| ᠲᠤᠷᠵᠢ | | | ᠮᠤᠩᠭᠤᠯ ᠦᠨᠳᠦᠰᠦᠳᠠᠨ ᠤ ᠤᠤᠭᠠᠯ ᠰᠤᠶᠤᠯ ᠪᠤᠯ ᠨᠡᠭᠦᠳᠡᠯ ᠰᠤᠶᠤᠯ ᠮᠦᠨ᠃ ︽ᠮᠤᠩᠭᠤᠯ ᠦᠨᠳᠦᠰᠦᠳᠠᠨ | ᠪᠤᠯ ᠨᠡᠭᠦᠳᠡᠯ ᠰᠤᠶᠤᠯ ᠤᠨ ᠲᠦᠯᠦᠭᠡᠯᠡᠭᠴᠢ︾ ᠭᠡᠵᠦ ᠡᠷᠳᠡᠮᠳᠡᠨ ᠪᠤᠷᠵᠢᠬᠢᠨ · ᠭᠡᠷᠡᠯᠳᠦ ᠬᠡᠯᠡᠵᠦ ᠪᠢᠯᠨ᠃ | ᠨᠡᠭᠦᠳᠡᠯᠴᠢᠨ ᠦᠨᠳᠦᠰᠦᠳᠠᠨ ᠤ ᠲᠠᠪᠤᠨ ᠬᠤᠰᠢᠭᠤ ᠮᠠᠯ᠂ ᠠᠮᠢᠳᠤᠷᠠᠯ ᠤᠨ ᠵᠠᠩᠰᠢᠯ᠂ ᠡᠳ᠋ᠯᠡᠯ ᠬᠡᠷᠡᠭᠯᠡᠭᠦᠷ᠂ ᠢᠳᠡᠭᠡᠨ | ᠤᠮᠳᠠᠭᠠᠨ᠂ ᠬᠤᠪᠴᠠᠰᠤ ᠵᠠᠰᠠᠯ᠂ ᠠᠮᠢᠳᠤᠷᠠᠯ ᠤᠨ ᠲᠤᠷᠰᠢᠯᠭ᠎ᠠ᠂ ᠰᠡᠳᠬᠢᠬᠦᠢ ᠶᠢᠨ ᠬᠡᠯᠪᠡᠷᠢ ᠲᠠᠢ ᠬᠤᠯᠪᠤᠭᠳᠠᠭᠰᠠᠨ | ᠰᠤᠶᠤᠯ ᠤᠨ ᠦᠵᠡᠭᠳᠡᠯ ᠢ ︽ᠨᠡᠭᠦᠳᠡᠯ ᠰᠤᠶᠤᠯ︾ ᠭᠡᠨ᠎ᠡ᠃ | ᠮᠤᠩᠭᠤᠯ ᠦᠨᠳᠦᠰᠦᠳᠠᠨ ᠤ ᠤᠤᠭᠠᠯ ᠰᠤᠶᠤᠯ ᠨᠢ ᠨᠡᠶᠢᠭᠡᠮ ᠤᠨ ᠬᠦᠭᠵᠢᠯᠳᠡ᠂ ᠠᠮᠢᠳᠤᠷᠠᠯ ᠠᠬᠤᠢ ᠶᠢᠨ | ᠦᠭᠡᠷᠡᠴᠢᠯᠡᠯᠳᠡ᠂ ᠬᠡᠷᠡᠭᠯᠡᠭᠡᠨ ᠤ ᠢᠪᠴᠤᠷᠠᠯ᠂ ᠬᠡᠷᠡᠭᠴᠡᠭᠡᠨ ᠤ ᠪᠠᠭᠠᠰᠤᠯ ᠢ ᠲᠠᠭᠠᠯᠳᠤᠨ ᠡᠳᠤᠷ ᠲᠤᠳᠤᠮ ᠤᠨ | ᠠᠮᠢᠳᠤᠷᠠᠯ ᠰᠤᠷᠤᠯᠴᠠᠯᠭ᠎ᠠ ᠠᠴᠠ ᠤᠯᠠᠮ ᠢᠶᠠᠷ ᠵᠠᠶᠢᠳᠠᠵᠤ ᠪᠠᠶᠢᠭ᠎ᠠ ᠶᠤᠮ᠂ ᠨᠡᠩ ᠢᠯᠠᠩᠭᠤᠶ᠎ᠠ ᠦᠪᠡᠷ ᠢᠶᠠᠨ | ᠬᠦᠨᠳᠦᠳᠬᠡᠬᠦ ᠦᠭᠡᠢ᠂ ᠴᠢᠬᠤᠯᠠᠴᠢᠯᠠᠬᠤ ᠦᠭᠡᠢ᠂ ᠦᠷ᠎ᠡ ᠬᠤᠶᠢᠴᠢᠰ ᠲᠤ ᠪᠠᠨ ᠤᠯᠠᠮᠵᠢᠯᠠᠵᠤ ᠵᠠᠯᠭᠠᠮᠵᠢᠯᠠᠬᠤ | ᠦᠭᠡᠢ᠂ ᠲᠦᠭᠡᠮᠡᠯᠵᠢᠭᠦᠯᠵᠦ ᠲᠡᠯᠭᠡᠷᠡᠭᠦᠯᠬᠦ ᠦᠭᠡᠢᠡᠴᠠ ᠪᠤᠯᠤᠭᠠᠳ ᠭᠡᠤᠭᠡᠳ ᠪᠠᠭᠠᠴᠤᠳ ᠤᠨ ᠤᠤᠭᠠᠯ ᠰᠤᠶᠤᠯ ᠠᠴᠠ | ᠵᠠᠶᠢᠳᠠᠭᠰᠠᠨ᠂ ᠤᠤᠭᠠᠯ ᠰᠤᠶᠤᠯ ᠤᠨ ᠲᠤᠬᠠᠢ ᠮᠡᠳᠡᠷᠡᠮᠵᠢ ᠮᠠᠭᠤᠳᠠᠭᠰᠠᠨ ᠨᠢ ᠨᠡᠶᠢᠳᠡᠮ ᠤᠨ ᠦᠵᠡᠭᠳᠡᠯ ᠪᠤᠯᠤᠭᠰᠠᠨ | ᠪᠠᠶᠢᠨ᠎ᠠ᠃ ᠭᠡᠪᠡᠴᠦ ᠤᠢᠢᠷ᠎ᠠ ᠶᠢᠨ ᠵᠢᠯ ᠤᠨ ᠰᠢᠨ᠎ᠠ ᠪᠠᠷ ᠨᠠᠶᠢᠷᠠᠭᠤᠯᠤᠭᠰᠠᠨ ᠬᠢᠴᠢᠶᠡᠯ ᠤᠨ ᠪᠢᠴᠢᠭ ᠲᠤ ᠤᠤᠭᠠᠯ | ᠰᠤᠶᠤᠯ ᠢ ᠤᠬᠠᠮᠰᠠᠷ ᠲᠠᠢ᠂ ᠰᠠᠨᠠᠭᠠᠴᠢᠯᠠᠭ᠎ᠠ ᠲᠠᠢ᠂ ᠲᠤᠳᠤᠷᠬᠠᠢ ᠵᠤᠷᠢᠯᠭ᠎ᠠ ᠲᠠᠢ ᠪᠠᠷ ᠬᠢᠴᠢᠶᠡᠯ ᠤᠨ ᠪᠢᠴᠢᠭ ᠤᠨ | ᠠᠭᠤᠯᠭ᠎ᠠ ᠳᠤ ᠪᠠᠭᠳᠠᠭᠠᠵᠤ᠂ ᠪᠠᠭᠰᠢ ᠰᠤᠷᠤᠭᠴᠢᠳ ᠤᠨ ᠤᠤᠭᠠᠯ ᠰᠤᠶᠤᠯᠤᠨ ᠢᠶᠠᠨ ᠲᠤᠬᠠᠢ ᠲᠠᠨᠢᠵᠤ ᠮᠡᠳᠡᠬᠦ᠂ | ᠤᠯᠠᠮᠵᠢᠯᠠᠵᠤ ᠵᠠᠯᠭᠠᠮᠵᠢᠯᠠᠬᠤ᠂ ᠰᠡᠷᠡᠵᠦ ᠮᠡᠳᠡᠷᠡᠬᠦ᠂ ᠡᠵᠡᠮᠰᠢᠵᠤ ᠬᠤᠷᠠᠮᠳᠤᠭᠤᠯᠬᠤ ᠳᠤ ᠲᠦᠢᠯ ᠤᠨ ᠴᠢᠬᠤᠯᠨ | ᠪᠤᠰᠤᠳᠴᠢ ᠮᠠᠲ᠋ᠧᠷᠢᠶᠠᠯ ᠢ ᠬᠠᠩᠭᠠᠭᠰᠠᠨ ᠤᠳᠬ᠎ᠠ ᠠᠭᠤᠯᠭ᠎ᠠ ᠲᠠᠢ ᠪᠤᠯᠤᠭᠰᠠᠨ ᠨᠢ ᠪᠠᠶᠠᠷᠯᠠᠭᠤᠰᠢᠳᠠᠢ᠃ ᠡᠳᠡᠭᠡᠷ | ᠮᠠᠲ᠋ᠧᠷᠢᠶᠠᠯ ᠢ ᠠᠰᠢᠭᠯᠠᠵᠤ᠂ ᠤᠤᠭᠠᠯ ᠰᠤᠶᠤᠯ ᠢᠶᠠᠨ ᠲᠠᠨᠢᠨ᠂ ᠤᠤᠭᠠᠯ ᠰᠤᠶᠤᠯ ᠢᠶᠠᠨ ᠤᠯᠠᠮᠵᠢᠯᠠᠵᠤ ᠵᠠᠯᠭᠠᠮᠵᠢᠯᠠᠬᠤ | ᠪᠤᠯ ᠪᠢᠳᠠᠨ ᠤ ᠲᠠᠷᠬᠠᠨ ᠡᠭᠦᠷᠭᠡ ᠮᠦᠨ᠃ | ᠨᠢᠭᠡ᠂ ᠵᠠᠩ ᠵᠠᠩᠰᠢᠯ ᠤᠨ ᠰᠤᠶᠤᠯ ᠤᠨ ᠲᠤᠬᠠᠢ | ︽ᠮᠤᠩᠭᠤᠯ ᠬᠡᠯᠨ︾ ᠭᠡᠬᠦ ᠰᠢᠯᠦᠭ ᠤᠨ ︽ᠰᠠᠶᠢᠨ ᠤᠤ︖ ᠭᠡᠵᠦ ᠲᠠᠨ ᠲᠠᠢ ᠮᠠᠨᠳᠤᠯᠠᠶᠠ᠂ ᠰᠠᠶᠢᠨ ᠭᠡᠵᠦ | ᠦᠴᠢᠬᠦ ᠶᠢ ᠴᠢᠨᠢ ᠰᠤᠨᠤᠰᠤᠶ᠎ᠠ︾ ᠭᠡᠬᠦ ᠪᠠᠳᠠᠭ ᠲᠤ ᠮᠤᠩᠭᠤᠯ ᠦᠨᠳᠦᠰᠦᠳᠠᠨ ᠤ ᠠᠭᠤᠯᠵᠠᠵᠤ ᠤᠴᠠᠷᠠᠮᠠᠭᠴᠠ ︽ | ᠰᠠᠶᠢᠨ ᠤᠤ︖︾ ᠭᠡᠵᠦ ᠠᠮᠤᠷ ᠮᠡᠨᠳᠤ ᠠᠰᠠᠭᠤᠵᠤ ᠠᠭᠤᠯᠵᠠᠵᠤ ᠤᠴᠠᠷᠠᠳᠠᠭ ᠰᠠᠶᠢᠨ ᠰᠠᠶᠢᠬᠠᠨ ᠵᠠᠩ ᠵᠠᠩᠰᠢᠯ ᠢ | ᠲᠤᠰᠬᠠᠭᠰᠠᠨ ᠪᠠᠶᠢᠳᠠᠭ᠃ ᠮᠦᠨ ᠡᠨ᠋ᠨ ᠰᠢᠯᠦᠭ ᠲᠤ ︽ᠠᠮᠤᠷ︕︾ ᠭᠡᠵᠦ ᠮᠦᠷᠭᠦᠨ ᠵᠤᠯᠭᠠᠳᠠᠭ ᠵᠠᠩᠰᠢᠯ ᠴᠤ | ᠳᠤᠷᠠᠳᠤᠭᠳᠠᠭᠰᠠᠨ ᠪᠠᠶᠢᠳᠠᠭ᠃ ᠮᠤᠩᠭᠤᠯ ᠦᠨᠳᠦᠰᠦᠳᠠᠨ ᠤ ᠪᠠᠨ ᠰᠠᠶᠢᠨ ᠰᠠᠶᠢᠬᠠᠨ ᠵᠠᠩᠰᠢᠯ ᠢᠶᠠᠨ ᠤᠯᠠᠮᠵᠢᠯᠠᠵᠤ᠂ | ᠦᠭᠡᠷ᠎ᠡ ᠪᠤᠰᠤᠳ ᠠᠴᠠ ᠢᠯᠭᠠᠭᠳᠠᠬᠤ ᠦᠪᠡᠷᠮᠢᠴᠡ ᠤᠨᠴᠠᠯᠢᠭ ᠲᠠᠢ ᠠᠮᠢᠳᠤᠷᠠᠬᠤ ᠪᠤᠯ ᠪᠢᠳᠠᠨ ᠤ ᠵᠠᠶᠢᠯᠠᠭᠤᠯᠵᠤ | ᠪᠤᠯᠤᠰᠢ ᠦᠬᠡᠢ ᠬᠠᠷᠢᠭᠤᠴᠠᠯᠭ᠎ᠠ ᠮᠦᠨ᠃ ᠤᠷᠳᠤᠰ ᠨᠤᠳᠤᠭ ᠪᠤᠯ ᠮᠤᠩᠭᠤᠯ ᠦᠨᠳᠦᠰᠦᠳᠠᠨ ᠤ ᠵᠠᠩ ᠵᠠᠩᠰᠢᠯ ᠢ | ᠨᠡᠯᠢᠶᠡᠳ ᠪᠦᠷᠢᠨ ᠪᠦᠳᠦᠨ ᠬᠠᠳᠠᠭᠠᠯᠠᠵᠤ ᠪᠠᠶᠢᠭ᠎ᠠ ᠭᠠᠵᠠᠷ ᠤᠷᠤᠨ ᠪᠤᠯᠤᠨ᠎ᠠ᠃ ᠵᠦᠪᠬᠡᠨ ︽ᠴᠠᠭᠠᠨ ᠰᠠᠷ᠎ᠠ ᠶᠢᠨ | ᠵᠤᠯᠭᠠᠯᠳᠠ ᠬᠢᠬᠦ ᠶᠤᠰᠤ︾ ︵ᠴᠠᠭᠠᠯᠠᠬᠤ ᠶᠤᠰᠤ︶ ᠠᠴᠠ ᠦᠵᠡᠪᠡᠴᠦ ᠠᠬᠠᠮᠠᠳ ᠨᠠᠰᠤᠳᠠᠨ ᠳᠤ ᠴᠠᠭᠠᠯᠠᠬᠤ ᠪᠠᠷ | ᠤᠴᠢᠪᠠᠯ ᠠᠭᠤᠯᠵᠠᠩᠭᠤᠳᠠ ︽ᠠᠮᠤᠷ︕︾ ᠭᠡᠵᠦ ᠰᠦᠬᠦᠷᠡᠨ ᠮᠦᠷᠭᠦᠵᠦ᠂ ᠪᠡᠯᠭᠡ ᠲᠡᠮᠪᠡᠷᠢᠯ ᠲᠠᠢ ᠦᠭᠡ | ᠬᠡᠯᠡᠭᠡᠳ᠂ ᠭᠡᠷ ᠲᠤ ᠤᠷᠤᠭᠰᠠᠨ ᠤ ᠬᠤᠶᠢᠨ᠎ᠠ ᠬᠠᠳᠠᠭ ᠲᠠᠳᠠᠵᠤ ᠬᠦᠬᠦᠷ ᠰᠤᠯᠢᠯᠴᠠᠭᠠᠳ ᠶᠡᠬᠡᠴᠤᠳ ᠲᠤ ᠵᠠᠯᠪᠠᠷᠢᠵᠤ | ᠮᠦᠷᠭᠦᠨ᠂ ᠬᠠᠨᠵᠤᠨ ᠳᠤ ᠰᠠᠭᠤᠭᠰᠠᠨ ᠤ ᠲᠠᠷᠠᠭ᠎ᠠ ︽ᠴᠠᠭᠠᠨ ᠢᠳᠡᠭᠡ︾ ︵ᠠᠶᠠᠭ᠎ᠠ ᠪᠤᠶᠤ ᠴᠤᠮᠤ ᠡᠰᠡᠬᠦᠯ᠎ᠡ | ᠬᠤᠨᠳᠠᠭᠠᠨ ᠳᠤ ᠴᠠᠭᠠᠨ ᠢᠳᠡᠭᠡ ᠬᠢᠭᠡᠳ ᠬᠤᠶᠠᠷ ᠴᠢᠪᠠᠭ᠎ᠠ ᠲᠠᠯᠪᠢᠳᠠᠭ︶ ᠠᠮᠰᠠᠵᠤ᠂ ᠶᠠᠷᠢᠶ᠎ᠠ ᠬᠦᠭᠡᠷᠦᠭᠡ ᠡᠭᠦᠰᠭᠡᠨ᠂ | ᠨᠢᠭᠡᠳᠡᠬᠢ ᠴᠠᠢ ︵ᠰᠢᠨ᠎ᠡ ᠶᠢᠨ ᠴᠠᠢ ᠭᠡᠨ᠎ᠡ︶ ᠪᠠᠨ ᠤᠤᠭᠤᠳᠠᠭ᠃ ᠰᠢᠨ᠎ᠡ ᠶᠢᠨ ᠴᠠᠢ ᠤᠤᠭᠤᠭᠰᠠᠨ ᠤ ᠲᠠᠷᠠᠭ᠎ᠠ | ᠠᠶᠢᠯᠴᠢᠯᠠᠭᠠ ᠪᠠᠨ ᠭᠦᠢᠴᠡᠳᠬᠡᠵᠦ᠂ ᠬᠠᠨᠵᠤᠨ ᠳᠤ ᠲᠠᠬᠢᠨ ᠭᠠᠷᠴᠤ ᠬᠤᠶᠠᠳᠠᠬᠢ ᠴᠠᠢ ︵ᠨᠢᠭᠡᠳᠡᠬᠢ ᠴᠠᠢ ᠪᠤᠯ | ᠠᠮᠰᠠᠳᠠᠭ ᠴᠠᠢ᠂ ᠬᠤᠶᠠᠳᠠᠬᠢ ᠴᠠᠢ ᠪᠤᠯ ᠢᠳᠡᠵᠤ ᠤᠤᠭᠤᠳᠠᠭ ᠴᠠᠢ︶ ᠪᠠᠨ ᠤᠤᠭᠤᠳᠠᠭ᠃ ᠲᠠᠷᠠᠭ᠎ᠠ ᠨᠢ ᠭᠡᠷ ᠤᠨ | ᠡᠵᠡᠨ ᠠᠴᠠ ᠰᠢᠨ᠎ᠡ ᠶᠢᠨ ᠠᠷᠢᠬᠢ ᠪᠠᠷᠢᠵᠤ ᠵᠤᠭᠤᠭᠳᠠᠨ ᠰᠠᠭᠤᠳᠠᠭ᠃ ᠰᠢᠨ᠎ᠡ ᠶᠢᠨ ᠠᠷᠢᠬᠢ ᠶᠢ ᠶᠤᠰᠤ ᠶᠢᠨ ᠲᠡᠳᠦᠢ | ᠭᠦᠢᠴᠡᠳᠬᠡᠵᠦ ᠶᠡᠬᠡᠪᠡᠷ ᠱᠠᠯᠠᠳᠠᠭ ᠦᠭᠡᠢ᠂ ᠶᠠᠷᠢᠯᠴᠠᠬᠤ ᠪᠠᠷ ᠭᠤᠤᠯ ᠪᠤᠯᠭᠠᠵᠤ ᠰᠠᠭᠤᠳᠠᠭ᠃ ᠲᠡᠮᠡᠢ ᠤᠳᠠᠯ ᠦᠭᠡᠢ | ᠰᠢᠨ᠎ᠡ ᠶᠢᠨ ᠪᠤᠳᠠᠭ᠎ᠠ ︵ᠮᠢᠬ᠎ᠠ ᠬᠦᠰᠭᠦᠯᠡᠭᠰᠡᠨ ᠰᠢᠩᠭᠡᠨ ᠪᠤᠳᠠᠭ᠎ᠠ ᠪᠠᠷ ᠭᠤᠤᠯᠯᠠᠨ᠎ᠠ︶ ᠠᠮᠰᠠᠵᠤ᠂ ᠮᠤᠷᠳᠠᠬᠤ | ᠴᠢᠬᠤᠯᠨ ᠲᠠᠢ ᠨᠢ ᠮᠤᠷᠳᠠᠵᠤ᠂ ᠦᠨᠵᠢᠵᠦ ᠬᠤᠨᠤᠬᠤ ᠪᠤᠶᠤ ᠶᠠᠭᠠᠷᠠᠯ ᠦᠭᠡᠢ ᠳᠤ ᠨᠢ ᠰᠠᠶ᠋ᠢ ᠲᠠᠬᠢᠨ ᠠᠷᠢᠬᠢ ᠬᠡᠮᠨᠡᠵᠦ | ᠨᠠᠶᠢᠷ ᠢᠶᠠᠨ ᠡᠬᠢᠯᠡᠳᠡᠭ᠃ ᠮᠤᠷᠳᠠᠵᠤ ᠶᠠᠪᠤᠬᠤ ᠳᠤ ᠨᠢ ᠲᠦᠷᠦᠭᠡ ᠴᠢᠩᠭᠠᠷᠠᠭᠤᠯᠵᠤ ᠭᠠᠷ ᠬᠤᠭᠤᠰᠤᠨ ᠭᠠᠷᠭᠠᠳᠠᠭ | ᠦᠭᠡᠢ ᠁ ᠵᠠᠩ ᠵᠠᠩᠰᠢᠯ ᠢᠶᠠᠨ ᠲᠤᠳᠤᠷᠬᠠᠢ ᠮᠡᠳᠡᠭᠦ ᠦᠭᠡᠢ ᠬᠦᠮᠦᠰ ᠯᠨ ᠠᠭᠤᠯᠵᠠᠩᠭᠤᠳᠠ ︽ᠠᠪᠤ | ᠡᠵᠢ ᠲᠠᠢ ᠪᠠᠨ ᠭᠠᠷ ᠠᠳᠬᠤᠬᠤ︾᠂ ︽ᠠᠬᠠᠮᠠᠳ ᠶᠠᠬᠡᠴᠦᠳ ᠲᠠᠢ ᠤᠴᠠᠷᠠᠪᠠᠴᠤ ᠭᠤᠷᠦ᠋ᠢᠵᠤ ᠵᠤᠭᠰᠤᠬᠤ︾᠂ ︽ | ᠰᠢᠨ᠎ᠡ ᠪᠡᠷᠢ ᠨᠢ ᠭᠠᠷ ᠢᠶᠠᠨ ᠰᠤᠩᠭᠠᠨ ᠬᠠᠳᠠᠮ ᠡᠴᠢᠭᠡ ᠲᠠᠢ ᠪᠠᠨ ᠭᠠᠷ ᠠᠳᠬᠤᠬᠤ︾ ᠁ ᠵᠡᠷᠭᠡ ᠤᠴᠢᠷ ᠢ | ᠬᠢᠳᠡᠭ᠃ ᠤᠤᠭᠠᠯ ᠰᠤᠶᠤᠯ ᠳᠤ ᠬᠢ ᠵᠠᠩ ᠵᠠᠩᠰᠢᠯ ᠤᠨ ᠤᠬᠢ ᠰᠢᠯᠢᠳᠡᠭ ᠵᠦᠢᠯ ᠢ ᠤᠯᠠᠮᠵᠢᠯᠠᠵᠤ ᠵᠠᠯᠭᠠᠮᠵᠢᠯᠠᠬᠤ ᠨᠢ | ᠠᠮᠢᠳᠤᠷᠠᠯ ᠤᠨ ᠰᠠᠶᠢᠨ ᠰᠠᠶᠢᠬᠠᠨ ᠲᠠᠳᠬᠠᠯ ᠢ ᠬᠦᠮᠦᠵᠢᠭᠦᠯᠵᠦ᠂ ᠦᠪᠡᠷᠮᠢᠴᠡ ᠵᠠᠩ ᠲᠠᠳᠬᠠᠯ ᠲᠠᠢ ᠪᠤᠯᠤᠨ᠂ | ᠶᠤᠰᠤ ᠲᠠᠢ ᠨᠤᠮ ᠲᠠᠢ ᠬᠡᠤᠬᠡᠳ ᠪᠤᠯᠤᠨ ᠬᠦᠮᠦᠵᠢᠭᠳᠡᠬᠦ ᠳᠤ ᠨᠢ ᠠᠰᠢᠭ ᠲᠠᠢ ᠮᠦᠷᠳᠡᠭᠡᠨ ᠡᠳᠡᠭᠡᠷ ᠲᠠᠢ | ᠬᠤᠯᠪᠤᠭᠳᠠᠭᠰᠠᠨ ᠬᠡᠯᠨ ᠬᠡᠯᠡᠯᠭᠡ ᠶᠢᠨ ᠲᠤᠬᠠᠢ ᠮᠡᠳᠡᠷᠡᠮᠵᠢ ᠪᠠᠨ ᠨᠡᠮᠡᠭᠳᠡᠭᠦᠯᠦᠨ᠂ ᠦᠨᠳᠦᠰᠦᠳᠠᠨ ᠤ ᠦᠪᠡᠷᠮᠢᠴᠡ | ᠤᠨᠴᠠᠯᠢᠭ ᠪᠦᠬᠦᠢ ᠵᠤᠬᠢᠶᠠᠯ ᠪᠦᠳᠦᠭᠡᠯ ᠢ ᠠᠮᠳᠠᠷᠬᠠᠨ ᠰᠤᠨᠢᠷᠬᠠᠬᠤ ᠶᠠᠪᠤᠴᠠ ᠳᠤ ᠬᠢ ᠬᠠᠷᠰᠢ ᠰᠠᠭᠠᠳ ᠢᠶᠠᠨ | ᠠᠷᠢᠯᠭᠠᠵᠤ ᠲᠡᠶᠢᠯᠤᠨ᠎ᠡ᠃ ᠵᠢᠱᠢᠶᠡᠯᠡᠪᠡᠯ᠄ ᠡᠮᠦᠨᠡᠬᠢ ᠵᠢᠱᠢᠶᠡᠨ ᠠᠴᠠ ᠦᠵᠡᠪᠡᠯ᠂ ︽ᠰᠦᠬᠦᠷᠡᠨ ᠮᠦᠷᠬᠦᠬᠦ᠂ | ᠵᠠᠯᠪᠠᠷᠢᠨ ᠮᠦᠷᠭᠦᠬᠦ᠂ ᠴᠠᠭᠠᠨ ᠢᠳᠡᠭᠡ᠂ ᠴᠠᠢ ᠠᠮᠰᠠᠬᠤ᠂ ᠬᠠᠳᠠᠭ ᠲᠠᠳᠠᠬᠤ᠂ ᠬᠦᠭᠦᠷ ᠰᠤᠯᠢᠯᠴᠠᠬᠤ᠂ ᠰᠢᠨ᠎ᠡ ᠶᠢᠨ | ᠪᠤᠳᠠᠭ᠎ᠠ᠂ ᠲᠦᠷᠦᠭᠡ ᠴᠢᠩᠭᠠᠷᠠᠭᠤᠯᠬᠤ᠂ ᠭᠠᠷ ᠬᠤᠭᠤᠰᠤᠨ︾ ᠵᠡᠷᠭᠡ ᠦᠭᠡᠰ ᠨᠢ ᠶᠠᠮᠠᠷ ᠶᠠᠭᠤᠮ᠎ᠠ ᠶᠢ ᠵᠢᠭᠠᠵᠤ | ᠪᠠᠶᠢᠬᠤ᠂ ᠶᠠᠮᠠᠷ ᠦᠶ᠎ᠡ ᠶᠢᠨ ᠤᠴᠢᠷ ᠦᠵᠡᠭᠳᠡᠯ ᠢ ᠵᠢᠭᠠᠵᠤ ᠪᠠᠶᠢᠬᠤ᠂ ᠶᠠᠮᠠᠷ ᠰᠠᠨᠠᠭ᠎ᠠ ᠰᠡᠳᠬᠢᠯᠭᠡ ᠪᠠᠨ ᠢᠯᠡᠳᠭᠡᠵᠦ | ᠪᠠᠶᠢᠬᠤ ᠶᠢ ᠤᠶᠢᠯᠠᠭᠠᠵᠤ ᠰᠡᠷᠡᠵᠤ ᠮᠡᠳᠡᠵᠦ ᠪᠤᠯᠤᠨ᠎ᠠ᠃ | ᠬᠢᠴᠢᠶᠡᠯ ᠤᠨ ᠪᠢᠴᠢᠭ ᠲᠤ ᠬᠢ ︽ᠤᠩᠭᠤᠨ ᠪᠠᠶᠢᠭᠠᠯᠢ ᠶᠢᠨ ᠢᠪᠡᠭᠡᠯ ᠬᠠᠶᠢᠷ᠎ᠠ — ᠠᠩᠨᠠᠯ ᠮᠠᠯᠵᠢᠯ︾ | ᠭᠡᠬᠦ ᠵᠤᠬᠢᠶᠠᠯ ᠳᠤ ᠮᠤᠩᠭᠤᠯᠴᠤᠳ ︽ᠡᠷᠳᠡ ᠦᠶ᠎ᠡ ᠳᠤ ᠠᠷᠢᠶᠠᠳᠠᠨ ᠵᠢᠭᠦᠷᠳᠡᠨ ᠢ ᠤᠷᠬ᠎ᠠ ᠲᠤᠤᠷ ᠢᠶᠠᠷ ᠪᠠᠷᠢᠬᠤ᠂ | ᠨᠤᠮᠤ ᠰᠤᠮᠤ ᠪᠠᠷ ᠬᠠᠷᠪᠤᠬᠤ ᠪᠤᠶᠤ ᠬᠠᠷᠴᠠᠭᠠᠢ ᠱᠤᠩᠬᠤᠷ ᠢᠶᠠᠷ ᠪᠠᠷᠢᠭᠤᠯᠬᠤ︾ ᠮᠡᠳᠦ ᠶᠢᠨ ᠠᠷᠭ᠎ᠠ ᠪᠠᠷᠢᠯ ᠢ | ᠬᠡᠷᠡᠭᠯᠡᠵᠦ᠂ ᠠᠷᠢᠶᠠᠳᠠᠨ ᠠᠮᠢᠳᠠᠨ ᠢ ᠠᠩᠨᠠᠵᠤ ᠪᠠᠶᠢᠭᠰᠠᠨ ᠴᠤ ︽ᠲᠠᠭᠠᠷᠠᠯᠳᠤᠭᠰᠠᠨ ᠪᠦᠬᠦᠨ ᠢ ᠲᠠᠭᠠᠷᠢᠵᠤ᠂ | ᠦᠵᠡᠭᠰᠡᠨ ᠠᠮᠢᠳᠠᠨ ᠢ ᠦᠨᠳᠦᠰᠦ ᠪᠠᠷ ᠨᠢ ᠠᠯᠠᠬᠤ ᠪᠢᠰᠢ ᠪᠦᠭᠡᠳ ᠵᠢᠯ ᠤᠨ ᠲᠦᠷᠪᠡᠨ ᠤᠯᠠᠷᠢᠯ ᠳᠤ ᠡᠳᠤᠷ ᠪᠤᠯᠭᠠᠨ | ᠠᠩ ᠭᠦᠷᠦᠭᠡ ᠬᠢᠵᠦ ᠠᠯᠠᠵᠤ ᠨᠢᠳᠤᠯᠳᠠᠭ ᠦᠭᠡᠢ︾᠂ ᠲᠤᠭᠳᠠᠭᠰᠠᠨ ᠴᠠᠭ ᠤᠯᠠᠷᠢᠯ ᠲᠠᠢ ᠮᠦᠷᠳᠡᠭᠡᠨ ︽ᠬᠡᠭᠡᠯ ᠲᠠᠢ | ᠠᠮᠢᠳᠠᠨ᠂ ᠬᠦᠬᠦᠭᠦᠯ ᠠᠮᠢᠳᠠᠨ᠂ ᠨᠢᠯᠬ᠎ᠠ ᠲᠦᠯ ᠢ ᠠᠯᠠᠬᠤ ᠦᠭᠡᠢ ᠵᠠᠩᠰᠢᠯ ᠲᠠᠢ︾ ᠭᠡᠵᠦ ᠲᠤᠳᠤᠷᠬᠠᠢ ᠲᠡᠮᠳᠡᠭᠯᠡᠵᠦ | ᠪᠠᠶᠢᠬᠤ ᠮᠦᠷᠳᠡᠭᠡᠨ ᠠᠮᠢ ᠠᠬᠤᠢ ᠶᠢᠨ ᠬᠤᠪᠢ ᠳᠤ ᠪᠡᠯᠴᠢᠭᠡᠷ ᠡᠪᠡᠰᠦ ᠶᠢ ᠬᠠᠮᠠᠭᠠᠯᠠᠬᠤ ᠶᠢᠨ ᠲᠦᠯᠦᠭᠡ ᠮᠠᠯ | ᠰᠦᠷᠦᠭ ᠤᠨ ᠢᠳᠡᠰᠢᠯᠡᠯᠳᠡ ᠪᠠ ᠨᠤᠳᠤᠭ ᠪᠡᠯᠴᠢᠭᠡᠷ ᠤᠨ ᠲᠠᠭᠠᠭᠠᠴᠠ ᠶᠢ ᠵᠦᠢ ᠵᠤᠬᠢᠰᠳᠠᠢ ᠲᠤᠬᠢᠷᠠᠭᠤᠯᠵᠤ᠂ | ᠠᠰᠢᠭᠯᠠᠯᠳᠠ ᠶᠢ ᠵᠤᠬᠢᠴᠠᠩᠭᠤᠢ ᠪᠠᠶᠢᠯᠭᠠᠨ᠂ ︽ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠤᠯᠵᠢᠶ᠎ᠡ︾ ᠭᠡᠬᠦ | ᠨᠡᠭᠦᠳᠡᠯ ᠢ ᠲᠤᠭᠳᠠᠭᠠᠨ᠂ ᠤᠳᠤᠷᠯᠠᠬᠤ ᠴᠠᠭ᠂ ᠪᠠᠶᠢᠷᠢ ᠪᠠᠶᠢᠴᠠ ᠪᠠᠨ ᠰᠤᠩᠭᠤᠨ ᠲᠤᠬᠢᠷᠠᠭᠤᠯᠳᠠᠭ︔ ᠬᠦᠷᠦᠰᠦ | ᠦᠨᠳᠦᠰᠦ ᠶᠢ ᠬᠠᠮᠠᠭᠠᠯᠠᠬᠤ ᠶᠢᠨ ᠲᠦᠯᠦᠭᠡ ︽ᠮᠤᠩᠭᠤᠯ ᠶᠤᠰᠤ ᠵᠠᠩᠰᠢᠯ ᠳᠤ ᠬᠠᠭᠳᠠ ᠨᠢᠳᠤᠯᠠᠵᠤ ᠬᠠᠩᠰᠢ | ᠪᠤᠯᠬᠤ ᠠᠴᠠ ᠡᠮᠦᠨ᠎ᠡ ᠪᠤᠶᠤ ᠲᠡᠭᠷᠢ ᠲᠤᠤᠭᠠᠷᠴᠤ ᠪᠤᠷᠤᠭᠠᠨ ᠤᠷᠤᠬᠤ ᠠᠴᠠ ᠤᠷᠢᠳ ᠭᠠᠵᠠᠷ ᠬᠦᠨᠳᠡᠵᠦ᠂ ᠬᠦᠷᠦᠰᠦ | ᠰᠢᠷᠤᠢ ᠤᠬᠤᠵᠤ ᠮᠠᠯᠳᠠᠬᠤ ᠶᠢ ᠴᠡᠭᠡᠷᠯᠡᠳᠡᠭ᠃ ᠠᠶᠠᠨ ᠵᠢᠩ᠂ ᠤᠳᠤᠷ ᠨᠡᠭᠦᠳᠡᠯ ᠳᠤ ᠶᠠᠪᠤᠬᠤ ᠳᠤ ᠪᠠᠨ ᠠᠰᠢᠭᠯᠠᠵᠤ | ᠮᠠᠯᠳᠠᠭᠰᠠᠨ ᠭᠠᠵᠠᠷ ᠵᠤᠤᠬ᠎ᠠ ᠪᠠᠨ ᠪᠤᠯᠠᠵᠤ᠂ ᠬᠦᠷᠦᠰᠦ ᠶᠢ ᠨᠢ ᠲᠠᠷᠤᠵᠤ ᠲᠠᠯᠪᠢᠳᠠᠭ᠃ ᠨᠡᠭᠦᠳᠡᠯ ᠪᠠᠭᠤᠳᠠᠯ | ᠬᠢᠬᠦ ᠳᠤ ᠪᠠᠨ ᠭᠡᠷ ᠤᠨ ᠪᠠᠭᠤᠷᠢ ᠪᠠᠨ ᠴᠡᠪᠡᠷᠯᠡᠵᠦ᠂ ᠵᠤᠤᠬ᠎ᠠ ᠲᠤᠯᠭ᠎ᠠ ᠶᠢᠨ ᠤᠷᠤᠮ ᠢ ᠰᠢᠷᠤᠢ ᠪᠠᠷ ᠲᠠᠷᠤᠳᠠᠭ᠃ | ᠮᠤᠷᠢ ᠮᠠᠯ ᠤᠨ ᠤᠶᠠᠭ᠎ᠠ ᠪᠤᠶᠤ ᠬᠤᠷᠢᠶ᠎ᠠ ᠬᠠᠰᠢᠶᠠᠨ ᠤ ᠪᠤᠯᠠᠭᠠᠷ ᠮᠤᠳᠤᠨ ᠤ ᠨᠦᠬᠡ ᠶᠢ ᠪᠤᠯᠠᠵᠤ ᠲᠡᠭᠰᠢᠯᠡᠳᠡᠭ︾︔ | ᠤᠰᠤᠨ ᠰᠤᠷᠪᠤᠯᠵᠢ ᠶᠢ ᠬᠠᠮᠠᠭᠠᠯᠠᠬᠤ ᠶᠢᠨ ᠲᠦᠯᠦᠭᠡ ︽ᠤᠷᠤᠨ ᠰᠠᠭᠤᠴᠠ ᠪᠠᠨ ᠭᠤᠤᠯ ᠮᠦᠷᠡᠨ᠂ ᠪᠤᠯᠠᠭ | ᠭᠤᠷᠤᠬ᠎ᠠ ᠠᠴᠠ ᠵᠠᠶᠢᠳᠠᠭᠤ ᠪᠠᠶᠢᠷᠢᠰᠢᠭᠤᠯᠬᠤ᠂ ᠬᠤᠳᠳᠤᠭ ᠤᠰᠤᠨ ᠤ ᠤᠶᠢᠷᠠᠯᠴᠠᠭ᠎ᠠ ᠬᠤᠭ ᠨᠤᠪᠰᠢ ᠬᠠᠶᠠᠬᠤ ᠶᠢ | ᠴᠡᠭᠡᠷᠯᠡᠬᠦ᠂ ᠪᠤᠯᠠᠭ ᠭᠤᠷᠤᠬ᠎ᠠ ᠶᠢᠨ ᠡᠬᠢ ᠪᠤᠯᠤᠨ ᠭᠤᠤᠯ ᠮᠦᠷᠡᠨ ᠤ ᠡᠷᠬᠢ ᠳᠤ ᠬᠢ ᠤᠷᠭᠤᠭ᠎ᠠ ᠮᠤᠳᠤ ᠶᠢ | ᠤᠭᠳᠤᠯᠬᠤ ᠶᠢ ᠬᠤᠷᠢᠭᠯᠠᠬᠤ ᠁︾ ᠵᠡᠷᠭᠡ ᠠᠷᠪᠢᠨ ᠴᠡᠭᠡᠷ ᠵᠠᠩᠰᠢᠯ ᠲᠠᠢ ᠪᠠᠶᠢᠵᠠᠢ᠃ ᠡᠨ᠋ᠨ ᠨᠢ ᠮᠤᠩᠭᠤᠯ | ᠦᠨᠳᠦᠰᠦᠳᠠᠨ ᠤ ᠨᠡᠭᠦᠳᠡᠯ ᠠᠮᠢᠳᠤᠷᠠᠯ ᠲᠠᠢ ᠨᠢᠭᠳᠠ ᠬᠠᠷᠢᠴᠠᠭ᠎ᠠ ᠲᠠᠢ ᠪᠠᠶᠢᠭᠰᠠᠨ ᠪᠠ ᠮᠤᠩᠭᠤᠯᠴᠤᠳ ᠤᠨ ᠡᠬᠡ | ᠪᠠᠶᠢᠭᠠᠯᠢ ᠪᠠᠨ ᠬᠠᠶᠢᠷᠠᠯᠠᠵᠤ ᠬᠠᠮᠠᠭᠠᠯᠠᠬᠤ ᠦᠵᠡᠯᠳᠡ ᠴᠢᠩᠭ᠎ᠠ᠂ ᠤᠬᠠᠮᠰᠠᠷ ᠦᠨᠳᠦᠷ ᠪᠠᠶᠢᠭᠰᠠᠨ ᠤ ᠨᠤᠳᠠᠳᠠᠢ ᠭᠡᠷᠡᠴᠢ | ᠮᠦᠨ᠃ ᠮᠤᠩᠭᠤᠯᠴᠤᠳ ᠲᠤ ᠡᠬᠡ ᠪᠠᠶᠢᠭᠠᠯᠢ ᠲᠠᠢ ᠬᠤᠯᠪᠤᠭᠳᠠᠭᠰᠠᠨ ᠴᠡᠭᠡᠷ ᠶᠤᠰᠤ ᠪᠠᠶᠢᠬᠤ ᠠᠴᠠ ᠭᠠᠳᠠᠨ᠎ᠠ | ᠠᠮᠢᠳᠤᠷᠠᠯ ᠠᠬᠤᠢ ᠲᠠᠢ ᠬᠤᠯᠪᠤᠭᠳᠠᠭᠰᠠᠨ ᠴᠡᠭᠡᠷ ᠶᠤᠰᠤ ᠴᠤ ᠠᠷᠪᠢᠨ ᠪᠠᠶᠢᠳᠠᠭ᠃ ᠲᠡᠭᠡᠷᠡᠬᠢ ᠵᠤᠬᠢᠶᠠᠯ ᠳᠤ | ᠮᠤᠩᠭᠤᠯᠴᠤᠳ ᠤᠨ ︽ᠬᠦᠮᠦᠨ ᠤ ᠨᠡᠷ᠎ᠡ ᠶᠢ ᠴᠡᠭᠡᠷᠯᠡᠬᠦ︾᠂ ︽ᠠᠮᠢᠳᠠᠨ ᠤ ᠨᠡᠷ᠎ᠡ ᠶᠢ ᠴᠡᠭᠡᠷᠯᠡᠬᠦ︾᠂ ︽ᠦᠬᠦᠵᠦ | ᠲᠦᠷᠦᠬᠦ ᠲᠠᠢ ᠬᠤᠯᠪᠤᠭᠳᠠᠬᠤ ᠦᠭᠡᠰ ᠢ ᠴᠡᠭᠡᠷᠯᠡᠬᠦ︾᠂ ︽ᠡᠪᠡᠳᠴᠢᠨ ᠤ ᠨᠡᠷ᠎ᠡ ᠶᠢ ᠴᠡᠭᠡᠷᠯᠡᠬᠦ︾ ᠲᠤᠬᠠᠢ | ᠲᠤᠳᠤᠷᠬᠠᠢ ᠶᠠᠷᠢᠭᠰᠠᠨ ᠪᠠᠶᠢᠳᠠᠭ᠃ ︽ᠦᠶᠡᠷ︾ ᠭᠡᠬᠦ ᠵᠤᠬᠢᠶᠠᠯ ᠳᠤ ︽ᠡᠮᠡᠭᠡᠨ ᠦᠶᠡᠷ ᠤᠨ ᠤᠰᠤᠨ ᠲᠤᠮᠳᠠᠭᠤᠷ | ᠲᠤᠷᠦ᠋ᠢᠨ ᠠᠯᠤᠰᠯᠠᠬᠤ ᠵᠠᠪᠢ ᠶᠢᠨ ᠬᠤᠶᠢᠨ᠎ᠠ ᠠᠴᠠ ᠬᠠᠷᠠᠵᠤ ᠭᠡᠰᠡᠭ ᠵᠤᠭᠰᠤᠭᠰᠠᠨ ᠢᠶᠠᠨ ᠭᠡᠨᠡᠳᠳᠡ ᠡᠷᠭᠢᠵᠦ | ᠮᠠᠶᠢᠬᠠᠨ ᠳᠤ ᠪᠠᠨ ᠭᠦᠶᠦᠬᠦ ᠰᠢᠬᠠᠮ ᠤᠷᠤᠭᠠᠳ ᠬᠤᠪᠢᠩ ᠲᠠᠢ ᠰᠦ ᠪᠠᠨ ᠠᠪᠴᠢᠷᠠᠨ ︿ᠰᠡᠯᠡᠩᠭᠡ ᠡᠵᠢ ᠮᠢᠨᠢ᠂ | ᠵᠦᠳᠡᠷᠡᠭᠰᠡᠨ ᠬᠡᠤᠬᠡᠳ ᠤᠳ ᠢ᠂ ᠮᠠᠭᠤ ᠡᠪᠦᠭᠡᠨ ᠢ ᠮᠢᠨᠢ ᠡᠰᠡᠨ ᠮᠡᠨᠳᠦ ᠭᠠᠳᠤᠯᠭᠠᠵᠤ ᠬᠠᠶᠢᠷᠠᠯᠨ﹀ ᠭᠡᠵᠦ | ᠠᠮᠠᠨ ᠳᠤ ᠪᠠᠨ ᠪᠦᠪᠦᠨᠡᠨ ᠰᠦ ᠰᠠᠴᠤᠨ ᠡᠷᠭᠦᠭᠰᠡᠭᠡᠷ︾ ᠭᠡᠬᠦ ᠤᠴᠢᠷ ᠲᠤ ᠮᠤᠩᠭᠤᠯᠴᠤᠳ ᠤᠨ ᠰᠠᠶᠢᠨ ᠰᠠᠶᠢᠬᠠᠨ | ᠬᠦᠰᠡᠯ ᠲᠠᠭᠠᠳᠬᠠᠯ᠂ ᠵᠦᠩᠨᠡᠯ ᠢᠷᠦᠭᠡᠯ ᠢᠶᠠᠨ ᠲᠡᠪᠰᠢᠭᠦᠯᠬᠦ ᠶᠢᠨ ᠲᠦᠯᠦᠭᠡ ᠴᠠᠭᠠᠨ ᠢᠳᠡᠭᠡᠨ ᠢᠶᠠᠷ ᠲᠡᠭᠡᠳᠦ | ᠲᠡᠭᠷᠢ ᠳᠤ ᠰᠠᠴᠤᠯᠢ ᠡᠷᠭᠦᠳᠡᠭ ᠵᠠᠩᠰᠢᠯ ᠲᠤᠰᠬᠠᠭᠳᠠᠵᠤ᠂ ︽ᠡᠯᠪᠡᠭ ᠲᠠᠪᠡᠯ︾ ᠭᠡᠬᠦ ᠵᠤᠬᠢᠶᠠᠯ ᠳᠤ ︽ᠵᠨ ᠬᠦᠦ | ᠮᠢᠨᠢ᠂ ᠰᠠᠶᠢᠬᠠᠨ ᠲᠡᠪᠡᠯ ᠪᠤᠯᠵᠤ ᠳ᠋ᠨ᠃ ᠡᠵᠢ ᠨᠢ ᠮᠢᠯᠢᠶᠠᠵᠤ ᠦᠵᠡᠶ᠎ᠡ︾ ᠭᠡᠵᠦ ᠡᠮᠡᠭᠡᠨ ᠠᠪᠳᠠᠷ᠎ᠠ ᠤᠷᠤᠭᠤ ᠪᠠᠨ | ᠡᠷᠬᠢᠭ᠍ᠰᠡᠨ ᠲᠦᠷᠰᠦᠯᠡᠯ ᠳᠤ ᠮᠤᠩᠭᠤᠯᠴᠤᠳ ᠤᠨ ᠰᠢᠷ᠎ᠠ ᠲᠤᠰᠤ᠂ ᠰᠦ ᠵᠡᠷᠭᠡ ᠪᠠᠷ ᠰᠢᠨ᠎ᠡ ᠭᠡᠷ᠂ ᠰᠢᠨ᠎ᠡ ᠪᠡᠷᠢ᠂ | ᠰᠢᠨ᠎ᠡ ᠡᠳ᠋ᠯᠡᠯ ᠁ ᠵᠡᠷᠭᠡ ᠶᠢᠨ ᠰᠠᠶᠢᠨ ᠰᠠᠶᠢᠬᠠᠨ᠂ ᠵᠤᠯ ᠵᠢᠷᠭᠠᠯ ᠲᠠᠢ᠂ ᠪᠡᠳᠤ ᠪᠦᠬᠡ ᠪᠠᠶᠢᠬᠤ ᠶᠢ ᠬᠦᠰᠡᠨ | ᠵᠦᠩᠨᠡᠵᠦ ᠲᠦᠷᠬᠢᠵᠦ ᠮᠢᠯᠢᠶᠠᠳᠠᠭ ᠵᠠᠩ ᠵᠠᠩᠰᠢᠯ ᠢ ᠲᠤᠰᠬᠠᠭᠰᠠᠨ ᠪᠠᠶᠢᠳᠠᠬ᠃ | ︽ᠡᠷ᠎ᠡ ᠶᠢᠨ ᠭᠤᠷᠪᠠᠨ ᠨᠠᠭᠠᠳᠤᠮ︾ ᠪᠤᠯ ᠮᠤᠩᠭᠤᠯᠴᠤᠳ ᠤᠨ ᠲᠠᠶᠢᠨ ᠲᠠᠵᠢᠨ᠂ ᠨᠠᠭᠠᠳᠤᠮ ᠴᠡᠩᠬᠡᠯ᠂ ᠪᠡᠶ᠎ᠡ | ᠲᠠᠮᠢᠷ ᠲᠠᠢ ᠬᠤᠯᠪᠤᠭᠳᠠᠭᠰᠠᠨ ᠬᠠᠮᠤᠭ ᠤᠨ ᠴᠢᠬᠤᠯᠨ ᠪᠤᠯᠬᠤ ᠨᠠᠶᠢᠷ ᠨᠠᠭᠠᠳᠤᠮᠤᠨ ᠠᠭᠤᠯᠭ᠎ᠠ ᠪᠤᠯᠤᠨ᠎ᠠ᠃ ᠡᠳᠡᠭᠡᠷ | ᠵᠠᠩ ᠵᠠᠩᠰᠢᠯ ᠤᠨ ᠲᠤᠬᠠᠢ ᠤᠶᠢᠯᠠᠭᠠᠬᠤ ᠪᠠᠷ ᠪᠠᠷᠠᠬᠤ ᠦᠭᠡᠢ ᠡᠭᠦᠨ ᠲᠠᠢ ᠬᠤᠯᠪᠤᠭᠳᠠᠭᠰᠠᠨ ᠬᠡᠯᠨ ᠬᠡᠯᠡᠯᠭᠡ ᠶᠢᠨ | ᠮᠡᠳᠡᠷᠡᠮᠵᠢ ᠲᠠᠢ ᠪᠤᠯᠬᠤ ᠶᠢ ᠤᠨᠴᠠ ᠠᠩᠬᠠᠷᠪᠠᠯ ᠵᠤᠬᠢᠨ᠎ᠠ᠃ ᠪᠦᠬᠡ ᠪᠠᠷᠢᠯᠳᠤᠬᠤ ᠶᠢᠨ ᠬᠤᠪᠢ ᠠᠴᠠ ᠦᠵᠡᠪᠡᠯ᠂ | ᠪᠦᠬᠡ ᠶᠢᠨ ᠠᠷᠭ᠎ᠠ ᠳᠤ ᠲᠠᠰᠢᠬᠤ᠂ ᠲᠡᠭᠡᠯᠡᠬᠦ᠂ ᠡᠭᠦᠷᠬᠦ᠂ ᠭᠤᠬᠠᠳᠠᠬᠤ᠂ ᠰᠠᠵᠢᠬᠤ᠂ ᠰᠤᠭᠰᠤᠷᠬᠤ᠂ ᠬᠠᠪᠰᠤᠷᠬᠤ᠂ | ᠠᠴᠢᠶᠠᠳᠠᠬᠤ ᠁ ᠵᠡᠷᠭᠡ ᠪᠠᠶᠢᠵᠤ ᠪᠦᠬᠡ ᠶᠢᠨ ᠪᠠᠷᠢᠴᠠ ᠳᠤ ᠲᠡᠪᠡᠷᠢᠬᠦ᠂ ᠮᠦᠷᠦ ᠠᠴᠠ ᠨᠢ ᠪᠠᠷᠢᠬᠤ᠂ | ᠰᠤᠯᠢᠪᠴᠠᠭᠤᠯᠵᠤ ᠪᠠᠷᠢᠬᠤ᠂ ᠬᠤᠷᠮᠦ᠋ᠢᠳᠠᠬᠤ᠂ ᠪᠦᠰᠡᠳᠡᠬᠦ ᠁ ᠵᠡᠷᠭᠡ ᠪᠠᠶᠢᠵᠤ ᠪᠦᠬᠡ ᠶᠢᠨ ᠡᠮᠦᠰᠭᠡᠯ | ᠵᠡᠭᠦᠳᠡᠯ ᠳᠤ ᠵᠤᠳᠤᠭ᠂ ᠲᠤᠬᠤᠤ᠂ ᠱᠤᠳᠤᠭ᠂ ᠯᠠᠪᠠᠷᠢ᠂ ᠵᠠᠩᠭᠢᠶ᠎ᠠ ᠪᠠᠶᠢᠵᠤ᠂ ᠪᠦᠬᠡ ᠪᠠᠷᠢᠯᠳᠤᠬᠤ ᠶᠤᠰᠤᠨ ᠳᠤ | ᠲᠡᠷᠢᠭᠦᠯᠡᠭᠰᠡᠨ ᠬᠦᠮᠦᠨ ᠢ ᠦᠵᠦ ᠪᠦᠬᠡ᠂ ᠲᠡᠳ᠋ᠯᠡᠭᠰᠡᠨ ᠪᠦᠬᠡ ᠶᠢ ᠵᠠᠢ ᠪᠦᠬᠡ᠂ ᠨᠢᠭᠡ ᠴᠤ ᠲᠡᠶᠢᠯᠦᠭᠰᠡᠨ ᠦᠭᠡᠢ | ᠤᠨᠠᠭᠰᠠᠨ ᠪᠦᠬᠡ ᠶᠢ ᠰᠢᠷᠤᠢ ᠪᠦᠬᠡ᠂ ᠬᠤᠶᠠᠷ ᠪᠦᠬᠡ ᠪᠡᠶ᠎ᠡ ᠪᠡᠶᠡᠪᠠᠨ ᠲᠡᠶᠢᠯᠬᠦ ᠦᠭᠡᠢ ᠴᠠᠭ ᠤᠳᠠᠬᠤ ᠶᠢ ᠪᠦᠬᠡ | ᠤᠶᠠᠬᠤ᠂ ᠬᠤᠶᠠᠷ ᠪᠦᠬᠡ ᠵᠡᠷᠭᠡ ᠳᠤ ᠪᠠᠨ ᠤᠨᠠᠭᠰᠠᠨ ᠢ ᠪᠦᠬᠡ ᠬᠠᠶᠢᠨᠴᠢᠬᠤ᠂ ᠨᠦᠭᠦᠭᠡ ᠪᠦᠬᠡ ᠨᠢ ᠭᠠᠷᠴᠤ | ᠢᠷᠡᠭᠰᠡᠨ ᠦᠭᠡᠢ ᠠᠴᠠ ᠭᠠᠷᠴᠤ ᠢᠷᠡᠭᠰᠡᠨ ᠪᠦᠬᠡ ᠶᠢ ᠲᠡᠶᠢᠯᠦᠭᠰᠡᠨ ᠢᠶᠠᠷ ᠪᠤᠳᠤᠬᠤ ᠶᠢ ᠪᠦᠬᠡ ᠬᠡᠢ ᠲᠡᠪᠢᠬᠦ᠂ | ᠪᠦᠬᠡᠴᠤᠳ ᠢ ᠬᠠᠷᠢᠯᠴᠠᠨ ᠠᠭᠤᠯᠵᠠᠭᠤᠯᠵᠤ ᠲᠤᠬᠢᠷᠠᠭᠤᠯᠬᠤ ᠶᠢ ᠪᠦᠬᠡ ᠤᠨᠤᠭᠠᠯᠠᠬᠤ᠂ ᠪᠦᠬᠡᠴᠤᠳ ᠲᠠᠯᠠᠪᠠᠢ ᠳᠤ | ᠤᠷᠤᠬᠤ ᠳᠤ ᠬᠤᠶᠠᠷ ᠭᠠᠷᠯᠠᠨ ᠵᠤᠭᠰᠤᠭᠠᠵᠤ ᠡᠭᠡᠰᠢᠭ ᠲᠠᠭᠤᠤ ᠠᠶᠠᠯᠠᠭᠤᠯᠬᠤ ᠶᠢ ᠪᠦᠬᠡ ᠶᠢᠨ ᠤᠷᠢᠶ᠎ᠠ᠂ | ᠪᠦᠬᠡᠴᠤᠳ ᠤᠨ ᠲᠠᠯᠠᠪᠠᠢ ᠳᠤ ᠤᠷᠤᠬᠤ ᠦᠶ᠎ᠡ ᠶᠢᠨ ᠦᠰᠦᠷᠴᠤ ᠮᠠᠭᠰᠢᠬᠤ ᠬᠦᠳᠡᠯᠪᠦᠷᠢ ᠶᠢ ᠪᠦᠬᠡ ᠶᠢᠨ ᠲᠡᠪᠢᠯᠭᠡ | ᠭᠡᠵᠦ ᠲᠤᠰ ᠲᠤᠰ ᠨᠡᠷᠡᠯᠡᠳᠡᠭ᠃ | ᠬᠤᠶᠠᠷ᠂ ᠲᠠᠪᠤᠨ ᠬᠤᠰᠢᠭᠤ ᠮᠠᠯ ᠤᠨ ᠲᠤᠬᠠᠢ | ᠮᠤᠩᠭᠤᠯ ᠦᠨᠳᠦᠰᠦᠳᠠᠨ ᠤ ᠤᠤᠭᠠᠯ ᠰᠤᠶᠤᠯ ᠪᠤᠯ ᠲᠠᠪᠤᠨ ᠬᠤᠰᠢᠭᠤ ᠮᠠᠯ ᠲᠠᠢ ᠨᠢᠭᠳᠠ ᠬᠠᠷᠢᠴᠠᠭ᠎ᠠ ᠲᠠᠢ | ᠰᠤᠶᠤᠯ ᠮᠦᠨ᠃ ᠲᠠᠪᠤᠨ ᠬᠤᠰᠢᠭᠤ ᠮᠠᠯ ᠡᠳ᠋ᠯᠡᠳᠡᠭ ᠨᠢ ᠮᠤᠩᠭᠤᠯᠴᠤᠳ ᠤᠨ ᠡᠬᠡ ᠪᠠᠶᠢᠭᠠᠯᠢ ᠪᠠᠨ ᠬᠡᠷᠬᠢᠨ | ᠠᠰᠢᠭᠯᠠᠬᠤ᠂ ᠡᠬᠡ ᠪᠠᠶᠢᠭᠠᠯᠢ ᠲᠠᠢ ᠪᠠᠨ ᠬᠡᠷᠬᠢᠨ ᠵᠤᠬᠢᠴᠠᠬᠤ᠂ ᠠᠳᠠᠯᠢ ᠪᠤᠰᠤ ᠮᠠᠯ ᠤᠨ ᠤᠨᠴᠠᠯᠢᠭ ᠢ ᠬᠡᠷᠬᠢᠨ | ᠲᠤᠬᠢᠷᠠᠭᠤᠯᠬᠤ᠂ ᠠᠰᠢᠭ ᠰᠢᠮ᠎ᠡ ᠶᠢ ᠨᠢ ᠬᠡᠷᠬᠢᠨ ᠨᠡᠮᠡᠭᠳᠡᠭᠦᠯᠭᠦ᠂ ᠤᠶᠢᠯᠡᠳᠦᠯ ᠬᠡᠷᠡᠭᠴᠡᠭᠡ ᠶᠢ ᠨᠢ ᠬᠡᠷᠬᠢᠨ | ᠪᠠᠳᠠᠷᠠᠭᠤᠯᠬᠤ᠂ ᠦᠭᠡᠷ᠎ᠡ ᠪᠠᠷ ᠬᠡᠯᠡᠪᠡᠯ᠂ ᠠᠮᠢ ᠠᠬᠤᠢ ᠪᠠᠨ ᠬᠡᠷᠬᠢᠨ ᠵᠤᠬᠢᠴᠠᠩᠭᠤᠢ᠂ ᠲᠡᠩᠴᠡᠭᠦᠷᠢ ᠲᠠᠢ ᠪᠠᠶᠢᠯᠭᠠᠬᠤ | ᠰᠡᠳᠬᠢᠴᠡ ᠪᠤᠳᠤᠯᠬᠢᠯᠡᠯ ᠲᠠᠢ ᠰᠢᠭᠤᠳ ᠬᠠᠷᠢᠴᠠᠭ᠎ᠠ ᠲᠠᠢ᠃ ᠡᠶᠢᠮᠦ ᠠᠴᠠ ᠮᠤᠩᠭᠤᠯᠴᠤᠳ ᠢ ︽ᠨᠡᠭᠦᠳᠡᠯ | ᠰᠤᠶᠤᠯ ᠤᠨ ᠲᠦᠯᠦᠭᠡᠯᠡᠭᠴᠢ︾ ᠭᠡᠬᠦ ᠮᠦᠷᠳᠡᠭᠡᠨ ︽ᠠᠮᠢ ᠠᠬᠤᠢ ᠪᠠᠨ ᠬᠠᠮᠠᠭᠠᠯᠠᠬᠤ ᠤᠤᠭᠠᠯ ᠤᠬᠠᠮᠰᠠᠷ ᠲᠠᠢ | ᠬᠦᠮᠦᠰ︾ ᠭᠡᠬᠦ ᠳᠤ ᠭᠡᠳᠤᠷᠡᠭᠦ ᠦᠭᠡᠢ᠃ ᠰᠤᠷᠤᠭᠴᠢᠳ ᠲᠤ ᠠᠪᠴᠤ ᠬᠡᠯᠡᠪᠡᠯ᠂ ᠨᠡᠭᠦᠳᠡᠯ ᠰᠤᠶᠤᠯᠤᠨ ᠠᠵᠤ | ᠠᠬᠤᠢ ᠶᠢᠨ ᠰᠠᠭᠤᠷᠢ ᠪᠤᠯᠤᠭᠰᠠᠨ ᠲᠠᠪᠤᠨ ᠬᠤᠰᠢᠭᠤ ᠮᠠᠯ ᠲᠠᠢ ᠬᠤᠯᠪᠤᠭᠳᠠᠭᠰᠠᠨ ᠵᠦᠢᠯ ᠢ ᠮᠡᠳᠡᠵᠦ᠂ ᠮᠡᠳᠡᠯᠭᠡ ᠪᠠᠨ | ᠨᠡᠮᠡᠭᠳᠡᠭᠦᠯᠵᠤ ᠪᠤᠯᠤᠨ᠎ᠠ᠃ ᠵᠢᠱᠢᠶᠡᠯᠡᠪᠡᠯ᠄ ᠲᠠᠪᠤᠨ ᠬᠤᠰᠢᠭᠤ ᠮᠠᠯ ᠤᠨ ᠨᠠᠰᠤ ᠵᠢᠯ ᠤᠨ ᠨᠡᠷᠡᠶᠢᠳᠦᠯ ︵ᠤᠨᠠᠭ᠎ᠠ᠂ | ᠲᠤᠭᠤᠯ᠂ ᠲᠦᠯᠦᠭᠡ᠂ ᠢᠰᠢᠭᠡ᠂ ᠪᠤᠳᠤᠭᠤ ᠁︶᠂ ᠴᠢᠨᠠᠷ ᠤᠨ ᠢᠯᠭᠠᠯ ᠤᠨ ᠨᠡᠷᠡᠶᠢᠳᠦᠯ ︵ᠪᠤᠤᠷ᠎ᠠ᠂ ᠪᠤᠬ᠎ᠠ᠂ | ᠠᠵᠢᠷᠭ᠎ᠠ᠂ ᠬᠤᠴᠠ᠂ ᠤᠬᠤᠨ᠎ᠠ ᠁︶᠂ ᠦᠩᠭᠡ ᠵᠢᠰᠦ ᠶᠢᠨ ᠨᠡᠷᠡᠶᠢᠳᠦᠯ ︵ᠵᠡᠭᠡᠷᠳᠡ᠂ ᠰᠠᠭᠠᠷᠠᠯ᠂ | ᠬᠠᠯᠢᠭᠤᠨ᠂ ᠪᠤᠷᠤ᠂ ᠬᠠᠷ᠎ᠠ᠂ ᠵᠡᠭᠡᠯ᠂ ᠲᠡᠷᠯᠡᠨ᠂ ᠠᠯᠠᠭ ᠁︶᠂ ᠲᠠᠭᠤ ᠴᠢᠮᠡᠭᠡᠨ ᠤ ᠨᠡᠷᠡᠶᠢᠳᠦᠯ ︵ᠪᠤᠤᠷᠯᠠᠬᠤ᠂ | ᠮᠦᠭᠡᠷᠬᠦ᠂ ᠢᠨᠴᠠᠭᠠᠬᠤ᠂ ᠮᠠᠶᠢᠯᠠᠬᠤ ᠁︶᠂ ᠦᠢᠯᠨ ᠤᠴᠢᠷ ᠤᠨ ᠢᠯᠭᠠᠭ᠎ᠠ ︵ᠪᠤᠳᠤᠭᠤᠯᠠᠬᠤ᠂ | ᠲᠤᠭᠤᠯᠯᠠᠬᠤ᠂ ᠤᠨᠠᠭᠠᠯᠠᠬᠤ᠂ ᠬᠤᠷᠠᠭᠠᠯᠠᠬᠤ᠂ ᠢᠰᠢᠭᠡᠯᠡᠬᠦ ᠁︶᠂ ᠡᠳ᠋ᠯᠡᠯ ᠬᠡᠷᠡᠭᠰᠡᠯ ᠤᠨ ᠨᠡᠷᠡᠶᠢᠳᠦᠯ ︵ᠬᠤᠮ᠂ | ᠲᠤᠬᠤᠮ᠂ ᠬᠠᠵᠠᠭᠠᠷ᠂ ᠨᠤᠭᠳᠤ᠂ ᠪᠤᠷᠠᠨᠳᠠᠭ᠂ ᠠᠷᠭᠠᠮᠵᠢᠶ᠎ᠠ᠂ ᠴᠢᠳᠤᠷ᠂ ᠲᠤᠱᠠ᠂ ᠦᠷᠦᠭᠡᠯ᠂ ᠵᠢᠷᠢᠮ᠂ ᠭᠠᠨᠵᠤᠭ᠎ᠠ | ᠁︶᠂ ᠪᠡᠶ᠎ᠡ ᠶᠢᠨ ᠡᠷᠬᠡᠳᠡᠨ ᠤ ᠨᠡᠷᠡᠶᠢᠳᠦᠯ ︵ᠬᠦᠵᠦᠭᠦᠦ᠂ ᠬᠠᠮᠠᠷ᠂ ᠠᠮᠨ᠂ ᠬᠠᠪᠢᠰᠤ᠂ ᠬᠠᠪᠢᠷᠭ᠎ᠠ᠂ | ᠭᠡᠳᠡᠰᠦ᠂ ᠭᠦᠵᠡᠭᠡ᠂ ᠬᠤᠰᠭᠢᠨᠠᠭ᠂ ᠰᠢᠭᠢᠷ᠎ᠡ᠂ ᠲᠤᠯᠤᠭᠠᠢ᠂ ᠰᠡᠭᠦᠯ᠂ ᠬᠠ᠂ ᠭᠤᠶ᠎ᠠ ᠁︶᠂ ᠠᠬᠠᠷ | ᠨᠤᠤᠰᠤᠨ ᠤ ᠨᠡᠷᠡᠶᠢᠳᠦᠯ ︵ᠠᠬᠠᠷ ᠨᠤᠤᠰᠤ᠂ ᠰᠤᠷ᠂ ᠲᠠᠯ᠂ ᠰᠡᠭᠦᠯ᠂ ᠰᠠᠩᠮᠠᠢ᠂ ᠮᠤᠨᠳᠠᠭ᠎ᠠ᠂ ᠤᠩᠭᠠᠰᠤ᠂ ᠦᠰᠦ ᠁ | ︶ ᠭᠡᠭᠦ ᠮᠡᠳᠦ᠃ | ᠭᠤᠷᠪᠠ᠂ ᠡᠳ᠋ᠯᠡᠯ ᠬᠡᠷᠡᠭᠰᠡᠯ ᠤᠨ ᠲᠤᠬᠠᠢ | ᠮᠤᠩᠭᠤᠯᠴᠤᠳ ᠤᠷᠳᠤ ᠤᠳᠠᠭᠠᠨ ᠨᠡᠭᠦᠳᠡᠯ ᠮᠠᠯᠵᠢᠯ ᠪᠠ ᠲᠠᠶᠢᠨ ᠲᠤᠯᠤᠯᠳᠤᠭᠠᠨ ᠤ ᠶᠠᠪᠤᠴᠠ ᠳᠤ ᠪᠠᠨ ᠭᠡᠷ | ᠤᠷᠤᠨ᠂ ᠵᠡᠷ ᠵᠡᠪᠰᠡᠭ᠂ ᠬᠤᠪᠴᠠᠰᠤ ᠬᠤᠨᠠᠷ᠂ ᠠᠮᠢᠳᠤᠷᠠᠯ ᠤᠨ ᠪᠤᠰᠤᠳ ᠬᠡᠷᠡᠭᠰᠡᠯ ᠢ ᠤᠯᠠᠨ ᠬᠡᠷᠡᠭᠯᠡᠵᠦ᠂ | ᠦᠪᠡᠷᠮᠢᠴᠡ ᠤᠨᠴᠠᠯᠢᠭ ᠪᠦᠬᠦᠢ ᠤᠯᠠᠨ ᠨᠡᠷᠡᠶᠢᠳᠤᠯ ᠲᠠᠢ᠂ ᠤᠯᠠᠨ ᠬᠡᠯᠪᠡᠷᠢ ᠲᠠᠢ᠂ ᠤᠯᠠᠨ ᠬᠡᠷᠡᠭᠴᠡᠭᠡ ᠲᠠᠢ ᠪᠠᠷ | ᠬᠡᠷᠡᠭᠯᠡᠵᠦ ᠢᠷᠡᠵᠡᠢ᠃ ᠭᠡᠷ ᠤᠷᠤᠨ ᠤ ᠬᠤᠪᠢ ᠳᠤ᠄ ᠲᠤᠭᠤᠨᠤ᠂ ᠬᠠᠳᠠᠪᠴᠢ᠂ ᠲᠤᠳᠤᠭᠤ᠂ ᠪᠤᠱᠤᠭ᠎ᠠ᠂ ᠬᠠᠨ᠎ᠠ᠂ | ᠬᠦᠯᠳᠦᠷᠭᠡ᠂ ᠪᠦᠰᠡᠯᠡᠭᠦᠷ᠂ ᠡᠷᠤᠬᠡ᠂ ᠲᠠᠭ᠎ᠠ᠂ ᠴᠠᠭᠠᠷᠢᠭ ᠁ ᠭᠡᠭᠦ ᠮᠡᠳᠦ︔ ᠬᠤᠪᠴᠠᠰᠤ ᠬᠤᠨᠠᠷ ᠤᠨ | ᠬᠤᠪᠢ ᠳᠤ᠄ ᠵᠠᠭᠠᠮ᠎ᠠ᠂ ᠬᠠᠨᠴᠤᠢ᠂ ᠲᠡᠩᠬᠡᠮ᠂ ᠨᠢᠳᠤᠷᠭ᠎ᠠ᠂ ᠲᠤᠪᠴᠢ᠂ ᠰᠤᠭᠤᠪᠴᠢ᠂ ᠬᠤᠷᠮᠤᠢ᠂ ᠡᠩᠭᠡᠷ᠂ | ᠡᠮᠵᠢᠶᠡᠷᠢ᠂ ᠤᠨᠤᠭᠤ ᠁ ᠭᠡᠭᠦ ᠮᠡᠳᠤ︔ ᠠᠩ ᠠᠩᠨᠠᠯ ᠪᠠ ᠵᠠᠷ ᠵᠡᠪᠰᠡᠭ ᠲᠤ᠄ ᠨᠤᠮᠤ ᠰᠤᠮᠤ᠂ ᠰᠠᠭᠠᠳᠠᠭ᠂ | ᠵᠢᠳᠠ ᠰᠡᠷᠡᠭᠡ᠂ ᠫᠤᠤ ᠵᠡᠪᠰᠡᠭ᠂ ᠤᠷᠬ᠎ᠠ ᠲᠤᠤᠷ᠂ ᠤᠨᠠᠭᠤᠯᠢ᠂ ᠬᠠᠪᠬ᠎ᠠ᠂ ᠪᠢᠯᠠᠭᠤ ᠰᠢᠳᠠᠮ ᠁ ᠭᠡᠭᠦ ᠮᠡᠳᠦ︔ | ᠪᠤᠰᠤᠳ ᠡᠳ᠋ᠯᠡᠯ ᠬᠡᠷᠡᠭᠰᠡᠯ ᠳᠤ᠄ ᠬᠠᠳᠠᠭ ᠬᠦᠬᠦᠷ᠂ ᠲᠤᠯᠭ᠎ᠠ ᠲᠤᠭᠤᠭ᠎ᠠ᠂ ᠬᠦᠨᠦᠭ ᠴᠦᠭᠦᠴᠡ᠂ ᠪᠠᠭᠪᠤᠷ ᠡᠷᠭᠢᠨᠡᠭ᠂ | ᠰᠢᠨᠠᠭ᠎ᠠ ᠬᠤᠰᠤᠭᠤᠷ᠂ ᠲᠡᠪᠰᠢ ᠫᠢᠯᠨ᠂ ᠵᠤᠳᠤᠭ ᠯᠠᠪᠠᠷᠢ ᠁ ᠭᠡᠭᠦ ᠮᠡᠳᠦ᠃ ᠡᠳᠡᠭᠡᠷ ᠨᠢ ᠴᠦᠮ ᠠᠳᠠᠯᠢ | ᠪᠤᠰᠤ ᠶᠢᠨ ᠬᠡᠯᠪᠡᠷᠢ ᠶᠠᠩᠵᠤ ᠲᠠᠢ᠂ ᠠᠳᠠᠯᠢ ᠪᠤᠰᠤ ᠶᠢᠨ ᠤᠶᠢᠯᠡᠳᠦᠯ ᠬᠡᠷᠡᠭᠴᠡᠭᠡ ᠲᠠᠢ᠂ ᠠᠳᠠᠯᠢ ᠪᠤᠰᠤ ᠶᠢᠨ ᠤᠷᠤᠨ | ᠪᠠᠶᠢᠷᠢ ᠲᠠᠢ᠃ ᠡᠳᠡᠭᠡᠷ ᠠᠷᠪᠢᠨ ᠢ ᠮᠡᠳᠡᠵᠦ ᠤᠶᠢᠯᠠᠭᠠᠪᠠᠯ᠂ ᠨᠢᠭᠡ ᠲᠠᠯ᠎ᠠ ᠪᠠᠷ ᠲᠡᠭᠡᠳᠦᠰ ᠤᠨ ᠡᠳ᠋ᠯᠡᠵᠦ ᠬᠡᠷᠡᠭᠯᠡᠵᠦ | ᠪᠠᠶᠢᠭᠰᠠᠨ ᠵᠦᠢᠯ᠂ ᠠᠵᠤ ᠠᠮᠢᠳᠤᠷᠠᠯ ᠤᠨ ᠪᠠᠶᠢᠳᠠᠯ ᠢ ᠤᠶᠢᠯᠠᠭᠠᠵᠤ᠂ ᠨᠦᠭᠦᠭᠡ ᠲᠠᠯ᠎ᠠ ᠪᠠᠷ ᠦᠭᠡᠰ ᠤᠨ ᠰᠠᠩ ᠢᠶᠠᠨ | ᠪᠠᠶᠠᠯᠢᠬᠵᠢᠭᠤᠯᠤᠨ᠂ ᠮᠡᠳᠡᠯᠭᠡ ᠶᠢᠨ ᠬᠦᠷᠢᠶ᠎ᠡ ᠬᠡᠪᠴᠢᠶ᠎ᠡ ᠪᠠᠨ ᠦᠷᠭᠡᠳᠬᠡᠵᠦ ᠲᠡᠶᠢᠯᠦᠨ᠎ᠡ᠃ | ᠳᠦᠷᠪᠡ᠂ ᠢᠳᠡᠭᠡᠨ ᠤᠮᠳᠠᠭᠠᠨ ᠤ ᠰᠤᠶᠤᠯ ᠤᠨ ᠲᠤᠬᠠᠢ | ᠮᠤᠩᠭᠤᠯ ᠦᠨᠳᠦᠰᠦᠳᠠᠨ ᠤ ᠢᠳᠡᠭᠡᠨ ᠤᠮᠳᠠᠭᠠᠨ ᠤ ᠰᠤᠶᠤᠯ ᠨᠢ ᠨᠡᠭᠦᠳᠡᠯ ᠮᠠᠯᠵᠢᠯ ᠤᠨ ᠠᠮᠢᠳᠤᠷᠠᠯ ᠲᠠᠢ | ᠨᠢᠭᠳᠠ ᠬᠤᠯᠪᠤᠭ᠎ᠠ ᠲᠠᠢ᠂ ᠮᠠᠯᠵᠢᠯ ᠦᠨᠳᠦᠰᠦᠳᠠᠨ ᠤ ᠦᠪᠡᠷᠮᠢᠴᠡ ᠤᠨᠴᠠᠯᠢᠭ ᠲᠠᠢ ᠰᠤᠶᠤᠯ ᠪᠤᠯᠤᠨ᠎ᠠ᠃ | ᠮᠤᠩᠭᠤᠯᠴᠤᠳ ᠢᠳᠡᠭᠡᠨ ᠤᠮᠳᠠᠭᠠᠨ ᠢᠶᠠᠨ ᠶᠡᠷᠦᠩᠬᠡᠢ ᠳᠤ ᠪᠠᠨ ᠴᠠᠭᠠᠨ ᠢᠳᠡᠭᠡᠨ᠂ ᠤᠯᠠᠭᠠᠨ ᠢᠳᠡᠭᠡᠨ᠂ ᠤᠮᠳᠠᠭᠠᠨ | ᠭᠡᠵᠦ ᠭᠤᠷᠪᠠᠨ ᠲᠦᠷᠦᠯ ᠳᠤ ᠬᠤᠪᠢᠶᠠᠳᠠᠭ᠃ ᠴᠠᠭᠠᠨ ᠢᠳᠡᠭᠡᠨ ᠳᠤ ᠰᠦ᠂ ᠠᠶᠢᠷᠠᠭ᠂ ᠦᠷᠦᠮ᠎ᠡ᠂ ᠴᠦᠷᠮ᠎ᠠ᠂ | ᠱᠦᠭᠦᠮᠡᠯ᠂ ᠬᠤᠭᠤᠷᠮᠠᠭ᠂ ᠴᠠᠭ᠎ᠠ᠂ ᠲᠠᠰᠢᠮᠠᠭ᠂ ᠴᠡᠭᠡ᠂ ᠠᠭᠠᠷᠴᠠ ᠁ ᠭᠡᠬᠦ ᠮᠡᠳᠤ ᠶᠢᠨ ᠰᠦ ᠰᠠᠭᠠᠯᠢ ᠲᠠᠢ | ᠬᠤᠯᠪᠤᠭ᠎ᠠ ᠲᠠᠢ ᠤᠯᠠᠨ ᠨᠡᠷᠡᠶᠢᠳᠦᠯ ᠲᠠᠢ ᠮᠦᠷᠳᠡᠭᠡᠨ ᠬᠢᠬᠦ ᠠᠷᠭ᠎ᠠ ᠪᠠᠷᠢᠯ ᠨᠢ ᠠᠳᠠᠯᠢ ᠪᠤᠰᠤ᠂ ᠪᠦᠳᠦᠴᠡ | ᠪᠦᠷᠢᠯᠳᠦᠭᠦᠨ ᠨᠢ ᠠᠳᠠᠯᠢ ᠪᠤᠰᠤ᠂ ᠦᠨᠦᠷ ᠠᠮᠳᠠ ᠨᠢ ᠠᠳᠠᠯᠢ ᠪᠤᠰᠤ᠂ ᠤᠶᠢᠯᠡᠳᠦᠯ ᠬᠡᠷᠡᠭᠴᠡᠭᠡ ᠨᠢ ᠠᠳᠠᠯᠢ ᠪᠤᠰᠤ᠂ | ᠴᠠᠭᠠᠰᠢᠯᠠᠪᠠᠯ ᠭᠠᠵᠠᠷ ᠭᠠᠵᠠᠷ ᠲᠤ ᠦᠪᠡᠷ ᠦᠪᠡᠷ ᠤᠨ ᠤᠨᠴᠠᠯᠢᠭ ᠪᠦᠬᠦᠢ ᠲᠠᠭᠤᠳᠠᠯᠭ᠎ᠠ ᠨᠡᠷᠡᠶᠢᠳᠦᠯ ᠴᠤ ᠠᠷᠪᠢᠨ | ᠪᠠᠶᠢᠳᠠᠭ᠃ ᠤᠯᠠᠭᠠᠨ ᠢᠳᠡᠭᠡᠨ ᠳᠤ ᠦᠭᠡᠷ᠂ ᠬᠤᠨᠢ᠂ ᠲᠡᠮᠡᠭᠡ᠂ ᠢᠮᠠᠭ᠎ᠠ ᠪᠠᠷ ᠭᠤᠤᠯᠯᠠᠭᠰᠠᠨ ᠮᠢᠬᠠᠨ ᠤ ᠲᠦᠷᠦᠯ ᠢ | ᠵᠢᠭᠠᠵᠤ᠂ ᠪᠤᠷᠴᠠᠯᠠᠬᠤ᠂ ᠬᠠᠳᠠᠭᠠᠬᠤ᠂ ᠱᠦᠯᠦᠰᠢᠭᠦᠯᠬᠦ᠂ ᠰᠢᠭᠦᠰᠦ ᠲᠠᠯᠪᠢᠬᠤ᠂ ᠶᠠᠰᠤ ᠴᠠᠭᠠᠯᠠᠬᠤ᠂ ᠶᠠᠰᠤ ᠮᠦᠯᠵᠢᠬᠦ | ᠁ ᠵᠡᠷᠭᠡ ᠦᠭᠡᠰ ᠬᠤᠯᠪᠤᠭᠳᠠᠳᠠᠭ︔ ᠤᠮᠳᠠᠭᠠᠨ ᠳᠤ ᠴᠠᠢ᠂ ᠠᠷᠢᠬᠢ᠂ ᠰᠠᠭᠠᠯᠢ ᠶᠢᠨ ᠠᠷᠢᠬᠢ᠂ ᠤᠰᠤ | ᠵᠡᠷᠭᠡ ᠶᠢ ᠪᠠᠭᠳᠠᠭᠠᠳᠠᠭ᠃ | ᠪᠢᠳᠠ ᠲᠡᠭᠡᠷᠡᠬᠢ ᠠᠭᠤᠯᠭ᠎ᠠ ᠪᠠᠷ ᠭᠤᠤᠯ ᠪᠤᠯᠭᠠᠵᠤ᠂ ᠤᠤᠭᠠᠯ ᠰᠤᠶᠤᠯ ᠤᠨ ᠲᠤᠬᠠᠢ ᠬᠢᠴᠢᠶᠡᠯ ᠤᠨ | ᠪᠢᠴᠢᠭ ᠲᠤ ᠬᠢ ᠰᠤᠷᠠᠭ ᠵᠠᠩᠬᠢ ᠶᠢ ᠲᠡᠯᠡᠨ ᠦᠷᠭᠡᠵᠢᠭᠦᠯᠬᠦ ᠪᠤᠶᠤ ᠠᠬᠠᠮᠠᠳ ᠨᠠᠰᠤᠳᠠᠨ ᠠᠴᠠ ᠠᠰᠠᠭᠤᠨ ᠰᠤᠷᠠᠬᠤ᠂ | ᠨᠤᠮ ᠲᠡᠪᠳᠡᠷ ᠠᠴᠠ ᠰᠢᠭᠰᠢᠨ ᠱᠦᠭᠦᠬᠦ ᠡᠰᠡᠬᠦᠯ᠎ᠡ ᠨᠠᠶᠢᠷ ᠨᠠᠭᠠᠳᠤᠮ᠂ ᠴᠠᠭᠠᠨ ᠰᠠᠷ᠎ᠠ᠂ ᠭᠠᠯ ᠲᠠᠬᠢᠯᠭ᠎ᠠ᠂ ᠤᠪᠤᠭ᠎ᠠ | ᠲᠠᠬᠢᠯᠭ᠎ᠠ᠂ ᠴᠢᠩᠬᠢᠰ ᠤᠨ ᠤᠩᠭᠤᠨ ᠤ ᠲᠠᠬᠢᠯᠭ᠎ᠠ᠂ ᠵᠤᠭᠠᠴᠠᠯ ᠤᠨ ᠭᠠᠵᠠᠷ ᠲᠤ ᠤᠴᠢᠬᠤ ᠁ ᠵᠡᠷᠭᠡ ᠵᠠᠪᠰᠢᠶᠠᠨ | ᠲᠤᠬᠢᠶᠠᠯ ᠢ ᠠᠯᠳᠠᠯ ᠦᠭᠡᠢ ᠪᠠᠷ ᠨᠠᠷᠢᠨ ᠠᠵᠢᠭᠯᠠᠬᠤ ᠪᠤᠶᠤ ᠪᠡᠶᠡᠳᠡᠨ ᠤᠷᠤᠯᠴᠠᠬᠤ ᠮᠡᠳᠤ ᠶᠢᠨ ᠤᠯᠠᠨ ᠬᠡᠯᠪᠡᠷᠢ ᠪᠠᠷ | ᠤᠤᠭᠠᠯ ᠰᠤᠶᠤᠯ ᠤᠨ ᠲᠤᠬᠠᠢ ᠮᠡᠳᠡᠯᠭᠡ ᠪᠠᠨ ᠨᠡᠮᠡᠭᠳᠡᠭᠦᠯᠵᠦ᠂ ᠤᠶᠢᠯᠠᠭᠠᠯᠳᠠ ᠪᠠᠨ ᠭᠦᠨᠵᠡᠭᠡᠶᠢᠷᠡᠭᠦᠯᠭᠦ ᠴᠢᠬᠤᠯᠠᠲ᠋ᠠᠢ | ᠪᠠᠶᠢᠨ᠎ᠠ᠃ | ᠬᠠᠶ᠋ᠢᠬ᠄ ᠤᠷᠳᠤᠰ ᠬᠤᠳᠠ ᠶᠢᠨ ᠮᠤᠩᠭᠤᠯ ᠦᠨᠳᠦᠰᠦᠳᠠᠨ ᠤ ᠲᠤᠮᠳᠠᠳᠤ ᠰᠤᠷᠭᠠᠭᠤᠯᠢ | ︵ᠡᠾᠦ᠋ᠩ ᠮᠸᠢ ᠨᠠᠶᠢᠷᠠᠭᠤᠯᠪᠠ︶ | 2019 ᠣᠨ ᠤ 2 ᠳ᠋ᠤᠭᠠᠷ ᠬᠤᠭᠤᠴᠠᠭ᠎ᠠ |