— ︽ᠲᠤᠩᠭᠠᠯᠠᠭ ᠲᠡᠮᠢᠷ︾ ᠢ ᠤᠩᠰᠢᠭᠰᠠᠨ ᠤᠯᠤᠯᠳᠠ ᠲᠦᠷᠦᠭᠳᠡᠯ | | | ᠵᠢ᠊ · ᠠᠯᠳᠠᠨᠴᠢᠮᠡᠭ | | | ᠵᠠᠭᠦᠳᠤ ᠨᠦᠢᠷ ᠤᠨ ᠲᠤᠮᠳᠠ ᠪᠢ ︽ᠲᠤᠩᠭᠠᠯᠠᠭ ᠲᠠᠮᠢᠷ︾ ᠤᠨ ᠡᠷᠳᠡᠨᠢ᠂ ᠴᠠᠬᠢᠭᠤᠷ ᠲᠡᠮᠦᠷ ᠤᠨ ᠳᠤ | ᠵᠤᠴᠢᠨ ᠪᠤᠯᠤᠨ ᠰᠠᠭᠠᠳᠠᠯ᠎ᠠ᠃ ᠲᠠᠮᠢᠷ ᠤᠨ ᠭᠤᠤᠯ ᠤᠨ ᠵᠡᠬᠦᠨ ᠲᠡᠨᠵᠢᠨ ᠳᠤ ᠵᠡᠷᠭᠡᠴᠡᠨ ᠪᠠᠭᠤᠭᠰᠠᠨ ᠠᠷᠪᠠᠭᠠᠳ | ᠠᠶᠢᠯ ᠤᠨ ᠪᠠᠷᠠᠭᠤᠨ ᠭᠡᠷ ᠠᠴᠠ ᠲᠤᠯᠭᠠᠷ᠂ ᠲᠤᠯᠮ᠎ᠠ ᠬᠤᠶᠠᠷ ᠽᠠᠨᠳᠠᠨ ᠰᠠᠭᠤᠯᠠᠭ᠎ᠠ ᠪᠠᠨ ᠲᠤᠬᠤᠶᠢᠯᠳᠠᠨ ᠢᠨᠢᠶᠡᠳᠦ | ᠴᠠᠯᠬᠢᠭᠤᠯᠤᠭᠰᠠᠭᠠᠷ ᠵᠡᠯ᠎ᠡ ᠤᠷᠤᠭᠤ ᠪᠠᠨ ᠭᠠᠩᠬᠤᠨ᠎ᠠ᠃ ᠲᠤᠮᠳᠠ ᠶᠢᠨ ᠲᠤᠮᠤ ᠭᠡᠷ ᠲᠤ ᠤᠷᠤᠪᠠᠯ ᠡᠷᠳᠡᠨᠢ᠂ ᠲᠡᠮᠦᠷ | ᠬᠤᠶᠠᠭᠤᠯᠠ ᠴᠠᠢ ᠴᠤᠢ ᠪᠠᠨ ᠶᠠᠭᠠᠷᠠᠩᠬᠠᠨ ᠤᠤᠭᠤᠵᠤ ᠪᠠᠶᠢᠯ᠎ᠠ᠃ ᠪᠢ ᠴᠤ ᠰᠠᠨᠳᠤᠷᠤᠨ ᠡᠪᠦᠷ ᠠᠴᠠ ᠪᠠᠨ ᠬᠠᠯᠳᠠᠷ | ᠮᠠᠨᠦᠨ ᠬᠦᠬᠦᠦᠷ ᠢᠶᠠᠨ ᠭᠠᠷᠭᠠᠨ ᠤᠷᠳᠤᠰ ᠵᠠᠩ ᠢᠶᠠᠷ ᠢᠶᠠᠨ ᠵᠤᠯᠭᠠᠬᠤ ᠭᠡᠳᠡᠯ᠎ᠡ ᠰᠤᠴᠢᠨ ᠰᠡᠷᠡᠯᠠ᠃ | ᠦᠴᠦᠭᠡᠳᠦᠷ ᠤᠷᠤᠢ ᠶᠢᠨ ᠬᠤᠷᠠᠯ ᠲᠡᠭᠡᠷ᠎ᠡ ᠰᠤᠷᠭᠠᠭᠤᠯᠢ ᠶᠢᠨ ᠲᠠᠯ᠎ᠠ ᠠᠴᠠ ︽ᠤᠳᠤᠭ ᠤᠨ ᠰᠤᠷᠭᠠᠨ | ᠬᠦᠮᠦᠵᠢᠯ︾ ᠰᠡᠳᠬᠦᠯ ᠳᠤ ᠡᠭᠡ ᠪᠢᠴᠢᠭ ᠢᠶᠠᠨ ᠲᠠᠪᠰᠢᠭᠦᠯᠭᠦ ᠲᠤᠬᠠᠢ ᠱᠠᠭᠠᠷᠳᠠᠯᠭ᠎ᠠ ᠲᠤᠷᠠᠳᠴᠤ᠂ ᠤᠩᠰᠢᠭᠰᠠᠨ | ᠨᠤᠮ ᠤᠨ ᠢᠶᠠᠨ ᠲᠤᠬᠠᠢ ᠤᠯᠤᠯᠳᠠ ᠲᠦᠷᠦᠭᠳᠡᠯ ᠢᠶᠠᠨ ᠪᠢᠴᠢᠬᠦ ᠡᠭᠦᠷᠭᠡ ᠤᠨᠤᠭᠳᠠᠭᠰᠠᠨ ᠶᠤᠮ᠃ ︽ᠶᠠᠭᠤ ᠪᠠᠶᠢᠬᠤ | ᠪᠤᠢ᠂ ᠲᠤᠷ᠎ᠠ ᠶᠢᠨ ᠨᠢᠭᠡ ᠠᠴᠠ ᠨᠢ ᠰᠤᠩᠭᠤᠭᠠᠳ ᠦᠭᠪᠡᠯ ᠪᠤᠯᠤᠯ᠎ᠠ ᠰᠢᠦ ᠳ᠋ᠠ︾ ᠭᠡᠵᠦ ᠶᠡᠭᠡ ᠯᠠ ᠬᠦᠩᠭᠡᠪᠴᠢᠯᠠᠵᠤ | ᠪᠠᠶᠢᠭᠰᠠᠨ ᠢᠶᠠᠨ ᠦᠳᠡᠰᠢ ᠺᠤᠮᠫᠢᠦ᠋ᠲ᠋ᠧᠷ ᠤᠨ ᠢᠶᠠᠨ ᠡᠮᠦᠨ᠎ᠡ ᠰᠠᠭᠤᠭᠠᠳ ᠪᠢᠴᠢᠴᠢᠭᠡᠶᠡ ᠭᠡᠰᠡᠨ ᠴᠢᠨᠢ ᠠᠯᠢ ᠨᠢ | ᠪᠠᠶᠢᠭᠰᠠᠨ ᠴᠤ ᠦᠭᠡᠳᠡ ᠲᠠᠢ ᠶᠠᠭᠤᠮ᠎ᠠ ᠪᠤᠯᠬᠤ ᠰᠢᠨᠵᠢ ᠦᠭᠡᠢ᠃ | ᠦᠨᠡᠨ ᠳᠤ ᠪᠠᠨ ᠪᠢ ︽ᠲᠤᠩᠭᠠᠯᠠᠭ ᠲᠠᠮᠢᠷ︾ ᠲᠠᠢ ᠤᠨᠴᠠ ᠶᠢᠨ ᠪᠠᠷᠢᠯᠳᠤᠯᠭ᠎ᠠ ᠲᠠᠢ᠃ 1997 ᠤᠨ ᠳᠤ | ᠦᠪᠦᠷ ᠮᠤᠩᠭᠤᠯ ᠤᠨ ᠦᠨᠳᠦᠰᠦᠳᠡᠨ ᠤ ᠪᠠᠭᠰᠢ ᠶᠢᠨ ᠰᠤᠷᠭᠠᠭᠤᠯᠢ ᠳᠤ ᠠᠩᠬᠠᠯᠠᠨ ᠭᠦᠷᠭᠦ ᠳᠤ ᠸᠠᠩ ᠬᠦᠢ ᠷᠦᠩ | ᠭᠡᠮᠡᠬᠦ ᠪᠠᠭᠰᠢ ᠮᠠᠨ ᠳᠤ ᠦᠰᠦᠨ ᠪᠢᠷ ᠤᠨ ᠪᠢᠴᠢᠯᠭᠡ ᠵᠢᠭᠠᠵᠤ ᠪᠠᠶᠢᠭᠰᠠᠨ᠂ ᠲᠠᠷᠠ ᠪᠠᠭᠰᠢ ᠮᠢᠨᠢ ᠪᠢᠳᠠᠨ ᠳᠤ᠄ ︽ | ᠪᠢ ︿ᠲᠤᠩᠭᠠᠯᠠᠭ ᠲᠠᠮᠢᠷ﹀ ᠢ ᠠᠷᠪᠠᠨ ᠵᠢᠷᠭᠤᠭ᠎ᠠ ᠤᠳᠠᠭ᠎ᠠ ᠤᠩᠰᠢᠵᠤ ᠪᠠᠶᠢᠮᠠᠨ ᠦᠬᠦᠯᠡᠯ ᠪᠢᠴᠢᠵᠤ ᠰᠤᠳᠤᠯᠬᠤ | ᠰᠤᠷᠤᠭᠴᠢ ᠪᠠᠨ ᠲᠡᠬᠦᠰᠦᠭᠰᠡᠨ︾ ᠭᠡᠵᠦ ᠭᠡᠯᠡᠪᠡ᠃ ᠪᠢ ᠰᠤᠨᠢᠷᠬᠠᠯ ᠳᠤ ᠪᠠᠨ ᠭᠦᠳᠦᠯᠦᠭᠳᠡᠨ ᠰᠢᠠᠬᠤᠸᠠ ᠨᠤᠮ ᠤᠨ | ᠲᠡᠯᠭᠡᠬᠦᠷ ᠢ ᠭᠡᠷᠦᠨ ᠭᠡᠷᠦᠨ ᠪᠠᠶᠢᠮᠠᠨᠵᠢᠨ ᠰᠠᠶ᠋ᠢ ︽ᠲᠤᠩᠭᠠᠯᠠᠭ ᠲᠠᠮᠢᠷ︾ ᠢ ᠲᠤᠯᠤᠭᠠᠨ ᠲᠦᠬᠦᠷᠢᠭ ᠲᠠᠪᠢᠨ | ᠮᠦᠩᠭᠦ ᠪᠠᠷ ᠬᠤᠳᠠᠯᠳᠤᠨ ᠠᠪᠴᠤ ᠲᠦᠷᠪᠠᠨ ᠵᠢᠯ ᠤᠨ ᠲᠤᠷᠰᠢ ᠵᠢᠷᠭᠤᠭ᠎ᠠ ᠤᠳᠠᠭ᠎ᠠ ᠤᠩᠰᠢᠭᠰᠠᠨ ᠪᠤᠯᠪᠠᠴᠤ ᠶᠠᠮᠠᠷ | ᠴᠤ ᠲᠡᠮᠳᠡᠭᠯᠡᠯ ᠬᠢᠭᠡ ᠦᠭᠡᠢ᠃ ᠨᠡᠩ ᠬᠠᠷᠠᠮᠰᠠᠯᠳᠠᠢ ᠨᠢ᠂ ᠪᠠᠭᠰᠢ ᠶᠢᠨ ᠰᠤᠷᠭᠠᠭᠤᠯᠢ ᠪᠠᠨ ᠲᠡᠬᠦᠰᠬᠦ ᠶᠢᠨ | ᠠᠯᠳᠠᠰ ᠢᠶᠠᠷ ︽ᠲᠤᠩᠭᠠᠯᠠᠭ ᠲᠠᠮᠢᠷ︾ ᠤᠨ ᠢᠶᠠᠨ ᠲᠤᠤᠷᠠᠳᠤ ᠲᠡᠪᠳᠡᠷ ᠢ ᠭᠡᠭᠡᠴᠢᠭᠡᠯ᠎ᠡ᠃ ᠬᠤᠵᠢᠮ ᠨᠢ ᠪᠢ ᠨᠡᠶᠢᠭᠡᠮ | ᠲᠡᠭᠡᠷ᠎ᠡ ᠭᠠᠷᠤᠭᠠᠳ ᠪᠠᠭᠰᠢ ᠶᠢᠨ ᠠᠯᠪᠡᠨ ᠳᠤ ᠵᠢᠳᠭᠦᠭᠰᠡᠨ ᠤ ᠬᠤᠶᠢᠨ᠎ᠠ ᠡᠳᠦᠢ ᠲᠡᠳᠦᠢ ᠨᠤᠮ ᠤᠩᠰᠢᠭᠰᠠᠨ | ᠪᠤᠯᠪᠠᠴᠤ ︽ᠲᠤᠩᠭᠠᠯᠠᠭ ᠲᠠᠮᠢᠷ︾ ᠢ ᠤᠷᠪᠠᠭᠤᠯᠤᠭᠰᠠᠨ ᠦᠭᠡᠢ᠃ ᠭᠡᠪᠡᠴᠦ ᠰᠤᠷᠤᠭᠴᠢᠳ ᠲᠤ ᠪᠠᠨ ᠲᠠᠩᠳᠠ ︽ | ᠲᠤᠩᠭᠠᠯᠠᠬ ᠲᠠᠮᠢᠷ︾ ᠢ ᠲᠠᠨᠢᠯᠴᠠᠭᠤᠯᠵᠤ᠂ ᠦᠯᠢᠭᠡᠷ ᠦᠢᠯᠡ ᠶᠢ ᠨᠢ ᠶᠠᠷᠢᠵᠤ ᠦᠭᠳᠡᠭ᠃ ᠶᠡᠭᠡ ᠦᠬᠢᠨ ᠢ ᠪᠠᠨ | ᠭᠤᠷᠪᠠᠳᠤᠭᠠᠷ ᠤᠨ ᠢᠶᠠᠨ ᠲᠡᠬᠦᠰᠬᠦ ᠳᠤ ᠨᠢ ᠠᠯᠪᠠᠳᠠᠵᠤ ᠪᠠᠶᠢᠭᠠᠳ ︽ᠲᠤᠩᠭᠠᠯᠠᠭ ᠲᠠᠮᠢᠷ︾ ᠢ ᠤᠩᠰᠢᠭᠤᠯᠵᠤ | ᠲᠠᠭᠤᠰᠬᠠᠭᠰᠠᠨ᠃ ᠪᠠᠭ᠎ᠠ ᠦᠬᠢᠨ ᠮᠢᠨᠢ ᠰᠠᠶ᠋ᠢ ᠭᠤᠷᠪᠠᠳᠤᠭᠠᠷ ᠤᠨ ᠳᠤ ᠰᠤᠷᠤᠯᠴᠠᠵᠤ ᠪᠠᠶᠢᠭ᠎ᠠ ᠪᠤᠯᠪᠠᠴᠤ | ᠡᠭᠡᠴᠢ ᠶᠢᠨ ᠢᠶᠠᠨ ᠨᠦᠯᠦᠭᠡ ᠪᠠᠷ ᠡᠬᠢᠯᠡᠨ ᠤᠩᠰᠢᠵᠤ ᠪᠠᠶᠢᠨ᠎ᠠ᠃ | ᠲᠡᠭᠡᠷ᠎ᠡ ᠵᠢᠯ ᠤᠨ ᠡᠨᠡ ᠦᠶᠡᠰ ᠢᠶᠠᠷ ᠰᠠᠨ᠂ ᠪᠢ ᠸᠢᠴᠠᠲ ᠬᠤᠯᠪᠤᠭᠠᠨ ᠲᠡᠭᠡᠷ᠎ᠡ ᠠᠴᠠ ᠦᠪᠦᠷ ᠮᠤᠩᠭᠤᠯ ᠤᠨ | ᠶᠡᠭᠡ ᠰᠤᠷᠭᠠᠭᠤᠯᠢ ᠶᠢᠨ ᠨᠢᠭᠡᠨ ᠡᠷᠳᠡᠮᠳᠡᠨ ᠪᠠᠭᠰᠢ᠄ ︽ᠤᠳᠤᠬᠢ ᠶᠢᠨ ᠬᠡᠦᠭᠡᠳ ᠤᠳ ᠨᠤᠮ ᠦᠵᠡᠬᠦ ᠪᠠᠨ ᠲᠠᠭ | ᠪᠠᠶᠢᠴᠢᠬᠠᠵᠠᠢ᠂ ᠦᠨᠦ ᠵᠢᠯ ᠮᠠᠨ ᠤ ᠰᠠᠯᠪᠤᠷᠢ ᠳᠤ ᠰᠢᠯᠭᠠᠭᠳᠠᠵᠤ ᠢᠷᠡᠭᠰᠡᠨ ᠵᠢᠷᠠ ᠭᠠᠷᠤᠢ ᠰᠤᠷᠤᠭᠴᠢ ᠶᠢᠨ ᠲᠤᠳᠤᠷ᠎ᠠ | ︿ᠲᠤᠩᠭᠠᠯᠠᠭ ᠲᠠᠮᠢᠷ﹀ ᠢ ᠮᠡᠳᠡᠬᠦ ᠭᠡᠦᠭᠡᠳ ᠭᠠᠭᠴᠠ ᠬᠤᠶᠠᠷᠬᠠᠨ ᠪᠠᠶᠢᠨ᠎ᠠ᠂ ᠢᠯᠠᠢ ᠬᠠᠯᠠᠭ᠂ ᠡᠶᠢᠮᠦ ᠲᠤᠮᠤ | ᠪᠦᠳᠦᠭᠡᠯ ᠢ ᠤᠩᠰᠢᠬᠤ ᠪᠠᠶᠢᠳᠤᠭᠠᠢ ᠨᠠᠭᠠᠳᠤ ᠵᠠᠬ᠎ᠠ ᠳᠤ ᠪᠠᠨ ᠮᠡᠳᠡᠬᠦ ᠴᠤ ᠦᠭᠡᠢ ᠭᠡᠳᠡᠭ ᠨᠢ ᠁︾ ᠭᠡᠵᠦ | ᠬᠠᠷᠠᠮᠰᠠᠨ ᠦᠬᠦᠯᠡᠵᠦ ᠪᠠᠶᠢᠬᠤ ᠶᠢ ᠰᠤᠨᠤᠰᠤᠭᠠᠳ ᠪᠢ ᠦᠪᠡᠷ ᠤᠨ ᠢᠶᠠᠨ ᠬᠠᠷᠢᠭᠤᠴᠠᠯᠭ᠎ᠠ ᠶᠢᠨ ᠢᠶᠠᠨ ᠲᠤᠬᠠᠢ᠂ | ᠮᠤᠩᠭᠤᠯ ᠭᠡᠦᠭᠡᠳ ᠤᠳ ᠤᠨ ᠨᠤᠮ ᠤᠩᠰᠢᠬᠤ ᠵᠢᠴᠢ ᠢᠷᠡᠭᠡᠳᠦᠢ ᠶᠢᠨ ᠲᠦᠯᠦᠭᠡᠨ᠎ᠡ ᠤᠯᠠᠨ ᠢ ᠪᠤᠳᠤᠭᠰᠠᠨ ᠪᠦᠭᠡᠳ | ᠵᠢᠯ ᠪᠤᠯᠭᠠᠨ ᠨᠢᠭᠡ ᠤᠳᠠᠭ᠎ᠠ ︽ᠲᠤᠩᠭᠠᠯᠠᠭ ᠲᠠᠮᠢᠷ︾ ᠢ ᠤᠩᠰᠢᠬᠤ ᠪᠠᠷ ᠰᠢᠢᠳᠦᠯ᠎ᠠ᠃ ᠰᠤᠷᠤᠭᠴᠢᠳ ᠮᠠᠨᠢ ᠴᠤ | ᠮᠢᠨᠤ ᠭᠠᠷᠠᠭ ᠪᠤᠯᠭᠠᠨ ᠤ ᠤᠩᠰᠢᠵᠤ ᠪᠠᠶᠢᠭ᠎ᠠ ᠨᠤᠮ ᠢ ᠮᠢᠨᠢ ᠶᠡᠭᠡᠭᠡᠨ ᠠᠩᠬᠠᠷᠤᠨ ᠦᠵᠡᠳᠡᠭ ᠪᠤᠯᠬᠤᠷ ᠪᠢ ᠡᠨᠡ ᠬᠦ | ᠤᠨᠤᠭ᠎ᠠ ᠶᠢ ᠲᠠᠭᠠᠷᠠᠭᠤᠯᠵᠤ ︽ᠲᠤᠩᠭᠠᠯᠠᠭ ᠲᠠᠮᠢᠷ︾ ᠢ ᠠᠪᠤᠭᠠᠳ ᠶᠠᠪᠤᠳᠠᠭ ᠠᠴᠠ ᠬᠤᠶᠠᠷ ᠠᠩᠭᠢ ᠶᠢᠨ | ᠰᠤᠷᠤᠭᠴᠢᠳ ᠤᠨ ᠲᠤᠮᠳᠠ ︽ᠲᠤᠩᠭᠠᠯᠠᠭ ᠲᠠᠮᠢᠷ︾ ᠢ ᠤᠩᠰᠢᠬᠤ ᠬᠠᠯᠠᠭᠤᠷᠠᠯ ᠪᠤᠯᠤᠯ᠎ᠠ᠃ ᠡᠨᠡ ᠪᠤᠯ ᠶᠠᠭ ᠮᠢᠨᠤ | ᠵᠤᠷᠢᠯᠭ᠎ᠠ ᠶᠤᠮ᠃ ᠲᠡᠳᠡᠨ ᠢ ᠪᠠᠨ ᠬᠠᠷᠠᠭᠠᠳ ᠪᠢ ᠵᠤᠷᠢᠬᠵᠢᠬᠤ ᠦᠭᠡᠢ ᠪᠠᠶᠢᠵᠤ ᠴᠢᠳᠠᠬᠤ ᠦᠭᠡᠢ᠃ ᠪᠢ ᠴᠤ ᠦᠨᠦ | ᠨᠢᠭᠡ ᠵᠢᠯ ᠤᠨ ᠬᠤᠭᠤᠷᠤᠨᠳᠤ ᠲᠤᠰ ᠷᠤᠮᠠᠨ ᠢ ᠭᠤᠷᠪᠠ ᠤᠳᠠᠭ᠎ᠠ ᠤᠩᠰᠢᠯ᠎ᠠ᠃ ᠶᠠᠭᠠᠬᠢᠬᠤ ᠪᠤᠢ᠂ ᠤᠷᠢᠳ ᠬᠤᠵᠢᠳ | ᠶᠢᠰᠦ ᠤᠳᠠᠭ᠎ᠠ ᠤᠩᠰᠢᠭᠰᠠᠨ ᠪᠤᠯᠬᠤᠷ ᠰᠢᠯᠢ ᠶᠢᠨ ᠰᠠᠶᠢᠨ ᠡᠷ᠎ᠡ — ᠴᠠᠬᠢᠭᠤᠷ ᠲᠡᠮᠦᠷ ᠭᠤᠸᠠᠢ ᠠᠬ᠎ᠠ ᠲᠠᠢ ᠪᠠᠨ | ᠮᠢᠨᠤ ᠵᠡᠬᠦᠳᠦᠨ ᠳᠤ ᠢᠷᠡᠭᠰᠡᠨ ᠪᠠᠶᠢᠯᠬᠦᠢ ᠳ᠋ᠠ᠃ | ︽ᠲᠤᠩᠭᠠᠯᠠᠭ ᠲᠡᠮᠢᠷ︾ ᠷᠤᠮᠠᠨ ᠳᠤ ᠵᠠᠭᠤ ᠭᠤᠴᠢᠭᠠᠳ ᠪᠠᠭᠠᠳᠤᠷ ᠤᠨ ᠦᠭᠡᠷ᠎ᠡ ᠦᠭᠡᠷ᠎ᠡ ᠵᠠᠩ ᠲᠦᠷᠬᠦ᠂ | ᠬᠤᠪᠢ ᠵᠠᠶᠠᠭ᠎ᠠ ᠶᠢ ᠲᠤᠰᠬᠠᠭᠰᠠᠨ ᠪᠠᠶᠢᠳᠠᠭ᠃ ᠲᠡᠷᠡ ᠨᠢ ᠶᠡᠷᠦᠩᠭᠡᠢ ᠳᠤ ᠪᠠᠨ ᠭᠤᠷᠪᠠᠨ ᠦᠶ᠎ᠡ ᠶᠢᠨ ᠬᠦᠮᠦᠨ ᠤ | ᠰᠢᠨᠵᠢ ᠲᠦᠷᠬᠦ᠂ ᠦᠵᠡᠯ ᠰᠠᠨᠠᠭ᠎ᠠ᠂ ᠬᠤᠪᠢ ᠵᠠᠶᠠᠭ᠎ᠠ ᠶᠢ ᠲᠤᠷᠠᠶᠢᠯᠭᠠᠵᠠᠢ᠃ ᠨᠢᠭᠡᠳᠦᠭᠡᠷ ᠦᠶ᠎ᠡ ᠶᠢᠨ ᠬᠢ ᠨᠢ | ᠬᠠᠮᠵᠢᠯᠭᠠᠳᠤ ᠨᠡᠶᠢᠭᠡᠮ ᠤᠨ ᠬᠠᠷᠠᠩᠭᠤᠢ ᠶᠤᠰᠤ᠂ ᠪᠤᠷᠬᠠᠨ ᠶᠤᠰᠤᠨ ᠤ ᠪᠤᠷᠤᠩᠬᠤᠢ ᠨᠤᠮᠯᠠᠯ ᠳᠤ ᠮᠠᠩᠰᠢᠭᠤᠷᠠᠵᠤ᠂ | ᠠᠮᠢᠳᠤᠷᠠᠯ ᠤᠨ ᠢᠶᠠᠨ ᠰᠠᠶᠢᠨ ᠰᠠᠶᠢᠬᠠᠨ ᠢ ᠬᠤᠶᠢᠳᠤ ᠨᠠᠰᠤᠨ ᠳᠤ ᠪᠠᠨ ᠲᠠᠭᠠᠳᠬᠠᠵᠤ᠂ ᠡᠨᠡ ᠨᠠᠰᠤᠨ ᠤ ᠪᠠᠨ | ᠵᠤᠪᠠᠯᠠᠩ ᠵᠦᠳᠡᠬᠦᠷᠢ᠂ ᠤᠢ ᠭᠠᠰᠢᠭᠤᠨ ᠢ ᠨᠠᠮᠠᠨᠴᠢᠯᠠᠵᠤ ᠶᠠᠪᠤᠭ᠎ᠠ ᠲᠤᠯᠵᠢᠨ᠂ ᠭᠡᠰᠢᠭᠳᠦ ᠨᠠᠷ ᠤᠨ ᠲᠦᠷᠢ ᠪᠢᠯᠠ᠃ | ᠡᠶᠢᠮᠦ ᠪᠠᠶᠢᠳᠠᠯ ᠨᠢ ᠨᠡᠶᠢᠭᠡᠮ ᠤᠨ ᠲᠦᠨᠠᠷ ᠬᠠᠷᠠᠩᠭᠤᠢ ᠠᠴᠠ ᠭᠠᠷᠴᠤ ᠤᠬᠠᠭᠠᠨ ᠮᠡᠳᠡᠷᠡᠯ ᠢᠶᠠᠨ ᠰᠡᠷᠬᠦᠭᠡᠬᠦ ᠳᠤ ᠶᠠᠮᠠᠷ | ᠴᠤ ᠬᠤᠪᠢ ᠨᠡᠮᠡᠷᠢ ᠤᠷᠤᠭᠤᠯᠵᠤ ᠴᠢᠳᠠᠭ᠎ᠠ ᠦᠭᠡᠢ᠂ ᠬᠠᠷᠢᠨ ᠨᠡᠷᠮᠡᠭᠡᠰᠦ ᠪᠤᠯᠵᠤ ᠪᠠᠶᠢᠭᠰᠠᠨ ᠲᠡᠦᠭᠡ ᠲᠠᠢ᠃ | ᠡᠬᠦᠨ ᠤ ᠭᠠᠢ ᠪᠠᠷ ᠮᠤᠩᠭᠤᠯ ᠤᠷᠤᠨ ᠲᠠᠯᠠᠭᠡᠢ ᠶᠢᠨ ᠭᠦᠭᠵᠢᠯᠳᠠ ᠠᠴᠠ ᠬᠤᠴᠤᠷᠴᠤ᠂ ᠬᠦᠮᠦᠨ ᠠᠷᠠᠳ ᠨᠢ ᠪᠤᠶᠠᠨ | ᠭᠡᠰᠢᠭ ᠢᠶᠠᠨ ᠤᠬᠢᠶᠠᠴᠢᠬᠠᠭᠤᠵᠠᠢ ᠭᠡᠵᠦ ᠡᠮᠢᠶᠡᠭᠰᠡᠭᠡᠷ ᠭᠭᠢᠷ ᠪᠤᠷᠳᠠᠭ ᠠᠴᠠ ᠪᠠᠨ ᠰᠠᠯᠵᠦ ᠴᠢᠳᠠᠬᠤ ᠪᠠᠨ ᠪᠤᠯᠢᠭᠰᠠᠨ | ᠪᠠᠶᠢᠨ᠎ᠠ᠃ ᠬᠤᠶᠠᠳᠤᠭᠠᠷ ᠦᠶ᠎ᠡ ᠶᠢᠨ ᠬᠢᠨ ᠤ ᠲᠡᠮᠡᠴᠡᠯ ᠪᠤᠯ ᠨᠢᠬᠦᠯ ᠪᠢᠰᠢ ᠪᠤᠶᠠᠨ᠂ ᠬᠦᠳᠡᠯᠮᠦᠷᠢ ᠪᠤᠯ ᠲᠠᠮᠤ ᠪᠢᠰᠢ | ᠵᠢᠷᠭᠠᠯ ᠮᠦᠨ ᠭᠡᠮᠡᠭᠰᠡᠨ ᠬᠤᠪᠢᠰᠬᠠᠯ ᠤᠨ ᠪᠦᠷᠢᠶᠠᠨ ᠲᠠᠭᠤ ᠪᠠᠷ ᠤᠯᠠᠨ ᠵᠠᠭᠤᠨ ᠵᠢᠯ ᠤᠨ ᠨᠦᠢᠷ ᠠᠴᠠ ᠰᠠᠷᠢᠭ᠍ᠰᠡᠨ | ᠦᠶ᠎ᠠ ᠶᠢᠨ ᠬᠢᠨ ᠶᠤᠮ᠃ ᠢᠲᠡᠭᠡᠯ ᠵᠤᠷᠢᠭ᠂ ᠡᠪ ᠨᠢᠭᠡᠳᠦᠯ ᠢ ᠡᠷᠬᠢᠮᠯᠡᠳᠡᠭ ᠡᠷᠳᠡᠨᠢ᠂ ᠭᠠᠯᠰᠠᠩ᠂ ᠬᠤᠶᠠᠭ᠂ ᠲᠤᠷᠵᠢ | ᠂ ᠲᠤᠯᠭᠠᠷ᠂ ᠲᠤᠯᠮ᠎ᠠ ᠨᠠᠷ ᠨᠡᠶᠢᠭᠡᠮ ᠢ ᠰᠢᠨᠡᠴᠢᠯᠡᠵᠦ᠂ ᠦᠨᠳᠤᠰᠤᠳᠠᠨ ᠢᠶᠠᠨ ᠠᠪᠤᠷᠠᠬᠤ ᠬᠦᠴᠦᠳᠡᠨ ᠪᠤᠯᠵᠠᠢ᠃ | ᠲᠡᠳᠡ ᠬᠤᠪᠢᠰᠬᠠᠯ ᠬᠢᠵᠦ ᠠᠮᠢᠳᠤᠷᠠᠯ ᠢᠶᠠᠨ ᠰᠢᠨ᠎ᠠ ᠪᠠᠷ ᠵᠤᠬᠢᠶᠠᠵᠤ ᠡᠬᠢᠯᠡᠭᠰᠡᠨ ᠰᠠᠨ᠃ ᠭᠤᠷᠪᠠᠳᠤᠭᠠᠷ | ᠦᠶ᠎ᠡ ᠶᠢᠨ ᠬᠢᠨ ᠬᠤᠪᠢᠰᠬᠠᠯ ᠤᠨ ᠦᠢᠯᠠᠰ ᠢ ᠵᠠᠯᠭᠠᠮᠵᠢᠯᠠᠨ ᠠᠪᠴᠤ᠂ ᠰᠢᠨ᠎ᠠ ᠨᠡᠶᠢᠭᠡᠮ ᠢ ᠪᠠᠶᠢᠭᠤᠯᠵᠤ᠂ ᠰᠢᠨᠵᠢᠯᠡᠬᠦ | ᠤᠬᠠᠭᠠᠨ ᠢ ᠡᠵᠡᠮᠰᠢᠬᠦ ᠬᠤᠪᠢ ᠵᠠᠶᠠᠭ᠎ᠠ ᠶᠢ ᠲᠡᠦᠭᠡ ᠶᠢᠨ ᠲᠠᠪᠢᠯᠠᠩ ᠢᠶᠠᠷ ᠬᠦᠯᠢᠶᠡᠵᠦ ᠠᠪᠤᠭᠰᠠᠨ ᠶᠤᠮ᠃ ᠲᠡᠶᠢᠮᠦ | ᠬᠤᠪᠢ ᠵᠠᠶᠠᠭ᠎ᠠ ᠪᠠᠨ ᠬᠠᠮᠠᠭᠠᠯᠠᠨ ᠲᠡᠮᠡᠴᠡᠵᠦ ᠶᠠᠪᠤᠭ᠎ᠠ ᠪᠠᠳᠤ᠂ ᠵᠢᠷᠭᠠᠯ ᠨᠠᠷ ᠤᠨ ᠲᠦᠷᠢ ᠶᠢ ᠦᠵᠡᠬᠦ ᠳᠤ ᠪᠠᠬ᠎ᠠ ᠲᠠᠢ᠃ | ᠭᠡᠶ᠎ᠡ᠂ ᠪᠢ ᠵᠡᠬᠦᠳᠦᠨ ᠳᠤ ᠮᠠᠨᠠᠭᠳᠠᠭᠰᠠᠨ ᠡᠷᠳᠡᠨᠢ᠂ ᠴᠠᠬᠢᠭᠤᠷ ᠲᠡᠮᠦᠷ ᠠᠬ᠎ᠠ ᠲᠡᠬᠦᠦ ᠬᠤᠶᠠᠷ ᠤᠨ ᠲᠤᠬᠠᠢ ᠯᠠ | ᠪᠢᠴᠢᠵᠦ ᠲᠠ ᠪᠦᠬᠦᠨ ᠲᠠᠢ ᠪᠠᠨ ᠬᠤᠪᠢᠶᠠᠯᠴᠠᠶ᠎ᠠ᠃ | ᠲᠤᠰ ᠷᠤᠮᠠᠨ ᠤ ᠲᠦᠷᠢ ᠨᠦᠭᠦᠳ ᠤᠨ ᠲᠤᠳᠤᠷ᠎ᠠ ᠠᠴᠠ ᠤᠨᠴᠠᠭᠠᠢ᠂ ᠭᠤᠤᠯ ᠪᠤᠯᠵᠤ ᠪᠠᠶᠢᠭ᠎ᠠ ᠲᠦᠷᠢ ᠶᠢᠨ | ᠨᠢᠭᠡ ᠪᠤᠯ ᠡᠷᠳᠠᠨᠢ ᠶᠤᠮ᠃ ᠵᠤᠬᠢᠶᠠᠭᠴᠢ ᠴ᠊ · ᠯᠤᠳᠦ᠋ᠢᠳᠠᠮᠪᠠ᠄ ︽ᠪᠢ ᠡᠨᠡ ᠵᠤᠬᠢᠶᠠᠯ ᠤᠨ ᠡᠷᠳᠡᠨᠢ ᠶᠢᠨ ᠲᠦᠷᠢ ᠪᠠᠷ | ᠠᠪᠤ ᠶᠢ ᠪᠠᠨ ᠮᠦᠩᠭᠡᠵᠢᠬᠦᠯᠬᠦ ᠭᠡᠵᠦ ᠪᠢᠴᠢᠭᠰᠡᠨ ᠶᠤᠮ︾ ᠭᠡᠵᠦ ᠭᠡᠯᠡᠭᠰᠡᠨ ᠪᠠᠶᠢᠳᠠᠭ᠃ ᠡᠷᠳᠡᠨᠢ ᠪᠤᠯ ︽ᠲᠤᠩᠭᠠᠯᠠᠭ | ᠲᠠᠮᠢᠷ︾ ᠷᠤᠮᠠᠨ ᠤ ᠦᠢᠯᠡ ᠶᠠᠪᠤᠳᠠᠯ᠂ ᠦᠵᠡᠯ ᠰᠠᠨᠠᠭ᠎ᠠ᠂ ᠵᠦᠷᠢᠴᠡᠯ ᠲᠡᠮᠡᠴᠡᠯ ᠤᠨ ᠬᠦᠪᠦᠷᠡᠬᠦ ᠭᠤᠤᠯ ᠭᠤᠭᠴᠤᠭ᠎ᠠ | ᠪᠤᠯᠵᠤ ᠪᠠᠶᠢᠨ᠎ᠠ᠃ ᠵᠦᠪᠯᠡᠯᠳᠦ ᠶᠢᠨ ᠨᠢᠭᠡᠨ ᠡᠷᠳᠡᠮᠳᠡᠨ ᠤ ᠰᠢᠨᠵᠢᠯᠡᠨ ᠳ᠋ᠦᠩᠨᠡᠭᠰᠡᠨ ᠢᠶᠠᠷ᠄ ︽ᠡᠷᠳᠡᠨᠢ ᠵᠠᠷᠤᠴᠠ | ᠶᠠᠳᠠᠭᠤ ᠠᠴᠠ ᠪᠠᠨ ᠤᠬᠠᠮᠰᠠᠷᠳᠠᠢ ᠬᠤᠪᠢᠰᠬᠠᠯᠴᠢ ᠪᠤᠯᠳᠠᠯ᠎ᠠ ᠪᠠᠨ ᠪᠡᠶ᠎ᠡ ᠪᠡᠶ᠎ᠡ ᠲᠠᠢ ᠪᠠᠨ ᠤᠷᠢᠶᠠᠴᠠᠯᠳᠤᠨ ᠡᠭᠡᠳᠡᠷᠡᠭᠰᠡᠨ | ᠨᠠᠷᠢᠨ ᠲᠦᠪᠡᠭᠳᠡᠢ ᠤᠷᠳᠤ ᠵᠠᠮ ᠢ ᠲᠤᠭᠤᠯᠵᠠᠢ︾ ᠭᠡᠵᠡᠢ᠃ ᠲᠡᠶᠢᠮᠦ ᠡ᠂ ᠡᠷᠳᠡᠨᠢ ᠨᠤᠳᠤᠭ ᠤᠨ ᠲᠠᠶᠢᠵᠢ ᠨᠠᠷ ᠤᠨ | ᠲᠠᠷᠤᠯᠠᠯ ᠮᠦᠯᠵᠢᠯ ᠢ ᠲᠡᠰᠴᠤ ᠶᠠᠳᠠᠨ᠂ ᠴᠢᠯᠦᠭᠡᠳᠦ ᠠᠮᠢᠳᠤᠷᠠᠯ ᠢ ᠬᠠᠶᠢᠵᠤ᠂ ᠭᠡᠳᠦᠨ ᠵᠠᠭᠤᠨ ᠺᠢᠯᠤᠮᠧᠲᠷ ᠢ | ᠲᠤᠭᠤᠯᠤᠨ ᠨᠡᠬᠦᠵᠦ᠂ ᠠᠯᠳᠠᠢ ᠠᠴᠠ ᠬᠠᠩᠭᠠᠢ ᠶᠢᠨ ᠨᠢᠷᠤᠭᠤ᠂ ᠲᠠᠮᠢᠷ ᠤᠨ ᠭᠤᠤᠯ ᠳᠤ ᠬᠦᠷᠴᠦ ᠢᠷᠡᠭᠰᠡᠨ ᠪᠤᠯᠪᠠᠴᠤ | ᠰᠠᠶᠢᠨ ᠰᠠᠶᠢᠬᠠᠨ ᠠᠮᠢᠳᠤᠷᠠᠯ ᠢ ᠤᠯᠵᠤ ᠦᠵᠡᠭᠰᠡᠨ ᠦᠭᠡᠢ᠃ ᠲᠡᠷᠡ ᠡᠴᠡᠵᠦ ᠶᠠᠳᠠᠷᠠᠬᠤ ᠶᠢ ᠮᠡᠳᠡᠳᠡᠭ ᠦᠭᠡᠢ᠂ | ᠡᠷᠡᠯᠭᠡᠭ ᠵᠤᠷᠢᠭᠳᠠᠢ᠂ ᠲᠤᠩ ᠭᠡᠷᠰᠡᠦ᠂ ᠰᠢᠨᠳᠠᠷᠠᠰᠢ ᠦᠭᠡᠢ ᠡᠷ᠎ᠡ ᠪᠢᠯᠠ᠃ ᠲᠡᠬᠦᠨ ᠤ ᠪᠠᠨ ᠬᠦᠴᠦ ᠪᠠᠷ ᠵᠠᠶ᠎ᠠ ᠶᠢᠨ | ᠭᠡᠭᠡᠨ ᠤ ᠭᠡᠶᠢᠳ ᠤᠨ ᠬᠢᠨ ᠤ ᠤᠵᠢᠳ ᠴᠡᠩᠭᠡᠯ᠂ ᠢᠳᠡᠭᠡᠯᠳᠦ ᠶᠢᠨ ᠤᠷᠠᠬᠠᠨ ᠠᠴᠠ ᠵᠢᠭᠤᠳᠠᠨ ᠵᠠᠶᠢᠯᠠᠵᠤ᠂ ᠶᠡᠭᠡ | ᠬᠦᠷᠢᠶ᠎ᠠ ᠤᠷᠤᠵᠤ ᠮᠤᠩᠭᠠᠨᠢᠵᠤ ᠶᠠᠪᠤᠭᠰᠠᠭᠠᠷ ᠵᠠᠮ ᠢᠶᠠᠨ ᠤᠯᠵᠠᠢ᠃ ᠡᠷᠳᠡᠨᠢ ᠶᠢᠨ ᠰᠡᠳᠬᠢᠯ ᠢ ᠴᠠᠭ ᠲᠦᠷᠦ ᠶᠢᠨ | ᠦᠢᠮᠡᠭᠡᠨ ᠶᠡᠭᠡ ᠲᠠᠳᠠᠵᠤ ᠭᠠᠭᠴᠠ ᠬᠦ ᠬᠤᠪᠢᠰᠬᠠᠯ ᠨᠢᠳᠦ ᠶᠢ ᠨᠢ ᠨᠡᠭᠡᠭᠡᠵᠦ ᠦᠭᠴᠡᠢ᠃ ᠠᠮᠢᠳᠤᠷᠠᠯ ᠤᠨ ᠶᠡᠭᠡ | ᠰᠤᠷᠭᠠᠭᠤᠯᠢ ᠡᠷᠳᠡᠨᠢ ᠳᠤ ᠭᠤᠤᠯᠴᠢ᠂ ᠵᠠᠷᠴᠢᠮᠴᠢ ᠴᠢᠨᠠᠷ ᠢ ᠰᠤᠷᠭᠠᠭᠰᠠᠨ ᠶᠤᠮ᠃ ᠡᠷᠳᠡᠨᠢ ᠬᠤᠪᠢᠰᠬᠠᠯ ᠤᠨ | ᠠᠩᠬᠠᠨ ᠤ ᠡᠳᠦᠷ ᠠᠴᠠ ᠡᠬᠢᠯᠡᠭᠡᠳ ᠨᠡᠮ᠂ ᠤᠯᠤᠰ ᠤᠨ ᠠᠵᠢᠯ ᠳᠤ ᠵᠢᠳᠬᠦᠵᠤ ᠶᠠᠪᠤᠭᠰᠠᠭᠠᠷ ᠶᠠᠮᠠᠷ ᠴᠤ | ᠪᠤᠳᠤᠯᠢᠶᠠᠨ ᠲᠠᠢ ᠰᠢᠷᠦᠬᠦᠨ ᠦᠶ᠎ᠡ ᠳᠤ᠂ ᠲᠡᠮᠡᠴᠡᠯ ᠲᠤᠯᠤᠯᠳᠤᠭᠠᠨ ᠤ ᠡᠭᠡᠵᠡᠭ ᠲᠠᠢ ᠬᠠᠷᠠᠩᠭᠤᠢ ᠴᠠᠭ ᠲᠤ ᠪᠠᠶᠢᠳᠠᠯ ᠢ | ᠨᠠᠷᠢᠨ ᠠᠵᠢᠭᠯᠠᠵᠤ᠂ ᠠᠮᠢ ᠪᠠᠨ ᠠᠷᠭᠠᠯᠠᠵᠤ ᠠᠶᠠᠳᠠᠶᠢᠬᠠᠨ ᠠᠮᠢᠳᠤᠷᠠᠵᠤ ᠴᠢᠳᠠᠳᠠᠭ᠂ ᠶᠠᠭᠤᠮᠠᠨ ᠤ ᠡᠪ ᠢ ᠤᠯᠳᠠᠭ | ᠠᠪᠬᠠᠯᠵᠢᠳᠠᠢ ᠤᠪᠵᠢᠩ ᠬᠦᠮᠦᠨ ᠤ ᠲᠦᠷᠢ ᠮᠦᠨ᠃ | ᠢᠩᠭᠢᠬᠦ ᠳᠤ ᠴᠠᠬᠢᠭᠤᠷ ᠲᠡᠮᠦᠷ ᠡᠷᠳᠡᠨᠢ ᠲᠠᠢ ᠡᠷᠡᠰ ᠦᠭᠡᠷ᠎ᠠ ᠬᠠᠳᠠᠭᠤ ᠵᠤᠷᠢᠭᠳᠠᠢ᠂ ᠦᠨᠡᠨᠴᠢ ᠰᠢᠳᠤᠷᠭᠤ | ᠨᠢᠩᠵᠢᠨ ᠰᠡᠳᠬᠢᠯ ᠲᠠᠢ ᠬᠦᠮᠦᠨ᠃ ᠲᠠᠷᠠ ᠶᠠᠭᠠᠬᠢᠬᠤ ᠶᠢᠨ ᠠᠷᠭ᠎ᠠ ᠦᠭᠡᠢ ᠠᠷᠤ ᠬᠠᠯᠬ᠎ᠠ ᠶᠢᠨ ᠰᠢᠯᠢ ᠶᠢᠨ ᠰᠠᠶᠢᠨ | ᠡᠷ᠎ᠡ ᠳᠤ ᠪᠠᠭᠳᠠᠬᠤ ᠶᠢᠨ ᠤᠴᠢᠷ ᠪᠢ ᠠᠩᠬᠠᠯᠠᠨ ᠰᠢᠯᠢ ᠶᠢᠨ ᠰᠠᠶᠢᠨ ᠡᠷ᠎ᠡ ᠶᠢᠨ ᠲᠤᠬᠠᠢ ᠬᠠᠮᠢᠶ᠎ᠠ ᠪᠦᠬᠦᠢ ᠨᠤᠮ | ᠵᠤᠬᠢᠶᠠᠯ ᠢ ᠬᠠᠶᠢᠵᠤ ᠤᠡᠭᠰᠢᠭ᠌ᠰᠠᠨ ᠶᠤᠮ᠃ | ᠮᠤᠩᠭᠤᠯ ᠤᠨ ᠠᠷᠠᠳ ᠲᠦᠮᠡᠨ ︽ᠬᠠᠷᠬᠢᠰ ᠠᠩᠭᠢ᠂ ᠮᠦᠯᠵᠢᠮᠡᠳᠡᠬᠡᠢ ᠬᠤᠳᠠᠯᠳᠤᠭᠠᠴᠢᠳ ᠤᠨ ᠮᠠᠯ | ᠬᠦᠷᠦᠩᠭᠡ ᠶᠢ ᠦᠪᠡᠷ ᠤᠨ ᠠᠷᠭ᠎ᠠ ᠤᠬᠠᠭᠠᠨ᠂ ᠡᠷ᠎ᠡ ᠴᠢᠳᠠᠯ ᠤᠨ ᠬᠦᠴᠦ ᠪᠠᠷ ᠪᠤᠯᠢᠶᠠᠨ ᠠᠪᠴᠤ᠂ ᠶᠠᠳᠠᠷᠠᠭᠰᠠᠨ | ᠤᠯᠠᠨ ᠳᠤ ᠪᠠᠨ ᠲᠠᠷᠬᠠᠭᠠᠵᠤ ᠦᠭᠳᠡᠭ ᠪᠤᠶᠠᠨᠳᠠᠢ ᠬᠦᠮᠦᠰ︾ ᠭᠡᠵᠦ ᠰᠢᠯᠢ ᠶᠢᠨ ᠰᠠᠶᠢᠨ ᠡᠷᠡᠴᠦᠳ ᠢᠶᠠᠨ | ᠪᠢᠰᠢᠷᠡᠭᠰᠡᠭᠡᠷ ᠢᠷᠡᠭᠰᠡᠨ ᠲᠡᠦᠭᠡ ᠲᠠᠢ᠃ ᠲᠡᠭᠡᠳᠡᠯ᠎ᠡ ᠮᠠᠨᠵᠦ᠂ ᠬᠢᠳᠡᠳ ᠤᠨ ᠨᠤᠶᠠᠳ ᠲᠦᠰᠢᠮᠡᠳ᠂ ᠰᠢᠨᠤᠬᠠᠢ | ᠬᠤᠳᠠᠯᠳᠤᠭᠠᠴᠢᠳ ᠠᠷᠤ ᠬᠠᠯᠬ᠎ᠠ ᠶᠢᠨ ᠰᠢᠯᠢ ᠶᠢᠨ ᠰᠠᠶᠢᠨ ᠡᠷᠡᠴᠦᠳ ᠢ ︽ᠮᠠᠭᠤ ᠬᠤᠯᠠᠭᠠᠶᠢᠴᠢ︾᠂ ︽ᠲᠦᠷᠦ ᠶᠢᠨ | ᠪᠦᠭᠡᠰᠦ︾ ᠭᠡᠵᠦ ᠬᠤᠶᠠᠷ ᠶᠠᠩᠵᠤ ᠪᠠᠷ ᠨᠡᠷᠡᠯᠡᠭᠰᠡᠭᠡᠷ ᠢᠷᠡᠵᠡᠢ᠃ ᠰᠢᠯᠢ ᠶᠢᠨ ᠰᠠᠶᠢᠨ ᠡᠷᠡᠰ ᠤᠨ ᠵᠠᠷᠢᠮ ᠨᠢ | ᠦᠪᠡᠷ ᠤᠨ ᠡᠷᠭᠡ ᠠᠰᠢᠭ ᠤᠨ ᠢᠶᠠᠨ ᠲᠦᠯᠦᠭᠡ ᠬᠤᠪᠢ ᠪᠠᠨ ᠪᠤᠳᠤᠵᠤ ᠪᠠᠶᠢᠬᠤ ᠳᠤ ᠲᠡᠶᠢᠯᠦᠩᠭᠢ ᠨᠢ ᠠᠷᠠᠳ | ᠲᠦᠮᠡᠨ ᠢ ᠲᠠᠷᠤᠯᠠᠨ ᠮᠦᠯᠵᠢᠵᠦ ᠪᠠᠶᠢᠭ᠎ᠠ ᠬᠠᠷᠬᠢᠰ ᠠᠩᠭᠢ᠂ ᠰᠢᠨᠤᠬᠠᠢ ᠬᠤᠳᠠᠯᠳᠤᠭᠠᠴᠢᠳ ᠢ ᠡᠰᠡᠷᠬᠦᠴᠡᠨ ᠲᠡᠮᠡᠴᠡᠵᠦ | ᠂ ᠲᠡᠳᠡᠨ ᠤ ᠮᠠᠯ ᠬᠦᠷᠦᠩᠭᠡ ᠶᠢ ᠬᠤᠯᠠᠭᠠᠢᠢᠯᠠᠨ ᠠᠪᠴᠦ᠂ ᠠᠷᠠᠳ ᠤᠯᠠᠨ ᠳᠤ ᠬᠤᠪᠢᠶᠠᠵᠤ ᠦᠭᠭᠦᠭᠰᠡᠭᠡᠷ ᠢᠷᠡᠵᠠᠢ᠃ | ᠲᠡᠬᠦᠨᠴᠢᠯᠡᠨ ᠰᠢᠯᠢ ᠶᠢᠨ ᠰᠠᠶᠢᠨ ᠡᠷᠡᠴᠦᠳ ᠠᠮᠢᠳᠤᠷᠠᠯ ᠢᠶᠠᠷ ᠰᠢᠯᠭᠠᠷᠠᠭᠰᠠᠨ᠂ ᠨᠡᠶᠢᠳᠡ ᠪᠠᠷ ᠲᠠᠭᠠᠵᠤ ᠮᠦᠷᠳᠡᠬᠦ | ᠪᠢᠴᠢᠭᠳᠡᠭᠡ ᠦᠭᠡᠢ ᠬᠠᠤᠯᠢ᠂ ᠶᠤᠰᠤ ᠭᠤᠷᠢᠮ ᠲᠠᠢ᠂ ᠬᠠᠶᠠᠭ᠎ᠠ ᠪᠠᠨ ᠬᠠᠳᠤᠷᠳᠠᠭ ᠦᠭᠡᠢ᠂ ᠭᠤᠶᠤᠭᠠᠳ ᠦᠭᠳᠡᠭ | ᠦᠭᠡᠢ ᠪᠤᠯ ᠭᠤᠶᠠᠳᠠᠭᠠᠳ ᠠᠪᠳᠠᠭ ᠨᠡᠶᠢᠳᠡᠯᠢᠭ ᠵᠠᠷᠴᠢᠮ ᠲᠠᠢ᠂ ᠡᠷᠭᠦᠭᠰᠡᠨ ᠲᠠᠩᠭᠠᠷᠢᠭ ᠲᠠᠢ ᠭᠦᠮᠦᠰ ᠪᠠᠶᠢᠵᠠᠢ᠃ | ᠰᠢᠯᠢ ᠶᠢᠨ ᠰᠠᠶᠢᠨ ᠡᠷᠡᠴᠦᠳ ᠶᠡᠭᠡᠩᠭᠢ ᠳᠤ ᠪᠠᠨ ᠬᠦᠳᠡᠷ ᠴᠢᠬᠢᠷᠠᠭ ᠪᠡᠶ᠎ᠡ ᠲᠠᠢ᠂ ᠡᠷ᠎ᠡ ᠵᠤᠷᠢᠭ ᠲᠠᠢ᠂ ᠪᠢᠷ᠎ᠡ | ᠲᠡᠩᠭᠡᠭᠡ ᠲᠠᠢ ᠬᠦᠮᠦᠰ ᠪᠦᠭᠡᠳ ᠭᠠᠵᠠᠷ ᠭᠠᠵᠠᠷ ᠤᠨ ᠰᠠᠶᠢᠨ ᠡᠷᠡᠴᠦᠳ ᠤᠨ ᠭᠡᠷᠡᠭᠯᠡᠵᠦ ᠪᠠᠶᠢᠭᠰᠠᠨ ᠪᠠᠭᠠᠵᠢ | ᠭᠡᠷᠡᠭᠰᠡᠯ ᠨᠢ ᠦᠭᠡᠷ᠎ᠡ ᠦᠭᠡᠷ᠎ᠡ ᠪᠠᠶᠢᠭᠰᠠᠨ ᠴᠤ ᠶᠡᠭᠡᠩᠭᠢ ᠳᠤ ᠪᠠᠨ ᠬᠤᠷᠳᠤᠨ ᠰᠠᠶᠢᠨ ᠮᠤᠷᠢ᠂ ᠰᠠᠶᠢᠨ ᠬᠢᠳᠤᠭ᠎ᠠ᠂ | ᠪᠦᠳᠦᠬᠦᠨ ᠲᠡᠩᠰᠡᠨ ᠲᠠᠰᠢᠭᠤᠷ᠂ ᠤᠷᠭ᠎ᠠ᠂ ᠪᠤᠭᠤᠶᠢᠮᠢ᠂ ᠬᠠᠵᠠᠭᠠᠷ ᠨᠤᠭᠳᠤ᠂ ᠠᠶᠠᠭ᠎ᠠ᠂ ᠲᠠᠰᠢᠮᠠᠭ᠂ ᠠᠷᠠᠰᠤᠨ | ᠲᠤᠯᠤᠮ ᠵᠡᠷᠭᠡ ᠠᠪᠴᠤ ᠶᠠᠪᠤᠬᠤ ᠳᠤ ᠬᠦᠩᠭᠡᠨ ᠬᠢᠯᠪᠡᠷ ᠵᠦᠢᠯᠡᠰ ᠪᠠᠶᠢᠳᠠᠭ᠃ ᠵᠠᠷᠢᠮ ᠨᠢ ᠨᠤᠮᠤ ᠰᠤᠮᠤ᠂ ᠴᠠᠬᠢᠭᠤᠷ | ᠫᠤᠤ ᠬᠦᠷᠳᠡᠯ᠎ᠡ ᠭᠡᠷᠡᠭᠯᠡᠳᠡᠭ ᠪᠠᠶᠢᠭᠰᠠᠨ ᠭᠡᠳᠡᠭ᠃ ᠰᠠᠶᠢᠨ ᠡᠷᠡᠴᠦᠳ ᠠᠩᠭᠠᠮᠠᠯ ᠶᠡᠭᠡ ᠭᠤᠪᠢ ᠳᠤ ᠬᠦᠵᠡᠭᠡᠨ ᠳᠤ | ᠤᠰᠤ ᠬᠢᠵᠤ ᠨᠢᠭᠤᠵᠤ ᠲᠠᠯᠪᠢᠭᠠᠳ ᠡᠰᠠᠨ ᠮᠠᠨᠳᠤ ᠭᠡᠳᠤᠯᠳᠡᠭ᠂ ᠠᠶᠠᠭ᠎ᠠ ᠪᠠᠨ ᠬᠦᠮᠦᠷᠢᠭᠡᠳ ᠲᠠᠭᠤ ᠴᠢᠮᠡᠭᠡ | ᠴᠢᠩᠨᠠᠳᠠᠭ᠂ ᠮᠤᠷᠢᠨ ᠤ ᠪᠠᠨ ᠰᠡᠬᠦᠯ ᠠᠴᠠ ᠲᠤᠭ ᠦᠰᠦ ᠠᠪᠴᠤ ᠵᠠᠩᠭᠢᠳᠤᠭᠠᠳ ᠲᠤᠬᠢᠶ᠎ᠠ ᠪᠤᠯᠭᠠᠳᠠᠭ᠂ ᠨᠤᠭᠳᠤ᠂ | ᠪᠤᠭᠤᠶᠢᠮᠢ᠂ ᠠᠷᠭᠠᠮᠵᠢᠶ᠎ᠠ ᠪᠠᠨ ᠵᠡᠪᠰᠡᠭ ᠪᠤᠯᠭᠠᠨ ᠠᠰᠢᠭᠯᠠᠳᠠᠭ᠃ ᠰᠢᠯᠢ ᠶᠢᠨ ᠰᠠᠶᠢᠨ ᠡᠷᠡᠴᠤᠳ ᠤᠨ ᠦᠭᠡᠷ᠎ᠡ ᠨᠢᠭᠡ | ᠤᠨᠴᠠᠯᠢᠭ ᠴᠢᠨᠠᠷ ᠨᠢ ᠡᠭᠡᠨᠡᠷ ᠭᠡᠦᠭᠡᠳ ᠲᠤ ᠪᠠᠨ ᠬᠤᠷᠭᠤᠳᠠᠭᠠᠳ ᠤᠷᠤᠨ ᠭᠡᠷ ᠲᠤ ᠪᠠᠨ ᠰᠢᠬᠢᠳᠴᠤ ᠰᠠᠭᠤᠳᠠᠭ | ᠦᠭᠡᠢ᠂ ᠬᠠᠷᠢᠨ ᠭᠡᠭᠡᠷ᠎ᠡ ᠪᠠᠷ ᠭᠡᠷ᠂ ᠭᠡᠳᠡ ᠪᠠᠷ ᠲᠡᠷᠡ ᠬᠢᠵᠦ ᠮᠤᠷᠢᠨ ᠲᠡᠯ ᠲᠡᠭᠡᠷ᠎ᠡ ᠭᠡᠶᠢᠰᠴᠤ ᠶᠠᠪᠤᠬᠤ ᠶᠢ | ᠡᠷᠬᠢᠮ ᠳᠤ ᠦᠵᠡᠳᠡᠭ᠃ ᠲᠡᠷᠡ ᠴᠤ ᠤᠳᠬ᠎ᠠ ᠪᠠᠷ ᠢᠶᠠᠨ ᠵᠤᠷᠢᠭᠰᠠᠨ ᠦᠢᠯᠡ ᠭᠡᠷᠡᠭ ᠢᠶᠠᠨ ᠴᠤᠭ | ᠵᠢᠪᠬᠤᠯᠠᠩ ᠲᠠᠢ ᠪᠠᠷ ᠪᠦᠳᠦᠭᠡᠳᠡᠭ᠃ | ᠶᠠᠭ ᠡᠶᠢᠮᠦ ᠶᠢᠨ ᠲᠤᠯᠠᠳᠠ᠂ ᠲᠡᠮᠦᠷ ᠭᠤᠸᠠᠢ ᠬᠠᠭᠤᠴᠢᠨ ᠴᠠᠭ ᠲᠤ ᠰᠠᠪᠠᠭ᠎ᠠ ᠦᠭᠡᠢ ᠳᠤ ᠪᠠᠨ ᠪᠢᠰᠢ᠂ | ᠮᠦᠯᠵᠢᠯᠭᠡ ᠶᠢ ᠦᠵᠡᠨ ᠶᠠᠳᠠᠬᠤ ᠶᠢᠨ ᠡᠷᠭᠡ ᠪᠠᠷ ︽ᠰᠠᠶᠢᠨ ᠡᠷ᠎ᠡ︾ ᠶᠢᠨ ᠵᠠᠮ ᠢᠶᠠᠷ ᠶᠠᠪᠤᠵᠤ᠂ ᠠᠶᠢᠮᠠᠭ ᠬᠤᠰᠢᠭᠤ | ᠠᠯᠤᠰᠯᠠᠨ ᠬᠤᠯᠠᠭᠠᠢ ᠬᠢᠵᠤ᠂ ᠶᠠᠳᠠᠭᠤᠴᠤᠳ ᠢ ᠲᠡᠳᠬᠦᠵᠦ ᠶᠠᠪᠤᠭᠰᠠᠨ ᠪᠤᠯᠪᠠᠴᠤ ᠰᠢᠨ᠎ᠠ ᠴᠠᠭ ᠲᠤ ᠲᠡᠬᠦᠨ ᠢ ᠪᠠᠨ | ᠵᠢᠭᠰᠢᠨ ᠦᠵᠡᠵᠦ᠄ ︽ᠤᠳᠤ ᠴᠠᠭ ᠲᠤ ᠲᠠᠶᠢᠵᠢ ᠨᠠᠷ ᠠᠴᠠ ᠡᠴᠢᠭᠡ ᠡᠪᠦᠭᠡᠳ ᠤᠨ ᠢᠶᠠᠨ ᠬᠠᠷᠢᠭᠤ ᠶᠢ ᠠᠪᠬᠤ | ᠭᠡᠷᠡᠭᠳᠡᠢ︾ ᠭᠡᠵᠦ ᠭᠡᠯᠡᠵᠦ ᠦᠩᠭᠡᠷᠡᠭᠰᠡᠨ ᠪᠢᠯᠠ᠃ ᠡᠨᠡ ᠦᠵᠡᠯ ᠤᠨ ᠡᠬᠦᠳᠡᠨ ᠠᠴᠠ ᠴᠤ ᠬᠤᠩᠭᠤᠷ ᠤᠨ ᠪᠦᠳᠦᠯ | ᠦᠭᠡᠢ ᠶᠠᠪᠤᠳᠠᠯ ᠢ ᠵᠢᠮᠠᠯᠠᠵᠤ᠂ ᠡᠰᠡᠷᠬᠦᠦ ᠨᠠᠷ ᠤᠨ ᠪᠠᠯᠠᠮᠠᠳ ᠶᠠᠪᠤᠳᠠᠯ ᠢ ᠦᠵᠡᠨ ᠶᠠᠳᠠᠵᠤ᠂ ᠦᠨᠡᠨ ᠢ ᠨᠢ ᠤᠯᠠᠭᠠᠨ | ᠨᠢᠭᠤᠷ ᠲᠤ ᠨᠢ ᠰᠢᠭᠤᠳ ᠭᠡᠯᠡᠨ ᠲᠡᠮᠡᠴᠡᠭᠰᠡᠨ ᠶᠤᠮ᠃ ᠲᠡᠷᠡ᠄ ︽ᠤᠯᠡᠨ ᠲᠦᠮᠡᠨ ᠮᠢᠨᠢ ᠨᠢᠳᠦ ᠪᠠᠨ ᠨᠡᠭᠡᠭᠡᠵᠡᠭᠡ︕ | ᠲᠦᠷᠦ ᠳᠤ ᠲᠡᠷᠰᠯᠡᠭᠰᠡᠨ ᠡᠨᠡ ᠵᠡᠨᠳᠡᠯᠴᠢᠨ ᠨᠠᠷ ᠢ ᠪᠠᠷᠢᠵᠠᠭᠠᠶ᠎ᠠ︕︾ ᠭᠡᠵᠦ ᠡᠷᠡᠰ ᠰᠢᠢᠳᠮᠡᠭᠡᠢ ᠭᠡᠯᠡᠭᠡᠳ ᠡᠰᠡᠷᠬᠦᠦ | ᠨᠠᠷ ᠲᠤ ᠫᠤᠤᠳᠠᠭᠤᠯᠵᠤ ᠪᠠᠶᠢᠪᠠ᠃ ᠲᠡᠮᠦᠷ ᠢᠩᠭᠢᠵᠤ ᠯᠠ ᠭᠡᠯᠡᠬᠦ ᠠᠴᠠ ᠦᠭᠡᠷ᠎ᠡ ᠠᠷᠭ᠎ᠠ ᠦᠭᠡᠢ ᠪᠤᠯᠤᠭᠰᠠᠨ ᠶᠤᠮ᠃ | ᠯᠤᠳᠦ᠋ᠢᠳᠠᠮᠪᠠ ᠪᠠᠭᠰᠢ ᠶᠢᠨ ᠠᠴᠢᠳᠦ ᠡᠴᠢᠭᠡ ᠶᠢᠨ ᠢᠶᠠᠨ ᠭᠡᠭᠡᠨ ᠲᠤᠷᠠᠰᠬᠠᠯ ᠳᠤ ᠵᠤᠷᠢᠭᠤᠯᠤᠨ ᠪᠢᠴᠢᠭᠰᠡᠨ | ᠡᠨᠡ ᠬᠦ ᠠᠪᠤᠷᠭᠤ ᠪᠦᠳᠦᠭᠡᠯ ᠨᠢ ᠦᠨᠳᠦᠰᠦᠳᠡᠨ ᠤ ᠲᠦᠮᠡ ᠲᠦᠮᠡᠨ ᠦᠶ᠎ᠡ ᠶᠢᠨ ᠦᠷ᠎ᠡ ᠠᠴᠢ ᠨᠠᠷ ᠤᠨ ᠤᠶᠤᠨ | ᠰᠠᠩ ᠢ ᠨᠢ ᠤᠮᠳᠠᠯᠠᠬᠤ ᠨᠢ ᠯᠠᠪᠳᠠᠢ︕ | ᠮᠤᠷᠢ ᠲᠠᠢ ᠪᠤᠯᠤᠭᠠᠳ ᠵᠠᠪ ᠲᠠᠢ ᠪᠤᠯᠪᠠᠯ ︽ᠲᠤᠩᠭᠠᠯᠠᠭ ᠲᠠᠮᠢᠷ︾ ᠤᠨ ᠬᠦᠪᠡᠭᠡ ᠪᠠᠷ ᠵᠤᠴᠢᠨ ᠪᠤᠯᠤᠨ | ᠰᠠᠭᠠᠳᠠᠭᠠᠷᠠᠢ᠃ | | | ᠬᠠᠶ᠋ᠢᠬ᠄ ᠤᠳᠤᠭ ᠬᠤᠰᠢᠭᠤᠨ ᠤ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ | ︵ᠦᠭᠡᠯᠠᠳ ᠪᠠᠭᠠᠳᠤᠷ ᠨᠠᠶᠢᠷᠠᠭᠤᠯᠪᠠ︶ | 2018 ᠣᠨ ᠤ 3 ᠳ᠋ᠤᠭᠠᠷ ᠬᠤᠭᠤᠴᠠᠭ᠎ᠠ |