ᠳ᠋ᠠᠩ᠊ · ᠬᠥᠭᠵᠢᠯᠲᠦ | | | ᠡᠸᠦ᠋ᠷᠤᠫᠠᠴᠤᠳ ᠤᠨ ᠬᠡᠯᠡᠳᠡᠭ ᠶᠦᠷᠲ᠋ᠠ ᠪᠤᠶᠤ ᠢᠰᠡᠬᠡᠢ ᠭᠡᠷ᠂ ᠬᠤᠲᠠ ᠠᠶᠢᠯ᠂ ᠮᠣᠷᠢ ᠭᠤᠷᠪᠠ ᠨᠢ | ᠮᠣᠩᠭᠤᠯ ᠤᠨ ᠮᠢᠩᠭ᠎ᠠ ᠮᠢᠩᠭᠠᠨ ᠬᠥᠪᠡᠭᠦᠳ ᠦᠬᠢᠳ ᠢ ᠡᠯᠳᠡᠵᠦ ᠰᠤᠷᠢᠵᠤ ᠬᠥᠭᠵᠢᠯᠲᠡ ᠶᠢᠨ ᠬᠢᠨᠢ ᠳᠡᠭᠡᠳᠦ | ᠲᠥᠪᠰᠢᠨ ᠳᠤ ᠭᠠᠷᠭᠠᠵᠤ ᠲᠠᠯᠪᠢᠭᠰᠠᠨ ᠪᠠᠶᠢᠳᠠᠭ᠃ | ᠨᠢᠭᠡ᠂ ᠢᠰᠡᠭᠡᠢ ᠭᠡᠷ ᠪᠣᠯ ᠨᠡᠭᠦᠳᠡᠯᠴᠢᠳ ᠤᠨ ᠬᠥᠭᠵᠢᠯᠲᠡ ᠶᠢᠨ ᠬᠠᠮᠤᠭ ᠤᠨ ᠦᠨᠳᠦᠰᠦᠨ ᠰᠠᠭᠤᠷᠢ | ᠪᠣᠯᠣᠨ᠎ᠠ᠃ | ᠶᠠᠭᠤᠨ ᠤ ᠡᠮᠦᠨ᠎ᠡ ᠢᠰᠡᠭᠡᠢ ᠭᠡᠷ ᠨᠢ ᠮᠣᠩᠭᠤᠯ ᠬᠥᠮᠥᠨ ᠤ ᠪᠡᠶ᠎ᠡ ᠰᠡᠳᠬᠢᠯ ᠤᠨ ᠡᠷᠡᠭᠦᠯ ᠮᠡᠨᠳᠦ ᠳᠤ | ᠬᠠᠮᠤᠭ ᠤᠨ ᠲᠣᠬᠢᠯᠢᠬ ᠨᠥᠬᠦᠴᠡᠯ ᠢ ᠪᠦᠷᠢᠯᠳᠦᠭᠦᠯᠵᠡᠢ᠃ ᠢᠰᠡᠭᠡᠢ ᠭᠡᠷ ᠤᠨ ᠠᠭᠠᠷ ᠤᠨ ᠰᠤᠯᠢᠯᠴᠠᠭ᠎ᠠ ᠬᠢᠬᠦ | ᠣᠨᠴᠠᠭᠠᠢ ᠪᠦᠳᠦᠴᠡ ᠨᠢ ᠭᠡᠷ ᠢ ᠢᠮᠠᠭᠲᠠ ᠰᠣᠳᠣᠨ ᠰᠠᠶᠢᠬᠠᠨ ᠠᠮᠢᠰᠬᠤᠯ ᠲᠠᠢ ᠪᠠᠶᠢᠯᠭᠠᠳᠠᠭ᠃ ᠬᠥᠮᠥᠰ | ᠥᠩᠭᠡᠷᠡᠭᠰᠡᠨ ᠳᠤ ᠢᠳᠡᠭᠡᠨ ᠤᠮᠳᠠᠭᠠᠨ ᠢ ᠬᠥᠮᠥᠨ ᠤ ᠠᠮᠢ ᠨᠠᠰᠤ ᠶᠢ ᠬᠠᠳᠠᠭᠠᠯᠠᠬᠤ ᠴᠢᠬᠤᠯᠨ ᠡᠨᠧᠷᠭᠢ ᠭᠡᠵᠤ | ᠦᠵᠡᠵᠦ ᠪᠠᠶᠢᠭᠰᠠᠨ ᠪᠣᠯ ᠣᠳᠣ ᠪᠣᠯᠬᠤ ᠳᠤ ᠠᠭᠠᠷ᠂ ᠣᠷᠴᠢᠨ ᠲᠣᠭᠤᠷᠢᠨ ᠨᠢ ᠴᠦ ᠬᠥᠮᠥᠨ ᠤ ᠡᠷᠡᠭᠦᠯ ᠮᠡᠨᠳᠦ ᠳᠤ | ᠴᠢᠬᠤᠯᠨ ᠨᠥᠯᠦᠭᠡ ᠲᠠᠢ ᠪᠣᠯᠬᠤ ᠶᠢ ᠬᠦᠨᠳᠦᠳᠬᠡᠵᠦ ᠦᠵᠡᠬᠦ ᠪᠤᠯᠵᠠᠢ᠃ ᠬᠤᠲᠠ ᠰᠠᠭᠤᠷᠢᠨ ᠤ ᠨᠦᠰᠡᠷ ᠶᠡᠭᠡ | ᠳᠡᠪᠵᠢᠶᠡᠨ ᠱᠤᠤᠭᠢᠶᠠᠨ᠂ ᠬᠤᠭ ᠨᠤᠪᠰᠢᠨ ᠤ ᠨᠢᠰᠤᠭᠤᠨ ᠦᠨᠦᠷ᠂ ᠬᠥᠮᠥᠰ ᠤᠨ ᠬᠦᠢᠲᠡᠨ ᠴᠡᠪᠳᠡᠭ | ᠬᠠᠷᠢᠯᠴᠠᠭ᠎ᠠ ᠲᠠᠢ ᠬᠠᠷᠢᠴᠠᠭᠤᠯᠬᠤ ᠳᠤ ᠬᠡᠭᠡᠷ᠎ᠡ ᠲᠠᠯ᠎ᠠ ᠶᠢᠨ ᠠᠮᠤᠭᠤᠯᠠᠩ ᠲᠠᠶᠢᠪᠤᠩ ᠬᠥᠭ ᠠᠶᠠᠰ᠂ ᠡᠪᠡᠰᠦ | ᠤᠷᠭᠤᠮᠠᠯ ᠤᠨ ᠰᠤᠳᠤᠨ ᠦᠨᠦᠷ᠂ ᠮᠠᠯ ᠠᠳᠤᠭᠤᠰᠤ᠂ ᠠᠷᠢᠶᠠᠲᠠᠨ ᠵᠢᠭᠦᠷᠲᠡᠨ ᠤ ᠢᠷᠠᠭᠤ ᠡᠭᠡᠰᠢᠭᠯᠡᠩ ᠤᠨ ᠳᠤᠮᠳᠠ | ᠪᠠᠶᠢᠬᠤ ᠬᠥᠮᠥᠨ ᠤ ᠰᠡᠳᠬᠢᠯ ᠰᠠᠨᠠᠭᠠᠨ ᠳᠤ ᠬᠡᠴᠢᠨᠡᠨ ᠲᠠᠭᠠᠯᠠᠮᠵᠢᠲᠠᠢ ᠠᠵᠢ᠃ ᠢᠯᠠᠩᠭᠤᠶ᠎ᠠ ᠢᠰᠡᠭᠡᠢ ᠭᠡᠷ ᠨᠢ | ᠨᠡᠭᠦᠵᠦ ᠪᠠᠭᠤᠬᠤ ᠳᠤ ᠳᠥᠬᠦᠮ ᠪᠠᠶᠢᠳᠠᠭ ᠪᠣᠯᠬᠤᠷ ᠨᠤᠲᠤᠭ ᠬᠠᠭᠤᠴᠢᠷᠠᠵᠤ᠂ ᠡᠯᠳᠡᠪ ᠸᠢᠷᠦ᠋ᠰ ᠪᠠᠺᠲ᠋ᠧᠷᠢ ᠡᠭᠦᠰᠴᠦ | ᠦᠷᠡᠵᠢᠬᠦ ᠠᠴᠠ ᠡᠮᠦᠨ᠎ᠡ ᠰᠢᠨ᠎ᠡ ᠨᠤᠲᠤᠭ ᠰᠡᠯᠭᠦᠵᠦ ᠪᠠᠶᠢᠩᠭᠤ ᠶᠢᠨ ᠰᠢᠨ᠎ᠡ ᠰᠤᠷᠭᠤᠭ ᠤᠷᠴᠢᠨ ᠳᠤ ᠠᠮᠢᠳᠤᠷᠠᠳᠠᠭ | ᠪᠣᠯᠬᠤᠷ ᠮᠣᠩᠭᠤᠯᠴᠣᠳ ᠤᠨ ᠤᠷᠮ᠎ᠠ ᠰᠡᠳᠬᠢᠯ ᠦᠷᠬᠦᠯᠵᠢ ᠪᠠᠳᠠᠷᠠᠭᠤᠨ᠂ ᠪᠡᠶ᠎ᠡ ᠮᠠᠬᠠᠪᠤᠳ ᠬᠠᠲᠠᠭᠤ ᠴᠢᠭᠢᠷᠠᠭ᠂ | ᠰᠡᠳᠬᠢᠯ ᠰᠠᠨᠠᠭ᠎ᠠ ᠠᠭᠤᠵᠢᠭᠤ ᠲᠠᠯᠪᠢᠭᠤ ᠪᠠᠶᠢᠳᠠᠭ ᠶᠤᠮ᠃ | ᠬᠤᠶᠠᠷ᠂ ᠬᠤᠲᠠ ᠠᠶᠢᠯ ᠪᠣᠯ ᠮᠣᠩᠭᠤᠯᠴᠣᠳ ᠤᠨ ᠨᠡᠶᠢᠭᠡᠮ ᠤᠨ ᠬᠠᠮᠤᠭ ᠤᠨ ᠦᠨᠳᠦᠰᠦᠨ ᠵᠣᠬᠢᠶᠠᠨ | ᠪᠠᠶᠢᠭᠤᠯᠤᠯᠲᠠ ᠪᠤᠯᠤᠨ᠎ᠠ᠃ | ᠮᠤᠩᠭᠤᠯᠴᠤᠳ ᠤᠨ ᠠᠮᠢᠳᠤᠷᠠᠯ ᠤᠨ ᠰᠠᠭᠤᠷᠢ ᠪᠣᠯᠣᠭᠰᠠᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ | ᠪᠦᠬᠦ᠋ᠢᠯᠨ ᠦᠢᠯᠨ ᠠᠵᠢᠯᠯᠠᠭ᠎ᠠ ᠪᠣᠯᠣᠨ ᠨᠡᠶᠢᠭᠡᠮ ᠤᠨ ᠦᠢᠯᠨ ᠠᠵᠢᠯᠯᠠᠭ᠎ᠠ ᠨᠢ ᠴᠦᠮ ᠬᠤᠲᠠ ᠠᠶᠢᠯ ᠤᠨ ᠬᠦᠷᠢᠶ᠎ᠡ | ᠬᠡᠪᠴᠢᠶᠡᠨ ᠳᠤ ᠶᠠᠪᠤᠭᠳᠠᠳᠠᠭ᠃ ᠬᠠᠮᠤᠭ ᠤᠨ ᠭᠤᠣᠯ ᠨᠢ ᠡᠶᠢᠮᠦᠷᠬᠦᠤ ᠠᠶᠠᠨᠳᠠᠭᠠᠨ ᠪᠦᠷᠢᠯᠳᠦᠭᠰᠡᠨ ᠬᠠᠮᠳᠤᠯᠢᠭ | ᠴᠣᠭᠴᠠ ᠨᠢ ᠮᠣᠩᠭᠤᠯᠴᠣᠳ ᠤᠨ ᠲᠦᠮᠨ ᠪᠤᠮᠠᠨ ᠦᠶ᠎ᠡ ᠠᠴᠠ ᠬᠤᠷᠠᠮᠳᠤᠭᠤᠯᠵᠤ ᠢᠷᠡᠭᠰᠡᠨ ᠤᠶᠤᠨ ᠤ ᠠᠰᠤᠷᠤ | ᠶᠡᠭᠡ ᠥᠪ ᠢ ᠤᠯᠠᠮᠵᠢᠯᠠᠵᠤ᠂ ᠠᠮᠢᠳᠤᠷᠠᠯ ᠳᠤ ᠪᠠᠨ ᠬᠡᠷᠡᠭᠵᠢᠭᠦᠯᠵᠦ᠂ ᠤᠯᠠᠮ ᠴᠠᠭᠠᠰᠢᠳᠠ ᠬᠥᠭᠵᠢᠭᠦᠯᠬᠦ ᠳᠤ | ᠠᠰᠢᠭᠲᠠᠢ ᠪᠠᠶᠢᠳᠠᠭ᠃ ᠬᠡᠯᠡᠯᠭᠡᠨ ᠦᠭᠡᠢ ᠬᠡᠦᠬᠡᠳ ᠪᠠᠭᠠᠴᠣᠳ ᠢᠶᠠᠨ ᠬᠥᠮᠥᠵᠢᠭᠦᠯᠬᠦ ᠨᠢ ᠴᠦ ᠬᠤᠲᠠ ᠠᠶᠢᠯ ᠤᠨ | ᠨᠢᠭᠡᠨ ᠭᠤᠣᠯ ᠡᠭᠦᠷᠭᠡ ᠪᠣᠯᠣᠨ᠎ᠠ᠃ ᠬᠤᠲᠠ ᠤᠰᠤᠨ ᠤ ᠠᠬᠠᠮᠠᠳ ᠲᠤᠮᠤᠭᠠᠲᠠᠳ ᠲᠡᠷᠨ ᠬᠤᠲᠠ ᠤᠰᠤᠨ ᠤ ᠪᠠᠨ | ᠬᠡᠦᠬᠡᠳ ᠪᠠᠭᠠᠴᠣᠳ ᠢ ᠥᠪᠡᠷ ᠤᠨ ᠢᠶᠠᠨ ᠬᠡᠦᠬᠡᠳ ᠲᠠᠢ ᠡᠭᠡᠭᠡ ᠠᠳᠠᠯᠢᠬᠠᠨ ᠦᠵᠡᠵᠦ ᠬᠦᠮᠦᠵᠢᠭᠦᠯᠳᠡᠭ | ᠳᠠᠳᠬᠠᠯ ᠲᠠᠢ᠃ ᠪᠦᠬᠦ ᠬᠤᠲᠠ ᠤᠰᠤᠨ ᠤ ᠬᠡᠦᠬᠡᠳ ᠤᠳ ᠬᠤᠲᠠᠨ ᠤ ᠪᠠᠨ ᠠᠯᠢ ᠨᠢᠭᠡ ᠠᠶᠢᠯ ᠳᠤ ᠤᠴᠢᠪᠠᠯ ᠲᠡᠷᠨ | ᠠᠶᠢᠯ ᠤᠨ ᠬᠡᠦᠬᠡᠳ ᠲᠠᠢ ᠠᠳᠠᠯᠢᠬᠠᠨ ᠠᠵᠢᠯ ᠢ ᠨᠢ ᠬᠠᠮᠵᠢᠵᠤ᠂ ᠬᠤᠶᠢᠨ᠎ᠠ ᠡᠮᠦᠨ᠎ᠡ ᠨᠢ ᠵᠠᠷᠤᠭᠳᠠᠳᠠᠭ ᠪᠥᠭᠡᠳ ᠲᠡᠷᠨ | ᠠᠶᠢᠯ ᠨᠢ ᠴᠦ ᠥᠪᠡᠷ ᠤᠨ ᠬᠡᠦᠬᠡᠳ ᠲᠠᠢ ᠡᠭᠡᠭᠡ ᠠᠳᠠᠯᠢᠬᠠᠨ ᠢᠳᠡᠭᠦᠯᠵᠦ ᠤᠤᠭᠤᠯᠭᠠᠨ᠂ ᠵᠥᠪ ᠶᠠᠪᠤᠳᠠᠯ ᠢ ᠨᠢ | ᠰᠠᠶᠢᠰᠢᠶᠠᠨ ᠤᠷᠮᠠᠰᠢᠭᠤᠯᠵᠤ᠂ ᠠᠯᠳᠠᠭ᠎ᠠ ᠪᠤᠷᠤᠭᠤ ᠶᠢ ᠨᠢ ᠵᠠᠰᠠᠵᠤ ᠵᠠᠯᠠᠷᠠᠭᠤᠯᠳᠠᠭ᠃ ᠭᠤᠶᠠᠳᠠᠭᠠᠳ ᠠᠪᠤᠭᠰᠠᠨ ᠴᠦ | ᠠᠶᠢᠯ ᠤᠨ ᠠᠬᠠᠮᠠᠳ ᠨᠠᠮ᠎ᠠ ᠶᠢ ᠭᠤᠶᠠᠳᠠᠯ᠎ᠠ ᠭᠡᠵᠤ ᠭᠤᠮᠤᠳᠠᠳᠠᠭ ᠦᠭᠡᠢ᠃ ᠥᠪᠡᠷ ᠤᠨ ᠬᠢᠨᠢ ᠠᠪᠤ ᠡᠵᠢ ᠴᠦ ᠮᠠᠨ ᠤ | ᠬᠡᠦᠬᠡᠳ ᠢ ᠭᠤᠶᠠᠳᠠᠯ᠎ᠠ ᠭᠡᠵᠤ ᠥᠮᠥᠭᠡᠷᠡᠳᠡᠭ ᠦᠭᠡᠢ᠃ ᠬᠠᠷᠢᠨ ᠬᠡᠦᠬᠡᠳ ᠤᠨ ᠠᠯᠳᠠᠭ᠎ᠠ ᠶᠢ ᠬᠠᠷᠠᠵᠤ ᠪᠠᠶᠢᠭᠠᠳ | ᠬᠡᠯᠡᠬᠦ ᠦᠭᠡᠢ ᠪᠣᠯ ᠬᠡᠦᠬᠡᠳ ᠢ ᠮᠠᠭᠤ ᠰᠤᠷᠭᠠᠯ᠎ᠠ ᠭᠡᠵᠤ ᠪᠤᠴᠠᠭᠠᠳ ᠰᠠᠭᠠᠬᠠᠯᠲᠠ ᠶᠢᠨ ᠠᠬᠠᠮᠠᠳ ᠢᠶᠠᠨ | ᠪᠤᠷᠤᠭᠤᠳᠬᠠᠳᠠᠭ᠃ ᠥᠭᠡᠷ᠎ᠡ ᠪᠠᠷ ᠬᠡᠯᠡᠪᠡᠯ᠂ ᠲᠡᠳᠡ ᠬᠠᠮᠲᠤ ᠪᠠᠷ ᠢᠶᠠᠨ ᠬᠡᠦᠬᠡᠳ ᠬᠥᠮᠥᠵᠢᠭᠦᠯᠬᠦ ᠡᠭᠦᠷᠭᠡ ᠲᠠᠢ | ᠪᠠᠶᠢᠳᠠᠭ᠃ ᠲᠡᠶᠢᠮᠦ ᠤᠷᠴᠢᠨ ᠳᠤ ᠥᠰᠥᠭᠰᠡᠨ ᠬᠡᠦᠬᠡᠳ ᠪᠤᠰᠤᠳ ᠢ ᠬᠦᠨᠳᠦᠯᠡᠳᠡᠭ᠂ ᠬᠥᠮᠥᠨ ᠳᠤ ᠲᠤᠰᠠᠷᠬᠠᠭ᠂ | ᠶᠠᠮᠠᠷ ᠴᠦ ᠶᠠᠭᠤᠮᠠᠨ ᠳᠤ ᠡᠪᠰᠡᠭ᠂ ᠪᠡᠶ᠎ᠡ ᠪᠠᠨ ᠳᠠᠭᠠᠭᠠᠬᠤ ᠪᠠᠷ ᠰᠠᠶᠢᠨ ᠪᠣᠯᠳᠠᠭ᠃ | ᠭᠤᠷᠪᠠ᠂ ᠮᠣᠷᠢ ᠪᠣᠯ ᠮᠣᠩᠭᠤᠯᠴᠣᠳ ᠤᠨ ᠭᠠᠷ᠂ ᠬᠥᠯ᠂ ᠬᠠᠷᠠᠭ᠎ᠠ᠂ ᠤᠬᠠᠭᠠᠨ ᠢ ᠬᠢᠵᠠᠭᠠᠷ ᠦᠭᠡᠢ | ᠲᠡᠯᠡᠭᠰᠡᠨ ᠡᠷᠳᠡᠨᠢᠲᠦ ᠠᠮᠢᠲᠠᠨ ᠪᠢᠯᠨ᠃ | ᠮᠤᠩᠭᠤᠯ ᠬᠡᠦᠬᠡᠳ ᠤᠳ ᠶᠡᠭᠡ ᠪᠠᠭ᠎ᠠ ᠠᠴᠠ ᠪᠠᠨ ᠮᠤᠷᠢ ᠤᠨᠤᠵᠤ ᠮᠤᠷᠢ ᠲᠠᠢ ᠨᠥᠬᠦᠷᠯᠡᠳᠡᠭ᠃ ᠬᠡᠦᠬᠡᠳ | ᠮᠤᠷᠢ ᠤᠨᠤᠵᠤ ᠡᠬᠢᠯᠡᠭᠰᠡᠨ ᠠᠴᠠ ᠮᠠᠰᠢ ᠥᠷᠭᠡᠨ ᠣᠷᠤᠨ ᠵᠠᠢ ᠳᠤ ᠬᠥᠳᠡᠯᠭᠡᠭᠡᠨ ᠬᠢᠵᠦ᠂ ᠣᠯᠠᠨ ᠬᠥᠮᠥᠨ | ᠠᠮᠢᠲᠠᠨ ᠲᠠᠢ ᠲᠠᠨᠢᠯᠴᠠᠵᠤ᠂ ᠲᠡᠭᠦᠨ ᠤ ᠮᠡᠳᠡᠯᠭᠡ ᠴᠢᠳᠠᠪᠤᠷᠢ ᠨᠢ ᠲᠣᠩ ᠣᠬᠤᠷᠬᠠᠨ ᠬᠤᠭᠤᠴᠠᠭᠠᠨ ᠳᠤ ᠮᠠᠰᠢ | ᠲᠦᠷᠭᠡᠨ ᠨᠡᠮᠡᠭᠳᠡᠳᠡᠭ ᠪᠠᠶᠢᠨ᠎ᠠ᠃ ᠮᠣᠷᠢ ᠶᠢ ᠡᠷᠬᠡᠰᠢᠶᠡᠬᠦ ᠠᠴᠠ ᠡᠬᠢᠯᠡᠭᠡᠳ ᠵᠦᠭ ᠴᠢᠭ᠂ ᠶᠠᠩᠵᠤ ᠪᠦᠷᠢ ᠶᠢᠨ | ᠭᠠᠵᠠᠷ ᠤᠨ ᠪᠠᠶᠢᠴᠠ᠂ ᠭᠡᠷᠡᠯ ︵ᠬᠠᠷᠠᠩᠭᠤᠢ ᠪᠠᠷ ᠠᠶᠠᠯᠠᠬᠤ︶᠂ ᠴᠠᠭ ᠠᠭᠠᠷ ᠤᠨ ᠨᠥᠬᠦᠴᠡᠯ ᠳᠤ ᠵᠤᠬᠢᠴᠠᠬᠤ | ᠶᠠᠪᠤᠴᠠ ᠳᠤ ᠪᠡᠶ᠎ᠡ ᠮᠠᠬᠠᠪᠤᠳ ᠨᠢ ᠴᠢᠭᠢᠷᠠᠭᠵᠢᠬᠤ ᠶᠢᠨ ᠳᠠᠭᠠᠤ ᠣᠯᠠᠨ ᠲᠠᠯ᠎ᠠ ᠶᠢᠨ ᠮᠡᠳᠡᠷᠡᠮᠵᠢ ᠨᠢ ᠭᠤᠶᠢᠳᠠ | ᠬᠥᠭᠵᠢᠳᠡᠭ᠃ | ᠪᠡᠶ᠎ᠡ ᠪᠢᠯᠳᠠᠷ ᠤᠨ ᠬᠥᠮᠥᠵᠢᠯ᠂ ᠶᠣᠰᠣ ᠰᠤᠷᠲᠠᠬᠤᠨ ᠤ ᠬᠥᠮᠥᠵᠢᠯ ᠪᠣᠯᠣᠨ ᠣᠶᠤᠨ ᠤᠬᠠᠭᠠᠨ ᠤ ᠬᠥᠮᠥᠵᠢᠯ ᠪᠣᠯ | ᠬᠡᠦᠬᠡᠳ ᠤᠨ ᠬᠥᠮᠥᠵᠢᠯ ᠤᠨ ᠲᠤᠯᠭ᠎ᠠ ᠶᠢᠨ ᠭᠤᠷᠪᠠᠨ ᠴᠢᠯᠠᠭᠤ ᠭᠡᠵᠤ ᠦᠵᠡᠮᠡᠷ ᠪᠠᠶᠢᠨ᠎ᠠ᠃ ᠡᠭᠦᠨ ᠳᠤ ᠪᠡᠶ᠎ᠡ | ᠪᠢᠯᠳᠠᠷ ᠤᠨ ᠬᠥᠮᠥᠵᠢᠯ ᠪᠣᠯ ᠬᠡᠦᠬᠡᠳ ᠤᠨ ᠬᠥᠮᠥᠵᠢᠯ ᠤᠨ ᠰᠠᠭᠤᠷᠢ ᠪᠠᠶᠢᠬᠤ ᠶᠣᠰᠣᠲᠠᠢ᠃ ᠨᠢᠭᠡ ᠦᠶ᠎ᠡ ᠣᠶᠤᠨ | ᠤᠬᠠᠭᠠᠨ ᠤ ᠬᠥᠮᠥᠵᠢᠯ ᠢ ᠬᠡᠲᠦ ᠴᠢᠬᠤᠯᠠᠴᠢᠯᠠᠵᠤ ᠪᠠᠶᠢᠭᠰᠠᠨ ᠠᠴᠠ ᠪᠠᠨ ᠰᠡᠭᠦᠯ ᠤᠨ ᠦᠶ᠎ᠡ ᠳᠤ ᠶᠣᠰᠣ | ᠰᠤᠷᠲᠠᠬᠤᠨ ᠤ ᠬᠥᠮᠥᠵᠢᠯ ᠢ ᠲᠡᠷᠢᠭᠦᠨ ᠪᠠᠶᠢᠷᠢᠨ ᠳᠤ ᠲᠠᠯᠪᠢᠬᠤ ᠪᠣᠯᠵᠠᠢ᠃ ᠭᠡᠬᠦ ᠳᠤ ᠪᠠᠨ ᠵᠠᠯᠠᠭᠤ ᠪᠠᠭᠠᠴᠣᠳ ᠤᠨ | ᠡᠷᠡᠭᠦᠯ ᠮᠡᠨᠳᠦ ᠶᠢᠨ ᠪᠠᠶᠢᠳᠠᠯ ᠰᠡᠳᠬᠢᠯ ᠡᠮᠵᠡᠭᠯᠡᠭᠦᠯᠵᠦ ᠡᠬᠢᠯᠡᠪᠡ᠃ ᠬᠡᠷᠪᠡ ᠨᠢᠭᠤᠷ ᠲᠤ ᠪᠠᠨ ᠭᠠᠯ ᠲᠠᠢ᠂ | ᠨᠢᠳᠦᠨ ᠳᠤ ᠪᠠᠨ ᠴᠤᠭ ᠲᠠᠢ᠂ ᠪᠣᠯᠴᠢᠩ ᠰᠢᠷᠪᠦᠰᠦ ᠨᠢ ᠵᠠᠩᠭᠢᠷᠠᠭᠰᠠᠨ ᠪᠡᠶ᠎ᠡ ᠮᠠᠬᠠᠪᠤᠳ ᠪᠠᠶᠢᠬᠤ ᠦᠭᠡᠢ ᠪᠣᠯ ᠶᠠᠮᠠᠷ | ᠡᠷᠬᠢᠮ ᠳᠡᠭᠡᠳᠦ ᠶᠣᠰᠣ ᠰᠤᠷᠲᠠᠬᠤᠨ᠂ ᠬᠡᠲᠦ᠋ᠢᠳᠦᠭᠰᠡᠨ ᠡᠷᠳᠡᠮ ᠮᠡᠳᠡᠯᠭᠡ ᠲᠠᠢ ᠪᠠᠶᠢᠯ᠎ᠠ ᠴᠦ ᠭᠡᠰᠡᠨ ᠪᠡᠶ᠎ᠡ ᠨᠢ | ᠰᠠᠨᠠᠭ᠎ᠠ ᠪᠠᠨ ᠲᠤᠱᠠᠭᠠᠳ ᠬᠤᠯᠨ ᠳᠥᠬᠦᠳᠡᠭ ᠦᠭᠡᠢ ᠶᠤᠮ᠃ ᠲᠡᠭᠡᠬᠦᠯᠡᠷ ᠶᠠᠭᠤᠨ ᠤ ᠡᠮᠦᠨ᠎ᠡ ᠬᠡᠦᠬᠡᠳ ᠢ ᠡᠷᠡᠭᠦᠯ | ᠰᠠᠷᠠᠭᠤᠯ ᠥᠰᠬᠡᠬᠦ ᠨᠢ ᠲᠡᠷᠢᠭᠦᠨ ᠴᠢᠬᠤᠯᠨ ᠪᠢᠯᠨ᠃ ᠭᠡᠬᠦ ᠳᠤ ᠪᠠᠨ ᠡᠯ᠎ᠡ ᠵᠦᠢᠯ ᠤᠨ ᠬᠦᠮᠥᠵᠢᠯ ᠨᠢ ᠰᠠᠯᠤᠩᠬᠢᠲᠠ | ᠶᠠᠪᠤᠭᠳᠠᠳᠠᠭ ᠦᠭᠡᠢ᠃ ᠵᠢᠱᠢᠶᠡᠯᠡᠪᠡᠯ᠄ ᠴᠠᠬᠢᠯᠳᠠᠭ ᠲᠡᠭᠦᠵᠦ ᠲᠠᠰᠢᠭᠤᠷ ᠭᠥᠷᠥᠬᠦ ᠪᠠᠷ ᠠᠪᠴᠤ ᠦᠵᠡᠬᠦ ᠳᠤ᠂ ᠪᠡᠶ᠎ᠡ | ᠮᠠᠬᠠᠪᠤᠳ ᠨᠢ ᠴᠢᠭᠢᠷᠠᠭᠵᠢᠬᠤ ᠶᠢᠨ ᠳᠠᠭᠠᠤ ᠤᠬᠠᠭᠠᠨ ᠰᠠᠨᠠᠭ᠎ᠠ ᠨᠢ ᠴᠦ ᠬᠥᠭᠵᠢᠳᠡᠭ᠃ ᠶᠠᠷᠦᠨᠢ ᠬᠥᠳᠡᠯᠭᠡᠭᠡᠨ ᠪᠣᠯᠣᠨ | ᠤᠬᠠᠭᠠᠨ ᠬᠤᠶᠠᠷ ᠰᠠᠯᠤᠩᠭᠢᠲᠠ ᠪᠢᠰᠢ᠂ ᠬᠠᠷᠢᠨ ᠪᠣᠳᠣᠯᠢᠶᠠᠨᠲᠠᠢ ᠬᠥᠳᠡᠯᠭᠡᠭᠡᠨ ᠨᠢ ᠪᠡᠶ᠎ᠡ ᠶᠢ ᠴᠢᠭᠢᠷᠠᠭᠵᠢᠭᠤᠯᠬᠤ | ᠮᠥᠷᠲᠡᠭᠡᠨ ᠲᠠᠷᠢᠬᠢᠨ ᠤ ᠬᠥᠭᠵᠢᠯᠲᠡ ᠶᠢ ᠠᠬᠢᠭᠤᠯᠳᠠᠭ᠃ ᠣᠨᠴᠠᠭᠠᠶᠢᠯᠠᠨ ᠶᠣᠰᠣ ᠰᠤᠷᠲᠠᠬᠤᠨ ᠤ ᠬᠥᠮᠥᠵᠢᠯ ᠢ | ᠳᠠᠩᠨᠠᠨ ᠬᠢᠵᠦ ᠪᠣᠯᠳᠠᠭ ᠦᠭᠡᠢ᠃ ᠤᠴᠢᠷ ᠨᠢ ᠬᠡᠦᠬᠡᠳ ᠪᠤᠰᠤᠳ ᠤᠨ ᠬᠡᠯᠡᠵᠦ ᠰᠤᠷᠭᠠᠬᠤ ᠳᠤ ᠴᠠᠭᠠᠨ᠎ᠠ ᠠᠴᠠ ᠪᠠᠨ | ᠳᠤᠷ᠎ᠠ ᠦᠭᠡᠢ ᠪᠠᠶᠢᠳᠠᠭ᠃ ᠲᠡᠷᠨ ᠮᠥᠷᠲᠡᠭᠡᠨ ᠳᠠᠩ ᠴᠤᠯᠭᠤᠢ ᠦᠭᠡᠯᠡᠵᠦ ᠶᠠᠩᠰᠢᠬᠤ ᠮᠠᠶ᠋ᠢᠭ ᠤᠨ ᠬᠥᠮᠥᠵᠢᠯ ᠤᠨ | ᠠᠷᠭ᠎ᠠ ᠨᠢ ᠭᠡᠳᠡᠷᠭᠦ ᠪᠠᠨ ᠡᠰᠡᠷᠭᠦ ᠦᠢᠯᠡᠳᠦᠯ ᠭᠠᠷᠭᠠᠬᠤ ᠳᠤ ᠬᠦᠷᠳᠡᠭ᠃ ᠬᠠᠷᠢᠨ ᠲᠡᠭᠦᠨ ᠳᠤ ᠵᠢᠭᠠᠵᠤ ᠪᠠᠶᠢᠨ᠎ᠠ | ᠭᠡᠵᠤ ᠮᠡᠳᠡᠭᠳᠡᠬᠦ ᠦᠭᠡᠢ ᠪᠠᠷ ᠰᠤᠷᠭᠠᠬᠤ ᠪᠣᠯ ᠬᠠᠮᠤᠭ ᠤᠨ ᠰᠠᠶᠢᠨ ᠰᠤᠷᠭᠠᠯᠲᠠ ᠶᠢᠨ ᠠᠷᠭ᠎ᠠ ᠪᠣᠯᠣᠨ᠎ᠠ᠃ ᠮᠣᠩᠭᠤᠯ | ᠠᠷᠠᠳ ᠤᠨ ᠬᠥᠮᠥᠵᠢᠯ ᠳᠤ ᠰᠢᠳᠦᠯᠭᠡ ᠪᠢᠰᠢᠷᠡᠯ ᠴᠢᠬᠤᠯᠨ ᠦᠢᠯᠡᠳᠦᠯ ᠭᠠᠷᠭᠠᠳᠠᠭ᠃ ᠡᠭᠦᠨ ᠳᠤ ᠣᠨᠴᠠᠭᠠᠶᠢᠯᠠᠨ | ᠳᠤᠷᠠᠳᠤᠭᠤᠰᠢᠲᠠᠢ ᠨᠢ᠂ ︽ᠮᠠᠭᠤ ᠢᠷᠸ᠎ᠠ︾ ᠶᠢᠨ ᠲᠤᠬᠠᠢ ᠣᠶᠢᠯᠠᠭᠠᠯᠲᠠ ᠪᠣᠯᠬᠤ ᠶᠤᠮ᠃ ᠬᠡᠦᠬᠡᠳ ᠠᠬᠠᠮᠠᠳ | ᠨᠠᠰᠤᠲᠠᠨ ᠢᠶᠠᠨ ᠬᠦᠨᠳᠦᠯᠡᠬᠦ ᠦᠭᠡᠢ᠂ ᠴᠢᠭ ᠢᠶᠠᠷ ᠢᠶᠠᠨ ᠪᠠᠶᠢᠭ᠎ᠠ ᠠᠮᠢᠲᠠᠨ ᠤ ᠠᠮᠢ ᠶᠢ ᠬᠥᠨᠥᠭᠡᠬᠦ᠂ ᠮᠠᠯ | ᠠᠳᠤᠭᠤᠰᠤ ᠶᠢ ᠵᠤᠪᠠᠭᠠᠬᠤ᠂ ᠣᠪᠤᠭ᠎ᠠ ᠪᠤᠯᠠᠭ ᠤᠨ ᠮᠣᠳᠣ ᠴᠢᠯᠠᠭᠤ ᠶᠢ ᠬᠥᠳᠡᠯᠭᠡᠬᠦ᠂ ᠬᠥᠮᠥᠨ ᠢ ᠬᠠᠷᠢᠶᠠᠬᠤ | ᠮᠡᠲᠦ ᠶᠢᠨ ᠨᠠᠵᠠᠭᠠᠢ ᠦᠢᠯᠡᠳᠦᠯ ᠬᠢᠬᠦ ᠦᠶᠡᠰ ︽ᠮᠠᠭᠤ ᠢᠷᠸ᠎ᠠ︾ ᠪᠣᠯᠣᠨ᠎ᠠ ᠭᠡᠵᠤ ᠬᠤᠷᠢᠭᠯᠠᠳᠠᠭ᠃ ᠬᠡᠦᠬᠡᠳ | ᠦᠨᠡᠬᠡᠷ ︽ᠮᠠᠭᠤ ᠢᠷᠸ᠎ᠠ︾ ᠠᠴᠠ ᠠᠶᠤᠵᠤ᠂ ᠶᠣᠰᠤ ᠦᠭᠡᠢ ᠶᠠᠪᠤᠳᠠᠯ ᠭᠠᠷᠭᠠᠬᠤ ᠠᠴᠠ ᠬᠢᠴᠢᠶᠡᠵᠦ᠂ ᠶᠠᠪᠤᠭᠠᠨ ᠳᠤ | ᠤᠬᠠᠮᠰᠠᠷ ᠠᠴᠠ ᠪᠠᠨ ᠨᠡᠶᠢᠭᠡᠮ ᠤᠨ ᠬᠡᠪ ᠳᠦᠷᠢᠮ ᠢ ᠰᠠᠬᠢᠳᠠᠭ ᠢᠷᠭᠡᠨ ᠪᠤᠯᠵᠤ ᠬᠥᠮᠥᠵᠢᠭᠳᠡᠳᠡᠭ ᠪᠠᠶᠢᠨ᠎ᠠ᠃ | ᠨᠠᠭᠠᠳᠤᠮ ᠲᠤᠭᠯᠠᠭᠠᠮ ᠪᠣᠯᠣᠨ ᠬᠥᠳᠡᠯᠮᠦᠷᠢ ᠪᠣᠯ ᠬᠡᠦᠬᠡᠳ ᠤᠨ ᠬᠥᠭᠵᠢᠯᠲᠡ ᠶᠢ ᠠᠬᠢᠭᠤᠯᠬᠤ ᠬᠠᠮᠤᠭ ᠤᠨ | ᠦᠨᠳᠦᠰᠦᠨ ᠠᠷᠭ᠎ᠠ ᠬᠡᠷᠡᠭᠯᠡᠭᠦᠷ ᠪᠣᠯᠣᠨ᠎ᠠ᠃ ᠶᠠᠷᠦᠨᠢ ᠪᠡᠶ᠎ᠡ ᠪᠢᠯᠳᠠᠷ᠂ ᠶᠣᠰᠣ ᠰᠤᠷᠲᠠᠬᠤᠨ᠂ ᠣᠶᠤᠨ ᠤᠬᠠᠭᠠᠨ | ᠪᠤᠯᠣᠨ ᠭᠤᠸ᠎ᠠ ᠰᠠᠶᠢᠬᠠᠨ ᠤ ᠬᠥᠮᠥᠵᠢᠯ ᠨᠢ ᠴᠦ ᠲᠣᠭᠯᠠᠭᠠᠮ ᠪᠣᠯᠣᠨ ᠬᠥᠳᠡᠯᠮᠥᠷᠢ ᠶᠢᠨ ᠶᠠᠪᠤᠴᠠ ᠳᠤ ᠠᠶᠠᠨᠳᠠᠭᠠᠨ | ᠶᠠᠪᠤᠭᠳᠠᠳᠠᠭ᠃ ᠲᠣᠭᠯᠠᠭᠠᠮ ᠨᠠᠭᠠᠳᠤᠮ ᠪᠣᠯ ᠬᠡᠦᠬᠡᠳ ᠢ ᠪᠠᠭᠲᠠᠭᠠᠭᠰᠠᠨ ᠣᠯᠠᠩᠬᠢ ᠨᠢᠯᠬ᠎ᠠ ᠠᠮᠢᠲᠠᠨ ᠤ ᠬᠤᠵᠢᠮ | ᠪᠡᠶ᠎ᠡ ᠪᠠᠨ ᠳᠠᠭᠠᠭᠠᠵᠤ ᠠᠮᠢᠳᠤᠷᠠᠬᠤ ᠤᠷ᠎ᠠ ᠴᠢᠳᠠᠪᠤᠷᠢ ᠪᠠᠨ ᠣᠯᠵᠤ ᠠᠪᠬᠤ ᠦᠨᠳᠦᠰᠦᠨ ᠳᠠᠰᠬᠠᠯ ᠪᠢᠯᠨ᠃ | ᠵᠢᠱᠢᠶᠡᠯᠡᠪᠡᠯ᠄ ᠠᠷᠢᠶᠠᠲᠠᠨ ᠤ ᠵᠤᠯᠵᠠᠭ᠎ᠠ ᠠᠩᠨᠠᠬᠤ ᠮᠡᠷᠭᠡᠵᠢᠯ ᠢ ᠲᠤᠭᠯᠠᠭᠠᠮ ᠤᠨ ᠳᠤᠮᠳᠠ ᠡᠵᠡᠮᠰᠢᠳᠡᠭ ᠪᠣᠯ | ᠭᠥᠷᠥᠭᠡᠰᠦᠨ ᠤ ᠵᠤᠯᠵᠠᠭ᠎ᠠ ᠠᠷᠢᠶᠠᠲᠠᠨ ᠠᠴᠠ ᠪᠡᠶ᠎ᠡ ᠪᠠᠨ ᠬᠠᠮᠠᠭᠠᠯᠠᠬᠤ ᠴᠢᠳᠠᠪᠤᠷᠢ ᠶᠢ ᠮᠥᠨ ᠲᠤᠭᠯᠠᠭᠠᠮ ᠤᠨ ᠳᠤᠮᠳᠠ | ᠡᠵᠡᠮᠰᠢᠵᠦ ᠠᠪᠳᠠᠭ᠃ ᠲᠡᠭᠦᠨᠴᠢᠯᠡᠨ ᠬᠡᠦᠬᠡᠳ ᠴᠦ ᠭᠡᠰᠡᠨ ᠠᠳᠠᠯᠢᠬᠠᠨ ᠨᠡᠶᠢᠭᠡᠮ ᠳᠡᠭᠡᠷ᠎ᠡ ᠣᠷᠣᠰᠢᠨ ᠲᠣᠭᠲᠠᠨᠢᠬᠤ | ᠤᠷ᠎ᠠ ᠴᠢᠳᠠᠪᠤᠷᠢ ᠪᠠᠨ ᠲᠤᠭᠯᠠᠭᠠᠮ ᠪᠣᠯᠣᠨ ᠬᠥᠳᠡᠯᠮᠦᠷᠢ ᠶᠢᠨ ᠳᠤᠮᠳᠠ ᠪᠦᠷᠢᠯᠳᠦᠭᠦᠯᠵᠦ ᠠᠪᠳᠠᠭ ᠶᠤᠮ᠃ ᠬᠡᠦᠬᠡᠳ | ᠨᠢᠭᠡᠪᠦᠷᠢ ᠮᠠᠰᠢ ᠭᠠᠷᠮᠠᠭᠠᠢ ᠵᠥᠴᠥᠭᠡᠴᠢᠨ ᠪᠠᠶᠢᠳᠠᠭ᠃ ᠬᠤᠲᠠ ᠠᠶᠢᠯ ᠤᠨ ᠬᠡᠦᠬᠡᠳ ᠤᠳ ᠠᠯᠢ ᠳᠤᠷ᠎ᠠ ᠲᠠᠢ | ᠴᠠᠭ ᠲᠤ ᠪᠠᠨ ᠪᠥᠭᠡᠮᠨᠡᠷᠡᠵᠦ ︽ᠵᠥᠴᠥᠭᠡ ᠶᠢᠨ ᠳᠡᠪᠲᠡᠷ︾ ᠢᠶᠠᠨ ᠬᠡᠨ ᠨᠢᠭᠡ ᠨᠢ ᠪᠠᠷᠢᠨ ᠨᠠᠶᠢᠷᠠᠭᠤᠯᠵᠤ᠂ | ᠲᠡᠭᠦᠨ ᠳᠤ ᠪᠠᠨ ᠨᠡᠶᠢᠭᠡᠮ ᠤᠨ ᠦᠨᠳᠦᠰᠦᠨ ᠬᠠᠷᠢᠯᠴᠠᠭ᠎ᠠ ᠶᠢ ᠴᠣᠮᠬᠠᠳᠬᠠᠨ ᠳᠤᠰᠬᠠᠳᠠᠭ᠃ ᠲᠡᠭᠡᠭᠡᠳ ᠬᠥᠮᠥᠨ | ᠪᠦᠷᠢ ᠥᠪᠡᠷ ᠥᠪᠡᠷ ᠤᠨ ᠳᠦᠷᠢ ᠳᠤ ᠪᠠᠨ ᠮᠠᠰᠢ ᠣᠨᠣᠪᠴᠢᠲᠠᠢ ᠤᠷᠤᠵᠤ ᠴᠢᠳᠠᠳᠠᠭ᠃ ︽ᠵᠥᠴᠥᠭᠡᠯᠡᠬᠦ︾ | ᠶᠠᠪᠤᠴᠠ ᠳᠤ ᠬᠡᠦᠬᠡᠳ ᠤᠳ ᠤᠨ ᠬᠡᠯᠨ ᠶᠠᠷᠢᠶᠠᠨ ᠤ ᠰᠤᠶᠤᠯ᠂ ᠨᠡᠶᠢᠭᠡᠮ ᠤᠨ ᠬᠠᠷᠢᠯᠴᠠᠭ᠎ᠠ ᠪᠤᠯᠤᠨ ᠶᠤᠰᠤ | ᠰᠤᠷᠲᠠᠬᠤᠨ ᠤ ᠬᠡᠮ ᠬᠡᠮᠵᠢᠶ᠎ᠡ ᠠᠶᠠᠨᠳᠠᠭᠠᠨ ᠲᠥᠯᠥᠪᠰᠢᠳᠡᠭ ᠪᠠᠶᠢᠨ᠎ᠠ᠃ ᠡᠨᠡ ᠨᠢ ᠬᠡᠦᠬᠡᠳ ᠬᠡᠦᠬᠡᠳ ᠢᠶᠠᠨ ᠢᠯᠡᠭᠦᠦ | ᠣᠶᠢᠯᠠᠭᠠᠳᠠᠭ ᠮᠥᠷᠲᠡᠭᠡᠨ ᠪᠡᠶ᠎ᠡ ᠪᠡᠶ᠎ᠡ ᠪᠠᠨ ᠠᠮᠠᠷᠬᠠᠨ ᠨᠥᠯᠥᠭᠡᠯᠡᠳᠡᠭ ᠠᠴᠠ ᠪᠣᠯᠵᠤ ᠪᠠᠶᠢᠨ᠎ᠠ᠃ ᠬᠡᠦᠬᠡᠳ ᠤᠨ | ᠲᠤᠭᠯᠠᠭᠠᠮ ᠳᠤ ᠭᠡᠷ ᠪᠦᠯᠢ ᠶᠢᠨ ᠬᠠᠷᠢᠯᠴᠠᠭ᠎ᠠ᠂ ᠨᠠᠶᠢᠵᠠ ᠨᠥᠬᠦᠳ ᠤᠨ ᠬᠠᠷᠢᠯᠴᠠᠭ᠎ᠠ᠂ ᠨᠡᠶᠢᠭᠡᠮ ᠤᠨ ᠠᠵᠢᠯ | ᠲᠥᠷᠥᠯ᠂ ᠠᠵᠤ ᠠᠬᠤᠢ ᠶᠢᠨ ᠦᠢᠯᠡᠳᠪᠦᠷᠢᠯᠡᠯ᠂ ᠵᠠᠩ ᠦᠢᠯᠨ ᠭᠡᠬᠦᠴᠢᠯᠡᠨ ᠨᠡᠶᠢᠭᠡᠮ ᠤᠨ ᠥᠷᠭᠡᠨ ᠴᠠᠷᠠᠭ᠎ᠠ | ᠬᠦᠷᠢᠶ᠎ᠡ ᠶᠢ ᠪᠠᠭᠳᠠᠭᠠᠳᠠᠬ᠃ ︽ᠵᠥᠴᠦᠭᠡᠯᠡᠵᠦ︾ ᠲᠤᠭᠯᠠᠬᠤ ᠠᠴᠠ ᠭᠠᠳᠠᠨ᠎ᠠ ᠬᠡᠦᠬᠡᠳ ᠤᠳ ᠪᠤᠭᠤ᠂ ᠰᠢᠲᠠᠷ᠎ᠠ | ᠮᠡᠲᠦ ᠶᠢᠨ ᠬᠥᠯᠭᠡᠲᠦ ᠲᠤᠭᠯᠠᠭᠠᠮ ᠢᠶᠠᠷ ᠤᠢ ᠪᠢᠯᠢᠭ ᠢᠶᠠᠨ ᠬᠤᠷᠴᠠᠯᠠᠵᠤ᠂ ᠱᠠᠭ᠎ᠠ ᠨᠠᠭᠠᠳᠴᠤ ᠬᠥᠳᠡᠯᠭᠡᠭᠡᠨ ᠤ | ᠡᠪᠰᠢᠯ ᠢᠶᠠᠨ ᠰᠠᠶᠢᠵᠢᠷᠠᠭᠤᠯᠳᠠᠭ᠃ ᠵᠥᠪᠬᠡᠨ ᠱᠠᠭ᠎ᠠ ᠲᠤᠭᠯᠠᠭᠠᠮ ᠢᠶᠠᠷ ᠠᠪᠴᠤ ᠦᠵᠡᠬᠦ ᠳᠤ ᠲᠤᠭᠯᠠᠬᠤ ᠲᠥᠷᠥᠯ | ᠵᠦᠢᠯ ᠨᠢ ᠣᠯᠠᠨ ᠪᠠᠶᠢᠳᠠᠭ ᠪᠥᠭᠡᠳ ᠦᠢᠯᠡᠳᠦᠯ ᠨᠢ ᠴᠦ ᠬᠠᠷᠢᠯᠴᠠᠨ ᠠᠳᠠᠯᠢ ᠦᠭᠡᠢ ᠪᠠᠶᠢᠳᠠᠭ᠃ ᠱᠠᠭ᠎ᠠ | ᠨᠠᠭᠠᠳᠬᠤ ᠳᠤ ᠡᠬᠢᠯᠡᠬᠦ ᠡᠷᠬᠡ ᠶᠢ ᠣᠯᠬᠤ ᠳᠤ ᠤᠷᠢᠳᠠᠪᠠᠷ ᠨᠠᠰᠤ ᠪᠠᠷ ᠬᠠᠮᠤᠭ ᠤᠨ ᠠᠬᠠᠮᠠᠳ ᠨᠢ ᠡᠬᠢᠯᠡᠵᠦ ᠪᠦᠩᠵᠦᠭ | ︵ᠬᠤᠶᠠᠷ ᠱᠠᠭ᠎ᠠ ᠡᠭᠡᠯᠵᠢᠯᠡᠨ ᠣᠷᠬᠢᠭᠠᠳ ᠬᠡᠨ ᠤ ᠬᠢᠨᠢ ᠢᠵᠢᠯ ᠪᠠᠭᠤᠪᠠᠯ ᠲᠡᠷᠨ ᠬᠥᠮᠥᠨ ᠡᠬᠢᠯᠡᠬᠦ ᠡᠷᠬᠡ ᠶᠢ ᠣᠯᠳᠠᠭ | ︶ ᠤᠷᠬᠢᠳᠠᠭ᠂ ᠡᠨᠡ ᠨᠢ ᠨᠠᠰᠤᠲᠠᠨ ᠢᠶᠠᠨ ᠬᠥᠨᠳᠦᠯᠡᠬᠦ ᠰᠠᠶᠢᠬᠠᠨ ᠬᠥᠮᠥᠵᠢᠯ ᠪᠤᠯᠳᠠᠭ᠃ ᠱᠠᠭ᠎ᠠ ᠨᠠᠭᠠᠳᠬᠤ ᠳᠤ ᠲᠤᠰ | ᠲᠤᠰ ᠤᠨ ᠨᠠᠷᠢᠨ ᠳᠦᠷᠢᠮ ᠪᠠᠶᠢᠳᠠᠭ᠃ ᠵᠢᠷᠠᠨ ᠱᠠᠭ᠎ᠠ ᠣᠷᠬᠢᠭᠠᠳ ᠵᠢᠷᠭᠤᠭᠠᠨ ᠱᠠᠭ᠎ᠠ ᠠᠪᠬᠤ ᠠᠴᠠ ᠡᠮᠦᠨ᠎ᠡ | ᠡᠪᠳᠡᠷᠡᠪᠡᠯ ᠪᠦᠲᠦᠨ ᠢᠶᠠᠷ ᠨᠢ ᠳᠠᠷᠠᠭ᠎ᠠ ᠶᠢᠨ ᠬᠥᠮᠥᠨ ᠳᠤ ᠰᠢᠯᠵᠢᠭᠦᠯᠳᠡᠭ᠃ ᠬᠠᠷᠪᠤᠭᠰᠠᠨ ᠭᠠᠷ ᠢᠶᠠᠷ ᠱᠠᠭ᠎ᠠ ᠠᠪᠬᠤ | ᠦᠭᠡᠢ᠃ ᠱᠠᠭ᠎ᠠ ᠲᠠᠢ ᠭᠠᠷ ᠢᠶᠠᠷ ᠱᠠᠭ᠎ᠠ ᠠᠪᠬᠤ ᠦᠭᠡᠢ᠃ ᠭᠦᠯᠢᠮ ᠵᠠᠩᠭᠠᠵᠤ ᠪᠤᠯᠳᠠᠭ ᠦᠭᠡᠢ᠃ ᠬᠠᠷᠪᠤᠬᠤ ᠭᠡᠰᠡᠨ | ᠱᠠᠭ᠎ᠠ ᠪᠠᠨ ᠵᠠᠩᠭᠠᠵᠤ ᠪᠤᠯᠳᠠᠭ ᠦᠭᠡᠢ ᠭᠡᠬᠦᠴᠢᠯᠡᠨ ᠮᠠᠰᠢ ᠴᠢᠩᠭ᠎ᠠ ᠶᠣᠰᠣ ᠳᠢᠭᠯᠢᠮ ᠲᠠᠢ ᠪᠠᠶᠢᠳᠠᠭ ᠨᠢ ᠵᠠᠯᠠᠭᠤ | ᠪᠠᠭᠠᠴᠣᠳ ᠲᠤ ᠳᠦᠷᠢᠮ ᠭᠤᠷᠢᠮ ᠤᠨ ᠤᠬᠠᠮᠰᠠᠷ ᠢ ᠬᠦᠮᠦᠵᠢᠭᠦᠯᠬᠦ ᠳᠤ ᠲᠦᠢᠯ ᠤᠨ ᠠᠰᠢᠭᠲᠠᠢ ᠪᠠᠶᠢᠳᠠᠭ᠃ ᠱᠠᠭ᠎ᠠ | ᠨᠠᠭᠠᠳᠬᠤ ᠳᠤ ︽ᠳᠤᠯᠤᠭᠠᠨ ᠳᠤᠭᠤᠢ ᠣᠷᠬᠢᠬᠤ︾ ᠭᠡᠵᠤ ᠪᠠᠶᠢᠳᠠᠭ ᠨᠢ ᠱᠠᠭ᠎ᠠ ᠨᠢᠰᠠᠯᠵᠤ ᠪᠠᠶᠢᠬᠤ | ᠡᠭᠡᠯᠵᠢᠨ ᠳᠤ ᠪᠠᠨ ᠳᠠᠭᠤ ᠭᠠᠷᠴᠤ ᠪᠤᠯᠳᠠᠭ ᠦᠭᠡᠢ᠂ ᠡᠨᠡ ᠨᠢ ᠲᠡᠰᠪᠦᠷᠢ ᠲᠡᠪᠴᠢᠶᠡᠷᠢ ᠶᠢ ᠬᠥᠮᠥᠵᠢᠭᠦᠯᠬᠦ ᠰᠠᠶᠢᠨ | ᠠᠷᠭ᠎ᠠ ᠪᠢᠯᠨ᠃ ᠱᠠᠭ᠎ᠠ ᠨᠢᠰᠠᠯᠬᠤ᠂ ᠬᠠᠯᠵᠠ ᠬᠠᠷᠪᠤᠬᠤ᠂ ᠤᠨᠳᠤᠭᠠ ᠠᠪᠬᠤ ᠵᠡᠷᠭᠡ ᠨᠢ ᠬᠡᠳᠦᠨ ᠵᠦᠢᠯ ᠤᠨ | ᠦᠢᠯᠨ ᠶᠢ ᠬᠤᠷᠴᠠ ᠱᠠᠯᠠᠮᠠᠭ ᠵᠤᠬᠢᠴᠠᠭᠤᠯᠬᠤ ᠶᠢ ᠱᠠᠭᠠᠷᠳᠠᠳᠠᠭ᠃ ︽ᠮᠠᠯ ᠦᠨᠡᠯᠡᠬᠦ︾ ᠭᠡᠳᠡᠭ ᠨᠠᠭᠠᠳᠤᠮ ᠨᠢ | ᠲᠤᠭᠠᠨ ᠤ ᠤᠬᠠᠭᠠᠨ ᠤ ᠴᠡᠭᠡᠵᠢ ᠪᠣᠳᠣᠯᠭ᠎ᠠ ᠶᠢ ᠴᠠᠭᠠᠷᠠᠭᠤᠯᠬᠤ ᠦᠢᠯᠡᠳᠦᠯ ᠲᠠᠢ ᠪᠥᠭᠡᠳ ᠮᠥᠨ ᠴᠦ ᠠᠬᠤᠢ | ᠠᠮᠢᠳᠤᠷᠠᠯ ᠳᠤ ᠮᠠᠯ ᠠᠷᠠᠯᠵᠢᠶᠠᠯᠠᠬᠤ ᠤᠬᠠᠭᠠᠨ ᠤ ᠠᠩᠬᠠᠨ ᠤ ᠰᠠᠭᠤᠷᠢ ᠶᠢ ᠲᠠᠯᠪᠢᠵᠤ ᠪᠠᠶᠢᠭ᠎ᠠ ᠶᠠᠪᠤᠳᠠᠯ ᠮᠥᠨ᠃ | ᠤᠷᠢᠨ ᠳᠤᠯᠠᠭᠠᠨ ᠴᠠᠭ ᠤᠨ ᠲᠤᠭᠯᠠᠭᠠᠮ ᠨᠠᠭᠠᠳᠤᠮ ᠭᠤᠣᠯᠳᠠᠭᠤ ᠬᠡᠭᠡᠷ᠎ᠡ ᠭᠠᠳᠠᠨ᠎ᠠ ᠶᠠᠪᠤᠭᠳᠠᠳᠠᠭ᠃ ᠪᠢᠳᠡᠨ ᠤ | ᠰᠠᠶᠢᠨ ᠮᠡᠳᠡᠳᠡᠭ ᠪᠥᠬᠡ ᠪᠠᠷᠢᠯᠳᠤᠬᠤ᠂ ᠠᠯᠴᠢᠭᠤᠷ ᠬᠠᠶᠠᠬᠤ ᠠᠴᠠ ᠭᠠᠳᠠᠨ᠎ᠠ ︽ᠲᠠᠷᠪᠠᠭᠠᠴᠠᠭᠠᠬᠤ︾᠂ ︽ | ᠠᠳᠤᠭᠤᠴᠠᠭᠠᠬᠤ︾᠂ ︽ᠲᠡᠮᠡᠭᠡᠴᠡᠭᠡᠬᠦ︾ ᠭᠡᠳ ᠶᠡᠭᠡ ᠣᠯᠠᠨ ᠶᠠᠩᠵᠤ ᠶᠢᠨ ᠨᠠᠭᠠᠳᠤᠮ ᠪᠠᠶᠢᠳᠠᠭ᠃ ᠲᠡᠷᠨ ᠨᠢ ᠶᠡᠭᠡ | ᠪᠠᠶᠢᠭᠠᠯᠢ ᠶᠢᠨ ᠨᠡᠷᠨ ᠰᠠᠯᠬᠢᠨ᠂ ᠬᠥᠷᠥᠰᠥ ᠰᠢᠷᠤᠢ ᠠᠴᠠ ᠡᠷᠴᠢ ᠰᠢᠮ᠎ᠡ ᠠᠪᠴᠤ ᠪᠡᠶ᠎ᠡ ᠮᠠᠬᠠᠪᠤᠳ ᠢᠶᠠᠨ | ᠴᠢᠭᠢᠷᠠᠭᠵᠢᠭᠤᠯᠬᠤ ᠬᠠᠮᠤᠭ ᠤᠨ ᠰᠠᠶᠢᠨ ᠠᠷᠭ᠎ᠠ ᠪᠤᠯᠳᠠᠭ᠃ | ᠮᠤᠩᠭᠤᠯ ᠠᠷᠠᠳ ᠤᠨ ᠬᠥᠳᠡᠯᠮᠦᠷᠢ ᠶᠢᠨ ᠬᠥᠮᠥᠵᠢᠯ ᠨᠢ ᠮᠥᠨ ᠴᠦ ᠡᠷᠲᠡ ᠡᠬᠢᠯᠡᠳᠡᠭ᠃ ᠭᠡᠬᠦ ᠳᠤ ᠪᠠᠨ | ᠬᠡᠦᠬᠡᠳ ᠢ ᠠᠯᠪᠠᠳᠠᠵᠤ ᠬᠥᠳᠡᠯᠮᠦᠷᠢᠯᠡᠭᠦᠯᠳᠡᠭ ᠦᠭᠡᠢ᠃ ᠬᠠᠷᠢᠨ ᠬᠡᠦᠬᠡᠳ ᠤᠨ ᠳᠠᠭᠤᠷᠢᠶᠠᠮᠠᠳᠠᠭᠠᠢ ᠵᠠᠩ ᠢ ᠠᠰᠢᠭᠯᠠᠨ | ᠲᠣᠭᠯᠠᠭᠠᠮ ᠲᠠᠢ ᠬᠤᠤᠰᠯᠠᠭᠤᠯᠵᠤ ᠢᠳᠡᠭ ᠢᠳᠡᠭ ᠢᠶᠠᠷ ᠬᠥᠳᠡᠯᠮᠦᠷᠢ ᠳᠤ ᠳᠠᠰᠬᠠᠳᠠᠭ᠃ ᠵᠢᠱᠢᠶᠡᠯᠡᠪᠡᠯ᠄ ᠬᠡᠦᠬᠡᠳ ᠲᠤ | ᠥᠪᠡᠷ ᠲᠤ ᠨᠢ ᠲᠣᠬᠢᠷᠠᠭᠰᠠᠨ ᠬᠥᠳᠡᠯᠮᠦᠷᠢ ᠶᠢᠨ ᠪᠠᠭᠠᠵᠢ ᠲᠦᠬᠦᠭᠡᠷᠴᠦ ᠥᠭᠭᠦᠨ᠎ᠡ᠃ ᠬᠦᠦ ᠬᠦᠮᠦᠨ ᠳᠤ ᠪᠢᠴᠢᠬᠠᠨ | ᠤᠷᠭ᠎ᠠ᠂ ᠲᠠᠰᠢᠭᠤᠷ᠂ ᠦᠬᠢᠨ ᠬᠡᠦᠬᠡᠳ ᠲᠤ ᠪᠣᠯ ᠪᠢᠴᠢᠬᠠᠨ ᠱᠡᠭᠡᠵᠡᠭᠡᠢ᠂ ᠰᠠᠪᠠᠷ ᠮᠡᠲᠦ ᠶᠢ ᠬᠢᠭᠡᠳ ᠥᠭᠴᠢᠬᠡᠪᠡᠯ | ᠲᠡᠳᠡ ᠲᠣᠮᠤ ᠬᠥᠮᠥᠨ ᠢ ᠳᠠᠭᠤᠷᠢᠶᠠᠵᠤ ᠬᠥᠳᠡᠯᠮᠦᠷᠢ ᠬᠢᠵᠦ ᠡᠬᠢᠯᠡᠳᠡᠭ᠃ ᠭᠡᠬᠦ ᠳᠤ ᠪᠠᠨ ᠬᠡᠦᠬᠡᠳ ᠤᠨ | ᠬᠥᠳᠡᠯᠮᠦᠷᠢ ᠨᠢ ᠠᠩᠬᠠᠨ ᠤ ᠱᠠᠲᠤᠨ ᠳᠤ ᠪᠠᠨ ᠭᠤᠣᠯᠳᠠᠭᠤ ᠪᠡᠯᠭᠡᠳᠡᠯ ᠤᠨ ᠰᠢᠨᠵᠢ ᠲᠠᠢ ᠪᠠᠶᠢᠳᠠᠭ᠃ ᠪᠢᠴᠢᠬᠠᠨ | ᠰᠠᠭᠤᠯᠠᠭ᠎ᠠ ᠪᠠᠷᠢᠭᠤᠯᠤᠭᠠᠳ ᠠᠷᠭᠠᠯ ᠠᠪᠤᠭᠠᠳ ᠢᠷ᠎ᠡ ᠭᠡᠬᠦ ᠳᠤ ᠭᠠᠭᠴᠠ ᠪᠥᠭᠡᠮ ᠨᠦᠢᠲᠠᠨ ᠠᠷᠭᠠᠯ ᠬᠢᠭᠡᠳ ᠢᠷᠡᠵᠦ | ᠮᠠᠭᠠᠳ ᠦᠭᠡᠢ᠃ ᠲᠡᠭᠡᠬᠦ ᠳᠤ ᠬᠡᠦᠬᠡᠳ ᠢ ᠵᠢᠮᠡᠯᠡᠳᠡᠭ ᠦᠭᠡᠢ᠃ ᠮᠢᠨᠤ ᠬᠦᠦ ᠲᠤᠰᠠ ᠳᠤ ᠣᠷᠤᠵᠤ ᠪᠠᠶᠢᠨ᠎ᠠ᠂ | ᠡᠵᠢ ᠪᠠᠨ ᠭᠦᠷᠦᠭᠦᠯᠦᠯᠡ ︵ᠭᠢᠯᠠᠶᠢᠯᠭᠠᠯᠠ︶ ᠭᠡᠵᠤ ᠤᠷᠮᠠᠰᠢᠭᠤᠯᠤᠭᠠᠳ ᠳᠠᠬᠢᠨ ᠥᠪᠡᠷ ᠢᠶᠠᠨ ᠶᠠᠪᠤᠵᠤ ᠲᠦᠯᠡᠬᠦ | ᠠᠷᠭᠠᠯ ᠢᠶᠠᠨ ᠣᠶᠢᠷᠠᠳᠤᠭᠤᠯᠳᠠᠭ᠃ ᠬᠠᠷᠢᠨ ᠬᠡᠦᠬᠡᠳ ᠤᠷᠮᠠᠰᠢᠵᠤ ᠡᠵᠢ ᠳᠤ ᠪᠠᠨ ᠲᠤᠰᠠ ᠪᠤᠯᠬᠤ ᠭᠡᠵᠤ | ᠤᠤᠯ ᠠᠴᠠ ᠪᠠᠨ ᠢᠯᠡᠭᠦᠦ ᠠᠷᠭᠠᠯ ᠡᠰᠡᠬᠦᠯ᠎ᠡ ᠬᠠᠭᠤᠷᠠᠢ ᠠᠷᠭᠠᠯ ᠵᠥᠭᠡᠭᠡᠵᠦ ᠢᠷᠡᠳᠡᠭ ᠪᠤᠯᠣᠨ᠎ᠠ᠃ ᠨᠢᠭᠡ ᠯᠡ | ᠮᠡᠳᠡᠬᠦ ᠳᠤ ᠬᠡᠦᠬᠡᠳ ᠬᠥᠳᠡᠯᠮᠦᠷᠢᠯᠡᠬᠦ ᠳᠤᠷ᠎ᠠ ᠲᠠᠢ᠂ ᠶᠡᠭᠡ ᠠᠵᠢᠯᠴᠢ ᠪᠣᠯᠵᠣ ᠬᠤᠪᠢᠷᠠᠳᠠᠭ᠃ ᠬᠡᠷᠪᠡ ᠬᠡᠦᠬᠡᠳ ᠢ | ᠳᠡᠩᠳᠡᠭᠦᠦ ᠪᠠᠭ᠎ᠠ ᠭᠡᠳ ᠠᠵᠢᠯ ᠬᠢᠯᠭᠡᠬᠦ ᠦᠭᠡᠢ ᠵᠥᠭᠡᠷ ᠰᠠᠭᠤᠯᠭᠠᠭᠠᠳ ᠪᠠᠶᠢᠪᠠᠯ ᠡᠴᠦᠰ ᠲᠤ ᠪᠠᠨ ᠬᠤᠶᠢᠷᠭᠤ | ᠵᠠᠯᠬᠠᠭᠤ ᠪᠣᠯᠬᠤ ᠠᠶᠤᠯᠲᠠᠢ ᠪᠠᠶᠢᠳᠠᠭ᠃ | ᠮᠣᠩᠭᠤᠯᠴᠣᠳ ᠬᠡᠦᠬᠡᠳ ᠲᠤ ᠪᠠᠨ ᠠᠮᠢᠳᠤᠷᠠᠬᠤ ᠴᠢᠳᠠᠪᠤᠷᠢ ᠣᠯᠭᠤᠬᠤ ᠠᠷᠭ᠎ᠠ ᠵᠦᠢ ᠶᠢᠨ ᠪᠣᠯᠪᠠᠰᠤᠷᠠᠩᠭᠤᠢ | ᠲᠤᠭᠲᠠᠯᠴᠠᠭ᠎ᠠ ᠲᠠᠢ ᠪᠠᠶᠢᠳᠠᠭ ᠶᠤᠮ᠃ | ᠨᠢᠭᠡ᠂ ᠮᠠᠯ ᠵᠢᠰᠦᠯᠡᠭᠦᠯᠬᠦ ᠪᠣᠯ ᠬᠡᠦᠬᠡᠳ ᠤᠨ ᠣᠯᠠᠨ ᠲᠠᠯ᠎ᠠ ᠶᠢᠨ ᠴᠢᠳᠠᠪᠤᠷᠢ ᠶᠢ ᠬᠥᠮᠥᠵᠢᠭᠦᠯᠬᠦ ᠦᠨᠳᠦᠰᠦᠨ | ᠠᠷᠭ᠎ᠠ ᠶᠢᠨ ᠨᠢᠭᠡ ᠪᠣᠯᠣᠨ᠎ᠠ᠃ ᠮᠠᠯ ᠲᠥᠯᠯᠡᠬᠦ ᠦᠶᠡᠰ ᠬᠡᠦᠬᠡᠳ ᠢᠶᠠᠷ ᠰᠢᠨ᠎ᠡ ᠲᠥᠯᠯᠡᠭᠰᠡᠨ ᠨᠢᠯᠬ᠎ᠠ ᠲᠥᠯ ᠪᠣᠯᠣᠨ | ᠡᠬᠡ ᠶᠢ ᠵᠢᠰᠦᠯᠡᠨ ᠲᠣᠭᠲᠠᠭᠠᠵᠤ᠂ ᠳᠠᠷᠠᠭ᠎ᠠ ᠤᠳᠠᠭ᠎ᠠ ᠲᠥᠯ ᠢ ᠨᠢ ᠡᠬᠡ ᠳᠤ ᠨᠢ ᠵᠥᠪ ᠣᠨᠣᠭᠠᠵᠤ ᠥᠭᠭᠦ ᠶᠢ | ᠱᠠᠭᠠᠷᠳᠠᠳᠠᠭ᠃ ᠴᠠᠭᠠᠨ ᠢᠰᠢᠭᠡ ᠶᠢ ᠬᠤᠭᠤᠷᠤᠨᠳᠤ ᠨᠢ ᠢᠯᠭᠠᠬᠤ ᠳᠤ ᠮᠠᠰᠢ ᠬᠦᠴᠢᠷ ᠪᠠᠶᠢᠳᠠᠭ᠃ ᠭᠡᠬᠦ ᠳᠤ ᠪᠠᠨ | ᠡᠭᠡᠭᠡ ᠠᠳᠠᠯᠢᠬᠠᠨ ᠬᠤᠶᠠᠷ ᠤᠰᠤᠨ ᠳᠤᠰᠤᠯ ᠪᠠᠶᠢᠳᠠᠭ ᠦᠭᠡᠢ ᠭᠡᠳᠡᠭᠴᠢᠯᠡᠨ ᠢᠬᠢᠷ᠎ᠡ ᠢᠰᠢᠭᠡ ᠴᠦ ᠭᠡᠰᠡᠨ ᠵᠠᠪᠠᠯ | ᠨᠢᠭᠡ ᠢᠯᠭᠠᠷᠠᠬᠤ ᠰᠢᠨᠵᠢ ᠪᠠᠶᠢᠳᠠᠭ᠃ ᠲᠡᠷᠨ ᠳᠠᠯᠳᠠ ᠨᠢᠭᠤᠴᠠᠭᠠᠢ ᠥᠯᠥ ᠮᠡᠳᠡᠭᠳᠡᠮ᠎ᠡ ᠢᠯᠭᠠᠷᠠᠬᠤ ᠰᠢᠨᠵᠢ ᠶᠢ | ᠡᠷᠢᠵᠦ ᠭᠠᠷᠭᠠᠬᠤ ᠪᠣᠯ ᠣᠯᠠᠨ ᠲᠠᠯ᠎ᠠ ᠶᠢᠨ ᠬᠤᠣᠰᠯᠠᠭᠰᠠᠨ ᠴᠢᠳᠠᠪᠤᠷᠢ ᠪᠣᠯᠣᠨ ᠲᠤᠷᠰᠢᠯᠭ᠎ᠠ ᠶᠢ ᠱᠠᠭᠠᠷᠳᠠᠳᠠᠭ᠃ | ᠨᠠᠭᠠᠳᠤ ᠵᠠᠬ᠎ᠠ ᠨᠢ ᠥᠩᠬᠡᠨ ᠤ ᠨᠠᠷᠢᠨ ᠢᠯᠭᠠᠭ᠎ᠠ ᠶᠢ ᠦᠵᠡᠵᠦ ᠭᠠᠷᠬᠤ ᠬᠡᠷᠡᠭᠲᠡᠢ᠃ ᠡᠭᠡᠭᠡ ᠠᠳᠠᠯᠢᠬᠠᠨ ᠴᠠᠭᠠᠨ | ᠪᠤᠯᠪᠠᠴᠤ ᠨᠠᠷᠢᠨ ᠠᠵᠢᠭᠯᠠᠪᠠᠯ ᠴᠠᠭᠠᠨ ᠤ ᠳᠤᠲᠤᠷ᠎ᠠ ᠪᠠᠨ ᠪᠠᠰᠠ ᠣᠯᠠᠨ ᠬᠤᠪᠢᠯᠪᠤᠷᠢ ᠪᠠᠶᠢᠬᠤ ᠨᠢ ᠳᠠᠮᠵᠢᠭ ᠦᠭᠡᠢ᠃ | ᠥᠩᠭᠡᠨ ᠠᠴᠠ ᠭᠠᠳᠠᠨ᠎ᠠ ᠬᠡᠯᠪᠡᠷᠢ ᠳᠦᠷᠰᠦ᠂ ᠦᠢᠯᠨ ᠬᠥᠳᠡᠯᠥᠯ᠂ ᠳᠠᠭᠤᠨ ᠠᠪᠢᠶ᠎ᠠ᠂ ᠠᠭᠠᠰᠢ ᠠᠷᠠᠨᠰᠢᠨ ᠭᠡᠳ | ᠣᠯᠠᠨ ᠥᠨᠴᠦᠭ ᠠᠴᠠ ᠬᠠᠷᠢᠴᠠᠭᠤᠯᠵᠤ ᠦᠵᠡᠪᠡᠯ ᠮᠠᠯ ᠮᠠᠯ ᠤᠨ ᠬᠤᠭᠤᠷᠤᠨᠳᠤ ᠪᠠᠨ ᠢᠯᠨ ᠲᠣᠳᠤᠷᠬᠠᠢ ᠢᠯᠭᠠᠭ᠎ᠠ | ᠭᠠᠷᠴᠤ ᠢᠷᠡᠳᠡᠭ᠃ ᠡᠶᠢᠨᠬᠦ ᠮᠠᠯ ᠤᠨ ᠵᠢᠰᠦᠮ ᠳᠤ ᠴᠠᠭᠠᠷᠠᠭᠠᠳ ᠢᠷᠡᠬᠦ ᠦᠶᠡᠰ ᠬᠤᠯᠨ ᠠᠴᠠ ᠪᠠᠷ᠎ᠠ ᠶᠢ ᠨᠢ ᠬᠠᠷᠠᠬᠤ | ᠪᠤᠶᠤ ᠭᠡᠷ ᠲᠤ ᠪᠠᠨ ᠰᠠᠭᠤᠵᠤ ᠪᠠᠶᠢᠭᠠᠳ ᠮᠠᠶᠢᠯᠠᠬᠤ ᠳᠠᠭᠤᠨ ᠠᠪᠢᠶ᠎ᠠ ᠪᠤᠶᠤ ᠬᠥᠯ ᠤᠨ ᠴᠢᠮᠡᠭᠡ ᠪᠠᠷ ᠨᠢ ᠶᠠᠮᠠᠷ ᠬᠤᠨᠢ | ᠡᠰᠡᠬᠦᠯ᠎ᠡ ᠢᠮᠠᠭ᠎ᠠ ᠭᠡᠵᠤ ᠢᠯᠭᠠᠵᠤ ᠴᠢᠳᠠᠬᠤ ᠬᠡᠮᠵᠢᠶᠡᠨ ᠳᠤ ᠬᠦᠷᠳᠡᠭ᠃ ᠲᠡᠶᠢᠮᠦ ᠴᠢᠳᠠᠪᠤᠷᠢ ᠡᠵᠡᠮᠰᠢᠭᠰᠡᠨ ᠬᠦᠮᠥᠨ | ᠮᠠᠯ ᠢ ᠲᠤᠭᠠᠯᠠᠬᠤ ᠱᠠᠭᠠᠷᠳᠠᠯᠭ᠎ᠠ ᠦᠭᠡᠢ᠂ ᠵᠢᠰᠦᠮ ᠢᠶᠠᠷ ᠲᠤᠭ᠎ᠠ ᠲᠣᠯᠣᠭᠠᠢ ᠶᠢ ᠨᠢ ᠣᠬᠤᠷᠬᠠᠨ ᠴᠠᠭ ᠤᠨ ᠳᠤᠲᠤᠷ᠎ᠠ | ᠪᠦᠷᠢᠳᠬᠡᠵᠦ ᠴᠢᠳᠠᠳᠠᠭ᠃ ᠲᠡᠭᠡᠪᠡᠯ ᠮᠠᠯ ᠵᠢᠰᠦᠯᠡᠬᠦ ᠴᠢᠳᠠᠪᠤᠷᠢ ᠨᠢ ᠮᠠᠯ ᠠᠵᠤ ᠠᠬᠤᠢ ᠠᠴᠠ ᠭᠠᠳᠠᠨ᠎ᠠ ᠠᠬᠤᠢ | ᠠᠮᠢᠳᠤᠷᠠᠯ ᠳᠤ ᠶᠠᠮᠠᠷ ᠬᠡᠷᠡᠭᠴᠡᠭᠡ ᠲᠠᠢ ᠪᠤᠢ ᠭᠡᠵᠤ ᠤᠬᠤᠴᠢᠯᠠᠵᠤ ᠪᠣᠯᠣᠨ᠎ᠠ᠃ ᠡᠶᠢᠮᠦ ᠴᠢᠳᠠᠪᠤᠷᠢ ᠶᠢ ᠰᠠᠭᠤᠯᠭᠠᠵᠤ | ᠠᠪᠤᠭᠰᠠᠨ ᠬᠥᠮᠥᠨ ᠥᠪᠡᠷ ᠲᠤ ᠲᠣᠬᠢᠶᠠᠯᠳᠤᠭᠰᠠᠨ ᠠᠯᠢᠪᠠ ᠤᠴᠢᠷ ᠶᠠᠪᠤᠳᠠᠯ᠂ ᠬᠡᠷᠡᠭ ᠪᠣᠳᠠᠰ ᠢ ᠣᠯᠠᠨ | ᠥᠨᠴᠥᠭ ᠠᠴᠠ ᠨᠢ ᠰᠢᠨᠵᠢᠵᠦ ᠵᠥᠷᠢᠶ᠎ᠡ ᠶᠢ ᠨᠢ ᠠᠮᠠᠷᠬᠠᠨ ᠣᠯᠵᠤ ᠴᠢᠳᠠᠳᠠᠭ᠃ ᠵᠢᠱᠢᠶᠡᠯᠡᠪᠡᠯ᠄ ᠮᠠᠯ ᠤᠨ ᠵᠢᠰᠦᠮ ᠳᠤ | ᠰᠠᠶᠢᠨ ᠬᠥᠮᠥᠨ ᠮᠠᠰᠢᠨ ᠵᠢᠯᠤᠭᠤᠳᠬᠤ ᠪᠠᠷ ᠪᠣᠳᠣᠬᠤ ᠳᠤ ᠮᠠᠰᠢᠨ ᠤ ᠳᠠᠭᠤᠨ ᠳᠤ ᠢᠯᠡᠷᠡᠭᠰᠡᠨ ᠥᠴᠦᠬᠡᠨ | ᠬᠤᠪᠢᠷᠠᠯᠲᠠ ᠠᠴᠠ ᠮᠠᠰᠢᠨ ᠤ ᠠᠯᠢ ᠬᠡᠰᠡᠭ ᠨᠢ ᠬᠡᠪ ᠤᠨ ᠪᠠᠶᠢᠳᠠᠯ ᠢᠶᠠᠨ ᠠᠯᠳᠠᠵᠤ ᠪᠠᠶᠢᠭ᠎ᠠ ᠶᠢ ᠮᠠᠰᠢ ᠣᠬᠤᠷᠬᠠᠨ | ᠴᠠᠭ ᠤᠨ ᠳᠤᠲᠣᠷ᠎ᠠ ᠣᠨᠣᠰᠢᠯᠠᠵᠤ ᠮᠡᠳᠡᠳᠡᠭ᠃ | ᠬᠤᠶᠠᠷ᠂ ᠠᠭᠤᠯᠨ ᠤᠰᠤᠨ ᠤ ᠨᠡᠷ᠎ᠡ ᠶᠢ ᠴᠡᠭᠡᠵᠢᠯᠡᠭᠦᠯᠬᠦ ᠪᠤᠯ ᠮᠥᠨ ᠴᠦ ᠮᠠᠯᠴᠢᠨ ᠬᠥᠮᠥᠨ ᠤ ᠬᠥᠮᠥᠵᠢᠯ ᠤᠨ | ᠨᠢᠭᠡ ᠴᠢᠬᠤᠯᠨ ᠠᠭᠤᠯᠭ᠎ᠠ ᠪᠠᠶᠢᠳᠠᠭ᠃ ᠠᠬᠠᠮᠠᠳ ᠨᠢ ᠬᠡᠦᠬᠡᠳ ᠢᠶᠠᠨ ᠭᠠᠳᠠᠭᠰᠢ ᠳᠠᠭᠠᠭᠤᠯᠵᠤ ᠶᠠᠪᠤᠬᠤ ᠳᠤ ᠪᠠᠨ | ᠭᠠᠵᠠᠷ ᠤᠰᠤᠨ ᠤ ᠨᠡᠷ᠎ᠡ ᠶᠢ ᠴᠡᠭᠡᠵᠢᠯᠡᠭᠦᠯᠳᠡᠭ᠃ ᠲᠡᠭᠡᠬᠦ ᠳᠤ ᠪᠠᠨ ᠲᠡᠷᠨ ᠨᠡᠷ᠎ᠡ ᠶᠢᠨ ᠢᠷᠡᠯ ᠭᠠᠷᠤᠯ᠂ ᠲᠡᠭᠦᠨ ᠲᠠᠢ | ᠬᠤᠯᠪᠤᠭᠳᠠᠭᠰᠠᠨ ᠳᠤᠮᠤᠭ ᠬᠠᠭᠤᠴᠢ᠂ ᠥᠪᠡᠷ ᠢᠶᠠᠨ ᠲᠤᠬᠠᠢ ᠶᠢᠨ ᠭᠠᠵᠠᠷ ᠢᠶᠠᠷ ᠶᠠᠪᠤᠵᠤ ᠪᠠᠶᠢᠬᠤ ᠳᠤ | ᠲᠣᠬᠢᠶᠠᠯᠳᠤᠭᠰᠠᠨ ᠬᠥᠭ ᠲᠠᠢ ᠶᠠᠪᠤᠳᠠᠯ ᠲᠡᠷᠢᠭᠦᠲᠡᠨ ᠢ ᠰᠣᠨᠢᠨ ᠪᠤᠯᠭᠠᠵᠤ ᠶᠠᠷᠢᠳᠠᠭ ᠪᠣᠯᠬᠤᠷ ᠰᠤᠨᠤᠰᠤᠭᠰᠠᠨ ᠬᠥᠮᠥᠨ | ᠲᠡᠷᠨ ᠭᠠᠵᠠᠷ ᠤᠨ ᠨᠡᠷ᠎ᠡ ᠶᠢ ᠳᠠᠬᠢᠵᠤ ᠮᠠᠷᠲᠠᠳᠠᠭ ᠦᠭᠡᠢ ᠶᠤᠮ᠃ ᠲᠡᠷᠨ ᠭᠠᠵᠠᠷ ᠢᠶᠠᠷ ᠣᠯᠠᠨ ᠤᠳᠠᠭ᠎ᠠ ᠶᠠᠪᠤᠪᠠᠯ | ᠬᠠᠮᠢᠭ᠎ᠠ ᠨᠢ ᠶᠠᠮᠠᠷ ᠭᠤᠤ ᠰᠤᠵᠢᠭ ᠪᠠᠶᠢᠳᠠᠭ᠂ ᠬᠠᠮᠢᠭ᠎ᠠ ᠨᠢ ᠶᠠᠮᠠᠷ ᠡᠪᠡᠰᠦ ᠤᠷᠭᠤᠮᠠᠯ᠂ ᠠᠩ ᠠᠮᠢᠲᠠᠨ ᠪᠠᠶᠢᠳᠠᠭ ᠢ | ᠴᠦ ᠠᠩᠬᠠᠷᠤᠯ ᠳᠤ ᠪᠠᠨ ᠠᠪᠴᠤ ᠲᠤᠭᠲᠠᠭᠠᠳᠠᠭ ᠪᠤᠯᠬᠤᠷ ᠡᠷᠭᠢᠨ ᠲᠤᠭᠤᠷᠢᠨ ᠬᠡᠳᠦᠨ ᠵᠠᠭᠤᠨ ᠭᠠᠵᠠᠷ ᠤᠨ | ᠳᠤᠲᠤᠷᠠᠬᠢ ᠭᠠᠵᠠᠷ ᠤᠨ ᠪᠠᠶᠢᠴᠠ ᠶᠢ ᠭᠡᠷ ᠳᠤᠲᠤᠷᠠᠬᠢ ᠲᠠᠯᠪᠢᠯᠭ᠎ᠠ ᠪᠠᠨ ᠰᠢᠬ ᠮᠡᠳᠡᠳᠡᠭ᠃ ᠮᠣᠩᠭᠤᠯᠴᠣᠳ | ᠢᠩᠭᠢᠵᠦ ᠯᠡ ᠪᠠᠶᠢᠭᠠᠯᠢ ᠠᠴᠠ ᠬᠠᠮᠤᠭ ᠤᠨ ᠣᠶᠢᠷᠠᠬᠠᠨ ᠪᠠᠶᠢᠵᠤ᠂ ᠪᠠᠶᠢᠭᠠᠯᠢ ᠠᠴᠠ ᠪᠠᠨ᠂ ᠮᠠᠯ ᠠᠴᠠ ᠪᠠᠨ ᠡᠷᠳᠡᠮ | ᠤᠬᠠᠭᠠᠨ ᠢᠶᠠᠨ ᠰᠡᠯᠪᠢᠳᠡᠭ ᠭᠠᠶᠢᠬᠠᠯᠳᠠᠢ ᠠᠷᠠᠳ ᠲᠦᠮᠡᠨ ᠪᠢᠯᠨ᠃ | ᠭᠤᠷᠪᠠ᠂ ᠮᠥᠷ ᠰᠢᠨᠵᠢᠬᠦ ᠶᠢ ᠰᠤᠷᠭᠠᠳᠠᠭ ᠨᠢ ᠮᠥᠨ ᠴᠦ ᠰᠤᠳᠤᠯᠭᠠᠨ ᠤ ᠠᠷᠭ᠎ᠠ ᠵᠦᠢ ᠶᠢᠨ ᠰᠠᠭᠤᠷᠢ | ᠪᠣᠯᠳᠠᠭ᠃ ᠡᠪᠦᠯ ᠤᠨ ᠴᠠᠰᠤᠨ ᠳᠡᠭᠡᠷᠡᠬᠢ ᠮᠥᠷ ᠢ ᠰᠢᠨᠵᠢᠬᠦ ᠳᠤ ᠬᠠᠷᠢᠴᠠᠩᠭᠤᠢ ᠠᠮᠠᠷ ᠰᠢᠬ ᠪᠣᠯᠪᠠᠴᠤ ᠵᠤᠨ | ᠰᠠᠯᠬᠢᠳᠠᠭᠰᠠᠨ ᠠᠳᠤᠭᠤ ᠶᠢ ᠮᠥᠷᠳᠡᠬᠦ ᠳᠤ ᠨᠡᠯᠢᠶᠡᠳ ᠬᠦᠴᠢᠷ ᠪᠠᠶᠢᠳᠠᠭ᠃ ᠶᠠᠭᠤᠨ ᠤ ᠡᠮᠦᠨ᠎ᠡ ᠠᠳᠤᠭᠤ ᠰᠠᠯᠬᠢᠳᠠᠬᠤ | ᠦᠶ᠎ᠡ ᠶᠢᠨ ᠪᠠᠶᠢᠷᠢᠰᠢᠯ ᠪᠠ ᠲᠤᠬᠠᠢ ᠶᠢᠨ ᠦᠶ᠎ᠡ ᠶᠢᠨ ᠰᠠᠯᠬᠢᠨ ᠤ ᠴᠢᠭᠯᠡᠯ ᠢ ᠡᠷᠬᠡᠪᠰᠢ ᠴᠡᠭᠡᠵᠢᠯᠡᠭᠰᠡᠨ ᠪᠠᠶᠢᠬᠤ | ᠬᠡᠷᠡᠭᠲᠡᠢ᠃ ᠰᠢᠨ᠎ᠡ ᠰᠤᠷᠭᠤᠭ ᠪᠡᠯᠴᠢᠭᠡᠷ ᠢᠶᠠᠷ ᠠᠳᠤᠭᠤᠨ ᠤ ᠮᠥᠷ ᠢ ᠤᠭᠲᠤᠯᠤᠨ ᠬᠠᠶᠢᠵᠤ ᠬᠢᠯᠠᠭᠠᠨ᠎ᠠ᠂ ᠬᠢᠶᠠᠭ᠂ | ᠰᠠᠷᠠᠨ᠎ᠠ᠂ ᠬᠤᠩᠭᠤᠷᠴᠠᠭ ᠤᠨ ᠬᠡᠪᠲᠡᠭᠰᠡᠨ ᠴᠢᠭᠯᠡᠯ ᠵᠢᠴᠢ ᠪᠦᠬᠦ᠋ᠢᠭᠰᠡᠨ ᠪᠠᠶᠢᠳᠠᠯ ᠢᠶᠠᠷ ᠠᠳᠤᠭᠤ ᠡᠨᠡᠭᠦᠷ | ᠥᠩᠭᠡᠷᠡᠭᠡᠳ ᠬᠡᠳᠦᠢ ᠤᠳᠠᠵᠤ ᠪᠠᠶᠢᠬᠤ ᠶᠢ ᠮᠠᠭᠠᠳᠯᠠᠵᠤ ᠪᠤᠯᠳᠠᠭ᠃ ᠪᠠᠰᠠ ᠮᠣᠷᠢᠨ ᠤ ᠬᠤᠮᠤᠯ ᠤᠨ ᠴᠢᠭᠢᠭ ᠢ | ᠰᠢᠨᠵᠢᠯᠡᠵᠦ ᠪᠦᠷᠢᠨ ᠬᠠᠲᠠᠭᠰᠠᠨ᠂ ᠭᠠᠳᠠᠷ ᠥᠩᠭᠡ ᠨᠢ ᠬᠠᠲᠠᠭᠰᠠᠨ᠂ ᠡᠰᠡᠬᠦᠯ᠎ᠡ ᠱᠠᠯ ᠨᠦᠢᠲᠠᠨ ᠪᠠᠶᠢᠭ᠎ᠠ ᠠᠴᠠ | ᠠᠳᠤᠭᠤᠨ ᠤ ᠶᠠᠪᠤᠵᠤ ᠥᠩᠭᠡᠷᠡᠭᠰᠡᠨ ᠴᠠᠭ ᠢ ᠨᠡᠯᠢᠶᠡᠳ ᠣᠨᠣᠪᠴᠢᠲᠠᠢ ᠵᠢᠱᠢᠵᠦ ᠪᠤᠯᠳᠠᠭ᠃ ᠡᠳᠡᠭᠡᠷ ᠪᠣᠯᠪᠠᠰᠤᠷᠠᠯ ᠨᠢ | ᠤᠴᠢᠷ ᠰᠢᠯᠲᠠᠭᠠᠨ᠂ ᠣᠢ ᠲᠣᠭᠲᠠᠭᠠᠯᠲᠠ ᠵᠡᠷᠭᠡ ᠣᠯᠠᠨ ᠴᠢᠳᠠᠪᠤᠷᠢ ᠲᠠᠢ ᠬᠤᠯᠪᠤᠭᠳᠠᠳᠠᠭ᠃ ᠡᠭᠦᠨ ᠠᠴᠠ ᠭᠠᠳᠠᠨ᠎ᠠ | ᠮᠣᠩᠭᠤᠯ ᠠᠷᠠᠳ ᠤᠨ ᠦᠭᠡᠨ ᠳᠤ ︽ᠡᠷᠢᠯ ᠢ ᠰᠤᠷᠠᠭ ᠢᠶᠠᠷ᠂ ᠡᠷᠳᠡᠮ ᠢ ᠬᠢᠴᠢᠶᠡᠯ ᠢᠶᠠᠷ︾ ᠭᠡᠳᠡᠭ ᠦᠭᠡ ᠪᠤᠢ᠃ | ᠵᠠᠮ ᠳᠤ ᠲᠠᠭᠠᠷᠠᠯᠳᠤᠭᠰᠠᠨ ᠠᠶᠢᠯ ᠠᠮᠢᠲᠠᠨ ᠠᠴᠠ ᠠᠰᠠᠭᠤᠵᠤ ᠰᠤᠷᠠᠭᠯᠠᠬᠤ ᠨᠢ ᠡᠷᠢᠯ ᠤᠨ ᠰᠤᠷᠠᠭ ᠢ ᠭᠠᠷᠭᠠᠬᠤ ᠳᠤ | ᠴᠠᠭ ᠢ ᠶᠡᠭᠡ ᠠᠷᠪᠢᠯᠠᠳᠠᠭ᠃ ᠭᠡᠬᠦ ᠳᠤ ᠪᠠᠨ ᠰᠤᠷᠠᠭ ᠲᠠᠯᠪᠢᠬᠤ ᠶᠠᠪᠤᠴᠠ ᠨᠢ ᠳᠠᠷᠤᠢ ᠵᠠᠯᠠᠭᠤ ᠪᠠᠭᠠᠴᠤᠳ ᠤᠨ | ᠬᠠᠷᠢᠯᠴᠠᠭᠠᠨ ᠤ ᠴᠢᠳᠠᠪᠤᠷᠢ ᠶᠢ ᠠᠬᠢᠭᠤᠯᠬᠤ ᠦᠢᠯᠡᠳᠥᠯ ᠲᠠᠢ᠃ | ᠳᠥᠷᠪᠡ᠂ 17~18 ᠬᠦᠷᠦᠭᠰᠡᠨ ᠬᠡᠦᠬᠡᠳ ᠢ ᠵᠤᠨ ᠨᠠᠮᠤᠷ ᠤᠨ ᠳᠤᠯᠠᠭᠠᠨ ᠴᠠᠭ ᠲᠤ ᠰᠢᠯᠢ ᠳᠤ ᠠᠳᠤᠭᠤ | ᠮᠠᠨᠠᠬᠤ ᠠᠵᠢᠯ ᠬᠢᠯᠭᠡᠳᠡᠭ᠃ ᠡᠬᠢᠯᠡᠭᠡᠳ ᠰᠠᠷ᠎ᠠ ᠲᠠᠢ ᠰᠥᠨᠢ ᠬᠠᠨᠢ ᠲᠠᠢ ᠬᠠᠭᠠᠰ ᠰᠥᠨᠢ ᠪᠠᠷ ᠮᠠᠨᠠᠭᠤᠯᠵᠤ ᠪᠠᠶᠢᠭᠠᠳ | ᠳᠠᠷᠠᠭ᠎ᠠ ᠨᠢ ᠰᠠᠷᠨ ᠦᠭᠡᠢ ᠰᠥᠨᠢ᠂ ᠪᠦᠷᠬᠦᠭ ᠰᠥᠨᠢ᠂ ᠪᠤᠷᠤᠭᠠᠨ ᠲᠠᠢ ᠰᠥᠨᠢ ᠪᠦᠬᠦᠯᠢ ᠰᠥᠨᠢ ᠪᠠᠷ ᠭᠠᠭᠴᠠᠭᠠᠷ ᠨᠢ | ᠮᠠᠨᠠᠭᠤᠯᠵᠤ ᠵᠤᠷᠢᠭ ᠰᠥᠰᠥ ᠶᠢ ᠨᠢ ᠳᠠᠪᠲᠠᠳᠠᠭ᠃ ᠴᠠᠬᠢᠯᠭᠠᠨ ᠴᠠᠬᠢᠯᠵᠤ ᠠᠶᠤᠩᠭ᠎ᠠ ᠨᠢᠵᠢᠭᠢᠨᠡᠭᠰᠡᠨ ᠰᠢᠷᠦᠭᠦᠨ | ᠪᠤᠷᠤᠭᠠᠨ ᠲᠠᠢ ᠰᠥᠨᠢ ᠴᠦ ᠭᠡᠰᠡᠨ ᠮᠠᠨᠠᠭᠠᠨ ᠳᠤ ᠬᠡᠦᠬᠡᠳ ᠢᠶᠠᠨ ᠵᠠᠪᠠᠯ ᠳᠠᠭᠠᠭᠤᠯᠵᠤ ᠶᠠᠪᠤᠳᠠᠭ᠃ ᠮᠥᠨ ᠡᠮᠨᠢᠭ | ᠲᠤᠭᠰᠢᠨ ᠤᠨᠤᠭᠤᠯᠬᠤ᠂ ᠠᠩ ᠭᠦᠷᠦᠭᠡᠨ ᠳᠤ ᠳᠠᠭᠠᠭᠤᠯᠵᠤ ᠶᠠᠪᠤᠬᠤ᠂ ᠠᠶᠠᠨ ᠵᠢᠩ ᠳᠤ ᠳᠠᠭᠠᠭᠤᠯᠵᠤ ᠶᠠᠪᠤᠬᠤ ᠨᠢ | ᠪᠦᠷ ᠯᠡ ᠬᠡᠦᠬᠡᠳ ᠵᠠᠯᠠᠭᠤᠴᠣᠳ ᠤᠨ ᠰᠥᠰᠥ ᠵᠤᠷᠢᠭ ᠢ ᠴᠢᠩᠭᠠᠯᠠᠳᠠᠭ ᠦᠢᠯᠡᠳᠦᠯ ᠲᠠᠢ᠃ | | ᠬᠠᠶ᠋ᠢᠬ᠄ ᠰᠢᠯᠢ ᠶᠢᠨ ᠬᠤᠲᠠ ᠶᠢᠨ ᠮᠣᠩᠭᠤᠯ ᠳᠤᠮᠳᠠᠳᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 2018 ᠣᠨ ᠤ 8 ᠳ᠋ᠤᠭᠠᠷ ᠬᠤᠭᠤᠴᠠᠭ᠎ᠠ |