᠲᠡᠶ᠃ | ᠬᠤᠶᠠᠷ ᠲᠤ᠂ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠤᠭᠰᠠᠨ ᠡᠰᠡᠬᠦ᠃ ᠳᠡᠭᠡᠳᠦ ᠰᠤᠷᠭᠠᠭᠤᠯᠢ ᠶᠢᠨ | ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ ᠠᠵᠢᠯ ᠨᠢ ᠡᠷᠬᠡᠪᠰᠢ ᠤᠯᠤᠰ ᠤᠨ ᠬᠠᠤᠯᠢ ᠴᠠᠭᠠᠵᠠ | ᠬᠠᠤᠯᠢ ᠲᠣᠭᠲᠠᠭᠠᠯ ᠪᠠ ᠮᠡᠷᠭᠡᠵᠢᠯ ᠤᠨ ᠴᠤᠯᠠ ᠶᠢᠨ ᠲᠦᠷᠦ ᠶᠢᠨ ᠪᠤᠳᠤᠯᠭ᠎ᠠ ᠲᠠᠢ ᠨᠡᠶᠢᠴᠡᠵᠦ᠂ ᠮᠡᠷᠭᠡᠵᠢᠯ ᠤᠨ | ᠴᠣᠯᠠ ᠶᠢᠨ ᠳᠦᠷᠢᠮ ᠤᠨ ᠥᠭᠡᠷᠡᠴᠢᠯᠡᠯᠲᠡ ᠶᠢᠨ ᠱᠠᠭᠠᠷᠳᠠᠯᠭ᠎ᠠ ᠳᠤ ᠨᠡᠶᠢᠴᠡᠭᠰᠡᠨ ᠪᠠᠶᠢᠬᠤ ᠬᠡᠷᠡᠭᠲᠡᠶ᠃ | ᠭᠤᠷᠪᠠ ᠳᠤ᠂ ᠵᠢᠷᠦᠮ ᠨᠢ ᠴᠢᠩᠭ᠎ᠠ ᠪᠠᠶᠢᠬᠤ ᠡᠰᠡᠬᠦ᠃ ᠳᠡᠭᠡᠳᠦ ᠰᠤᠷᠭᠠᠭᠤᠯᠢ ᠶᠢᠨ ᠮᠡᠷᠭᠡᠵᠢᠯ ᠤᠨ ᠴᠣᠯᠠ ᠶᠢ | ᠬᠢᠨᠠᠨ ᠲᠣᠭᠲᠠᠭᠠᠬᠤ ᠠᠷᠭ᠎ᠠ᠂ ᠠᠵᠢᠯᠯᠠᠭᠠᠨ ᠤ ᠲᠥᠰᠦᠯ ᠵᠡᠷᠭᠡ ᠪᠢᠴᠢᠭ ᠮᠠᠲ᠋ᠧᠷᠢᠶᠠᠯ ᠢ ᠲᠣᠭᠲᠠᠭᠠᠬᠤ ᠳᠡᠰ | ᠳᠠᠷᠠᠭᠠᠯᠠᠯ᠂ ᠬᠢᠨᠠᠨ ᠲᠣᠭᠲᠠᠭᠠᠬᠤ ᠵᠣᠬᠢᠶᠠᠨ ᠪᠠᠶᠢᠭᠤᠯᠤᠯᠲᠠ ᠶᠢ ᠪᠠᠶᠢᠭᠤᠯᠬᠤ ᠪᠠ ᠬᠢᠨᠠᠨ ᠲᠤᠭᠲᠠᠭᠠᠬᠤ ᠠᠵᠢᠯᠯᠠᠭᠠᠨ | ᠵᠡᠷᠭᠡ ᠵᠢᠷᠦᠮ ᠨᠢ ᠴᠥᠮ ᠳᠦᠷᠢᠮᠵᠢᠵᠦ᠂ ᠲᠡᠭᠦᠯᠳᠡᠷᠵᠢᠭᠰᠡᠨ ᠪᠠᠶᠢᠬᠤ ᠬᠡᠷᠡᠭᠲᠡᠢ᠃ | ᠲᠦᠷᠪᠡ ᠳᠤ᠂ ᠦᠷ᠎ᠡ ᠳ᠋ᠦᠩ ᠨᠢ ᠲᠥᠪ ᠭᠤᠣᠯᠴᠢ ᠪᠠᠶᠢᠬᠤ ᠡᠰᠡᠬᠦ᠃ ᠬᠢᠨᠠᠨ ᠲᠤᠭᠲᠠᠭᠠᠯᠲᠠ ᠨᠢ ᠰᠠᠬᠢᠯᠭ᠎ᠠ | ᠪᠠᠲᠤ ᠬᠠᠤᠯᠢ ᠴᠠᠭᠠᠵᠠ ᠶᠢ ᠵᠥᠷᠢᠴᠡᠭᠰᠡᠨ ᠦᠢᠯᠡ ᠠᠵᠢᠯᠯᠠᠭ᠎ᠠ ᠣᠷᠣᠰᠢᠵᠤ ᠪᠠᠶᠢᠬᠤ ᠡᠰᠡᠬᠦ᠂ ᠦᠷ᠎ᠡ ᠳ᠋ᠦᠩ ᠤᠨ | ᠲᠥᠪ ᠭᠤᠤᠯᠴᠢ ᠶᠢ ᠨᠦᠯᠦᠭᠡᠯᠡᠵᠦ᠂ ᠪᠠᠭᠰᠢ ᠶᠢᠨ ᠬᠠᠤᠯᠢ ᠶᠣᠰᠣᠨ ᠤ ᠡᠷᠬᠡ ᠠᠰᠢᠭ ᠢ ᠨᠦᠯᠦᠭᠡᠯᠡᠭᠰᠡᠨ ᠡᠰᠡᠬᠦ᠃ | 5. ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ ᠴᠣᠯᠠ ᠶᠢ ᠬᠢᠨᠠᠨ ᠲᠤᠭᠲᠠᠭᠠᠬᠤ ᠳᠤ ᠬᠢᠨᠠᠨ | ᠬᠠᠮᠢᠶᠠᠷᠤᠯᠲᠠ ᠶᠢᠨ ᠠᠷᠭ᠎ᠠ ᠬᠡᠯᠪᠡᠷᠢ ᠳᠤ ᠶᠠᠮᠠᠷᠰᠢᠤ ᠰᠢᠨ᠎ᠡ ᠡᠭᠦᠳᠦᠯᠲᠡ ᠲᠠᠢ ᠪᠤᠢ︖ | ᠬᠠᠷᠢᠭᠤᠯᠲᠠ᠄ ︽ᠲᠦᠷ ᠬᠡᠷᠡᠭᠵᠢᠭᠦᠯᠬᠦ ᠠᠷᠭ᠎ᠠ︾ ᠳᠤ ᠲᠤᠬᠠᠶ ᠶᠢᠨ ᠲᠠᠯᠠᠪᠤᠷ ᠤᠨ ᠪᠤᠰᠤ ᠬᠢᠨᠠᠯᠲᠠ | ᠬᠠᠮᠢᠶᠠᠷᠤᠯᠲᠠ ᠪᠠ ᠲᠤᠬᠠᠶ ᠶᠢᠨ ᠲᠠᠯᠠᠪᠤᠷ ᠤᠨ ᠬᠢᠨᠠᠨ ᠬᠠᠮᠢᠶᠠᠷᠤᠯᠲᠠ ᠵᠡᠷᠭᠡ ᠤᠯᠠᠨ ᠠᠷᠭ᠎ᠠ ᠮᠠᠶ᠋ᠢᠭ ᠢ | ᠲᠤᠳᠤᠷᠬᠠᠶᠢᠯᠠᠵᠡᠢ᠄ | ᠨᠢᠭᠡ ᠳᠤ᠂ ᠪᠢᠴᠢᠭ ᠢᠶᠠᠷ ᠬᠢᠨᠠᠨ ᠪᠠᠶᠢᠴᠠᠭᠠᠨ᠎ᠠ᠃ ᠳᠡᠭᠡᠳᠦ ᠰᠤᠷᠭᠠᠭᠤᠯᠢ ᠶᠢᠨ ᠭᠤᠤᠯᠴᠢᠯᠠᠨ ᠬᠠᠮᠢᠶᠠᠷᠬᠤ | ᠰᠠᠯᠠᠭ᠎ᠠ ᠮᠥᠴᠢᠷ ᠨᠢ ᠵᠢᠯ ᠪᠦᠷᠢ ᠳᠡᠭᠡᠳᠦ ᠰᠤᠷᠭᠠᠭᠤᠯᠢ ᠶᠢᠨ ᠮᠡᠳᠡᠭᠦᠯᠦᠨ ᠬᠦᠷᠭᠡᠭᠰᠡᠨ ᠮᠡᠷᠭᠡᠵᠢᠯ ᠤᠨ ᠴᠣᠯᠠ ᠶᠢ | ᠬᠢᠨᠠᠨ ᠲᠣᠭᠲᠠᠭᠠᠬᠤ ᠠᠵᠢᠯ ᠤᠨ ᠪᠠᠶᠢᠳᠠᠯ ᠵᠡᠷᠭᠡ ᠪᠢᠴᠢᠭ ᠮᠠᠲ᠋ᠧᠷᠢᠶᠠᠯ ᠢ ᠬᠠᠷᠭᠤᠭᠤᠯᠤᠨ ᠪᠠᠶᠢᠴᠠᠭᠠᠬᠤ ᠬᠡᠷᠡᠭᠲᠡᠶ᠃ | ᠬᠤᠶᠠᠷ ᠲᠤ᠂ ︽ᠬᠤᠶᠠᠷᠲᠠ ᠰᠤᠭᠤᠴᠢᠨ ᠪᠠᠶᠢᠴᠠᠭᠠᠬᠤ︾ ᠪᠠ ᠲᠤᠰᠬᠠᠶ ᠵᠦᠢᠯ ᠤᠨ ᠲᠣᠭᠤᠷᠢᠨ | ᠪᠠᠶᠢᠴᠠᠭᠠᠯᠲᠠ ᠬᠢᠨ᠎ᠠ᠃ ︽ᠬᠤᠶᠠᠷᠲᠠ ᠰᠤᠭᠤᠴᠢᠨ ᠪᠠᠶᠢᠴᠠᠭᠠᠬᠤ︾ ᠶᠢᠨ ᠠᠷᠭ᠎ᠠ ᠮᠠᠶ᠋ᠢᠭ ᠢᠶᠠᠷ ᠲᠣᠭᠲᠠᠮᠠᠯ | ᠬᠤᠭᠤᠴᠠᠭ᠎ᠠ ᠲᠠᠢ ᠪᠠᠷ ᠵᠣᠬᠢᠬᠤ ᠬᠠᠷᠢᠴᠠᠯ ᠢᠶᠠᠷ ᠰᠤᠭᠤᠴᠢᠨ ᠪᠠᠶᠢᠴᠠᠭᠠᠯᠲᠠ ᠦᠷᠨᠢᠭᠦᠯᠦᠨ᠎ᠡ᠃ ᠰᠤᠭᠤᠴᠢᠨ | ᠪᠠᠶᠢᠴᠠᠭᠠᠭᠰᠠᠨ ᠪᠠᠶᠢᠳᠠᠯ᠂ ᠤᠯᠠᠨ ᠲᠦᠮᠡᠨ ᠤ ᠲᠤᠰᠬᠠᠯ ᠪᠤᠶᠤ ᠶᠠᠷᠢᠶ᠎ᠠ ᠬᠡᠯᠡᠯᠴᠡᠭᠡᠨ ᠤ ᠲᠤᠰᠬᠠᠯ ᠢᠶᠠᠷ ᠨᠡᠯᠢᠶᠡᠳ | ᠶᠡᠬᠡᠲᠡᠶ ᠠᠰᠠᠭᠤᠳᠠᠯ ᠢ ᠦᠨᠳᠦᠰᠦᠯᠡᠨ᠂ ᠬᠠᠨᠳᠤᠯᠭᠠᠲᠤ ᠴᠢᠨᠠᠷ ᠲᠠᠢ ᠪᠠᠷ ᠲᠤᠰᠬᠠᠶ ᠵᠦᠢᠯ ᠤᠨ ᠲᠣᠭᠤᠷᠢᠨ | ᠪᠠᠶᠢᠴᠠᠭᠠᠯᠲᠠ ᠬᠢᠨ᠎ᠠ᠃ | ᠭᠤᠷᠪᠠ ᠳᠤ᠂ ᠮᠡᠳᠡᠭᠡ ᠵᠠᠩᠭᠢ ᠶᠢ ᠢᠯᠡ ᠪᠤᠯᠭᠠᠨ᠎ᠠ᠃ ᠳᠡᠭᠡᠳᠦ ᠰᠤᠷᠭᠠᠭᠤᠯᠢ ᠶᠢᠨ ᠪᠠᠭᠰᠢ ᠶᠢᠨ | ᠮᠡᠷᠭᠡᠵᠢᠯ ᠤᠨ ᠴᠣᠯᠠ ᠶᠢᠨ ᠬᠢᠨᠠᠨ ᠲᠤᠭᠲᠠᠭᠠᠯᠲᠠ ᠳᠤ ᠢᠯᠡ ᠪᠣᠯᠭᠠᠬᠤ᠂ ᠵᠠᠷᠯᠠᠨ ᠨᠡᠶᠢᠲᠡᠯᠡᠬᠦ ᠳᠦᠷᠢᠮ ᠢ ᠴᠢᠩᠭ᠎ᠠ | ᠭᠦᠢᠴᠡᠳᠬᠡᠬᠦ ᠶᠢ ᠱᠠᠭᠠᠷᠳᠠᠵᠤ᠂ ᠬᠢᠨᠠᠯᠲᠠ ᠲᠠᠯᠪᠢᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠬᠦ ᠬᠡᠷᠡᠭᠲᠡᠶ᠃ | ᠰᠤᠷᠭᠠᠨ ᠬᠦᠮᠦᠵᠢᠯ᠂ ᠬᠥᠮᠦᠨ ᠤ ᠬᠦᠴᠦᠨ ᠤ ᠡᠬᠢ ᠪᠠᠶᠠᠯᠢᠭ ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ | ᠪᠣᠯᠤᠨ ᠳᠡᠭᠡᠳᠦ ᠰᠤᠷᠭᠠᠭᠤᠯᠢ ᠶᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠨᠢ ᠰᠤᠭᠤᠴᠢᠨ ᠪᠠᠶᠢᠴᠠᠭᠠᠵᠤ᠂ | ᠲᠣᠭᠤᠷᠢᠨ ᠪᠠᠶᠢᠴᠠᠭᠠᠭᠰᠠᠨ ᠪᠠᠶᠢᠳᠠᠯ ᠤᠨ ᠮᠡᠳᠡᠭᠡᠯᠡᠯ ᠢᠶᠠᠨ ᠢᠯᠡ ᠪᠤᠯᠭᠠᠨ᠎ᠠ᠃ | ᠲᠦᠷᠪᠡ ᠳᠤ᠂ ᠦᠪᠡᠷ ᠢ ᠪᠠᠨ ᠬᠢᠨᠠᠨ ᠬᠠᠮᠢᠶᠠᠷᠬᠤ ᠪᠠ ᠨᠡᠶᠢᠭᠡᠮ ᠠᠴᠠ ᠬᠢᠨᠠᠨ ᠲᠠᠯᠪᠢᠨ᠎ᠠ᠃ ᠳᠡᠭᠡᠳᠦ | ᠰᠤᠷᠭᠠᠭᠤᠯᠢ ᠶᠢᠨ ᠥᠪᠡᠷ ᠢ ᠪᠠᠨ ᠡᠵᠡᠮᠳᠡᠬᠦ ᠪᠠ ᠨᠡᠶᠢᠭᠡᠮ ᠠᠴᠠ ᠬᠢᠨᠠᠯᠲᠠ ᠲᠠᠯᠪᠢᠬᠤ ᠶᠢ ᠴᠢᠩᠭᠠᠳᠬᠠᠵᠤ᠂ | ᠵᠠᠭᠠᠯᠳᠤᠬᠤ ᠪᠠ ᠢᠯᠡᠴᠢᠯᠡᠨ ᠮᠡᠳᠡᠭᠦᠯᠬᠦ ᠳᠦᠷᠢᠮ ᠢ ᠲᠡᠭᠦᠯᠳᠡᠷᠵᠢᠭᠦᠯᠦᠨ᠂ ᠰᠠᠨᠠᠯ ᠲᠤᠰᠬᠠᠬᠤ ᠠᠷᠭ᠎ᠠ ᠵᠠᠮ ᠢ ᠰᠠᠭᠠᠳ | ᠦᠭᠡᠢ ᠪᠤᠯᠭᠠᠵᠤ᠂ ᠣᠯᠠᠨ ᠲᠦᠮᠡᠨ ᠤ ᠲᠤᠰᠬᠠᠭᠰᠠᠨ ᠬᠤᠯᠪᠣᠭᠳᠠᠯ ᠪᠦᠬᠦᠢ ᠠᠰᠠᠭᠤᠳᠠᠯ ᠢ ᠴᠠᠭ ᠲᠤᠬᠠᠢ ᠳᠤᠨᠢ | ᠰᠢᠢᠳᠪᠦᠷᠢᠯᠡᠬᠦ ᠬᠡᠷᠡᠭᠲᠡᠢ᠃ | 6. ︽ᠲᠦᠷ ᠬᠡᠷᠡᠭᠵᠢᠭᠦᠯᠬᠦ ᠠᠷᠭ᠎ᠠ︾ ᠳᠤ ᠳᠡᠭᠡᠳᠦ ᠰᠤᠷᠭᠠᠭᠤᠯᠢ ᠶᠢᠨ ᠪᠠᠭᠰᠢ ᠶᠢᠨ ᠮᠡᠷᠭᠡᠵᠢᠯ ᠤᠨ | ᠴᠣᠯᠠ ᠶᠢᠨ ᠬᠢᠨᠠᠨ ᠲᠤᠭᠲᠠᠭᠠᠯᠲᠠ ᠳᠤ ᠰᠠᠬᠢᠯᠭ᠎ᠠ ᠪᠠᠲᠤ ᠬᠠᠤᠯᠢ ᠴᠠᠭᠠᠵᠠ ᠠᠴᠠ ᠵᠥᠷᠢᠴᠡᠭᠰᠡᠨ ᠠᠵᠢᠯᠯᠠᠭ᠎ᠠ ᠶᠢ | ᠵᠠᠯᠬᠠᠭᠠᠨ ᠰᠢᠳᠬᠡᠬᠦ ᠲᠣᠬᠠᠢ ᠶᠠᠮᠠᠷ ᠲᠣᠭᠲᠠᠭᠠᠯ ᠭᠠᠷᠭᠠᠭᠰᠠᠨ ᠪᠣᠢ︖ | ᠬᠠᠷᠢᠭᠤᠯᠲᠠ᠄ ︽ᠲᠦᠷ ᠬᠡᠷᠡᠭᠵᠢᠭᠦᠯᠬᠦ ᠠᠷᠭ᠎ᠠ︾ ᠨᠢ ᠳᠡᠭᠡᠳᠦ ᠰᠤᠷᠭᠠᠭᠤᠯᠢ ᠶᠢᠨ ᠮᠡᠷᠭᠡᠵᠢᠯ ᠤᠨ | ᠴᠣᠯᠠ ᠶᠢᠨ ᠬᠢᠨᠠᠨ ᠲᠤᠭᠲᠠᠭᠠᠯᠲᠠ ᠳᠠᠬᠢ ᠠᠳᠠᠯᠢ ᠪᠤᠰᠤ ᠪᠡᠶᠡᠴᠢ ᠴᠤᠭᠴᠠ ᠳᠤ ᠴᠢᠭᠯᠡᠭᠦᠯᠦᠨ᠂ ᠰᠠᠬᠢᠯᠭ᠎ᠠ ᠪᠠᠲᠤ | ᠬᠠᠤᠯᠢ ᠴᠠᠭᠠᠵᠠ ᠠᠴᠠ ᠵᠦᠷᠢᠴᠡᠭᠰᠡᠳ ᠢ ᠵᠠᠯᠬᠠᠭᠠᠨ ᠰᠢᠳᠬᠡᠬᠦ ᠬᠠᠷᠠᠭᠠᠯᠵᠠᠭᠰᠠᠨ ᠠᠷᠭ᠎ᠠ ᠬᠡᠮᠵᠢᠶ᠎ᠡ ᠶᠢ ᠳᠤᠷᠠᠳᠴᠠᠢ᠂ | ᠡᠭᠦᠨ ᠳᠤ ᠬᠠᠮᠢᠶ᠎ᠠ ᠪᠦᠬᠦᠢ ᠪᠠᠭᠰᠢ ᠶᠢᠨ ᠬᠤᠳᠠᠯ ᠬᠠᠭᠤᠷᠮᠠᠭ ᠢᠶᠠᠷ ᠵᠣᠬᠢᠶᠠᠬᠤ᠂ ᠡᠷᠳᠡᠮ ᠰᠢᠨᠵᠢᠯᠡᠭᠡᠨ ᠤ ᠲᠠᠯ᠎ᠠ ᠪᠠᠷ | ᠬᠢ ᠲᠥᠪ ᠪᠤᠰᠤ ᠦᠶᠯᠡ ᠠᠵᠢᠯᠯᠠᠭ᠎ᠠ ᠶᠢ ᠰᠢᠶᠳᠪᠦᠷᠢᠯᠡᠬᠦ᠂ ᠬᠢᠨᠠᠨ ᠲᠤᠭᠲᠠᠭᠠᠬᠤ ᠲᠤᠰᠬᠠᠶ ᠮᠡᠷᠭᠡᠵᠢᠯᠲᠡᠨ᠂ ᠳᠡᠭᠡᠳᠦ | ᠰᠤᠷᠭᠠᠭᠤᠯᠢ ᠬᠢᠭᠡᠳ ᠰᠤᠷᠭᠠᠭᠤᠯᠢ ᠪᠠ ᠰᠠᠯᠪᠤᠷᠢ ᠨᠤᠭᠤᠳ ᠤᠨ ᠨᠠᠮ ᠵᠠᠰᠠᠭ ᠤᠨ ᠤᠳᠤᠷᠢᠳᠤᠯᠭ᠎ᠠ ᠵᠢᠴᠢ ᠪᠤᠰᠤᠳ | ᠬᠠᠷᠢᠭᠤᠴᠠᠯᠭᠠᠲᠠᠨ ᠰᠠᠬᠢᠯᠭ᠎ᠠ ᠪᠠᠲᠤ ᠬᠠᠤᠯᠢ ᠴᠠᠭᠠᠵᠠ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠰᠢᠶᠳᠪᠦᠷᠢᠯᠡᠬᠦ᠂ | ᠬᠢᠨᠠᠨ ᠲᠣᠭᠲᠠᠭᠠᠬᠤ ᠠᠵᠢᠯ ᠤᠨ ᠬᠠᠷᠢᠭᠤᠴᠠᠯᠭ᠎ᠠ ᠪᠠᠷ ᠴᠢᠩᠭ᠎ᠠ ᠪᠤᠰᠤ᠂ ᠵᠢᠷᠦᠮ ᠨᠢ ᠳᠦᠷᠢᠮᠵᠢᠭᠰᠡᠨ ᠦᠭᠡᠢ ᠠᠴᠠ | ᠵᠠᠭᠠᠯᠳᠤᠯᠭ᠎ᠠ ᠤᠯᠠᠨᠲᠠᠢ᠂ ᠮᠠᠷᠭᠤᠭᠠᠨ ᠶᠡᠬᠡᠲᠡᠶ ᠪᠤᠯᠤᠭᠰᠠᠨ ᠳᠡᠭᠡᠳᠦ ᠰᠤᠷᠭᠠᠭᠤᠯᠢ ᠶᠢ ᠴᠡᠭᠴᠡᠯᠡᠨ ᠵᠠᠰᠠᠬᠤ ᠪᠠᠷ | ᠱᠠᠭᠠᠷᠳᠠᠬᠤ ᠵᠡᠷᠭᠡ ᠪᠠᠭᠲᠠᠨ᠎ᠠ᠃ | | |