| | ᠰᠢᠨᠬᠤᠸᠠ ᠬᠤᠷᠢᠶᠠᠨ ᠤ ᠪᠡᠭᠡᠵᠢᠩ ᠤᠨ 9 ᠳ᠋ᠦ᠋ᠭᠡᠷ ᠰᠠᠷ᠎ᠠ ᠶᠢᠨ 7 ᠤ ᠡᠳᠦᠷ ᠤᠨ ᠮᠡᠳᠡᠭᠡ ︵ᠸᠧᠶ ᠮᠧᠩ | ᠵᠢᠶᠠ᠂ ᠽᠧᠩ ᠴᠧᠨ︶᠄ 5 ᠰᠠᠷ᠎ᠠ ᠶᠢᠨ ᠲᠤᠷᠰᠢ᠂ ᠳᠤᠮᠳᠠᠳᠤ ᠤᠯᠤᠰ ᠤᠨ ᠲᠠᠷᠢᠶᠠᠯᠠᠩ ᠤᠨ ᠶᠡᠭᠡ | ᠰᠤᠷᠭᠠᠭᠤᠯᠢ ᠶᠢᠨ ᠡᠬᠢ ᠪᠠᠶᠠᠯᠢᠭ ᠪᠣᠯᠤᠨ ᠣᠷᠴᠢᠨ ᠠᠬᠤᠶ ᠶᠢᠨ ᠳᠡᠭᠡᠳᠦ ᠰᠤᠷᠭᠠᠭᠤᠯᠢ ᠶᠢᠨ ᠰᠤᠳᠤᠯᠬᠤ ᠰᠤᠷᠤᠭᠴᠢ | ᠾᠧ ᠵᠢᠩ ᡁᠢ᠂ ᠾᠧᠪᠧᠢ ᠮᠤᠵᠢ ᠶᠢᠨ ᠴᠢᠦᠶ ᠵᠧᠦ ᠰᠢᠶᠠᠨ ᠤ ᠬᠤᠸᠠᠢ ᠴᠢᠶᠣᠣ ᠰᠢᠶᠠᠩ ᠤᠨ ᠰᠢᠶᠠᠩ ᠭᠥᠩ | ᠵᠤᠸᠠᠩ ᠲᠣᠰᠬᠤᠨ ᠳᠤ ᠬᠤᠨᠤᠭᠯᠠᠨ ᠰᠠᠭᠤᠵᠤ᠂ ᠡᠳᠦᠷ ᠪᠦᠷᠢ ᠭᠤᠷᠪᠠᠨ ᠬᠦᠷᠳᠦᠲᠦ ᠲᠡᠷᠭᠡ ᠤᠨᠤᠵᠤ ᠡᠷᠦᠬᠡ | ᠪᠦᠷᠢ ᠪᠠᠷ ᠰᠣᠷᠪᠦᠯᠵᠢᠯᠡᠵᠤ᠂ ᠵᠢᠮᠢᠰᠴᠢᠨ ᠲᠠᠢ ᠬᠠᠮᠲᠤ ᠵᠢᠮᠢᠰ ᠤᠨ ᠮᠣᠳᠤᠨ ᠳᠤ ᠪᠤᠷᠳᠤᠭᠤᠷ ᠣᠷᠤᠭᠤᠯᠵᠤ ᠮᠥᠴᠢᠷ | ᠬᠠᠶᠢᠴᠢᠯᠠᠨ᠂ ᠡᠮ ᠰᠠᠴᠤᠵᠤ ᠡᠪᠡᠳᠴᠢᠨ ᠢ ᠰᠡᠷᠭᠡᠶᠢᠯᠡᠵᠦ᠂ ᠬᠠᠮᠲᠤ ᠨᠥᠬᠦᠳ ᠲᠠᠢ ᠪᠠᠨ ᠬᠠᠮᠲᠤ ᠲᠠᠷᠢᠮᠠᠯ ᠤᠨ | ᠮᠠᠷᠢᠶ᠎ᠠ ᠰᠢᠭᠤᠷᠠᠭᠤᠯᠬᠤ ᠦᠷ᠎ᠡ ᠠᠰᠢᠭ ᠢ ᠨᠡᠮᠡᠭᠳᠡᠭᠦᠯᠬᠦ ᠲᠤᠷᠰᠢᠯᠲᠠ ᠬᠢᠨ᠎ᠡ ᠁ | ︽ᠪᠢ ᠲᠠᠷᠢᠶᠠᠨ ᠱᠠᠩ ᠤᠨ ᠳᠡᠷᠭᠡᠳᠡ ᠳᠤ ᠨᠣᠮ ᠪᠢᠴᠢᠭ ᠠᠴᠠ ᠰᠤᠷᠴᠤ ᠳᠡᠶᠢᠯᠬᠦ ᠦᠭᠡᠢ ᠶᠠᠭᠤᠮ᠎ᠠ ᠶᠢ | ᠣᠯᠵᠤ ᠰᠤᠷᠪᠠ᠂ ᠣᠯᠣᠯᠲᠠ ᠮᠠᠰᠢ ᠶᠡᠭᠡ︾ ᠭᠡᠵᠦ ᠲᠡᠷᠡ ᠬᠡᠯᠡᠪᠡ ᠃ | ᠳᠤᠮᠳᠠᠳᠤ ᠤᠯᠤᠰ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠡᠬᠢ ᠪᠠᠶᠠᠯᠢᠭ ᠪᠣᠯᠤᠨ ᠣᠷᠴᠢᠨ | ᠠᠬᠤᠶ ᠶᠢᠨ ᠳᠡᠭᠡᠳᠦ ᠰᠤᠷᠭᠠᠭᠤᠯᠢ ᠶᠢᠨ ᠳᠡᠳ᠋ ᠵᠠᠬᠢᠷᠤᠯ ᠵᠢᠶᠠᠩ ᠷᠦᠩ ᠹᠧᠩ ᠫᠡᠷᠦᠹᠧᠰᠰᠣᠷ ᠬᠡᠯᠡᠭᠰᠡᠨ ᠨᠢ᠂ | ᠲᠠᠷᠢᠶᠠᠯᠠᠩ ᠠᠵᠤ ᠦᠢᠯᠡᠰ ᠤᠨ ᠬᠠᠮᠢᠶ᠎ᠠ ᠪᠥᠬᠦᠶ ᠲᠤᠰᠬᠠᠶ ᠮᠡᠷᠭᠡᠵᠢᠯ ᠤᠨ ᠰᠤᠳᠤᠯᠬᠤ ᠰᠤᠷᠤᠭᠴᠢ ᠶᠢ | ᠬᠥᠮᠦᠵᠢᠭᠦᠯᠬᠦ ᠳᠤ ᠲᠠᠷᠢᠶᠠᠯᠠᠩ ᠠᠵᠤ ᠦᠢᠯᠡᠰ ᠲᠠᠢ ᠨᠢᠭᠲᠠ ᠬᠠᠷᠢᠴᠠᠭ᠎ᠠ ᠲᠠᠢ ᠪᠠᠶᠢᠬᠤ ᠶᠢ ᠣᠨᠴᠠᠭᠠᠢ ᠱᠠᠭᠠᠷᠳᠠᠬᠤ | ᠬᠡᠷᠡᠭᠲᠡᠢ᠃ ᠥᠩᠭᠡᠷᠡᠭᠰᠡᠨ ᠳᠤ ᠰᠤᠷᠤᠭᠴᠢᠳ ᠢ ᠬᠦᠮᠦᠵᠢᠭᠦᠯᠬᠦ ᠳᠤ ᠣᠯᠠᠩᠬᠢ ᠨᠢ ᠲᠤᠷᠰᠢᠯᠲᠠ ᠶᠢᠨ ᠲᠡᠰᠤᠬ ᠲᠤ | ᠶᠠᠪᠤᠭᠳᠠᠵᠤ᠂ ᠲᠠᠷᠢᠶᠠᠯᠠᠩ ᠠᠵᠤ ᠦᠢᠯᠡᠰ ᠠᠴᠠ ᠠᠩᠬᠢᠵᠢᠷᠠᠵᠤ᠂ ᠲᠠᠷᠢᠶᠠᠯᠠᠩ ᠤᠨ ᠰᠢᠨᠵᠢᠯᠡᠭᠡ ᠮᠡᠷᠭᠡᠵᠢᠯ ᠤᠨ | ᠴᠢᠳᠠᠪᠤᠷᠢᠲᠠᠨ ᠤ ᠬᠦᠮᠦᠵᠢᠯ ᠪᠠ ᠨᠡᠶᠢᠭᠡᠮ ᠤᠨ ᠬᠡᠷᠡᠭᠴᠡᠭᠡ ᠱᠠᠭᠠᠷᠳᠠᠯᠭ᠎ᠠ ᠯᠤᠭ᠎ᠠ ᠶᠢᠨ ᠣᠷᠣᠨ ᠪᠠᠶᠢᠷᠢ ᠨᠢ ᠭᠠᠵᠢᠵᠤ᠂ | ᠰᠢᠨᠵᠢᠯᠡᠬᠦ ᠤᠬᠠᠭᠠᠨ ᠤ ᠰᠤᠳᠤᠯᠭᠠᠨ ᠤ ᠦᠷ᠎ᠡ ᠪᠦᠲᠦᠭᠡᠯ ᠨᠢ ᠪᠣᠳᠠᠲᠤ ᠬᠡᠷᠡᠭᠯᠡᠭᠡᠨ ᠤ ᠬᠡᠷᠡᠭᠴᠡᠭᠡ ᠠᠴᠠ ᠰᠠᠯᠤᠭᠰᠠᠨ | ᠪᠠᠶᠢᠨ᠎ᠠ᠃ | ᠡᠨᠡ ᠬᠦ ᠠᠰᠠᠭᠤᠳᠠᠯ ᠢ ᠰᠢᠢᠳᠪᠦᠷᠢᠯᠡᠵᠦ᠂ ᠴᠢᠳᠠᠪᠤᠷᠢᠲᠠᠨ ᠢ ᠬᠥᠮᠦᠵᠢᠭᠦᠯᠬᠦ ᠶᠠᠰᠤ ᠴᠢᠨᠠᠷ ᠢ | ᠳᠡᠭᠡᠭᠰᠢᠯᠡᠭᠦᠯᠬᠦ ᠶᠢᠨ ᠲᠦᠯᠦᠭᠡ᠂ 2006 ᠣᠨ ᠠᠴᠠ ᠡᠬᠢᠯᠡᠨ᠂ ᠳᠤᠮᠳᠠᠳᠤ ᠤᠯᠤᠰ ᠤᠨ ᠲᠠᠷᠢᠶᠠᠯᠠᠩ ᠤᠨ ᠶᠡᠭᠡ | ᠰᠤᠷᠭᠠᠭᠤᠯᠢ ᠶᠢᠨ ᠡᠬᠢ ᠪᠠᠶᠠᠯᠢᠭ ᠪᠣᠯᠤᠨ ᠣᠷᠴᠢᠨ ᠲᠣᠭᠤᠷᠢᠨ ᠤ ᠳᠡᠭᠡᠳᠦ ᠰᠤᠷᠭᠠᠭᠤᠯᠢ ᠶᠢᠨ ᠫᠡᠷᠦᠹᠧᠰᠰᠣᠷ ᠵᠠᠩ | ᠹᠦ᠋ ᠰᠥᠸᠧ ᠰᠤᠳᠤᠯᠭᠠᠨ ᠤ ᠪᠦᠯᠬᠦᠮ ᠳᠠᠭᠠᠭᠤᠯᠤᠨ᠂ ᠲᠠᠷᠢᠶᠠᠯᠠᠩ ᠦᠢᠯᠡᠳᠪᠦᠷᠢᠯᠡᠯ ᠤᠨ ᠨᠢᠭᠡᠳᠦᠭᠡᠷ ᠹᠷᠣᠨᠲ ᠲᠤ | ᠭᠦᠨᠵᠡᠭᠡᠶᠢᠷᠡᠭᠰᠡᠨ ᠪᠠᠶᠢᠨ᠎ᠠ᠃ 2009 ᠣᠨ ᠳᠤ᠂ ᠪᠠᠭᠰᠢ ᠰᠤᠷᠤᠭᠴᠢ ᠴᠢᠦᠶ ᠵᠧᠦ ᠰᠢᠶᠠᠨ ᠤ ᠪᠠᠶ ᠵᠠᠶ | ᠰᠢᠶᠠᠩ ᠤᠨ ᠲᠠᠷᠢᠶᠠᠴᠢᠨ ᠤ ᠬᠦᠷᠢᠶᠡᠯᠡᠩ ᠳᠤ ᠰᠠᠭᠤᠷᠢᠰᠢᠵᠤ᠂ ᠡᠷᠳᠡᠮ ᠰᠢᠨᠵᠢᠯᠡᠭᠡᠨ ᠪᠠ ᠨᠡᠶᠢᠭᠡᠮ ᠤᠨ | ᠦᠢᠯᠡᠴᠢᠯᠡᠭᠡᠨ ᠤ ᠠᠵᠢᠯ ᠢ ᠦᠷᠨᠢᠭᠦᠯᠵᠦ᠂ ᠲᠠᠷᠢᠶᠠᠴᠢᠳ ᠲᠠᠢ ᠨᠢᠭᠤᠷᠲᠠᠨ ᠵᠢᠯᠤᠭᠤᠳᠤᠯᠭ᠎ᠠ ᠬᠢᠪᠡ᠂ ᠡᠶᠢᠨᠬᠦ ︽ | ᠰᠢᠨᠵᠢᠯᠡᠭᠡ ᠮᠡᠷᠭᠡᠵᠢᠯ ᠤᠨ ᠵᠢᠵᠢᠭ ᠬᠦᠷᠢᠶᠡᠯᠡᠩ︾ ᠪᠣᠢ ᠪᠣᠯᠵᠠᠢ᠃ | ᠰᠢᠨᠵᠢᠯᠡᠭᠡ ᠮᠡᠷᠭᠡᠵᠢᠯ ᠤᠨ ᠵᠢᠵᠢᠭ ᠬᠦᠷᠢᠶᠡᠯᠡᠩ ᠤᠨ ᠰᠤᠳᠤᠯᠬᠤ ᠰᠤᠷᠤᠭᠴᠢ ᠲᠤᠰᠬᠠᠶ ᠮᠡᠷᠭᠡᠵᠢᠯ ᠤᠨ | ᠡᠷᠳᠡᠮ ᠤᠨ ᠴᠣᠯᠠ ᠪᠠᠷ ᠰᠤᠷᠤᠯᠴᠠᠬᠤ ᠰᠤᠷᠤᠭᠴᠢᠳ ᠢᠶᠠᠷ ᠭᠤᠣᠯ ᠪᠣᠯᠭᠠᠵᠤ᠂ ᠰᠤᠳᠤᠯᠬᠤ ᠰᠤᠷᠤᠭᠴᠢ ᠪᠠᠷ | ᠡᠯᠰᠡᠭᠳᠡᠭᠰᠡᠨ ᠤ ᠳᠠᠷᠠᠭ᠎ᠠ᠂ ᠵᠤᠨ ᠤ ᠠᠮᠠᠷᠠᠯᠲᠠ ᠶᠢᠨ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠠᠴᠠ ᠡᠮᠦᠨ᠎ᠡ᠂ ᠴᠥᠮ | ᠵᠢᠵᠢᠭ ᠬᠦᠷᠢᠶᠡᠯᠡᠩ ᠳᠤ ᠬᠦᠷᠴᠦ 1 ᠰᠠᠷ᠎ᠠ ᠶᠢᠨ ᠰᠢᠨ᠎ᠡ ᠰᠤᠷᠤᠭᠴᠢᠳ ᠤᠨ ᠪᠣᠯᠪᠠᠰᠤᠷᠠᠯ ᠬᠦᠷᠲᠡᠵᠦ᠂ ᠡᠷᠬᠡᠪᠰᠢ | ᠲᠠᠷᠢᠶᠠᠴᠢᠨ ᠡᠷᠦᠬᠡ ᠶᠢᠨ ᠭᠡᠷ ᠲᠤ ᠰᠠᠭᠤᠵᠤ᠂ ᠲᠠᠷᠢᠶᠠᠯᠠᠩ ᠦᠢᠯᠡᠳᠪᠦᠷᠢᠯᠡᠯ ᠤᠨ ᠪᠠᠶᠢᠳᠠᠯ ᠢ ᠣᠶᠢᠯᠠᠭᠠᠵᠤ᠂ | ᠳᠠᠷᠠᠭ᠎ᠠ ᠵᠢᠯ ᠳᠡᠭᠡᠨ ᠡᠷᠭᠢᠵᠦ ᠵᠢᠵᠢᠭ ᠬᠦᠷᠢᠶᠡᠯᠡᠩ ᠳᠤ ᠢᠷᠡᠵᠦ ᠰᠡᠳᠦᠪ ᠤᠨ ᠰᠤᠳᠤᠯᠭᠠᠨ ᠬᠢᠬᠦ ᠬᠡᠷᠡᠭᠲᠡᠶ᠃ | ᠰᠤᠳᠤᠯᠬᠤ ᠰᠤᠷᠤᠭᠴᠢ ᠡᠩ ᠤᠨ ᠪᠠᠶᠢᠳᠠᠯ ᠳᠣᠣᠷ᠎ᠠ ᠲᠣᠰᠬᠤᠨ ᠤ ᠵᠢᠵᠢᠭ ᠬᠦᠷᠢᠶᠡᠯᠡᠩ ᠳᠤ ᠬᠤᠶᠠᠷ ᠵᠢᠯ ᠰᠠᠭᠤᠬᠤ | ᠬᠡᠷᠡᠭᠲᠡᠢ᠃ | ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ︽ᠲᠣᠰᠬᠤᠨ ᠳᠤ ᠰᠠᠭᠤᠷᠢᠰᠢᠬᠤ︾ ᠰᠤᠷᠤᠭᠴᠢᠳ | ᠪᠠᠭᠰᠢ ᠶᠢᠨ ᠵᠢᠯᠣᠭᠤᠳᠣᠯᠭ᠎ᠠ ᠳᠣᠣᠷ᠎ᠠ᠂ ᠲᠤᠬᠠᠶ ᠶᠢᠨ ᠭᠠᠵᠠᠷ ᠤᠨ ᠲᠠᠷᠢᠶᠠᠯᠠᠩ ᠦᠢᠯᠡᠳᠪᠦᠷᠢᠯᠡᠯ ᠤᠨ ᠳᠤᠮᠳᠠᠬᠢ | ᠠᠰᠠᠭᠤᠳᠠᠯ ᠤᠨ ᠲᠤᠭᠤᠷᠢᠨ ᠳᠤ ᠰᠢᠨᠵᠢᠯᠡᠬᠦ ᠣᠬᠠᠭᠠᠨ ᠤ ᠰᠤᠳᠤᠯᠭᠠᠨ ᠢᠶᠠᠨ ᠲᠦᠯᠦᠪᠯᠡᠨ ᠦᠷᠨᠢᠭᠦᠯᠵᠦ᠂ | ᠲᠠᠷᠢᠶᠠᠴᠢᠳ ᠤᠨ ᠦᠢᠯᠡᠳᠪᠦᠷᠢᠯᠡᠯ ᠳᠤᠮᠳᠠᠬᠢ ᠪᠣᠳᠠᠲᠤ ᠠᠰᠠᠭᠤᠳᠠᠯ ᠤᠳ ᠢ ᠰᠢᠢᠳᠪᠦᠷᠢᠯᠡᠨ᠎ᠡ︔ ᠪᠠᠭᠰᠢ | ᠰᠤᠷᠤᠭᠴᠢᠳ ᠪᠠᠰᠠ ︽ᠲᠠᠷᠢᠶᠠᠨ ᠭᠠᠵᠠᠷ ᠳᠠᠬᠢ ᠰᠤᠷᠭᠠᠭᠤᠯᠢ︾ ᠪᠠᠶᠢᠭᠤᠯᠵᠤ ᠲᠠᠷᠢᠶᠠᠴᠢᠳ ᠢ ᠲᠥᠪᠯᠡᠷᠡᠭᠦᠯᠦᠨ | ᠪᠣᠯᠪᠠᠰᠤᠷᠠᠭᠤᠯᠬᠤ᠂ ᠲᠠᠷᠢᠶᠠᠴᠢᠳ ᠢ ᠵᠣᠬᠢᠶᠠᠨ ᠪᠠᠶᠢᠭᠤᠯᠤᠨ ︽ᠲᠠᠷᠢᠶᠠᠨ ᠭᠠᠵᠠᠷ ᠲᠤ ᠲᠣᠭᠤᠷᠢᠨ ᠦᠵᠡᠬᠦ︾ ᠵᠡᠷᠭᠡ | ᠲᠠᠷᠢᠶᠠᠯᠠᠩ ᠦᠢᠯᠡᠳᠪᠦᠷᠢᠯᠡᠯ ᠤᠨ ᠮᠡᠷᠭᠡᠵᠢᠯ ᠤᠨ ᠦᠢᠯᠡᠴᠢᠯᠡᠭᠡ ᠬᠠᠩᠭᠠᠨ᠎ᠠ᠃ | ᠵᠢᠶᠠᠩ ᠷᠦᠩ ᠹᠧᠩ ᠲᠠᠨᠢᠯᠴᠠᠭᠤᠯᠤᠭᠰᠠᠨ ᠢᠶᠠᠷ᠂ ᠠᠳᠡ ᠢᠷᠡᠭᠰᠡᠨ ᠰᠤᠷᠤᠭᠴᠢᠳ ᠠᠰᠠᠭᠤᠳᠠᠯ ᠳᠤ | ᠴᠢᠭᠯᠡᠭᠦᠯᠦᠨ᠂ ᠤᠨᠤᠯ ᠢ ᠪᠣᠳᠠᠲᠤ ᠪᠠᠶᠢᠳᠠᠯ ᠲᠠᠢ ᠤᠶᠠᠯᠳᠤᠭᠤᠯᠵᠤ ᠪᠠᠶᠢᠭᠠᠳ ᠭᠦᠨᠵᠡᠭᠡᠢ ᠰᠤᠷᠤᠯᠴᠠᠨ᠂ | ᠮᠡᠳᠡᠯᠭᠡ ᠶᠢᠨ ᠬᠤᠷᠠᠮᠳᠤᠭᠤᠯᠤᠯ ᠢᠶᠠᠨ ᠪᠠᠶᠠᠯᠢᠭᠵᠢᠭᠤᠯᠬᠤ ᠶᠢᠨ ᠬᠠᠮᠲᠤ ᠰᠤᠳᠤᠯᠭᠠᠨ ᠤ ᠦᠷ᠎ᠡ ᠪᠦᠲᠦᠭᠡᠯ ᠢ | ᠦᠢᠯᠡᠳᠪᠦᠷᠢᠯᠡᠯ ᠤᠨ ᠨᠢᠭᠡᠳᠦᠭᠡᠷ ᠹᠷᠣᠨᠲ ᠲᠤ ᠬᠡᠷᠡᠭᠯᠡᠵᠦ ᠴᠢᠳᠠᠳᠠᠭ ᠪᠣᠯᠤᠭᠰᠠᠨ ᠪᠠᠶᠢᠨ᠎ᠠ᠃ | ᠲᠡᠭᠦᠨ ᠤ ᠦᠵᠡᠬᠦ ᠪᠠᠷ ᠂ ᠡᠨᠡ ᠬᠦ ᠰᠤᠷᠦᠯᠴᠡᠯᠭ᠎ᠠ ᠪᠠᠷ ᠳᠠᠮᠵᠢᠨ᠂ ᠰᠤᠷᠤᠭᠴᠢᠳ ᠤᠨ ᠡᠷᠳᠡᠮ | ᠰᠢᠨᠵᠢᠯᠡᠭᠡᠨ ᠤ ᠴᠢᠳᠠᠪᠤᠷᠢ᠂ ᠲᠤᠰᠬᠠᠶ ᠮᠡᠷᠭᠡᠵᠢᠯ ᠤᠨ ᠬᠡᠪ ᠪᠣᠯᠪᠠᠰᠤᠷᠠᠯ ᠵᠡᠷᠭᠡ ᠶᠡᠷᠦᠩᠬᠡᠶᠢᠯᠡᠭᠰᠡᠨ ᠴᠢᠳᠠᠪᠤᠷᠢ ᠪᠦᠷ | ᠳᠡᠭᠡᠭᠰᠢᠯᠡᠵᠦ᠂ ︽ᠣᠨᠴᠠᠭᠠᠶᠢᠯᠠᠨ ᠲᠡᠳᠡᠨᠦᠰ ᠤᠨ ᠬᠥᠳᠡᠭᠡ ᠲᠣᠰᠬᠤᠨ᠂ ᠲᠠᠷᠢᠶᠠᠴᠢᠳ ᠤᠨ ᠪᠣᠳᠠᠲᠤ ᠪᠠᠶᠢᠳᠠᠯ᠂ | ᠠᠮᠢᠳᠤᠷᠠᠯ ᠤᠨ ᠱᠠᠭᠠᠷᠳᠠᠯᠭ᠎ᠠ ᠶᠢ ᠦᠨᠡᠨ ᠬᠦ ᠣᠶᠢᠯᠠᠭᠠᠵᠤ᠂ ᠲᠠᠷᠢᠶᠠᠴᠢᠳ ᠤᠨ ᠬᠦᠴᠢᠷ ᠪᠡᠷᠬᠡᠰᠢᠶᠡᠯ ᠪᠣᠯᠤᠨ ᠬᠦᠰᠡᠯ | ᠡᠷᠡᠮᠡᠯᠵᠡᠯ ᠢ ᠮᠡᠳᠡᠬᠦ ᠪᠠᠷ ᠪᠠᠷᠠᠬᠤ ᠦᠭᠡᠢ᠂ ᠡᠭᠦᠨ ᠤ ᠤᠯᠠᠮ ᠠᠴᠠ ᠨᠡᠩ ︿ᠲᠠᠷᠢᠶᠠᠯᠠᠩ᠂ ᠬᠥᠳᠡᠭᠡ ᠲᠣᠰᠬᠤᠨ | ᠬᠢᠭᠡᠳ ᠲᠠᠷᠢᠶᠠᠴᠢᠳ ᠯᠤᠭ᠎ᠠ ᠶᠢᠨ ᠰᠡᠳᠭᠢᠯᠭᠡ﹀ ᠲᠠᠢ ᠪᠣᠯᠤᠨ᠎ᠠ᠃︾ | ᠰᠢᠶᠠᠩ ᠭᠦᠩ ᠵᠤᠸᠠᠩ ᠤᠨ ᠠᠯᠮᠤᠷᠠᠳ ᠴᠢᠦᠶ ᠵᠧᠦ ᠳᠤ ᠶᠡᠭᠡ ᠨᠡᠷᠡᠲᠡᠶ ᠪᠠᠶᠢᠵᠤ᠂ ᠲᠠᠷᠢᠮᠠᠯ ᠤᠨ ᠲᠠᠯᠠᠪᠠᠶ ᠨᠢ | ᠮᠠᠰᠢ ᠶᠡᠭᠡ ᠪᠠᠶᠢᠳᠠᠭ᠃ ᠾᠧ ᠵᠢᠩ ᡁᠢ ᠵᠢᠮᠢᠰᠴᠢᠨ ᠲᠠᠢ ᠬᠠᠮᠲᠤ ᠰᠤᠷᠤᠯᠴᠠᠵᠤ᠂ ᠲᠡᠳᠡᠨ ᠢ ᠬᠠᠪᠰᠤᠷᠤᠨ ︽ᠵᠢᠮᠢᠰ | ᠠᠷᠠᠴᠢᠯᠠᠵᠤ︾ ︽ᠤᠭᠤᠲᠠ ᠪᠦᠷᠬᠦᠭᠦᠯᠵᠦ︾᠂ ᠵᠢᠮᠢᠰ ᠤᠨ ᠮᠣᠳᠤᠨ ᠳᠤ ᠡᠮ ᠰᠠᠴᠤᠵᠤ᠂ ᠵᠢᠮᠢᠰ ᠤᠨ ᠮᠣᠳᠣ ᠶᠢᠨ | ︽ᠨᠠᠪᠴᠢ ᠵᠤᠯᠭᠠᠷᠠᠬᠤ ᠡᠪᠡᠳᠴᠢᠨ︾ ᠢ ᠰᠤᠳᠤᠯᠵᠤ᠂ ᠵᠢᠮᠢᠰ ᠤᠨ ᠤᠢ ᠶᠢᠨ ᠮᠡᠳᠡᠯᠭᠡ ᠶᠢ ᠪᠠᠭ᠎ᠠ ᠪᠠᠭ᠎ᠠ ᠪᠠᠷ | ᠰᠦᠪᠡᠭᠴᠢᠯᠡᠵᠡᠢ᠃ ᠾᠧ ᠵᠢᠩ ᡁᠢ ᠪᠠ ᠬᠠᠮᠲᠤ ᠰᠤᠷᠤᠭᠴᠢᠳ ᠨᠢ ᠵᠢᠮᠢᠰᠴᠢᠤᠨ ᠤᠨ ᠳᠤᠷᠠᠳᠤᠭᠰᠠᠨ ᠵᠢᠮᠢᠰ ᠤᠨ | ᠮᠣᠳᠣ ᠲᠠᠷᠢᠬᠤ ᠪᠠ ᠰᠢᠮ᠎ᠡ ᠲᠡᠵᠢᠭᠡᠯ ᠵᠡᠷᠭᠡ ᠠᠰᠠᠭᠤᠳᠠᠯ ᠢ ᠰᠣᠷᠣᠭᠰᠠᠨ ᠮᠡᠳᠡᠯᠭᠡ ᠪᠠᠨ ᠠᠰᠢᠭᠯᠠᠵᠤ ᠲᠡᠳᠡᠨᠦᠰ ᠲᠤ | ᠬᠠᠯᠠᠰᠢᠷᠠᠯ ᠦᠭᠡᠢ ᠲᠠᠶᠢᠯᠪᠤᠷᠢᠯᠠᠨ ᠦᠭᠬᠦ ᠶᠢᠨ ᠬᠠᠮᠲᠤ ᠦᠢᠯᠡᠳᠦᠯᠭᠡ ᠳᠤ ᠴᠤᠭ ᠣᠷᠣᠯᠴᠠᠳᠠᠭ᠃ | ︽ᠣᠳᠣ ᠪᠢ ᠨᠢᠭᠡᠨᠲᠡ 90 ᠡᠷᠦᠬᠡ ᠶᠢᠨ ᠠᠷᠠᠳ ᠢ ᠰᠤᠷᠪᠤᠯᠵᠢᠯᠠᠭᠰᠠᠨ ᠪᠠᠶᠢᠨ᠎ᠠ᠂ ᠳᠡᠳᠡᠨ ᠲᠠᠢ ᠣᠯᠠᠨ | ᠶᠠᠭᠤᠮ᠎ᠠ ᠶᠠᠷᠢᠯᠴᠠᠨ᠎ᠠ᠂ ᠳᠠᠷᠢᠬᠤ ᠬᠡᠪᠴᠢᠶ᠎ᠡ᠂ ᠪᠤᠷᠳᠤᠭᠤᠷ ᠣᠷᠣᠭᠤᠯᠬᠤ ᠪᠠ ᠭᠠᠷᠤᠯᠲᠠ ᠶᠢᠨ ᠬᠡᠮᠵᠢᠶ᠎ᠡ᠂ ᠡᠪᠡᠳᠴᠢᠨ | ᠬᠤᠷᠣᠬᠠᠶ ᠶᠢᠨ ᠬᠥᠨᠥᠭᠡᠯ ᠪᠠᠶᠢᠳᠠᠯ ᠵᠡᠷᠭᠡ ᠶᠢ ᠪᠦᠷ ᠲᠡᠮᠳᠡᠭᠯᠡᠨ ᠠᠪᠳᠠᠭ᠂ ᠰᠤᠳᠤᠯᠬᠤ ᠳᠤ ᠮᠠᠰᠢ ᠶᠡᠭᠡ | ᠬᠠᠪᠰᠤᠷᠤᠯᠭ᠎ᠠ ᠪᠣᠯᠤᠨ᠎ᠠ︾ ᠭᠡᠵᠦ ᠲᠡᠷᠡ ᠬᠡᠯᠡᠨ᠎ᠡ ᠃ | ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠪᠠᠭᠰᠢ ᠰᠤᠷᠤᠭᠴᠢᠳ ᠰᠤᠳᠤᠯᠭᠠᠨ ᠢᠶᠠᠨ ᠰᠠᠶᠢᠲᠤᠷ ᠬᠢᠬᠦ ᠶᠢᠨ | ᠲᠦᠯᠦᠭᠡ ᠵᠢᠮᠢᠰᠴᠢᠨ ᠠᠴᠠ 12 ᠰᠠᠭᠤᠷᠢ ᠠᠯᠮᠤᠷᠠᠳ ᠤᠨ ᠮᠣᠳᠣ ᠳᠦᠷᠢᠶᠡᠰᠦᠯᠡᠨ᠂ ︽ᠣᠷᠭᠠᠨᠢᠭ | ᠪᠤᠷᠳᠤᠭᠤᠷ ᠢᠶᠠᠷ ᠬᠡᠰᠡᠭ ᠬᠢᠮᠢ ᠶᠢᠨ ᠪᠤᠷᠳᠤᠭᠤᠷ ᠢ ᠣᠷᠤᠯᠠᠭᠤᠯᠬᠤ︾ ᠲᠤᠷᠰᠢᠯᠲᠠ ᠬᠢᠪᠡ︔ ᠮᠦᠨ ᠬᠤᠷᠣᠬᠠᠢ | ᠨᠠᠭᠠᠯᠳᠤᠭᠤᠯᠬᠤ ᠬᠠᠪᠲᠠᠰᠤ᠂ ᠬᠤᠷᠣᠬᠠᠶ ᠥᠳᠥᠭᠡᠭᠴᠢ ᠪᠦᠰᠡ ᠵᠡᠷᠭᠡ ᠢ ᠣᠷᠣᠭᠤᠯᠤᠨ ᠠᠪᠴᠢᠷᠠᠵᠤ᠂ ᠹᠢᠽᠢᠺ ᠤᠨ | ᠣᠬᠠᠭᠠᠨ ᠢᠶᠠᠷ ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠵᠤ᠂ ᠲᠠᠷᠢᠶᠠᠨ ᠡᠮ ᠬᠡᠷᠡᠭᠯᠡᠬᠦ ᠶᠢ | ᠪᠠᠭᠠᠰᠬᠠᠵᠤ᠂ ᠦᠷ᠎ᠡ ᠵᠢᠮᠢᠰ ᠤᠨ ᠶᠠᠰᠤ ᠴᠢᠨᠠᠷ ᠢ ᠳᠡᠭᠡᠭᠰᠢᠯᠡᠭᠦᠯᠪᠡ᠃ | ᠪᠡᠶ᠎ᠡ ᠪᠠᠷ ᠢᠶᠠᠨ ᠪᠠᠶᠢᠴᠠᠭᠠᠨ ᠰᠤᠳᠤᠯᠤᠯᠲᠠ ᠬᠢᠭᠰᠡᠨ ᠤ ᠳᠠᠷᠠᠭ᠎ᠠ᠂ ᠾᠧ ᠵᠢᠩ ᡁᠢ ᠰᠤᠳᠤᠯᠬᠤ ᠰᠡᠳᠦᠪ | ᠢᠶᠠᠨ ᠲᠣᠳᠣᠷᠬᠠᠶ ᠪᠣᠯᠭᠠᠪᠠ᠃ ᠲᠡᠭᠦᠨ ᠤ ᠦᠵᠡᠬᠦ ᠪᠠᠷ᠂ ᠥᠩᠭᠡᠷᠡᠭᠰᠡᠨ ᠳᠤ ᠤᠨᠤᠯ ᠢ ᠴᠢᠬᠤᠯᠠᠴᠢᠯᠠᠨ | ᠰᠤᠷᠤᠯᠴᠠᠬᠤ ᠲᠠᠢ ᠬᠠᠷᠢᠴᠠᠭᠤᠯᠪᠠᠯ᠂ ᠡᠶᠢᠮᠦᠷᠬᠦᠦ ᠲᠣᠰᠬᠤᠨ ᠳᠤ ᠰᠠᠭᠤᠵᠤ ᠰᠤᠷᠤᠯᠴᠠᠬᠤ ᠬᠡᠪ ᠵᠠᠭᠪᠤᠷ ᠨᠢ | ᠰᠤᠷᠤᠯᠴᠠᠬᠤ᠂ ᠰᠤᠳᠤᠯᠬᠤ ᠤᠷᠮ᠎ᠠ ᠪᠠᠬ᠎ᠠ ᠶᠢ ᠨᠡᠩ ᠶᠡᠭᠡ ᠪᠠᠷ ᠬᠦᠭᠵᠢᠭᠡᠳᠡᠭ ᠠᠵᠠᠢ᠃ | ᠡᠳᠦᠭᠡ᠂ ᠳᠤᠮᠳᠠᠳᠤ ᠤᠯᠤᠰ ᠤᠨ ᠲᠠᠷᠢᠶᠠᠯᠠᠩ ᠤᠨ ᠶᠡᠭᠡ ᠰᠤᠷᠭᠠᠭᠤᠯᠢ ᠪᠤᠰᠤᠳ ᠳᠡᠭᠡᠳᠦ ᠰᠤᠷᠭᠠᠭᠤᠯᠢ ᠲᠠᠢ | ᠬᠠᠮᠲᠤᠷᠠᠨ ᠨᠢᠭᠡᠨᠲᠡ ᠾᠧᠪᠸᠢ᠂ ᠡᠾᠧᠨᠠᠨ᠂ ᠭᠤᠸᠠᠩᠰᠢ᠂ ᠶᠦᠨᠨᠠᠨ ᠵᠡᠷᠭᠡ ᠭᠠᠵᠠᠷ ᠲᠤ 121 ᠰᠢᠨᠵᠢᠯᠡᠭᠡ | ᠮᠡᠷᠭᠡᠵᠢᠯ ᠤᠨ ᠵᠢᠵᠢᠭ ᠬᠦᠷᠢᠶᠡᠯᠡᠩ ᠪᠠᠶᠢᠭᠤᠯᠵᠤ᠂ ᠠᠮᠤ ᠪᠤᠳᠠᠭ᠎ᠠ᠂ ᠭᠤᠸ᠎ᠠ ᠵᠢᠮᠢᠰ᠂ ᠨᠣᠭᠤᠭ᠎ᠠ᠂ ᠴᠡᠢ᠂ ᠬᠥᠪᠥᠩ | ᠵᠡᠷᠭᠡ ᠣᠯᠠᠨ ᠬᠦᠷᠢᠶ᠎ᠡ ᠴᠠᠷᠠᠭ᠎ᠠ ᠳᠤ ᠬᠤᠯᠪᠣᠭᠳᠠᠭᠰᠠᠨ ᠪᠠᠶᠢᠨ᠎ᠠ᠃ ᠡᠨᠡ ᠵᠢᠯ ᠤᠨ 5 ᠳ᠋ᠤᠭᠠᠷ ᠰᠠᠷ᠎ᠠ ᠳᠤ᠂ | ᠪᠡᠭᠡᠵᠢᠩ ᠤᠨ ᠠᠩᠬᠠᠳᠠᠭᠴᠢ ᠰᠢᠨᠵᠢᠯᠡᠭᠡ ᠮᠡᠷᠭᠡᠵᠢᠯ ᠤᠨ ᠵᠢᠵᠢᠭ ᠬᠦᠷᠢᠶᠡᠯᠡᠩ ᠤᠨ ᠵᠦᠢᠯᠡᠰ ᠮᠢ ᠶᠦᠨ | ᠲᠣᠭᠤᠷᠢᠭ ᠤᠨ ᠵᠡᠭᠦᠨ ᠱᠣᠣ ᠴᠢᠦᠶ ᠪᠠᠯᠭᠠᠰᠤ ᠶᠢᠨ ᠪᠠᠷᠠᠭᠤᠨ ᠱᠣᠣ ᠴᠢᠦᠶ ᠲᠤᠰᠬᠤᠨ ᠳᠤ ᠡᠬᠢᠯᠡᠵᠦ᠂ ᠰᠢᠨᠵᠢᠯᠡᠭᠡ | ᠮᠡᠷᠭᠡᠵᠢᠯ ᠤᠨ ᠵᠢᠵᠢᠭ ᠬᠦᠷᠢᠶᠡᠯᠡᠩ ᠨᠢ ᠠᠭᠠᠵᠢᠮ ᠢᠶᠠᠷ ᠮᠠᠨ ᠤ ᠤᠯᠤᠰ ᠤᠨ ᠲᠠᠷᠢᠶᠠᠯᠠᠩ ᠤᠨ ᠡᠷᠳᠡᠮ ᠰᠢᠨᠵᠢᠯᠡᠭᠡᠨ᠂ | ᠵᠢᠱᠢᠶ᠎ᠡ ᠦᠵᠡᠭᠦᠯᠦᠨ ᠳᠡᠯᠭᠡᠷᠡᠭᠦᠯᠬᠦ ᠪᠠ ᠲᠠᠷᠢᠶᠠᠯᠠᠩ ᠤᠨ ᠰᠢᠨᠵᠢᠯᠡᠬᠦ ᠤᠬᠠᠭᠠᠨ ᠮᠡᠷᠭᠡᠵᠢᠯ ᠤᠨ ᠬᠡᠷᠡᠭᠯᠡᠭᠡᠨ ᠤ | ᠬᠡᠯᠪᠡᠷᠢ ᠶᠢᠨ ᠰᠤᠳᠤᠯᠬᠤ ᠰᠤᠷᠤᠭᠴᠢ ᠶᠢ ᠬᠥᠮᠦᠵᠢᠭᠦᠯᠬᠦ ᠰᠢᠨ᠎ᠡ ᠶᠢ ᠡᠭᠦᠳᠬᠦ ᠲᠠᠪᠴᠠᠩ ᠪᠣᠯᠪᠠ᠃ | ᠣᠶᠢᠯᠠᠭᠠᠭᠰᠠᠨ ᠢᠶᠠᠷ᠂ 2009 ᠣᠨ ᠠᠴᠠ ᠨᠠᠰᠢ᠂ ᠰᠢᠨᠵᠢᠯᠡᠭᠡ ᠮᠡᠷᠭᠡᠵᠢᠯ ᠤᠨ ᠵᠢᠵᠢᠭ ᠬᠦᠷᠢᠶᠡᠯᠡᠩ ᠨᠢ | ᠨᠢᠭᠡᠨᠲᠡ ᠦᠢᠯᠡᠳᠦᠯᠭᠡ ᠶᠢᠨ ᠴᠢᠳᠠᠪᠤᠷᠢ ᠪᠠᠷ ᠲᠤᠪᠤᠶᠢᠮ᠎ᠠ᠂ ᠶᠡᠷᠦᠩᠬᠡᠶᠢᠯᠡᠭᠰᠡᠨ ᠬᠡᠪ ᠪᠣᠯᠪᠠᠰᠤᠷᠠᠯ ᠥᠨᠳᠥᠷ | ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠡᠷᠡᠭᠯᠡᠭᠡᠨ ᠤ ᠬᠡᠯᠪᠡᠷᠢ ᠶᠢᠨ ᠰᠤᠳᠤᠯᠬᠤ ᠰᠤᠷᠤᠭᠴᠢ ᠶᠢᠨ ᠴᠢᠳᠠᠪᠤᠷᠢᠲᠠᠨ | ᠬᠡᠳᠦᠨ ᠵᠠᠭᠤᠨ ᠬᠥᠮᠦᠨ ᠢ ᠬᠦᠮᠦᠵᠢᠭᠦᠯᠵᠦ ᠦᠭᠭᠦᠭᠰᠡᠨ ᠪᠠᠶᠢᠨ᠎ᠠ᠃ ᠡᠭᠦᠨ ᠳᠤ᠂ ᠲᠠᠷᠢᠶᠠᠯᠠᠩ ᠠᠵᠤ ᠦᠢᠯᠡᠰ ᠤᠨ | ᠬᠠᠮᠢᠶ᠎ᠠ ᠪᠥᠬᠦᠶ ᠠᠵᠢᠯ ᠲᠥᠷᠥᠯ ᠤᠨ ᠠᠵᠢᠯ ᠤᠨ ᠪᠠᠶᠢᠷᠢ ᠳᠤ ᠠᠵᠢᠯᠯᠠᠬᠤ ᠪᠠᠷ ᠰᠣᠩᠭᠤᠯᠲᠠ ᠬᠢᠭᠰᠡᠨ ᠨᠢ | 90% ᠳᠤ ᠬᠦᠷᠴᠦ ᠪᠠᠶᠢᠨ᠎ᠠ᠃ | ︽ᠮᠠᠨ ᠤ ᠤᠯᠤᠰ ᠤᠨ ᠬᠥᠳᠡᠭᠡ ᠲᠣᠰᠬᠤᠨ ᠤ ᠬᠦᠷᠢᠶ᠎ᠡ ᠬᠡᠪᠴᠢᠶ᠎ᠡ ᠥᠷᠭᠡᠨ ᠠᠭᠤᠳᠠᠮ᠂ ᠬᠤᠵᠢᠮ ᠪᠢ | ᠲᠠᠷᠢᠶᠠᠯᠠᠩ ᠠᠵᠤ ᠦᠢᠯᠡᠰ ᠤᠨ ᠲᠧᠭᠨᠢᠭ ᠮᠡᠷᠭᠡᠵᠢᠯ ᠢ ᠰᠤᠳᠤᠯᠤᠨ ᠨᠡᠭᠡᠭᠡᠬᠦ ᠠᠵᠢᠯ ᠳᠤ ᠣᠷᠣᠯᠴᠠᠵᠤ᠂ | ᠰᠣᠷᠣᠭᠰᠠᠨ ᠢᠶᠠᠨ ᠲᠠᠷᠢᠶᠠᠯᠠᠩ ᠠᠵᠤ ᠦᠢᠯᠡᠰ ᠤᠨ ᠨᠢᠭᠡᠳᠦᠭᠡᠷ ᠹᠷᠣᠨᠲ ᠲᠤ ᠬᠡᠷᠡᠭᠯᠡᠵᠦ᠂ ᠲᠠᠷᠢᠶᠠᠴᠢᠳ ᠤᠨ | ᠠᠰᠠᠭᠤᠳᠠᠯ ᠢ ᠰᠢᠢᠳᠪᠦᠷᠢᠯᠡᠵᠦ᠂ ᠨᠡᠩ ᠣᠯᠠᠨ ᠲᠠᠷᠢᠶᠠᠴᠢᠳ ᠲᠤ ᠠᠰᠢᠭ ᠬᠦᠷᠲᠡᠭᠡᠬᠦ ᠶᠢᠨ ᠳᠠᠭᠤ᠂ ᠮᠥᠨ ᠴᠦ | ᠦᠪᠡᠷ ᠤᠨ ᠠᠮᠢᠳᠤᠷᠠᠯ ᠢᠶᠠᠨ ᠨᠡᠩ ᠶᠡᠭᠡ ᠣᠳᠬ᠎ᠠ ᠠᠭᠤᠯᠭ᠎ᠠ ᠲᠠᠢ ᠪᠣᠯᠭᠠᠬᠤ ᠶᠢ ᠬᠦᠰᠡᠵᠦ ᠪᠠᠶᠢᠨ᠎ᠠ︾ ᠭᠡᠵᠦ ᠾᠧ | ᠵᠢᠩ ᡁᠢ ᠬᠡᠯᠡᠨ᠎ᠡ᠃ | |