| ◆ ᠬᠥᠯᠥᠨ ᠪᠤᠶᠢᠷ ᠬᠤᠳᠠ ᠶᠢᠨ ᠬᠠᠶᠢᠯᠠᠷ | ᠨᠢᠭᠡᠳᠦᠭᠡᠷ ᠲᠣᠮᠳᠠᠳᠣ ᠰᠣᠷᠭᠠᠭᠤᠯᠢ ᠣᠨᠣᠨ | | | ᠪᠢ ᠪᠠᠭ᠎ᠠ ᠠᠴᠠ ᠪᠠᠨ ᠮᠠᠯᠵᠢᠬᠤ ᠣᠷᠣᠨ ᠳᠤ ᠥᠰᠴᠥ᠂ ᠪᠦᠮᠪᠦᠭᠡ ᠢᠰᠬᠦᠯᠬᠦ᠂ ᠪᠥᠵᠢᠭ ᠥᠰᠥᠷᠬᠦ ᠲᠣᠷᠠᠳᠠᠢ᠃ | ᠪᠠᠭ᠎ᠠ ᠶᠢᠨ ᠥᠶ᠎ᠡ ᠳᠤ ᠬᠥᠯ ᠪᠦᠮᠪᠦᠭᠡ ᠶᠢ ᠪᠣᠯ ᠨᠠᠶᠢᠵᠠ ᠨᠠᠷ ᠲᠠᠢ ᠪᠠᠨ ᠪᠦᠲᠦᠨ ᠡᠳᠦᠷ ᠢᠶᠠᠷ ᠢᠰᠬᠦᠯᠳᠡᠭ | ᠥᠡᠭᠭᠡᠷᠡᠯᠳᠡ ᠲᠠᠢ ᠶᠣᠮ᠃ ᠶᠠᠭ ᠠᠬ᠎ᠠ ᠨᠠᠷ ᠨᠠᠮ᠎ᠠ ᠶᠢ ᠲᠠᠭᠠᠭᠤᠯᠣᠨ ᠪᠦᠮᠪᠦᠭᠡ ᠢᠰᠬᠦᠯᠥᠭᠰᠡᠭᠡᠷ ᠪᠠᠶᠢᠵᠣ᠂ | ᠬᠤᠵᠢᠮ ᠨᠢ ᠪᠢ ᠵᠢᠩᠭᠢᠨᠢ ᠪᠠᠷ ᠬᠥᠯ ᠪᠦᠮᠪᠦᠭᠡᠴᠢᠨ ᠪᠣᠯᠬᠤ ᠪᠠᠷ ᠰᠢᠭᠤᠳᠪᠠ᠃ | ᠪᠢ ᠠᠩᠬ᠎ᠠ ᠲᠣᠮᠳᠠᠳᠣ ᠠᠴᠠ ᠰᠠᠶ᠋ᠢ ᠵᠢᠩᠭᠢᠨᠢ ᠪᠠᠷ ᠬᠥᠯ ᠪᠦᠮᠪᠦᠭᠡ ᠲᠠᠢ ᠣᠶᠢᠷᠠᠲᠤᠭᠰᠠᠨ ᠳᠤ᠂ ᠠᠩᠬ᠎ᠠ | ᠲᠣᠮᠳᠠᠳᠣ ᠳᠤ ᠣᠷᠣᠬᠤ ᠠᠴᠠ ᠡᠮᠥᠨ᠎ᠡ ᠲᠡᠩᠳᠡ ᠪᠥᠵᠢᠭ ᠪᠣᠯᠪᠠᠰᠣᠷᠠᠵᠣ ᠪᠠᠶᠢᠯ᠎ᠠ᠂ ᠴᠣᠬᠤᠮ ᠶᠠᠮᠠᠷ ᠬᠥᠴᠥᠨ | ᠴᠢᠳᠠᠯ ᠨᠢ ᠨᠠᠮ᠎ᠠ ᠶᠢ ᠪᠥᠵᠢᠭ ᠢᠶᠠᠨ ᠲᠠᠶᠠᠭᠳᠠᠵᠣ᠂ ᠬᠥᠯ ᠪᠦᠮᠪᠦᠭᠡ ᠶᠢ ᠬᠥᠭᠡᠭᠡᠵᠥ ᠡᠬᠢᠯᠡᠭᠦᠯᠥᠭᠰᠡᠨ ᠢ ᠪᠣᠣ ᠮᠡᠳᠡ᠃ | ᠠᠩᠬ᠎ᠠ ᠲᠣᠮᠳᠠᠳᠣ ᠶᠢᠨ ᠨᠢᠭᠡᠳᠦᠭᠡᠷ ᠣᠨ ᠤ ᠥᠶ᠎ᠡ ᠳᠤ ᠪᠦᠮᠪᠦᠭᠡ ᠢᠰᠬᠦᠯᠬᠦ ᠨᠢ ᠨᠠᠳᠠ ᠳᠤ ᠶᠡᠭᠡ ᠭᠤᠶᠣ | ᠰᠠᠨᠠᠭᠳᠠᠭᠰᠠᠨ ᠠᠴᠠ ᠰᠣᠷᠭᠠᠭᠤᠯᠢ ᠶᠢᠨ ᠬᠥᠯ ᠪᠦᠮᠪᠦᠭᠡ ᠶᠢᠨ ᠠᠩᠭᠢ ᠳᠤ ᠣᠷᠣᠯᠴᠠᠪᠠ᠃ ᠲᠡᠷᠡ ᠥᠶ᠎ᠡ ᠳᠤ | ᠪᠦᠮᠪᠦᠭᠡ ᠢᠰᠬᠦᠯᠬᠦ ᠡᠮᠡᠭᠳᠡᠢ ᠰᠣᠷᠣᠭᠴᠢ ᠲᠣᠩ ᠴᠦᠬᠡᠨ ᠪᠠᠶᠢᠵᠣ᠂ ᠪᠢ ᠵᠥᠪᠬᠡᠨ ᠡᠳᠦᠷ ᠪᠣᠯᠭᠠᠨ ᠡᠷᠡᠭᠳᠡᠢ | ᠰᠣᠷᠣᠭᠴᠢ ᠶᠢ ᠲᠠᠭᠠᠨ ᠲᠣᠷ᠎ᠠ ᠪᠠᠷ ᠢᠰᠬᠦᠯᠵᠥ ᠪᠠᠶᠢᠪᠠ᠃ ᠬᠠᠷᠢᠨ ᠠᠩᠬ᠎ᠠ ᠲᠣᠮᠳᠠᠳᠣ ᠶᠢᠨ ᠨᠢᠭᠡᠳᠦᠭᠡᠷ ᠣᠨ ᠤ | ᠲᠣᠣᠷ᠎ᠠ ᠬᠤᠭᠤᠴᠠᠭᠠᠨ ᠳᠤ ᠮᠢᠨᠥ ᠨᠢᠭᠡ ᠠᠬ᠎ᠠ ᠬᠥᠯ ᠪᠦᠮᠪᠦᠭᠡ ᠶᠢᠨ ᠪᠣᠯᠪᠠᠰᠣᠷᠠᠯ ᠤᠨ ᠠᠩᠭᠢ ᠡᠷᠬᠢᠯᠡᠵᠥ᠂ ᠪᠢᠳᠡ | ᠡᠳᠦᠷ ᠪᠣᠯᠭᠠᠨ ᠲᠡᠬᠦᠨ ᠢ ᠲᠠᠭᠠᠨ ᠪᠣᠯᠪᠠᠰᠣᠷᠠᠵᠣ᠂ ᠮᠥᠨ ᠴᠦ ᠲᠡᠷᠡ ᠨᠠᠳᠠ ᠳᠤ ᠨᠢᠭᠡᠳᠦᠭᠡᠷ ᠣᠳᠠᠭ᠎ᠠ | ᠣᠷᠣᠯᠳᠣᠭᠠᠨ ᠳᠤ ᠣᠷᠣᠯᠴᠠᠬᠤ ᠲᠣᠬᠢᠶᠠᠯ ᠥᠭᠬᠦᠭᠰᠡᠨ ᠪᠠᠶᠢᠨ᠎ᠠ᠃ ᠪᠢᠳᠡ ᠭᠠᠳᠠᠭᠰᠢ ᠭᠠᠷᠴᠣ ︽ᠬᠡᠨ ᠨᠢ | ᠠᠷᠠᠳ ᠤᠨ ᠲᠣᠮᠳᠠᠬᠢ ᠪᠦᠮᠪᠦᠭᠡᠨ ᠤ ᠠᠪᠣᠷᠭᠤ ᠪᠣᠯᠬᠤ ᠲᠠᠮᠡᠴᠡᠯᠳᠡ ᠶᠢᠨ ᠣᠷᠣᠯᠳᠣᠭᠠᠨ︾ ᠳᠤ ᠣᠷᠣᠯᠴᠠᠵᠣ ᠪᠣᠯᠬᠤ | ᠴᠢᠮᠡᠭᠡ ᠶᠢ ᠰᠣᠨᠣᠰᠣᠭᠠᠳ ᠲᠣᠩ ᠰᠡᠳᠬᠢᠯ ᠲᠣᠭᠳᠣᠯᠵᠣ᠂ ᠡᠳᠦᠷ ᠪᠣᠯᠭᠠᠨ ᠰᠢᠷᠭᠠᠭᠤ ᠬᠠᠳᠠᠭᠤᠵᠢᠯᠳᠠᠢ | ᠪᠣᠯᠪᠠᠰᠣᠷᠠᠵᠣ᠂ ᠬᠢᠴᠢᠶᠡᠯ ᠪᠠᠭᠤᠭᠰᠠᠭᠠᠷ ᠲᠠᠮᠢᠷ ᠤᠨ ᠲᠠᠯᠠᠪᠣᠷ ᠲᠤ ᠬᠥᠷᠴᠥ ᠲᠣᠩ ᠣᠷᠣᠢ ᠪᠣᠯᠳᠠᠭ᠃ ᠭᠡᠳᠡᠯ᠎ᠡ ᠪᠢ | ᠬᠥᠯ ᠪᠦᠮᠪᠦᠭᠡᠨ ᠳᠤ ᠲᠣᠷ᠎ᠠ ᠪᠠᠭ᠋ᠠᠳᠠᠢ ᠣᠴᠢᠷ ᠶᠠᠳᠠᠷᠠᠪᠠᠴᠣ ᠪᠠᠶᠠᠷ ᠴᠡᠩᠭᠡᠯ ᠲᠠᠢ᠃ | ︽ᠴᠢᠷᠮᠠᠶᠢᠯᠠᠭ᠎ᠠ ᠬᠥᠮᠥᠨ ᠢ ᠭᠤᠮᠣᠳᠠᠭᠠᠳᠠᠭ ᠥᠭᠡᠢ︾ ᠭᠡᠳᠡᠭ ᠢᠶᠠᠷ ᠪᠢᠳᠡ ︽ᠬᠡᠨ ᠨᠢ ᠠᠷᠠᠳ ᠤᠨ | ᠲᠣᠮᠳᠠᠬᠢ ᠪᠦᠮᠪᠦᠭᠡᠴᠢᠨ ᠤ ᠠᠪᠣᠷᠭᠤ ᠪᠣᠯᠬᠤ ᠲᠡᠮᠡᠴᠡᠯᠳᠡ ᠶᠢᠨ ᠣᠷᠣᠯᠳᠣᠭᠠᠨ︾ ᠤ ᠥᠪᠥᠷ ᠮᠣᠩᠭᠤᠯ ᠣᠷᠣᠨ ᠤ | ᠬᠡᠪᠴᠢᠶᠡᠨ ᠳᠤ ᠲᠡᠳ᠋ᠯᠡᠪᠡ᠃ ᠬᠡᠳᠦ᠋ᠢᠪᠡᠷ ᠲᠡᠷᠢᠬᠦᠨ ᠪᠣᠯᠵᠣ ᠲᠡᠶᠢᠯᠥᠭᠰᠡᠨ ᠥᠭᠡᠢ ᠪᠣᠯᠪᠠᠴᠣ ᠲᠡᠷᠡ ᠥᠶ᠎ᠡ ᠪᠢᠳᠡᠨ ᠳᠤ | ᠠᠪᠴᠣ ᠬᠡᠯᠡᠪᠡᠯ ᠨᠢᠭᠡᠨᠳᠡ ᠬᠠᠮᠤᠭ ᠤᠨ ᠰᠠᠶᠢᠨ ᠬᠢᠷᠢ ᠪᠥᠳᠥᠮᠵᠢ ᠪᠣᠯᠣᠭᠰᠠᠨ ᠪᠠᠶᠢᠨ᠎ᠠ᠃ ᠬᠠᠮᠤᠭ ᠤᠨ ᠬᠥᠴᠢᠷ | ᠵᠣᠪᠠᠭᠤᠷᠢ ᠲᠠᠢ ᠥᠶ᠎ᠡ ᠳᠤ ᠴᠣ᠋ ᠮᠠᠨ ᠢ ᠪᠠᠨ ᠲᠠᠶᠠᠭᠳᠠᠭᠰᠠᠨ ᠥᠭᠡᠢ ᠠᠬ᠎ᠠ ᠳᠤ ᠪᠠᠨ ᠪᠢᠳᠡ ᠣᠳᠣ ᠪᠣᠯᠳᠠᠯ᠎ᠠ ᠲᠣᠩ | ᠲᠠᠯᠠᠷᠬᠠᠨ᠎ᠠ᠃ ᠢᠡᠭᠭᠢᠭᠡᠳ ᠯᠠ ᠮᠢᠨᠤ ᠠᠩᠬ᠎ᠠ ᠲᠣᠮᠳᠠᠳᠣ ᠶᠢᠨ ᠠᠮᠢᠳᠣᠷᠠᠯ ᠥᠡᠭᠭᠡᠷᠡᠭᠰᠡᠨ ᠪᠠᠶᠢᠨ᠎ᠠ ᠁ | 2015 ᠣᠨ ᠳᠤ ᠲᠡᠭᠡᠳᠦ ᠲᠣᠮᠳᠠᠳᠣ ᠳᠤ ᠲᠠᠪᠰᠢᠵᠣ᠂ ᠨᠠᠳᠠ ᠲᠠᠢ ᠠᠳᠠᠯᠢ ᠬᠥᠯ ᠪᠦᠮᠪᠦᠭᠡᠨ ᠳᠤ ᠲᠣᠷ᠎ᠠ | ᠪᠠᠭ᠋ᠠᠳᠠᠢ ᠣᠯᠠᠨ ᠡᠮᠡᠭᠳᠡᠢ ᠰᠣᠷᠣᠭᠴᠢ ᠲᠠᠢ ᠲᠠᠨᠢᠯᠴᠠᠵᠣ᠂ ᠬᠥᠯ ᠪᠦᠮᠪᠦᠭᠡᠨ ᠲᠣᠭᠤᠢᠢᠯᠠᠩ ᠳᠤ ᠣᠷᠣᠯᠴᠠᠨ᠂ | ᠲᠡᠳᠡᠨ ᠲᠠᠢ ᠬᠠᠯᠠᠭᠤᠨ ᠲᠣᠳᠣᠨᠣ ᠨᠥᠬᠦᠷᠯᠡᠯ ᠪᠠᠶᠢᠭᠤᠯᠣᠭᠰᠠᠨ ᠪᠠᠶᠢᠨ᠎ᠠ᠃ ᠬᠥᠭᠵᠢᠯᠳᠦ ᠲᠠᠰᠬᠠᠯᠵᠢᠭᠤᠯᠣᠭᠴᠢ | ᠪᠣᠯᠣᠨ ᠥᠷᠭᠡᠨ ᠲᠠᠰᠬᠠᠯᠵᠢᠭᠤᠯᠣᠭᠴᠢ ᠡᠳᠦᠷ ᠪᠣᠯᠭᠠᠨ ᠤ ᠲᠣᠯᠤᠭ᠎ᠠ᠂ ᠨᠠᠢᠮᠠᠳᠣᠭᠠᠷ ᠬᠢᠴᠢᠶᠡᠯ ᠪᠢᠳᠡᠨ ᠢ | ᠲᠠᠭᠠᠭᠤᠯᠣᠨ ᠪᠣᠯᠪᠠᠰᠣᠷᠠᠭᠰᠠᠨ ᠠᠴᠠ ᠴᠣᠬᠤᠮ ᠬᠦ ᠵᠢᠩᠭᠢᠨᠢ ᠪᠣᠯᠪᠠᠰᠣᠷᠠᠯ ᠲᠠᠢ ᠵᠣᠯᠭᠠᠭᠰᠠᠨ ᠪᠠᠶᠢᠨ᠎ᠠ᠃ ᠪᠢ ᠰᠠᠶ᠋ᠢ | ᠪᠦᠮᠪᠦᠭᠡᠨ ᠠᠩᠭᠢ ᠳᠤ ᠣᠴᠢᠬᠤ ᠳᠤ ᠲᠣᠩ ᠪᠢᠰᠢᠭᠦᠷᠬᠡᠵᠦ᠂ ᠪᠣᠰᠣᠳ ᠲᠠᠢ ᠶᠠᠪᠣᠯᠴᠠᠵᠣ ᠴᠢᠳᠠᠬᠤ ᠥᠭᠡᠢ᠃ | ᠬᠤᠶᠠᠷ ᠲᠠᠰᠬᠠᠯᠵᠢᠭᠤᠯᠤᠭᠴᠢ ᠲᠣᠩ ᠬᠦᠯᠢᠴᠡᠩᠭᠦᠢ ᠪᠠᠷ ᠨᠠᠳᠠ ᠳᠤ ᠬᠠᠷᠢᠯᠴᠠᠬᠤ ᠨᠦᠬᠦᠷᠯᠡᠯ ᠶᠢᠨ ᠣᠬᠠᠭᠠᠨ ᠢ | ᠵᠢᠭᠠᠨ᠂ ᠪᠦᠮᠪᠦᠭᠡᠨ ᠠᠩᠭᠢ ᠶᠢᠨ ᠡᠭᠡᠴᠢ ᠨᠠᠷ ᠴᠦ ᠨᠠᠮ᠎ᠠ ᠶᠢ ᠲᠣᠩ ᠬᠠᠷᠠᠭᠠᠯᠵᠠᠵᠣ᠂ ᠮᠢᠨᠥ ᠮᠡᠳᠡᠬᠦ ᠥᠭᠡᠢ ᠵᠥᠢᠯ ᠢ | ᠵᠢᠭᠠᠵᠣ ᠦᠭᠳᠡᠭ ᠪᠠᠶᠢᠪᠠ᠃ | ᠲᠡᠭᠡᠳᠦ ᠲᠣᠮᠳᠠᠳᠣ ᠪᠣᠯᠣᠨ ᠠᠩᠬ᠎ᠠ ᠲᠣᠮᠳᠠᠳᠣ ᠶᠢᠨ ᠣᠷᠣᠯᠳᠣᠭᠠᠨ ᠤ ᠠᠭᠤᠷ ᠠᠮᠢᠰᠬᠤᠯ ᠨᠢ ᠪᠥᠷᠢᠮᠥᠰᠥᠨ | ᠠᠳᠠᠯᠢ ᠪᠣᠰᠣ ᠪᠠᠶᠢᠵᠣ᠂ ᠲᠡᠭᠡᠳᠦ ᠲᠣᠮᠳᠠᠳᠣ ᠶᠢᠨ ᠨᠢᠭᠡᠳᠦᠭᠡᠷ ᠣᠨ ᠤ ︽ᠲᠡᠷᠢᠬᠦᠯᠡᠭᠴᠢ ᠬᠤᠨᠳᠠᠭᠠᠳᠣ︾ | ᠣᠷᠣᠯᠳᠣᠭᠠᠨ ᠨᠢ ᠨᠠᠳᠠ ᠳᠤ ᠲᠣᠩ ᠮᠠᠷᠳᠠᠭᠳᠠᠰᠢ ᠥᠭᠡᠢ ᠣᠴᠢᠷ ᠪᠣᠯᠤᠨ᠂ ᠮᠥᠨ ᠴᠦ ᠮᠢᠨᠥ ᠲᠡᠭᠡᠳᠦ | ᠲᠣᠮᠳᠠᠳᠣ ᠳᠤ ᠣᠷᠤᠭᠰᠠᠨ ᠠᠴᠠ ᠰᠡᠬᠦᠯᠡᠷᠬᠢ ᠨᠢᠭᠡᠳᠦᠭᠡᠷ ᠣᠳᠠᠭᠠᠨ ᠤ ᠲᠣᠮᠣ ᠣᠷᠣᠯᠳᠣᠭᠠᠨ ᠪᠣᠯᠬᠤ ᠶᠣᠮ᠃ | ᠨᠠᠢᠮᠠ ᠠᠴᠠ ᠲᠦᠷᠪᠡ ᠳᠤ ᠲᠠᠪᠰᠢᠬᠤ ᠰᠣᠯᠢᠯᠴᠠᠭ᠎ᠠ ᠣᠷᠣᠯᠳᠣᠭᠠᠨ ᠳᠤ ᠮᠠᠨ ᠳᠤ ᠲᠠᠭᠠᠷᠠᠭᠰᠠᠨ ᠡᠰᠡᠷᠬᠦ ᠡᠳᠡᠭᠡᠳ | ᠪᠠᠰᠠ ᠲᠣᠩ ᠴᠢᠩᠭ᠎ᠠ ᠪᠠᠶᠢᠵᠠᠢ᠂ ᠭᠡᠳᠡᠯ᠎ᠡ ᠲᠡᠷᠡ ᠣᠳᠠᠭ᠎ᠠ ᠪᠢᠳᠡᠨ ᠤ ᠬᠠᠮᠠᠭᠠᠯᠠᠯᠳᠠ ᠶᠢᠨ ᠲᠣᠮᠳᠠᠬᠢ ᠭᠡᠳᠡᠷᠬᠦ | ᠲᠠᠭᠠᠷᠢᠯᠳᠠ ᠨᠢ ᠠᠮᠵᠢᠯᠳᠠ ᠣᠯᠵᠣ ᠨᠢᠭᠡ ᠪᠦᠮᠪᠦᠭᠡ ᠣᠷᠣᠭᠤᠯᠣᠭᠰᠠᠨ ᠠᠴᠠ ᠡᠬᠢᠯᠡᠨ ᠬᠠᠮᠠᠭᠠᠯᠠᠯᠳᠠ ᠬᠢᠭᠰᠡᠨ ᠪᠠᠶᠢᠨ᠎ᠠ᠃ | ᠲᠠᠰᠬᠠᠯᠵᠢᠭᠤᠯᠣᠭᠴᠢ ᠠᠴᠠ ᠪᠢᠳᠡᠨ ᠢ ᠣᠷᠣᠯᠳᠣᠭᠠᠨ ᠲᠠᠭᠤᠰᠬᠤ ᠱᠥᠭᠯᠥ ᠲᠣᠣᠭᠠᠷᠬᠤ ᠠᠴᠠ ᠡᠮᠥᠨ᠎ᠡ ᠥᠴᠥᠬᠡᠨ | ᠴᠦ ᠰᠣᠯᠠᠷᠠᠵᠣ ᠪᠣᠯᠬᠤ ᠥᠭᠡᠢ ᠭᠡᠵᠥ ᠲᠠᠬᠢᠨᠳᠠ ᠵᠠᠬᠢᠵᠣ᠂ ᠬᠠᠮᠤᠭ ᠤᠨ ᠡᠴᠦᠰ ᠤᠨ ᠨᠢᠭᠡ ᠮᠢᠨᠦ᠋ᠲ ᠲᠠᠭᠤᠰᠳᠠᠯ᠎ᠠ | ᠪᠢᠳᠡ ᠬᠢᠴᠢᠶᠡᠵᠥ ᠣᠷᠣᠯᠳᠣᠭᠠᠳ᠂ ᠡᠴᠦᠰ ᠲᠤ ᠪᠠᠨ ᠪᠢᠳᠡ ᠢᠯᠠᠯ᠎ᠠ᠃ ᠬᠠᠶᠢᠯᠠᠷ ᠨᠢᠭᠡᠳᠦᠭᠡᠷ ᠲᠣᠮᠳᠠᠳᠣ | ᠰᠣᠷᠭᠠᠭᠤᠯᠢ ᠶᠢᠨ ᠡᠮᠡᠭᠳᠡᠢ ᠬᠥᠯ ᠪᠦᠮᠪᠦᠭᠡ ᠶᠢᠨ ᠠᠩᠭᠢ ᠨᠢ ᠡᠮᠥᠨ᠎ᠡ ᠲᠦᠷᠪᠡ ᠳᠤ ᠲᠠᠭᠠᠷᠢᠨ ᠣᠷᠣᠵᠣ᠂ | ᠰᠣᠷᠭᠠᠭᠤᠯᠢ ᠶᠢᠨ ᠲᠡᠥᠭᠡᠨ ᠲᠡᠮᠳᠡᠭᠯᠡᠯ ᠢ ᠡᠬᠦᠳᠴᠦ᠂ ᠮᠠᠨ ᠤ ᠠᠩᠭᠢ ᠶᠢᠨ ᠨᠥᠬᠦᠳ ᠪᠠᠶᠠᠷ ᠤᠨ ᠨᠢᠯᠪᠣᠰᠣ | ᠪᠦᠮᠪᠥᠷᠢᠬᠦᠯᠥᠯᠡ᠂ ᠪᠢ ᠴᠦ ᠲᠡᠷᠡ ᠠᠭᠤᠷ ᠠᠮᠢᠰᠬᠤᠯ ᠳᠤ ᠰᠡᠳᠬᠢᠯ ᠲᠣᠭᠳᠣᠯᠣᠯᠠ᠃ | ᠲᠡᠭᠡᠳᠦ ᠲᠣᠮᠳᠠᠳᠣ ᠳᠤ ᠲᠠᠪᠰᠢᠬᠤ ᠠᠴᠠ ᠡᠮᠥᠨ᠎ᠡ ᠪᠢ ᠡᠳᠦᠷ ᠪᠣᠯᠭᠠᠨ ᠬᠤᠪᠢ ᠬᠥᠮᠥᠨ ᠤ ᠮᠡᠷᠭᠡᠵᠢᠯ | ᠪᠣᠯᠪᠠᠰᠣᠷᠠᠵᠣ᠂ ᠶᠡᠷᠦ ᠠᠴᠠ ᠪᠥᠯᠬᠦᠮᠳᠡᠨ ᠬᠠᠮᠵᠢᠯᠴᠠᠬᠤ ᠦᠵᠡᠯ ᠣᠬᠠᠮᠰᠠᠷ ᠪᠠᠶᠢᠭᠰᠠᠨ ᠥᠭᠡᠢ᠃ ᠬᠤᠶᠠᠷ | ᠲᠠᠰᠬᠠᠯᠵᠢᠭᠤᠯᠣᠭᠴᠢ ᠶᠢᠨ ᠲᠠᠭᠠᠭᠤᠯᠭ᠎ᠠ ᠲᠣᠣᠷ᠎ᠠ ᠣᠯᠠᠨ ᠣᠳᠠᠭ᠎ᠠ ᠣᠷᠣᠯᠳᠣᠭᠠᠨ ᠳᠤ ᠣᠷᠣᠯᠴᠠᠵᠣ᠂ ᠲᠣᠩ ᠣᠯᠠᠨ | ᠲᠣᠷᠰᠢᠯᠭ᠎ᠠ ᠬᠤᠷᠠᠮᠳᠣᠭᠤᠯᠣᠭᠰᠠᠨ ᠠᠴᠠ ᠢᠯᠠᠯᠳᠠ ᠣᠯᠣᠶ᠎ᠠ ᠭᠡᠪᠡᠯ ᠬᠠᠮᠳᠣ ᠪᠥᠯᠬᠦᠮ ᠴᠢᠬᠤᠯᠠ᠂ ᠬᠠᠮᠳᠣᠷᠠᠯᠴᠠᠬᠤ | ᠥᠭᠡᠢ ᠪᠣᠯ ᠢᠯᠠᠯᠳᠠ ᠣᠯᠵᠣ ᠴᠢᠳᠠᠬᠤ ᠥᠭᠡᠢ᠃ ᠨᠢᠭᠡ ᠬᠥᠮᠥᠨ ᠠᠷᠪᠠᠨ ᠨᠢᠭᠡᠨ ᠬᠥᠮᠥᠨ ᠢ ᠶᠠᠭᠠᠬᠢᠵᠣ ᠲᠡᠶᠢᠯᠬᠦ | ᠪᠣᠢ᠂ ᠵᠥᠪᠬᠡᠨ ᠨᠢᠭᠡ ᠬᠠᠮᠳᠣ ᠪᠥᠯᠬᠦᠮ ᠨᠢ ᠨᠥᠬᠦᠷᠯᠡᠨ ᠪᠥᠯᠬᠦᠮᠳᠡᠪᠡᠯ ᠠᠯᠢᠪᠠ ᠶᠢ ᠢᠯᠠᠵᠣ ᠲᠡᠶᠢᠯᠥᠨ᠎ᠡ ᠭᠡᠰᠡᠨ | ᠶᠣᠰᠣ ᠣᠴᠢᠷ ᠢ ᠬᠥᠨ ᠣᠢᠢᠯᠠᠭᠠᠭᠰᠠᠨ ᠪᠠᠶᠢᠨ᠎ᠠ᠃ | ᠠᠮᠠᠷᠠᠯᠳᠠ ᠪᠣᠯᠭᠠᠨ ᠪᠢ ᠪᠥᠷ ᠲᠣᠭᠯᠠᠯᠳᠠ ᠪᠣᠯᠣᠨ ᠬᠤᠪᠴᠠᠰᠣᠨ ᠥᠵᠡᠬᠦᠯᠭᠡ ᠶᠢᠨ ᠣᠷᠣᠯᠳᠣᠭᠠᠨ ᠳᠤ | ᠣᠷᠣᠯᠴᠠᠵᠣ᠂ ᠦᠪᠡᠷ ᠤᠨ ᠠᠮᠵᠢᠯᠳᠠ ᠪᠠᠨ ᠲᠡᠬᠦᠯᠳᠡᠷᠵᠢᠬᠦᠯᠬᠦ ᠶᠢᠨ ᠲᠠᠭᠠᠣ ᠳᠤ ᠪᠠᠰᠠ ᠮᠠᠯᠵᠢᠬᠤ ᠣᠷᠣᠨ ᠳᠤ ᠪᠠᠨ | ᠬᠠᠷᠢᠵᠣ᠂ ᠣᠨᠠᠭᠠᠨ ᠪᠠᠭ᠎ᠠ ᠶᠢᠨ ᠨᠠᠶᠢᠵᠠ ᠲᠠᠢ ᠪᠠᠨ ᠥᠡᠭᠭᠡᠷᠡᠭᠰᠡᠨ ᠢᠶᠠᠨ ᠲᠣᠷᠠᠰᠳᠠᠭ᠃ ᠢᠡᠭᠭᠢᠯᠡ ᠴᠦ ᠭᠡᠰᠡᠨ | ᠪᠦᠮᠪᠦᠭᠡ ᠢᠰᠬᠦᠯᠬᠦ ᠪᠠᠨ ᠥᠯᠥ ᠮᠠᠷᠳᠠᠨ᠂ ᠬᠤᠰᠢᠭᠤᠨ ᠳᠤ ᠪᠠᠨ ᠬᠠᠷᠢᠵᠣ ᠨᠢᠭᠡ ᠪᠥᠯᠥᠭ ᠨᠠᠶᠢᠵᠠ ᠨᠠᠷ ᠲᠠᠢ ᠪᠠᠨ | ᠰᠦᠨᠢ ᠶᠢᠨ ᠲᠠᠯᠠᠪᠣᠷ ᠤᠨ 5 ᠬᠥᠮᠥᠨ ᠤ ᠲᠥᠷᠢᠮᠳᠦ ᠬᠥᠯ ᠪᠦᠮᠪᠦᠭᠡ ᠢᠰᠬᠦᠯᠳᠡᠭ᠃ ᠬᠤᠰᠢᠭᠤᠨ ᠳᠤ ᠡᠬᠢᠯᠡᠨ | ᠶᠠᠪᠣᠭᠳᠠᠭᠤᠯᠣᠭᠰᠠᠨ 5 ᠬᠥᠮᠥᠨ ᠤ ᠲᠥᠷᠢᠮᠳᠦ ᠬᠥᠯ ᠪᠦᠮᠪᠦᠭᠡᠨ ᠣᠷᠣᠯᠳᠣᠭᠠᠨ ᠳᠤ ᠪᠠᠰᠠ ᠰᠣᠮᠣ ᠪᠠᠨ ᠲᠥᠯᠥᠭᠡᠯᠡᠨ | ᠣᠷᠣᠯᠴᠠᠵᠣ᠂ ᠨᠣᠳᠤᠭ ᠲᠤ ᠪᠠᠨ ᠬᠤᠪᠢ ᠨᠡᠮᠡᠷᠢ ᠦᠵᠡᠭᠦᠯᠥᠭᠰᠡᠨ ᠪᠠᠶᠢᠨ᠎ᠠ᠃ | ᠲᠣᠣᠷᠠᠬᠢ ᠪᠣᠯ ᠮᠢᠨᠥ ᠰᠣᠷᠭᠠᠭᠤᠯᠢ ᠶᠢᠨ ᠬᠥᠯ ᠪᠦᠮᠪᠦᠭᠡ ᠶᠢᠨ ᠲᠣᠭᠤᠢᠢᠯᠠᠩ ᠪᠣᠯᠣᠨ ᠬᠤᠪᠢ ᠬᠥᠮᠥᠨ ᠤ | ᠢᠷᠠᠭᠤ ᠠᠯᠳᠠᠷ᠄ | 2014 ᠣᠨ ᠤ ︽ᠬᠡᠨ ᠨᠢ ᠠᠷᠠᠳ ᠤᠨ ᠲᠣᠮᠳᠠᠬᠢ ᠪᠦᠮᠪᠦᠭᠡᠴᠢᠨ ᠤ ᠠᠪᠣᠷᠭᠤ ᠪᠣᠯᠬᠤ ᠲᠡᠮᠡᠴᠡᠯᠳᠡ ᠶᠢᠨ | ᠣᠷᠣᠯᠳᠣᠭᠠᠨ︾ ᠤ ᠥᠪᠥᠷ ᠮᠣᠩᠭᠤᠯ ᠣᠷᠣᠨ ᠤ ᠬᠡᠪᠴᠢᠶᠡᠨ ᠳᠠᠬᠢ ᠲᠡᠳ᠋ ᠲᠡᠰ | 2015 ᠣᠨ ᠤ ᠬᠥᠯᠥᠨ ᠪᠤᠶᠢᠷ ᠬᠤᠳᠠ ᠶᠢᠨ ᠠᠩᠬ᠎ᠠ ᠲᠣᠮᠳᠠᠳᠣ ᠶᠢᠨ ᠲᠣᠭᠤᠢᠢᠯᠠᠩ ᠤᠨ ︽ᠬᠤᠳᠠ ᠶᠢᠨ | ᠲᠠᠷᠤᠭ᠎ᠠ ᠬᠤᠨᠳᠠᠭᠠᠳᠣ︾ ᠶᠢᠨ ᠭᠤᠳᠠᠭᠠᠷ ᠲᠡᠰ | 2016 ᠣᠨ ᠤ ᠬᠥᠯᠥᠨ ᠪᠤᠶᠢᠷ ᠬᠤᠳᠠ ᠶᠢᠨ ᠲᠡᠭᠡᠳᠦ ᠲᠣᠮᠳᠠᠳᠣ ᠶᠢᠨ ᠲᠣᠭᠤᠢᠢᠯᠠᠩ ᠤᠨ ︽ᠬᠤᠳᠠ ᠶᠢᠨ | ᠲᠠᠷᠤᠭ᠎ᠠ ᠬᠤᠨᠳᠠᠭᠠᠳᠣ︾ ᠶᠢᠨ ᠲᠡᠷᠢᠬᠦᠨ ᠲᠡᠰ | 2016 ᠣᠨ ᠤ ᠦᠪᠡᠷᠳᠡᠭᠡᠨ ᠵᠠᠰᠠᠬᠤ ᠣᠷᠣᠨ ᠤ ᠲᠡᠭᠡᠳᠦ ᠲᠣᠮᠳᠠᠳᠣ ᠶᠢᠨ ᠡᠮᠡᠭᠳᠡᠢ ᠶᠢᠨ ᠲᠣᠭᠤᠢᠢᠯᠠᠩ ᠤᠨ | ︽ᠲᠡᠷᠢᠬᠦᠯᠡᠭᠴᠢ ᠬᠤᠨᠳᠠᠭᠠᠳᠣ︾ ᠶᠢᠨ ᠭᠤᠳᠠᠭᠠᠷ ᠲᠡᠰ | 2016 ᠣᠨ ᠤ ᠡᠮᠡᠭᠳᠡᠢ ᠶᠢᠨ ᠬᠥᠭᠡ ᠲᠣᠭᠤᠢᠢᠯᠠᠩ ᠤᠨ ︽ᠪᠡᠶ᠎ᠡ ᠶᠢᠨ ᠲᠠᠮᠢᠷ ᠤᠨ ᠯᠧᠲ᠋ᠣᠷᠢ ᠬᠤᠨᠳᠠᠭᠠᠳᠣ︾ | ᠶᠢᠨ ᠵᠢᠷᠭᠤᠳᠣᠭᠠᠷ ᠲᠡᠰ | 2017 ᠣᠨ ᠤ ᠬᠥᠯᠥᠨ ᠪᠤᠶᠢᠷ ᠬᠤᠳᠠ ᠶᠢᠨ ᠲᠡᠭᠡᠳᠦ ᠲᠣᠮᠳᠠᠳᠣ ᠶᠢᠨ ᠲᠣᠭᠤᠢᠢᠯᠠᠩ ᠤᠨ ︽ᠬᠤᠳᠠ ᠶᠢᠨ | ᠲᠠᠷᠤᠭ᠎ᠠ ᠬᠤᠨᠳᠠᠭᠠᠳᠣ︾ ᠶᠢᠨ ᠲᠡᠷᠢᠬᠦᠨ ᠲᠡᠰ | 2017 ᠣᠨ ᠤ ᠬᠥᠯᠥᠨ ᠪᠤᠶᠢᠷ ᠬᠤᠳᠠ ᠶᠢᠨ ᠲᠡᠭᠡᠳᠦ ᠲᠣᠮᠳᠠᠳᠣ ᠶᠢᠨ ᠲᠣᠭᠤᠢᠢᠯᠠᠩ ᠤᠨ ︽ᠬᠤᠳᠠ ᠶᠢᠨ | ᠲᠠᠷᠤᠭ᠎ᠠ ᠬᠤᠨᠳᠠᠭᠠᠳᠣ︾ ᠶᠢᠨ ᠬᠠᠮᠤᠭ ᠤᠨ ᠰᠠᠶᠢᠨ ᠬᠠᠷᠪᠣᠭᠠᠴᠢ | 2017 ᠣᠨ ᠤ ᠦᠪᠡᠷᠳᠡᠭᠡᠨ ᠵᠠᠰᠠᠬᠤ ᠣᠷᠣᠨ ᠤ ︽ᠲᠡᠷᠢᠬᠦᠯᠡᠭᠴᠢ ᠬᠤᠨᠳᠠᠭᠠᠳᠣ︾ ᠶᠢᠨ ᠲᠡᠭᠡᠳᠦ | ᠲᠣᠮᠳᠠᠳᠣ ᠶᠢᠨ ᠡᠮᠡᠭᠳᠡᠢ ᠶᠢᠨ ᠲᠣᠭᠤᠢᠢᠯᠠᠩ ᠤᠨ ᠵᠢᠷᠭᠤᠳᠣᠭᠠᠷ ᠲᠡᠰ | |